— ᠡᠷᠬᠢᠴᠠᠬᠦᠯᠤᠯ | | | ᠰᠠᠷᠠᠩᠭᠤᠸ᠎ᠠ | | | ᠪᠠᠭᠰᠢ ᠶᠢᠨ ᠰᠤᠷᠭᠠᠭᠤᠯᠢ ᠶᠢᠨ ᠲᠦᠷᠪᠡᠨ ᠵᠢᠯ ᠤᠨ ᠰᠤᠷᠤᠯᠭ᠎ᠠ ᠮᠢᠨᠢ ᠨᠢᠳᠤ ᠢᠷᠮᠡᠬᠦ ᠶᠢᠨ ᠵᠠᠭᠤᠷ᠎ᠠ | ᠲᠡᠬᠦᠰᠴᠤ᠂ ᠪᠢ ᠬᠡᠤᠬᠡᠳ ᠤᠨ ᠴᠡᠴᠡᠷᠯᠢᠭ ᠤᠨ ᠪᠠᠭᠰᠢ ᠶᠢᠨ ᠠᠵᠢᠯ ᠠᠯᠪᠠ ᠲᠠᠢ ᠪᠤᠯᠤᠯ᠎ᠠ᠃ ᠠᠵᠢᠯ ᠤᠨ | ᠪᠠᠶᠢᠷᠢ ᠶᠢᠨ ᠪᠤᠯᠪᠠᠰᠤᠷᠠᠯ ᠢᠶᠠᠨ ᠦᠩᠭᠡᠷᠡᠭᠡᠵᠦ᠂ ᠠᠩᠬᠢ ᠶᠢᠨ ᠡᠷᠬᠢᠯᠡᠭᠴᠢ ᠪᠤᠯᠬᠤ ᠬᠢᠷᠢ ᠬᠡᠮ ᠲᠠᠢ ᠪᠤᠯᠤᠭᠰᠠᠨ ᠤ | ᠳᠠᠷᠠᠭᠠᠬᠢ ᠠᠩᠬᠠᠠ ᠤ ᠠᠩᠬᠢ ᠶᠢᠨ ᠬᠡᠤᠬᠡᠳ ᠤᠳ ᠢᠶᠠᠨ ᠲᠤᠰᠤᠨ ᠤᠭᠳᠤᠭᠰᠠᠨ ᠶᠤᠮ᠃ ᠠᠯᠢᠶ᠎ᠠ ᠲᠡᠭᠵᠢᠨ ᠬᠤᠷᠢ | ᠭᠤᠴᠢᠭᠠᠳ ᠬᠡᠤᠬᠡᠳ ᠠᠩᠬᠢ ᠲᠦᠬᠦᠷᠡᠩ ᠦᠢᠮᠡᠯᠳᠤᠨ ᠬᠦᠶᠤᠯᠴᠡᠵᠤ᠂ ᠶᠠᠭᠠᠬᠢᠵᠦ ᠠᠷᠭᠠᠯᠠᠭᠰᠠᠨ ᠴᠦ ᠰᠤᠨᠤᠰᠬᠤ | ᠦᠭᠡᠢ ᠪᠤᠯᠬᠤᠷ ᠠᠭᠤᠷᠯᠠᠵᠤ ᠪᠠᠴᠢᠮᠳᠠᠭᠰᠠᠨ ᠪᠢ ᠦᠪᠡᠷ ᠤᠨ ᠡᠷᠭᠡ ᠦᠭᠡᠢ ᠬᠤᠷᠭᠤᠨ ᠲᠡᠬᠡᠷ᠎ᠠ ᠪᠠᠶᠢᠭᠰᠠᠨ ᠤᠷᠳᠤ | ᠱᠤᠭᠤᠮ ᠢ ᠪᠠᠷᠢᠭᠠᠳ ᠠᠪᠤᠪᠠ᠃ ᠡᠨᠡᠬᠡᠨ ᠬᠤᠷᠤᠮ ᠳᠤ ᠲᠡᠷᠡ ᠵᠢᠯ ᠤᠨ ︽ᠵᠢᠭᠠᠯ ᠪᠠᠭᠰᠢ︾ ᠶᠢᠨ ᠲᠦᠷᠢ ᠮᠢᠨᠤ | ᠲᠠᠷᠢᠬᠢᠨ ᠳᠤ ᠬᠢᠯᠠᠰᠬᠢᠨ ᠤᠷᠤᠵᠦ ᠢᠷᠡᠵᠡᠢ᠃ ᠪᠢ ᠱᠤᠭᠤᠮ ᠢᠶᠠᠨ ᠪᠤᠴᠠᠭᠠᠨ ᠪᠠᠶᠢᠷᠢᠨ ᠳᠤ ᠨᠢ ᠲᠠᠯᠪᠢᠪᠠ ᠁ | ᠪᠠᠭᠰᠢ ᠶᠢᠨ ᠰᠤᠷᠭᠠᠭᠤᠯᠢ ᠳᠤ ᠰᠤᠷᠤᠯᠴᠠᠵᠤ ᠪᠠᠶᠢᠭᠰᠠᠨ ᠭᠤᠷᠪᠠᠳᠡᠬᠢ ᠵᠢᠯ ᠤᠨ ᠵᠤᠨ ᠤ ᠠᠮᠠᠷᠠᠯᠳᠠ ᠪᠤᠯᠵᠤ | ᠬᠡᠷ ᠲᠤ ᠪᠠᠨ ᠬᠠᠷᠢᠬᠤ ᠬᠡᠵᠤ ᠬᠦᠭᠰᠦᠨ ᠬᠦᠬᠡᠷᠦᠯᠳᠦᠵᠦ ᠪᠠᠶᠢᠭᠰᠠᠨ ᠪᠢᠳᠠ ᠭᠡᠳᠤᠭᠦᠯᠡ ᠡᠮᠦᠨ᠎ᠡ ᠡᠳᠦᠷ ᠨᠢ | ᠠᠶᠠᠠᠴᠢᠳ ᠤᠨ ᠮᠠᠰᠢᠨ ᠲᠡᠷᠬᠡᠨ ᠤ ᠪᠢᠯᠧᠲ ᠤᠯᠵᠤ ᠲᠠᠶᠢᠯᠦᠭᠰᠡᠨ ᠦᠬᠡᠢ ᠲᠤᠯᠠ ᠲᠠᠷᠠᠭ᠎ᠠ ᠡᠳᠤᠷ ᠢ ᠬᠦᠯᠢᠶᠡᠬᠦ ᠯᠠ | ᠬᠡᠷᠡᠭ ᠲᠠᠢ ᠪᠤᠯᠵᠠᠢ᠃ ᠴᠢᠩᠬᠢᠬᠡᠳ ᠪᠢᠳᠠ ᠨᠠᠶᠢᠵᠠᠶᠢᠨ ᠢᠶᠠᠨ ᠰᠠᠳᠤᠨ ᠤ ᠳᠤ ᠠᠶᠢᠯᠴᠢᠯᠠᠵᠤ ᠲᠤᠭᠤᠷᠢᠬᠤ ᠪᠠᠷ | ᠪᠤᠯᠤᠭᠰᠠᠨ ᠶᠤᠮ᠃ ᠲᠡᠷᠡ ᠠᠶᠢᠯ ᠳᠤ ᠤᠷᠦᠬᠤ ᠳᠤ ᠨᠢᠬᠡᠨ ᠬᠦᠬᠡᠷᠤᠬᠦᠨ ᠪᠢᠴᠢᠬᠠᠨ ᠦᠬᠢᠨ ᠱᠠᠯᠠᠨ ᠲᠡᠬᠡᠷ᠎ᠠ | ᠬᠡᠤᠬᠡᠯᠳᠡᠢ ᠲᠤᠭᠯᠠᠭᠠᠮ ᠤᠳ ᠢᠶᠠᠨ ᠮᠦᠷᠯᠡᠬᠦᠯᠤᠨ ᠵᠢᠠᠠᠰᠠᠭᠠᠵᠤ᠂ ᠦᠪᠡᠷ ᠢᠶᠠᠨ ᠤᠷᠳᠤ ᠱᠤᠭᠤᠮ ᠪᠠᠷᠢᠴᠢᠬᠠᠭᠰᠠᠨ | ᠲᠤᠭᠯᠠᠵᠤ ᠪᠠᠶᠢᠭ᠎ᠠ ᠨᠢ ᠬᠠᠷᠠᠭᠳᠠᠯ᠎ᠠ᠃ ᠡᠵᠡᠨ ᠪᠢᠳᠡᠨ ᠢ ᠬᠠᠯᠠᠭᠤᠮᠰᠤᠭ ᠢᠶᠠᠷ ᠤᠭᠳᠤᠪᠠ᠃ ︽ᠦᠬᠢᠨ ᠢᠶᠠᠨ ᠡᠨ᠋ᠨ | ᠬᠠᠪᠤᠷ ᠴᠡᠴᠡᠷᠯᠢᠭ ᠲᠤ ᠬᠦᠷᠬᠡᠭᠰᠡᠡ ᠠᠴᠠ ᠬᠤᠶᠢᠰᠢ ᠬᠡᠷ ᠲᠤ ᠪᠠᠨ ᠬᠠᠷᠢᠵᠤ ᠢᠷᠡᠪᠡᠯ᠂ ᠡᠨ᠋ᠨ ᠬᠡᠳᠤᠨ ᠬᠡᠤᠬᠡᠯᠳᠡᠢ ᠪᠠᠨ | ᠮᠦᠷᠯᠡᠬᠦᠯᠵᠤ ᠵᠢᠠᠠᠰᠠᠭᠠᠬᠤ ᠪᠤᠶᠤ ᠪᠢᠳᠠᠠ ᠢ ᠮᠦᠷᠯᠡᠬᠦᠯᠵᠤ ᠰᠠᠭᠤᠯᠭᠠᠴᠢᠬᠠᠭᠠᠳ ᠦᠪᠡᠷ ᠢᠶᠠᠨ ᠪᠠᠭᠰᠢ ᠪᠤᠯᠵᠦ | ᠲᠤᠭᠯᠠᠭᠠᠳ ᠪᠠᠶᠢᠬᠤ ᠪᠤᠯᠤᠯ᠎ᠠ︾ ᠭᠡᠵᠦ ᠢᠨᠢᠶᠡᠮᠰᠦᠭᠯᠡᠨ ᠶᠠᠷᠢᠵᠤ ᠪᠠᠶᠢᠯ᠎ᠠ᠃ | ᠪᠢᠳᠠ ᠪᠢᠴᠢᠬᠠᠨ ᠦᠬᠢᠨ ᠤ ᠡᠰᠡᠷᠬᠦ ᠲᠠᠯ᠎ᠠ ᠶᠢᠨ ᠰᠠᠠᠳᠠᠯᠢ ᠲᠡᠬᠡᠷ᠎ᠠ ᠰᠠᠭᠤᠭᠠᠳ ᠤᠳᠠᠯ ᠦᠭᠡᠢ ᠦᠬᠢᠨ ᠲᠠᠢ | ᠲᠠᠨᠢᠯᠴᠠᠵᠤ ᠲᠠᠰᠤᠯᠴᠠᠪᠠ᠃ ᠦᠬᠢᠨ ᠲᠤᠭᠯᠠᠵᠤ ᠪᠠᠶᠢᠭᠰᠠᠨ ᠢᠶᠠᠨ᠄ ︽ᠪᠢ ᠤᠳᠦ ᠲᠠ ᠨᠠᠷ ᠲᠤ ᠬᠢᠴᠢᠶᠠᠯ ᠤᠷᠤᠨ᠎ᠠ | ᠰᠢᠤ᠂ ︿ᠪᠠᠭᠰᠢ ᠡ᠂ ᠰᠠᠶᠢᠨ ᠤᠤ︖﹀ ᠬᠡᠵᠤ ᠬᠡᠯᠡᠬᠦ ᠦᠬᠡᠢ ᠶᠤᠮ ᠤᠤ︖︾ ᠬᠡᠳ ᠱᠤᠭᠤᠮ ᠢᠶᠠᠨ | ᠪᠠᠷᠢᠴᠢᠬᠠᠭᠠᠳ ᠪᠢᠳᠠᠨ ᠤ ᠡᠮᠤᠨ᠎ᠠ ᠢᠷᠠᠪᠡ᠂ ᠢᠩᠬᠢᠭᠡᠳ ᠪᠢᠳᠠ ᠪᠢᠴᠢᠬᠠᠨ ᠦᠬᠢᠨ ᠤ ᠰᠤᠷᠤᠭᠴᠢ ᠨᠢ ᠪᠤᠯᠴᠢᠬᠠᠵᠤ | ︽ᠭᠠᠷ ᠢᠶᠠᠨ ᠠᠷᠤ ᠳᠤ ᠪᠠᠨ ᠡᠭᠦᠷᠦᠭᠡᠳ ᠲᠡᠭᠰᠢᠬᠡᠡ ᠰᠠᠭᠤ︕ ᠪᠤᠤ ᠬᠦᠳᠡᠯ︕ ᠪᠤᠤ ᠲᠤᠤᠭᠠᠷ︕︾ ᠬᠡᠵᠤ | ᠨᠢᠳᠦ ᠪᠠᠨ ᠡᠷᠡᠶᠢᠯᠬᠡᠠ᠂ ᠴᠢᠷᠠᠢ ᠪᠠᠨ ᠪᠠᠷᠦ᠋ᠢᠯᠭᠠᠵᠤ ᠱᠤᠭᠤᠮ ᠢᠶᠠᠨ ᠪᠢᠳᠠᠨ ᠤ ᠡᠮᠤᠨᠡᠬᠢ ᠰᠢᠷᠡᠬᠡᠨ ᠲᠡᠬᠡᠷ᠎ᠠ ᠴᠤᠬᠢᠵᠤ | ᠭᠠᠷᠤᠯ᠎ᠠ᠂ ︽ᠴᠢ᠂ ᠦᠷᠯᠤᠬᠡ ᠪᠤᠯᠭᠠᠨ ᠶᠠᠭᠤᠨ ᠳᠤ ᠪᠠᠨ ᠤᠬᠢᠯᠠᠭᠠᠳ ᠪᠠᠶᠢᠳᠠᠭ ᠶᠤᠮ︖︾ ᠬᠡᠳ ᠮᠠᠠ ᠤ | ᠨᠠᠶᠢᠵᠠ ᠶᠢ ᠮᠠᠭᠤᠬᠠᠢ ᠬᠠᠷᠠᠵᠤ ᠠᠪᠤᠭᠰᠠᠨ ᠢᠶᠠᠨ᠄ ︽ᠬᠤᠭᠤᠯᠨ ᠪᠠᠨ ᠪᠢᠳᠠᠬᠡᠢ ᠭᠤᠭᠤᠵᠢᠭᠤᠯᠤᠭᠠᠳ ᠪᠠᠢ︕︾ | ᠬᠡᠳ ᠬᠦᠶᠤᠨ ᠢᠷᠡᠵᠤ ᠮᠢᠨᠤ ᠲᠤᠯᠤᠭᠠᠢ ᠲᠡᠬᠡᠷ᠎ᠠ ᠲᠤᠭᠰᠢᠭᠠᠳ ᠠᠪᠤᠪᠠ᠃ ︽ᠵᠠ᠂ ᠤᠳᠦ ᠪᠠᠭᠰᠢ ᠨᠢ | ᠬᠢᠴᠢᠶᠠᠯ ᠢᠶᠠᠨ ᠤᠷᠤᠶ᠎ᠠ ᠁︾ ᠬᠡᠰᠡᠨ ᠢᠶᠠᠨ᠄ ︽ᠶᠠᠮᠠᠷ ᠬᠠᠴᠢᠨ ᠬᠡᠤᠬᠡᠳ ᠪᠤᠢ᠂ ᠶᠠᠭᠤ ᠶᠠᠷᠢᠭᠠᠳ ᠪᠠᠶᠢᠨ᠎ᠠ | ᠪᠤᠢ︖︾ ᠬᠡᠳ ᠨᠠᠳᠠ ᠤᠷᠤᠭᠤ ᠬᠠᠷᠠᠭᠠᠳ ᠢᠨᠢᠶᠠᠵᠤ ᠪᠠᠶᠢᠭᠰᠠᠨ ᠨᠠᠶᠢᠵᠠ ᠶᠢᠨ ᠮᠢᠨᠢ ᠠᠮᠠ ᠶᠢ ᠪᠢᠴᠢᠬᠠᠨ | ᠭᠠᠷ ᠢᠶᠠᠷ ᠢᠶᠠᠨ ᠠᠯᠠᠭᠠᠳᠠᠬᠤ ᠰᠢᠬ ᠪᠤᠯᠤᠭᠠᠳ ᠠᠪᠤᠯ᠎ᠠ᠃ ᠡᠨ᠋ᠨ ᠮᠡᠳᠤ ᠪᠠᠷ ᠶᠠᠩᠵᠤ ᠶᠠᠩᠵᠤ ᠪᠠᠷ ᠶᠠᠷᠢᠵᠤ᠂ ᠶᠠᠩᠵᠤ | ᠶᠠᠩᠵᠤ ᠶᠢᠨ ᠠᠭᠠᠰᠢ ᠬᠦᠳᠡᠯᠬᠡᠬᠡᠨ ᠭᠠᠷᠭᠠᠨ ᠲᠤᠭᠯᠠᠵᠤ ᠪᠠᠶᠢᠭ᠎ᠠ ᠶᠢ ᠨᠢ ᠬᠠᠷᠠᠬᠤ ᠳᠤ ᠶᠠᠭ ᠯᠠ ᠲᠡᠬᠦᠨ ᠤ | ᠪᠠᠭᠰᠢ ᠨᠢ ᠲᠡᠷᠡ ᠲᠦᠷᠢ ᠪᠠᠷ ᠢᠶᠠᠨ ᠪᠢᠳᠠᠡ ᠤ ᠡᠮᠤᠨ᠎ᠠ ᠵᠤᠭᠰᠤᠵᠤ ᠪᠠᠶᠢᠭ᠎ᠠ ᠮᠡᠳᠤ ᠰᠠᠨᠠᠭᠳᠠᠵᠦ᠂ ᠡᠬᠢᠯᠡᠬᠡᠳ ᠪᠢᠳᠠ | ᠢᠨᠢᠶᠠᠳᠤ ᠬᠦᠷᠴᠤ ᠦᠬᠢᠠ ᠢ ᠱᠤᠠᠠᠯᠠᠠ ᠲᠤᠠᠠᠯᠠᠵᠤ ᠪᠠᠶᠢᠭᠰᠠᠠ ᠢᠶᠠᠨ ᠰᠡᠬᠦᠯᠳᠡᠵᠤ ᠲᠠᠷᠢᠬᠢᠨ ᠳᠤ ᠮᠢᠨᠢ ᠡᠯᠳᠡᠪ ᠤᠨ | ᠵᠦᠢᠯ ᠪᠤᠳᠤᠭᠳᠠᠵᠤ᠂ ︽ᠶᠠᠭᠠᠬᠢᠭᠰᠠᠨ ᠴᠤ ᠡᠶᠢᠮᠤ ᠪᠠᠭᠰᠢ ᠯᠡ ᠪᠤᠤ ᠪᠤᠯᠤᠶ᠎ᠠ︾ ᠬᠡᠰᠡᠠ ᠪᠤᠳᠤᠯ ᠡᠪᠤᠷᠯᠠᠵᠤ ᠲᠠᠷᠠ | ᠠᠶᠢᠯ ᠠᠴᠠ ᠭᠠᠷᠴᠦ ᠢᠷᠡᠭᠰᠡᠨ ᠪᠢᠯᠡ᠃ | ︽ᠲᠠᠭᠤᠷᠢᠶᠠᠬᠤ ᠪᠤᠯ ᠬᠡᠤᠬᠡᠳ ᠤᠨ ᠨᠡᠶᠢᠬᠡᠮ ᠠᠴᠠ ᠰᠤᠷᠤᠯᠴᠠᠬᠤ ᠨᠢᠬᠡ ᠵᠦᠢᠯ ᠤᠨ ᠴᠢᠬᠤᠯᠨ ᠪᠦᠬᠦᠢ | ᠠᠷᠭ᠎ᠠ ᠵᠠᠮ ᠮᠦᠨ︾ ᠬᠡᠳᠡᠭ ᠢ ᠰᠤᠷᠭᠠᠨ ᠬᠦᠮᠦᠵᠢᠯ ᠤᠨ ᠰᠡᠳᠬᠢᠴᠡ ᠵᠦᠢ ᠳᠤ ᠲᠤᠷᠠᠳᠤᠭᠰᠠᠨ ᠪᠠᠶᠢᠳᠠᠬ᠃ | ᠰᠤᠷᠭᠠᠭᠤᠯᠢ ᠶᠢᠨ ᠨᠠᠰᠤᠨ ᠠᠴᠠ ᠡᠮᠤᠨᠡᠬᠢ ᠬᠡᠤᠬᠡᠳ ᠪᠤᠰᠤᠤᠨ ᠤᠨ ᠦᠢᠯᠠ ᠠᠵᠢᠯᠯᠠᠭ᠎ᠠ ᠶᠢᠨ ᠵᠦᠪ ᠪᠤᠷᠤᠭᠤ ᠶᠢ | ᠮᠠᠭᠠᠳᠯᠠᠬᠤ ᠴᠢᠳᠠᠪᠤᠷᠢ ᠦᠬᠡᠢ ᠪᠤᠯᠬᠤᠷ ᠶᠡᠷᠤ ᠨᠢ ᠰᠠᠶᠢᠨ ᠮᠠᠭᠤ ᠶᠢ ᠢᠯᠭᠠᠬᠤ ᠦᠬᠡᠢ ᠲᠠᠭᠤᠷᠢᠶᠠᠳᠠᠭ᠃ | ᠬᠡᠤᠬᠡᠳ ᠴᠡᠴᠡᠷᠯᠢᠭ ᠲᠤ ᠤᠷᠤᠭᠰᠠᠨ ᠠᠴᠠ ᠬᠤᠶᠢᠰᠢ ᠪᠦᠳᠤᠨ ᠡᠳᠤᠷ ᠪᠠᠭᠰᠢ ᠨᠠᠶᠢᠵᠠ ᠨᠠᠷ ᠲᠠᠢ ᠪᠠᠨ | ᠬᠠᠮᠳᠤ ᠪᠠᠶᠢᠵᠤ᠂ ᠪᠠᠭᠰᠢ ᠶᠢᠨ ᠦᠬᠡ ᠶᠠᠷᠢᠶ᠎ᠠ᠂ ᠦᠢᠯᠠ ᠠᠵᠢᠯᠯᠠᠭ᠎ᠠ ᠨᠢ ᠲᠡᠷᠡ ᠪᠦᠬᠦᠨ ᠢᠶᠠᠷ ᠢᠶᠠᠨ ᠬᠡᠤᠬᠡᠳ ᠲᠤ | ᠤᠯᠠᠮᠵᠢᠯᠠᠭᠳᠠᠵᠦ ᠬᠡᠤᠬᠡᠳ ᠤᠨ ᠴᠢᠳᠠᠪᠤᠷᠢ ᠪᠤᠯᠤᠨ ᠵᠠᠩ ᠠᠷᠠᠨᠰᠢᠨ ᠪᠦᠷᠢᠯᠳᠤᠬᠦ ᠶᠢ ᠨᠦᠯᠤᠬᠡᠯᠡᠳᠡᠭ᠃ | ᠪᠠᠭᠰᠢ ᠶᠢᠨ ᠢᠶᠠᠨ ᠦᠬᠡ ᠶᠠᠷᠢᠶ᠎ᠠ ᠬᠦᠳᠡᠯᠬᠡᠬᠡᠨ ᠪᠦᠷᠢ ᠶᠢ ᠬᠡᠤᠬᠡᠳ ᠨᠢᠳᠦ ᠪᠠᠷ ᠢᠶᠠᠨ ᠬᠠᠷᠠᠵᠤ᠂ ᠰᠡᠳᠬᠢᠯ | ᠵᠢᠷᠤᠬᠡᠠ ᠳᠤ ᠪᠠᠨ ᠬᠦᠯᠢᠶᠠᠠ ᠠᠪᠳᠠᠭ ᠨᠢ ᠬᠡᠤᠭᠡᠳ ᠤᠨ ᠦᠰᠦᠨ ᠪᠤᠶᠢᠵᠢᠯᠳᠠ ᠶᠢᠨ ᠵᠢᠮ᠎ᠡ ᠶᠤᠰᠤ ᠶᠤᠮ᠃ | ᠡᠶᠢᠮᠤ ᠠᠴᠠ ᠪᠠᠭᠰᠢ ᠪᠠ ᠬᠡᠤᠬᠡᠳ ᠤᠨ ᠬᠠᠮᠳᠤ ᠳᠤ ᠪᠠᠨ ᠪᠠᠶᠢᠭ᠎ᠠ ᠡᠳᠤᠷ ᠲᠤᠳᠤᠮ ᠤᠨ ᠠᠮᠢᠳᠤᠷᠠᠯ ᠨᠢ ᠲᠠᠷᠤᠢ | ᠰᠤᠷᠭᠠᠨ ᠬᠦᠮᠦᠵᠢᠯ ᠮᠦᠨ ᠭᠡᠳᠡᠭ ᠢ ᠮᠢᠨᠤ ︽ᠵᠢᠭᠠᠯ ᠪᠠᠭᠰᠢ︾ ᠬᠡᠷᠡᠴᠢᠯᠡᠨ ᠨᠤᠳᠠᠯᠠᠵᠦ ᠪᠠᠶᠢᠨ᠎ᠠ᠃ | ᠠᠭᠤᠷᠯᠠᠵᠦ ᠪᠠᠴᠢᠮᠳᠠᠬᠤ ᠲᠤᠷ᠎ᠠ ᠲᠠᠢ᠂ ᠬᠡᠦᠬᠡᠳ ᠤᠳ ᠲᠠᠢ ᠬᠠᠷᠢᠴᠠᠬᠤ ᠳᠤ ᠪᠠᠨ ᠦᠠᠳᠤᠷ ᠲᠠᠭᠤᠨ ᠢᠶᠠᠷ | ᠪᠠᠷᠬᠢᠷᠠᠬᠤ᠂ ᠠᠵᠢᠯ ᠬᠢᠳᠡᠯ ᠨᠢ ᠠᠯᠠᠩ ᠰᠠᠯᠠᠩ ᠪᠠᠶᠢᠳᠠᠭ ᠪᠠᠭᠰᠢ ᠶᠢᠨ ᠬᠡᠤᠬᠡᠳ ᠤᠳ ᠨᠢ ᠦᠷᠬᠦᠯᠵᠢ ᠲᠡᠪᠵᠢᠶᠠᠨ | ᠱᠤᠤᠬᠢᠶᠠᠠ ᠲᠠᠢ᠂ ᠡᠯ᠎ᠠ ᠲᠠᠯ᠎ᠠ ᠶᠢᠨ ᠲᠠᠳᠬᠠᠯ ᠬᠡᠪᠰᠢᠯ ᠨᠢ ᠪᠤᠯᠪᠠᠰᠤᠨ ᠪᠤᠰᠤ ᠪᠠᠶᠢᠵᠤ᠂ ᠠᠭᠤᠷᠯᠠᠵᠤ ᠬᠠᠰᠬᠢᠷᠠᠬᠤ | ᠦᠬᠡᠢ ᠪᠤᠯ ᠪᠤᠰᠤᠳ ᠤᠨ ᠦᠬᠡ ᠴᠢᠬᠢ ᠪᠠᠷ ᠨᠢ ᠤᠷᠤᠬᠤ ᠦᠬᠡᠢ ᠪᠤᠯᠴᠢᠬᠠᠳᠠᠭ᠃ ᠬᠠᠷᠢᠨ ᠬᠡᠵᠢᠶᠡᠳᠡ ᠨᠠᠮ | ᠲᠦᠯᠬᠡᠠ᠂ ᠠᠭᠤᠵᠢᠭᠤ ᠲᠠᠯᠪᠢᠭᠤ᠂ ᠠᠪᠢᠶᠠᠰᠯᠢᠭ ᠪᠠᠭᠰᠢ ᠶᠢᠨ ᠬᠡᠤᠬᠡᠳ ᠤᠳ ᠨᠢ ᠨᠠᠮᠵᠢᠭᠤᠬᠠᠨ ᠤᠬᠠᠭᠠᠯᠢᠭ | ᠮᠦᠷᠳᠡᠬᠡᠨ ᠰᠡᠳᠬᠢᠯ ᠰᠠᠨᠠᠭ᠎ᠠ ᠲᠠᠯᠪᠢᠭᠤ᠂ ᠪᠡᠶ᠎ᠡ ᠪᠠᠨ ᠡᠵᠡᠮᠳᠡᠬᠦ ᠴᠢᠳᠠᠪᠦᠷᠢ ᠲᠠᠢ᠂ ᠶᠠᠮᠠᠷᠪᠠ ᠵᠦᠢᠯ ᠳᠤ ᠨᠠᠷᠢᠨ | ᠬᠢᠨᠠᠮᠠᠭᠠᠢ ᠪᠠᠶᠢᠳᠠᠭ ᠵᠡᠷᠭᠡ ᠲᠠᠯ᠎ᠠ ᠪᠠᠷ ᠪᠤᠰᠤᠳ ᠠᠴᠠ ᠤᠨᠴᠠᠭᠠᠶᠢᠷᠠᠵᠦ ᠬᠠᠷᠠᠭᠳᠠᠳᠠᠭ ᠶᠤᠮ᠃ | ᠴᠡᠴᠡᠷᠯᠢᠭ ᠤᠨ ᠬᠡᠤᠬᠡᠳ ᠨᠢ ᠶᠠᠭ ᠰᠠᠶᠢᠬᠠᠨ ᠦᠰᠪᠤᠷᠢ ᠶᠢᠨ ᠱᠠᠳᠤᠨ ᠳᠤ ᠪᠠᠨ ᠪᠠᠶᠢᠵᠤ ᠶᠢᠷᠲᠢᠨᠴᠦ ᠶᠢᠨ | ᠦᠵᠡᠯ᠂ ᠶᠤᠰᠤ ᠮᠤᠷᠠᠯ ᠤᠨ ᠦᠵᠡᠯ ᠤᠬᠠᠮᠰᠠᠷ᠂ ᠨᠡᠶᠢᠬᠡᠮ ᠤᠨ ᠲᠤᠬᠠᠢ ᠲᠠᠨᠢᠯᠳᠠ ᠵᠡᠷᠬᠡ ᠨᠢ ᠬᠠᠷᠠᠬᠠᠨ | ᠪᠦᠷᠢᠯᠳᠤᠬᠡᠳᠤᠢ ᠮᠦᠷᠳᠡᠬᠡᠨ ᠲᠠᠭᠤᠷᠢᠶᠠᠬᠤ ᠴᠢᠨᠠᠷ ᠢᠶᠠᠷ ᠴᠢᠩᠭ᠎ᠠ ᠪᠠᠶᠢᠳᠠᠭ ᠲᠤᠯᠠ ᠴᠡᠴᠡᠷᠯᠢᠭ ᠤᠨ ᠪᠠᠭᠰᠢ | ᠪᠤᠯᠬᠤ ᠳᠤ ᠵᠠᠪᠠᠯ ᠦᠪᠡᠷ ᠤᠨ ᠵᠦᠪ ᠤᠪᠤᠷ᠂ ᠵᠦᠪ ᠦᠢᠯᠠ ᠠᠵᠢᠯᠯᠠᠭ᠎ᠠ ᠪᠠᠷ ᠢᠶᠠᠨ ᠭᠡᠤᠭᠡᠳ ᠢ ᠨᠦᠯᠤᠬᠡᠯᠡᠬᠦ ᠶᠢ | ᠤᠠᠴᠠᠭᠠᠶᠢᠯᠠᠨ ᠬᠢᠴᠢᠶᠠᠵᠤ᠂ ︽ᠵᠢᠭᠠᠯ ᠪᠠᠭᠰᠢ︾ ᠠᠴᠠ ᠰᠤᠷᠭᠠᠮᠵᠢ ᠠᠪᠴᠤ᠂ ᠬᠡᠤᠬᠡᠳ ᠲᠤ ᠰᠠᠶᠢᠨ ᠦᠯᠢᠬᠡᠷ | ᠲᠠᠭᠤᠷᠢᠶᠠᠯ ᠪᠤᠯᠬᠤ ᠪᠠᠷ ᠴᠢᠷᠮᠠᠶᠢᠪᠠᠯ ᠵᠤᠬᠢᠨ᠎ᠠ᠃ | ᠬᠠᠶ᠋ᠢᠬ᠄ ᠡᠷᠢᠶᠠᠨ ᠬᠤᠳᠠ ᠶᠢᠨ ᠦᠠᠳᠤᠰᠤᠳᠠᠨ ᠤ ᠬᠡᠤᠬᠡᠳ ᠤᠨ ᠴᠡᠴᠡᠷᠯᠢᠭ | ︵ᠡᠾᠦ᠋ᠩ ᠮᠸᠢ ᠨᠠᠶᠢᠷᠠᠭᠤᠯᠪᠠ︶ | 10 ᠳ᠋ᠤᠭᠠᠷ ᠬᠤᠭᠤᠴᠠᠭ᠎ᠠ |