ᠮᠦᠩᠬᠡᠪᠠᠭᠠᠳᠤᠷ | | | ᠴᠡᠴᠡᠷᠯᠢᠭ ᠤᠨ ᠬᠦᠮᠦᠵᠢᠯ ᠪᠣᠯ ᠬᠦᠮᠦᠨ ᠤ ᠨᠢᠭᠡ ᠨᠠᠰᠤᠨ ᠤ ᠦᠰᠦᠨ ᠪᠤᠶᠢᠵᠢᠯᠳᠠ ᠶᠢᠨ ᠶᠠᠪᠤᠴᠠ ᠳᠤ ᠬᠢ | ᠲᠦᠢᠯ ᠤᠨ ᠴᠢᠬᠤᠯᠠ ᠬᠦᠮᠦᠵᠢᠯ ᠶᠤᠮ᠃ ᠴᠡᠴᠡᠷᠯᠢᠭ ᠲᠤ ᠰᠠᠭᠤᠬᠤ ᠨᠠᠰᠤᠨ ᠤ ᠬᠡᠣᠬᠡᠳ ᠶᠠᠭ ᠰᠠᠶ᠋ᠢᠬᠠᠨ ᠨᠢᠯᠬ᠎ᠠ | ᠬᠡᠣᠬᠡᠳ ᠤᠨ ᠬᠤᠭᠤᠴᠠᠭ᠎ᠠ ᠠᠴᠠ ᠰᠤᠷᠭᠠᠭᠤᠯᠢ ᠶᠢᠨ ᠨᠠᠰᠤᠨ ᠤ ᠡᠮᠦᠨᠡᠬᠢ ᠬᠤᠭᠤᠴᠠᠭ᠎ᠠ ᠳᠤ ᠰᠢᠯᠵᠢᠵᠤ ᠤᠷᠴᠢᠨ | ᠲᠤᠭᠤᠷᠢᠨ ᠤ ᠬᠡᠷᠡᠭ ᠪᠤᠳᠠᠰ ᠢ ᠡᠬᠢᠯᠡᠨ ᠲᠠᠨᠢᠵᠤ ᠪᠡᠶ᠎ᠡ ᠮᠠᠬᠠᠪᠤᠳ᠂ ᠰᠡᠳᠬᠢᠴᠡ ᠵᠡᠷᠭᠡ ᠡᠯ᠎ᠡ ᠲᠠᠯ᠎ᠠ ᠶᠢᠨ | ᠬᠦᠭᠵᠢᠯᠳᠡ ᠠᠴᠠ ᠪᠣᠯᠵᠤ᠂ ᠨᠡᠶᠢᠭᠡᠮ ᠤᠨ ᠦᠢᠯᠡᠳᠦᠯᠭᠡ ᠠᠮᠢᠳᠤᠷᠠᠯ ᠳᠤ ᠤᠷᠤᠯᠴᠠᠬᠤ ᠬᠦᠰᠡᠯ ᠪᠠ ᠪᠠᠶ᠎ᠠ ᠪᠠᠨ | ᠲᠠᠭᠠᠭᠠᠬᠤ ᠬᠦᠰᠡᠯ ᠨᠢ ᠠᠩᠬ᠎ᠠ ᠠᠯᠬᠤᠮ ᠡᠭᠦᠰᠳᠡᠭ᠃ ᠭᠡᠪᠡᠴᠦ ᠲᠠᠳᠡᠨ ᠤ ᠤᠬᠠᠭᠠᠨ ᠰᠠᠨᠠᠭ᠎ᠠ ᠬᠦᠴᠦᠨ ᠴᠢᠳᠠᠯ ᠤᠨ | ᠬᠢᠵᠠᠭᠠᠷᠯᠠᠯ ᠠᠴᠠ ᠪᠣᠯᠵᠤ ᠠᠯᠢᠪᠠ ᠪᠦᠬᠦᠨ ᠲᠡᠳᠡᠨ ᠤ ᠰᠠᠨᠠᠭ᠎ᠠ ᠪᠠᠷ ᠪᠣᠯᠳᠠᠭ ᠦᠭᠡᠢ ᠮᠦᠷᠳᠡᠭᠡᠨ ᠦᠪᠡᠷ ᠤᠨ ᠦᠢᠯᠡ | ᠠᠵᠢᠯᠯᠠᠭ᠎ᠠ ᠪᠠᠨ ᠲᠠᠳᠤᠢ ᠰᠠᠶᠢᠨ ᠡᠵᠡᠮᠳᠡᠵᠦ ᠲᠡᠶᠢᠯᠬᠦ ᠦᠭᠡᠢ ᠪᠠᠶᠢᠳᠠᠭ ᠠᠴᠠ ᠪᠡᠶ᠎ᠡ ᠪᠠᠨ ᠪᠠᠷᠢᠵᠤ ᠦᠢᠯᠡ | ᠠᠵᠢᠯᠯᠠᠭ᠎ᠠ ᠪᠠᠨ ᠨᠡᠯᠢᠶᠡᠳ ᠬᠤᠯᠠᠬᠠᠨ ᠵᠤᠷᠢᠯᠭ᠎ᠠ ᠳᠤ ᠦᠢᠯᠡᠴᠢᠯᠡᠭᠦᠯᠵᠦ ᠴᠢᠳᠠᠳᠠᠬ ᠦᠭᠡᠢ ᠶᠤᠮ᠃ | ᠰᠤᠷᠭᠠᠭᠤᠯᠢ ᠶᠢᠨ ᠨᠠᠰᠤᠨ ᠠᠴᠠ ᠡᠮᠦᠨᠡᠬᠢ ᠬᠡᠣᠬᠡᠳ ᠤᠨ ᠰᠡᠳᠬᠢᠴᠡ ᠶᠢᠨ ᠶᠠᠪᠤᠴᠠ ᠨᠢ ᠰᠠᠨᠠᠭᠠᠴᠢᠯᠠᠭ᠎ᠠ ᠦᠭᠡᠢ | ᠪᠦᠭᠡᠳ ᠪᠤᠳᠠᠳᠠᠢ ᠲᠦᠷᠰᠦᠯᠢᠭ ᠰᠢᠨᠵᠢ ᠪᠠᠷ ᠨᠡᠯᠢᠶᠡᠳ ᠢᠯᠡᠷᠬᠡᠢ ᠪᠠᠶᠢᠵᠤ ᠲᠡᠳᠡᠨ ᠤ ᠬᠡᠶᠢᠰᠪᠦᠷᠢᠯᠡᠨ | ᠬᠤᠷᠢᠶᠠᠩᠭᠤᠶᠢᠯᠠᠬᠤ ᠴᠢᠳᠠᠪᠤᠷᠢ ᠪᠠ ᠰᠠᠨᠠᠭᠠᠴᠢᠯᠠᠭᠠᠳᠤ ᠴᠢᠳᠠᠪᠤᠷᠢ ᠨᠢ ᠰᠠᠶ᠋ᠢ ᠡᠬᠢᠯᠡᠨ ᠬᠦᠭᠵᠢᠬᠦ ᠬᠤᠭᠤᠴᠠᠭ᠎ᠠ | ᠪᠤᠯᠤᠨ᠎ᠠ᠃ ᠲᠡᠳᠡ ᠬᠡᠷᠡᠭ ᠪᠤᠳᠠᠰ ᠢ ᠲᠠᠨᠢᠬᠤ ᠳᠤ ᠪᠠᠨ ᠭᠤᠤᠯ ᠨᠢ ᠰᠢᠭᠤᠳ ᠦᠵᠡᠭᠦᠯᠭᠡ ᠶᠢᠨ ᠲᠦᠷᠰᠦᠯᠡᠯ ᠤᠨ | ᠬᠡᠯᠪᠡᠷᠢ ᠪᠠᠷ ᠪᠤᠰᠤᠳᠴᠢ ᠬᠡᠷᠡᠭ ᠪᠤᠳᠠᠰ ᠢ ᠲᠠᠨᠢᠳᠠᠭ ᠴᠦ ᠲᠡᠳᠡ ᠬᠡᠷᠡᠭ ᠪᠣᠳᠠᠰ ᠲᠤ ᠬᠡᠶᠢᠰᠪᠦᠷᠢ ᠲᠤᠮᠢᠶ᠎ᠠ ᠦᠭᠴᠦ | ᠴᠢᠳᠠᠬᠤ ᠦᠭᠡᠢ ᠶᠤᠮ᠃ ᠰᠤᠷᠭᠠᠭᠤᠯᠢ ᠶᠢᠨ ᠨᠠᠰᠤᠨ ᠠᠴᠠ ᠡᠮᠦᠨᠡᠬᠢ ᠬᠡᠣᠬᠡᠳ ᠮᠡᠳᠡᠯᠭᠡ ᠲᠤᠷᠰᠢᠯᠭ᠎ᠠ ᠲᠤᠳᠠᠮᠠᠭ | ᠪᠦᠭᠡᠳ ᠬᠤᠶᠠᠳᠤᠭᠠᠷ ᠲᠤᠬᠢᠶᠠᠨ ᠰᠢᠰᠲ᠋ᠧᠮ ᠨᠢ ᠲᠠᠳᠦᠢ ᠰᠠᠶᠢᠨ ᠬᠦᠭᠵᠢᠭᠡᠳᠦᠢ ᠪᠣᠯᠬᠤᠷ ᠦᠢᠯᠡ ᠠᠵᠢᠯᠯᠠᠭ᠎ᠠ ᠪᠠᠨ | ᠰᠠᠨᠠᠭᠠᠴᠢᠯᠠᠭ᠎ᠠ ᠲᠠᠢ ᠪᠠᠷ ᠵᠤᠬᠢᠴᠠᠭᠤᠯᠵᠤ ᠴᠢᠳᠠᠬᠤ ᠦᠭᠡᠢ᠂ ᠠᠮᠠᠷᠬᠠᠨ ᠪᠣᠬᠢᠨᠢᠳᠤᠬᠤ᠂ ᠭᠠᠴᠢᠭᠳᠠᠬᠤ᠂ ᠬᠢᠯᠪᠠᠷ | ᠪᠠᠶᠠᠷᠯᠠᠬᠤ ᠵᠡᠷᠭᠡ ᠰᠡᠳᠬᠢᠯ ᠤᠨ ᠬᠦᠳᠡᠯᠭᠡᠭᠡᠨ ᠢᠯᠡᠷᠡᠳᠡᠭ᠃ | ᠡᠨᠡ ᠨᠠᠰᠤᠨ ᠳᠤ ᠬᠡᠣᠬᠡᠳ ᠤᠨ ᠰᠡᠷᠡᠬᠦᠢ ᠮᠡᠳᠡᠷᠡᠬᠦᠢ ᠶᠢᠨ ᠬᠦᠭᠵᠢᠯᠳᠠ ᠬᠤᠷᠳᠤᠨ ᠪᠠᠶᠢᠵᠤ᠂ ᠦᠭᠡ ᠬᠡᠯᠡᠨ ᠤ | ᠬᠦᠭᠵᠢᠭᠦ ᠴᠢᠬᠤᠯᠠ ᠬᠤᠭᠤᠴᠠᠭ᠎ᠠ᠂ ᠮᠦᠨ ᠴᠦ ᠲᠠᠷᠢᠬᠢᠨ ᠤ ᠪᠤᠶᠢᠵᠢᠯᠳᠠ ᠶᠢᠨ ᠴᠢᠬᠤᠯᠠ ᠴᠠᠭ ᠪᠤᠯᠬᠤ ᠪᠠᠷ ᠪᠠᠷᠠᠬᠤ | ᠦᠭᠡᠢ ᠪᠠᠰᠠ ᠲᠦᠷᠪᠡᠨ ᠮᠦᠴᠢ ᠶᠢᠨ ᠬᠦᠳᠡᠯᠭᠡᠭᠡᠨ ᠪᠠ ᠪᠡᠶ᠎ᠡ ᠶᠢᠨ ᠬᠦᠳᠡᠯᠭᠡᠭᠡᠨ ᠤ ᠤᠶᠠᠯᠳᠤᠯ ᠤᠨ ᠵᠤᠬᠢᠴᠠᠯ ᠢᠶᠠᠨ | ᠤᠯᠬᠤ᠂ ᠲᠤᠷ᠎ᠠ ᠪᠠᠬ᠎ᠠ ᠠᠪᠢᠶᠠᠰ ᠪᠢᠯᠢᠭᠤᠨ ᠨᠠᠬᠢᠶᠠᠯᠠᠬᠤ᠂ ᠵᠠᠩ ᠲᠠᠳᠬᠠᠯ ᠤᠨ ᠪᠦᠷᠢᠯᠳᠦᠭᠦ᠂ ᠪᠡᠶ᠎ᠡ ᠪᠠᠨ | ᠲᠠᠭᠠᠭᠠᠬᠤ ᠤᠬᠠᠮᠰᠠᠷ ᠡᠬᠢᠯᠡᠨ ᠪᠤᠢ ᠪᠣᠯᠬᠤ᠂ ᠪᠣᠰᠣᠳ ᠲᠠᠢ ᠬᠠᠷᠢᠴᠠᠵᠤ ᠬᠠᠮᠳᠤ ᠶᠢᠨ ᠲᠤᠭᠯᠠᠭᠠᠮ ᠳᠤ | ᠤᠷᠤᠯᠴᠠᠬᠤ ᠪᠠᠷ ᠲᠠᠮᠵᠢᠨ ᠬᠦᠳᠡᠯᠭᠡᠭᠡᠨ ᠤ ᠤᠷ᠎ᠠ ᠤᠬᠠᠭᠠᠨ ᠢ ᠤᠯᠬᠤ ᠬᠤᠭᠤᠴᠠᠭ᠎ᠠ ᠶᠤᠮ᠃ ᠰᠤᠷᠭᠠᠭᠤᠯᠢ ᠶᠢᠨ | ᠨᠠᠰᠤᠨ ᠠᠴᠠ ᠡᠮᠦᠨᠡᠬᠢ ᠬᠤᠭᠤᠴᠠᠭᠠᠨ ᠤ ᠰᠤᠷᠭᠠᠨ ᠬᠦᠮᠦᠵᠢᠯ ᠤᠨ ᠨᠦᠯᠦᠭᠡᠯᠡᠯ᠂ ᠲᠠᠷᠢᠬᠢᠨ ᠤ ᠪᠤᠷᠤ | ᠲᠠᠪᠬᠤᠷᠭ᠎ᠠ ᠶᠢᠨ ᠬᠦᠭᠵᠢᠯᠳᠡ᠂ ᠬᠤᠶᠠᠳᠤᠭᠠᠷ ᠲᠤᠬᠢᠶᠠᠨ ᠰᠢᠰᠲ᠋ᠧᠮ ᠤᠨ ᠠᠩᠬ᠎ᠠ ᠠᠯᠬᠤᠮ ᠤᠨ ᠬᠦᠭᠵᠢᠯᠳᠡ ᠠᠴᠠ | ᠪᠣᠯᠵᠤ ᠬᠡᠣᠬᠡᠳ ᠤᠨ ᠦᠢᠯᠡ ᠠᠵᠢᠯᠯᠠᠭ᠎ᠠ ᠶᠢᠨ ᠤᠬᠠᠮᠰᠠᠷᠳᠤ ᠴᠢᠳᠠᠪᠤᠷᠢ ᠨᠢ ᠠᠭᠠᠵᠢᠮ ᠢᠶᠠᠷ ᠬᠦᠭᠵᠢᠨ ᠦᠪᠡᠷ ᠤᠨ | ᠠᠵᠢᠯᠯᠠᠭ᠎ᠠ ᠪᠠᠨ ᠬᠤᠯᠠ ᠶᠢᠨ ᠵᠤᠷᠢᠯᠭ᠎ᠠ ᠳᠤ ᠠᠯᠭᠤᠷ ᠢᠶᠠᠷ ᠵᠤᠬᠢᠴᠠᠭᠤᠯᠵᠤ ᠴᠢᠳᠠᠬᠤ ᠪᠣᠯᠳᠠᠬ᠃ ᠡᠨᠡ ᠪᠣᠯ ᠲᠠᠷᠤᠢ | ᠬᠡᠣᠬᠡᠳ ᠤᠨ ᠬᠠᠮᠤᠭ ᠠᠩᠬᠠᠨ ᠤ ᠦᠪᠡᠷᠮᠢᠴᠡ ᠴᠢᠨᠠᠷ ᠤᠨ ᠬᠡᠯᠪᠠᠷᠢᠯ ᠤᠨ ᠪᠤᠢ ᠪᠣᠯᠬᠤ ᠶᠢᠨ ᠨᠦᠭᠦᠴᠡᠯ ᠢ ᠬᠠᠩᠭᠠᠵᠤ | ᠪᠠᠶᠢᠬᠤ ᠪᠦᠭᠡᠳ ᠡᠨᠡ ᠬᠦ ᠦᠪᠡᠷᠮᠢᠴᠡ ᠴᠢᠨᠠᠷ ᠤᠨ ᠤᠯᠠ ᠮᠦᠷ ᠨᠢ ᠬᠦᠮᠦᠨ ᠤ ᠨᠢᠭᠡ ᠨᠠᠰᠤᠨ ᠳᠤ | ᠬᠠᠳᠠᠭᠠᠯᠠᠭᠳᠠᠳᠠᠬ᠃ ᠡᠨᠡ ᠨᠠᠰᠤᠨ ᠤ ᠬᠡᠣᠬᠡᠳ ᠬᠦᠳᠡᠯᠦᠩᠭᠦᠢ᠂ ᠰᠤᠨᠢᠭᠤᠴᠢ᠂ ᠲᠠᠭᠤᠷᠢᠶᠠᠬᠤ ᠴᠢᠳᠠᠪᠤᠷᠢ ᠨᠢ | ᠰᠠᠶᠢᠨ᠂ ᠶᠡᠭᠡ ᠬᠦᠮᠦᠰ ᠤᠨ ᠦᠭᠡ ᠶᠠᠷᠢᠶ᠎ᠠ ᠦᠢᠯᠡ ᠠᠵᠢᠯᠯᠠᠭ᠎ᠠ ᠶᠢ ᠲᠠᠭᠤᠷᠢᠶᠠᠨ ᠰᠤᠷᠬᠤ ᠳᠤ ᠪᠠᠨ ᠴᠢᠳᠠᠮᠠᠭᠠᠢ | ᠪᠠᠶᠢᠳᠠᠬ᠃ ᠲᠡᠳᠡ ᠲᠠᠨᠢᠯ ᠭᠠᠵᠠᠷ ᠠᠴᠠ ᠲᠠᠨᠢᠯ ᠪᠤᠰᠤ ᠭᠠᠵᠠᠷ ᠠᠮᠢᠳᠤᠷᠠᠬᠤ ᠪᠣᠯᠵᠤ᠂ ᠦᠢᠯᠡ ᠠᠵᠢᠯᠯᠠᠭ᠎ᠠ᠂ ᠦᠭᠡ | ᠶᠠᠷᠢᠶ᠎ᠠ᠂ ᠢᠳᠡᠵᠤ ᠤᠤᠭᠤᠬᠤ᠂ ᠤᠨᠳᠠᠵᠤ ᠠᠮᠠᠷᠠᠬᠤ ᠵᠡᠷᠭᠡ ᠨᠢ ᠲᠤᠭᠳᠠᠭᠰᠠᠨ ᠲᠦᠷᠢᠮᠵᠢᠯ ᠢ ᠲᠠᠭᠠᠵᠤ᠂ | ᠴᠡᠴᠡᠷᠯᠢᠭ ᠤᠨ ᠲᠤᠭᠳᠠᠭᠠᠯ ᠪᠠ ᠪᠠᠭᠰᠢ ᠶᠢᠨ ᠬᠢᠵᠠᠭᠠᠷᠯᠠᠯ ᠢ ᠬᠦᠯᠢᠶᠡᠨ ᠪᠠᠭᠰᠢ ᠶᠢᠨ ᠵᠢᠯᠤᠭᠤᠳᠤᠯᠭ᠎ᠠ ᠶᠢ ᠲᠠᠭᠠᠬᠤ | ᠴᠢᠬᠤᠯᠠ ᠲᠠᠢ ᠪᠤᠯᠬᠤ ᠳᠤ ᠵᠠᠷᠢᠮ ᠭᠡᠷ ᠪᠦᠯᠢ ᠳᠤ ᠪᠠᠨ ᠡᠷᠬᠡ ᠲᠠᠩᠬᠢ ᠰᠤᠷᠤᠭᠰᠠᠨ ᠬᠡᠣᠬᠡᠳ ᠨᠢ ᠴᠡᠴᠡᠷᠯᠢᠭ ᠤᠨ | ᠠᠮᠢᠳᠤᠷᠠᠯ ᠤᠨ ᠬᠡᠪᠰᠢᠯ ᠵᠤᠷᠰᠢᠯ ᠳᠤ ᠵᠤᠬᠢᠴᠠᠬᠤ ᠳᠤ ᠨᠡᠯᠢᠶᠡᠳ ᠤᠳᠠᠭᠠᠨ ᠴᠠᠭ ᠵᠠᠷᠤᠴᠠᠭᠤᠯᠬᠤ ᠨᠢ ᠶᠠᠷᠢᠶᠠᠨ ᠦᠭᠡᠢ | ᠶᠤᠮ᠃ ᠲᠤᠤᠷ᠎ᠠ ᠴᠡᠴᠡᠷᠯᠢᠭ ᠤᠨ ᠰᠤᠷᠭᠠᠨ ᠬᠦᠮᠦᠵᠢᠯ ᠳᠤ ᠶᠠᠮᠠᠷ ᠬᠡᠳᠦᠨ ᠲᠠᠯ᠎ᠠ ᠶᠢᠨ ᠠᠰᠠᠭᠤᠳᠠᠯ ᠢ ᠴᠢᠬᠤᠯᠠᠴᠢᠯᠠᠨ | ᠬᠦᠨᠳᠦᠳᠬᠡᠬᠦ ᠲᠤᠬᠠᠢ ᠲᠤᠷᠰᠢᠨ ᠦᠭᠦᠯᠡᠶ᠎ᠡ᠃ | ᠨᠢᠭᠡ᠂ ᠴᠡᠴᠡᠷᠯᠢᠭ ᠤᠨ ᠬᠡᠣᠬᠡᠳ ᠤᠨ ᠡᠬᠡ ᠬᠡᠯᠡᠨ ᠤ ᠬᠦᠮᠦᠵᠢᠯ ᠢ ᠬᠦᠨᠳᠦᠳᠬᠡᠵᠦ᠂ ᠦᠭᠡ ᠬᠡᠯᠡᠨ ᠤ | ᠴᠢᠳᠠᠪᠤᠷᠢ ᠶᠢᠨ ᠪᠤᠯᠪᠠᠰᠤᠷᠠᠯ ᠢ ᠰᠠᠶᠢᠳᠤᠷ ᠬᠢᠬᠦ ᠬᠡᠷᠡᠭᠳᠡᠢ | ᠡᠨᠡ ᠨᠠᠰᠤ ᠪᠤᠯ ᠬᠡᠣᠬᠡᠳ ᠤᠨ ᠦᠭᠡ ᠬᠡᠯᠡᠨ ᠤ ᠴᠢᠳᠠᠪᠤᠷᠢ ᠶᠢᠨ ᠬᠦᠭᠵᠢᠯᠳᠡ ᠶᠢᠨ ᠵᠠᠩᠭᠢᠯᠠᠭ᠎ᠠ ᠶᠢᠨ | ᠬᠤᠭᠤᠴᠠᠭ᠎ᠠ ᠮᠦᠨ᠃ ᠦᠨᠡᠨ ᠳᠤ ᠪᠠᠨ ᠬᠡᠣᠬᠡᠳ ᠤᠨ ᠦᠭᠡ ᠬᠡᠯᠡᠨ ᠤ ᠬᠦᠭᠵᠢᠯᠳᠡ ᠨᠢ 1 ᠠᠴᠠ 3.5 ᠨᠠᠰᠤᠨ ᠤ | ᠬᠤᠭᠤᠷᠤᠨᠳᠤ ᠬᠠᠮᠤᠭ ᠬᠤᠷᠳᠤᠨ ᠪᠠᠶᠢᠳᠠᠬ᠃ ᠴᠡᠴᠡᠷᠯᠢᠭ ᠲᠤ ᠠᠩᠬ᠎ᠠ ᠢᠷᠡᠬᠦ ᠳᠤ ᠬᠡᠣᠬᠡᠳ ᠤᠨ ᠦᠭᠡ ᠬᠡᠯᠡᠨ ᠤ | ᠴᠢᠳᠠᠪᠤᠷᠢ ᠨᠢ ᠪᠦᠷ ᠠᠳᠠᠯᠢ ᠦᠭᠡᠢ ᠪᠠᠶᠢᠳᠠᠭ᠂ ᠵᠠᠷᠢᠮ ᠨᠢ ᠰᠠᠶᠢᠨ᠂ ᠵᠠᠷᠢᠮ ᠨᠢ ᠲᠡᠶᠢᠮᠦ ᠨᠡᠶᠢᠴᠡᠪᠦᠷᠢᠳᠡᠢ ᠰᠠᠶᠢᠬᠠᠨ | ᠶᠠᠷᠢᠵᠤ ᠢᠯᠡᠳᠬᠡᠵᠦ ᠲᠡᠶᠢᠯᠬᠦ ᠦᠭᠡᠢ᠂ ᠵᠠᠷᠢᠮ ᠬᠡᠣᠬᠡᠳ ᠨᠢ ᠬᠢᠳᠠᠳ ᠮᠤᠩᠭᠤᠯ ᠢ ᠬᠤᠳᠬᠤᠵᠤ ᠶᠠᠷᠢᠳᠠᠭ᠃ ᠡᠨᠡ ᠨᠢ | ᠲᠡᠳᠡᠨᠤ ᠭᠡᠷ ᠪᠦᠯᠢ ᠶᠢᠨ ᠤᠷᠴᠢᠨ ᠠᠴᠠ ᠰᠢᠯᠳᠠᠭᠠᠯᠠᠭᠳᠠᠳᠠᠭ᠂ ᠭᠡᠷ ᠪᠦᠯᠢ ᠳᠤ ᠪᠠᠨ ᠢᠯᠡᠭᠦᠦ ᠮᠤᠩᠭᠤᠯᠢᠶ᠋ᠠᠷ | ᠶᠠᠷᠢᠳᠠᠬ ᠬᠡᠣᠬᠡᠳ ᠤᠨ ᠬᠡᠯᠡᠵᠦ ᠶᠡᠷᠢᠬᠤ ᠨᠢ ᠲᠤᠳᠤ᠂ ᠤᠶᠢᠯᠠᠭᠠᠮᠵᠢᠳᠠᠢ ᠪᠠᠶᠢᠬᠤ ᠳᠤ᠂ ᠭᠡᠷ ᠤᠨ ᠠᠬᠠᠮᠠᠳ | ᠬᠡᠣᠬᠡᠳ ᠲᠠᠢ ᠪᠠᠨ ᠲᠡᠳᠤᠢ ᠶᠠᠷᠢᠯᠴᠠᠳᠠᠭ ᠦᠭᠡᠢ ᠭᠡᠷ ᠪᠦᠯᠢ ᠶᠢᠨ ᠬᠡᠣᠬᠡᠳ ᠤᠨ ᠬᠡᠯᠡᠵᠦ ᠶᠠᠷᠢᠬᠤ ᠨᠢ ᠤᠶᠢᠯᠠᠭᠠᠮᠵᠢ | ᠦᠭᠡᠢ ᠪᠠᠶᠢᠳᠠᠭ ᠢᠶᠠᠷ ᠪᠠᠷᠠᠬᠤ ᠦᠭᠡᠢ ᠲᠧᠯᠸᠢᠰ ᠪᠠᠶᠢᠩᠭᠤ ᠦᠵᠡᠳᠡᠭ᠂ ᠭᠠᠷ ᠤᠳᠠᠰᠤ ᠤᠯᠠᠨ ᠨᠠᠭᠠᠳᠳᠠᠭ | ᠬᠡᠣᠬᠡᠳ ᠨᠢ ᠬᠢᠳᠠᠳ ᠮᠤᠩᠭᠤᠯ ᠢ ᠬᠤᠳᠬᠤᠵᠤ ᠶᠠᠷᠢᠬᠤ ᠪᠤᠯᠴᠢᠬᠠᠳᠠᠭ᠃ ᠬᠡᠣᠬᠡᠳ ᠤᠨ ᠲᠠᠷᠢᠬᠢ ᠶᠠᠭ | ᠰᠢᠩᠭᠡᠭᠡᠯᠳᠡ ᠶᠢᠨ ᠪᠦᠰᠡ ᠰᠢᠭ ᠭᠠᠳᠠᠭᠠᠳᠤ ᠤᠷᠴᠢᠨ ᠤ ᠬᠡᠷᠡᠭ ᠤᠴᠢᠷ ᠢ ᠬᠦᠯᠢᠶᠡᠨ ᠰᠢᠩᠭᠡᠭᠡᠵᠦ ᠪᠠᠶᠢᠳᠠᠭ᠂ | ᠲᠡᠭᠦᠨ ᠳᠤ ᠰᠠᠨᠠᠭᠠᠴᠢᠯᠠᠭ᠎ᠠ ᠲᠠᠢ ᠬᠠᠨᠳᠤᠯᠠᠭ᠎ᠠ ᠲᠠᠢ ᠵᠦᠪ ᠶᠠᠭᠤᠮ᠎ᠠ ᠶᠢ ᠰᠢᠩᠭᠡᠭᠡᠬᠦ ᠦᠭᠡᠢ ᠪᠣᠯ ᠲᠠᠯᠳᠠ | ᠤᠬᠠᠮᠰᠠᠷ ᠨᠢ ᠡᠮᠬᠢ ᠲᠢᠭᠯᠢᠮ ᠦᠭᠡᠢ ᠪᠣᠯᠵᠤ ᠲᠠᠷᠢᠬᠢᠨ ᠤ ᠡᠷᠡᠭᠦᠯ ᠪᠤᠶᠢᠵᠢᠯᠳᠠ ᠶᠢ ᠨᠦᠯᠦᠭᠡᠯᠡᠬᠦ ᠪᠤᠯᠤᠨ᠎ᠠ᠃ | ᠡᠶᠢᠮᠦ ᠠᠴᠠ ᠪᠢᠳᠡ ᠴᠡᠴᠡᠷᠯᠢᠭ ᠲᠤ ᠤᠷᠤᠭᠰᠠᠨ ᠡᠳᠦᠷ ᠠᠴᠠ ᠡᠬᠢᠯᠡᠨ ᠭᠡᠤᠭᠡᠳ ᠢ ᠴᠡᠪᠡᠷ ᠮᠤᠩᠭᠤᠯ ᠬᠡᠯᠡ ᠪᠠᠷ | ᠶᠠᠷᠢᠬᠤ ᠶᠢ ᠱᠠᠭᠠᠷᠳᠠᠵᠤ᠂ ᠲᠡᠳᠡᠨ ᠤ ᠦᠭᠡ ᠬᠡᠯᠡᠨ ᠤ ᠴᠢᠳᠠᠪᠤᠷᠢ᠂ ᠲᠠᠷᠤᠢ ᠬᠡᠯᠡᠵᠦ ᠶᠠᠷᠢᠬᠤ᠂ ᠰᠤᠨᠤᠰᠬᠤ᠂ | ᠲᠠᠭᠤᠯᠠᠬᠤ᠂ ᠴᠡᠭᠡᠵᠢᠯᠡᠬᠦ ᠵᠡᠷᠭᠡ ᠴᠢᠳᠠᠪᠤᠷᠢ ᠶᠢ ᠰᠠᠨᠠᠭᠠᠴᠢᠯᠠᠭ᠎ᠠ ᠲᠠᠢ ᠬᠦᠮᠦᠵᠢᠭᠦᠯᠵᠤ᠂ ᠬᠤᠶᠢᠰᠢᠳᠠ ᠶᠢᠨ ᠡᠬᠡ | ᠬᠡᠯᠡ ᠪᠠᠷ ᠢᠶᠠᠨ ᠵᠦᠪ᠂ ᠲᠤᠳᠤ᠂ ᠤᠷᠤᠰᠤᠮ᠎ᠠ᠂ ᠵᠤᠷᠢᠭᠲᠠᠢ ᠶᠠᠷᠢᠵᠤ ᠢᠯᠡᠳᠬᠡᠬᠦ ᠶᠢᠨ ᠰᠠᠭᠤᠷᠢ ᠶᠢ ᠨᠢ ᠲᠠᠯᠪᠢᠳᠠᠬ᠃ | ᠡᠨᠡ ᠦᠶᠡᠰ ᠪᠠᠭᠰᠢ ᠠᠴᠠ ᠬᠡᠣᠬᠡᠳ ᠤᠨ ᠨᠠᠰᠤᠨ ᠤ ᠤᠨᠴᠠᠯᠢᠭ᠂ ᠬᠡᠯᠡᠨ ᠤ ᠰᠠᠭᠤᠷᠢ ᠳᠤ ᠨᠢ ᠵᠤᠬᠢᠴᠠᠭᠤᠯᠤᠨ | ᠦᠯᠢᠭᠡᠷ ᠶᠠᠷᠢᠵᠤ ᠦᠭᠬᠦ᠂ ᠬᠡᠣᠬᠡᠳ ᠢᠶᠠᠷ ᠤᠬᠤᠷ ᠦᠯᠢᠭᠡᠷ ᠶᠠᠷᠢᠭᠤᠯᠬᠤ᠂ ᠤᠬᠤᠷ ᠰᠢᠯᠦᠭ ᠴᠡᠭᠡᠵᠢᠯᠡᠭᠦᠯᠬᠦ᠂ | ᠴᠡᠭᠡᠵᠢ ᠪᠠᠷ ᠶᠠᠷᠢᠭᠤᠯᠬᠤ᠂ ᠵᠢᠷᠤᠭ ᠦᠵᠡᠵᠦ ᠤᠴᠢᠷ ᠰᠢᠯᠳᠠᠭᠠᠨ ᠠᠭᠤᠯᠭ᠎ᠠ ᠶᠢ ᠨᠢ ᠶᠠᠷᠢᠭᠤᠯᠬᠤ᠂ ᠨᠠᠶᠢᠵᠢ | ᠨᠦᠬᠦᠳ ᠬᠤᠭᠤᠷᠤᠨᠳᠤ ᠨᠢ ᠢᠯᠡᠭᠦᠦ ᠶᠡᠷᠢᠶ᠎ᠡ ᠬᠡᠯᠡᠯᠴᠡᠭᠡᠨ ᠤ ᠰᠤᠯᠢᠯᠴᠠᠭ᠎ᠠ ᠬᠢᠯᠭᠡᠬᠦ᠂ ᠲᠠᠭᠤᠤ ᠲᠠᠭᠤᠯᠠᠭᠤᠯᠬᠤ᠂ | ᠬᠡᠯᠡ ᠵᠦᠭᠰᠢᠷᠡᠭᠦᠯᠬᠦ ᠦᠭᠡ᠂ ᠬᠤᠯᠪᠤᠭ᠎ᠠ ᠬᠤᠷᠰᠢᠶ᠎ᠠ ᠦᠭᠡ᠂ ᠲᠠᠭᠠᠷᠢᠯᠴᠠᠭ᠎ᠠ᠂ ᠤᠨᠢᠰᠤᠭ᠎ᠠ᠂ ᠵᠦᠢᠷ ᠰᠡᠴᠡᠨ | ᠦᠭᠡ ᠴᠡᠭᠡᠵᠢᠯᠡᠭᠦᠯᠬᠦ ᠵᠡᠷᠭᠡ ᠠᠷᠭ᠎ᠠ ᠠᠪᠴᠠᠯ ᠢᠶᠠᠷ ᠬᠡᠣᠬᠡᠳ ᠤᠨ ᠬᠡᠯᠡᠵᠤ ᠶᠠᠷᠢᠬᠤ ᠴᠢᠳᠠᠪᠤᠷᠢ ᠶᠢᠨ ᠪᠤᠯᠪᠠᠰᠤᠷᠠᠯ ᠢ | ᠰᠠᠶᠢᠳᠤᠷ ᠬᠢᠪᠡᠯ ᠵᠤᠬᠢᠨ᠎ᠠ᠂ ᠬᠠᠷᠢᠨ ᠴᠡᠴᠡᠷᠯᠢᠭ ᠤᠨ ᠬᠡᠣᠬᠡᠳ ᠲᠤ ᠦᠰᠦᠭ ᠪᠢᠴᠢᠭ ᠵᠢᠭᠠᠵᠤ ᠲᠠᠰᠬᠠᠯ ᠦᠯᠡᠳᠡᠭᠡᠨ | ᠡᠷᠳᠡ ᠠᠴᠠ ᠪᠠᠭ᠎ᠠ ᠰᠤᠷᠭᠠᠭᠤᠯᠢ ᠶᠢᠨ ᠵᠢᠭᠠᠨ ᠰᠤᠷᠭᠠᠬᠤ ᠬᠡᠯᠪᠡᠷᠢ ᠳᠤ ᠤᠷᠤᠬᠤ ᠠᠴᠠ ᠵᠠᠶᠢᠯᠠᠰᠬᠢᠭᠦ ᠬᠡᠷᠡᠭᠳᠡᠢ᠃ | ᠬᠤᠶᠠᠷ᠂ ᠴᠡᠴᠡᠷᠯᠢᠭ ᠤᠨ ᠬᠡᠣᠬᠡᠳ ᠤᠨ ᠲᠠᠳᠬᠠᠯ ᠤᠨ ᠬᠦᠮᠦᠵᠢᠯ ᠢ ᠰᠠᠶᠢᠳᠤᠷ ᠬᠢᠬᠦ ᠬᠡᠷᠡᠭᠳᠡᠢ | ᠠᠮᠢᠳᠤᠷᠠᠯ ᠤᠨ ᠰᠠᠶᠢᠨ ᠰᠠᠶᠢᠬᠠᠨ ᠲᠠᠳᠬᠠᠯ ᠢ ᠬᠠᠷᠠᠬᠠᠨ ᠪᠠᠭ᠎ᠠ ᠠᠴᠠ ᠨᠢ ᠵᠢᠭᠠᠨ ᠵᠢᠯᠤᠭᠤᠳᠴᠤ ᠦᠭᠬᠦ | ᠴᠢᠬᠤᠯᠠ ᠲᠠᠢ᠃ ᠵᠠᠷᠢᠮ ᠭᠡᠷ ᠤᠨ ᠠᠬᠠᠮᠠᠳ ᠬᠡᠣᠬᠡᠳ ᠪᠠᠭ᠎ᠠ ᠪᠠᠶᠢᠨ᠎ᠠ᠂ ᠲᠡᠳᠤᠢ ᠶᠠᠭᠤᠮ᠎ᠠ ᠮᠡᠳᠡᠬᠦ ᠪᠣᠯᠤᠭᠠᠳᠤᠢ᠂ | ᠲᠤᠮᠤ ᠪᠣᠯᠪᠠᠯ ᠦᠪᠡᠷᠳᠡᠭᠡᠨ ᠮᠡᠳᠡᠴᠢᠬᠡᠬᠦ ᠪᠠᠶᠢᠯᠭᠦᠢ ᠭᠡᠵᠦ ᠬᠡᠣᠬᠡᠳ ᠢᠶᠠᠨ ᠠᠶ᠎ᠠ ᠪᠠᠷ ᠨᠢ ᠲᠠᠯᠪᠢᠬᠤ ᠪᠣᠶᠤ ᠠᠯᠢᠪᠠ | ᠪᠦᠬᠦᠨ ᠢ ᠨᠢ ᠤᠷᠤᠯᠠᠨ ᠬᠢᠵᠦ ᠦᠭᠳᠡᠭ ᠠᠴᠠ ᠬᠡᠣᠬᠡᠳ ᠨᠢ ᠶᠠᠭᠤ ᠴᠦ ᠬᠢᠵᠦ ᠴᠢᠳᠠᠬᠤ ᠦᠭᠡᠢ ᠮᠦᠷᠳᠡᠭᠡᠨ | ᠠᠮᠢᠳᠤᠷᠠᠯ ᠤᠨ ᠬᠡᠪᠰᠢᠯ ᠲᠠᠳᠬᠠᠯ ᠨᠢ ᠴᠦ ᠡᠷᠦᠢ ᠬᠤᠷᠤᠢ ᠦᠭᠡᠢ ᠪᠣᠯᠵᠤ᠂ ᠬᠡᠣᠬᠡᠳ ᠨᠢ ᠪᠣᠰᠤᠳ ᠬᠡᠣᠬᠡᠳ ᠤᠨ | ᠬᠢᠵᠦ ᠲᠡᠶᠢᠯᠬᠦ ᠶᠠᠭᠤᠮ᠎ᠠ ᠶᠢ ᠬᠢᠵᠦ ᠲᠡᠶᠢᠯᠬᠦ ᠦᠭᠡᠢ ᠪᠣᠯᠬᠤ ᠦᠶ᠎ᠡ ᠳᠤ ᠦᠪᠡᠷ ᠤᠨ ᠬᠡᠣᠬᠡᠳ ᠢᠶᠠᠨ ᠪᠢᠳᠠᠭᠤ | ᠮᠤᠩᠬᠠᠭ ᠭᠡᠵᠦ ᠦᠵᠡᠳᠡᠭ᠃ ᠨᠢᠭᠡ ᠬᠦᠮᠦᠨ ᠤ ᠬᠤᠵᠢᠮ ᠬᠤᠶᠢᠰᠢᠳᠠ ᠶᠢᠨ ᠠᠵᠤ ᠠᠮᠢᠳᠤᠷᠠᠯ ᠤᠨ ᠪᠠᠶᠠᠷ | ᠵᠢᠷᠭᠠᠯ ᠲᠠᠢ ᠪᠠᠶᠢᠬᠤ᠂ ᠠᠵᠢᠯ ᠦᠢᠯᠡᠰ ᠲᠤ ᠪᠠᠨ ᠠᠮᠵᠢᠯᠳᠠ ᠪᠦᠳᠦᠮᠵᠢ ᠤᠯᠬᠤ ᠨᠢ ᠲᠡᠭᠦᠨ ᠤ ᠪᠠᠭ᠎ᠠ ᠶᠢᠨ | ᠦᠶ᠎ᠡ ᠳᠤ ᠪᠦᠷᠢᠯᠳᠦᠭᠰᠡᠨ ᠠᠮᠢᠳᠤᠷᠠᠯ ᠤᠨ ᠲᠠᠳᠬᠠᠯ ᠲᠠᠢ ᠲᠤᠩ ᠶᠡᠭᠡ ᠬᠤᠯᠪᠤᠭ᠎ᠠ ᠲᠠᠢ᠃ ᠨᠤᠪᠧᠯ ᠤᠨ ᠤᠳᠬ᠎ᠠ | ᠵᠤᠬᠢᠶᠠᠯ ᠤᠨ ᠱᠠᠩᠨᠠᠯ ᠭᠦᠷᠳᠡᠭᠴᠢ ᠮᠥᠸᠧ ᠶᠠᠨ ᠠᠴᠠ ᠰᠤᠷᠪᠤᠯᠵᠢᠯᠠᠭᠴᠢ᠄ ︽ᠲᠠᠨ ᠤ ᠡᠶᠢᠮᠦ ᠶᠡᠭᠡ ᠠᠮᠵᠢᠯᠳᠠ ᠳᠤ | ᠭᠦᠷᠭᠦ ᠳᠤ ᠠᠯᠢ ᠦᠶ᠎ᠡ ᠶᠢᠨ ᠰᠤᠷᠭᠠᠨ ᠬᠦᠮᠦᠵᠢᠯ ᠬᠠᠮᠤᠭ ᠶᠡᠭᠡ ᠨᠦᠯᠦᠭᠡ ᠦᠵᠡᠭᠦᠯᠪᠡ︖︾ ᠭᠡᠭᠦ ᠳᠤ ᠮᠥᠸᠧ | ᠶᠠᠨ᠄ ︽ᠴᠡᠴᠡᠷᠯᠢᠭ ᠤᠨ ᠬᠦᠮᠦᠵᠢᠯ︾ ᠭᠡᠵᠦ ᠬᠠᠷᠢᠭᠤᠯᠤᠭᠰᠠᠨ ᠭᠡᠨ᠎ᠡ᠃ ᠰᠤᠷᠪᠤᠯᠵᠢᠯᠠᠭᠴᠢ ᠭᠠᠶᠢᠬᠠᠵᠤ᠄ ︽ | ᠶᠠᠭᠠᠬᠢᠭᠠᠳ︖︾ ᠭᠡᠰᠡᠨ ᠳᠤ ᠮᠥᠸᠧ ᠶᠠᠨ᠄ ︽ᠪᠢ ᠴᠡᠴᠡᠷᠯᠢᠭ ᠠᠴᠠ ᠠᠮᠢᠳᠤᠷᠠᠯ ᠤᠨ ᠲᠠᠳᠬᠠᠯ ᠢ ᠰᠤᠷᠴᠤ᠂ | ᠪᠣᠰᠣᠳ ᠲᠠᠢ ᠨᠠᠭᠠᠳᠤᠮ ᠢᠶᠠᠨ ᠬᠤᠪᠢᠶᠠᠯᠴᠠᠵᠤ ᠨᠠᠭᠠᠳᠬᠤ᠂ ᠪᠤᠰᠤᠳ ᠲᠤ ᠨᠠᠶᠢᠷ ᠲᠠᠯᠪᠢᠬᠤ ᠶᠢ ᠰᠤᠷᠤᠭᠰᠠᠨ ᠶᠤᠮ︾ | ᠭᠡᠵᠠᠢ᠃ ᠡᠭᠦᠨ ᠠᠴᠠ ᠨᠢᠭᠡ ᠬᠦᠮᠦᠨ ᠳᠤ ᠴᠡᠴᠡᠷᠯᠢᠭ ᠤᠨ ᠬᠦᠮᠦᠵᠢᠯ ᠭᠡᠳᠦ᠋ᠢᠴᠢᠨᠡᠨ ᠴᠢᠬᠤᠯᠠ ᠭᠡᠳᠡᠭ ᠢ ᠮᠡᠳᠡᠵᠦ | ᠪᠣᠯᠬᠤ ᠶᠤᠮ᠃ ᠬᠡᠣᠬᠡᠳ ᠪᠣᠯᠭᠠᠨ ᠤ ᠲᠠᠳᠬᠠᠯ ᠪᠦᠷ ᠠᠳᠠᠯᠢ ᠦᠭᠡᠢ ᠪᠠᠶᠢᠳᠠᠭ᠃ ᠪᠠᠭᠰᠢ ᠠᠴᠠ ᠬᠦᠯᠢᠴᠡᠩᠭᠦᠢ | ᠤᠪᠤᠷ ᠢᠶᠠᠷ ᠬᠤᠭᠤᠯᠠ ᠢᠳᠡᠬᠦ ᠠᠴᠠ ᠡᠮᠦᠨ᠎ᠡ ᠭᠠᠷ ᠢᠶᠠᠨ ᠤᠭᠢᠶᠠᠬᠤ᠂ ᠬᠤᠪᠴᠠᠰᠤ ᠬᠤᠨᠠᠷ ᠢᠶᠠᠨ ᠡᠪᠬᠡᠵᠤ | ᠲᠤᠭᠳᠠᠭᠰᠠᠨ ᠤᠷᠤᠨ ᠳᠤ ᠲᠠᠯᠪᠢᠬᠤ᠂ ᠨᠠᠭᠠᠳᠤᠮ ᠲᠤᠭᠯᠠᠭᠠᠮ ᠢᠶᠠᠨ ᠲᠤᠭᠯᠠᠵᠤ ᠪᠠᠷᠠᠪᠠᠯ ᠤᠤᠯ ᠤᠷᠤᠨ ᠳᠤ ᠨᠢ | ᠬᠤᠷᠢᠶᠠᠨ ᠲᠠᠯᠪᠢᠬᠤ᠂ ᠲᠤᠭᠳᠠᠭᠰᠠᠨ ᠴᠠᠭ ᠲᠤ ᠤᠨᠳᠠᠵᠤ ᠲᠤᠭᠳᠠᠭᠰᠠᠨ ᠴᠠᠭ ᠲᠤ ᠪᠣᠰᠬᠤ᠂ ᠵᠤᠷᠯᠤᠩ ᠳᠤ | ᠤᠷᠤᠭᠰᠠᠨ ᠤ ᠲᠠᠷᠠᠭ᠎ᠠ ᠭᠠᠷ ᠢᠶᠠᠨ ᠤᠭᠢᠶᠠᠬᠤ᠂ ᠬᠤᠭᠤᠯᠠᠨ ᠤ ᠲᠠᠷᠠᠭ᠎ᠠ ᠠᠮᠠ ᠪᠠᠨ ᠵᠠᠶᠢᠯᠠᠬᠤ᠂ ᠠᠶᠠᠭ᠎ᠠ | ᠰᠠᠪᠬ᠎ᠠ ᠪᠠᠨ ᠤᠭᠢᠶᠠᠵᠤ ᠴᠡᠪᠡᠷᠯᠡᠨ ᠲᠤᠭᠳᠠᠭᠰᠠᠨ ᠤᠷᠤᠨ ᠳᠤ ᠨᠢ ᠲᠠᠯᠪᠢᠬᠤ᠂ ᠬᠠᠮᠳᠤ ᠨᠠᠶᠢᠵᠢ ᠲᠠᠢ ᠪᠠᠨ ᠬᠡᠷᠬᠢᠨ | ᠡᠶ᠎ᠡ ᠨᠠᠶᠢᠷ ᠲᠠᠢ ᠬᠠᠷᠢᠴᠠᠬᠤ᠂ ᠤᠯᠠᠨ ᠨᠡᠶᠢᠳᠡ ᠶᠢᠨ ᠲᠠᠯᠠᠪᠤᠷ ᠲᠤ ᠦᠢᠮᠡᠨ ᠱᠤᠤᠭᠢᠯᠳᠤᠬᠤ ᠦᠭᠡᠢ ᠪᠠᠶᠢᠬᠤ ᠵᠡᠷᠭᠡ | ᠤᠯᠠᠨ ᠲᠠᠯ᠎ᠠ ᠶᠢᠨ ᠵᠢᠵᠢᠭ ᠰᠠᠵᠢᠭ ᠵᠦᠢᠯ ᠤᠳ ᠢ ᠰᠠᠨᠠᠭᠠᠴᠢᠯᠠᠨ ᠪᠣᠳᠤᠯᠬᠢᠯᠠᠵᠤ ᠬᠡᠣᠬᠡᠳ ᠤᠨ ᠲᠠᠳᠬᠠᠯ ᠤᠨ | ᠬᠦᠮᠦᠵᠢᠯ ᠢ ᠰᠠᠶᠢᠳᠤᠷ ᠠᠳᠬᠤᠵᠤ ᠬᠢᠪᠡᠯ ᠰᠠᠶᠢᠨ ᠪᠠᠶᠢᠳᠠᠭ ᠶᠤᠮ᠃ | ᠭᠤᠷᠪᠠ᠂ ᠴᠡᠴᠡᠷᠯᠢᠭ ᠤᠨ ᠬᠦᠮᠦᠵᠢᠯ ᠳᠤ ᠲᠤᠭᠯᠠᠭᠠᠮ ᠤᠨ ᠬᠦᠮᠦᠵᠢᠯ ᠢ ᠬᠦᠨᠳᠦᠳᠬᠡᠨ ᠬᠢᠬᠦ ᠴᠢᠬᠤᠯᠠ ᠲᠠᠢ | ᠨᠠᠭᠠᠳᠬᠤ ᠪᠣᠯ ᠬᠡᠣᠬᠡᠳ ᠤᠨ ᠲᠦᠷᠦᠯᠬᠢ ᠴᠢᠨᠠᠷ ᠪᠣᠯᠬᠤ ᠶᠤᠮ᠃ ᠲᠤᠭᠯᠠᠭᠠᠮ ᠪᠣᠯ ᠨᠢᠭᠡ ᠵᠦᠢᠯ ᠤᠨ | ᠤᠨᠴᠠᠭᠠᠢ ᠨᠡᠶᠢᠭᠡᠮᠴᠢ ᠴᠢᠨᠠᠷ ᠲᠠᠢ ᠠᠵᠢᠯᠯᠠᠭ᠎ᠠ ᠮᠦᠨ᠂ ᠬᠡᠣᠬᠡᠳ ᠤᠯᠠᠩᠬᠢ ᠴᠠᠭ ᠢ ᠨᠠᠭᠠᠳᠤᠮ ᠤᠨ ᠲᠤᠮᠳᠠ | ᠦᠩᠭᠡᠷᠡᠭᠦᠯᠵᠦ ᠨᠠᠭᠠᠳᠤᠮ ᠲᠤᠭᠯᠠᠭᠠᠮ ᠠᠴᠠ ᠠᠮᠢᠳᠤᠷᠠᠯ ᠤᠨ ᠲᠠᠨᠢᠯᠳᠠ ᠪᠠᠨ ᠲᠡᠭᠡᠭᠰᠢᠯᠡᠭᠦᠯᠤᠨ ᠲᠤᠷᠰᠢᠯᠭ᠎ᠠ ᠪᠠᠨ | ᠨᠡᠮᠡᠭᠳᠡᠭᠦᠯᠵᠦ᠂ ᠤᠷᠴᠢᠨ ᠲᠤᠭᠤᠷᠢᠨ ᠤ ᠬᠡᠷᠡᠭ ᠪᠤᠳᠠᠰ ᠤᠨ ᠲᠤᠬᠠᠢ ᠤᠶᠢᠯᠭᠠᠯᠳᠠ ᠪᠠᠨ ᠭᠦᠨᠵᠡᠭᠡᠶᠢᠷᠡᠭᠦᠯᠵᠦ | ᠦᠪᠡᠷ ᠤᠨ ᠪᠡᠶ᠎ᠡ ᠪᠠᠨ ᠲᠡᠭᠦᠯᠳᠡᠷᠵᠢᠭᠦᠯᠤᠨ ᠬᠦᠭᠵᠢᠭᠦᠯᠵᠦ ᠴᠢᠳᠠᠳᠠᠬ᠃ ᠲᠤᠭᠯᠠᠭᠠᠮ ᠪᠣᠯ ᠰᠤᠷᠭᠠᠭᠤᠯᠢ ᠶᠢᠨ | ᠨᠠᠰᠤᠨ ᠠᠴᠠ ᠡᠮᠦᠨᠡᠬᠢ ᠬᠡᠣᠬᠡᠳᠤᠨ ᠤᠨᠴᠠᠯᠢᠭ ᠲᠤ ᠲᠤᠬᠢᠷᠠᠭᠰᠠᠨ ᠬᠦᠳᠡᠯᠭᠡᠭᠡᠨ ᠤ ᠬᠡᠯᠪᠡᠷᠢ ᠪᠣᠯᠬᠤ ᠮᠦᠷᠳᠡᠭᠡᠨ | ᠬᠡᠣᠬᠡᠳ ᠤᠨ ᠰᠡᠳᠬᠢᠴᠡ ᠶᠢᠨ ᠬᠦᠭᠵᠢᠯᠳᠡ ᠶᠢ ᠠᠬᠢᠭᠤᠯᠬᠤ ᠬᠠᠮᠤᠭ ᠤᠨ ᠰᠠᠶᠢᠨ ᠬᠦᠳᠡᠯᠭᠡᠭᠡᠨ ᠤ ᠬᠡᠯᠪᠡᠷᠢ ᠶᠤᠮ᠃ | ᠡᠪᠳᠡᠢ ᠰᠠᠶᠢᠬᠠᠨ ᠵᠤᠬᠢᠶᠠᠨ ᠪᠠᠶᠢᠭᠤᠯᠤᠭᠰᠠᠨ ᠲᠤᠭᠯᠠᠭᠠᠮ ᠲᠤᠮᠳᠠ ᠬᠡᠣᠬᠡᠳ ᠤᠨ ᠰᠡᠳᠬᠢᠴᠡ ᠶᠢᠨ ᠶᠠᠪᠤᠴᠠ ᠪᠠ | ᠦᠪᠡᠷᠮᠢᠴᠡ ᠵᠠᠩ ᠴᠢᠨᠠᠷ ᠨᠢ ᠨᠡᠩ ᠲᠦᠷᠭᠡᠨ᠂ ᠨᠡᠩ ᠰᠠᠶᠢᠨ ᠬᠦᠭᠵᠢᠳᠡᠭ᠃ | ᠶᠠᠭᠤᠨ ᠤ ᠡᠮᠦᠨ᠎ᠡ᠂ ᠲᠤᠭᠯᠠᠭᠠᠮ ᠢᠶᠠᠷ ᠬᠡᠣᠬᠡᠳ ᠤᠨ ᠬᠦᠳᠡᠯᠭᠡᠭᠡᠨ ᠤ ᠡᠷᠬᠡᠳᠡᠨ ᠪᠠ ᠡᠯ᠎ᠡ ᠰᠡᠷᠡᠯ ᠤᠨ | ᠡᠷᠬᠡᠳᠡᠨ ᠤ ᠵᠤᠬᠢᠴᠠᠩᠭᠤᠢ ᠬᠦᠭᠵᠢᠯᠳᠡ ᠶᠢ ᠠᠬᠢᠭᠤᠯᠵᠤ ᠴᠢᠳᠠᠳᠠᠬ᠃ ᠲᠤᠭᠯᠠᠬᠤ ᠶᠠᠪᠤᠴᠠ ᠳᠤ ᠪᠠᠨ ᠬᠡᠣᠬᠡᠳ ᠶᠠᠮᠠᠷ | ᠨᠢᠭᠡᠨ ᠡᠭᠦᠷᠭᠡ ᠶᠢ ᠬᠦᠯᠢᠶᠡᠨ ᠠᠪᠴᠤ ᠡᠷᠬᠡᠪᠰᠢ ᠴᠢᠷᠮᠠᠶᠢᠨ ᠪᠡᠶᠡᠯᠡᠭᠦᠯᠬᠦ ᠬᠡᠷᠡᠭᠳᠡᠢ ᠪᠠᠶᠢᠳᠠᠭ ᠠᠴᠠ ᠲᠡᠳᠡᠨ ᠤ ᠦᠢᠯᠡ | ᠬᠦᠳᠡᠯᠦᠯ ᠨᠢ ᠨᠡᠩ ᠵᠤᠷᠢᠯᠭ᠎ᠠ ᠲᠠᠢ᠂ ᠢᠳᠡᠪᠬᠢᠳᠡᠢ ᠪᠠᠶᠢᠳᠠᠭ᠃ ᠲᠤᠭᠯᠠᠭᠠᠮ ᠠᠴᠠ ᠲᠠᠳᠡᠨ ᠤ ᠪᠡᠶ᠎ᠡ ᠮᠠᠬᠠᠪᠤᠳ ᠤᠨ | ᠬᠦᠳᠡᠯᠭᠡᠭᠡᠨ ᠤ ᠡᠷᠬᠡᠳᠡᠨ ᠨᠢ ᠲᠤᠩ ᠰᠠᠶᠢᠨ ᠢᠶᠠᠷ ᠬᠦᠭᠵᠢᠳᠡᠭ᠃ | ᠲᠠᠷᠠᠭ᠎ᠠ ᠳᠤ ᠨᠢ᠂ ᠲᠤᠭᠯᠠᠭᠠᠮ ᠤᠨ ᠲᠤᠮᠳᠠ ᠬᠡᠣᠬᠡᠳ ᠤᠨ ᠡᠯ᠎ᠡ ᠵᠦᠢᠯ ᠤᠨ ᠰᠡᠳᠬᠢᠴᠡ ᠶᠢᠨ | ᠬᠦᠳᠡᠯᠭᠡᠭᠡᠨ ᠨᠢ ᠪᠠᠰᠠ ᠨᠡᠩ ᠲᠦᠷᠭᠡᠨ᠂ ᠨᠡᠩ ᠰᠠᠶᠢᠨ ᠬᠦᠭᠵᠢᠳᠡᠭ᠃ ᠤᠯᠠᠨ ᠲᠠᠯ᠎ᠠ ᠶᠢᠨ ᠰᠣᠳᠤᠯᠤᠯᠳᠠ ᠪᠠᠷ | ᠨᠣᠳᠠᠯᠠᠭᠰᠠᠨ ᠢᠶᠠᠷ᠂ ᠲᠤᠭᠯᠠᠭᠠᠮ ᠤᠨ ᠲᠤᠮᠳᠠ ᠬᠡᠣᠬᠡᠳ ᠤᠨ ᠬᠠᠷᠠᠭᠠᠨ ᠤ ᠮᠡᠳᠡᠷᠡᠬᠦᠢ ᠶᠢᠨ ᠰᠤᠷᠭᠤᠭ ᠴᠢᠳᠠᠪᠤᠷᠢ ᠨᠢ | ᠬᠦᠭᠵᠢᠵᠦ᠂ ᠬᠠᠷᠠᠭᠠᠨ ᠤ ᠮᠡᠳᠡᠷᠡᠬᠦᠢ ᠶᠢᠨ ᠬᠡᠪᠴᠢᠶ᠎ᠡ ᠨᠢ ᠦᠷᠭᠡᠵᠢᠨ᠂ ᠠᠨᠳᠠᠭᠤᠷᠠᠬᠤ ᠪᠠᠶᠢᠳᠠᠯ ᠨᠢ ᠢᠯᠡᠷᠬᠡᠢ | ᠪᠠᠭᠠᠰᠤᠨ᠎ᠠ᠃ ᠲᠤᠭᠯᠠᠭᠠᠮ ᠤᠨ ᠲᠤᠮᠳᠠ ᠬᠡᠣᠬᠡᠳ ᠡᠭᠦᠷᠭᠡ ᠬᠦᠯᠢᠶᠡᠭᠰᠡᠨ ᠠᠴᠠ ᠪᠣᠯᠵᠤ ᠡᠷᠬᠡᠪᠰᠢ ᠤᠬᠠᠮᠰᠠᠷ ᠲᠠᠢ᠂ | ᠵᠤᠷᠢᠯᠭ᠎ᠠ ᠲᠠᠢ᠂ ᠢᠳᠡᠪᠬᠢᠳᠡᠢ ᠪᠠᠷ ᠡᠭᠦᠷᠭᠡ ᠶᠢᠨ ᠴᠢᠬᠤᠯᠠ ᠵᠦᠢᠯ ᠢ ᠴᠡᠭᠡᠵᠢᠯᠡᠨ ᠲᠤᠭᠳᠠᠭᠠᠬᠤ ᠪᠤᠶᠤ ᠡᠷᠭᠢᠴᠡᠭᠦᠯᠦᠨ | ᠪᠤᠳᠤᠳᠠᠬ ᠠᠴᠠ ᠴᠡᠭᠡᠵᠢᠯᠡᠬᠦ ᠬᠡᠮᠵᠢᠶ᠎ᠡ ᠪᠠ ᠲᠤᠭᠳᠠᠭᠠᠬᠤ ᠪᠠᠶᠢᠳᠠᠯ ᠨᠢ ᠶᠡᠷᠦ ᠶᠢᠨ ᠪᠠᠶᠢᠳᠠᠯ ᠳᠤ ᠬᠢ ᠴᠡᠭᠡᠵᠢᠯᠡᠯ ᠠᠴᠠ | ᠬᠤᠯᠠ ᠤᠯᠠᠨ ᠪᠠᠶᠢᠳᠠᠭ᠃ ᠲᠤᠭᠯᠠᠭᠠᠮ ᠤᠨ ᠲᠤᠮᠳᠠ ᠬᠡᠣᠬᠡᠳ ᠤᠨ ᠦᠪᠡᠷᠮᠢᠴᠡ ᠴᠢᠨᠠᠷ ᠢ ᠨᠡᠩ ᠰᠠᠶᠢᠨ | ᠪᠤᠯᠪᠠᠰᠤᠷᠠᠭᠤᠯᠵᠤ᠂ ᠨᠡᠩ ᠰᠠᠶᠢᠨ ᠬᠦᠮᠦᠵᠢᠭᠦᠯᠵᠦ ᠪᠤᠯᠤᠨ᠎ᠠ᠃ ᠲᠤᠭᠯᠠᠭᠠᠮ ᠤᠨ ᠤᠯᠠᠩᠬᠢ ᠨᠢ ᠬᠠᠮᠳᠤ ᠶᠢᠨ | ᠬᠦᠳᠡᠯᠭᠡᠭᠡᠨ ᠪᠠᠶᠢᠳᠠᠭ ᠠᠴᠠ ᠬᠦᠳᠡᠯᠭᠡᠭᠡᠨ ᠤ ᠲᠤᠮᠳᠠ ᠬᠡᠣᠬᠡᠳ ᠲᠤᠭᠯᠠᠭᠠᠮ ᠤᠨ ᠲᠦᠷᠢᠮ ᠢ ᠰᠠᠬᠢᠬᠤ ᠶᠢ ᠰᠤᠷᠬᠤ | ᠪᠦᠭᠡᠳ ᠲᠤᠭᠯᠠᠭᠠᠮ ᠤᠨ ᠡᠭᠦᠷᠭᠡ ᠪᠠᠨ ᠪᠡᠶᠡᠯᠡᠭᠦᠯᠬᠦ ᠨᠢ ᠬᠡᠣᠬᠡᠳ ᠤᠨ ᠵᠠᠩ ᠠᠷᠠᠨᠰᠢᠨ ᠪᠠ ᠡᠷᠴᠢ ᠵᠤᠷᠢᠭ᠂ ᠠᠷᠭ᠎ᠠ | ᠰᠠᠮᠪᠠᠭ᠎ᠠ ᠶᠢ ᠬᠦᠮᠦᠵᠢᠭᠦᠯᠳᠡᠭ᠃ ᠲᠤᠭᠯᠠᠭᠠᠮ ᠤᠨ ᠶᠠᠪᠤᠴᠠ ᠳᠤ ᠬᠡᠣᠬᠡᠳ ᠤᠨ ᠪᠤᠰᠤᠳ ᠰᠡᠷᠡᠯ ᠤᠨ ᠡᠷᠬᠡᠳᠡᠨ ᠨᠢ | ᠰᠡᠳᠬᠢᠴᠡ ᠶᠢᠨ ᠬᠦᠳᠡᠯᠭᠡᠭᠡᠨ ᠳᠤ ᠢᠳᠡᠪᠬᠢᠳᠡᠢ ᠤᠷᠤᠯᠴᠠᠨ ᠲᠤᠰ ᠲᠤᠰ ᠤᠨ ᠬᠦᠭᠵᠢᠯᠳᠡ ᠪᠠᠨ ᠤᠯᠵᠤ ᠴᠢᠳᠠᠳᠠᠬ᠃ | ᠡᠶᠢᠮᠦ ᠠᠴᠠ ᠲᠤᠭᠯᠠᠭᠠᠮ ᠨᠢ ᠬᠡᠣᠬᠡᠳ ᠤᠨ ᠲᠠᠭᠤ ᠴᠢᠮᠡᠭᠡ ᠶᠢ ᠢᠯᠭᠠᠨ ᠲᠠᠨᠢᠬᠤ ᠴᠢᠳᠠᠪᠤᠷᠢ ᠶᠢ ᠠᠬᠢᠭᠤᠯᠬᠤ᠂ | ᠦᠭᠡ ᠬᠡᠯᠡᠨ ᠤ ᠰᠤᠯᠢᠯᠴᠠᠭᠠᠨ ᠤ ᠴᠢᠳᠠᠪᠤᠷᠢ ᠶᠢ ᠠᠬᠢᠭᠤᠯᠬᠤ ᠪᠠᠷ ᠲᠠᠮᠵᠢᠨ ᠶᠡᠭᠡ ᠲᠠᠷᠢᠬᠢᠨ ᠤ ᠠᠵᠢᠯᠯᠠᠭ᠎ᠠ ᠶᠢ | ᠰᠠᠶᠢᠵᠢᠷᠠᠭᠤᠯᠵᠤ ᠲᠠᠷᠢᠬᠢᠨ ᠤ ᠪᠤᠶᠢᠵᠢᠯᠳᠠ ᠳᠤ ᠲᠤᠩ ᠶᠡᠭᠡ ᠢᠳᠡᠪᠬᠢ ᠦᠢᠯᠡᠳᠦᠯ ᠦᠵᠡᠭᠦᠯᠳᠡᠭ᠃ ᠲᠤᠭᠯᠠᠭᠠᠮ ᠳᠤ | ᠤᠷᠤᠯᠴᠠᠬᠤ ᠶᠢ ᠲᠠᠭᠠᠯᠳᠤᠨ ᠬᠡᠣᠬᠡᠳ ᠤᠨ ᠰᠡᠳᠬᠢᠭᠦᠢ ᠶᠢᠨ ᠴᠢᠳᠠᠪᠤᠷᠢ᠂ ᠠᠩᠬᠠᠷᠬᠤᠢ ᠶᠢᠨ ᠴᠢᠳᠠᠪᠤᠷᠢ᠂ ᠡᠭᠦᠳᠦᠨ | ᠪᠦᠳᠦᠭᠡᠬᠦ ᠴᠢᠳᠠᠪᠤᠷᠢ᠂ ᠬᠤᠯᠪᠤᠨ ᠪᠤᠳᠤᠬᠤ ᠴᠢᠳᠠᠪᠤᠷᠢ᠂ ᠬᠤᠷᠰᠢᠨ ᠠᠵᠢᠯᠯᠠᠬᠤ ᠴᠢᠳᠠᠪᠤᠷᠢ ᠨᠢ ᠵᠡᠷᠭᠡ ᠪᠠᠷ | ᠬᠦᠭᠵᠢᠨ ᠲᠡᠭᠦᠯᠳᠡᠷᠵᠢᠳᠡᠭ ᠪᠦᠭᠡᠳ ᠲᠡᠳᠡᠨ ᠤ ᠲᠤᠷ᠎ᠠ ᠰᠤᠨᠢᠷᠬᠠᠯ ᠤᠨ ᠨᠠᠬᠢᠶᠠᠯᠠᠯ᠂ ᠰᠤᠷᠤᠯᠴᠠᠬᠤ ᠰᠤᠨᠢᠷᠬᠠᠯ ᠤᠨ | ᠡᠭᠦᠰᠦᠯ ᠴᠦ ᠪᠦᠷ ᠲᠤᠭᠯᠠᠭᠠᠮ ᠠᠴᠠ ᠡᠬᠢᠯᠡᠨ ᠪᠣᠢ ᠪᠣᠯᠳᠠᠭ ᠶᠤᠮ᠃ | ᠭᠡᠳᠡᠯ᠎ᠡ ᠲᠤᠭᠯᠠᠭᠠᠮ ᠤᠨ ᠬᠡᠣᠬᠡᠳ ᠤᠨ ᠪᠡᠶ᠎ᠡ ᠰᠡᠳᠬᠢᠴᠡ ᠶᠢᠨ ᠬᠦᠭᠵᠢᠯᠳᠡ ᠳᠤ ᠦᠵᠡᠭᠦᠯᠬᠦ ᠦᠢᠯᠡᠳᠦᠯ ᠨᠢ | ᠠᠶᠠᠨᠳᠠᠭᠠᠨ ᠪᠡᠶᠡᠯᠡᠭᠳᠡᠴᠢᠬᠡᠬᠦ ᠪᠢᠰᠢ᠂ ᠬᠠᠷᠢᠨ ᠭᠡᠷ ᠤᠨ ᠠᠬᠠᠮᠠᠳ ᠪᠤᠶᠤ ᠪᠠᠭᠰᠢ ᠨᠠᠷ ᠠᠴᠠ ᠰᠠᠨᠠᠭᠠᠴᠢᠯᠠᠭ᠎ᠠ ᠲᠠᠢ | ᠵᠤᠬᠢᠶᠠᠨ ᠪᠠᠶᠢᠭᠤᠯᠬᠤ ᠪᠠ ᠵᠦᠪ ᠤᠨᠤᠪᠴᠢᠳᠤ ᠵᠢᠯᠤᠭᠤᠳᠤᠯᠭ᠎ᠠ ᠲᠠᠢ ᠰᠢᠭᠤᠳ ᠬᠤᠯᠪᠤᠭ᠎ᠠ ᠲᠠᠢ ᠪᠠᠶᠢᠳᠠᠭ᠃ ᠲᠠᠷᠤᠢ | ᠰᠠᠶᠢᠳᠤᠷ ᠲᠦᠰᠦᠪᠯᠡᠨ ᠵᠤᠬᠢᠶᠠᠨ ᠪᠠᠶᠢᠭᠤᠯᠤᠭᠰᠠᠨ ᠲᠤᠭᠯᠠᠭᠠᠮ ᠨᠢ ᠡᠶᠢᠮᠦᠷᠬᠦᠤ ᠬᠦᠮᠦᠵᠢᠯ ᠤᠨ ᠵᠤᠷᠢᠯᠭ᠎ᠠ ᠳᠤ | ᠬᠦᠷᠴᠦ ᠲᠡᠶᠢᠯᠦᠨ᠎ᠡ᠂ ᠭᠡᠬᠦ ᠳᠤ ᠪᠠᠨ ᠲᠤᠮᠤ ᠬᠦᠮᠦᠰ ᠡᠵᠡᠨ ᠮᠡᠳᠡᠵᠦ ᠲᠤᠭᠯᠠᠭᠤᠯᠬᠤ᠂ ᠤᠷᠤᠯᠠᠨ ᠭᠦᠢᠴᠡᠳᠬᠡᠬᠦ | ᠪᠤᠶᠤ ᠬᠡᠣᠬᠡᠳ ᠤᠨ ᠲᠤᠭᠯᠠᠭᠠᠮ ᠢ ᠲᠤᠷ᠎ᠠ ᠲᠠᠪᠠ ᠪᠠᠷ ᠢᠶᠠᠨ ᠬᠤᠷᠢᠭᠯᠠᠨ ᠵᠤᠭᠰᠤᠭᠠᠵᠤ ᠨᠡᠩ ᠪᠣᠯᠳᠠᠭ ᠦᠭᠡᠢ᠃ | ᠤᠳᠤ ᠵᠠᠷᠢᠮ ᠭᠡᠷ ᠤᠨ ᠠᠬᠠᠮᠠᠳ ᠪᠤᠶᠤ ᠪᠠᠭᠰᠢ ᠠᠴᠠ ᠡᠷᠳᠡ ᠪᠢᠴᠢᠭ ᠡᠷᠳᠡᠮ ᠰᠤᠷᠭᠠᠬᠤ ᠭᠡᠵᠦ ᠬᠡᠣᠬᠡᠳ ᠲᠤ | ᠪᠠᠭ᠎ᠠ ᠠᠴᠠ ᠨᠢ ᠲᠤᠭ᠎ᠠ ᠵᠢᠭᠠᠬᠤ᠂ ᠴᠠᠭᠠᠨ ᠲᠤᠯᠤᠭᠠᠢ ᠵᠢᠭᠠᠬᠤ᠂ ᠠᠩᠭ᠍ᠯᠢ ᠬᠡᠯᠡ ᠰᠤᠷᠭᠠᠬᠤ ᠭᠡᠵᠦ ᠦᠢᠯᠡ ᠶᠢ ᠨᠢ | ᠪᠠᠷᠠᠵᠤ ᠪᠠᠶᠢᠬᠤ ᠨᠢ ᠬᠡᠣᠬᠡᠳ ᠤᠨ ᠲᠠᠷᠢᠬᠢᠨ ᠤ ᠬᠦᠭᠵᠢᠯᠳᠡ ᠶᠢ ᠬᠠᠷᠰᠢᠯᠠᠵᠤ ᠪᠠᠶᠢᠭ᠎ᠠ ᠶᠠᠪᠤᠳᠠᠯ ᠪᠣᠯᠬᠤ ᠶᠤᠮ᠃ | ᠬᠡᠣᠬᠡᠳ ᠲᠤ ᠬᠡᠳᠦ ᠡᠷᠳᠡ ᠠᠴᠠ ᠦᠰᠦᠭ ᠪᠢᠴᠢᠭ ᠢ ᠠᠯᠪᠠ ᠪᠠᠷ ᠲᠠᠨᠢᠭᠤᠯᠬᠤ ᠭᠡᠵᠦ ᠣᠷᠤᠯᠳᠤᠬᠤ ᠨᠢ ᠬᠡᠣᠬᠡᠳ ᠤᠨ | ᠲᠡᠷᠢᠬᠢ ᠮᠡᠳᠡᠷᠡᠯ ᠤᠨ ᠬᠦᠯᠢᠶᠡᠨ ᠠᠪᠬᠤ ᠵᠢᠮ᠎ᠡ ᠶᠤᠰᠤ ᠪᠠ ᠦᠰᠦᠨ ᠪᠤᠶᠢᠵᠢᠯᠳᠠ ᠶᠢᠨ ᠵᠢᠮ᠎ᠡ ᠶᠤᠰᠤ ᠲᠠᠢ ᠨᠡᠶᠢᠴᠡᠬᠦ | ᠦᠭᠡᠢ ᠠᠵᠢᠯᠯᠠᠭ᠎ᠠ ᠪᠤᠯᠤᠨ᠎ᠠ᠃ ᠬᠠᠷᠢᠨ ᠬᠡᠣᠬᠡᠳ ᠤᠨ ᠨᠠᠰᠤᠨ ᠳᠤ ᠨᠢ ᠲᠤᠬᠢᠷᠠᠭᠰᠠᠨ ᠨᠠᠭᠠᠳᠤᠮ ᠲᠤᠭᠯᠠᠭᠠᠮ ᠢ | ᠰᠤᠩᠭᠤᠨ ᠦᠭᠴᠦ᠂ ᠰᠠᠶᠢᠳᠤᠷ ᠨᠠᠭᠠᠳᠤᠭᠤᠯᠬᠤ ᠪᠣᠯ ᠰᠠᠶ᠋ᠢ ᠵᠦᠪ ᠬᠦᠮᠦᠵᠢᠯ ᠤᠨ ᠠᠷᠭ᠎ᠠ ᠠᠪᠴᠠᠯ ᠶᠤᠮ᠃ ᠮᠦᠨ | ᠴᠦ ᠴᠡᠴᠡᠷᠯᠢᠭ ᠤᠨ ᠪᠠᠭᠰᠢ ᠠᠴᠠ ᠰᠠᠨᠠᠭᠠᠴᠢᠯᠠᠭ᠎ᠠ ᠲᠠᠢ ᠪᠠᠷ ᠬᠡᠣᠬᠡᠳ ᠤᠨ ᠢᠶᠠᠨ ᠨᠠᠰᠤᠨ ᠤ ᠤᠨᠴᠠᠯᠢᠭ ᠢ | ᠦᠨᠳᠦᠰᠦᠯᠡᠨ ᠪᠦᠳᠦᠭᠡᠯᠴᠢ ᠴᠢᠨᠠᠷ ᠲᠠᠢ᠂ ᠬᠠᠮᠳᠤᠷᠠᠯᠴᠠᠭᠠᠨ ᠤ ᠴᠢᠨᠠᠷ ᠲᠠᠢ᠂ ᠬᠦᠳᠡᠯᠭᠡᠭᠡᠨ ᠤ ᠴᠢᠨᠠᠷ ᠲᠠᠢ ᠤᠯᠠᠨ | ᠵᠦᠢᠯ ᠤᠨ ᠲᠤᠭᠯᠠᠭᠠᠮ ᠢ ᠲᠦᠰᠦᠪᠯᠡᠨ ᠵᠤᠬᠢᠶᠠᠵᠤ᠂ ᠲᠦᠯᠦᠪᠯᠡᠭᠡ ᠲᠠᠢ ᠪᠠᠷ ᠵᠤᠬᠢᠶᠠᠨ ᠪᠠᠶᠢᠭᠤᠯᠵᠤ᠂ ᠬᠡᠣᠬᠡᠳ ᠢ | ᠬᠠᠨᠳᠠᠯ᠎ᠠ ᠨᠠᠭᠠᠳᠤᠭᠤᠯᠬᠤ ᠨᠢ ᠲᠡᠳᠡᠨ ᠤ ᠪᠡᠶ᠎ᠡ ᠮᠠᠬᠠᠪᠤᠳ ᠡᠷᠡᠭᠦᠯ ᠴᠢᠬᠢᠷᠠᠭ᠂ ᠰᠡᠳᠬᠢᠯ ᠰᠠᠨᠠᠭ᠎ᠠ ᠨᠢ ᠪᠠᠶᠠᠷ | ᠬᠦᠷ ᠲᠠᠢ ᠪᠠᠷ ᠦᠰᠦᠨ ᠪᠤᠶᠢᠵᠢᠬᠤ ᠳᠤ ᠮᠠᠰᠢ ᠶᠡᠭᠡ ᠲᠤᠰᠠ ᠪᠤᠯᠳᠠᠬ᠃ ᠵᠢᠱᠢᠶᠡᠯᠡᠪᠡᠯ᠂ ᠬᠦᠳᠡᠯᠭᠡᠭᠡᠨ ᠤ ᠴᠢᠨᠠᠷ ᠲᠠᠢ | ᠲᠤᠭᠯᠠᠭᠠᠮ ᠤᠨ ᠲᠤᠮᠳᠠ ᠬᠡᠣᠬᠡᠳ ᠤᠨ ᠠᠯᠬᠤᠬᠤ᠂ ᠭᠦᠶᠦᠬᠦ᠂ ᠦᠰᠦᠷᠬᠦ᠂ ᠠᠪᠠᠷᠢᠬᠤ᠂ ᠰᠢᠳᠡᠬᠦ ᠵᠡᠷᠭᠡ | ᠦᠨᠳᠦᠰᠦᠨ ᠬᠦᠳᠡᠯᠦᠯ ᠢ ᠪᠣᠯᠪᠠᠰᠤᠷᠠᠭᠤᠯᠬᠤ ᠪᠠᠷ ᠲᠠᠮᠵᠢᠭᠤᠯᠤᠨ ᠬᠡᠣᠬᠡᠳ ᠤᠨ ᠬᠦᠳᠡᠯᠦᠯᠢ ᠨᠡᠩ ᠤᠨᠤᠪᠴᠢᠳᠡᠢ᠂ | ᠨᠡᠩ ᠱᠠᠯᠠᠮᠠᠭᠠᠢ᠂ ᠨᠡᠩ ᠪᠦᠷᠢᠨ ᠪᠦᠳᠦᠨ ᠪᠣᠯᠭᠠᠬᠤ ᠪᠠᠷ ᠪᠠᠷᠠᠬᠤ ᠦᠭᠡᠢ ᠬᠡᠣᠬᠡᠳ ᠢ ᠡᠷᠡᠯᠬᠡᠭ ᠵᠤᠷᠢᠭ ᠲᠠᠢ᠂ | ᠲᠠᠭᠠᠭᠠᠮᠠᠭᠠᠢ ᠵᠠᠩ ᠴᠢᠨᠠᠷ ᠲᠠᠢ᠂ ᠬᠠᠮᠳᠤᠷᠠᠨ ᠬᠤᠷᠰᠢᠬᠤ ᠴᠢᠳᠠᠪᠤᠷᠢ ᠲᠠᠢ ᠪᠤᠯᠭᠠᠨ ᠬᠦᠮᠦᠵᠢᠭᠦᠯᠵᠦ ᠲᠡᠶᠢᠯᠬᠦ ᠶᠤᠮ᠃ | ᠲᠦᠷᠪᠡ᠂ ᠴᠡᠴᠡᠷᠯᠢᠭ ᠤᠨ ᠬᠦᠮᠦᠵᠢᠯ ᠨᠢ ᠪᠣᠳᠠᠳᠠᠢ ᠠᠮᠢᠳᠤᠷᠠᠯ ᠲᠠᠢ ᠨᠢᠭᠳᠠ ᠤᠶᠠᠯᠳᠤᠬᠤ ᠬᠡᠷᠡᠭᠳᠡᠢ | ᠶᠠᠮᠠᠷᠪᠠ ᠬᠦᠮᠦᠵᠢᠯ ᠴᠤ ᠠᠮᠢᠳᠤᠷᠠᠯ ᠲᠠᠢ ᠨᠢᠭᠳᠠ ᠤᠶᠠᠯᠳᠤᠬᠤ ᠴᠢᠬᠤᠯᠠ ᠲᠠᠢ᠂ ᠠᠮᠢᠳᠤᠷᠠᠯ ᠠᠴᠠ | ᠰᠠᠯᠤᠩᠬᠢᠷᠠᠭᠰᠠᠨ ᠬᠦᠮᠦᠵᠢᠯ ᠨᠢ ᠪᠦᠷᠢᠨ ᠪᠦᠳᠦᠨ ᠬᠦᠮᠦᠵᠢᠯ ᠪᠢᠰᠢ᠃ ᠬᠦᠮᠦᠨ ᠦᠰᠦᠨ ᠪᠤᠶᠢᠵᠢᠭᠠᠳ ᠡᠴᠦᠰ ᠤᠨ | ᠡᠴᠦᠰ ᠲᠤ ᠪᠠᠨ ᠬᠠᠰᠢᠯᠠ ᠪᠣᠳᠠᠳᠡᠢ ᠨᠡᠶᠢᠭᠡᠮ ᠤᠨ ᠨᠢᠭᠡᠨ ᠪᠦᠷᠢᠯᠳᠤᠭᠦᠨ᠂ ᠨᠡᠶᠢᠭᠡᠮ ᠳᠤ ᠲᠤᠰᠠ ᠲᠠᠢ ᠬᠦᠮᠦᠨ | ᠪᠣᠯᠬᠤ ᠬᠡᠷᠡᠭᠳᠡᠢ᠃ ᠣᠳᠤ ᠶᠢᠨ ᠵᠠᠷᠢᠮ ᠭᠡᠷ ᠤᠨ ᠠᠬᠠᠮᠠᠳ ᠬᠡᠣᠬᠡᠳ ᠢᠶᠠᠨ ᠲᠤᠮᠤ ᠪᠤᠯᠤᠭᠠᠳ ᠡᠷᠳᠡᠮ ᠮᠡᠳᠡᠯᠭᠡ ᠲᠠᠢ | ᠬᠦᠮᠦᠨ ᠪᠣᠯᠪᠠᠯ ᠪᠣᠯᠴᠢᠬᠠᠨ᠎ᠠ᠂ ᠪᠢᠴᠢᠭ ᠡᠷᠳᠡᠮ ᠢᠶᠠᠨ ᠰᠠᠶᠢᠨ ᠰᠤᠷᠪᠠᠯ ᠪᠤᠰᠤᠳ ᠶᠠᠪᠤᠳᠠᠯ ᠨᠢ ᠬᠠᠮᠢᠶ᠎ᠠ ᠦᠭᠡᠢ ᠭᠡᠵᠦ | ᠦᠵᠡᠨ᠂ ᠬᠡᠣᠬᠡᠳ ᠲᠤ ᠪᠠᠨ ᠬᠠᠷᠠᠬᠠᠨ ᠪᠠᠭ᠎ᠠ ᠠᠴᠠ ᠨᠢ ᠠᠮᠢᠳᠤᠷᠠᠯ ᠤᠨ ᠡᠩ ᠤᠨ ᠮᠡᠳᠡᠯᠭᠡ ᠰᠤᠷᠭᠠᠬᠤ ᠶᠢ ᠲᠡᠳᠤᠢ | ᠴᠢᠬᠤᠯᠠᠴᠢᠯᠠᠨ ᠦᠵᠡᠳᠡᠭ ᠦᠭᠡᠢ ᠠᠴᠠ ᠦᠨᠳᠦᠷ ᠮᠡᠳᠡᠯᠭᠡ ᠲᠠᠢ ᠪᠣᠯᠪᠠᠴᠤ ᠠᠮᠢᠳᠤᠷᠠᠯ ᠤᠨ ᠴᠢᠳᠠᠪᠤᠷᠢ ᠲᠤᠷᠤᠢ | ᠬᠡᠣᠬᠡᠳ ᠮᠠᠰᠢ ᠤᠯᠠᠨ ᠬᠦᠮᠦᠵᠢᠭᠳᠡᠨ ᠭᠠᠷᠴᠠᠢ᠃ ᠵᠠᠷᠢᠮ ᠬᠡᠣᠬᠡᠳ ᠶᠡᠭᠡ ᠰᠤᠷᠭᠠᠭᠤᠯᠢ ᠳᠤ ᠤᠷᠤᠴᠢᠬᠠᠭᠠᠳ | ᠤᠶᠢᠮᠤᠰᠤ ᠪᠠᠨ ᠤᠭᠢᠶᠠᠬᠤ ᠪᠠᠨ ᠮᠡᠳᠡᠬᠦ ᠦᠭᠡᠢ᠂ ᠭᠡᠷ ᠢᠶᠠᠨ ᠴᠡᠪᠡᠷᠯᠡᠵᠦ ᠴᠢᠳᠠᠬᠤ ᠦᠭᠡᠢ᠂ ᠤᠷᠤ ᠲᠡᠪᠢᠰᠭᠡᠷ ᠢᠶᠠᠨ | ᠴᠦ ᠬᠤᠷᠢᠶᠠᠵᠤ ᠴᠢᠳᠠᠬᠤ ᠦᠭᠡᠢ᠂ ᠵᠤᠭᠤᠰ ᠮᠦᠩᠭᠦ ᠪᠠᠨ ᠴᠦ ᠲᠦᠯᠦᠪᠯᠡᠨ ᠵᠠᠷᠤᠵᠤ ᠴᠢᠳᠠᠬᠤ ᠦᠭᠡᠢ ᠪᠠᠶᠢᠳᠠᠯ ᠨᠢ | ᠬᠦᠮᠦᠰ ᠤᠨ ᠭᠠᠶᠢᠬᠠᠰᠢ ᠶᠢ ᠲᠦᠷᠦᠭᠦᠯᠦᠨ᠎ᠡ᠃ ᠡᠨᠡ ᠪᠤᠯ ᠰᠤᠷᠭᠠᠨ ᠬᠦᠮᠦᠵᠢᠯ ᠨᠢ ᠦᠨᠳᠦᠰᠦ ᠪᠠᠨ ᠠᠯᠳᠠᠭᠰᠠᠨ᠂ | ᠣᠷᠤᠰᠢᠨ ᠲᠤᠭᠳᠠᠨᠢᠬᠤ ᠰᠠᠭᠤᠷᠢ ᠪᠠᠨ ᠠᠯᠳᠠᠭᠰᠠᠨ ᠶᠠᠪᠤᠳᠠᠯ ᠪᠤᠯᠤᠨ᠎ᠠ᠃ ᠡᠶᠢᠮᠦ ᠠᠴᠠ ᠴᠡᠴᠡᠷᠯᠢᠭ ᠤᠨ ᠬᠡᠣᠬᠡᠳ ᠢ | ᠡᠩ ᠤᠨ ᠠᠮᠢᠳᠤᠷᠠᠯ ᠤᠨ ᠲᠤᠮᠳᠠ ᠲᠠᠪᠳᠠᠨ ᠪᠣᠯᠪᠠᠰᠤᠷᠠᠭᠤᠯᠬᠤ ᠴᠢᠬᠤᠯᠠ ᠲᠠᠢ᠃ ᠴᠡᠴᠡᠷᠯᠢᠭ ᠤᠨ ᠪᠠᠭᠰᠢ ᠠᠴᠠ | ᠬᠡᠣᠬᠡᠳ ᠤᠨ ᠪᠠᠶᠢᠳᠠᠯ ᠢ ᠨᠠᠷᠢᠨ ᠤᠶᠢᠯᠠᠭᠠᠭᠰᠠᠨ ᠰᠠᠭᠤᠷᠢᠨ ᠲᠡᠭᠡᠷ᠎ᠡ ᠭᠡᠷ ᠤᠨ ᠠᠬᠠᠮᠠᠳ ᠲᠤ ᠦᠨᠡᠨ ᠮᠦᠨ ᠢᠶᠠᠷ ᠨᠢ | ᠲᠤᠰᠬᠠᠨ ᠬᠡᠣᠬᠡᠳ ᠢ ᠬᠦᠮᠦᠵᠢᠭᠦᠯᠬᠦ ᠬᠠᠷᠠᠯᠳᠠ ᠶᠢ ᠶᠠᠷᠢᠯᠴᠠᠵᠤ ᠲᠤᠭᠳᠠᠭᠠᠨ᠎ᠠ᠃ ᠬᠡᠣᠬᠡᠳ ᠤᠨ ᠲᠠᠪᠠᠭᠤᠯᠢᠭ ᠨᠢ | ᠶᠠᠭᠤ ᠪᠠᠶᠢᠬᠤ᠂ ᠠᠯᠢ ᠲᠠᠯ᠎ᠠ ᠪᠠᠷ ᠢᠯᠡᠭᠦᠦ ᠠᠩᠬᠠᠷᠤᠯ ᠳᠤ ᠪᠠᠨ ᠠᠪᠴᠤ ᠵᠢᠭᠠᠨ ᠵᠢᠯᠤᠭᠤᠳᠬᠤ ᠶᠢ ᠨᠠᠷᠢᠨ ᠨᠢᠮᠪᠠᠢ | ᠰᠤᠳᠤᠯᠵᠤ ᠵᠤᠷᠢᠯᠭ᠎ᠠ ᠲᠠᠢ ᠬᠦᠮᠦᠵᠢᠯ ᠬᠢᠪᠡᠯ ᠵᠤᠬᠢᠨ᠎ᠠ᠃ ᠪᠠᠭᠰᠢ ᠠᠴᠠ ᠭᠡᠷ ᠤᠨ ᠠᠬᠠᠮᠠᠳ ᠲᠠᠢ ᠪᠠᠶᠢᠩᠭᠤ | ᠬᠠᠷᠢᠴᠠᠵᠤ ᠬᠡᠣᠬᠡᠳ ᠤᠨ ᠭᠡᠷ ᠪᠦᠯᠢ ᠳᠤ ᠬᠢ ᠢᠯᠡᠷᠡᠯ ᠢ ᠠᠰᠠᠭᠤᠨ ᠯᠠᠪᠯᠠᠵᠤ ᠬᠦᠮᠦᠵᠢᠭᠦᠯᠬᠦ ᠠᠷᠭ᠎ᠠ ᠮᠠᠶ᠋ᠢᠭ ᠢᠶᠠᠨ | ᠰᠦᠪᠡᠭᠴᠢᠯᠡᠨ ᠰᠤᠳᠤᠯᠵᠤ᠂ ᠭᠡᠷ ᠤᠨ ᠠᠬᠠᠮᠠᠳ ᠲᠤ ᠴᠦ ᠬᠡᠣᠬᠡᠳ ᠢ ᠬᠡᠷᠬᠢᠨ ᠬᠦᠮᠦᠵᠢᠭᠦᠯᠪᠡᠯ ᠰᠠᠶᠢᠨ ᠪᠠᠶᠢᠬᠤ | ᠲᠤᠬᠠᠢ ᠪᠣᠳᠤᠯ ᠰᠠᠨᠠᠯ ᠢᠶᠠᠨ ᠰᠠᠶᠢᠳᠤᠷ ᠰᠤᠯᠢᠯᠴᠠᠬᠤ ᠪᠣᠯ ᠰᠤᠷᠭᠠᠨ ᠬᠦᠮᠦᠵᠢᠭᠦᠯᠬᠦ ᠠᠵᠢᠯ ᠢ ᠠᠬᠢᠯᠳᠠ | ᠲᠠᠪᠰᠢᠯᠳᠠ ᠲᠠᠢ ᠪᠣᠯᠭᠠᠬᠤ ᠰᠠᠶᠢᠨ ᠠᠷᠭ᠎ᠠ ᠵᠠᠮ ᠮᠦᠨ᠃ ᠴᠡᠴᠡᠷᠯᠢᠭ ᠤᠨ ᠠᠵᠢᠯᠯᠠᠭᠠᠨ ᠬᠦᠳᠡᠯᠭᠡᠭᠡᠨ ᠢ | ᠦᠷᠨᠢᠭᠦᠯᠬᠦ ᠳᠤ ᠪᠠᠨ ᠴᠦ ᠬᠡᠤᠬᠡᠳ ᠤᠨ ᠨᠠᠰᠤᠨ ᠤ ᠤᠨᠴᠠᠯᠢᠭ ᠢ ᠦᠨᠳᠦᠰᠦᠯᠡᠨ ᠠᠭᠤᠷ ᠠᠮᠢᠰᠬᠤᠯ ᠲᠤᠯᠠᠭᠠᠨ | ᠦᠶ᠎ᠡ ᠳᠤ ᠢᠯᠡᠭᠦᠦ ᠰᠢᠭ ᠭᠠᠳᠠᠨ᠎ᠠ ᠨᠠᠭᠠᠳᠤᠭᠤᠯᠵᠤ᠂ ᠡᠪᠡᠰᠦ ᠤᠷᠭᠤᠮᠠᠯ᠂ ᠬᠤᠷᠤᠬᠠᠢ ᠰᠢᠪᠡᠵᠢ ᠶᠢ | ᠠᠵᠢᠭᠯᠠᠭᠤᠯᠤᠨ᠂ ᠴᠢᠯᠠᠭᠤ ᠰᠢᠷᠤᠢ ᠲᠡᠭᠡᠷ᠎ᠡ ᠨᠠᠭᠠᠳᠤᠭᠤᠯᠵᠤ᠂ ᠪᠤᠷᠤᠭᠠᠨ᠂ ᠰᠠᠯᠬᠢᠨ᠂ ᠰᠢᠭᠦᠳᠡᠷᠢ᠂ ᠴᠠᠰᠤ᠂ | ᠬᠢᠷᠠᠭᠤ᠂ ᠣᠰᠤ᠂ ᠮᠦᠰᠦ ᠵᠡᠷᠭᠡ ᠪᠠᠶᠢᠭᠠᠯᠢ ᠶᠢᠨ ᠪᠤᠳᠠᠰ ᠤᠨ ᠬᠤᠪᠢᠷᠠᠯ ᠦᠵᠡᠭᠳᠡᠯ ᠢ ᠪᠡᠶᠡᠳᠡᠨ ᠲᠠᠨᠢᠭᠤᠯᠬᠤ ᠶᠢ | ᠠᠩᠬᠠᠷᠤᠨ ᠬᠡᠣᠬᠡᠳ ᠲᠤ ᠡᠬᠡ ᠪᠠᠶᠢᠭᠠᠯᠢ ᠶᠢᠨ ᠬᠤᠪᠢᠷᠠᠯ ᠤᠨ ᠵᠢᠮ᠎ᠡ᠂ ᠠᠭᠤᠷ ᠠᠮᠢᠰᠬᠤᠯ ᠤᠨ ᠬᠤᠪᠢᠷᠠᠯᠳᠠ ᠶᠢ | ᠲᠠᠭᠠᠯᠳᠤᠨ ᠤᠷᠭᠤᠮᠠᠯ ᠴᠦ ᠬᠤᠪᠢᠷᠠᠯᠳᠠ ᠡᠭᠦᠰᠬᠦ ᠵᠡᠷᠭᠡ ᠶᠢ ᠦᠵᠡᠭᠦᠯᠦᠨ ᠶᠠᠷᠢᠵᠤ ᠲᠠᠶᠢᠯᠪᠦᠷᠢᠯᠡᠵᠦ ᠦᠭᠬᠦ ᠪᠣᠯ | ᠲᠦᠢᠯ ᠤᠨ ᠶᠡᠭᠡ ᠠᠴᠢ ᠲᠤᠰᠠ ᠲᠠᠢ ᠠᠵᠢᠯᠯᠠᠭ᠎ᠠ ᠶᠤᠮ᠃ ᠨᠦᠭᠦᠴᠡᠯ ᠲᠠᠢ ᠪᠣᠯ ᠬᠦᠳᠡᠭᠡ ᠶᠠᠪᠤᠵᠤ ᠵᠢᠭᠦᠷᠳᠡᠨ | ᠠᠮᠢᠳᠠᠨ᠂ ᠲᠠᠪᠤᠨ ᠬᠤᠰᠢᠭᠤ ᠮᠠᠯ᠂ ᠬᠦᠳᠡᠭᠡ ᠶᠢᠨ ᠠᠮᠢᠳᠤᠷᠠᠯ ᠠᠬᠤᠢ ᠳᠤ ᠤᠶᠢᠷᠠᠳᠤᠭᠤᠯᠵᠤ᠂ ᠮᠠᠯᠴᠢᠨ | ᠠᠷᠠᠳ ᠤᠨ ᠠᠮᠢᠳᠤᠷᠠᠯ ᠢ ᠦᠵᠡᠭᠦᠯᠵᠦ ᠲᠠᠨᠢᠭᠤᠯᠵᠤ ᠪᠠᠶᠢᠬᠤᠨᠢ ᠬᠡᠣᠬᠡᠳ ᠢ ᠬᠡᠷᠡᠭ ᠪᠤᠳᠠᠰ ᠢ ᠠᠵᠢᠭᠯᠠᠬᠤ᠂ | ᠴᠡᠭᠡᠵᠢᠯᠡᠬᠦ᠂ ᠠᠩᠬᠠᠷᠬᠤ ᠪᠠ ᠪᠡᠶ᠎ᠡ ᠪᠠᠨ ᠲᠠᠭᠠᠭᠠᠵᠤ ᠰᠡᠳᠬᠢᠨ ᠪᠤᠳᠤᠯᠬᠢᠯᠠᠬᠤ ᠴᠢᠳᠠᠪᠤᠷᠢ ᠲᠠᠢ ᠪᠤᠯᠭᠠᠵᠤ᠂ ᠲᠡᠳᠡᠨ ᠤ | ᠰᠢᠯᠢᠳᠡᠭ ᠰᠠᠶᠢᠨ ᠦᠪᠡᠷᠮᠢᠴᠡ ᠵᠠᠩ ᠴᠢᠨᠠᠷ ᠢ ᠬᠦᠮᠦᠵᠢᠭᠦᠯᠦᠨ᠂ ᠤᠷᠴᠢᠨ ᠪᠠᠶᠢᠭᠠᠯᠢ ᠶᠢᠨ ᠲᠤᠬᠠᠢ ᠲᠠᠨᠢᠯᠳᠠ ᠶᠢ ᠨᠢ | ᠭᠦᠨᠵᠡᠭᠡᠶᠢᠷᠡᠭᠦᠯᠦᠨ᠂ ᠠᠮᠢᠳᠤᠷᠠᠯ ᠤᠨ ᠮᠡᠳᠡᠯᠭᠡ ᠲᠤᠷᠰᠢᠯᠭ᠎ᠠ ᠶᠢ ᠨᠢ ᠨᠡᠮᠡᠭᠳᠡᠭᠦᠯᠳᠡᠭ᠃ ᠬᠡᠣᠬᠡᠳ ᠪᠠᠶᠢᠭᠠᠯᠢᠲ᠋ᠠᠢ | ᠤᠶᠢᠷᠠᠳᠴᠤ ᠢᠷᠡᠬᠦ ᠪᠠᠷ ᠰᠤᠨᠢᠭᠤᠴᠢ ᠰᠡᠳᠬᠢᠯ ᠨᠢ ᠬᠦᠭᠵᠢᠨ ᠪᠠᠳᠠᠷᠠᠵᠤ᠂ ᠠᠮᠢᠳᠤᠯᠢᠭ ᠰᠡᠳᠬᠢᠭᠦᠢ ᠪᠠ ᠡᠭᠦᠳᠦᠨ | ᠪᠦᠳᠦᠭᠡᠯᠴᠢ ᠰᠡᠳᠬᠢᠭᠦᠢ ᠨᠢ ᠠᠮᠢᠯᠠᠨ ᠬᠦᠭᠵᠢᠳᠡᠭ᠃ ᠭᠡᠤᠭᠡᠳ ᠡᠩ ᠤᠨ ᠠᠮᠢᠳᠤᠷᠠᠯ ᠠᠴᠠ ᠬᠦᠮᠦᠨ ᠪᠣᠯᠬᠤ ᠶᠤᠰᠤ | ᠤᠴᠢᠷ ᠢ ᠤᠶᠢᠯᠠᠭᠠᠨ᠂ ᠲᠤᠮᠤ ᠬᠦᠮᠦᠰ ᠢ ᠲᠠᠭᠤᠷᠢᠶᠠᠬᠤ ᠶᠢᠨ ᠲᠤᠮᠳᠠ ᠠᠴᠠ ᠠᠵᠢᠯ ᠬᠦᠳᠡᠯᠮᠦᠷᠢ ᠶᠢᠨ ᠤᠷ᠎ᠠ ᠲᠡᠮ ᠢ | ᠰᠤᠷᠴᠤ ᠪᠠᠶᠢᠳᠠᠭ ᠭᠡᠳᠡᠭ ᠢ ᠪᠠᠭᠰᠢ᠂ ᠭᠡᠷ ᠤᠨ ᠠᠬᠠᠮᠠᠳ ᠭᠦᠢᠴᠡᠳ ᠤᠢᠢᠯᠠᠭᠠᠪᠠᠯ ᠵᠤᠬᠢᠨ᠎ᠠ᠃ | ᠬᠠᠶ᠋ᠢᠬ᠄ ᠪᠠᠭᠠᠷᠢᠨ ᠪᠠᠷᠠᠭᠤᠨ ᠬᠤᠰᠢᠭᠤᠨ ᠤ ᠳ᠋ᠠᠪᠠᠨ ᠤ ᠨᠢᠭᠡᠳᠦᠭᠡᠷ ᠲᠤᠮᠳᠠᠳᠤ ᠰᠤᠷᠭᠠᠭᠤᠯᠢ | ︵ᠴ᠊ · ᠲᠤᠭᠳᠠᠭᠤᠨ ᠨᠠᠶᠢᠷᠠᠭᠤᠯᠪᠠ︶ | 8 ᠳ᠋ᠤᠭᠠᠷ ᠬᠤᠭᠤᠴᠠᠭ᠎ᠠ | |