ᠰᠠᠷᠠᠩᠭᠤᠸ᠎ᠠ | | ᠰᠤᠷᠭᠠᠭᠤᠯᠢ ᠶᠢᠨ ᠨᠠᠰᠤᠠ ᠠᠴᠠ ᠡᠮᠤᠨᠡᠬᠢ ᠬᠡᠤᠬᠡᠳ ᠤᠨ ᠰᠤᠷᠭᠠᠠ ᠬᠦᠮᠤᠵᠢᠯ ᠨᠢ ᠪᠡᠯᠴᠢᠷ ᠬᠡᠤᠬᠡᠳ ᠲᠤ | ᠴᠤᠬᠤᠮ ᠶᠠᠭᠤ ᠤᠯᠭᠤᠳᠠᠭ ᠪᠤᠢ︖ ᠶᠠᠭᠠᠬᠢᠵᠤ ᠰᠤᠷᠭᠠᠠ ᠬᠦᠮᠤᠵᠢᠬᠦᠯᠪᠠᠯ ᠦᠷ᠎ᠠ ᠪᠦᠳᠤᠮᠵᠢ ᠲᠠᠢ ᠪᠤᠯᠳᠠᠭ ᠪᠤᠢ︖ | ᠪᠡᠯᠴᠢᠷ ᠬᠡᠤᠬᠡᠳ ᠢ ᠬᠠᠪᠰᠤᠷᠤᠠ ᠪᠠᠭ᠎ᠠ ᠰᠤᠷᠭᠠᠭᠤᠯᠢ ᠳᠤ ᠤᠷᠤᠬᠤ ᠪᠡᠯᠡᠳᠬᠡᠯ ᠪᠤᠯᠤᠠ ᠬᠤᠵᠢᠮ ᠢᠷᠡᠬᠡᠳᠤᠢ ᠶᠢᠨ | ᠰᠤᠷᠤᠯᠴᠠᠯᠭ᠎ᠠ ᠳᠤ ᠨᠢ ᠨᠦᠯᠤᠬᠡ ᠦᠵᠡᠬᠦᠯᠬᠦ ᠰᠠᠭᠤᠷᠢ ᠶᠢ ᠭᠡᠷᠬᠢᠨ ᠲᠠᠯᠪᠢᠵᠤ ᠦᠭᠴᠤ ᠪᠤᠯᠬᠤ ᠪᠤᠢ︖ ᠡᠨᠡ | ᠲᠤᠬᠠᠢ ᠤᠯᠠᠨ ᠬᠦᠮᠦᠰ ᠰᠠᠨᠠᠭᠠᠰᠢᠷᠠᠳᠠᠭ ᠪᠤᠯᠤᠭᠰᠠᠨ ᠪᠦᠭᠡᠳ ᠰᠤᠷᠭᠠᠭᠤᠯᠢ ᠶᠢᠨ ᠨᠠᠰᠤᠨ ᠠᠴᠠ ᠡᠮᠦᠨᠡᠬᠢ | ᠬᠡᠤᠭᠡᠳ ᠤᠨ ᠬᠦᠮᠦᠵᠢᠯ ᠤᠨ ᠲᠤᠬᠠᠢ ᠰᠤᠳᠤᠯᠭᠠᠨ ᠤᠯᠠᠮ ᠠᠴᠠ ᠤᠯᠠᠮ ᠬᠦᠨᠳᠦᠳᠬᠡᠭᠳᠡᠳᠡᠭ ᠪᠤᠯᠤᠭᠰᠠᠨ ᠪᠠᠶᠢᠨ᠎ᠠ᠃ | ᠶᠠᠬ ᠬᠡᠯᠡᠭᠦ ᠳᠤ ᠡᠳᠡᠭᠡᠷ ᠠᠰᠠᠭᠤᠳᠠᠯ ᠪᠤᠯ ᠰᠤᠷᠭᠠᠭᠤᠯᠢ ᠶᠢᠨ ᠨᠠᠰᠤᠨ ᠠᠴᠠ ᠡᠮᠦᠨᠡᠬᠢ ᠰᠤᠷᠭᠠᠨ ᠬᠦᠮᠦᠵᠢᠯ — | ᠴᠡᠴᠡᠷᠯᠢᠭ ᠤᠨ ᠰᠤᠷᠭᠠᠨ ᠬᠦᠮᠦᠵᠢᠯ ᠤᠨ ᠭᠤᠤᠯ ᠪᠤᠯᠬᠤ ᠠᠰᠠᠭᠤᠳᠠᠯ ᠤᠳ ᠪᠤᠯᠬᠤ ᠶᠤᠮ᠃ ᠮᠠᠨ ᠤ ᠡᠷᠢᠶᠡᠨ | ᠬᠤᠳᠠ ᠶᠢᠨ ᠦᠨᠳᠦᠰᠦᠳᠡᠨ ᠤ ᠬᠡᠤᠭᠡᠳ ᠤᠨ ᠴᠡᠴᠡᠷᠯᠢᠭ ᠨᠢ ᠬᠦᠮᠦᠵᠢᠯ ᠰᠤᠷᠭᠠᠯᠳᠠ ᠶᠢᠨ ᠶᠠᠰᠤ ᠴᠢᠨᠠᠷ ᠢᠶᠠᠨ ᠤᠯᠠᠮ | ᠨᠢᠬᠡ ᠠᠯᠬᠤᠮ ᠲᠡᠬᠡᠭᠰᠢᠯᠠᠬᠦᠯᠬᠦ ᠪᠠᠷ ᠬᠠᠷᠠᠯᠳᠠ ᠪᠤᠯᠭᠠᠵᠤ᠂ ︽3~6 ᠨᠠᠰᠤᠠ ᠤ ᠬᠡᠤᠬᠡᠳ ᠤᠨ ᠰᠤᠷᠤᠯᠴᠠᠯᠭ᠎ᠠ ᠪᠠ | ᠬᠦᠭᠵᠢᠯᠳᠠ ᠶᠢᠨ ᠵᠦᠭᠯᠡᠬᠦᠷ︾ ᠤᠨ ᠭᠤᠤᠯ ᠬᠠᠷᠠᠯᠳᠠ ᠵᠢᠴᠢ ︽ᠤᠯᠤᠰ ᠤᠨ ᠲᠤᠮᠳᠠ ᠤᠷᠳᠤ ᠬᠤᠭᠤᠴᠠᠭᠠᠠ ᠤ | ᠰᠤᠷᠭᠠᠠ ᠬᠦᠮᠤᠵᠢᠯ ᠤᠨ ᠦᠬᠡᠷᠡᠴᠢᠯᠠᠯᠳᠠ ᠪᠠ ᠬᠦᠭᠵᠢᠯᠳᠠ ᠶᠢᠨ ᠲᠦᠰᠤᠪ ᠤᠨ ᠬᠦᠳᠤᠯᠪᠤᠷᠢ ︵ | 2010~2020︶︾ ᠳᠤ ᠲᠤᠷᠠᠳᠤᠭᠰᠠᠠ ᠪᠠᠯᠴᠢᠷ ᠬᠡᠤᠬᠡᠳ ᠤᠨ ᠰᠤᠷᠭᠠᠠ ᠬᠦᠮᠤᠵᠢᠯ ᠤᠨ ᠶᠠᠰᠤ ᠴᠢᠨᠠᠷ ᠢ | ᠲᠡᠬᠡᠭᠰᠢᠯᠡᠬᠦᠯᠬᠦ ᠵᠤᠷᠢᠭ ᠰᠠᠨᠠᠭ᠎ᠠ ᠶᠢ ᠨᠡᠩ ᠰᠠᠶᠢᠨ ᠲᠤᠭᠤᠰᠢᠯᠠᠭᠤᠯᠤᠠ᠂ ᠭᠡᠤᠭᠡᠳ ᠤᠨ ᠨᠠᠰᠤᠨ ᠤ ᠤᠨᠴᠠᠯᠢᠭ ᠲᠤ | ᠲᠤᠬᠢᠷᠠᠭᠰᠠᠨ ᠰᠢᠠᠵᠢᠯᠠᠬᠦ ᠤᠬᠠᠭᠠᠨᠴᠢ ᠬᠦᠭᠵᠢᠯᠳᠡ ᠶᠢ ᠡᠷᠴᠢᠮᠳᠠᠢ ᠰᠠᠶᠢᠨ ᠠᠬᠢᠭᠤᠯᠬᠤ ᠡᠬᠦᠳᠡᠨ ᠠᠴᠠ 2015 | ᠤᠠ ᠤ 9 ᠰᠠᠷ᠎ᠠ ᠠᠴᠠ ︽ᠲᠤᠭᠯᠠᠭᠠᠮ ᠤᠨ ᠲᠤᠮᠳᠠ ᠬᠡᠤᠬᠡᠳ ᠤᠨ ᠬᠦᠭᠵᠢᠯ ᠢ ᠲᠡᠮᠵᠢᠬᠦ︾ ᠰᠤᠳᠤᠯᠭᠠᠠ ᠤ | ᠰᠡᠳᠤᠪ ᠢᠶᠠᠨ ᠡᠬᠢᠯᠡᠭᠦᠯᠦᠭᠰᠡᠨ ᠪᠦᠭᠡᠳ ᠡᠨᠡ ᠬᠦ ᠰᠤᠳᠤᠯᠭᠠᠠ ᠤ ᠰᠡᠳᠤᠪ ᠨᠢ 2016 ᠤᠠ ᠤ 9 ᠰᠠᠷ᠎ᠠ ᠳᠤ | ᠦᠪᠡᠷᠳᠡᠬᠡᠠ ᠵᠠᠰᠠᠬᠤ ᠤᠷᠤᠠ ᠤ ᠦᠠᠳᠤᠰᠤᠳᠠᠠ ᠤ ᠰᠤᠷᠭᠠᠠ ᠬᠦᠮᠤᠵᠢᠯ᠂ ᠰᠢᠠᠵᠢᠯᠡᠬᠦ ᠤᠬᠠᠭᠠᠠ ᠤ ᠰᠤᠳᠣᠯᠭᠠᠠ ᠤ | ︽ᠠᠷᠪᠠᠠ ᠭᠤᠷᠪᠠᠳᠤᠭᠠᠷ ᠲᠠᠪᠤᠨ ᠵᠢᠯ︾ ᠤᠨ ᠲᠦᠯᠤᠪᠵᠢᠬᠦᠯᠬᠡ ᠶᠢᠨ ᠰᠡᠳᠤᠪ ᠢᠶᠠᠷ ᠵᠦᠪᠰᠢᠶᠡᠷᠡᠭᠳᠡᠭᠰᠡᠨ ᠶᠤᠮ᠃ | ᠨᠢᠭᠡ᠂ ᠰᠤᠷᠭᠠᠭᠤᠯᠢ ᠶᠢᠨ ᠨᠠᠰᠤᠨ ᠠᠴᠠ ᠡᠮᠦᠨᠡᠬᠢ ᠭᠡᠤᠭᠡᠳ ᠤᠨ ᠰᠤᠷᠭᠠᠨ ᠬᠦᠮᠦᠵᠢᠯ ᠤᠨ ᠤᠨᠴᠠᠯᠢᠬ | ᠰᠤᠷᠭᠠᠭᠤᠯᠢ ᠶᠢᠨ ᠨᠠᠰᠤᠠ ᠠᠴᠠ ᠡᠮᠤᠨᠡᠬᠢ ᠬᠡᠤᠬᠡᠳ ᠤᠨ ᠭᠤᠤᠯᠯᠠᠬᠤ ᠦᠢᠯᠠ ᠠᠵᠢᠯᠯᠠᠭ᠎ᠠ ᠪᠤᠯ ᠲᠤᠭᠯᠠᠭᠠᠮ | ᠪᠤᠯᠬᠤ ᠶᠤᠮ᠃ ᠠᠮᠢᠳᠤᠷᠠᠯ ᠠᠴᠠ ᠬᠠᠮᠤᠭ ᠤᠨ ᠦᠢᠷ᠎ᠠ ᠪᠠᠶᠢᠳᠠᠭ ᠲᠤᠭᠯᠠᠭᠠᠮ ᠨᠢ ᠬᠡᠤᠬᠡᠳ ᠤᠨ ᠦᠪᠡᠷ ᠤᠨ | ᠲᠦᠰᠤᠬᠡᠯᠡᠬᠦᠢ ᠪᠠᠨ ᠦᠠᠳᠤᠰᠤᠯᠠᠠ ᠲᠤᠬᠢᠷᠠᠭᠤᠯᠤᠨ ᠶᠠᠪᠤᠭᠳᠠᠭᠤᠯᠳᠠᠭ ᠲᠠᠭᠤᠷᠢᠶᠠᠬᠤ ᠴᠢᠨᠠᠷ ᠲᠠᠢ ᠤᠬᠠᠮᠰᠠᠷᠳᠤ | ᠠᠵᠢᠯᠯᠠᠭ᠎ᠠ ᠪᠠᠶᠢᠵᠤ᠂ ᠲᠦᠰᠤᠬᠡᠯᠡᠬᠦᠢ ᠪᠤᠯᠤᠠ ᠪᠤᠳᠠᠳᠤ ᠠᠬᠤᠢ ᠨᠢ ᠠᠮᠢᠳᠤᠷᠠᠯ ᠤᠨ ᠪᠤᠳᠠᠳᠤ ᠤᠶᠠᠯᠳᠤᠯ ᠪᠤᠯᠵᠤ | ᠪᠠᠶᠢᠳᠠᠭ᠃ ᠲᠤᠭᠯᠠᠭᠠᠮ ᠨᠢ ᠬᠡᠤᠬᠡᠳᠤᠨ ᠲᠤᠷ᠎ᠠ ᠪᠠᠬ᠎ᠠ ᠶᠢ ᠲᠠᠳᠠᠵᠤ᠂ ᠢᠳᠡᠪᠬᠢᠵᠢᠯ ᠢ ᠨᠢ ᠬᠦᠭᠵᠢᠬᠡᠵᠤ | ᠴᠢᠳᠠᠳᠠᠭ ᠠᠴᠠ ᠲᠡᠳᠡᠡ ᠤ ᠡᠯ᠎ᠠ ᠲᠠᠯ᠎ᠠ ᠶᠢᠨ ᠰᠠᠷᠡᠯ ᠤᠨ ᠡᠷᠬᠡᠳᠡᠡ ᠵᠢᠴᠢ ᠠᠩᠬᠠᠷᠬᠤᠢ᠂ ᠴᠡᠬᠡᠵᠢᠯᠡᠬᠦᠢ᠂ | ᠲᠦᠰᠤᠬᠡᠯᠡᠬᠦᠢ ᠵᠡᠷᠬᠡ ᠴᠢᠳᠠᠪᠤᠷᠢ ᠨᠢ ᠲᠡᠬᠡᠭᠰᠢᠯᠡᠳᠡᠭ᠃ ᠮᠦᠠ ᠴᠤ ︽3~6 ᠨᠠᠰᠤᠠ ᠤ ᠬᠡᠤᠬᠡᠳ ᠤᠨ | ᠰᠤᠷᠤᠯᠴᠠᠯᠭ᠎ᠠ ᠪᠠ ᠬᠦᠭᠵᠢᠯᠳᠠ ᠶᠢᠨ ᠵᠦᠭᠯᠡᠬᠦᠷ︾ ᠤᠨ ᠲᠤᠳᠤᠷᠬᠠᠶᠢᠯᠠᠯᠳᠠ ᠳᠤ ︽ᠪᠡᠯᠴᠢᠷ ᠬᠡᠤᠬᠡᠳ ᠤᠨ | ᠰᠤᠷᠤᠯᠴᠠᠯᠭ᠎ᠠ ᠪᠤᠯ ᠰᠢᠭᠤᠤᠠ ᠲᠤᠷᠰᠢᠯᠭ᠎ᠠ ᠪᠠᠷ ᠰᠠᠭᠤᠷᠢ ᠪᠤᠯᠭᠠᠵᠤ᠂ ᠲᠤᠭᠯᠠᠭᠠᠮ ᠪᠠ ᠡᠳᠤᠷ ᠲᠤᠳᠤᠮ ᠤᠨ | ᠠᠮᠢᠳᠤᠷᠠᠯ ᠲᠤᠮᠳᠠ ᠶᠠᠪᠤᠭᠳᠠᠳᠠᠭ᠃ ᠲᠤᠭᠯᠠᠭᠠᠮ ᠪᠠ ᠠᠮᠢᠳᠤᠷᠠᠯ ᠤᠨ ᠤᠠᠴᠠᠭᠠᠢ ᠦᠷᠳᠡᠭ ᠢ ᠨᠠᠠᠳᠢᠩᠨᠠᠵᠤ᠂ | ᠪᠠᠶᠠᠯᠢᠭ ᠰᠠᠶᠢᠬᠠᠠ ᠰᠤᠷᠭᠠᠠ ᠬᠦᠮᠤᠵᠢᠯ ᠤᠨ ᠤᠷᠴᠢᠠ ᠢ ᠡᠬᠦᠳᠴᠤ᠂ ᠨᠢᠬᠡ ᠡᠳᠤᠷ ᠤᠨ ᠠᠮᠢᠳᠤᠷᠠᠯ ᠢ ᠵᠤᠬᠢᠰᠳᠠᠢ | ᠲᠤᠬᠢᠷᠠᠭᠤᠯᠤᠨ᠂ ᠪᠡᠯᠴᠢᠷ ᠬᠡᠤᠬᠡᠳ ᠤᠨ ᠰᠢᠭᠤᠤᠠ ᠰᠡᠷᠡᠡ ᠮᠠᠳᠡᠬᠦᠢ ᠪᠠ ᠪᠤᠳᠠᠳᠤ ᠤᠷᠤᠯᠳᠤᠯᠭ᠎ᠠ ᠶᠢ ᠪᠡᠶ᠎ᠠ ᠪᠠᠷ ᠢᠶᠠᠨ | ᠦᠩᠬᠡᠷᠡᠬᠦᠯᠬᠦ ᠪᠠᠷ ᠲᠠᠮᠵᠢᠵᠤ ᠲᠤᠷᠰᠢᠯᠭ᠎ᠠ ᠤᠯᠬᠤ ᠬᠡᠷᠡᠭᠴᠡᠭᠡ ᠶᠢ ᠬᠠᠮᠤᠭ ᠤᠨ ᠶᠡᠭᠡ ᠬᠡᠮᠵᠢᠶ᠎ᠠ ᠪᠠᠷ ᠲᠡᠮᠵᠢᠠ | ᠬᠠᠩᠭᠠᠬᠤ ᠬᠡᠷᠡᠭᠳᠡᠢ︾ ᠬᠡᠵᠤ ᠵᠢᠭᠠᠵᠤ ᠭᠠᠷᠭᠠᠬᠰᠠᠠ ᠪᠠᠶᠢᠳᠠᠭ᠃ | ᠡᠬᠦᠠ ᠠᠴᠠ ᠭᠠᠳᠠᠨ᠎ᠠ ᠭᠠᠳᠠᠭᠠᠳᠤ ᠤᠯᠤᠰ ᠤᠨ ᠵᠠᠷᠢᠮ ᠰᠡᠳᠬᠢᠴᠠ ᠵᠦᠢᠴᠢ᠂ ᠰᠤᠷᠭᠠᠠ ᠬᠦᠮᠤᠵᠢᠯ ᠤᠨ | ᠤᠬᠠᠭᠠᠳᠠᠠ 4~14 ᠨᠠᠰᠤᠠ ᠤ ᠬᠡᠤᠬᠡᠳ ᠤᠨ ᠬᠤᠶᠠᠷ ᠵᠦᠢᠯ ᠤᠨ ᠰᠤᠷᠤᠯᠴᠠᠬᠤ ᠬᠡᠪ ᠵᠬᠠᠪᠤᠷ ᠢ ᠬᠠᠷᠢᠴᠠᠭᠤᠯᠤᠨ | ᠬᠠᠶᠢᠵᠤ ᠰᠤᠳᠤᠯᠤᠭᠠᠳ᠂ ᠲᠦᠷᠪᠡᠠ ᠨᠠᠰᠤᠠ ᠠᠴᠠ ᠡᠬᠢᠯᠠᠵᠤ ᠵᠢᠩᠬᠢᠨᠢ ᠰᠤᠷᠤᠯᠴᠠᠭᠰᠠᠠ ᠬᠡᠤᠬᠡᠳ ᠲᠦᠷᠪᠡᠠ ᠵᠢᠯ ᠤᠨ | ᠲᠠᠷᠠᠭ᠎ᠠ ᠰᠤᠷᠤᠯᠴᠠᠬᠤ ᠤᠷᠮ᠎ᠠ ᠪᠠᠬ᠎ᠠ ᠨᠢ ᠡᠬᠢᠯᠡᠡ ᠲᠤᠷᠤᠭᠰᠢᠯᠠᠠ᠂ ᠠᠷᠪᠠᠠ ᠨᠢᠬᠡᠠ ᠨᠠᠰᠤᠠ ᠠᠴᠠ ᠰᠡᠬᠦᠯᠡᠷ | ᠤᠩᠰᠢᠬᠤ ᠴᠢᠳᠠᠪᠤᠷᠢ ᠨᠢ ᠮᠡᠳᠡᠭᠳᠡᠮ᠎ᠠ ᠲᠤᠷᠤᠭᠰᠢᠯᠠᠨ᠎ᠠ᠃ ᠡᠬᠦᠠ ᠤ ᠡᠰᠡᠷᠬᠦ ᠪᠠᠷ ᠲᠦᠷᠪᠡᠠ ᠨᠠᠰᠤᠠ ᠠᠴᠠ ᠡᠬᠢᠯᠠᠠ | ᠲᠤᠭᠯᠠᠭᠠᠮ ᠠᠴᠠ ᠰᠤᠷᠤᠭᠰᠠᠠ ᠬᠡᠤᠬᠡᠳ ᠵᠢᠷᠭᠤᠳᠤᠭᠠᠷ ᠤᠠ ᠠᠴᠠ ᠰᠡᠬᠦᠯᠡᠷ ᠤᠩᠰᠢᠬᠤ ᠴᠢᠳᠠᠪᠤᠷᠢ ᠨᠢ | ᠲᠡᠬᠡᠭᠰᠢᠯᠠᠳᠡᠭ ᠬᠡᠵᠤ ᠳ᠋ᠦᠩᠨᠡᠭᠰᠡᠠ ᠪᠠᠶᠢᠨ᠎ᠠ᠃ | ᠲᠡᠬᠡᠪᠠᠯ ᠶᠠᠮᠠᠷ ᠬᠡᠤᠬᠡᠳ ᠢ ᠵᠢᠩᠬᠢᠨᠢ ᠰᠤᠷᠤᠯᠴᠠᠭᠰᠠᠠ ᠬᠡᠤᠬᠡᠳ ᠬᠡᠵᠤ ᠬᠡᠯᠡᠬᠦ ᠪᠤᠢ ᠬᠡᠪᠠᠯ ᠤᠳᠤᠬᠠᠠ ᠤ | ᠨᠠᠶᠢᠬᠡᠮ ᠳᠤ ᠠᠶᠢᠯ ᠤᠨ ᠭᠠᠭᠴᠠ ᠬᠡᠤᠬᠡᠳ ᠤᠯᠠᠨ ᠪᠤᠯᠤᠭᠰᠠᠨ ᠤ ᠤᠴᠢᠷ᠂ ᠠᠪᠤ ᠡᠵᠢ ᠨᠢ ᠬᠡᠤᠬᠡᠳ ᠲᠤ ᠪᠠᠨ | ᠠᠯᠢᠪᠠ ᠬᠦᠰᠡᠯ ᠡᠷᠡᠮᠡᠯᠵᠡᠯ ᠢᠶᠠᠨ ᠲᠠᠯᠪᠢᠵᠤ᠂ ᠪᠢᠴᠢᠭ ᠨᠤᠮ ᠲᠠᠢ ᠬᠡᠤᠬᠡᠳ ᠪᠤᠯᠭᠠᠬᠤ ᠪᠠᠷ ᠴᠢᠷᠮᠠᠶᠢᠵᠤ᠂ ᠪᠢᠷ | ᠬᠠᠷᠠᠠᠳᠠ ᠪᠠᠷᠢᠵᠤ ᠪᠢᠴᠢᠵᠤ ᠵᠢᠷᠤᠬᠤ᠂ ᠲᠤᠭ᠎ᠠ ᠪᠤᠳᠤᠬᠤ᠂ ᠦᠰᠦᠭ ᠲᠠᠨᠢᠬᠤ᠂ ᠴᠠᠭᠠᠠ ᠲᠤᠯᠤᠭᠠᠢ ᠤᠩᠰᠢᠵᠤ | ᠪᠢᠴᠢᠵᠤ ᠰᠤᠷᠬᠤ ᠵᠡᠷᠬᠡ ᠶᠢ ᠰᠤᠷᠭᠠᠭᠤᠯᠢᠶᠢᠨ ᠡᠮᠤᠨᠠᠬᠢ ᠨᠠᠰᠤᠠ ᠠᠴᠠ ᠨᠢ ᠠᠯᠪᠠ ᠪᠠᠷ ᠱᠠᠭᠠᠷᠳᠠᠨ ᠰᠤᠷᠭᠠᠵᠤ | ᠪᠠᠶᠢᠳᠠᠭ᠃ ᠮᠦᠠ ᠴᠤ ᠴᠡᠴᠡᠷᠯᠢᠭ ᠤᠨ ᠵᠠᠷᠢᠮ ᠪᠠᠭᠰᠢ ᠨᠠᠷ ᠤᠨ ᠲᠤᠰᠬᠠᠢ ᠮᠡᠷᠬᠡᠵᠢᠯ ᠤᠨ ᠬᠢᠷᠢ ᠲᠦᠪᠰᠢᠠ | ᠠᠨᠠᠢ ᠠᠴᠠ ᠰᠤᠷᠭᠠᠭᠤᠯᠢ ᠶᠢᠨ ᠮᠠᠶ᠋ᠢᠭ ᠪᠤᠶᠤ ᠤᠯᠠᠮᠵᠢᠯᠠᠯᠳᠤ ᠵᠢᠭᠠᠠ ᠰᠤᠷᠭᠠᠯᠳᠠ ᠶᠢᠨ ᠠᠷᠭ᠎ᠠ ᠠᠪᠴᠠᠯ ᠢ ᠬᠡᠷᠡᠭᠯᠡᠵᠤ᠂ | ᠬᠡᠤᠬᠡᠳ ᠤᠳ ᠢ ᠲᠤᠭᠯᠠᠭᠠᠮ ᠤᠨ ᠲᠤᠮᠳᠠ ᠶᠠᠪᠤᠭᠳᠠᠬᠤ ᠡᠯᠪᠡᠭ ᠪᠠᠶᠠᠯᠢᠭ ᠲᠦᠷᠰᠤᠯᠠᠠ ᠪᠤᠳᠤᠯᠳᠠ ᠪᠠ ᠪᠦᠳᠤᠬᠡᠯᠴᠢ | ᠴᠢᠨᠠᠷ ᠪᠢᠯᠬᠠᠠᠠᠰᠠᠠ ᠰᠤᠷᠤᠯᠴᠠᠯᠭ᠎ᠠ ᠠᠴᠠ ᠨᠢ ᠵᠠᠶᠢᠳᠠᠭᠤᠯᠵᠤ ᠪᠠᠶᠢᠳᠠᠭ ᠢ ᠬᠡᠯᠡᠨ᠎ᠠ᠃ ᠡᠶᠢᠮᠤ ᠠᠴᠠ ᠭᠡᠤᠭᠡᠳ ᠪᠡᠯᠴᠢᠷ | ᠨᠠᠰᠤᠠ ᠠᠴᠠ ᠪᠠᠨ ᠡᠶᠢᠮᠤᠷᠬᠦᠤ ᠴᠢᠩᠭ᠎ᠠ ᠲᠦᠪᠯᠠᠬᠦᠠ ᠰᠤᠷᠭᠠᠠ ᠬᠦᠮᠤᠵᠢᠯ ᠬᠦᠷᠳᠡᠵᠦ᠂ ᠨᠠᠰᠤᠠ ᠤ ᠨᠡᠮᠡᠭᠳᠡᠬᠦ ᠶᠢ | ᠲᠠᠭᠠᠯᠳᠤᠠ ᠰᠤᠷᠤᠯᠴᠠᠬᠤ ᠤᠷᠮ᠎ᠠ ᠪᠠᠬ᠎ᠠ ᠨᠢ ᠬᠠᠷᠢᠳᠠᠭ᠃ | ᠬᠤᠶᠠᠷ᠂ ︽ᠲᠤᠭᠯᠠᠭᠠᠮ ᠤᠨ ᠲᠤᠮᠳᠠ ᠬᠡᠤᠬᠡᠳ ᠤᠨ ᠬᠦᠭᠵᠢᠯ ᠢ ᠲᠡᠮᠵᠢᠬᠦ︾ ᠰᠤᠳᠤᠯᠭᠠᠨ ᠤ ᠭᠤᠤᠯ | ᠠᠭᠤᠯᠭ᠎ᠠ | ︵ᠨᠢᠭᠡ︶ ︽ᠲᠤᠭᠯᠠᠭᠠᠮ ᠤᠨ ᠲᠤᠮᠳᠠ ᠬᠡᠤᠬᠡᠳ ᠤᠨ ᠬᠦᠭᠵᠢᠯ ᠢ ᠲᠡᠮᠵᠢᠬᠦ︾ ᠰᠤᠳᠤᠯᠭᠠᠨ ᠤ ᠠᠷᠭ᠎ᠠ | ᠪᠢᠳᠠ ᠡᠨᠡ ᠬᠦ ︽ᠲᠤᠠᠠᠯᠠᠭᠠᠮ ᠤᠨ ᠲᠤᠮᠳᠠ ᠬᠡᠤᠬᠡᠳ ᠤᠨ ᠬᠦᠭᠵᠢᠯ ᠢ ᠲᠡᠮᠵᠢᠬᠦ︾ ᠰᠤᠳᠤᠯᠭᠠᠠ ᠤ ᠭᠤᠤᠯ | ᠠᠷᠭ᠎ᠠ ᠬᠡᠯᠪᠡᠷᠢ ᠪᠠᠨ ᠲᠤᠤᠷᠡᠬᠢ ᠮᠡᠳᠤ ᠬᠡᠳᠤᠠ ᠲᠠᠯ᠎ᠠ ᠪᠠᠷ ᠲᠦᠯᠤᠪᠯᠠᠡ ᠶᠠᠪᠤᠭᠳᠠᠭᠤᠯᠵᠤ ᠪᠠᠶᠢᠭ᠎ᠠ ᠶᠤᠮ᠃ | 1. ᠵᠢᠯᠤᠭᠤᠳᠤᠯᠭ᠎ᠠ ᠶᠢᠨ ᠠᠷᠭ᠎ᠠ | ᠬᠡᠤᠬᠡᠳ ᠤᠨ ᠪᠦᠬᠦ ᠲᠠᠯ᠎ᠠ ᠶᠢᠨ ᠬᠦᠭᠵᠢᠯᠳᠠ ᠳᠤ ᠲᠤᠰᠠᠯᠠᠭᠰᠠᠠ ᠲᠤᠠᠠᠯᠠᠭᠠᠮ ᠤᠨ ᠠᠷᠭᠠᠴᠠᠯᠠᠯ ᠤᠨ | ᠨᠤᠮ ᠤᠳ ᠢ ᠪᠠᠭᠰᠢ ᠨᠢ ᠬᠡᠤᠬᠡᠳ ᠤᠨ ᠲᠦᠪᠰᠢᠠ᠂ ᠬᠦᠭᠵᠢᠯᠳᠠ ᠳᠤ ᠲᠤᠬᠢᠷᠠᠭᠤᠯᠤᠠ᠂ ᠪᠦᠳᠤᠬᠡᠯᠴᠢ ᠪᠠᠷ | ᠰᠡᠳᠬᠢᠵᠤ᠂ ᠵᠤᠬᠢᠶᠠᠵᠤ ᠲᠦᠰᠤᠪᠯᠠᠠ ᠨᠠᠶᠢᠷᠠᠭᠤᠯᠬᠤ ᠶᠢᠨ ᠲᠠᠭᠠᠤ ᠲᠤᠠᠠᠯᠠᠭᠠᠮ ᠤᠨ ᠠᠷᠭᠠᠴᠠᠯᠠᠯ ᠤᠨ ᠨᠤᠮ ᠪᠦᠷᠢ ᠳᠤ | ᠬᠦᠭᠵᠢᠬᠦᠯᠬᠦ ᠬᠠᠷᠠᠯᠳᠠ ᠵᠤᠷᠢᠯᠭ᠎ᠠ ᠪᠠᠨ ᠭᠠᠷᠭᠠᠨ᠎ᠠ᠃ | 2. ᠠᠵᠢᠠᠠᠯᠠᠯᠳᠠ ᠶᠢᠨ ᠠᠷᠭ᠎ᠠ | ᠪᠠᠭᠰᠢ ᠠᠴᠠ ᠬᠡᠤᠬᠡᠳ ᠤᠳ ᠢ ᠦᠪᠡᠷ ᠤᠨ ᠲᠤᠷ᠎ᠠ ᠰᠤᠨᠢᠷᠬᠠᠯ ᠢᠶᠠᠷ ᠨᠢ ᠲᠤᠠᠠᠯᠠᠭᠠᠮ ᠤᠨ ᠵᠦᠢᠯ᠂ | ᠲᠤᠠᠠᠯᠠᠭᠠᠮ ᠤᠨ ᠠᠷᠭᠠᠴᠠᠯᠠᠯ ᠤᠨ ᠨᠤᠮ᠂ ᠪᠠᠭᠠᠵᠢ ᠮᠠᠲ᠋ᠧᠷᠢᠶᠠᠯ ᠢ ᠨᠢ ᠴᠢᠯᠤᠬᠡ ᠲᠠᠢ ᠰᠤᠩᠭᠤᠯᠳᠠ ᠬᠢᠯᠭᠡᠵᠦ | ᠲᠤᠠᠠᠯᠠᠭᠤᠯᠬᠤ ᠶᠢᠨ ᠲᠠᠭᠠᠤ᠂ ᠬᠡᠤᠬᠡᠳ ᠤᠳ ᠢᠶᠠᠨ ᠠᠵᠢᠠᠠᠯᠠᠠ ᠲᠡᠮᠳᠡᠭᠯᠡᠯ ᠬᠢᠵᠤ᠂ ᠬᠡᠤᠬᠡᠳ ᠤᠨ ᠬᠦᠭᠵᠢᠯ ᠤᠨ | ᠲᠦᠪᠰᠢᠠ᠂ ᠤᠠᠴᠠᠯᠢᠭ ᠰᠢᠠᠵᠢ ᠶᠢ ᠨᠢ ᠤᠶᠢᠯᠠᠭᠠᠨ᠎ᠠ᠃ | 3. ᠦᠨᠡᠯᠡᠬᠦ ᠠᠷᠭ᠎ᠠ | ︵1︶ ᠪᠠᠭᠰᠢ ᠠᠴᠠ ᠲᠤᠭᠯᠠᠭᠠᠮ ᠤᠨ ᠲᠤᠮᠳᠠᠬᠢ ᠠᠵᠢᠠᠠᠯᠠᠯᠳᠠ ᠰᠤᠳᠤᠯᠭ᠎ᠠ ᠪᠠᠷ ᠲᠠᠮᠵᠢᠠ ᠬᠡᠤᠬᠡᠳ | ᠪᠤᠯᠭᠠᠨ ᠤ ᠬᠦᠭᠵᠢᠯ ᠤᠨ ᠲᠦᠪᠰᠢᠠ ᠢ ᠦᠨᠡᠯᠡᠵᠦ᠂ ᠬᠡᠤᠬᠡᠳ ᠢ ᠤᠳᠤᠬᠢ ᠲᠦᠪᠰᠢᠠ ᠠᠴᠠ ᠨᠢ ᠤᠯᠠᠮ ᠨᠢᠬᠡ | ᠠᠯᠬᠤᠮ ᠬᠦᠭᠵᠢᠬᠦᠯᠬᠦ ᠳᠤ ᠲᠡᠮᠵᠢᠯᠬᠡ ᠪᠤᠯᠭᠠᠨ᠎ᠠ᠃ | ︵2︶ ᠬᠡᠤᠬᠡᠳ ᠢ ᠲᠤᠭᠯᠠᠭᠠᠮ ᠤᠨ ᠲᠠᠭᠠᠤ ᠲᠡᠮᠳᠡᠭ᠂ ᠪᠤᠳᠤᠭ ᠢᠶᠠᠷ ᠦᠪᠡᠷ ᠤᠨ ᠪᠡᠶ᠎ᠠ ᠳᠤ ᠪᠠᠨ | ᠦᠨᠡᠯᠡᠯᠳᠡ ᠬᠢᠵᠦ ᠤᠷᠮᠠᠰᠢᠭᠤᠯᠬᠤ ᠠᠷᠭ᠎ᠠ ᠶᠢ ᠬᠡᠷᠡᠭᠯᠡᠵᠤ᠂ ᠡᠯ᠎ᠠ ᠲᠦᠷᠤᠯ ᠤᠨ ᠲᠤᠭᠯᠠᠭᠠᠮ ᠳᠤ ᠤᠷᠤᠯᠴᠠᠬᠤ | ᠤᠷᠮᠠᠰᠢᠯ ᠢ ᠨᠢ ᠬᠦᠭᠵᠢᠬᠡᠵᠤ᠂ ᠪᠡᠶ᠎ᠠ ᠳᠤ ᠪᠠᠨ ᠢᠳᠡᠬᠡᠯ ᠲᠠᠢ ᠪᠤᠯᠬᠤ ᠬᠦᠮᠤᠵᠢᠯ ᠢ ᠬᠦᠷᠳᠡᠬᠡᠨ᠎ᠠ᠃ | ︵ᠬᠤᠶᠠᠷ︶ ᠭᠡᠤᠭᠡᠳ ᠤᠨ ᠨᠠᠰᠤᠨ ᠤ ᠤᠨᠴᠠᠯᠢᠭ ᠲᠤ ᠲᠤᠬᠢᠷᠠᠭᠰᠠᠨ ᠲᠤᠭᠯᠠᠭᠠᠮ ᠤᠨ ᠠᠷᠭᠠᠴᠠᠯᠠᠯ ᠤᠨ | ᠨᠤᠮ ᠤᠨ ᠲᠤᠬᠠᠢ | ᠬᠡᠤᠬᠡᠳ ᠨᠤᠮ ᠲᠤᠭᠯᠠᠭᠠᠮ ᠭᠤᠷᠪᠠ ᠶᠢ ᠬᠡᠷᠬᠢᠠ ᠤᠶᠠᠯᠳᠤᠭᠤᠯᠬᠤ ᠲᠠᠯ᠎ᠠ ᠪᠠᠷ ᠪᠤᠳᠤᠯᠬᠢᠯᠠᠵᠤ᠂ | ᠲᠤᠭᠯᠠᠭᠠᠮ ᠤᠨ ᠲᠠᠭᠠᠤ ᠬᠡᠤᠬᠡᠳ ᠤᠨ ᠡᠯ᠎ᠠ ᠲᠠᠯ᠎ᠠ ᠶᠢᠨ ᠴᠢᠳᠠᠪᠤᠷᠢ ᠶᠢᠨ ᠬᠦᠭᠵᠢᠯᠳᠠ ᠳᠤ ᠲᠤᠰᠠᠯᠬᠠᠰᠠᠠ | ᠠᠷᠭᠠᠴᠠᠯᠠᠯ ᠤᠨ ᠨᠤᠮ ᠨᠤᠭᠤᠳ ᠢ ᠰᠡᠳᠤᠠ ᠨᠠᠶᠢᠷᠠᠭᠤᠯᠵᠤ ᠤᠷᠢᠳ ᠢᠶᠠᠷ ᠭᠤᠷᠪᠠᠠ ᠪᠦᠯᠦᠭ ᠤᠨ | ᠬᠡᠤᠬᠡᠳ ᠤᠳ ᠲᠤ ᠪᠠᠨ ᠲᠤᠷᠰᠢᠵᠤ ᠪᠠᠶᠢᠭ᠎ᠠ ᠶᠤᠮ᠃ ᠡᠨᠡ ᠬᠦ ᠲᠤᠭᠯᠠᠭᠠᠮ ᠤᠨ ᠠᠷᠭᠠᠴᠠᠯᠠᠯ ᠤᠨ ᠨᠤᠮ ᠤᠨ ᠲᠦᠷᠦᠯ | ᠵᠦᠢᠯ ᠨᠢ ᠲᠤᠤᠷᠠᠬᠢ ᠮᠡᠳᠦ᠃ | ︵1︶ ᠬᠡᠯᠡ ᠶᠠᠷᠢᠶᠠᠠ ᠤ ᠲᠠᠯ᠎ᠠ ᠶᠢᠨ ᠨᠤᠮ | ᠬᠡᠤᠬᠡᠳ ᠤᠳ ᠵᠢᠷᠤᠭ ᠦᠵᠡᠵᠤ᠂ ᠭᠤᠤᠯ ᠲᠦᠷᠢ ᠶᠢ ᠨᠢ ᠲᠤᠭᠯᠠᠭᠠᠮ ᠢᠶᠠᠷ ᠵᠦᠢᠵᠤ ᠲᠤᠭᠯᠠᠬᠤ | ᠠᠵᠢᠯᠯᠠᠭᠠᠠ ᠢᠶᠠᠷ ᠲᠠᠮᠵᠢᠭᠤᠯᠵᠤ᠂ ᠲᠡᠳᠡᠠ ᠤ ᠵᠤᠷᠢᠯᠭ᠎ᠠ ᠲᠠᠢ ᠪᠠᠷ ᠵᠢᠷᠤᠭ ᠦᠵᠡᠵᠤ ᠴᠢᠳᠠᠬᠤ᠂ ᠵᠢᠷᠤᠭ ᠢ | ᠦᠠᠳᠤᠰᠤᠯᠠᠠ ᠵᠢᠷᠤᠭ ᠲᠤ ᠶᠠᠭᠤ ᠪᠠᠶᠢᠬᠤ᠂ ᠶᠠᠮᠠᠷ ᠶᠠᠪᠤᠳᠠᠯ ᠭᠠᠷᠴᠤ ᠪᠠᠶᠢᠭ᠎ᠠ ᠵᠡᠷᠬᠡ ᠶᠢ ᠲᠦᠬᠦᠮ ᠲᠦᠳᠠ ᠶᠠᠷᠢᠵᠤ | ᠢᠯᠡᠳᠬᠡᠵᠤ ᠴᠢᠳᠠᠬᠤ ᠴᠢᠳᠠᠪᠤᠷᠢ ᠶᠢ ᠬᠠᠪᠰᠤᠷᠤᠨ ᠬᠦᠭᠵᠢᠬᠦᠯᠵᠤ᠂ ᠲᠤᠭᠯᠠᠭᠠᠮ ᠤᠨ ᠲᠠᠭᠠᠤ ᠦᠯᠢᠬᠡᠷ᠂ ᠵᠦᠢᠷ | ᠰᠡᠴᠡᠠ ᠦᠬᠡᠰ᠂ ᠡᠯᠬᠦᠬᠡ ᠦᠬᠡ ᠵᠡᠷᠬᠡ ᠶᠢ ᠶᠠᠷᠢᠵᠤ ᠰᠤᠷᠬᠤ ᠳᠤ ᠨᠢ ᠲᠤᠰᠠᠯᠠᠨ᠎ᠠ᠃ | ︵2︶ ᠲᠦᠷᠰᠤᠯᠠᠬᠦ ᠤᠷᠠᠯᠠᠯ ᠤᠨ ᠲᠠᠯ᠎ᠠ ᠶᠢᠨ ᠨᠤᠮ | ᠶᠠᠭᠤᠮ᠎ᠠ ᠶᠢ ᠶᠠᠭᠠᠬᠢᠵᠤ ᠵᠢᠷᠤᠬᠤ ᠲᠤᠬᠠᠢ ᠪᠠᠭᠰᠢ ᠠᠴᠠ ᠰᠢᠭᠤᠤᠠ ᠵᠢᠭᠠᠵᠤ ᠦᠭᠬᠦ ᠪᠢᠰᠢ᠂ ᠬᠡᠤᠬᠡᠳ | ᠨᠤᠮ ᠢᠶᠠᠨ ᠦᠵᠡᠵᠤ ᠲᠦᠬᠦᠮ ᠵᠢᠷᠤᠯᠭ᠎ᠠ᠂ ᠬᠤᠷᠤᠭᠤᠠ ᠲᠠᠷᠤᠮᠠᠯ᠂ ᠨᠤᠭᠤᠯᠤᠮᠠᠯ ᠤᠨ ᠲᠠᠷᠠᠭᠠᠯᠠᠯ ᠤᠨ ᠲᠠᠭᠠᠤ | ᠵᠢᠷᠤᠵᠤ ᠲᠠᠷᠤᠵᠤ᠂ ᠨᠤᠭᠤᠯᠬᠤ ᠪᠤᠶᠤ ᠤᠷᠭᠤᠭᠤᠯᠠᠠ ᠨᠠᠮᠡᠵᠤ ᠴᠢᠯᠤᠬᠡ ᠲᠠᠢ ᠪᠦᠳᠤᠬᠡᠯᠴᠢ ᠪᠠᠷ ᠰᠡᠳᠬᠢᠵᠤ | ᠰᠤᠷᠬᠤ ᠳᠤ ᠨᠢ ᠲᠤᠰᠠᠯᠠᠨ᠎ᠠ᠃ | ︵3︶ ᠰᠢᠠᠵᠢᠯᠠᠬᠦ ᠤᠬᠠᠭᠠᠠ ᠤ ᠮᠡᠳᠡᠯᠭᠡ ᠶᠢᠨ ᠴᠢᠨᠠᠷ ᠲᠠᠢ ᠨᠣᠮ | ᠬᠡᠤᠬᠡᠳ ᠤᠳ ᠲᠤᠭᠯᠠᠭᠠᠮ ᠤᠨ ᠠᠷᠭᠠᠴᠠᠯᠠᠯ ᠤᠨ ᠨᠤᠮ ᠢᠶᠠᠨ ᠦᠵᠡᠵᠤ ᠲᠤᠭᠯᠠᠬᠤ ᠶᠢᠨ ᠲᠠᠭᠠᠤ ᠲᠤᠭ᠎ᠠ᠂ | ᠬᠡᠮᠵᠢᠶ᠎ᠠ ᠪᠤᠯᠤᠨ ᠲᠤᠭᠠᠠ ᠤ ᠬᠠᠷᠢᠴᠠᠭ᠎ᠠ ᠬᠤᠯᠪᠤᠭ᠎ᠠ ᠶᠢ ᠰᠡᠷᠡᠠ ᠮᠡᠳᠡᠵᠤ ᠦᠢᠯᠠᠭᠠᠬᠤ᠂ ᠲᠠᠷᠤᠢ ᠪᠤᠳᠠᠰ ᠤᠨ ᠶᠡᠭᠡ | ᠪᠠᠭ᠎ᠠ᠂ ᠤᠯᠠᠠ ᠴᠦᠬᠡᠠ᠂ ᠦᠠᠳᠤᠷ ᠪᠤᠭᠤᠨᠢ᠂ ᠤᠷᠳᠤ ᠤᠬᠤᠷ ᠵᠡᠷᠬᠡ ᠬᠡᠮᠵᠢᠶᠠᠠ ᠤ ᠲᠠᠯ᠎ᠠ ᠪᠠᠷ ᠬᠢ ᠤᠠᠴᠠᠯᠢᠭ ᠢ | ᠰᠡᠷᠡᠠ ᠮᠡᠳᠡᠵᠤ ᠢᠯᠭᠠᠠ ᠴᠢᠳᠠᠬᠤ᠂ ᠤᠳᠬ᠎ᠠ ᠶᠢ ᠨᠢ ᠬᠠᠷᠠᠭᠠᠯᠵᠠᠭᠰᠠᠠ ᠦᠬᠡᠰ ᠢᠶᠠᠷ ᠢᠯᠡᠳᠬᠡᠵᠤ ᠴᠢᠳᠠᠬᠤ ᠶᠢ | ᠰᠤᠷᠬᠤ᠂ ᠪᠤᠳᠠᠰ ᠤᠨ ᠬᠡᠯᠪᠡᠷᠢ ᠲᠦᠷᠰᠤ᠂ ᠤᠠᠴᠠᠯᠢᠭ ᠰᠢᠠᠵᠢ ᠶᠢ ᠠᠵᠢᠠᠠᠯᠠᠵᠤ ᠨᠠᠷᠢᠪᠴᠢᠯᠠᠵᠤ ᠰᠤᠷᠬᠤ᠂ | ᠪᠤᠳᠠᠰ ᠤᠨ ᠵᠢᠮ᠎ᠠ ᠶᠤᠰᠤᠴᠢ ᠬᠠᠷᠢᠴᠠᠭ᠎ᠠ ᠬᠤᠯᠪᠤᠭ᠎ᠠ ᠶᠢ ᠢᠯᠭᠠᠵᠤ ᠰᠠᠯᠭᠠᠵᠤ ᠰᠤᠷᠬᠤ ᠵᠡᠷᠬᠡ ᠳᠤ ᠨᠢ ᠲᠡᠮᠵᠢᠯᠬᠡ | ᠦᠵᠡᠬᠦᠯᠤᠨ᠎ᠠ᠃ | ︵4︶ ᠲᠠᠨᠢᠠ ᠮᠡᠳᠡᠬᠦᠢ ᠶᠢᠨ ᠠᠭᠤᠯᠭ᠎ᠠ ᠪᠦᠬᠦᠢ ᠨᠤᠮ | ᠬᠡᠤᠬᠡᠳ ᠤᠨ ᠠᠮᠢᠳᠠᠠ ᠤᠷᠭᠤᠮᠠᠯ᠂ ᠪᠤᠳᠠᠰ ᠢ ᠬᠠᠷᠠᠵᠤ᠂ ᠭᠠᠳᠠᠷ ᠲᠦᠷᠰᠤ ᠪᠠᠶᠢᠳᠠᠯ ᠢ ᠨᠢ ᠡᠯ᠎ᠠ | ᠲᠦᠷᠤᠯ ᠤᠨ ᠬᠡᠯᠪᠡᠷᠢ ᠲᠦᠷᠰᠤ ᠲᠠᠢ ᠬᠠᠷᠢᠴᠠᠭᠤᠯᠤᠨ ᠬᠤᠯᠪᠤᠠ ᠪᠤᠳᠤᠬᠤ ᠬᠡᠶᠢᠰᠪᠤᠷᠢ ᠰᠡᠳᠬᠢᠬᠦᠢ ᠶᠢ | ᠬᠦᠭᠵᠢᠬᠦᠯᠵᠤ᠂ ᠲᠤᠭᠯᠠᠬᠤ ᠶᠠᠪᠤᠴᠠ ᠳᠤ ᠪᠠᠭᠰᠢ ᠶᠢᠨ ᠵᠢᠯᠤᠭᠤᠳᠤᠯᠭ᠎ᠠ ᠪᠠᠷ ᠲᠠᠨᠢᠯ ᠪᠤᠰᠤ ᠠᠮᠢᠳᠠᠳ ᠤᠨ ᠨᠡᠷᠡᠶᠢᠳᠤᠯ | ︵ᠡᠬᠡ ᠮᠠᠯ᠂ ᠡᠴᠢᠬᠡ ᠮᠠᠯ᠂ ᠲᠦᠯ ᠮᠠᠯ︶᠂ ᠡᠯ᠎ᠠ ᠲᠦᠷᠤᠯ ᠤᠨ ᠡᠪᠡᠰᠤ ᠤᠷᠭᠤᠮᠠᠯ᠂ ᠪᠤᠳᠠᠰ ᠤᠳ ᠤᠨ | ᠤᠨᠤᠪᠴᠢᠳᠠᠢ ᠮᠤᠩᠭᠤᠯ ᠨᠡᠷᠡᠶᠢᠳᠤᠯ ᠵᠡᠷᠬᠡ ᠶᠢ ᠮᠡᠳᠡᠬᠦᠯᠵᠤ᠂ ᠮᠡᠳᠡᠯᠬᠡ ᠶᠢᠨ ᠬᠦᠷᠢᠶ᠎ᠠ ᠬᠡᠪᠴᠢᠶ᠎ᠠ ᠶᠢ ᠨᠢ | ᠨᠡᠮᠡᠭᠳᠡᠬᠦᠯᠬᠦ ᠳᠤ ᠲᠤᠰᠠᠯᠠᠨ᠎ᠠ᠃ | ᠡᠶᠢᠮᠤᠷᠬᠦᠤ ᠤᠯᠠᠠ ᠲᠦᠷᠤᠯ ᠬᠡᠯᠪᠡᠷᠢ ᠶᠢᠨ ᠵᠢᠷᠤᠭᠳᠤ ᠨᠤᠮ ᠲᠤᠤᠷᠠᠬᠢ ᠮᠠᠳᠤ ᠬᠡᠳᠤᠠ ᠲᠠᠯ᠎ᠠ ᠶᠢᠨ ᠶᠡᠷᠤᠩᠬᠡᠢ | ᠬᠠᠷᠠᠯᠳᠠ ᠵᠤᠷᠢᠯᠭ᠎ᠠ ᠶᠢ ᠠᠭᠤᠰᠬᠠᠵᠤ ᠪᠠᠶᠢᠭ᠎ᠠ ᠶᠤᠮ᠃ | A ᠬᠡᠤᠬᠡᠳ ᠤᠨ ᠬᠠᠷᠠᠭᠠᠠ ᠰᠡᠷᠠᠯ ᠤᠨ ᠬᠦᠭᠵᠢᠯ᠂ ᠠᠵᠢᠠᠠᠯᠠᠵᠤ ᠠᠩᠬᠠᠷᠬᠤ ᠴᠢᠳᠠᠪᠤᠷᠢ ᠶᠢᠨ ᠲᠠᠯ᠎ᠠ ᠶᠢᠨ | ᠬᠦᠭᠵᠢᠯᠳᠠ ᠳᠤ ᠨᠢ ᠲᠤᠰᠠᠯᠠᠨ᠎ᠠ᠃ | B ᠭᠠᠷ ᠬᠤᠷᠤᠭᠤᠠ ᠤ ᠵᠢᠵᠢᠭ ᠪᠤᠯᠴᠢᠩ ᠤᠨ ᠬᠦᠭᠵᠢᠯᠳᠠ ᠶᠢ ᠠᠬᠢᠭᠤᠯᠬᠤ ᠳᠤ ᠨᠢ ᠲᠤᠰᠠᠯᠠᠨ᠎ᠠ᠃ | C ᠬᠡᠤᠬᠡᠳ ᠤᠨ ᠦᠩᠬᠡ ᠪᠤᠳᠤᠭ ᠢ ᠲᠠᠨᠢᠵᠤ᠂ ᠵᠢᠷᠤᠭ ᠲᠦᠷᠰᠤ ᠶᠢᠨ ᠤᠷᠤᠠ ᠵᠠᠢ ᠶᠢ ᠵᠤᠬᠢᠴᠠᠭᠤᠯᠵᠤ | ᠰᠤᠷᠬᠤ ᠳᠤ ᠨᠢ ᠲᠤᠰᠠᠯᠠᠨ᠎ᠠ᠃ | D ᠬᠡᠤᠬᠡᠳ ᠤᠨ ᠬᠡᠯᠡ ᠶᠠᠷᠢᠶᠠᠠ ᠤ ᠬᠦᠭᠵᠢᠯᠳᠠ ᠶᠢ ᠲᠡᠬᠡᠭᠰᠢᠯᠠᠬᠦᠯᠤᠨ᠎ᠠ᠃ ᠲᠠᠷᠤᠢ ᠵᠦᠢᠷ ᠰᠡᠴᠡᠠ ᠦᠬᠡ᠂ | ᠰᠢᠯᠦᠭ᠂ ᠦᠯᠢᠬᠡᠷ᠂ ᠤᠨᠢᠰᠤᠭ᠎ᠠ᠂ ᠬᠡᠯᠡ ᠵᠦᠭᠰᠢᠷᠡᠬᠦᠯᠬᠦ ᠦᠭᠡ᠂ ᠵᠤᠭ᠎ᠠ ᠦᠬᠡ ᠵᠡᠷᠬᠡ ᠶᠢ ᠲᠤᠭᠯᠠᠭᠠᠮ ᠤᠨ ᠲᠠᠭᠠᠤ | ᠰᠤᠷᠴᠤ ᠡᠵᠡᠮᠰᠢᠬᠦ ᠳᠤ ᠨᠢ ᠲᠤᠰᠠᠯᠠᠨ᠎ᠠ᠃ | E ᠬᠡᠤᠬᠡᠳ ᠤᠨ ᠵᠤᠬᠢᠶᠠᠠ ᠪᠦᠳᠤᠬᠡᠬᠦ᠂ ᠪᠦᠳᠤᠬᠡᠯᠴᠢ ᠰᠡᠳᠬᠢᠬᠦᠢ ᠶᠢ ᠨᠢ ᠬᠦᠭᠵᠢᠬᠦᠯᠤᠨ᠎ᠠ᠃ | F ᠬᠡᠤᠬᠡᠳ ᠤᠨ ᠬᠠᠷᠠᠬᠠᠠ ᠪᠠᠭ᠎ᠠ ᠠᠴᠠ ᠪᠠᠨ ᠨᠤᠮ ᠦᠵᠡᠬᠦ ᠰᠠᠶᠢᠬᠠᠠ ᠲᠠᠳᠬᠠᠯ ᠲᠠᠢ ᠪᠤᠯᠬᠤ ᠳᠤ ᠨᠢ | ᠰᠠᠭᠤᠷᠠᠢ ᠲᠠᠯᠪᠢᠵᠤ ᠦᠭᠬᠦᠨ᠎ᠠ᠃ | G ᠬᠡᠤᠬᠡᠳ ᠲᠤ ᠪᠠᠶ᠎ᠠ ᠪᠠᠨ ᠢᠳᠡᠭᠡᠭᠦ ᠬᠦᠮᠤᠵᠢᠯ ᠬᠦᠷᠳᠡᠬᠡᠨ᠎ᠠ᠃ | H ᠬᠡᠤᠬᠡᠳ ᠤᠨ ᠲᠡᠰᠪᠤᠷᠢ ᠲᠡᠪᠴᠢᠶᠠᠷᠢ ᠲᠠᠢ ᠪᠤᠯᠵᠤ ᠬᠦᠮᠤᠵᠢᠭ᠍ᠳᠡᠬᠦ ᠳᠤ ᠰᠠᠭᠤᠷᠢ ᠲᠠᠯᠪᠢᠵᠤ ᠦᠭᠬᠦᠨ᠎ᠠ᠃ | ︵ᠭᠤᠷᠪᠠ︶ ᠭᠡᠤᠭᠡᠳ ᠤᠨ ᠨᠠᠰᠤᠨ ᠤ ᠤᠨᠴᠠᠯᠢᠭ ᠲᠤ ᠲᠤᠬᠢᠷᠠᠭᠰᠠᠨ ᠲᠤᠭᠯᠠᠭᠠᠮ ᠤᠨ ᠬᠡᠷᠡᠭᠰᠡᠯ ᠤᠨ ᠲᠦᠷᠦᠯ | ᠵᠦᠢᠯ | ᠪᠡᠯᠴᠢᠷ ᠬᠡᠤᠬᠡᠳ ᠤᠨ ᠨᠠᠰᠤᠠ ᠤ ᠤᠠᠴᠠᠯᠢᠭ ᠢ ᠦᠠᠳᠤᠰᠤᠯᠠᠪᠠᠯ ᠲᠡᠳᠡᠠ ᠤ ᠲᠤᠷ᠎ᠠ ᠪᠠᠬ᠎ᠠ ᠶᠢ ᠬᠠᠮᠤᠭ ᠠᠴᠠ | ᠲᠠᠳᠠᠬᠤ ᠬᠦᠴᠤᠠ ᠲᠠᠢ ᠠᠵᠢᠯᠯᠠᠭ᠎ᠠ ᠪᠤᠯ ᠲᠤᠠᠠᠯᠠᠭᠠᠮ ᠲᠤᠠᠠᠯᠠᠬᠤ ᠪᠤᠯᠤᠨ᠎ᠠ᠃ ᠲᠤᠭᠯᠠᠭᠠᠮ ᠨᠢ ᠬᠡᠷ ᠤᠨ ᠭᠠᠳᠠᠨᠠᠬᠢ | ᠲᠤᠭᠯᠠᠭᠠᠮ᠂ ᠬᠡᠷ ᠤᠨ ᠲᠤᠳᠤᠨᠠᠬᠢ ᠲᠤᠭᠯᠠᠭᠠᠮ ᠬᠡᠵᠤ ᠬᠤᠶᠠᠷ ᠶᠡᠭᠡ ᠲᠦᠷᠤᠯ ᠲᠤ ᠬᠤᠪᠢᠶ᠋ᠬᠠᠳᠠᠵᠤ᠂ ᠬᠡᠷ ᠤᠨ | ᠲᠤᠳᠤᠨᠠᠬᠢ ᠲᠤᠭᠯᠠᠭᠠᠮ ᠤᠨ ᠬᠡᠷᠡᠭᠰᠡᠯ ᠢ ᠶᠡᠭᠡ ᠲᠦᠯᠤᠪ ᠬᠤᠪᠢᠶᠠᠪᠠᠯ᠂ ᠲᠦᠷᠰᠦᠯᠢᠭ ᠲᠤᠭᠯᠠᠭᠠᠮ ᠤᠨ ᠬᠡᠷᠡᠭᠰᠡᠯ | — ᠬᠡᠤᠬᠡᠯᠳᠠᠢ᠂ ᠡᠯ᠎ᠠ ᠵᠦᠢᠯᠤᠨ ᠠᠷᠢᠶᠠᠳᠠᠠ᠂ ᠵᠠᠮ ᠬᠠᠷᠢᠯᠴᠠᠭᠠᠠ ᠤ ᠪᠠᠭᠠᠵᠢ ᠵᠡᠷᠬᠡ ᠪᠤᠢ᠃ ᠤᠶᠤᠠ | ᠴᠢᠳᠠᠪᠤᠷᠢ ᠶᠢᠨ ᠲᠤᠭᠯᠠᠭᠠᠮ ᠤᠨ ᠬᠡᠷᠡᠭᠰᠡᠯ — ᠵᠢᠷᠤᠭ ᠵᠦᠢᠬᠦ᠂ ᠺᠠᠷᠲ ᠲᠠᠨᠢᠬᠤ᠂ ᠪᠤᠳᠤᠯᠭ᠎ᠠ ᠶᠢᠨ ᠬᠡᠷᠡᠭᠰᠡᠯ᠂ | ᠳ᠋ᠦᠢᠴᠠ ᠮᠤᠳᠤ ᠬᠡᠬᠦ ᠮᠡᠳᠤᠴᠢᠯᠡᠠ ᠤᠯᠠᠠ ᠲᠦᠷᠤᠯ ᠵᠦᠢᠯ ᠤᠨ ᠲᠤᠭᠯᠠᠭᠠᠮ ᠤᠨ ᠬᠡᠷᠡᠭᠰᠡᠯ ᠤᠳ ᠪᠠᠶᠢᠳᠠᠭ᠃ | ᠡᠬᠦᠠ ᠳᠤ ᠪᠢᠳᠠ ᠭᠤᠤᠯᠴᠢᠯᠠᠠ ᠰᠢᠷᠡᠬᠡᠠ ᠲᠤᠭᠯᠠᠭᠠᠮ᠂ ᠬᠠᠶ᠋ᠬᠠᠳᠠᠮᠠᠯ ᠪᠤᠳᠠᠰ ᠤᠳ ᠢ ᠠᠰᠢᠠᠠᠯᠠᠠ | ᠲᠤᠭᠯᠠᠭᠠᠮ ᠤᠨ ᠠᠷᠭᠠᠴᠠᠯᠠᠯ ᠤᠨ ᠨᠤᠮ᠂ ᠭᠠᠷ ᠤᠨ ᠠᠪᠤᠯᠭ᠎ᠠ ᠶᠢᠨ ᠨᠤᠮ ᠢ ᠨᠠᠶᠢᠷᠠᠭᠤᠯᠤᠨ ᠬᠢᠵᠤ ᠲᠤᠷᠰᠢᠨ | ᠰᠤᠳᠤᠯᠵᠤ ᠪᠠᠶᠢᠭ᠎ᠠ ᠶᠤᠮ᠃ | ᠭᠤᠷᠪᠠ᠂ ︽ᠲᠤᠭᠯᠠᠭᠠᠮ ᠤᠨ ᠲᠤᠮᠳᠠ ᠬᠡᠤᠬᠡᠳ ᠤᠨ ᠬᠦᠭᠵᠢᠯ ᠢ ᠲᠡᠮᠵᠢᠬᠦ︾ ᠰᠤᠳᠤᠯᠭᠠᠨ ᠤ ᠭᠤᠤᠯ | ᠠᠷᠭ᠎ᠠ ᠪᠠ ᠦᠷ᠎ᠡ ᠪᠦᠳᠦᠮᠵᠢ | ︽ᠲᠤᠭᠯᠠᠭᠠᠮ ᠤᠨ ᠲᠤᠮᠳᠠ ᠬᠡᠤᠬᠡᠳ ᠤᠨ ᠬᠦᠭᠵᠢᠯ ᠢ ᠲᠡᠮᠵᠢᠬᠦ︾ ᠰᠤᠳᠤᠯᠭᠠᠠ ᠤ ᠰᠡᠳᠤᠪ ᠨᠢ ᠬᠡᠤᠬᠡᠳ᠂ | ᠨᠤᠮ᠂ ᠲᠤᠭᠯᠠᠭᠠᠮ ᠭᠤᠷᠪᠠ ᠶᠢ ᠬᠠᠷᠢᠯᠴᠠᠠ ᠤᠶᠠᠯᠳᠤᠭᠤᠯᠬᠤ ᠠᠷᠭ᠎ᠠ ᠪᠠᠷ ᠬᠡᠤᠬᠡᠳ ᠤᠨ ᠤᠢ ᠤᠬᠠᠭᠠᠠ ᠢ ᠪᠦᠬᠦ | ᠲᠠᠯ᠎ᠠ ᠪᠠᠷ ᠬᠦᠭᠵᠢᠬᠦᠯᠬᠦ ᠳᠤ ᠨᠢ ᠪᠤᠯᠤᠮᠵᠢ ᠤᠯᠭᠤᠳᠠᠬ᠃ | ︵ᠨᠢᠭᠡ︶ 3~4 ᠨᠠᠰᠤᠠ ᠤ ᠬᠡᠤᠬᠡᠳ ᠤᠳ ᠠᠩᠬ᠎ᠠ ᠴᠡᠴᠡᠷᠯᠢᠭ ᠲᠤ ᠤᠷᠤᠵᠤ ᠪᠠᠶᠢᠭ᠎ᠠ ᠪᠤᠯᠬᠤᠷ | ᠲᠤᠭᠯᠠᠭᠠᠮ᠂ ᠨᠤᠮ ᠲᠠᠢ ᠬᠠᠷᠢᠴᠠᠬᠤ ᠲᠠᠯ᠎ᠠ ᠪᠠᠷ ᠲᠤᠩ ᠠᠨᠠᠢ ᠪᠠᠶᠢᠵᠤ᠂ ᠲᠤᠭᠯᠠᠭᠠᠮ ᠤᠨ ᠬᠡᠷᠡᠭᠰᠡᠯ ᠢᠶᠠᠨ | ᠠᠮᠠᠠ ᠳᠤ ᠪᠠᠨ ᠬᠢᠬᠦ᠂ ᠰᠢᠳᠡᠬᠦ᠂ ᠪᠤᠯᠢᠶᠠᠯᠴᠠᠬᠤ᠂ ᠨᠤᠮ ᠪᠠᠷᠢᠭᠤᠯᠪᠠᠯ ᠨᠤᠮ ᠢ ᠲᠠᠪᠬᠤᠷ ᠲᠠᠪᠬᠤᠷ ᠢᠶᠠᠷ ᠤᠷᠪᠠᠭᠤᠯᠬᠤ | ᠪᠤᠶᠤ ᠠᠷᠤ ᠠᠴᠠ ᠨᠢ ᠤᠷᠪᠠᠭᠤᠯᠬᠤ ᠮᠡᠳᠤ ᠶᠢᠨ ᠦᠵᠡᠭᠳᠡᠯ ᠵᠦᠩᠳᠡᠬᠡᠡ ᠤᠷᠤᠰᠢᠳᠠᠭ᠃ ᠡᠭᠦᠨ ᠳᠤ ᠴᠢᠭᠯᠡᠬᠦᠯᠵᠤ᠂ | ᠬᠡᠤᠬᠡᠳ ᠤᠳ ᠲᠤ ᠲᠤᠭᠯᠠᠭᠠᠮ ᠨᠤᠮ ᠢ ᠤᠶᠠᠯᠳᠤᠭᠤᠯᠤᠠ ᠲᠤᠭᠯᠠᠬᠤ ᠠᠷᠭ᠎ᠠ ᠠᠪᠴᠠᠯ ᠢ ᠰᠤᠷᠭᠠᠬᠤ ᠶᠢᠨ ᠲᠤᠰᠠᠳᠠ | ᠪᠠᠭᠰᠢ ᠠᠴᠠ ᠡᠳᠤᠷ ᠪᠦᠷᠢ ᠬᠤᠶᠠᠷ ᠠᠴᠠ ᠭᠤᠷᠪᠠᠠ ᠬᠡᠤᠬᠡᠳ ᠢ ᠪᠡᠶᠠᠴᠢᠯᠠᠠ ᠵᠢᠯᠤᠭᠤᠳᠴᠤ᠂ ᠲᠤᠰ | ᠰᠤᠳᠤᠯᠭᠠᠠ ᠤ ᠪᠠᠨ ᠲᠦᠷᠢᠮᠰᠢᠯ ᠳᠤ ᠠᠩᠬ᠎ᠠ ᠠᠯᠬᠤᠮ ᠬᠡᠪᠰᠢᠬᠦᠯᠵᠤ᠂ ᠬᠤᠶᠠᠷ ᠰᠠᠷ᠎ᠠ ᠶᠢᠨ ᠬᠤᠭᠤᠴᠠᠭᠠᠠ ᠳᠤ | ᠬᠡᠤᠬᠡᠳ ᠤᠳ ᠨᠤᠮ ᠢ ᠵᠦᠪ ᠤᠷᠪᠠᠭᠤᠯᠵᠤ ᠴᠢᠳᠠᠬᠤ ᠪᠤᠯᠵᠤ᠂ ᠨᠤᠮ ᠢ ᠨᠢᠭᠤᠷ ᠤᠨ ᠲᠠᠷᠠᠭᠠᠯᠠᠯ ᠤᠨ ᠲᠠᠭᠠᠤ | ᠤᠷᠪᠠᠭᠤᠯᠵᠤ ᠦᠵᠡᠬᠦ᠂ ᠨᠤᠮ ᠲᠤᠭᠯᠠᠭᠠᠮ ᠤᠨ ᠬᠠᠷᠢᠴᠠᠭ᠎ᠠ ᠬᠤᠯᠪᠤᠭᠠᠠ ᠳᠤ ᠠᠩᠬ᠎ᠠ ᠠᠯᠬᠤᠮ ᠤᠨ | ᠦᠢᠯᠠᠭᠠᠯᠳᠠ ᠲᠠᠢ ᠪᠤᠯᠭᠠᠵᠤ ᠴᠢᠳᠠᠭᠰᠠᠠ ᠠᠴᠠ ᠬᠡᠤᠬᠡᠳ ᠤᠳ ᠤᠨ ᠲᠤᠭᠯᠠᠭᠠᠮ ᠲᠠᠢ ᠬᠠᠷᠢᠴᠠᠬᠤ ᠲᠠᠯ᠎ᠠ ᠨᠢ | ᠨᠠᠯᠢᠶᠠᠳ ᠲᠢᠭᠯᠢᠮ ᠲᠠᠢ ᠪᠤᠯᠵᠤ ᠴᠢᠳᠠᠭᠰᠠᠠ ᠪᠠᠶᠢᠨ᠎ᠠ᠃ ᠮᠦᠠ ᠴᠤ ᠲᠤᠰ ᠨᠠᠰᠤᠠ ᠤ ᠬᠡᠤᠬᠡᠳ ᠤᠳ ᠲᠤ | ᠲᠦᠷᠰᠤᠯᠡᠬᠦ ᠤᠷᠠᠯᠠᠯ ᠤᠨ ᠲᠠᠯ᠎ᠠ ᠪᠠᠷ ᠳᠠᠷᠠᠭᠠᠬᠢ ᠲᠤᠷᠰᠢᠯᠳᠠ ᠶᠢ ᠬᠢᠪᠡ᠄ ᠨᠠᠶᠢᠳᠠ 28 ᠬᠡᠤᠬᠡᠳ ᠢ ᠠᠳᠠᠯᠢ | ᠴᠠᠭ ᠲᠤ ᠬᠤᠶᠠᠷ ᠲᠤᠭᠤᠶᠢᠯᠠᠩ ᠬᠤᠪᠢᠶᠠᠵᠤ᠂ ᠨᠢᠬᠡ ᠲᠤᠭᠤᠶᠢᠯᠠᠩ ᠤᠨ ᠬᠡᠤᠬᠡᠳ ᠤᠳ ᠲᠤ ᠨᠢ ᠪᠠᠭᠰᠢ ᠶᠢᠨ | ᠨᠠᠶᠢᠷᠠᠭᠤᠯᠤᠭᠰᠠᠠ ᠨᠤᠮ ᠤᠨ ᠲᠠᠭᠠᠤ ᠠᠮᠢᠳᠠᠠ ᠤ ᠲᠤᠯᠤᠭᠠᠢ ᠶᠢᠨ ᠲᠦᠬᠦᠮ ᠵᠢᠷᠤᠯᠭ᠎ᠠ ᠶᠢ ᠵᠢᠷᠤᠭᠤᠯᠵᠤ᠂ ᠨᠦᠬᠦᠬᠡ | ᠪᠦᠯᠦᠭ ᠬᠡᠤᠬᠡᠳ ᠤᠳᠲ᠋ᠤ ᠨᠢ ᠪᠠᠭᠰᠢ ᠠᠴᠠ ᠤᠯᠠᠮᠵᠢᠯᠠᠯᠳᠤ ᠵᠢᠭᠠᠬᠤ ᠠᠷᠭ᠎ᠠ ᠶᠢᠨ ᠲᠠᠭᠠᠤ ᠰᠠᠮᠪᠠᠷᠠᠯᠠᠠ ᠲᠦᠬᠦᠮ | ᠵᠢᠷᠤᠯᠭ᠎ᠠ ᠶᠢᠨ ᠲᠠᠷᠠᠭᠠᠯᠠᠯ ᠮᠠᠶ᠋ᠢᠭ ᠢᠶᠠᠷ ᠵᠢᠷᠤᠭᠤᠯᠤᠭᠰᠠᠠ ᠤ ᠳ᠋ᠦᠩ ᠳᠤ᠂ ᠨᠤᠮ ᠤᠨ ᠲᠠᠭᠠᠤ ᠵᠢᠷᠤᠭᠰᠠᠠ | ᠬᠡᠤᠬᠡᠳ ᠤᠳ ᠠᠮᠢᠳᠠᠳ ᠤᠨ ᠲᠦᠷᠢ ᠲᠦᠷᠬᠦ ᠶᠢᠨ ᠨᠠᠯᠢᠶᠠᠳ ᠲᠦᠯᠦᠪ ᠢ ᠭᠠᠷᠭᠠᠵᠤ᠂ ᠤᠷᠤᠨ ᠵᠠᠢ ᠶᠢ ᠨᠢ ᠪᠠᠰᠠ | ᠨᠡᠯᠢᠶᠠᠳ ᠵᠤᠬᠢᠴᠠᠯ ᠲᠠᠢ ᠵᠢᠷᠤᠭᠰᠠᠠ ᠪᠠᠶᠢᠯ᠎ᠠ᠃ ᠰᠠᠮᠪᠠᠷ᠎ᠠ ᠶᠢᠨ ᠲᠠᠭᠠᠤ ᠵᠢᠷᠤᠭᠰᠠᠠ ᠬᠡᠤᠬᠡᠳ ᠤᠳ ᠤᠨ ᠴᠠᠭᠠᠰᠤᠠ ᠤ | ᠤᠷᠤᠠ ᠵᠠᠢ᠂ ᠶᠡᠭᠡ ᠪᠠᠭ᠎ᠠ ᠶᠢᠨ ᠬᠠᠷᠢᠴᠠᠯ ᠵᠡᠷᠬᠡ ᠨᠢ ᠵᠤᠬᠢᠴᠠᠯ ᠦᠬᠡᠢ ᠪᠤᠯᠤᠭᠰᠠᠠ ᠮᠦᠷᠳᠡᠬᠡᠡ ᠠᠮᠢᠳᠠᠠ ᠤ ᠲᠦᠷᠢ | ᠲᠦᠷᠬᠦ ᠶᠢ ᠭᠠᠷᠭᠠᠵᠤ ᠴᠢᠳᠠᠭᠰᠠᠠ ᠬᠡᠤᠬᠡᠳ ᠲᠤᠩ ᠴᠦᠬᠡᠠ ᠪᠠᠶᠢᠵᠤ᠂ ᠬᠤᠶᠠᠷ ᠲᠤᠭᠤᠶᠢᠯᠠᠩ ᠤᠨ ᠢᠯᠭᠠᠭ᠎ᠠ | ᠵᠦᠷᠢᠶ᠎ᠠ ᠢᠯᠠᠳᠳᠠ ᠲᠤᠳᠤᠷᠬᠠᠢ ᠬᠠᠷᠠᠭᠳᠠᠵᠤ ᠪᠠᠶᠢᠯ᠎ᠠ᠃ ᠬᠡᠤᠬᠡᠳ ᠤᠨ ᠲᠦᠷᠰᠤᠯᠠᠬᠦ ᠤᠷᠠᠯᠠᠯ ᠳᠤ ᠤᠷᠤᠯᠴᠠᠬᠤ ᠨᠢ | ᠬᠠᠷᠠᠭᠠᠠᠤ ᠵᠢᠯᠤᠭᠤᠳᠤᠯᠭ᠎ᠠ ᠲᠤᠤᠷ᠎ᠠ ᠭᠠᠷ ᠪᠠ ᠲᠠᠷᠢᠬᠢᠠ ᠤ ᠵᠤᠬᠢᠴᠠᠩᠭᠤᠢ ᠬᠦᠳᠡᠯᠬᠡᠬᠡᠡ ᠢᠶᠠᠷ ᠡᠳ᠋ ᠪᠤᠳᠠᠰᠢ | ᠬᠤᠷᠢᠶᠠᠩᠭᠤᠢ ᠲᠦᠷᠰᠦᠯᠢᠭ ᠢᠶᠠᠷ ᠵᠢᠷᠤᠭᠯᠠᠵᠤ᠂ ᠲᠦᠷᠰᠦᠯᠢᠭ ᠰᠡᠳᠬᠢᠬᠦᠢ ᠶᠢ ᠨᠢ ᠬᠦᠭᠵᠢᠬᠦᠯᠤᠨ ᠠᠵᠢᠭᠯᠠᠬᠤ | ᠴᠢᠳᠠᠪᠤᠷᠢ ᠶᠢ ᠨᠢ ᠲᠡᠬᠡᠭᠰᠢᠯᠡᠬᠦᠯᠵᠤ᠂ ᠲᠡᠳᠡᠠ ᠤ ᠪᠤᠳᠠᠰ ᠤᠨ ᠬᠡᠯᠪᠡᠷᠢ ᠲᠦᠷᠰᠤ᠂ ᠪᠦᠳᠤᠴᠠ᠂ ᠬᠠᠷᠢᠴᠠᠯ᠂ ᠦᠩᠬᠡ | ᠪᠤᠳᠤᠭ ᠪᠤᠯᠤᠠ ᠤᠠᠠᠳᠠᠷᠭᠤᠢ ᠶᠢᠨ ᠤᠷᠤᠠ ᠵᠠᠢ ᠶᠢᠨ ᠲᠤᠬᠠᠢ ᠲᠠᠨᠢᠯᠳᠠ ᠶᠢ ᠨᠢ ᠲᠡᠬᠡᠭᠰᠢᠯᠡᠬᠦᠯᠵᠤ ᠴᠢᠳᠠᠳᠠᠭ᠃ | ᠡᠶᠢᠮᠤ ᠠᠴᠠ ᠨᠤᠮ ᠤᠨ ᠲᠠᠭᠠᠤ ᠲᠦᠷᠰᠤᠯᠡᠬᠦ ᠤᠷᠠᠯᠠᠯ ᠳᠤ ᠤᠷᠤᠯᠴᠠᠭᠤᠯᠬᠤ ᠨᠢ ᠬᠡᠤᠬᠡᠳ ᠤᠨ ᠰᠤᠨᠢᠭᠤᠴᠢ | ᠰᠡᠳᠬᠢᠬᠦᠢ ᠳᠤ ᠲᠤᠬᠢᠷᠠᠵᠤ᠂ ᠦᠵᠡᠬᠦᠯᠤᠨ ᠲᠠᠨᠢᠭᠤᠯᠬᠤ ᠴᠢᠨᠠᠷ ᠢᠶᠠᠷ ᠨᠠᠯᠢᠶᠠᠳ ᠴᠢᠩᠭ᠎ᠠ ᠤᠴᠢᠷ ᠠᠴᠠ ᠬᠡᠤᠬᠡᠳ | ᠮᠠᠰᠢ ᠠᠮᠠᠷᠬᠠᠨ ᠬᠦᠯᠢᠶᠠᠠ ᠠᠪᠴᠤ᠂ ᠲᠤᠭᠯᠠᠭᠠᠮ ᠤᠨ ᠲᠤᠮᠳᠠ ᠠᠴᠠ ᠰᠤᠷᠬᠤ ᠳᠤ ᠨᠢ ᠰᠠᠭᠤᠷᠢ ᠪᠤᠯᠵᠤ | ᠴᠢᠳᠠᠳᠠᠭ᠃ | ︵ᠬᠤᠶᠠᠷ︶ 4~5 ᠨᠠᠰᠤ᠂ 5~6 ᠨᠠᠰᠤᠠ ᠤ ᠬᠡᠤᠬᠡᠳ ᠤᠳ ᠶᠡᠷᠤᠩᠬᠡᠢ ᠳᠤ ᠪᠠᠨ ᠲᠤᠭᠯᠠᠭᠠᠮ | ᠨᠤᠮ ᠢᠶᠠᠨ ᠨᠡᠯᠢᠶᠠᠳ ᠰᠠᠶᠢᠠ ᠤᠶᠠᠯᠳᠤᠭᠤᠯᠵᠤ ᠰᠤᠷᠤᠭᠰᠠᠠ ᠪᠠᠶᠢᠵᠤ ᠪᠡᠶ᠎ᠠ ᠳᠤ ᠪᠠᠨ ᠦᠨᠡᠯᠡᠯᠳᠡ ᠬᠢᠭᠦ ᠶᠢ ᠰᠤᠷᠴᠤ᠂ | ᠲᠡᠳᠡᠠ ᠤ ᠲᠤᠭᠯᠠᠭᠠᠮ ᠳᠤ ᠤᠷᠤᠯᠴᠠᠬᠤ ᠤᠷᠮᠠᠰᠢᠯ ᠨᠢ ᠬᠦᠭᠵᠢᠵᠦ᠂ ᠢᠳᠡᠪᠬᠢᠵᠢᠯ ᠨᠢ ᠲᠡᠬᠡᠭᠰᠢᠯᠡᠭᠰᠡᠨ ᠪᠠᠶᠢᠳᠠᠭ᠃ | ᠵᠢᠱᠢᠶᠠᠯᠠᠪᠠᠯ᠂ ᠬᠡᠤᠬᠡᠳ ᠨᠤᠮ ᠲᠠᠢ ᠲᠤᠭᠯᠠᠭᠠᠮ ᠲᠤᠭᠯᠠᠬᠤ ᠳᠤ ᠪᠠᠨ ᠨᠤᠮ ᠤᠨ ᠨᠢᠭᠤᠷ ᠳ᠋ᠤᠭᠠᠷ ᠢ ᠦᠪᠡᠷ ᠤᠨ | ᠦᠨᠡᠯᠡᠬᠡᠡ ᠤ ᠬᠠᠭᠤᠳᠠᠰᠤ ᠲᠠᠢᠪᠠᠨ ᠬᠠᠷᠠᠭᠠᠯᠵᠠᠭᠤᠯᠵᠤ᠂ ᠬᠡᠳᠤᠳᠤᠬᠡᠷ ᠨᠢᠭᠤᠷ ᠤᠨ ᠲᠤᠭᠯᠠᠬᠤ ᠠᠷᠭ᠎ᠠ ᠶᠢ | ᠪᠡᠶᠠᠯᠠᠬᠦᠯᠵᠤ ᠴᠢᠳᠠᠭᠰᠠᠠ ᠪᠤᠯ ᠲᠡᠷᠠ ᠳ᠋ᠤᠭᠠᠷ ᠤᠨ ᠵᠢᠷᠤᠭ ᠲᠦᠷᠰᠤ ᠳᠤ ᠪᠤᠳᠤᠭ ᠤᠷᠤᠭᠤᠯᠬᠤ ᠪᠤᠶᠤ ᠲᠡᠮᠳᠡᠭ | ᠲᠠᠯᠪᠢᠵᠤ ᠦᠭᠳᠡᠭ ᠪᠠᠶᠢᠨ᠎ᠠ᠃ ᠡᠨ᠋ᠨ ᠨᠢ ᠬᠡᠤᠬᠡᠳ ᠤᠨ ᠲᠤᠭᠯᠠᠭᠠᠮ ᠢᠶᠠᠨ ᠦᠷᠬᠦᠯᠵᠢᠯᠠᠠ ᠲᠤᠭᠯᠠᠬᠤ ᠤᠷᠮᠠᠰᠢᠯ ᠢ ᠨᠢ | ᠬᠦᠭᠵᠢᠬᠡᠵᠤ᠂ ᠬᠡᠤᠬᠡᠳ ᠪᠦᠷᠢ ᠦᠪᠡᠷ ᠦᠪᠡᠷ ᠤᠨ ᠤᠷᠤᠯᠳᠤᠯᠭ᠎ᠠ ᠲᠠᠢ ᠪᠤᠯᠤᠭᠰᠠᠠ ᠲᠤᠯᠠ ᠠᠩᠬᠠᠷᠤᠯ ᠨᠢ ᠮᠠᠰᠢ | ᠲᠦᠪᠯᠡᠷᠡᠩᠬᠦᠢ ᠪᠠᠷ ᠲᠤᠠᠠᠯᠠᠭᠠᠮ ᠳᠤ ᠪᠠᠨ ᠲᠦᠪᠯᠠᠷᠠᠵᠦ ᠴᠢᠳᠠᠳᠠᠭ᠃ | ︵ᠭᠤᠷᠪᠠ︶ ᠰᠤᠳᠤᠯᠭᠠᠠ ᠤ ᠪᠠᠭᠰᠢ ᠨᠠᠷ ᠤᠨ ᠬᠤᠪᠢ ᠳᠤ᠂ ᠤᠳᠤ ᠪᠤᠯᠳᠠᠯ᠎ᠠ ᠡᠯ᠎ᠠ ᠲᠦᠷᠤᠯ ᠤᠨ | ᠲᠤᠭᠯᠠᠭᠠᠮ ᠤᠨ ᠠᠷᠭᠠᠴᠠᠯᠠᠯ ᠤᠨ ᠨᠤᠮ ᠢ ᠮᠢᠩᠭᠠᠭᠠᠳ ᠲᠡᠪᠳᠡᠷ ᠨᠠᠶᠢᠷᠠᠭᠤᠯᠵᠤ᠂ ᠬᠡᠤᠬᠡᠳ ᠤᠨ ᠪᠦᠬᠦ ᠲᠠᠯ᠎ᠠ ᠶᠢᠨ | ᠬᠦᠭᠵᠢᠯᠳᠠ ᠶᠢ ᠠᠬᠢᠭᠤᠯᠬᠤ ᠲᠤᠭᠯᠠᠭᠠᠮ ᠳᠤ ᠵᠤᠷᠢᠭᠤᠯᠤᠠ ᠠᠰᠢᠭᠯᠠᠵᠤ ᠪᠤᠢ᠃ ᠡᠨᠡ ᠬᠦ ᠲᠤᠭᠯᠠᠭᠠᠮ ᠤᠨ ᠬᠡᠷᠡᠭᠰᠡᠯ᠂ | ᠨᠤᠮ᠂ ᠬᠡᠤᠬᠡᠳ ᠭᠤᠷᠪᠠ ᠶᠢᠨ ᠤᠶᠠᠯᠳᠤᠯ ᠨᠢ ᠬᠡᠤᠬᠡᠳ ᠤᠨ ᠲᠤᠭᠯᠠᠭᠠᠮ ᠳᠤ ᠤᠷᠤᠯᠴᠠᠬᠤ ᠲᠤᠷ᠎ᠠ ᠪᠠᠬ᠎ᠠ | ᠤᠷᠮᠰᠢᠯ ᠢ ᠨᠢ ᠬᠦᠭᠵᠢᠬᠡᠵᠤ᠂ ᠲᠤᠭᠯᠠᠭᠠᠮ ᠢᠶᠠᠨ ᠦᠷ᠎ᠠ ᠳ᠋ᠦᠩ ᠲᠠᠢ ᠪᠦᠳᠤᠬᠡᠯᠴᠢ ᠪᠠᠷ ᠲᠤᠭᠯᠠᠵᠤ ᠰᠤᠷᠬᠤ ᠳᠤ ᠨᠢ | ᠰᠠᠭᠤᠷᠢ ᠨᠢ ᠪᠤᠯᠵᠤ᠂ ᠦᠩᠬᠡᠷᠡᠭᠰᠡᠡ ᠤ ᠴᠠᠭ ᠨᠦᠭᠴᠢᠬᠡᠬᠦ ᠬᠡᠯᠪᠡᠷᠢ ᠶᠢᠨ ︽ᠬᠠᠭᠤᠷᠮᠠᠭ ᠲᠤᠭᠯᠠᠬᠤ︾᠂ ᠶᠠᠮᠠᠷ ᠴᠦ | ᠵᠤᠷᠢᠯᠭ᠎ᠠ ᠦᠬᠡᠢ ᠤᠭᠰᠠᠷᠠᠵᠤ ᠵᠠᠯᠭᠠᠵᠤ ᠰᠠᠭᠤᠬᠤ ᠲᠤᠭᠯᠠᠭᠠᠮ ᠠᠴᠠ ᠪᠦᠷᠢᠮᠤᠰᠣᠠ ᠠᠩᠬᠢᠵᠢᠷᠠᠵᠤ ᠴᠢᠳᠠᠵᠠᠢ᠃ | ᠡᠬᠦᠠ ᠳᠤ ᠪᠠᠭᠰᠢ ᠨᠠᠷ ᠲᠤᠭᠯᠠᠭᠠᠮ ᠤᠨ ᠠᠷᠭᠠᠴᠠᠯᠠᠯ ᠤᠨ ᠲᠠᠭᠠᠤ ᠨᠤᠮ ᠤᠨ ᠢᠶᠠᠨ ᠠᠭᠤᠯᠭ᠎ᠠ ᠶᠢ ᠬᠡᠤᠬᠡᠳ ᠤᠨ ᠢᠶᠠᠨ | ᠲᠦᠪᠰᠢᠠ᠂ ᠵᠢᠭᠠᠠ ᠰᠤᠷᠭᠠᠯᠳᠠ ᠶᠢᠨ ᠲᠠᠪᠤᠠ ᠬᠦᠷᠢᠶᠠᠯᠠᠯ ᠳᠤ ᠵᠤᠬᠢᠴᠠᠭᠤᠯᠤᠨ ᠦᠷᠬᠦᠯᠵᠢᠯᠠᠨ ᠰᠢᠨᠠᠳᠬᠡᠡ | ᠪᠠᠶᠠᠯᠢᠬᠵᠢᠭᠤᠯᠳ᠂ ᠬᠡᠤᠬᠡᠳ ᠤᠨ ᠤᠷᠮ᠎ᠠ ᠪᠠᠬ᠎ᠠ᠂ ᠬᠦᠭᠵᠢᠯᠳᠠ ᠳᠤ ᠲᠤᠰᠠᠯᠬᠠᠰᠠᠠ ᠨᠤᠮ ᠢ ᠵᠤᠬᠢᠶᠠᠨ | ᠨᠠᠶᠢᠷᠠᠭᠤᠯᠤᠭᠰᠠᠭᠠᠷ ᠶᠤᠮ᠃ | ︵ᠲᠦᠷᠪᠡ︶ ᠰᠤᠳᠤᠯᠭᠠᠨ ᠤ ᠰᠡᠳᠦᠪ ᠨᠢ ᠭᠡᠤᠭᠡᠳ ᠤᠨ ᠬᠠᠮᠤᠭ ᠤᠨ ᠲᠦᠬᠦᠮ ᠠᠪᠰᠠᠷᠬᠠᠠ ᠢᠶᠠᠷ | ᠵᠢᠯᠤᠭᠤᠳᠤᠮᠵᠢ ᠪᠤᠯᠤᠭᠰᠠᠠ ᠲᠤᠭᠯᠠᠭᠠᠮ᠂ ᠨᠤᠮ ᠨᠢ ᠬᠡᠤᠬᠡᠳ ᠲᠤ ᠴᠢᠯᠤᠬᠡ ᠲᠠᠢ ᠲᠤᠭᠯᠠᠬᠤ᠂ ᠦᠢᠯᠠ | ᠬᠦᠢᠴᠡᠳᠬᠡᠬᠦ᠂ ᠰᠤᠷᠴᠤ ᠬᠦᠭᠵᠢᠬᠦ ᠪᠠ ᠪᠠᠶᠠᠯᠢᠭ ᠤᠷᠴᠢᠠ ᠢ ᠪᠦᠷᠢᠯᠳᠤᠬᠦᠯᠵᠤ᠂ ᠪᠦᠬᠦ ᠲᠠᠯ᠎ᠠ ᠶᠢᠨ ᠴᠢᠳᠠᠮᠵᠢ ᠶᠢ | ᠬᠦᠭᠵᠢᠬᠦᠯᠦᠭᠰᠡᠡ ᠠᠴᠠ ᠶᠠᠭᠤᠠ ᠤ ᠡᠮᠤᠨ᠎ᠠ ᠬᠡᠤᠬᠡᠳ ᠲᠢᠭ ᠵᠢᠷᠤᠮ ᠰᠤᠷᠴᠣ᠂ ᠡᠬᠢᠯᠡᠭᠰᠡᠡ ᠢᠶᠠᠨ ᠲᠠᠭᠤᠰᠬᠠᠬᠤ ᠪᠠᠷ | ᠮᠡᠷᠡᠶᠢᠳᠡᠭ ᠲᠡᠰᠪᠤᠷᠢ ᠲᠡᠪᠴᠢᠶᠡᠷᠢ ᠲᠠᠢ ᠪᠤᠯᠤᠠ ᠬᠦᠮᠤᠵᠢᠭ᠍ᠳᠡᠬᠦ ᠳᠤ ᠰᠠᠭᠤᠷᠢ ᠪᠤᠯᠤᠭᠰᠠᠠ ᠮᠦᠷᠳᠡᠬᠡᠨ ᠬᠡᠤᠬᠡᠳ | ᠲᠤᠭᠯᠠᠭᠠᠮ ᠢᠶᠠᠨ ᠦᠪᠡᠷ ᠤᠨ ᠲᠤᠷ᠎ᠠ ᠰᠤᠨᠢᠷᠬᠠᠯ ᠢᠶᠠᠷ ᠢᠶᠠᠨ ᠴᠢᠯᠤᠬᠡ ᠲᠠᠢ ᠰᠤᠩᠭᠤᠠ ᠲᠤᠭᠯᠠᠵᠤ᠂ ᠲᠤᠭᠯᠠᠭᠠᠮ ᠤᠨ | ᠲᠠᠭᠠᠤ ᠪᠡᠶ᠎ᠠ ᠳᠤ ᠪᠠᠨ ᠦᠨᠠᠯᠡᠭᠡ ᠬᠢᠵᠤ ᠦᠪᠡᠷ ᠤᠨ ᠬᠢᠭᠰᠡᠡ ᠪᠦᠳᠤᠬᠡᠯ ᠢᠶᠠᠷ ᠢᠶᠠᠨ ᠪᠠᠶᠠᠷ ᠪᠠᠭ᠋ᠠᠳᠤᠯ ᠭᠦᠷᠳᠡᠵᠦ᠂ | ᠬᠡᠤᠬᠡᠳ ᠤᠨ ᠪᠡᠶ᠎ᠠ ᠰᠡᠳᠬᠢᠴᠡ ᠶᠢ ᠰᠠᠶᠢᠠ ᠢᠶᠠᠷ ᠨᠦᠯᠦᠬᠡᠯᠡᠵᠤ ᠪᠠᠶᠢᠳᠠᠭ ᠠᠴᠠ ᠬᠡᠤᠬᠡᠳ ᠲᠤᠭᠯᠠᠭᠠᠮ ᠤᠨ ᠬᠡᠷᠡᠭᠰᠡᠯ᠂ | ᠬᠠᠶᠠᠭᠳᠠᠮᠠᠯ᠂ ᠪᠤᠰᠤᠤᠨ ᠡᠳ᠋ ᠶᠠᠭᠤᠮᠠᠰ ᠢ ᠠᠰᠢᠭᠯᠠᠠ ᠪᠦᠳᠤᠬᠡᠯᠴᠢ ᠪᠠᠷ ᠵᠤᠬᠢᠶᠠᠨ ᠪᠦᠳᠤᠬᠡᠬᠦ ᠴᠢᠳᠠᠪᠤᠷᠢ ᠶᠢ ᠨᠢ | ᠨᠡᠮᠡᠭᠳᠡᠬᠦᠯᠵᠠᠢ᠃ | ︽ᠲᠤᠭᠯᠠᠭᠠᠮ ᠤᠨ ᠲᠤᠮᠳᠠ ᠬᠡᠤᠬᠡᠳ ᠤᠨ ᠬᠦᠭᠵᠢᠯ ᠢ ᠲᠡᠮᠵᠢᠬᠦ︾ ᠰᠤᠳᠤᠯᠭᠠᠠ ᠳᠤ ᠲᠤᠭᠯᠠᠭᠠᠮ ᠤᠨ | ᠠᠷᠭᠠᠴᠠᠯᠠᠯ ᠤᠨ ᠲᠠᠭᠠᠤ ᠨᠠᠶᠢᠷᠠᠭᠤᠯᠤᠭᠰᠠᠠ ᠨᠤᠮ ᠨᠢ ᠪᠠᠭᠰᠢ ᠶᠢ ᠦᠨᠳᠤᠰᠤᠨ ᠳᠤ ᠪᠠᠨ ᠤᠷᠤᠯᠠᠵᠤ᠂ ᠪᠠᠭᠰᠢ ᠠᠴᠠ | ᠬᠡᠤᠬᠡᠳ ᠤᠨ ᠲᠤᠭᠯᠠᠭᠠᠮ ᠤᠨ ᠶᠠᠪᠤᠴᠠ ᠳᠤ ᠬᠢ ᠬᠠᠮᠢᠶ᠎ᠠ ᠪᠦᠬᠦᠢ ᠢᠯᠡᠷᠡᠯ ᠲᠠᠷᠤᠢ ᠠᠮᠢᠳᠤᠷᠠᠯ ᠤᠨ ᠲᠠᠳᠬᠠᠯ᠂ | ᠰᠡᠳᠬᠢᠬᠦᠢ ᠶᠢᠨ ᠤᠠᠴᠠᠯᠢᠭ᠂ ᠤᠠᠴᠠᠭᠠᠢ ᠲᠤᠷ᠎ᠠ ᠪᠠᠬ᠎ᠠ᠂ ᠵᠠᠩ ᠠᠪᠤᠷᠢ ᠵᠡᠷᠬᠡ ᠶᠢ ᠨᠠᠷᠢᠠ ᠨᠢᠠᠠᠳᠠ ᠠᠵᠢᠭᠯᠠᠵᠤ᠂ | ᠦᠨᠠᠠ ᠪᠤᠳᠠᠳᠠᠢ ᠪᠠᠷ ᠠᠵᠢᠠᠠᠯᠠᠯᠳᠠ ᠶᠢᠨ ᠲᠡᠮᠳᠡᠭᠯᠡᠯ ᠬᠢᠵᠤ᠂ ᠬᠡᠤᠬᠡᠳ ᠨᠢᠬᠡᠪᠤᠷᠢ ᠶᠢᠨ ᠢᠶᠠᠨ ᠬᠦᠭᠵᠢᠯᠳᠠ ᠶᠢᠨ | ᠲᠦᠪᠰᠢᠠ ᠢ ᠤᠶᠢᠯᠠᠭᠠᠵᠤ᠂ ᠡᠬᠦᠠ ᠤ ᠤᠯᠠᠮ ᠠᠴᠠ ᠬᠡᠤᠬᠡᠳ ᠤᠨ ᠢᠶᠠᠨ ᠬᠦᠭᠵᠢᠯᠳᠠ᠂ ᠲᠦᠪᠰᠢᠠ ᠳᠤ ᠨᠢ | ᠲᠤᠬᠢᠷᠠᠭᠰᠠᠠ ᠲᠤᠭᠯᠠᠭᠠᠮ ᠤᠨ ᠠᠷᠭᠠᠴᠠᠯᠠᠯ ᠤᠨ ᠨᠤᠮ ᠢ ᠦᠷᠬᠦᠯᠵᠢᠯᠠᠠ ᠨᠠᠶᠢᠷᠠᠭᠤᠯᠬᠤ ᠳᠤ ᠨᠢ ᠰᠠᠭᠤᠷᠢ ᠪᠤᠯᠳᠠᠭ | ᠮᠦᠷᠳᠡᠬᠡᠠ ᠪᠠᠭᠰᠢ ᠶᠢᠨ ᠬᠤᠪᠢ ᠳᠤ ᠰᠤᠷᠭᠠᠠ ᠬᠦᠮᠤᠵᠢᠬᠦᠯᠬᠦ ᠠᠷᠭ᠎ᠠ ᠠᠪᠴᠠᠯ ᠢᠶᠠᠨ ᠲᠠᠰᠤᠷᠠᠯᠳᠠ ᠦᠬᠡᠢ | ᠦᠬᠡᠷᠡᠴᠢᠯᠠᠠ ᠰᠢᠨᠠᠳᠬᠡᠳᠡᠭ ᠪᠤᠯᠬᠤᠷ ᠬᠡᠤᠬᠡᠳ ᠤᠨ ᠪᠦᠬᠦ ᠲᠠᠯ᠎ᠠ ᠶᠢᠨ ᠬᠦᠭᠵᠢᠯᠳᠠ ᠶᠢ ᠨᠡᠩ ᠰᠠᠶᠢᠠ | ᠠᠬᠢᠭᠤᠯᠬᠤ ᠳᠤ ᠮᠠᠰᠢ ᠰᠠᠶᠢᠠ ᠲᠤᠬᠢᠷᠠᠮᠵᠢᠳᠠᠢ ᠠᠷᠭ᠎ᠠ ᠭᠡᠵᠦ ᠪᠢᠳᠠ ᠦᠵᠡᠵᠦ ᠪᠠᠶᠢᠨ᠎ᠠ᠃ | ᠡᠶᠢᠮᠤ ᠠᠴᠠ ᠪᠢᠳᠠ ᠡᠨᠡ ᠬᠦ ᠬᠡᠤᠬᠡᠳ ᠨᠤᠮ ᠲᠤᠠᠠᠯᠠᠭᠠᠮ ᠭᠤᠷᠪᠠ ᠶᠢᠨ ᠤᠶᠠᠯᠳᠤᠯ ᠪᠤᠯᠤᠭᠰᠠᠠ ︽ | ᠲᠤᠭᠯᠠᠭᠠᠮ ᠤᠨ ᠲᠤᠮᠳᠠ ᠬᠡᠤᠬᠡᠳ ᠤᠨ ᠬᠦᠭᠵᠢᠯ ᠢ ᠲᠡᠮᠵᠢᠬᠦ︾ ᠰᠤᠳᠤᠯᠭᠠᠠ ᠢᠶᠠᠨ ᠤᠯᠠᠮ ᠨᠢᠬᠡ ᠠᠯᠬᠤᠮ | ᠲᠤᠭᠤᠰᠢᠳᠠᠢ ᠶᠠᠪᠤᠭᠳᠠᠭᠤᠯᠬᠤ ᠶᠢᠨ ᠲᠤᠰᠠᠳᠠ ︽ᠴᠡᠴᠡᠷᠯᠢᠭ ᠤᠨ ᠰᠤᠷᠭᠠᠠ ᠬᠦᠮᠤᠵᠢᠯ ᠤᠨ ᠵᠢᠯᠤᠭᠤᠳᠬᠤ | ᠬᠦᠳᠤᠯᠪᠤᠷᠢ︾ ᠶᠢᠨ ᠵᠤᠷᠢᠭ ᠰᠠᠨᠠᠭ᠎ᠠ ᠪᠠᠷ ᠵᠢᠯᠤᠭᠤᠳᠤᠯᠭ᠎ᠠ ᠪᠤᠯᠭᠠᠵᠤ᠂ ︽3~6 ᠨᠠᠰᠤᠠ ᠤ ᠬᠡᠤᠬᠡᠳ ᠤᠨ | ᠰᠤᠷᠤᠯᠴᠠᠯᠭ᠎ᠠ ᠪᠡ ᠬᠦᠭᠵᠢᠯᠳᠠ ᠶᠢᠨ ᠵᠦᠭᠯᠡᠬᠦᠷ︾ ᠢᠶᠠᠷ ᠬᠠᠪᠰᠤᠷᠤᠯᠭ᠎ᠠ ᠪᠤᠯᠭᠠᠠ ᠴᠡᠴᠡᠷᠯᠢᠭ ᠤᠨ ᠵᠢᠭᠠᠠ | ᠰᠤᠷᠭᠠᠯᠳᠠ ᠶᠢᠨ ᠶᠠᠰᠤ ᠴᠢᠨᠠᠷ ᠢ ᠲᠡᠬᠡᠭᠰᠢᠯᠡᠬᠦᠯᠬᠦ ᠪᠠᠷ ᠭᠤᠤᠯᠳᠠᠯᠭ᠎ᠠ ᠪᠠᠨ ᠪᠤᠯᠭᠠᠨ᠂ ︽ᠲᠤᠭᠯᠠᠭᠠᠮ ᠢᠶᠠᠷ | ᠦᠠᠳᠤᠰᠤᠠ ᠬᠦᠳᠡᠯᠬᠡᠬᠡᠠ︾ ᠪᠤᠯᠭᠠᠬᠤ ᠵᠠᠷᠴᠢᠮ ᠢ ᠪᠠᠷᠢᠮᠳᠠᠯᠠᠵᠤ᠂ ᠲᠤᠭᠯᠠᠭᠠᠮ ᠤᠨ ᠷᠢᠳᠢ ᠰᠢᠳᠢ ᠶᠢ ᠠᠰᠢᠭᠯᠠᠠ | ᠲᠤᠷᠰᠢᠵᠤ᠂ ᠰᠢᠠᠵᠢᠯᠡᠬᠦ ᠤᠬᠠᠭᠠᠨᠴᠢ ᠰᠢᠨ᠎ᠠ ᠰᠡᠪᠡᠬᠦᠠ ᠵᠢᠭᠠᠠ ᠰᠤᠷᠭᠠᠯᠳᠠ ᠶᠢᠨ ᠠᠷᠭ᠎ᠠ ᠠᠪᠴᠠᠯ ᠢᠶᠠᠷ ᠬᠡᠤᠬᠡᠳ | ᠨᠢᠬᠡᠪᠤᠷᠢ ᠶᠢᠨ ᠪᠦᠬᠦ ᠲᠠᠯ᠎ᠠ ᠶᠢᠨ ᠦᠠᠳᠤᠰᠤᠠ ᠬᠦᠭᠵᠢᠯᠳᠠ ᠶᠢ ᠠᠬᠢᠭᠤᠯᠬᠤ ᠪᠠᠷ ᠴᠢᠷᠮᠠᠶᠢᠵᠤ᠂ ᠬᠡᠤᠬᠡᠳ ᠢ | ᠲᠤᠭᠯᠠᠭᠠᠮ ᠤᠨ ᠲᠤᠮᠳᠠ ᠠᠴᠠ ᠤᠯᠤᠭᠰᠠᠠ ᠪᠠᠶᠠᠷ ᠪᠠᠶᠠᠰᠤᠯ᠂ ᠦᠷ᠎ᠠ ᠪᠦᠳᠤᠬᠡᠯ ᠢᠶᠠᠨ ᠪᠤᠰᠤᠤᠨ ᠲᠠᠢ | ᠬᠤᠪᠢᠶᠠᠯᠴᠠᠬᠤ᠂ ᠦᠪᠡᠷ ᠤᠨ ᠬᠢᠵᠤ ᠪᠦᠳᠤᠬᠡᠭᠰᠡᠡ ᠵᠦᠢᠯ ᠢᠶᠠᠨ ᠳ᠋ᠦᠩᠨᠠᠠ ᠶᠠᠷᠢᠯᠴᠠᠯᠭ᠎ᠠ ᠦᠷᠨᠢᠬᠦᠯᠬᠦ ᠪᠠᠷ ᠲᠠᠮᠵᠢᠠ | ᠬᠡᠯ᠎ᠠ ᠶᠠᠷᠢᠶᠠᠠ ᠤ ᠢᠯᠡᠳᠬᠡᠬᠦ ᠴᠢᠳᠠᠪᠤᠷᠢ᠂ ᠬᠠᠮᠳᠤ ᠪᠠᠷ ᠮᠡᠳᠡᠯᠬᠡ ᠤᠯᠬᠤ᠂ ᠵᠤᠬᠢᠶᠠᠨ ᠪᠦᠳᠦᠬᠡᠬᠦ ᠤᠷᠮ᠎ᠠ ᠪᠠᠬ᠎ᠠ ᠲᠠᠢ | ᠪᠤᠯᠭᠠᠵᠤ᠂ ᠪᠠᠭᠰᠢ ᠶᠢᠨ ᠲᠤᠭᠯᠠᠭᠠᠮ ᠤᠨ ᠠᠷᠭᠠᠴᠠᠯᠠᠯ ᠤᠨ ᠲᠠᠭᠠᠤ ᠨᠠᠶᠢᠷᠠᠭᠤᠯᠵᠤ ᠪᠠᠶᠢᠭ᠎ᠠ ᠭᠠᠷ ᠤᠨ ᠠᠪᠤᠯᠭ᠎ᠠ ᠶᠢᠨ | ᠨᠤᠮ ᠢᠶᠠᠨ ᠨᠡᠩ ᠴᠢᠨᠠᠷᠵᠢᠭᠤᠯᠬᠤ ᠪᠠᠷ ᠴᠢᠷᠮᠠᠶᠢᠵᠤ ᠪᠤᠢ᠃ | ᠬᠠᠶ᠋ᠢᠬ᠄ ᠡᠷᠢᠶᠡᠨ ᠬᠤᠳᠠ ᠶᠢᠨ ᠦᠨᠳᠦᠰᠦᠳᠡᠨ ᠤ ᠬᠡᠤᠭᠡᠳ ᠤᠨ ᠴᠡᠴᠡᠷᠯᠢᠭ | ︵ᠴ᠊ · ᠲᠤᠭᠳᠠᠭᠤᠨ ᠨᠠᠶᠢᠷᠠᠭᠤᠯᠪᠠ︶ | 8 ᠳ᠋ᠤᠭᠠᠷ ᠬᠤᠭᠤᠴᠠᠭ᠎ᠠ |