ᠤᠳᠤᠩᠭᠤᠸ᠎ᠠ ᠦᠨᠳᠤᠰᠤ | | | ︽ᠠᠨᠳᠠ︾ ᠭᠡᠰᠡᠨ ᠦᠭᠡ ᠪᠤᠯ ︽ᠨᠢᠭᠤᠴᠠ ᠲᠤᠪᠴᠢᠶᠠᠨ︾ ᠳᠤ ᠲᠡᠮᠳᠡᠭᠯᠡᠰᠤᠳᠠᠢ ᠡᠷᠳᠡᠨ ᠤ ᠦᠭᠡ ᠶᠤᠮ᠃ | ᠤᠳᠤ ᠪᠤᠯᠬᠤ ᠳᠤ ︽ᠠᠨᠳᠠ︾ ᠭᠡᠰᠡᠨ ᠦᠭᠡᠨ ᠤ ᠤᠳᠬ᠎ᠠ ᠪᠠᠯᠠᠷᠬᠠᠶᠢᠰᠢᠵᠤ ︽ᠠᠨᠳᠠ ᠨᠦᠬᠦᠳ︾᠂ ︽ᠠᠨᠳᠠ | ᠨᠠᠶᠢᠵᠠ︾ ᠭᠡᠬᠦ ᠮᠡᠳᠤᠴᠢᠯᠡᠨ ᠬᠤᠯᠪᠤᠭ᠎ᠠ ᠦᠭᠡ ᠪᠠᠷ ᠭᠡᠷᠡᠭᠯᠡᠬᠦ ᠲᠤᠬᠢᠶᠠᠯᠳᠤᠯ ᠤᠯᠠᠨ ᠪᠤᠯᠤᠭᠰᠠᠨ ᠪᠠᠶᠢᠳᠠᠭ᠃ | ᠦᠨᠡᠨ ᠳᠤ ᠪᠠᠨ ︽ᠠᠨᠳᠠ︾᠂ ︽ᠨᠦᠬᠦᠷ︾᠂ ︽ᠨᠠᠶᠢᠵᠠ︾ ᠶᠢᠨ ᠬᠤᠭᠤᠷᠤᠨᠳᠤ ᠤᠳᠬ᠎ᠠ ᠶᠢᠨ ᠲᠤᠳᠤᠷᠬᠠᠢ | ᠢᠯᠭᠠᠭ᠎ᠠ ᠲᠠᠢ ᠪᠠᠶᠢᠳᠠᠭ᠃ ︽ᠠᠨᠳᠠ︾ ᠭᠡᠰᠡᠨ ᠦᠭᠡ ᠶᠢᠨ ᠬᠤᠪᠢ ᠶᠢᠨ ᠵᠢᠩ ᠪᠤᠯ ︽ᠨᠠᠶᠢᠵᠠ︾ ︽ᠨᠦᠬᠦᠷ︾ | ᠠᠴᠠ ᠬᠤᠯᠠ ᠬᠦᠨᠳᠤ ᠶᠤᠮ᠃ | ᠴᠡᠪᠡᠯ ᠤᠨ ︽ᠮᠤᠩᠭᠤᠯ ᠬᠡᠯᠡᠨ ᠤ ᠲᠠᠶᠢᠯᠪᠤᠷᠢ ᠲᠤᠯᠢ︾ ᠳᠤ ︽ᠠᠨᠳᠠ ᠪᠤᠯᠤᠯᠴᠠᠬᠤ︾ ᠭᠡᠰᠡᠨ ᠢ ︽ | ᠲᠠᠩᠭᠠᠷᠢᠭ ᠲᠠᠯᠪᠢᠬᠤ᠂ ᠪᠠᠷᠢᠯᠳᠤᠬᠤ︾ ᠭᠡᠵᠤ ᠲᠠᠶᠢᠯᠪᠤᠷᠢᠯᠠᠭᠰᠠᠨ ᠪᠠᠶᠢᠳᠠᠭ᠃ ᠴᠡᠩᠭᠡᠯ ᠤᠨ ︽ᠮᠤᠩᠭᠤᠯ ᠶᠤᠰᠤ | ᠵᠠᠩᠰᠢᠯ ᠤᠨ ᠲᠤᠯᠢ︾ ᠳᠤ᠄ ︽ᠮᠤᠩᠭᠤᠯᠴᠤᠳ ᠤᠨ ᠨᠢᠭᠡ ᠵᠠᠩᠰᠢᠯ ᠨᠢ ᠠᠨᠳᠠ ᠪᠤᠯᠤᠯᠴᠠᠬᠤ ᠶᠤᠰᠤ ᠶᠤᠮ᠃ ᠡᠨᠡ | ᠲᠠᠯ᠎ᠠ ᠪᠠᠷ ︿ᠮᠤᠩᠭᠤᠯ ᠤᠨ ᠨᠢᠭᠤᠴᠠ ᠲᠤᠪᠴᠢᠶᠠᠨ﹀᠂ ︿ᠠᠯᠳᠠᠨ ᠲᠤᠪᠴᠢ﹀ ᠵᠡᠷᠭᠡ ᠲᠡᠤᠭᠡ ᠶᠢᠨ ᠤᠭ | ᠰᠤᠷᠪᠤᠯᠵᠢ ᠪᠢᠴᠢᠭ ᠤᠳ ᠲᠤ ᠪᠠᠷᠢᠮᠳᠠ ᠵᠢᠱᠢᠶ᠎ᠡ ᠤᠯᠠᠨ ᠪᠠᠶᠢᠳᠠᠭ᠃ ᠵᠢᠱᠢᠶᠡᠯᠡᠪᠡᠯ᠂ ᠲᠡᠮᠤᠵᠢᠨ ᠵᠠᠮᠤᠬ᠎ᠠ ᠬᠤᠶᠠᠷ | ᠤᠨᠤᠨ ᠮᠦᠷᠡᠨ ᠤ ᠬᠦᠪᠡᠭᠡᠨ ᠳᠤ ᠱᠠᠭ᠎ᠠ ᠰᠤᠯᠢᠯᠴᠠᠨ ᠠᠨᠳᠠ ᠪᠤᠯᠤᠯᠴᠠᠭᠰᠠᠨ ᠲᠡᠤᠭᠡ ᠠᠴᠠ ᠦᠵᠡᠪᠡᠯ ᠰᠠᠶᠢᠨ | ᠡᠷᠡᠴᠤᠳ᠂ ᠠᠩᠴᠢᠨ ᠬᠦᠷᠤᠭᠡᠴᠢᠨ ᠁ ᠠᠨᠳᠠ ᠪᠤᠯᠤᠯᠴᠠᠬᠤ ᠨᠢ ᠴᠦᠭᠡᠨ ᠦᠭᠡᠢ᠃ ᠲᠡᠭᠡᠵᠤ ᠠᠨᠳᠠ | ᠪᠤᠯᠤᠯᠴᠠᠬᠤ ᠳᠤ ᠪᠠᠨ ᠴᠠᠮᠴᠠ᠂ ᠪᠦᠰᠡ ᠪᠤᠶᠤ ᠬᠠᠶᠢᠷᠠᠳᠠᠢ ᠪᠤᠳᠠᠰ ᠢᠶᠠᠨ ᠰᠤᠯᠢᠯᠴᠠᠨ᠂ ᠦᠨᠢ ᠡᠬᠦᠷᠢᠳᠡ | ᠨᠦᠬᠦᠷᠯᠡᠬᠦ ᠶᠢ ᠠᠨᠳᠠᠭᠠᠶᠢᠯᠠᠨ ᠲᠠᠩᠭᠠᠷᠢᠭ ᠲᠠᠯᠪᠢᠯᠴᠠᠳᠠᠭ ᠪᠠᠶᠢᠨ᠎ᠠ︾ ᠭᠡᠵᠤ ᠲᠡᠮᠳᠡᠭᠯᠡᠭᠰᠡᠨ ᠪᠠᠶᠢᠳᠠᠭ᠃ | ︽ᠨᠢᠭᠤᠴᠠ ᠲᠤᠪᠴᠢᠶᠠᠨ︾ ᠳᠤ᠄ ︽ᠮᠡᠷᠬᠢᠳ ᠢ ᠲᠠᠷᠤᠭᠰᠠᠨ ᠤ ᠲᠠᠷᠠᠭ᠎ᠠ ᠲᠡᠮᠤᠵᠢᠨ ᠵᠠᠮᠤᠬ᠎ᠠ ᠬᠤᠶᠠᠷ᠂ | ᠬᠤᠷᠬᠤᠨᠠᠭ ᠤᠨ ᠬᠦᠨᠳᠠᠢ ᠳᠤ ᠨᠡᠶᠢᠯᠡᠨ ᠪᠠᠭᠤᠵᠤ᠂ ᠡᠷᠳᠡᠨ ᠤ ᠠᠨᠳᠠ ᠪᠤᠯᠤᠯᠴᠠᠭᠰᠠᠨ ᠢᠶᠠᠨ ᠲᠤᠷᠠᠳᠴᠤ᠂ ᠤᠯᠠᠮ | ᠲᠤᠳᠤᠨᠤ ᠪᠤᠯᠵᠤ ᠨᠠᠶᠢᠷᠠᠮᠳᠤᠶᠠ ᠭᠡᠮᠡᠯᠴᠡᠪᠡ᠃ ᠠᠩᠬ᠎ᠠ ᠤᠷᠢᠳᠤ ᠠᠨᠳᠠ ᠪᠤᠯᠤᠯᠴᠠᠬᠤ ᠳᠤ ᠲᠠᠮᠤᠵᠢᠨ ᠠᠷᠪᠠᠨ ᠨᠢᠭᠡᠨ | ᠨᠠᠰᠤ ᠲᠠᠢ ᠪᠠᠶᠢᠪᠠ᠃ ᠲᠡᠷᠡ ᠴᠠᠭ ᠲᠤ ᠵᠠᠮᠤᠬ᠎ᠠ ᠨᠢᠭᠡᠨ ᠭᠤᠷ᠎ᠠ ᠶᠢᠨ ᠱᠠᠭ᠎ᠠ ᠶᠢ ᠲᠡᠮᠤᠵᠢᠨ ᠳᠤ ᠦᠭᠴᠤ᠂ ᠲᠡᠮᠤᠵᠢᠨ | ᠨᠢᠭᠡᠨ ᠴᠢᠳᠬᠤᠮᠠᠯ ᠱᠠᠭ᠎ᠠ ︵ᠭᠤᠷᠠᠢ︶ ᠶᠢ ᠵᠠᠮᠤᠬ᠎ᠠ ᠳᠤ ᠦᠭᠴᠤ ᠤᠨᠤᠨ ᠮᠦᠷᠡᠨ ᠤ ᠮᠦᠰᠤᠨ ᠲᠡᠭᠡᠷ᠎ᠡ ᠱᠠᠭᠠᠯᠴᠠᠨ | ᠨᠠᠭᠠᠳᠴᠤ ᠠᠨᠳᠠ ᠪᠤᠯᠤᠯᠴᠠᠪᠠ᠃ ᠲᠡᠬᠦᠨ ᠤ ᠬᠤᠶᠢᠳᠤ ᠬᠠᠪᠤᠷ ᠠᠯᠤᠩᠬᠢᠷ ᠰᠤᠮᠤ ᠪᠠᠷ ᠬᠠᠷᠪᠤᠵᠤ ᠪᠦᠬᠦᠢ ᠳᠤ | ᠵᠠᠮᠤᠬ᠎ᠠ᠂ ᠪᠢᠷᠠᠭᠤ ᠶᠢᠨ ᠬᠤᠶᠠᠷ ᠡᠪᠡᠷ ᠢ ᠨᠠᠭᠠᠵᠤ ᠨᠦᠭᠡᠯᠡᠵᠤ ᠬᠢᠭᠰᠡᠨ ᠲᠠᠭᠤᠳᠤ ᠰᠤᠮᠤ ︵ᠭᠤᠳᠤᠯᠢ︶ ᠪᠠᠨ | ᠲᠡᠮᠤᠵᠢᠨ ᠳᠤ ᠦᠭᠴᠤ᠂ ᠲᠡᠮᠤᠵᠢᠨ᠂ ᠠᠷᠴᠠ ᠮᠤᠳᠤᠨ ᠭᠤᠳᠤᠯᠢ ᠪᠠᠨ ᠵᠠᠮᠤᠬ᠎ᠠ ᠳᠤ ᠦᠭᠴᠤ ᠠᠨᠳᠠ ᠪᠤᠯᠤᠯᠴᠠᠪᠠ᠃ | ᠬᠤᠶᠠᠷ ᠤᠳᠠᠭ᠎ᠠ ᠠᠨᠳᠠ ᠪᠤᠯᠤᠯᠴᠠᠭᠰᠠᠨ ᠶᠤᠰᠤᠨ ᠡᠶᠢᠮᠤ︾ ︵116 ᠳ᠋ᠤᠭᠠᠷ ᠵᠦᠢᠯ︶ | ︽ᠠᠬᠠᠰ ᠲᠡᠭᠡᠳᠤᠰ ᠤᠨ ᠦᠭᠡ ᠶᠢ ᠰᠤᠨᠤᠰᠪᠠᠰᠤ | ᠠᠯᠢᠪᠠ ᠬᠦᠮᠤᠨ ᠬᠠᠷᠢᠯᠴᠠᠨ | ᠠᠨᠳᠠ ᠨᠦᠬᠦᠷ ᠪᠤᠯᠤᠯᠴᠠᠪᠠᠯ | ᠠᠮᠢ ᠪᠡᠶ᠎ᠡ ᠳᠤ ᠪᠠᠨ | ᠡᠷᠡᠴᠢ ᠪᠤᠯᠵᠤ | ᠠᠯᠢ ᠠᠯᠢᠨ ᠳᠤ ᠪᠠᠨ ᠲᠦᠰᠢᠭ ᠪᠤᠯᠵᠤ | ᠠᠮᠠᠷᠠᠭᠯᠠᠨ ᠬᠠᠨᠢᠯᠠᠬᠤ ᠶᠤᠰᠤᠳᠠᠢ᠃ ᠤᠳᠤ ᠪᠢᠳᠡ ᠠᠮᠠᠷᠠᠭᠯᠠᠨ ᠶᠠᠪᠤᠶ᠎ᠠ ᠭᠡᠵᠤ ᠲᠡᠮᠤᠵᠢᠨ᠂ ᠮᠠᠷᠬᠢᠳ ᠤᠨ | ᠲᠤᠭᠳᠤᠭ᠎ᠠ ᠠᠴᠠ ᠤᠯᠵᠠᠯᠠᠵᠤ ᠠᠪᠤᠭᠰᠠᠨ ᠠᠯᠳᠠᠨ ᠪᠦᠰᠡ ᠪᠠᠨ ᠵᠠᠮᠤᠬ᠎ᠠ ᠠᠨᠳᠠ ᠳᠤ ᠪᠦᠰᠡᠯᠡᠬᠦᠯᠵᠤ᠂ | ᠲᠤᠭᠳᠤᠭ᠎ᠠ ᠶᠢᠨ ᠡᠰᠭᠡᠯ ︵ᠡᠷᠡᠮᠡᠭ ᠪᠤᠶᠤ ᠠᠭᠰᠤᠮ︶ ᠬᠠᠯᠢᠭᠤᠨ ᠢ ᠵᠠᠮᠤᠬ᠎ᠠ ᠠᠨᠳᠠ ᠳᠤ ᠤᠨᠤᠭᠤᠯᠪᠠ᠃ ᠵᠠᠮᠤᠬ᠎ᠠ | ᠬᠠᠷᠢᠭᠤ ᠳᠤ ᠤᠸᠠᠰ ᠮᠡᠷᠬᠢᠳ ᠤᠨ ᠲᠠᠶᠢᠷ ᠤᠰᠤᠨ ᠠᠴᠠ ᠤᠯᠵᠠᠯᠠᠵᠤ ᠠᠪᠤᠭᠰᠠᠨ ᠠᠯᠳᠠᠨ ᠪᠦᠰᠡ ᠪᠠᠨ | ᠲᠡᠮᠤᠵᠢᠨ ᠳᠤ ᠪᠦᠰᠡᠯᠡᠬᠦᠯᠵᠤ᠂ ᠮᠦᠨ ᠲᠠᠶᠢᠷ ᠤᠰᠤᠨ ᠤ ᠤᠨᠠᠭᠠᠨ ᠴᠠᠭᠠᠨ ᠮᠤᠷᠢ ᠶᠢ ᠲᠡᠮᠤᠵᠢᠨ ᠳᠤ ᠤᠨᠤᠭᠤᠯᠪᠠ᠃ | ᠡᠶᠢᠨ ᠬᠦ ᠠᠨᠳᠠ ᠪᠤᠯᠤᠯᠴᠠᠵᠤ | ︽ᠬᠤᠷᠬᠤᠨᠠᠭ ᠵᠤᠪᠤᠷ ᠤᠨ ᠬᠦᠨᠳᠠᠢ ᠳᠤ | ᠬᠤᠯᠳᠠᠭᠠᠷ ᠬᠤᠨ ᠤ ᠦᠪᠤᠷ ᠲᠤ | ᠰᠠᠭᠯᠠᠭᠠᠷ ᠮᠤᠳᠤᠨ ᠤ ᠲᠤᠳᠤᠷ᠎ᠠ | ᠰᠠᠶᠢᠬᠠᠨ ᠬᠤᠷᠢᠮ ᠦᠢᠯᠡᠳᠴᠤ | ᠰᠠᠶᠢᠳᠤᠷ ᠪᠦᠵᠢᠭᠯᠡᠨ ᠵᠢᠷᠭᠠᠵᠤ | ᠰᠠᠨᠠᠭ᠎ᠠ ᠰᠡᠳᠬᠢᠯ ᠨᠢᠭᠡᠳᠴᠤ | ᠰᠠᠶᠢᠨ ᠨᠦᠬᠦᠳ ᠪᠤᠯᠤᠭᠠᠳ | ᠰᠦᠨᠢ ᠨᠢᠭᠡᠨ ᠬᠦᠨᠵᠢᠯᠡ ᠳᠤ ᠤᠷᠤᠵᠤ ᠬᠤᠨᠤᠪᠠ︾ ︵1117 ᠳ᠋ᠤᠭᠠᠷ ᠵᠦᠢᠯ︶ ᠭᠡᠵᠤ ᠨᠠᠷᠢᠨ ᠨᠠᠷᠢᠨ | ᠲᠡᠮᠳᠡᠭᠯᠡᠵᠡᠢ᠃ ᠵᠠᠮᠤᠬ᠎ᠠ ᠴᠢᠩᠬᠢᠰ ᠠᠴᠠ ᠬᠠᠭᠠᠴᠠᠨ᠂ ᠲᠠᠶᠢᠰᠤᠩᠨᠠᠭᠠᠳ ᠡᠴᠤᠰᠲ᠋ᠤ ᠪᠠᠨ ᠲᠤᠤᠷᠠᠬᠢ | ᠬᠦᠮᠤᠰ ᠲᠤ ᠪᠠᠨ ᠪᠠᠷᠢᠭᠳᠠᠨ ᠴᠢᠩᠬᠢᠰ ᠲᠤ ᠬᠦᠷᠭᠡᠭᠳᠡᠨ ᠢᠷᠡᠬᠦ ᠳᠤ ᠪᠠᠨ | ︽ᠠᠨᠳᠠ ᠨᠦᠬᠦᠷ ᠮᠢᠨᠢ ᠰᠤᠶᠤᠷᠬᠠᠵᠤ | ᠠᠮᠢ ᠶᠢ ᠮᠢᠨᠢ ᠦᠳᠳᠡᠷ ᠲᠤᠨᠢᠯᠭᠠᠪᠠᠯ | ᠠᠷᠢᠭᠤᠨ ᠵᠢᠷᠤᠭᠡ ᠴᠢᠨᠢ ᠠᠮᠠᠷᠠᠵᠤ | ᠠᠮᠤᠭᠤᠯᠠᠩ ᠵᠢᠷᠭᠠᠬᠤ ᠪᠤᠯᠤᠨ᠎ᠠ᠃ | ᠠᠨᠳᠠ ᠴᠢ ᠰᠤᠶᠤᠷᠬᠠᠵᠤ | ᠠᠰᠬᠠᠷᠠᠬᠤ ᠴᠢᠰᠤ ᠶᠢ ᠭᠠᠷᠭᠠᠯ ᠦᠭᠡᠢ | ᠠᠯᠠᠭᠤᠯᠵᠤ ᠦᠷᠤᠰᠢᠶᠡ ᠨᠠᠮ᠎ᠠ ᠶᠢ︾ ᠭᠡᠵᠤ ᠦᠬᠦᠯᠡᠭᠰᠡᠨ ᠪᠠᠶᠢᠳᠠᠭ᠃ ᠵᠠᠮᠤᠬ᠎ᠠ ᠶᠢᠨ ᠬᠤᠪᠢ ᠳᠤ ᠠᠪᠴᠤ | ᠬᠡᠯᠡᠪᠡᠯ ᠡᠨᠡ ᠪᠤᠯ ᠠᠨᠳᠠ ᠳᠤ ᠪᠠᠨ ᠭᠤᠷᠪᠠ ᠤᠳᠠᠭ᠎ᠠ ᠭᠤᠮᠤᠳᠠᠭᠰᠠᠨ ᠶᠠᠪᠤᠳᠠᠯ ᠨᠢ ᠪᠤᠳᠠᠳᠤ ᠪᠠᠶᠢᠳᠠᠯ ᠳᠤ ᠦᠯᠤ | ᠨᠡᠶᠢᠴᠡᠭᠰᠡᠨ ᠢᠶᠠᠨ ᠰᠡᠷᠡᠵᠤ ᠤᠬᠠᠭᠠᠷᠠᠭᠰᠠᠨ ᠪᠦᠭᠡᠳ ᠲᠡᠮᠤᠵᠢᠨᠤ ᠬᠤᠪᠢ ᠳᠤ ᠠᠨᠳᠠ ᠳᠤ ᠪᠠᠨ ᠰᠡᠵᠢᠭ ᠠᠵᠢᠭ | ᠲᠦᠷᠤᠬᠦᠯᠦᠭᠰᠡᠨ ᠢᠶᠠᠨ ᠮᠡᠳᠡᠷᠡᠭᠰᠡᠨ ᠤᠴᠢᠷ ᠪᠤᠯᠬᠤ ᠶᠤᠮ᠃ ᠨᠦᠬᠦᠭᠡ ᠲᠠᠯ᠎ᠠ ᠪᠠᠷ ︽ᠴᠢᠰᠤ ᠦᠵᠡᠬᠦᠯᠬᠦ | ᠦᠭᠡᠢ ᠪᠠᠷ ᠦᠬᠦᠬᠦᠯᠬᠦ︾ ᠭᠡᠳᠡᠭ ᠪᠤᠯ ᠵᠠᠮᠤᠬ᠎ᠠ ᠠᠴᠠ ᠦᠪᠡᠷ ᠢ ᠪᠠᠨ ᠲᠠᠩᠭᠠᠷᠢᠭ ᠡᠪᠳᠡᠭᠰᠡᠨ ᠦᠭᠡᠢ ᠭᠡᠳᠡᠭ ᠢᠶᠠᠨ | ᠪᠠᠳᠤᠯᠠᠭᠰᠠᠨ ᠮᠦᠷᠳᠡᠭᠡᠨ ᠲᠡᠮᠤᠵᠢᠨ ᠴᠤ ᠲᠡᠭᠡᠵᠤ ᠦᠬᠦᠬᠦᠯᠬᠦ ᠶᠢ ᠵᠦᠪᠰᠢᠶᠡᠷᠡᠭᠰᠡᠨ ᠨᠢ ᠵᠠᠮᠤᠬ᠎ᠠ ᠠᠨᠳᠠ ᠲᠠᠩᠭᠠᠷᠢᠭ | ᠠᠯᠳᠠᠭᠰᠠᠨ ᠦᠭᠡᠢ ᠭᠡᠳᠡᠭ ᠢ ᠮᠡᠳᠡᠷᠡᠭᠰᠡᠨ ᠶᠠᠪᠤᠳᠠᠯ ᠪᠤᠯᠬᠤ ᠶᠤᠮ᠃ | ᠶᠡᠷᠤ ᠶᠢᠨ ᠦᠭᠡᠨ ᠳᠤ ︽ᠠᠨᠳᠠ ᠬᠦᠮᠤᠨ ᠤ ᠠᠮᠢ ᠨᠢ ᠨᠢᠭᠡ︾ ᠭᠡᠵᠤ ᠪᠠᠶᠢᠳᠠᠭ᠃ ᠮᠤᠩᠭᠤᠯ ᠶᠤᠰᠤᠨᠳᠤ | ᠡᠩ ᠤᠨ ᠪᠠᠶᠢᠳᠠᠯ ᠳᠤ ᠪᠦᠰᠡ ᠪᠠᠨ ᠬᠦᠮᠤᠨ ᠳᠤ ᠦᠭᠬᠦ ᠪᠤᠶᠤ ᠰᠤᠯᠢᠯᠴᠠᠳᠠᠭ ᠦᠭᠡᠢ ᠶᠤᠮ᠃ ᠤᠴᠢᠷ ᠨᠢ ᠡᠷ᠎ᠡ | ᠬᠦᠮᠤᠨ ᠤ ᠪᠦᠰᠡᠨ ᠳᠤ ᠭᠡᠶᠢᠮᠤᠷᠢ ᠰᠦᠯᠳᠡ ᠪᠤᠶᠤ ᠰᠦᠨᠡᠰᠤ ᠮᠦᠷ ᠨᠢ ᠤᠷᠤᠰᠢᠳᠠᠭ ᠭᠡᠳᠡᠭ᠃ ᠢᠩᠬᠢᠵᠤ | ᠮᠦᠷᠳᠡᠪᠡᠯ ᠲᠡᠮᠤᠵᠢᠨ ᠵᠠᠮᠤᠬ᠎ᠠ ᠪᠤᠯ ᠰᠦᠭ ᠰᠦᠨᠡᠰᠤ ᠪᠠᠨ ᠬᠦᠷᠳᠡᠯ᠎ᠡ ᠰᠤᠯᠢᠯᠴᠠᠵᠤ᠂ ᠬᠠᠭᠠᠴᠠᠵᠤ ᠪᠤᠯᠤᠰᠢ ᠦᠭᠡᠢ | ᠠᠮᠢᠨ ᠳᠤ ᠤᠷᠤᠭᠰᠠᠨ ᠠᠨᠳᠠ ᠭᠡᠳᠡᠭ ᠨᠢ ᠵᠠᠶᠢᠯᠠᠰᠢ ᠦᠭᠡᠢ᠃ ᠭᠡᠷᠪᠡ ᠲᠠᠩᠭᠠᠷᠢᠭ ᠠᠯᠳᠠᠪᠠᠯ ᠰᠤᠯᠢᠯᠴᠠᠭᠰᠠᠨ | ᠬᠢᠳᠤᠭ᠎ᠠ᠂ ᠰᠤᠮᠤᠨ ᠤ ᠪᠠᠨ ᠲᠤᠤᠷ᠎ᠠ ᠠᠮᠢ ᠪᠠᠨ ᠦᠭᠳᠡᠭ ᠬᠠᠳᠠᠭᠤ ᠶᠤᠰᠤ ᠲᠠᠢ᠃ ᠲᠡᠮᠤᠵᠢᠨ ᠵᠠᠮᠤᠬ᠎ᠠ ᠶᠢᠨ | ᠨᠢᠭᠤᠴᠠ ᠦᠭᠡᠨ ᠤ ᠤᠳᠬ᠎ᠠ ᠶᠢ ᠤᠯᠵᠤ ᠶᠠᠳᠠᠨ ᠦᠭᠡ ᠲᠠᠭᠤᠨ ᠦᠭᠡᠢ ᠰᠠᠯᠵᠤ ᠤᠳᠤᠭᠰᠠᠨ ᠪᠡ ᠤᠳᠠᠯ ᠦᠭᠡᠢ ︽ | ᠴᠢᠩᠬᠢᠰ︾ ᠴᠤᠯᠠ ᠲᠠᠢ ᠬᠠᠨ ᠪᠤᠯᠤᠭᠰᠠᠨ ᠶᠠᠪᠤᠳᠠᠯ ᠳᠤ ᠰᠡᠵᠢᠭ ᠲᠦᠷᠤᠵᠤ ᠪᠠᠶᠢᠭᠰᠠᠨ ᠵᠠᠮᠤᠬ᠎ᠠ ᠳᠤ᠂ ᠠᠳᠤᠭᠤ | ᠲᠠᠭᠤᠭᠰᠠᠨ ᠤᠴᠢᠷ ᠲᠤ ᠲᠠᠶᠢᠴᠢᠷ ᠲᠡᠬᠦᠤ ᠪᠠᠨ ᠠᠯᠤᠭᠤᠯᠤᠭᠰᠠᠨ ᠶᠠᠪᠤᠳᠠᠯ ᠨᠢ ᠠᠨᠳᠠ ᠲᠡᠮᠤᠵᠢᠨ ᠳᠤ ᠨᠢᠭᠡᠮᠤᠰᠤᠨ | ᠰᠡᠳᠬᠢᠯ ᠠᠯᠳᠠᠵᠤ ︽ᠲᠠᠩᠭᠠᠷᠢᠭ ᠠᠰᠠᠭᠤᠬᠤ︾᠂ ︽ᠠᠨᠳᠠᠭᠠᠢ ᠨᠡᠭᠡᠬᠦ︾ ᠲᠠᠶᠢᠨ ᠡᠬᠦᠰᠭᠡᠭᠰᠡᠨ ᠶᠤᠮ᠃ ᠵᠠᠮᠤᠬ᠎ᠠ᠂ | ᠲᠡᠮᠤᠵᠢᠨ ᠤ ᠬᠤᠭᠤᠷᠤᠨᠳᠤᠬᠢ ᠲᠠᠶᠢᠨ ᠪᠤᠯ ᠦᠰᠢᠶᠡᠳᠡᠨ ᠲᠠᠶᠢᠰᠤᠨ ᠤ ᠲᠠᠶᠢᠨ ᠪᠢᠰᠢ᠂ ᠬᠠᠷᠢᠨ ︽ᠲᠠᠩᠭᠠᠷᠢᠭ | ᠠᠰᠠᠭᠤᠬᠤ︾᠂ ︽ᠠᠨᠳᠠᠭᠠᠢ ᠨᠡᠭᠡᠬᠦ︾ ᠲᠠᠶᠢᠨ ᠭᠡᠳᠡᠭ ᠢ ᠮᠡᠳᠡᠬᠦ ᠭᠡᠷᠡᠭᠳᠠᠢ᠃ ᠲᠠᠷᠤᠢ ᠬᠤᠶᠠᠷ ᠠᠨᠳᠠ ᠶᠢᠨ | ᠠᠳᠡᠬᠦᠤ ᠤᠶᠢᠯᠠᠭᠠᠯᠳᠠ ᠠᠴᠠ ᠡᠬᠦᠰᠦᠭᠰᠡᠨ ᠲᠠᠶᠢᠨ ᠪᠤᠯᠬᠤ ᠶᠤᠮ᠃ | ᠴᠢᠩᠬᠢᠰ ᠪᠤᠭᠳᠠ᠄ ︽ᠠᠯᠢᠪᠠ ᠬᠦᠮᠤᠨ ᠬᠠᠷᠢᠯᠴᠠᠨ ᠠᠨᠳᠠ ᠪᠤᠯᠤᠯᠴᠠᠪᠠᠰᠤ ᠶᠤᠰᠤᠳᠠᠢ ᠠᠮᠢ ᠪᠡᠶ᠎ᠡ ᠳᠤ ᠪᠠᠨ | ᠠᠷᠠᠰᠤ ᠪᠤᠯᠵᠤ᠂ ᠠᠯᠢ ᠠᠯᠢᠨ ᠳᠤ ᠪᠠᠨ ᠲᠦᠰᠢᠭ ᠪᠤᠯᠵᠤ ᠶᠠᠪᠤᠬᠤ ᠴᠢᠬᠤᠯᠠᠳᠠᠢ︾ ᠭᠡᠵᠤ ᠰᠤᠷᠭᠠᠭᠰᠠᠨ ᠶᠤᠮ᠃ | ᠲᠡᠤᠭᠡᠨ ᠲᠡᠭᠡᠷ᠎ᠡ ᠲᠡᠮᠤᠵᠢᠨ ᠪᠤᠭᠤᠷᠴᠤ ᠬᠤᠶᠠᠷ ᠰᠡᠩᠬᠦᠷ ᠭᠤᠷᠤᠬᠠᠨ ᠤ ᠬᠦᠪᠡᠭᠡᠨ ᠳᠤ ᠠᠨᠳᠠ ᠪᠤᠯᠤᠯᠴᠠᠨ᠂ ᠨᠢᠭᠡ | ᠨᠠᠰᠤᠨ ᠤ ᠬᠤᠪᠢ ᠵᠠᠶᠠᠭ᠎ᠠ ᠪᠠᠨ ᠬᠠᠮᠳᠤᠳᠬᠠᠵᠤ᠂ ᠪᠤᠭᠤᠷᠴᠤ ᠦᠬᠦᠨ ᠦᠬᠦᠳᠡᠯ᠎ᠡ ᠠᠨᠳᠠ ᠶᠢᠨ ᠵᠢᠷᠤᠮ ᠢ ᠡᠷᠬᠢᠮᠯᠡᠨ | ᠴᠢᠩᠬᠢᠰ ᠤᠨ ᠦᠢᠯᠡᠰ ᠲᠤ ᠵᠢᠳᠬᠦᠭᠰᠡᠨ ᠪᠠᠶᠢᠳᠠᠭ᠃ ︽ᠠᠬᠳᠠ ᠶᠢᠨ ᠰᠠᠶᠢᠨ ᠢ ᠤᠨᠤᠨ ᠪᠠᠶᠢᠵᠤ ᠮᠡᠳᠡᠨ᠎ᠡ᠂ | ᠠᠨᠳᠠ ᠶᠢᠨ ᠰᠠᠶᠢᠨ ᠢ ᠬᠠᠨᠢᠯᠠᠨ ᠪᠠᠶᠢᠵᠤ ᠮᠡᠳᠡᠨ᠎ᠡ︾ ᠭᠡᠵᠤ ᠶᠤᠰᠤᠳᠠᠢ ᠡᠬᠦᠨ ᠢ ᠬᠡᠯᠡᠨ᠎ᠡ᠃ | ᠤᠷᠤᠰ ᠤᠨ ᠲᠡᠤᠭᠡᠴᠢᠨ ᠸᠠᠯᠳᠢᠮᠢᠷᠽᠤᠸ᠋ ᠶᠢᠨ ︽ᠮᠤᠩᠭᠤᠯ ᠤᠨ ᠨᠡᠶᠢᠭᠡᠮ ᠤᠨ ᠪᠠᠶᠢᠭᠤᠯᠤᠯ ᠤᠨ ᠲᠡᠤᠭᠡ︾ | ᠳᠤ᠄ ︽ᠬᠦᠴᠦᠷᠭᠡᠭ ᠶᠡᠭᠡ ᠤᠶᠢᠷᠠᠳ ᠤᠨ ᠡᠵᠡᠨ ᠨᠤᠶᠠᠨ ᠪᠠᠭᠠᠳᠤᠷ ᠬᠤᠭ ᠲᠠᠶᠢᠵᠢ ᠤᠶᠢᠷᠠᠳ ᠤᠨ ᠨᠢᠭᠡᠨ | ᠸᠠᠩ ᠳᠤ ᠵᠠᠷᠢᠮ ᠬᠦᠮᠤᠰ ᠢ ᠭᠠᠷᠭᠠᠵᠤ ᠦᠭ ᠭᠡᠵᠤ ᠵᠠᠷᠯᠢᠭ ᠪᠤᠯᠤᠭᠰᠠᠠᠨ ᠳᠤ ︿ᠠᠨᠳᠠ ᠪᠠᠨ ᠭᠠᠷᠭᠠᠵᠤ ᠦᠭᠪᠡᠯ ᠪᠢ | ᠠᠮᠢᠳᠤ ᠶᠠᠪᠤᠭᠠᠳ ᠶᠠᠭᠤ ᠬᠢᠬᠦ ᠪᠤᠢ ︵415︶﹀ ᠭᠡᠵᠤ ᠬᠠᠷᠢᠭᠤᠯᠵᠠᠢ︾ ᠭᠡᠵᠤ ᠲᠡᠮᠳᠡᠭᠯᠡᠵᠤ ᠪᠤᠢ᠃ ᠡᠳᠡᠭᠡᠷ ᠠᠴᠠ | ᠪᠢᠳᠡ ᠠᠨᠳᠠ ᠪᠤᠯᠵᠤ ᠠᠨᠳᠠᠭᠠᠢ ᠲᠠᠯᠪᠢᠬᠤ ᠶᠢᠨ ᠤᠴᠢᠷ ᠤᠳᠬ᠎ᠠ ᠶᠢ ᠤᠶᠢᠯᠠᠭᠠᠵᠤ ᠪᠤᠯᠬᠤ ᠶᠤᠮ᠃ | ︽ᠨᠦᠬᠦᠷ︾ ᠭᠡᠳᠡᠭ ᠪᠤᠯ ︽ᠬᠠᠮᠳᠤ ᠶᠢᠨ ᠬᠦᠰᠡᠯᠡᠩ ᠪᠤᠶᠤ ᠶᠠᠮᠠᠷ ᠨᠢᠭᠡᠨ ᠦᠢᠯᠡᠰ ᠤᠨ ᠲᠦᠯᠤᠭᠡ | ᠲᠡᠮᠡᠴᠡᠭᠰᠡᠳ ᠤᠨ ᠨᠡᠷᠡᠶᠢᠳᠤᠯ︾ ᠪᠤᠶᠤ ︽ᠡᠷ᠎ᠡ ᠡᠮ᠎ᠡ ᠬᠤᠶᠠᠷ ᠤᠨ ᠬᠠᠷᠢᠴᠠᠭᠠᠨ ᠤ ᠨᠡᠷ᠎ᠡ︾ ᠪᠤᠯᠤᠨ᠎ᠠ᠃ | ᠠᠷᠠᠳ ᠤᠨ ᠦᠭᠡᠨ ᠳᠤ᠄ ︽ᠨᠦᠬᠦᠷ ᠢ ᠨᠢ ᠨᠦᠬᠦᠷ ᠢᠶᠠᠷ ᠨᠢ ᠰᠢᠨᠵᠢ︾᠂ ︽ᠨᠦᠬᠦᠷ ᠢᠶᠠᠨ ᠦᠵᠡᠵᠤ ᠰᠤᠷ᠂ | ᠰᠡᠬᠦᠳᠡᠷ ᠢᠶᠠᠨ ᠦᠵᠡᠵᠤ ᠵᠠᠰᠠ︾᠂ ︽ᠨᠦᠬᠦᠷ ᠤᠨ ᠮᠠᠭᠤ ᠪᠠᠷ ᠨᠦᠭᠡᠨ ᠳᠤ ᠤᠨᠠᠨ᠎ᠠ᠂ ᠨᠦᠬᠦᠴᠡᠯ ᠤᠨ ᠮᠠᠭᠤ ᠪᠠᠷ | ᠲᠠᠮᠤ ᠳᠤ ᠤᠨᠠᠨ᠎ᠠ︾ ︽ᠰᠠᠶᠢᠨ ᠲᠠᠢ ᠨᠦᠬᠦᠷᠯᠡᠪᠡᠯ ᠰᠠᠷᠠᠨ ᠤ ᠭᠡᠷᠡᠯ᠂ ᠮᠠᠭᠤ ᠲᠠᠢ ᠨᠦᠬᠦᠷᠯᠡᠪᠡᠯ ᠮᠤᠭᠠᠢ ᠶᠢᠨ ᠬᠤᠤᠷ | ︾ ᠭᠡᠬᠦ ᠮᠡᠳᠤ ᠶᠢᠨ ᠨᠦᠬᠦᠷ ᠲᠠᠢ ᠬᠤᠯᠪᠤᠭ᠎ᠠ ᠪᠦᠬᠦᠢ ᠵᠦᠢᠷ ᠰᠡᠴᠡᠨ ᠦᠭᠡ ᠲᠤᠩ ᠤᠯᠠᠨ ᠪᠠᠶᠢᠳᠠᠭ᠃ ︽ | ᠮᠤᠩᠭᠤᠯ ᠤᠨ ᠨᠢᠭᠤᠴᠠ ᠲᠤᠪᠴᠢᠶᠠᠨ︾ ᠳᠤ᠄ ︽ᠸᠠᠩ ᠬᠠᠨ ᠨᠠᠳᠠ ᠠᠴᠠ ᠨᠡᠩ ᠴᠠᠭᠠᠰᠢ ᠠᠵᠤᠭᠤ᠃ ᠴᠠᠭᠳᠤ | ᠨᠦᠬᠦᠷ ᠪᠤᠶᠤ᠃ ᠠᠨᠳᠠ ᠳᠤᠷ ᠬᠡᠯᠡ ᠤᠷᠤᠭᠤᠯᠤᠶ᠎ᠠ︾ ︵166-167 ᠳ᠋ᠤᠭᠡᠷ ᠵᠦᠢᠯ︶ ᠭᠡᠵᠤ ︽ᠬᠠᠯᠠ | ᠬᠠᠯᠵᠢᠳ ᠤᠨ ᠬᠠᠳᠬᠤᠯᠳᠤᠭᠠᠨ︾ ᠤ ᠦᠶ᠎ᠡ ᠶᠢᠨ ᠵᠠᠮᠤᠬ᠎ᠠ ᠶᠢᠨ ᠦᠭᠡ ᠶᠢ ᠲᠡᠮᠳᠡᠭᠯᠡᠭᠰᠡᠨ ᠪᠠᠶᠢᠳᠠᠭ᠃ ︽ᠴᠠᠭᠳᠤ | ᠨᠦᠬᠦᠷ︾ ᠭᠡᠳᠡᠭ ᠨᠢ ︽ᠲᠦᠷ ᠴᠠᠭ ᠤᠨ᠂ ᠶᠠᠯᠢᠬᠤ ᠦᠭᠡᠢ︾ ᠭᠡᠰᠡᠨ ᠰᠠᠨᠠᠭ᠎ᠠ ᠲᠠᠢ᠂ ᠡᠬᠦᠨᠴᠡ ᠦᠵᠡᠪᠡᠯ | ᠨᠦᠬᠦᠷ ᠲᠤ ᠰᠠᠶᠢᠨ ᠨᠦᠬᠦᠷ᠂ ᠮᠠᠭᠤ ᠨᠦᠬᠦᠷ ᠭᠡᠵᠤ ᠪᠠᠶᠢᠳᠠᠭ᠃ ᠮᠤᠩᠭᠤᠯᠴᠤᠳ ᠦᠪᠡᠷ ᠢᠶᠠᠨ ᠨᠦᠬᠦᠷ | ᠰᠤᠩᠭᠤᠬᠤ ᠪᠠᠶᠢᠳᠤᠭᠠᠢ ᠭᠡᠤᠭᠡᠳ ᠤᠨ ᠢᠶᠠᠨ ᠨᠦᠬᠦᠷᠯᠡᠵᠤ ᠪᠠᠶᠢᠭ᠎ᠠ ᠬᠠᠨᠢ ᠨᠠᠶᠢᠵᠠᠶᠢ ᠨᠢ ᠴᠤ ᠶᠡᠭᠡᠳᠡ ᠠᠩᠬᠠᠷᠴᠤ ︽ | ᠨᠢᠭᠤᠷ ᠢ ᠨᠢ ᠰᠢᠨᠵᠢᠬᠦ ᠪᠠᠷ ᠨᠦᠬᠦᠷ ᠢ ᠨᠢ ᠰᠢᠨᠵᠢ᠂ ᠬᠦᠨᠡᠰᠤ ᠶᠢ ᠨᠢ ᠰᠢᠨᠵᠢᠬᠦ ᠪᠠᠷ ᠬᠤᠳᠳᠤᠭ ᠢ ᠨᠢ ᠰᠢᠨᠵᠢ︾ | ᠭᠡᠵᠤ᠂ ᠰᠡᠴᠡᠨ ᠰᠡᠷᠬᠦᠯᠡᠩ ᠤᠬᠠᠭᠠᠯᠢᠭ ᠲᠤᠮᠤᠭ᠎ᠠ ᠲᠠᠢ ᠬᠡᠤᠬᠡᠳ ᠯᠦᠭᠡ ᠨᠦᠬᠦᠷᠯᠡᠵᠤ ᠪᠠᠶᠢᠪᠠᠯ ᠪᠠᠶᠠᠷᠯᠠᠵᠤ᠂ | ᠪᠦᠳᠤᠯ ᠦᠭᠡᠢ ᠬᠡᠤᠬᠡᠳ ᠲᠠᠢ ᠦᠶᠡᠷᠭᠡᠵᠤ ᠪᠠᠶᠢᠪᠠᠯ ᠰᠡᠷᠡᠮᠵᠢᠯᠡᠬᠦᠯᠵᠤ᠂ ᠠᠯᠢ ᠪᠤᠯᠬᠤᠷ ᠡᠷᠳᠡᠭᠡᠨ ᠰᠠᠯᠭᠠᠵᠤ | ᠵᠠᠶᠢᠳᠠᠭᠤᠯᠬᠤ ᠪᠠᠷ ᠤᠷᠤᠯᠳᠤᠳᠠᠭ᠃ ᠮᠤᠩᠭᠤᠯᠴᠤᠳ ᠤᠨ ᠤᠯᠠᠮᠵᠢᠯᠠᠯᠳᠤ ᠭᠡᠷ ᠤᠨ ᠰᠤᠷᠭᠠᠯ ᠳᠤ ︽ᠨᠡᠬᠦᠷᠡᠰᠤ | ᠪᠠᠷᠢᠪᠠᠯ ᠭᠠᠷ ᠢᠶᠠᠨ ᠬᠦᠳᠡᠬᠦ ᠨᠢ ᠵᠦᠪ᠂ ᠨᠦᠬᠦᠷ ᠮᠠᠭᠤᠳᠠᠢ ᠶᠠᠪᠤᠪᠠᠯ ᠨᠦᠭᠡᠨ ᠳᠤ ᠤᠨᠠᠬᠤ ᠨᠢ ᠯᠠᠪ︾ ᠭᠡᠵᠤ | ᠪᠦᠳᠤᠯ ᠦᠭᠡᠢ ᠬᠡᠤᠬᠡᠳ ᠲᠠᠢ ᠤᠳᠠᠭᠠᠨ ᠨᠠᠶᠢᠵᠠᠯᠠᠭᠰᠠᠨ ᠬᠡᠤᠬᠡᠳ ᠯᠠᠪ ᠪᠦᠳᠤᠯ ᠦᠭᠡᠢ ᠪᠤᠯᠤᠨ᠎ᠠ ᠭᠡᠵᠤ ᠦᠵᠡᠳᠡᠭ᠃ | ᠡᠶᠢᠮᠤ ᠠᠴᠠ ᠬᠡᠤᠬᠡᠳ ᠢᠶᠠᠨ ᠠᠯᠢ ᠴᠢᠳᠠᠬᠤ ᠪᠠᠷ ︽ᠬᠠᠶᠠᠭ᠎ᠠ ᠰᠠᠶᠢᠳᠠᠢ︾ ᠠᠶᠢᠯ ᠤᠨ ᠬᠡᠤᠬᠡᠳ ᠲᠠᠢ | ᠤᠶᠢᠷᠠᠳᠤᠭᠤᠯᠬᠤ ᠶᠢ ᠪᠤᠳᠤᠳᠠᠭ᠃ | ︽ᠨᠠᠶᠢᠵᠠ︾ ᠶᠢ ︽ᠨᠠᠶᠢᠵᠠ ᠨᠦᠬᠦᠷ︾ ︽ᠨᠠᠶᠢᠵᠠ ᠨᠠᠶᠢᠭᠠᠨ︾ ᠭᠡᠵᠤ ᠰᠠᠨᠠᠭ᠎ᠠ ᠰᠡᠳᠬᠢᠯ ᠲᠠᠭᠠᠷᠠᠭᠰᠠᠨ᠂ | ᠬᠤᠪᠢ ᠢᠷᠤᠭᠡᠯ ᠵᠤᠬᠢᠴᠠᠭᠰᠠᠨ ᠬᠦᠮᠤᠨ ᠳᠤ ᠭᠡᠷᠡᠭᠯᠡᠳᠡᠭ᠃ ᠲᠠᠷᠤᠢ ᠬᠠᠷᠢᠯᠴᠠᠨ ᠢᠵᠢᠯᠢᠰᠢᠨ ᠨᠦᠬᠦᠷᠯᠡᠭᠰᠡᠨ | ᠲᠤᠳᠤᠨᠤ ᠨᠦᠬᠦᠷ ᠢ ᠵᠢᠭᠠᠨ᠎ᠠ᠃ | ︽ᠮᠢᠨᠤ ᠨᠠᠶᠢᠵᠠ︾ ᠭᠡᠬᠦ ᠲᠠᠭᠤᠨ ᠳᠤ᠄ ︽ᠲᠤᠷᠠᠰᠤᠭᠠᠳ ᠰᠡᠳᠬᠢᠯ ᠲᠠᠩᠰᠡᠯᠡᠬᠦ ᠳᠤ / ᠲᠠᠭᠤᠯᠠᠭᠠᠳ | ᠢᠷᠡᠳᠡᠭ ᠳ᠋ᠧ ᠨᠠᠶᠢᠵᠠ ᠮᠢᠨᠢ / ᠲᠤᠨᠢᠶᠠᠷᠳᠤᠭᠰᠠᠨ ᠶᠡᠭᠡ ᠲᠠᠯ᠎ᠠ ᠶᠢ / ᠲᠤᠭᠤᠯᠤᠭᠠᠳ ᠢᠷᠡᠳᠡᠭ ᠳ᠋ᠧ ᠨᠠᠶᠢᠵᠠ ᠮᠢᠨᠢ / | ᠭᠤᠨᠢᠭᠠᠳ ᠵᠢᠷᠤᠭᠡ ᠰᠡᠮᠡᠷᠡᠬᠦ ᠳᠤ / ᠲᠦᠰᠢᠭᠡᠳ ᠢᠷᠡᠳᠡᠭ ᠳ᠋ᠧ ᠨᠠᠶᠢᠵᠠ ᠮᠢᠨᠢ / ᠭᠠᠤᠯᠢᠨ ᠰᠢᠷᠭᠠᠯ ᠭᠤᠪᠢ ᠶᠢ / | ᠭᠡᠳᠤᠯᠤᠭᠡᠳ ᠢᠷᠡᠳᠡᠭ ᠳ᠋ᠧ ᠨᠠᠶᠢᠵᠠ ᠮᠢᠨᠢ︾ ᠭᠡᠵᠤ ᠲᠠᠭᠤᠯᠠᠳᠠᠭ᠃ | ᠡᠶᠢᠮᠤ ᠠᠴᠠ ︽ᠠᠨᠳᠠ︾᠂ ︽ᠨᠦᠬᠦᠷ︾᠂ ︽ᠨᠠᠶᠢᠵᠠ︾ ᠭᠡᠬᠦ ᠦᠭᠡ ᠨᠢ ᠤᠳᠬ᠎ᠠ ᠶᠢᠨ ᠬᠦᠨᠳᠤ | ᠬᠦᠩᠭᠡᠨ ᠤ ᠢᠯᠭᠠᠭ᠎ᠠ ᠲᠠᠢ ᠪᠦᠭᠡᠳ ︽ᠠᠨᠳᠠ︾ ᠭᠡᠰᠡᠨ ᠦᠭᠡᠨ ᠤ ᠤᠳᠬ᠎ᠠ ᠶᠢᠨ ᠲᠤᠰᠤᠯᠳᠠ ︽ᠨᠠᠶᠢᠵᠠ︾ ︽ | ᠨᠦᠬᠦᠷ︾ ᠠᠴᠠ ᠬᠤᠯᠠ ᠬᠦᠨ ᠪᠠᠶᠢᠳᠠᠭ᠃ ︽ᠠᠨᠳᠠ ᠪᠠᠷᠢᠯᠳᠤᠬᠤ︾ ᠭᠡᠵᠤ ᠬᠡᠯᠡᠬᠦ ᠠᠴᠠ ᠪᠢᠰᠢ ︽ᠨᠠᠶᠢᠵᠠ | ᠪᠠᠷᠢᠯᠳᠤᠬᠤ︾᠂ ︽ᠨᠦᠬᠦᠷ ᠪᠠᠷᠢᠯᠳᠤᠬᠤ︾ ᠭᠡᠵᠤ ᠬᠡᠯᠡᠬᠦ ᠶᠤᠰᠤ ᠦᠭᠡᠢ᠃ ᠮᠤᠩᠭᠤᠯᠴᠤᠳ ᠠᠨᠳᠠ ᠪᠠᠷᠢᠯᠳᠤᠬᠤ | ᠪᠠᠶᠢᠳᠤᠭᠠᠢ ᠨᠠᠶᠢᠵᠠ ᠨᠦᠬᠦᠷ ᠰᠤᠩᠭᠤᠬᠤ ᠳᠤ ᠪᠠᠨ ᠴᠤ ᠭᠡᠷᠰᠡᠤ ᠪᠤᠯᠭᠤᠮᠵᠢᠳᠠᠢ ᠤᠷᠤᠵᠤ᠂ ᠨᠠᠶᠢᠵᠠ ᠪᠤᠯᠤᠯᠴᠠᠬᠤ | ᠬᠦᠮᠤᠨ ᠤ ᠪᠠᠨ ᠬᠦᠮᠤᠨ ᠮᠦᠰᠤ᠂ ᠭᠡᠪ ᠴᠢᠨᠠᠷ ᠢ ᠨᠠᠪᠳᠠ ᠤᠶᠢᠯᠠᠭᠠᠭᠰᠠᠨ ᠰᠠᠭᠤᠷᠢᠨ ᠲᠡᠭᠡᠷ᠎ᠡ ᠰᠠᠶ᠋ᠢ ᠬᠦᠨ | ᠨᠦᠬᠦᠷᠯᠡᠳᠡᠭ ᠪᠠᠶᠢᠵᠠᠢ᠃ ᠤᠳᠤ ᠪᠤᠯᠬᠤ ᠳᠤ ︽ᠰᠦᠯᠵᠢᠶᠡᠨ ᠤ ᠨᠠᠶᠢᠵᠠ︾ ︽ᠸᠢᠴᠠᠲ ᠨᠠᠶᠢᠵᠠ︾ ᠭᠡᠬᠦ | ᠮᠡᠳᠤ ᠶᠢᠨ ᠦᠭᠡᠰ ᠭᠠᠵᠠᠷ ᠰᠠᠢ ᠦᠭᠡᠢ ᠬᠠᠷᠠᠭᠳᠠᠬᠤ ᠪᠤᠯᠵᠠᠢ᠃ ᠡᠳᠡᠭᠡᠷ ᠪᠤᠯ ᠵᠦᠪᠭᠡᠨ ᠬᠢᠳᠠᠳ ᠦᠭᠡ ᠶᠢ | ᠮᠢᠬᠠᠴᠢᠯᠠᠨ ᠤᠷᠴᠢᠭᠤᠯᠤᠭᠰᠠᠨ ᠵᠦᠢᠯᠡᠰ ᠲᠡᠳᠤᠢ᠃ ᠮᠠᠨ ᠤ ᠮᠤᠩᠭᠤᠯ ᠬᠡᠯᠡᠨ ᠤ ᠦᠭᠡᠰ ᠤᠨ ᠰᠠᠩ ᠪᠤᠯ ᠲᠠᠯᠠᠢ | ᠪᠠᠶᠠᠨ ᠶᠤᠮ᠃ ᠪᠢᠳᠡ ᠡᠭᠡ ᠬᠡᠯᠡᠨ ᠤ ᠪᠠᠨ ᠲᠠᠯᠠᠢ ᠪᠠᠶᠠᠨ ᠦᠭᠡᠰᠤᠨ ᠰᠠᠩ ᠠᠴᠠ ᠰᠤᠪᠤᠳ ᠱᠦᠬᠦᠬᠦ ᠳᠤ ᠪᠠᠨ | ᠲᠡᠭᠡᠳᠤ ᠭᠡᠮᠵᠢᠶᠡᠨ ᠤ ᠬᠠᠷᠢᠭᠤᠴᠠᠯᠭᠠᠳᠤ ᠤᠪᠤᠷ ᠢᠶᠠᠷ ᠬᠠᠨᠳᠤᠵᠤ᠂ ᠦᠭᠡ ᠶᠢ ᠤᠨᠤᠪᠴᠢᠳᠠᠢ᠂ ᠠᠮᠢᠳᠤᠯᠢᠭ | ᠭᠡᠷᠡᠭᠯᠡᠵᠤ ᠰᠤᠷᠪᠠᠯ ᠲᠠᠭᠠᠷᠠᠨ᠎ᠠ᠃ | ᠬᠠᠶ᠋ᠢᠬ᠄ ᠦᠪᠤᠷ ᠮᠤᠩᠭᠤᠯ ᠤᠨ ᠷᠠᠳᠢᠤ᠋ ᠲᠧᠯᠸᠢᠰ ᠬᠤᠷᠢᠶ᠎ᠠ | ᠤᠯᠠᠭᠠᠠᠬᠠᠳᠠ ᠳᠠᠬᠢ ᠮᠤᠩᠭᠤᠯ ᠦᠨᠳᠤᠰᠤᠳᠡᠨ ᠤ ᠲᠤᠮᠳᠠᠳᠤ ᠰᠤᠷᠭᠠᠭᠤᠯᠢ | ︵ᠦᠨᠠᠨᠪᠠᠳᠤ ᠨᠠᠶᠢᠷᠠᠭᠤᠯᠪᠠ︶ | 5 ᠳ᠋ᠤᠭᠠᠷ ᠬᠤᠭᠤᠴᠠᠭ᠎ᠠ |