| ᠬᠤ᠋ ᠰᠢᠤ ᠵᠦᠸᠧ | | | ᠲᠤᠮᠳᠠᠳᠤ ᠤᠯᠤᠰ ᠤᠨ ᠭᠦᠮᠦᠨ ᠲᠤᠭᠠᠨ ᠤ ᠤᠬᠠᠭᠠᠨ ᠳᠤ ᠪᠠᠨ ᠰᠠᠶᠢᠨ ᠭᠡᠳᠡᠭ ᠢ ᠲᠠᠯᠠᠭᠡᠢ ᠪᠠᠷ ᠢᠶᠠᠨ ᠪᠦᠷ | ᠵᠦᠪᠰᠢᠶᠠᠷᠠᠳᠡᠭ ᠶᠤᠮ᠃ ᠭᠡᠳᠡᠯ᠎ᠡ ᠲᠤᠮᠳᠠᠳᠤ ᠤᠯᠤᠰ ᠤᠨ ᠭᠦᠮᠦᠨ ᠤ ᠲᠤᠭᠠᠨ ᠤ ᠤᠬᠠᠭᠠᠨ ᠤ ᠰᠤᠳᠤᠯᠤᠯ ᠤᠨ | ᠲᠠᠪᠰᠢᠯᠳᠠ ᠨᠢ ᠲᠡᠭᠦᠨ ᠲᠠᠢ ᠪᠠᠨ ᠲᠤᠬᠢᠷᠠᠯᠴᠠᠬᠤ ᠦᠭᠡᠢ ᠪᠠᠶᠢᠳᠠᠬ᠃ ᠶᠠᠮᠠᠷ ᠤᠴᠢᠷ ᠠᠴᠠ ᠪᠤᠢ︖ | ᠲᠠᠯᠠᠭᠡᠢ ᠶᠢᠨ ᠭᠦᠮᠦᠰ ᠠᠮᠧᠷᠢᠺᠠ ᠶᠢᠨ ᠰᠤᠷᠤᠭᠴᠢᠳ ᠤᠨ ᠲᠤᠭᠠᠨ ᠤ ᠤᠬᠠᠭᠠᠨ ᠤ ᠬᠢᠷᠢ ᠭᠡᠮᠵᠢᠶ᠎ᠠ ᠶᠢ ᠦᠯᠦ | ᠲᠤᠭᠤᠮᠰᠠᠷᠯᠠᠬᠤ ᠨᠢ ᠶᠠᠬ ᠯᠡ ᠲᠠᠳᠠᠨ ᠤ ᠦᠵᠠᠵᠤ ᠲᠠᠳᠤᠭᠰᠠᠨ ᠲᠤᠮᠳᠠᠳᠤ ᠶᠢᠨ ᠰᠤᠷᠤᠭᠴᠢᠳ ᠤᠨ ︽ᠠᠪᠢᠶᠠᠰ | ᠪᠢᠯᠢᠭ︾ ᠢ ᠭᠠᠶᠢᠬᠠᠨ ᠪᠢᠰᠢᠷᠡᠭᠦ ᠲᠠᠢ ᠠᠳᠠᠯᠢᠬᠠᠨ ᠪᠤᠯᠵᠠᠢ᠃ ᠡᠯᠧᠺᠲᠷᠤᠨ ᠪᠤᠳᠤᠯᠭ᠎ᠠ ᠶᠢᠨ ᠮᠠᠰᠢᠨ ᠠᠴᠠ ᠰᠠᠯᠪᠠᠯ | ᠲᠦᠷᠪᠡᠨ ᠦᠢᠯᠠᠳᠤᠯ ᠤᠨ ᠪᠤᠳᠤᠯᠭ᠎ᠠ ᠶᠢ ᠪᠤᠳᠤᠵᠤ ᠴᠢᠳᠠᠬᠤ ᠦᠭᠡᠢ᠂ sinx/n ᠢ ︽SIX︾ ᠪᠤᠯᠭᠠᠨ ᠪᠤᠳᠤᠬᠤ | ᠮᠡᠳᠤ ᠢᠨᠢᠶᠡᠳᠤᠮ ᠠᠮᠧᠷᠢᠺᠠ ᠶᠢᠨ ᠰᠤᠷᠤᠭᠴᠢᠳ ᠤᠨ ᠲᠤᠳᠤᠷ᠎ᠠ ᠤᠯᠠᠨ ᠪᠤᠯᠬᠤᠷ ︽ᠭᠡᠤᠭᠡᠳ ᠢ ᠠᠪᠤᠷᠠᠰᠤᠭᠠᠢ︾ | ᠭᠡᠰᠡᠨ ᠶᠠᠷᠢᠶ᠎ᠠ ᠭᠡᠯᠡᠯᠴᠡᠭᠡ ᠵᠦᠡᠭᠳᠡᠭᠡᠨ ᠦᠷᠨᠢᠵᠤ ᠯᠠ ᠪᠠᠶᠢᠳᠠᠬ᠃ ᠲᠠᠳᠠᠨ ᠲᠠᠢ ᠠᠳᠠᠯᠢᠳᠬᠠᠪᠠᠯ ᠲᠤᠮᠳᠠᠳᠤ ᠶᠢᠨ | ᠰᠤᠷᠤᠭᠴᠢᠳ ᠤᠨ ᠲᠤᠭᠠᠨ ᠤ ᠤᠬᠠᠭᠠᠨ ᠤ ᠴᠢᠳᠠᠪᠤᠷᠢ ᠶᠢ ᠠᠮᠧᠷᠢᠺᠠ ᠶᠢᠨ ᠤᠯᠠᠩᠬᠢ ᠰᠤᠷᠤᠭᠴᠢ ᠭᠠᠶᠢᠬᠠᠨ | ᠪᠢᠰᠢᠷᠡᠳᠡᠭ᠃ | ᠨᠢᠭᠡ᠂ ᠲᠤᠮᠳᠠᠳᠤ ᠤᠯᠤᠰ ᠤᠨ ᠭᠦᠮᠦᠨ ᠤ ᠲᠤᠭᠠᠨ ᠤ ᠤᠬᠠᠭᠠᠨ ᠶᠠᠭᠠᠬᠢᠭᠠᠳ ᠰᠠᠶᠢᠨ ᠪᠠᠶᠢᠳᠠᠬ ᠪᠤᠢ | ᠠᠵᠤ ᠠᠬᠤᠢ ᠶᠢᠨ ᠬᠤᠯᠪᠤᠭᠠᠨ ᠤ ᠵᠤᠬᠢᠶᠠᠨ ᠪᠠᠶᠢᠭᠤᠯᠤᠯᠳᠠ ᠶᠢᠨ ᠬᠢᠭᠰᠡᠨ ᠲᠠᠯᠠᠭᠡᠢ ᠶᠢᠨ ᠰᠤᠷᠤᠭᠴᠢᠳ ᠤᠨ | ᠦᠨᠠᠯᠠᠯᠳᠠ ᠶᠢᠨ ᠲᠦᠰᠦᠯ ︵PISA︶ ᠳᠤ ᠱᠠᠩᠬᠠᠢ ᠶᠢᠨ ᠲᠤᠮᠳᠠᠳᠤ ᠰᠤᠷᠭᠠᠭᠤᠯᠢ ᠶᠢᠨ ᠰᠤᠷᠤᠭᠴᠢᠳ ᠲᠤᠭᠠᠨ ᠤ | ᠤᠬᠠᠭᠠᠨ ᠤ ᠬᠢᠷᠢ ᠭᠡᠮ ᠤᠨ ᠰᠢᠯᠭᠠᠯᠳᠠ ᠳᠤ ᠪᠤᠰᠤᠳ 75 ᠬᠤᠳᠠ ᠶᠢ ᠲᠠᠪᠠᠭᠠᠳ ᠲᠠᠷᠢᠭᠦᠯᠡᠵᠡᠢ᠃ ᠠᠩᠭ᠍ᠯᠢ ᠶᠢᠨ | ᠭᠦᠮᠦᠰ ᠪᠠᠭ᠋ᠠᠷᠬᠠᠬᠤ ᠳᠤ ᠪᠠᠨ ᠲᠠᠷᠠ ᠲᠤᠤᠷ᠎ᠠ ᠪᠠᠨ ᠱᠠᠩᠬᠠᠢ ᠶᠢᠨ ᠲᠤᠮᠳᠠᠳᠤ ᠰᠤᠷᠭᠠᠭᠤᠯᠢ ᠶᠢᠨ 60 ᠲᠤᠭᠠᠨ ᠤ | ᠤᠬᠠᠭᠠᠨ ᠤ ᠪᠠᠭᠰᠢ ᠶᠢ ᠤᠷᠢᠵᠤ ᠠᠩᠭ᠍ᠯᠢ ᠳᠤ ᠠᠪᠠᠴᠢᠨ ᠲᠤᠷᠰᠢᠯᠭ᠎ᠠ ᠲᠠᠨᠢᠯᠴᠠᠭᠤᠯᠤᠭᠤᠯᠵᠠᠢ᠃ | ᠡᠳᠦᠷ ᠲᠤᠳᠤᠮ ᠤᠨ ᠵᠢᠭᠠᠨ ᠰᠤᠷᠭᠠᠯᠳᠠ ᠠᠴᠠ ᠭᠠᠳᠠᠨ᠎ᠠ ᠤᠷᠤᠯᠳᠤᠭᠠᠨ ᠤ ᠬᠢᠷᠢ ᠪᠦᠳᠤᠮᠵᠢ ᠨᠢ ᠴᠦ ᠡᠨᠡ ᠭᠦ | ᠵᠦᠷᠢᠶᠡᠨ ᠢ ᠢᠯᠠᠷᠠᠭᠦᠯᠵᠠᠢ᠃ ᠤᠯᠠᠨ ᠤᠯᠤᠰ ᠤᠨ ᠲᠤᠭᠠᠨ ᠤ ᠤᠬᠠᠭᠠᠨ ᠤ ᠤᠯᠢᠮᠫᠢᠺ ᠤᠨ ᠤᠷᠤᠯᠳᠤᠭᠠᠨ ᠪᠤᠯ | ᠲᠤᠮᠳᠠᠳᠤ ᠰᠤᠷᠭᠠᠭᠤᠯᠢ ᠶᠢᠨ ᠰᠤᠷᠤᠭᠴᠢᠳ ᠲᠤ ᠬᠠᠨᠳᠤᠭᠤᠯᠤᠭᠰᠠᠨ ᠬᠠᠮᠤᠭ ᠤᠨ ᠨᠠᠷᠠᠳᠠᠢ ᠤᠷᠤᠯᠳᠤᠭᠠᠨ ᠤ ᠨᠢᠭᠡ | ᠪᠤᠯᠤᠨ᠎ᠠ᠃ 1985 ᠤᠨ ᠠᠴᠠ ᠡᠬᠢᠯᠡᠵᠦ ᠲᠤᠮᠳᠠᠳᠤ ᠤᠯᠤᠰ ᠤᠷᠤᠯᠴᠠᠬᠤ ᠳᠤ ᠪᠠᠨ ᠶᠡᠷᠦᠩᠭᠡᠢ ᠬᠤᠪᠢ ᠪᠠᠷ 19 | ᠤᠳᠠᠭ᠎ᠠ ᠲᠠᠷᠢᠭᠦᠯᠡᠵᠡᠢ᠃ ᠲᠤᠮᠳᠠᠳᠤ ᠤᠯᠤᠰ ᠠᠴᠠ ᠭᠠᠳᠠᠨ᠎ᠠ ᠵᠦᠪᠭᠡᠨ ᠺᠤᠷᠢᠶᠠ᠂ ᠷᠤᠮᠠᠨᠢᠶ᠎ᠠ᠂ ᠪᠤᠯᠭᠠᠷᠢᠶ᠎ᠠ ᠬᠢᠭᠡᠳ | ᠤᠷᠤᠰ᠂ ᠢᠷᠠᠨ᠂ ᠠᠮᠧᠷᠢᠺᠠ ᠶᠡᠷᠦᠩᠭᠡᠢ ᠬᠤᠪᠢ ᠪᠠᠷ ᠲᠠᠷᠢᠭᠦᠯᠠᠵᠤ ᠦᠡᠭᠭᠡᠷᠡᠵᠡᠢ᠃ ᠲᠠᠭᠦᠨ ᠤ ᠲᠤᠳᠤᠷ᠎ᠠ ᠠᠮᠧᠷᠢᠺᠠ | ᠨᠢᠭᠡ ᠯᠡ ᠤᠳᠠᠭ᠎ᠠ ᠲᠠᠷᠢᠭᠦᠯᠡᠵᠡᠢ᠃ | 2014 ᠤᠨ ᠤ 9 ᠳ᠋ᠤᠭᠡᠷ ᠰᠠᠷ᠎ᠠ ᠳᠤ ︽ᠸᠠᠯᠯ ᠵᠠᠭᠡᠯᠢ ᠡᠳᠦᠷ ᠤᠨ ᠰᠤᠨᠢᠨ︾ ᠹᠤᠰᠲ᠋ᠤᠨ ᠵᠡᠭᠦᠨ | ᠬᠤᠶᠢᠳᠤ ᠶᠢᠨ ᠶᠡᠭᠡ ᠰᠤᠷᠭᠠᠭᠤᠯᠢ ᠪᠠ ᠲᠧᠺᠠᠰᠠᠬ ᠲᠠᠷᠢᠶᠠᠯᠠᠩ ᠠᠵᠤ ᠦᠢᠯᠠᠳᠪᠤᠷᠢ ᠶᠢᠨ ᠶᠡᠭᠡ ᠰᠤᠷᠭᠠᠭᠤᠯᠢ ᠶᠢᠨ | ᠬᠤᠶᠠᠷ ᠫᠷᠤᠹᠧᠰᠰᠤᠷ ᠤᠨ ᠰᠤᠳᠤᠯᠭᠠᠨ ᠤ ᠦᠷ᠎ᠠ ᠪᠦᠳᠦᠭᠡᠯ ᠢᠶᠠᠷ ᠡᠰᠢᠯᠡᠨ ᠬᠤᠴᠤᠷᠴᠤ ᠪᠠᠶᠢᠭ᠎ᠠ ᠶᠢᠨ ᠰᠢᠯᠳᠠᠭᠠᠨ ᠢ | ᠭᠡᠯᠡᠨ ᠤ ᠠᠰᠠᠭᠤᠳᠠᠯ ᠳᠤ ᠲᠠᠯᠪᠢᠵᠠᠢ᠃ ᠦᠭᠡᠷ᠎ᠠ ᠪᠠᠷ ᠭᠡᠯᠡᠪᠡᠯ ᠲᠤᠮᠳᠠᠳᠤ ᠤᠯᠤᠰ᠂ ᠶᠠᠫᠤᠨ᠂ ᠺᠤᠷᠢᠶᠠ᠂ ᠲᠦᠷᠺ ᠵᠡᠷᠭᠡ | ᠤᠯᠤᠰ ᠤᠨ ᠭᠡᠯᠡᠨ ᠳᠤ ᠲᠤᠭᠠᠨ ᠤ ᠤᠬᠠᠭᠠᠨ ᠤ ᠤᠤᠭᠠᠯ ᠲᠠᠪᠠᠭᠤᠯᠢᠬ ᠲᠠᠯ᠎ᠠ ᠲᠠᠢ ᠭᠡᠵᠡᠢ᠃ ᠵᠢᠱᠢᠶᠡᠯᠡᠪᠡᠯ᠂ ᠭᠢᠳᠠᠳ | ᠭᠡᠯᠡ ᠪᠠᠷ ᠠᠪᠴᠤ ᠭᠡᠯᠡᠪᠡᠯ 10 ᠰᠠᠭᠤᠷᠢ ᠬᠢᠳᠠᠳ ᠦᠰᠦᠭ ᠢᠶᠠᠷ ᠪᠤᠢ ᠪᠦᠭᠦᠢ ᠲᠤᠭ᠎ᠠ ᠶᠢ ᠢᠯᠠᠳᠭᠡᠵᠦ ᠴᠢᠳᠠᠨ᠎ᠠ᠂ | ᠭᠡᠳᠡᠯ᠎ᠠ ᠠᠩᠭ᠍ᠯᠢ ᠭᠡᠯ᠎ᠠ 20 ᠠᠳᠠᠯᠢ ᠪᠤᠰᠤ ᠲᠡᠩ ᠦᠭᠡ ᠶᠢ ᠭᠡᠷᠡᠭᠯᠠᠳᠡᠭ ᠪᠤᠯᠬᠤᠷ ᠲᠡᠷᠢᠬᠢᠨ ᠤ ᠪᠤᠳᠤᠬᠤ ᠨᠤᠷᠮ᠎ᠠ ᠶᠢ | ᠨᠦᠯᠦᠭᠡᠯᠡᠵᠦ ᠪᠠᠶᠢᠨ᠎ᠠ ᠭᠡᠵᠦ ᠦᠵᠠᠵᠠᠢ᠃ | ᠪᠤᠳᠤᠬᠤ ᠶᠠᠪᠤᠴᠠ ᠳᠤ ︽ᠠᠷᠪᠠ ᠪᠤᠯᠭᠠᠬᠤ ᠠᠷᠭ᠎ᠠ︾ ᠶᠢᠨ ᠭᠡᠷᠡᠭᠯᠠᠯᠳᠠ ᠨᠢ ᠴᠦ ᠵᠤᠬᠢᠬᠤ ᠨᠦᠯᠦᠭᠡ ᠲᠠᠢ | ᠪᠠᠶᠢᠵᠤ ᠮᠠᠳᠠᠨ᠎ᠠ᠃ ᠦᠭᠡᠷ᠎ᠠ ᠪᠠᠷ ᠭᠡᠯᠡᠪᠡᠯ ᠭᠡᠷᠪᠡ ᠲᠤᠭ᠎ᠠ ᠶᠢ ᠤᠷᠢᠳ ᠢᠶᠠᠷ ᠠᠷᠪᠠ ᠪᠤᠯᠭᠠᠵᠤ ᠪᠤᠳᠤᠬᠤ ᠨᠢ ᠨᠡᠩ | ᠲᠤᠳᠤᠷᠬᠠᠢ ᠪᠦᠭᠡᠳ ᠲᠦᠷᠭᠡᠨ ᠪᠠᠶᠢᠵᠤ ᠮᠠᠳᠠᠨ᠎ᠠ᠃ ᠵᠢᠱᠢᠶᠡᠯᠡᠪᠡᠯ᠂ ︽9+5︾ ᠶᠢ ︽ᠠᠷᠪᠠ ᠪᠤᠯᠭᠠᠬᠤ ᠠᠷᠭ᠎ᠠ︾ ᠶᠢ | ᠭᠡᠷᠡᠭᠯᠡᠪᠡᠯ ᠳᠠᠷᠤᠢ ︽9+1︾ ᠪᠤᠯᠭᠠᠭᠰᠠᠨ ᠤ ᠳᠠᠷᠠᠭ᠎ᠠ ︽10+4︾ ᠪᠤᠯᠤᠨ᠎ᠠ᠃ ᠭᠡᠳᠡᠯ᠎ᠡ ᠠᠩᠭ᠍ᠯᠢ ᠭᠡᠯᠡ | ᠭᠡᠷᠡᠭᠯᠡᠭᠴᠢᠳ ᠬᠠᠷᠢᠨ ᠢᠯᠭᠤᠮ ᠵᠠᠳᠠᠯᠵᠤ ᠴᠢᠳᠠᠬᠤ ᠦᠭᠡᠢ ᠪᠠᠶᠢᠳᠠᠬ᠃ ᠠᠳᠠᠯᠢ ᠪᠠᠷ ︽11+17︾ ᠶᠢ ᠬᠢᠳᠠᠳ | ᠭᠡᠯᠡ ᠪᠠᠷ ︽10+1+10+7︾ ᠭᠡᠵᠦ ᠤᠷᠤᠯᠠᠵᠤ ᠪᠤᠯᠬᠤ ᠪᠠᠶᠢᠳᠠᠯ᠎ᠠ ᠠᠩᠭ᠍ᠯᠢ ᠭᠡᠯᠡ ᠪᠠᠷ | ︽eleven+sev-enteen︾ ᠭᠡᠵᠦ ᠪᠤᠯᠬᠤ ᠦᠭᠡᠢ ᠪᠠᠶᠢᠳᠠᠬ᠃ | ᠵᠠᠷᠢᠮ ᠡᠷᠳᠠᠮᠳᠠᠨ ᠡᠨᠡ ᠠᠰᠠᠭᠤᠳᠠᠯ ᠢ ᠲᠠᠬᠢᠨ ᠲᠠᠪᠳᠠᠨ ᠪᠤᠳᠤᠯᠬᠢᠯᠠᠵᠤ ᠦᠡᠭᠭᠡᠷᠡᠵᠡᠢ᠃ ᠲᠠᠳᠠᠨ ᠤ ᠲᠤᠳᠤᠷᠠᠬᠢ | ᠬᠠᠮᠤᠭ ᠤᠨ ᠨᠠᠶᠢᠳᠡᠯᠢᠭ ᠵᠢᠱᠢᠶ᠎ᠠ ᠪᠤᠯᠬᠤ ᠭᠦᠮᠦᠨ ᠪᠤᠯ ᠰᠤᠨᠢᠨ ᠬᠠᠴᠢᠨ ᠠᠪᠢᠶᠠᠰᠳᠠᠨ ᠭᠡᠵᠦ ᠨᠡᠷᠡᠯᠡᠭᠳᠡᠭᠰᠡᠨ | ᠮᠠᠯᠺᠧᠮ· ᠭᠯᠡᠳᠠᠸᠧᠢᠯ ᠪᠤᠯᠤᠨ᠎ᠠ᠃ ᠲᠠᠷᠠ ︽ᠤᠨᠳᠤᠤ ᠲᠦᠷᠦᠯ᠄ ᠢᠵᠢᠯᠢ ᠪᠤᠰᠤ ᠠᠮᠵᠢᠯᠳᠠ ᠶᠢᠨ ᠰᠠᠩᠭᠡᠷᠡᠭᠦᠯᠤᠯᠳᠠ︾ | ᠭᠡᠳᠡᠭ ᠨᠤᠮ ᠳᠤ ᠪᠠᠨ ︽ᠲᠤᠳᠤᠷᠭᠠᠨ ᠲᠠᠷᠢᠶ᠎ᠠ ᠬᠢᠭᠡᠳ ᠲᠤᠭᠠᠨ ᠤ ᠤᠬᠠᠭᠠᠨ︾ ᠭᠡᠰᠡᠨ ᠰᠡᠳᠤᠪ ᠢᠶᠠᠷ ᠲᠤᠮᠳᠠᠳᠤ | ᠤᠯᠤᠰ ᠤᠨ ᠭᠦᠮᠦᠨ ᠤ ᠲᠤᠭᠠᠨ ᠤ ᠤᠬᠠᠭᠠᠨ ᠨᠢ ᠤᠨᠴᠠᠭᠠᠢ ᠰᠠᠶᠢᠨ ᠪᠠᠶᠢᠳᠠᠬ ᠦᠵᠡᠭᠳᠡᠯ ᠢ ᠲᠤᠰᠬᠠᠢᠢᠯᠠᠨ ᠵᠠᠳᠠᠯᠤᠨ | ᠰᠤᠳᠤᠯᠵᠠᠢ᠃ ᠭᠯᠡᠳᠠᠸᠧᠢᠯ ᠤᠨ ᠲᠠᠶᠢᠯᠪᠤᠷᠢᠯᠠᠯᠳᠠ ᠨᠢ ᠦᠵᠠᠭᠦ ᠳᠤ ᠲᠤᠩ ᠶᠤᠰᠤᠳᠠᠢ ᠪᠠᠶᠢᠪᠠ᠃ ᠡᠮᠦᠨ᠎ᠠ ᠲᠤᠷᠠᠳᠤᠭᠰᠠᠨ | 10 ᠦᠨᠳᠤᠰᠤᠨ ᠬᠢᠳᠠᠳ ᠦᠰᠦᠭ ᠨᠢ ᠪᠤᠢ ᠪᠦᠭᠦᠢ ᠲᠤᠭ᠎ᠠ ᠶᠢ ᠢᠯᠡᠷᠭᠡᠶᠢᠯᠡᠭᠦ ᠠᠴᠠ ᠭᠠᠳᠠᠨ᠎ᠠ ᠲᠠᠷᠠ ᠪᠠᠰᠠ | ᠬᠢᠳᠠᠳ ᠭᠡᠯᠡᠨ ᠤ ᠲᠠᠩ ᠠᠪᠢᠶ᠎ᠠ ᠨᠢ ᠲᠤᠮᠳᠠᠳᠤ ᠤᠯᠤᠰ ᠤᠨ ᠭᠦᠮᠦᠨ ᠤ ᠲᠤᠭ᠎ᠠ ᠶᠢ ᠰᠢᠢᠳᠪᠤᠷᠢᠯᠡᠭᠦ ᠦᠶ᠎ᠠ ᠶᠢᠨ | ᠴᠡᠭᠡᠵᠢ ᠪᠤᠳᠤᠯᠭ᠎ᠠ ᠶᠢᠨ ᠬᠤᠷᠳᠤᠴᠠ ᠶᠢ ᠨᠠᠩ ᠲᠦᠷᠭᠡᠳᠭᠡᠭᠰᠡᠨ ᠪᠠᠶᠢᠨ᠎ᠠ᠃ ᠲᠤᠮᠳᠠᠳᠤ ᠤᠯᠤᠰ ᠤᠨ ᠭᠦᠮᠦᠨ ᠤ | ᠦᠭᠡ ᠭᠡᠯᠡᠨ ᠳᠡᠭᠡᠷᠡᠬᠢ ᠦᠭᠡᠷ᠎ᠠ ᠨᠢᠭᠡ ᠲᠠᠪᠠᠭᠤᠯᠢᠬ ᠲᠠᠯ᠎ᠠ ᠪᠤᠯ ᠬᠢᠳᠠᠳ ᠭᠡᠯᠡᠠ ᠳᠤ ᠬᠢ ᠲᠤᠭ᠎ᠠ ᠶᠢ ᠢᠯᠠᠳᠭᠡᠭᠦ | ᠭᠡᠯᠪᠠᠷᠢ ᠨᠢ ᠶᠡᠷᠦ ᠠᠴᠠ ᠪᠤᠰᠤᠳ ᠦᠭᠡ ᠭᠡᠯᠡ ᠠᠴᠠ ᠲᠦᠭᠦᠮ ᠲᠤᠳᠤᠷᠬᠠᠢ ᠪᠠᠶᠢᠳᠠᠬ ᠭᠡᠵᠦ ᠦᠵᠠᠵᠠᠢ᠃ ᠭᠡᠪᠡᠴᠤ | ᠭᠯᠡᠳᠠᠸᠧᠢᠯ ᠪᠠᠰᠠ ᠲᠤᠮᠳᠠᠳᠤ ᠤᠯᠤᠰ ᠤᠨ ᠭᠦᠮᠦᠨ ᠤ ᠲᠤᠭᠠᠨ ᠤ ᠤᠬᠠᠭᠠᠨ ᠰᠠᠶᠢᠨ ᠪᠠᠶᠢᠳᠠᠬ ᠨᠢ ᠵᠦᠪᠭᠡᠨ ᠡᠮᠦᠨ᠎ᠠ | ᠲᠤᠷᠠᠳᠤᠭᠰᠠᠨ ᠦᠭᠡ ᠭᠡᠯᠡᠨ ᠤ ᠲᠠᠪᠠᠭᠤᠯᠢᠬ ᠲᠤ ᠨᠢ ᠪᠠᠶᠢᠳᠠᠬ ᠲᠠᠳᠤᠢ ᠪᠢᠰᠢ ᠲᠤᠮᠳᠠᠳᠤ ᠤᠯᠤᠰ ᠤᠨ | ᠲᠤᠳᠤᠷᠭ᠎ᠠ ᠪᠠᠷ ᠭᠤᠤᠯ ᠪᠤᠯᠭᠠᠭᠰᠠᠨ ᠲᠠᠷᠢᠶᠠᠯᠠᠬᠤ ᠰᠤᠶᠤᠯ ᠨᠢ ᠠᠳᠠᠯᠢᠬᠠᠨ ᠰᠢᠢᠳᠪᠤᠷᠢᠯᠡᠭᠦ ᠴᠢᠨᠠᠷᠳᠠᠢ ᠦᠢᠯᠠᠳᠤᠯ | ᠦᠵᠠᠭᠦᠯᠳᠡᠭ ᠭᠡᠰᠡᠨ ᠦᠵᠠᠯᠳᠠ ᠶᠢ ᠲᠤᠷᠠᠳᠴᠠᠢ᠃ ᠭᠯᠡᠳᠡᠸᠧᠢᠯ ᠲᠤᠳᠤᠷᠭ᠎ᠠ ᠲᠠᠷᠢᠬᠤ ᠪᠠᠷ ᠭᠤᠤᠯ ᠪᠤᠯᠭᠠᠭᠰᠠᠨ | ᠶᠠᠫᠤᠨ᠂ ᠺᠤᠷᠢᠶᠠ ᠶᠢᠨ ᠭᠦᠮᠦᠰ ᠤᠨ ᠲᠤᠭᠠᠨ ᠤ ᠤᠬᠠᠭᠠᠨ ᠤ ᠴᠢᠳᠠᠪᠤᠷᠢ ᠠᠳᠠᠯᠢᠬᠠᠨ ᠰᠠᠶᠢᠨ ᠪᠠᠶᠢᠳᠠᠬ ᠢ | ᠠᠩᠬᠠᠷᠤᠯ ᠳᠤ ᠪᠠᠨ ᠠᠪᠴᠠᠢ᠃ ᠲᠤᠳᠤᠷᠭ᠎ᠠ ᠲᠠᠷᠢᠬᠤ ᠳᠤ ᠲᠤᠬᠢᠷᠠᠮᠵᠢᠳᠠᠢ ᠭᠠᠵᠠᠷ ᠤᠷᠤᠨ ᠤ ᠲᠠᠷᠢᠶᠠᠴᠢᠳ ᠵᠢᠯ ᠤᠨ | ᠲᠦᠷᠪᠡᠨ ᠤᠯᠠᠷᠢᠯ ᠳᠤ ᠶᠠᠭᠠᠷᠠᠬᠤ ᠲᠤᠮᠳᠠ ᠪᠠᠨ ᠭᠠᠵᠠᠷ ᠰᠢᠷᠤᠢ ᠪᠠ ᠴᠠᠭ ᠢᠶᠠᠨ ᠭᠦᠢᠴᠡᠳ ᠠᠰᠢᠭᠯᠠᠬᠤ ᠶᠢᠨ | ᠲᠦᠯᠦᠭᠡ ᠪᠤᠭᠤᠳᠠᠢ ᠲᠠᠷᠢᠬᠤ ᠲᠠᠷᠢᠶᠠᠴᠢᠳ ᠠᠴᠠ ᠬᠤᠯᠠ ᠢᠯᠠᠭᠦᠦ ᠨᠠᠷᠢᠨ ᠪᠤᠳᠤᠵᠤ ᠨᠢᠮᠪᠠᠢ ᠲᠦᠯᠦᠪᠯᠠᠳᠡᠭ᠃ | ᠡᠭᠦᠨ ᠠᠴᠠ ᠭᠠᠳᠠᠨ᠎ᠠ ᠲᠤᠮᠳᠠᠳᠤ ᠤᠯᠤᠰ ᠤᠨ ᠲᠠᠷᠢᠶᠠᠴᠢᠳ ᠡᠷᠳᠠ ᠦᠶ᠎ᠠ ᠳᠤ ᠪᠦᠷ ᠲᠠᠷᠠᠬᠠᠢ ᠪᠤᠳᠠᠷᠬᠠᠢ ᠵᠢᠵᠢᠭ | ᠡᠷᠦᠭᠡ ᠪᠠᠷ ᠰᠠᠭᠤᠷᠢᠰᠢᠵᠤ᠂ ᠠᠵᠤ ᠠᠬᠤᠢ ᠶᠢᠨ ᠲᠤᠰᠠᠭᠠᠷ ᠴᠢᠨᠠᠷ ᠨᠢ ᠲᠠᠷᠢᠶᠠᠴᠢᠨ ᠨᠢᠭᠡ ᠪᠦᠷᠢ ᠶᠢ ᠠᠵᠤ | ᠠᠬᠤᠢᠢᠯᠠᠯᠳᠠᠨ ᠠᠳᠠᠯᠢ ᠪᠤᠳᠤᠵᠤ ᠲᠤᠭᠠᠴᠠᠬᠤ ᠶᠢ ᠰᠤᠷᠬᠤ ᠭᠡᠷᠡᠭᠳᠠᠢ ᠪᠤᠯᠭᠠᠵᠠᠢ᠃ ᠤᠷᠳᠤ ᠤᠳᠠᠭᠠᠨ ᠲᠠᠦᠭᠡ ᠶᠢᠨ | ᠶᠠᠪᠤᠴᠠ ᠳᠤ ᠬᠢ ᠦᠷᠢᠰᠦᠯᠳᠤᠭᠡᠨ ᠰᠤᠩᠭᠤᠯᠳᠠ ᠨᠢ ᠲᠤᠳᠤᠷᠭ᠎ᠠ ᠲᠠᠷᠢᠬᠤ ᠪᠠᠷ ᠭᠤᠤᠯᠯᠠᠭᠰᠠᠨ ᠨᠠᠶᠢᠭᠡᠮ ᠤᠨ | ᠲᠤᠭᠠᠨ ᠤ ᠤᠬᠠᠭᠠᠨ ᠤ ᠴᠢᠳᠠᠪᠤᠷᠢ ᠶᠢ ᠨᠡᠩ ᠰᠠᠶᠢᠨ ᠪᠤᠯᠭᠠᠭᠰᠠᠨ ᠪᠠᠶᠢᠨ᠎ᠠ᠃ | ᠭᠯᠡᠳᠠᠸᠧᠢᠯ ᠤᠨ ᠵᠠᠳᠠᠯᠤᠯᠳᠠ ᠨᠢ ᠲᠤᠩ ᠶᠡᠭᠡ ᠶᠤᠰᠤᠳᠠᠢ ᠪᠤᠯᠪᠠᠴᠤ ᠲᠡᠭᠦᠨ ᠤ ᠦᠵᠡᠭᠳᠡᠯ ᠳᠠᠬᠢ ᠠᠵᠢᠭᠯᠠᠯᠳᠠ | ᠴᠦ ᠲᠠᠷᠠ᠂ ᠲᠠᠶᠢᠯᠪᠤᠷᠢᠯᠠᠯᠳᠠ ᠴᠦ ᠲᠠᠷᠠ ᠪᠦᠷ ᠲᠦᠢᠯ ᠤᠨ ᠭᠦᠨᠳᠤ ᠨᠤᠴᠢᠳᠠᠢ ᠡᠮᠵᠡᠭ ᠤᠷᠤᠰᠢᠵᠤ ᠪᠠᠶᠢᠨ᠎ᠠ᠃ | ᠴᠠᠭᠠᠰᠢᠯᠠᠪᠠᠯ ᠲᠡᠭᠦᠨ ᠤ ᠰᠤᠳᠤᠯᠤᠯᠳᠠ ᠨᠢ ᠶᠠᠮᠠᠷ ᠴᠦ ᠦᠨ᠎ᠠ ᠦᠷᠳᠡᠭ ᠦᠭᠡᠢ ᠪᠠᠶᠢᠵᠤ ᠮᠠᠳᠠᠨ᠎ᠠ᠃ | ᠬᠤᠶᠠᠷ᠂ ᠲᠤᠮᠳᠠᠳᠤ ᠤᠯᠤᠰ ᠤᠨ ᠭᠦᠮᠦᠨ ᠤ ᠲᠤᠭᠠᠨ ᠤ ᠤᠬᠠᠭᠠᠨ ᠰᠠᠶᠢᠨ ᠭᠡᠵᠢ ᠤᠤ | ᠨᠢᠭᠡᠳᠤᠭᠡᠷ ᠠᠰᠠᠭᠤᠳᠠᠯ ᠪᠤᠯ ᠲᠤᠭᠠᠨ ᠤ ᠤᠬᠠᠭᠠᠨ ᠰᠠᠶᠢᠨ ᠭᠡᠳᠡᠭ ᠤᠨ ᠪᠠᠷᠢᠮᠵᠢᠶ᠎ᠠ ᠨᠢ ᠶᠠᠭᠤ ᠪᠤᠢ︖ | ᠭᠡᠷᠪᠡ ᠪᠢᠳᠠ ᠲᠤᠭᠠᠨ ᠤ ᠤᠬᠠᠭᠠᠨ ᠰᠠᠶᠢᠨ ᠭᠡᠳᠡᠭ ᠨᠢ ᠲᠤᠭᠠᠨ ᠤ ᠤᠬᠠᠭᠠᠨ ᠤ ᠰᠤᠳᠤᠯᠭᠠᠨ ᠤ ᠬᠢᠷᠢ | ᠲᠦᠪᠰᠢᠨ ᠢ ᠵᠢᠭᠠᠵᠤ ᠪᠠᠶᠢᠨ᠎ᠠ ᠭᠡᠵᠦ ᠦᠵᠠᠭᠦ ᠳᠤ ᠭᠦᠷᠪᠡᠯ ᠠᠰᠠᠭᠤᠳᠠᠯ ᠳᠠᠷᠤᠢ ᠭᠠᠷᠤᠭᠠᠳ ᠢᠷᠠᠨ᠎ᠠ᠃ ᠲᠤᠭᠠᠨ ᠤ | ᠤᠬᠠᠭᠠᠨ ᠢ ᠶᠡᠭᠡ ᠲᠠᠭᠡᠳᠤ ᠰᠤᠷᠭᠠᠭᠤᠯᠢ ᠪᠤᠶᠤ ᠰᠤᠳᠤᠯᠭᠠᠨ ᠤ ᠭᠦᠷᠢᠶᠡᠨ ᠳᠤ ᠠᠪᠤᠭᠠᠳ ᠭᠡᠯᠡᠭᠦ ᠳᠤ ᠪᠢᠳᠠᠭᠤ | ᠲᠤᠷᠤᠢ ᠠᠮᠧᠷᠢᠺᠠ ᠭᠦᠮᠦᠨ ᠲᠤᠤᠷ᠎ᠠ ᠪᠠᠨ ᠲᠤᠪᠤᠶᠢᠨ ᠪᠤᠰᠴᠤ ᠢᠷᠡᠭᠡᠳ᠂ ᠬᠠᠷᠢᠨ ᠲᠤᠮᠳᠠᠳᠤ ᠶᠢᠨ ᠭᠦᠮᠦᠨ ᠤ | ᠲᠤᠭᠠᠨ ᠤ ᠤᠬᠠᠭᠠᠨ ᠤ ᠲᠠᠪᠠᠭᠤᠯᠢᠬ ᠲᠠᠯ᠎ᠠ ᠨᠢ ᠦᠯᠦ ᠮᠠᠳᠡᠭᠳᠡᠮ᠎ᠡ ᠪᠤᠯᠴᠢᠬᠠᠨ᠎ᠠ᠃ ᠲᠠᠯᠠᠭᠡᠢ ᠶᠢᠨ ᠲᠤᠭᠠᠨ ᠤ | ᠤᠬᠠᠭᠠᠨ ᠤ ᠰᠤᠳᠤᠯᠭᠠᠨ ᠳᠤ ᠠᠮᠧᠷᠢᠺᠠ᠂ ᠹᠷᠠᠨᠼᠢ᠂ ᠤᠷᠤᠰ ᠵᠠᠶᠢᠯᠠᠰᠢ ᠦᠭᠡᠢ ᠲᠠᠷᠢᠭᠦᠨ ᠪᠠᠶᠢᠷᠢᠨ ᠳᠤ ᠤᠷᠤᠨ᠎ᠠ᠃ | ᠢᠰᠷᠧᠯ᠂ ᠶᠠᠫᠤᠨ ᠵᠡᠷᠭᠡ ᠤᠯᠤᠰ ᠴᠦ ᠲᠤᠮᠳᠠᠳᠤ ᠤᠯᠤᠰ ᠤᠨ ᠡᠮᠦᠨ᠎ᠡ ᠵᠢᠭᠰᠠᠭᠠᠭᠳᠠᠨ᠎ᠠ᠃ ᠲᠤᠮᠳᠠᠳᠤ | ᠰᠤᠷᠭᠠᠭᠤᠯᠢ ᠶᠢᠨ ᠲᠤᠭᠠᠨ ᠤ ᠤᠬᠠᠭᠠᠨ ᠤ ᠵᠢᠭᠠᠨ ᠰᠤᠷᠭᠠᠯᠳᠠ ᠳᠤ ᠲᠤᠮᠳᠠᠳᠤ ᠤᠯᠤᠰ ᠠᠴᠠ ᠲᠤᠷᠰᠢᠯᠭ᠎ᠠ ᠰᠤᠷᠴᠤ | ᠪᠠᠶᠢᠭᠰᠠᠨ ᠠᠩᠭ᠍ᠯᠢ ᠴᠦ ᠲᠤᠭᠠᠨ ᠤ ᠤᠬᠠᠭᠠᠨ ᠤ ᠰᠤᠳᠤᠯᠭᠠᠨ ᠤ ᠲᠠᠯ᠎ᠠ ᠪᠠᠷ ᠲᠤᠮᠳᠠᠳᠤ ᠤᠯᠤᠰ ᠠᠴᠠ ᠬᠤᠯᠠ | ᠡᠮᠦᠨ᠎ᠡ ᠶᠠᠪᠤᠵᠤ ᠪᠠᠶᠢᠳᠠᠬ᠃ ᠭᠡᠷᠪᠡ ᠶᠠᠷᠢᠯᠴᠠᠭᠠᠨ ᠤ ᠰᠠᠳᠤᠪ ᠢ ᠰᠤᠳᠤᠯᠭᠠᠨ ᠬᠢᠭᠡᠳ ᠭᠡᠷᠡᠭᠯᠡᠭᠡᠨ ᠤ ᠭᠦᠷᠢᠶ᠎ᠠ | ᠭᠡᠪᠴᠢᠶᠡᠨ ᠳᠤ ᠦᠷᠭᠡᠳᠭᠡᠨ ᠶᠠᠷᠢᠯᠴᠠᠬᠤ ᠳᠤ ᠭᠦᠷᠪᠡᠯ ᠬᠠᠷᠢᠨ ᠲᠤᠮᠳᠠᠳᠤ ᠤᠯᠤᠰ ᠤᠨ ᠭᠦᠮᠦᠨ ᠤ ᠲᠤᠭᠠᠨ ᠤ | ᠤᠬᠠᠭᠠᠨ ᠤ ᠰᠤᠳᠤᠯᠭᠠᠨ ᠶᠠᠭᠠᠬᠢᠭᠠᠳ ᠲᠠᠳᠡᠭᠡᠷ ᠤᠯᠤᠰ ᠲᠤ ᠭᠦᠷᠭᠦ ᠦᠭᠡᠢ ᠪᠤᠢ ᠭᠡᠰᠡᠨ ᠰᠢᠨ᠎ᠠ ᠠᠰᠠᠭᠤᠳᠠᠯ | ᠭᠠᠷᠴᠤ ᠢᠷᠠᠨ᠎ᠠ᠃ | ᠤᠯᠠᠨ ᠤᠯᠤᠰ ᠤᠨ ᠲᠤᠭᠠᠨ ᠤ ᠤᠬᠠᠭᠠᠨ ᠤ ᠤᠯᠢᠮᠫᠢᠺ ᠤᠨ ᠤᠷᠤᠯᠳᠤᠭᠠᠨ ᠢᠶᠠᠷ ᠵᠢᠱᠢᠶᠡᠯᠡᠭᠦ ᠳᠤ ᠲᠤᠮᠳᠠᠳᠤ | ᠤᠯᠤᠰ ᠠᠴᠠ ᠭᠠᠳᠠᠨ᠎ᠠ 1985 ᠤᠨ ᠠᠴᠠ ᠬᠤᠶᠢᠰᠢ ᠮᠠᠰᠢ ᠤᠯᠠᠨ ᠠᠯᠳᠠᠨ ᠮᠧᠳᠡᠯ ᠤᠯᠤᠭᠴᠢᠳ ᠨᠢᠭᠡᠨᠳᠠ | ᠲᠠᠯᠠᠭᠡᠢ ᠶᠢᠨ ᠲᠤᠭᠠᠨ ᠤ ᠤᠬᠠᠭᠠᠨ ᠤ ᠡᠳᠡᠭᠡᠳ ᠲᠤ ᠢᠯᠠᠷᠠᠨ ᠭᠠᠷᠤᠭᠰᠠᠨ ᠪᠠᠶᠢᠨ᠎ᠠ᠃ ᠹᠷᠠᠨᠼᠢ᠂ ᠤᠷᠤᠰ᠂ | ᠠᠮᠧᠷᠢᠺᠠ᠂ ᠬᠠᠨᠭ᠍ᠭᠠᠷᠢ᠂ ᠪᠠᠷᠠᠽᠢᠯ ᠵᠡᠷᠭᠡ ᠤᠯᠤᠰ ᠤᠨ ᠤᠷᠤᠯᠴᠠᠭᠰᠠᠳ ᠪᠦᠷ ᠹᠢᠯᠽ ᠱᠠᠩᠨᠠᠯ᠂ ᠺᠷᠢᠢ ᠱᠠᠩᠨᠠᠯ | ᠵᠡᠷᠭᠡ ᠶᠢ ᠤᠯᠵᠤ ᠦᠡᠭᠭᠡᠷᠡᠵᠡᠢ᠃ ᠭᠡᠳᠡᠯ᠎ᠠ ᠲᠤᠮᠳᠠᠳᠤ ᠤᠯᠤᠰ ᠤᠨ ᠤᠷᠤᠯᠴᠠᠭᠰᠠᠳ ᠬᠠᠷᠢᠨ ᠰᠤᠳᠤᠯᠭᠠᠨ ᠤ ᠬᠢᠷᠢ | ᠲᠦᠪᠰᠢᠨ ᠲᠡᠭᠡᠷ᠎ᠠ ᠪᠠᠨ ᠶᠠᠷᠦᠩᠭᠡᠢ ᠳᠤ ᠪᠠᠨ ᠢᠯᠠᠭᠳᠠᠭᠴᠢ ᠠᠴᠠ ᠪᠠᠨ ᠬᠤᠴᠤᠷᠴᠤ ᠪᠠᠶᠢᠳᠠᠬ᠃ ᠠᠮᠧᠷᠢᠺᠠ ᠶᠢᠨ | ᠲᠤᠭᠠᠨ ᠤ ᠤᠬᠠᠭᠠᠨ ᠤ ᠰᠤᠳᠤᠯᠭᠠᠨ ᠤᠨᠴᠠᠭᠠᠢ ᠰᠠᠶᠢᠨ ᠪᠠᠶᠢᠳᠠᠬ᠃ ᠲᠠᠩ ᠭᠠᠭᠴᠠ ᠲᠤᠭᠠᠨ ᠤ ᠤᠬᠠᠭᠠᠨ ᠤ | ᠭᠦᠷᠢᠶᠠᠨ ᠳᠤ ᠪᠢᠰᠢ᠂ ᠲᠤᠭᠠᠨ ᠤ ᠤᠬᠠᠭᠠᠨ ᠤ ᠮᠠᠳᠠᠯᠭᠡ ᠶᠢ ᠶᠡᠭᠡ ᠪᠠᠷ ᠭᠡᠷᠡᠭᠯᠡᠳᠡᠭ ᠹᠢᠽᠢᠺ᠂ ᠬᠢᠮᠢ᠂ ᠮᠦᠡᠭᠭᠦᠨ | ᠭᠦᠢᠯᠭᠡᠭᠡ᠂ ᠰᠠᠭᠤᠷᠢ ᠡᠯᠧᠺᠲᠷᠤᠨ ᠤ ᠰᠢᠨᠵᠢᠯᠡᠭᠦ ᠤᠬᠠᠭᠠᠨ ᠵᠡᠷᠭᠡ ᠲᠠᠯ᠎ᠠ ᠪᠠᠷ ᠴᠦ ᠲᠠᠷᠢᠭᠦᠨ ᠪᠠᠶᠢᠷᠢᠨ ᠳᠤ ᠶᠠᠪᠤᠵᠤ | ᠪᠠᠶᠢᠨ᠎ᠠ᠃ ᠠᠮᠧᠷᠢᠺᠠ ᠡᠳᠡᠭᠡᠷ ᠲᠤᠭᠠᠨ ᠤ ᠤᠬᠠᠭᠠᠨ ᠳᠤ ᠲᠦᠰᠢᠭᠯᠡᠳᠡᠭ ᠭᠦᠷᠢᠶ᠎ᠠ ᠭᠡᠪᠴᠢᠶᠡᠨ ᠳᠤ ᠶᠡᠭᠡ ᠭᠡᠮᠵᠢᠶᠡᠨ ᠤ | ᠴᠢᠳᠠᠪᠤᠷᠢᠳᠠᠨ ᠴᠤᠭᠯᠠᠭᠤᠯᠵᠠᠢ᠃ ᠲᠡᠳᠡᠭᠡᠷ ᠪᠠᠶᠢᠭᠠᠯᠢ ᠶᠢᠨ ᠰᠢᠨᠵᠢᠯᠠᠭᠦ ᠤᠬᠠᠭᠠᠨᠳᠠᠨ ᠪᠠ ᠢᠨᠵᠧᠨᠧᠷ ᠤᠨ ᠲᠤᠭᠠᠨ ᠤ | ᠤᠬᠠᠭᠠᠨ ᠤ ᠶᠡᠷᠦᠩᠭᠡᠢ ᠬᠢᠷᠢ ᠲᠦᠪᠰᠢᠨ ᠨᠢ ᠴᠦ ᠲᠤᠮᠳᠠᠳᠤ ᠤᠯᠤᠰ ᠤᠨ ᠡᠷᠳᠠᠮᠳᠠᠳ ᠠᠴᠠ ᠲᠤᠤᠷ᠎ᠠ ᠤᠷᠤᠬᠤ | ᠦᠭᠡᠢ ᠶᠤᠮ᠃ | ᠲᠤᠮᠳᠠᠳᠤ ᠤᠯᠤᠰ᠂ ᠲᠤᠮᠳᠠᠳᠤ ᠰᠤᠷᠭᠠᠭᠤᠯᠢ ᠶᠢᠨ ᠲᠤᠭᠠᠨ ᠤ ᠤᠬᠠᠭᠠᠨ ᠤ ᠤᠷᠤᠯᠳᠤᠭᠠᠨ ᠳᠤ ᠲᠠᠶᠢᠮᠦ | ᠰᠠᠶᠢᠨ ᠪᠠᠶᠢᠳᠠᠯ᠎ᠠ ᠶᠠᠭᠠᠬᠢᠭᠠᠳ ᠲᠡᠭᠡᠳᠤ ᠲᠠᠰ ᠤᠨ ᠭᠦᠭᠵᠢᠯᠳᠠ ᠲᠤᠮᠳᠠ ᠲᠦᠷᠢᠯᠳᠠ ᠭᠦᠴᠦ ᠪᠠᠷ ᠲᠤᠳᠠᠮᠠᠬ | ᠪᠠᠶᠢᠳᠠᠬ ᠪᠤᠢ︖ ᠨᠦᠭᠦᠭᠡ ᠨᠢᠭᠡ ᠠᠰᠠᠭᠤᠳᠠᠯ ᠪᠤᠯ ᠭᠡᠷᠪᠠ ︽ᠲᠤᠭᠠᠨ ᠤ ᠤᠬᠠᠭᠠᠨ ᠰᠠᠶᠢᠨ︾ ᠤ ᠪᠠᠷᠢᠮᠵᠢᠶ᠎ᠠ ᠨᠢ | ᠲᠤᠮᠳᠠᠳᠤ ᠰᠤᠷᠭᠠᠭᠤᠯᠢ ᠶᠢᠨ ᠲᠤᠭᠠᠨ ᠤ ᠤᠬᠠᠭᠠᠨ ᠤ ᠤᠷᠤᠯᠳᠤᠭᠠᠨ ᠤ ᠬᠢᠷᠢ ᠲᠦᠪᠰᠢᠨ ᠪᠤᠯᠬᠤ ᠳᠤ ᠭᠦᠷᠪᠡᠯ | ᠭᠯᠡᠳᠡᠸᠧᠢᠯ ᠵᠡᠷᠭᠡ ᠭᠦᠮᠦᠨ ᠶᠠᠷᠢᠶᠠᠨ ᠦᠭᠡᠢ ᠨᠢᠭᠡ ᠭᠡᠰᠡᠭ ᠲᠠᠦᠭᠡ ᠶᠢ ᠮᠠᠷᠳᠠᠴᠢᠬᠠᠭᠰᠠᠨ ᠶᠤᠮ᠃ 20 ᠳ᠋ᠤᠭᠠᠷ | ᠵᠠᠭᠤᠨ ᠤ ᠶᠠᠷᠡᠭᠡᠳ ᠤᠨ ᠠᠴᠠ ᠡᠮᠦᠨ᠎ᠡ ᠤᠯᠠᠨ ᠤᠯᠤᠰ ᠤᠨ ᠲᠤᠭᠠᠨ ᠤ ᠤᠬᠠᠭᠠᠨ ᠤ ᠤᠯᠢᠮᠫᠢᠺ ᠤᠨ | ᠤᠷᠤᠯᠳᠤᠭᠠᠨ ᠤ ᠠᠯᠳᠠᠨ ᠮᠧᠳᠠᠯ ᠤᠨ ᠡᠵᠡᠨ ᠪᠤᠯ ᠵᠦᠪᠯᠠᠯᠳᠤ ᠬᠤᠯᠪᠤᠭᠠᠳᠤ ︵ᠤᠷᠤᠰ︶ ᠤᠯᠤᠰ ᠪᠠ ᠵᠡᠭᠦᠨ | ᠡᠸᠦ᠋ᠷᠤᠫᠠ ᠶᠢᠨ ᠤᠯᠤᠰ ᠤᠳ ᠪᠠᠶᠢᠭᠰᠠᠨ ᠶᠤᠮ᠃ ᠤᠯᠠᠨ ᠤᠯᠤᠰ ᠤᠨ ᠤᠯᠢᠮᠫᠢᠺ ᠤᠨ ᠤᠷᠤᠯᠳᠤᠭᠠᠨ ᠢ ᠶᠡᠷᠦ ᠨᠢ | ᠵᠠᠭᠦᠨ ᠡᠸᠦ᠋ᠷᠤᠫᠠ ᠶᠢᠨ ᠤᠯᠤᠰ ᠤᠳ ᠡᠭᠦᠰᠭᠡᠵᠦ᠂ ᠵᠦᠪᠯᠠᠯᠳᠤ ᠬᠤᠯᠪᠤᠭᠠᠳᠤ ᠤᠯᠤᠰ ︵ᠤᠷᠤᠰ︶ 18 ᠤᠳᠠᠭ᠎ᠠ | ᠤᠯᠠᠨ ᠤᠯᠤᠰ ᠤᠨ ᠲᠤᠭᠠᠨ ᠤ ᠤᠬᠠᠭᠠᠨ ᠤ ᠤᠷᠤᠯᠳᠤᠭᠠᠨ ᠤ ᠪᠦᠯᠭᠦᠮ ᠨᠠᠶᠢᠳᠠ ᠶᠢᠨ ᠶᠡᠷᠦᠩᠭᠡᠢ ᠬᠤᠪᠢ ᠪᠠᠷ | ᠨᠢᠭᠡᠳᠤᠭᠡᠷ ᠲᠤ ᠤᠷᠤᠭᠰᠠᠨ ᠪᠠᠶᠢᠳᠠᠬ᠃ ᠵᠦᠪᠯᠠᠯᠳᠤ ᠶᠢᠨ ᠭᠦᠮᠦᠰ ᠲᠤᠭᠠᠨ ᠤ ᠤᠬᠠᠭᠠᠨ ᠤ ᠲᠠᠯ᠎ᠠ ᠪᠠᠷ ᠶᠡᠩᠵᠤ | ᠪᠦᠷᠢ ᠶᠢᠨ ᠲᠦᠷᠦᠯᠬᠢ ᠭᠡᠯᠡ ᠶᠠᠷᠢᠶᠠᠨ ᠤ ᠲᠠᠪᠠᠭᠤᠯᠢᠬ ᠪᠠᠶᠢᠬᠤ ᠦᠭᠡᠢ ᠮᠦᠷᠳᠡᠭᠡᠨ ᠶᠡᠷᠦ ᠠᠴᠠ ᠪᠠᠨ ᠲᠤᠳᠤᠷᠭ᠎ᠠ | ᠲᠠᠷᠢᠭᠰᠠᠨ ᠲᠡᠦᠭᠡ ᠪᠠᠶᠢᠬᠤ ᠦᠭᠡᠢ᠃ ᠵᠦᠪᠯᠠᠯᠳᠤ ᠬᠢᠭᠡᠳ ᠵᠡᠭᠦᠨ ᠡᠸᠦ᠋ᠷᠤᠫᠠ ᠶᠢᠨ ᠲᠠᠷᠢᠶᠠᠴᠢᠳ ᠨᠢ | ᠦᠷᠦᠨᠠᠳᠡᠬᠢᠨ ᠤ ᠭᠦᠮᠦᠰ ᠲᠤ ᠪᠠᠷᠤᠭ ᠯᠠ ᠲᠠᠯᠠᠭᠡᠢ ᠳᠡᠭᠡᠷᠡᠬᠢ ᠬᠠᠮᠤᠭ ᠤᠨ ᠰᠤᠯᠠ ᠵᠠᠳᠠᠭᠠᠢ᠂ ᠪᠦᠳᠦᠭᠦᠯᠢᠭ | ᠲᠠᠷᠢᠶᠠᠴᠢᠳ ᠪᠠᠶᠢᠵᠤ ᠲᠠᠳᠠ ︽ᠨᠠᠷᠢᠨ ᠬᠢᠨᠠᠮᠠᠭᠠᠢ ᠪᠤᠳᠤᠵᠤ ᠭᠠᠮᠨᠠᠬᠤ︾ ᠠᠴᠠ ᠬᠤᠯᠠ ᠵᠠᠶᠢᠳᠠᠭᠤ ᠭᠦᠮᠦᠰ ᠭᠡᠵᠦ | ᠦᠵᠡᠭᠳᠡᠳᠡᠭ᠃ | ᠦᠡᠭᠭᠡᠷᠡᠭᠰᠡᠨ ᠤ ᠵᠦᠪᠯᠠᠯᠳᠤ ᠵᠠᠭᠦᠨ ᠡᠸᠦ᠋ᠷᠤᠫᠠ ᠴᠦ ᠲᠠᠷᠠ᠂ ᠦᠨᠦᠳᠤᠷ ᠤᠨ ᠲᠤᠮᠳᠠᠳᠤ ᠤᠯᠤᠰ᠂ ᠶᠠᠫᠤᠨ᠂ | ᠺᠤᠷᠢᠶᠠ ᠵᠡᠷᠭᠡ ᠵᠡᠭᠦᠨ ᠠᠽᠢᠶ᠎ᠠ ᠶᠢᠨ ᠤᠯᠤᠰ ᠤᠳ ᠴᠤ ᠲᠠᠷᠠ ᠡᠳᠡᠭᠡᠷ ᠤᠯᠤᠰ ᠤᠨ ᠲᠤᠮᠳᠠᠳᠤ ᠰᠤᠷᠭᠠᠭᠤᠯᠢ ᠶᠢᠨ | ᠰᠤᠷᠤᠭᠴᠢᠳ ᠤᠨ ᠲᠤᠭᠠᠨ ᠤ ᠤᠬᠠᠭᠠᠨ ᠤ ᠪᠤᠳᠤᠬᠤ ᠴᠢᠳᠠᠪᠤᠷᠢ ᠰᠠᠶᠢᠨ ᠪᠠᠶᠢᠳᠠᠬ ᠪᠦᠭᠡᠳ ᠲᠤᠭᠠᠨ ᠤ ᠤᠬᠠᠭᠠᠨ ᠤ | ᠤᠷᠤᠯᠳᠤᠭᠠᠨ ᠤ ᠬᠢᠷᠢ ᠲᠦᠪᠰᠢᠨ ᠦᠨᠳᠤᠷ ᠪᠠᠶᠢᠳᠠᠬ ᠤᠨ ᠴᠤᠷ ᠤᠨ ᠭᠠᠭᠴᠠ ᠨᠠᠶᠢᠳᠡᠯᠢᠭ ᠴᠢᠨᠠᠷ ᠪᠤᠯ ᠲᠠᠳᠠᠨ ᠳᠤ | ᠤᠯᠤᠰ ᠤᠨ ᠨᠢᠭᠡᠳᠤᠯᠳᠠᠢ ᠰᠢᠯᠭᠠᠯᠳᠠ ᠶᠢ ᠠᠷᠭᠠᠴᠠᠭᠠᠬᠤ ᠭᠦᠴᠦᠷᠭᠡᠭ ᠶᠡᠭᠡ ᠰᠤᠷᠭᠠᠨ ᠭᠦᠮᠦᠵᠢᠯ ᠤᠨ ᠲᠤᠭᠳᠠᠯᠴᠠᠭ᠎ᠠ | ᠪᠠᠶᠢᠬᠤ ᠳᠤ ᠤᠷᠤᠰᠢᠨ᠎ᠠ᠃ ᠦᠨᠠᠨ ᠳᠤ ᠪᠠᠨ ᠲᠤᠭᠠᠨ ᠤ ᠤᠬᠠᠭᠠᠨ ᠤ ᠤᠷᠤᠯᠳᠤᠭᠠᠨ ᠪᠠ ᠲᠤᠭᠠᠨ ᠤ ᠤᠬᠠᠭᠠᠨ ᠤ | ᠰᠤᠳᠤᠯᠤᠯ ᠳᠤ ᠮᠦᠨ ᠴᠢᠨᠠᠷ ᠤᠨ ᠢᠯᠭᠠᠭ᠎ᠠ ᠲᠠᠢ ᠪᠠᠶᠢᠳᠠᠬ᠃ ᠤᠯᠠᠨ ᠤᠯᠤᠰ ᠤᠨ ᠲᠤᠭᠠᠨ ᠤ ᠤᠬᠠᠭᠠᠨ ᠤ | ᠤᠯᠢᠮᠫᠢᠺ ᠤᠨ ᠤᠷᠤᠯᠳᠤᠭᠠᠨ ᠤ ᠠᠯᠳᠠᠨ ᠮᠧᠳᠡᠯ ᠪᠠ ᠹᠢᠯᠽ ᠱᠠᠩᠨᠠᠯ ᠢ ᠬᠠᠮᠳᠤ ᠤᠯᠤᠭᠰᠠᠨ ᠠᠦ᠋ᠰᠲᠷᠠᠯᠢᠶ᠎ᠠ | ᠤᠯᠤᠰ ᠤᠨ ᠲᠤᠭᠠᠨ ᠤ ᠤᠬᠠᠭᠠᠨᠳᠠᠨ ᠲᠤᠤ ᠵᠧ ᠰᠢᠤᠸᠠᠨ ᠨᠢᠭᠡ ᠵᠤᠬᠢᠶᠠᠯ ᠳᠤ ᠪᠠᠨ ᠲᠤᠭᠠᠨ ᠤ ᠤᠬᠠᠭᠠᠨ ᠤ | ᠤᠷᠤᠯᠳᠤᠭᠠᠨ ᠬᠢᠭᠡᠳ ᠲᠤᠭᠠᠨ ᠤ ᠤᠬᠠᠭᠠᠨ ᠤ ᠰᠤᠷᠤᠯᠴᠠᠯᠭ᠎ᠠ ᠲᠦᠢᠯ ᠤᠨ ᠶᠡᠭᠡ ᠵᠦᠷᠢᠶᠡᠨᠳᠠᠢ ᠭᠡᠵᠦ ᠭᠡᠯᠡᠭᠰᠡᠨ | ᠶᠤᠮ᠃ ᠢᠯᠠᠩᠭᠤᠶ᠎ᠠ ᠰᠤᠳᠤᠯᠬᠤ ᠰᠤᠷᠤᠭᠴᠢ ᠶᠢᠨ ᠠᠮᠢᠳᠤᠷᠠᠯ ᠲᠤᠮᠳᠠ ᠰᠤᠷᠤᠭᠴᠢᠳ ᠲᠤᠭᠠᠨ ᠤ ᠤᠬᠠᠭᠠᠨ ᠤ | ᠤᠷᠤᠯᠳᠤᠭᠠᠨ ᠤ ᠰᠠᠳᠤᠪ ᠠᠳᠠᠯᠢ ᠵᠢᠷᠤᠭᠯᠠᠯ ᠨᠢ ᠲᠤᠳᠤᠷᠬᠠᠢ᠂ ᠠᠯᠬᠤᠮ ᠨᠢ ᠲᠤᠭᠳᠠᠭᠰᠠᠨ ᠰᠠᠳᠤᠪ ᠲᠠᠢ | ᠲᠤᠬᠢᠶᠠᠯᠳᠤᠬᠤ ᠦᠭᠡᠢ ᠶᠤᠮ᠃ ᠤᠷᠤᠯᠳᠤᠭᠠᠨ ᠤ ᠰᠡᠳᠬᠢᠭᠦᠢ ᠨᠢ ᠭᠡᠳᠦ᠋ᠢᠪᠠᠷ ᠰᠤᠳᠤᠯᠭᠠᠨ ᠤ ᠴᠢᠨᠠᠷᠳᠠᠢ | ᠠᠰᠠᠭᠤᠳᠠᠯ ᠢ ᠰᠢᠢᠳᠪᠤᠷᠢᠯᠡᠭᠦ ᠵᠠᠷᠢᠮ ᠠᠯᠬᠤᠮ ᠳᠤ ᠬᠤᠷᠳᠤᠴᠠ ᠨᠢ ᠮᠠᠰᠢ ᠲᠦᠷᠭᠡᠨ ᠪᠠᠶᠢᠳᠠᠬ ᠪᠤᠯᠪᠠᠴᠤ ᠨᠡᠩ | ᠦᠷᠭᠡᠨ ᠲᠤᠭᠠᠨ ᠤ ᠤᠬᠠᠭᠠᠨ ᠤ ᠭᠦᠷᠢᠶᠡᠨ ᠳᠤ ᠦᠷᠭᠡᠵᠢᠭᠦ ᠶᠢᠨ ᠠᠷᠭ᠎ᠠ ᠦᠭᠡᠢ ᠪᠠᠶᠢᠳᠠᠬ᠃ ᠨᠡᠩ ᠤᠯᠠᠨ | ᠠᠰᠠᠭᠤᠳᠠᠯ ᠢ ᠮᠦᠨ ᠯᠡ ᠲᠠᠰᠪᠤᠷᠢ ᠲᠡᠪᠵᠢᠶᠡᠷᠢ ᠬᠢᠭᠡᠳ ᠤᠳᠠᠭᠠᠨ ᠲᠠᠭᠠᠭᠠᠮᠠᠭᠠᠢ ᠠᠵᠢᠯ ᠪᠤᠯᠬᠤ ᠰᠤᠷᠪᠤᠯᠵᠢ | ᠪᠢᠴᠢᠭ ᠢ ᠤᠡᠭᠰᠢᠬᠤ᠂ ᠮᠠᠷᠭᠡᠰᠢᠯ ᠴᠢᠳᠠᠪᠤᠷᠢ ᠶᠢ ᠭᠡᠷᠡᠭᠯᠡᠭᠦ᠂ ᠠᠰᠠᠭᠤᠳᠠᠯ ᠳᠤ ᠵᠠᠭᠪᠤᠷ ᠭᠠᠷᠭᠠᠬᠤ᠂ ᠡᠰᠡᠷᠭᠦ ᠵᠢᠱᠢᠶ᠎ᠠ | ᠡᠷᠢᠭᠦ ᠵᠡᠷᠭᠡ ᠳᠤ ᠲᠦᠰᠢᠭᠯᠡᠳᠡᠭ᠃ ᠡᠭᠦᠨ ᠠᠴᠠ ᠭᠠᠳᠠᠨ᠎ᠠ ᠤᠯᠢᠮᠫᠢᠺ ᠤᠨ ᠤᠷᠤᠯᠳᠤᠭᠠᠨ ᠳᠤ ᠰᠠᠳᠤᠪ ᠤᠨ | ᠭᠦᠨᠳᠤᠴᠠ ᠨᠢ ᠶᠡᠭᠡ ᠪᠠᠶᠢᠳᠠᠬ ᠪᠤᠯᠪᠠᠴᠤ ᠰᠢᠯᠭᠠᠨ ᠪᠠᠶᠢᠴᠠᠭᠠᠳᠠᠬ ᠨᠢ ᠮᠠᠷᠭᠡᠰᠢᠯ ᠪᠤᠯᠬᠤ ᠠᠴᠠ ᠪᠢᠰᠢ ᠬᠠᠷᠢᠨ | ᠪᠦᠳᠦᠭᠡᠯᠴᠢ ᠴᠢᠨᠠᠷᠳᠠᠢ ᠭᠤᠤᠯ ᠴᠤᠭᠴᠠ ᠶᠢᠨ ᠰᠤᠳᠤᠯᠬᠤ ᠴᠢᠳᠠᠪᠤᠷᠢ ᠪᠢᠰᠢ ᠶᠤᠮ᠃ | ᠶᠡᠷᠦᠩᠭᠡᠢ ᠳᠤ ᠨᠢ ᠠᠪᠴᠤ ᠭᠡᠯᠡᠪᠡᠯ ᠲᠤᠭᠠᠨ ᠤ ᠤᠬᠠᠭᠠᠨ ᠤ ᠤᠷᠤᠯᠳᠤᠭᠠᠨ ᠳᠤ ᠱᠠᠭᠠᠷᠳᠠᠭᠳᠠᠬᠤ ᠨᠢ | ᠪᠤᠯᠪᠠᠰᠤᠷᠠᠩᠭᠤᠢ ᠬᠢᠭᠡᠳ ᠮᠠᠷᠭᠡᠰᠢᠯ ᠪᠠᠶᠢᠵᠤ ᠠᠪᠢᠶᠠᠰ ᠪᠢᠯᠢᠭ ᠲᠤ ᠲᠦᠰᠢᠭᠯᠡᠭᠦ ᠦᠭᠡᠢ ᠬᠠᠷᠢᠨ ᠶᠡᠭᠡ ᠭᠡᠮᠵᠢᠶᠡᠨ ᠤ | ᠲᠦᠪᠯᠠᠷᠠᠭᠦᠯᠦᠭᠰᠡᠨ ᠪᠤᠯᠪᠠᠰᠤᠷᠠᠯ ᠳᠤ ᠲᠦᠰᠢᠭᠯᠡᠪᠡᠯ ᠲᠠᠷᠤᠢ ᠠᠮᠵᠢᠯᠳᠠ ᠤᠯᠵᠤ ᠴᠢᠳᠠᠳᠠᠬ᠃ ᠭᠡᠳᠡᠯ᠎ᠠ ᠲᠡᠭᠡᠳᠤ | ᠵᠡᠷᠭᠡ ᠶᠢᠨ ᠲᠤᠭᠠᠨ ᠤ ᠤᠬᠠᠭᠠᠨ ᠤ ᠰᠤᠳᠤᠯᠭᠠᠨ ᠪᠠ ᠰᠤᠷᠤᠯᠴᠠᠯᠭ᠎ᠠ ᠪᠤᠯ ᠤᠳᠠᠭᠠᠨ ᠲᠠᠭᠠᠭᠠᠮᠠᠭᠠᠢ ᠠᠵᠢᠯ ᠪᠠ | ᠭᠦᠨᠵᠡᠭᠡᠢ ᠤᠬᠠᠨ ᠤᠢᠢᠯᠠᠭᠠᠬᠤ ᠳᠤ ᠲᠦᠰᠢᠭᠯᠡᠳᠡᠭ ᠶᠤᠮ᠃ ᠮᠠᠷᠭᠡᠰᠢᠯ ᠤᠨ ᠴᠢᠨᠠᠷᠳᠠᠢ ᠪᠤᠳᠤᠯᠭ᠎ᠠ ᠲᠠᠢ ᠠᠳᠠᠯᠢ | ᠦᠭᠡᠢ ᠲᠠᠯ᠎ᠠ ᠨᠢ ᠭᠡᠪᠡᠯ ᠲᠤᠭᠠᠨ ᠤ ᠤᠬᠠᠭᠠᠨ ᠤ ᠰᠤᠳᠤᠯᠭᠠᠨ ᠪᠤᠯ ᠭᠡᠶᠢᠰᠪᠤᠷᠢᠴᠢᠯᠡᠭᠦ ᠪᠠ ᠯᠤᠬᠢᠬ ᠮᠦᠷᠳᠠᠯᠳᠠ ᠶᠢ | ᠭᠡᠷᠡᠭᠯᠡᠳᠡᠭ᠃ ᠪᠤᠳᠤᠯᠢᠶᠠᠨᠳᠠᠢ ᠤᠯᠠᠨ ᠶᠠᠩᠵᠤ ᠶᠢᠨ ᠲᠤᠭᠠᠨ ᠤ ᠤᠬᠠᠭᠠᠨ ᠤ ᠠᠰᠠᠭᠤᠳᠠᠯ ᠳᠤ ᠬᠢ ᠭᠦᠨ ᠭᠦᠨᠵᠡᠭᠡᠢ | ᠤᠢᠢᠯᠠᠭᠠᠬᠤ ᠴᠢᠳᠠᠪᠤᠷᠢ ᠨᠢ ᠤᠨᠴᠠᠭᠠᠢ ᠲᠤᠭᠳᠠᠭᠠᠭᠰᠠᠨ ᠭᠡᠯᠪᠠᠷᠢ ᠶᠢᠨ ᠠᠰᠠᠭᠤᠳᠠᠯ ᠢ ᠵᠠᠳᠠᠯᠬᠤ ᠠᠴᠠ ᠬᠤᠯᠠ | ᠴᠢᠬᠤᠯᠠ ᠪᠠᠶᠢᠳᠠᠬ᠃ ᠠᠯᠳᠠᠷᠳᠤ ᠲᠤᠭᠠᠨ ᠤ ᠤᠬᠠᠭᠠᠨ ᠤ ᠡᠷᠳᠠᠮᠳᠠᠨ ᠸᠢᠯᠢᠶᠠᠨ · ᠽᠧᠷᠰᠲ᠋ᠧᠨ ᠲᠤᠭᠠᠨ ᠤ | ᠤᠬᠠᠭᠠᠨ ᠤ ᠤᠷᠤᠯᠳᠤᠭᠠᠨ ᠢ ︽ᠲᠠᠩ ᠦᠭᠡᠰ ᠢ ᠬᠤᠯᠪᠤᠨ ᠪᠢᠴᠢᠭᠦ ᠤᠷᠤᠯᠳᠤᠭᠠᠨ︾ ᠭᠡᠵᠦ ᠭᠡᠯᠡᠵᠦ ᠦᠡᠭᠭᠡᠷᠡᠭᠰᠡᠨ | ᠶᠤᠮ᠃ ᠲᠠᠭᠦᠨ ᠤ ᠦᠵᠠᠭᠦ ᠪᠠᠷ ︽ᠲᠠᠩ ᠦᠭᠡᠰ ᠢ ᠬᠤᠯᠪᠤᠨ ᠪᠢᠴᠢᠭᠦ ᠤᠷᠤᠯᠳᠤᠭᠠᠨ ᠳᠤ ᠳ᠋ᠤᠭᠠᠷᠯᠠᠬᠤ ᠨᠢ | ᠰᠢᠯᠢᠳᠡᠭ ᠵᠤᠬᠢᠶᠠᠯᠴᠢ ᠪᠤᠯᠤᠭᠰᠠᠨ ᠢ ᠲᠦᠯᠦᠭᠡᠯᠠᠵᠦ ᠴᠢᠳᠠᠬᠤ ᠦᠭᠡᠢ᠃ ᠲᠤᠭᠠᠨ ᠤ ᠤᠬᠠᠭᠠᠨ ᠤ ᠤᠷᠤᠯᠳᠤᠭᠠᠨ ᠴᠦ | ᠠᠳᠠᠯᠢᠬᠠᠨ ᠪᠠᠶᠢᠵᠤ᠂ ᠰᠠᠶᠢᠨ ᠬᠢᠷᠢ ᠪᠦᠳᠤᠮᠵᠢ ᠨᠢ ᠲᠤᠭᠠᠨ ᠤ ᠤᠬᠠᠭᠠᠨ ᠢ ᠦᠨᠠᠨ ᠭᠦ ᠤᠢᠢᠯᠠᠭᠠᠭᠰᠠᠨ ᠶᠠᠪᠤᠳᠠᠯ | ᠪᠢᠰᠢ ᠶᠤᠮ︾ ᠭᠡᠵᠡᠢ᠃ | ᠲᠤᠭᠠᠨ ᠤ ᠤᠬᠠᠭᠠᠨ ᠤ ᠰᠤᠷᠤᠯᠴᠠᠯᠭ᠎ᠠ ᠶᠢ ᠰᠢᠯᠭᠠᠨ ᠪᠠᠶᠢᠴᠠᠭᠠᠬᠤ ᠨᠢ ᠰᠤᠷᠤᠯᠴᠠᠯᠭ᠎ᠠ ᠬᠢᠭᠡᠳ | ᠰᠡᠳᠬᠢᠮᠵᠢᠯᠡᠯ ᠤᠨ ᠭᠦᠨ ᠭᠦᠨᠵᠡᠭᠡᠢ ᠭᠡᠮᠵᠢᠶ᠎ᠠ ᠪᠠ ᠶᠠᠰᠤ ᠴᠢᠨᠠᠷ ᠪᠤᠯᠤᠨ᠎ᠠ᠂ ᠭᠡᠳᠡᠯ᠎ᠠ ᠲᠤᠭᠠᠨ ᠤ ᠤᠬᠠᠭᠠᠨ ᠤ | ᠤᠷᠤᠯᠳᠤᠭᠠᠨ ᠤ ᠱᠠᠭᠠᠷᠳᠠᠬᠤ ᠨᠢ ︽ᠡᠷᠳᠠ ᠪᠤᠯᠪᠠᠰᠤᠷᠠᠬᠤ ᠭᠡᠮᠵᠢᠶ᠎ᠡ︾ ᠪᠤᠯᠤᠨ᠎ᠠ᠃ ᠦᠭᠡᠷ᠎ᠠ ᠪᠠᠷ ᠭᠡᠯᠡᠪᠡᠯ ᠴᠠᠬ | ᠬᠤᠭᠤᠴᠠᠭ᠎ᠠ ᠲᠠᠢ ᠤᠷᠤᠯᠳᠤᠵᠤ᠂ ᠦᠶ᠎ᠠ ᠬᠤᠷᠠᠭ ᠤᠨ ᠭᠦᠮᠦᠰ ᠠᠴᠠ ᠪᠠᠨ ᠲᠦᠷᠭᠡᠨ ᠰᠤᠷᠤᠭᠰᠠᠨ ᠢ ᠤᠷᠤᠯᠳᠤᠬᠤ | ᠪᠤᠯᠤᠨ᠎ᠠ᠃ ᠰᠠᠷᠭᠦᠯᠡᠩ ᠭᠡᠤᠭᠡᠳ ᠲᠤ ᠠᠪᠴᠤ ᠭᠡᠯᠡᠪᠡᠯ ᠲᠤᠭᠠᠨ ᠤ ᠤᠬᠠᠭᠠᠨ ᠤ ᠤᠷᠤᠯᠳᠤᠭᠠᠨ ᠨᠢ ᠨᠡᠩ ᠲᠦᠭᠦᠮ | ᠬᠢᠯᠪᠠᠷ ᠪᠠᠶᠢᠳᠠᠬ ᠮᠦᠷᠳᠡᠭᠡᠨ ᠠᠪᠢᠶᠠᠰ ᠪᠢᠯᠢᠭ ᠢᠶᠠᠷ ᠬᠢᠵᠠᠭᠠᠷ ᠲᠠᠢ ᠪᠠᠶᠢᠭᠰᠠᠨ ᠴᠦ ᠭᠦᠴᠦᠯᠠᠴᠡ ᠶᠡᠭᠡᠳᠠᠢ | ᠪᠤᠯᠪᠠᠰᠤᠷᠠᠯ ᠢᠶᠠᠷ ᠲᠠᠮᠵᠢᠪᠠᠯ ᠠᠮᠵᠢᠯᠳᠠ ᠤᠯᠵᠤ ᠴᠢᠳᠠᠳᠠᠬ ᠨᠢ ᠲᠤᠷᠤᠨᠠᠳᠤ ᠠᠽᠢᠶ᠎ᠠ ᠶᠢᠨ ᠰᠢᠯᠭᠠᠯᠳᠠ ᠶᠢ | ᠠᠷᠭᠠᠴᠠᠭᠠᠬᠤ ᠰᠤᠷᠭᠠᠨ ᠭᠦᠮᠦᠵᠢᠯ ᠨᠢ ᠬᠠᠮᠤᠭ ᠤᠨ ᠡᠯᠪᠡᠭ ᠪᠠᠶᠠᠯᠢᠬ ᠪᠤᠯᠪᠠᠰᠤᠷᠠᠯ ᠢ ᠬᠠᠨᠭ᠍ᠭᠠᠵᠤ ᠴᠢᠳᠠᠳᠠᠬ ᠭᠡᠳᠡᠭ ᠢ | ᠬᠠᠷᠠᠭᠤᠯᠵᠤ ᠪᠠᠶᠢᠨ᠎ᠠ᠃ ᠠᠵᠢᠯᠯᠠᠭᠠᠨ ᠤ ᠠᠵᠤ ᠠᠬᠤᠢ ᠶᠢᠨ ᠡᠷᠳᠠᠮᠳᠠᠨ ᠶᠦᠷᠢ · ᠭᠨᠢᠽ ᠬᠢᠭᠡᠳ ᠠᠷᠳᠤᠸᠧ · | ᠯᠠᠴᠧᠴᠢᠨᠢ ᠲᠤᠷᠰᠢᠯᠳᠠ ᠪᠠᠷ ᠲᠠᠮᠵᠢᠨ ᠤᠷᠤᠯᠳᠤᠭᠠᠨ ᠳᠤ ᠤᠷᠤᠯᠴᠠᠭᠰᠠᠳ ᠤᠨ ᠬᠢᠷᠢ ᠲᠦᠪᠰᠢᠨ ᠠᠳᠠᠯᠢᠪᠳᠤᠷ | ᠪᠠᠶᠢᠳᠠᠯ ᠲᠤᠤᠷ᠎ᠠ ᠴᠦ ᠭᠡᠳ ᠲᠠᠩ ᠰᠠᠳᠤᠪ ᠤᠨ ᠱᠠᠩᠨᠠᠯ ᠨᠢ ᠨᠡᠩ ᠦᠨᠳᠤᠷ ᠪᠠᠶᠢᠳᠠᠬ ᠤᠷᠤᠯᠳᠤᠭᠠᠨ ᠨᠢ | ᠤᠷᠤᠯᠳᠤᠭᠠᠨ ᠳᠤ ᠤᠷᠤᠯᠴᠠᠭᠰᠠᠳ ᠲᠤ ᠰᠠᠶᠢᠨ ᠳ᠋ᠦᠩ ᠤᠯᠭᠤᠵᠤ ᠴᠢᠳᠠᠳᠠᠬ᠃ ᠡᠨᠡ ᠨᠢ ᠶᠠᠬ ᠰᠠᠶᠢᠬᠠᠨ | ᠲᠤᠷᠤᠨᠠᠳᠤ ᠠᠽᠢᠶ᠎ᠠ ᠶᠢᠨ ᠡᠯ᠎ᠠ ᠤᠯᠤᠰ ᠤᠨ ᠲᠠᠪᠠᠭᠤᠯᠢᠬ ᠲᠠᠯ᠎ᠠ ᠪᠤᠯᠬᠤ — ᠨᠡᠩ ᠶᠡᠭᠡ ᠤᠷᠤᠯᠳᠤᠭᠠᠨ ᠤ | ᠲᠠᠷᠤᠯᠳᠠ᠂ ᠨᠠᠩ ᠤᠯᠠᠨ ᠤᠷᠤᠯᠳᠤᠭᠠᠨ ᠤ ᠱᠠᠩᠨᠠᠯ ᠨᠢ ᠪᠦᠭᠦ᠋ᠢᠯᠡ ᠲᠤᠮᠳᠠᠳᠤ ᠰᠤᠷᠭᠠᠭᠤᠯᠢ ᠶᠢᠨ ᠰᠤᠷᠭᠠᠨ | ᠭᠦᠮᠦᠵᠢᠯ ᠢ ᠲᠤᠭ᠎ᠠ ᠪᠤᠳᠤᠯᠭ᠎ᠠ ᠶᠢᠨ ᠴᠢᠳᠠᠪᠤᠷᠢ ᠶᠢ ᠪᠤᠯᠪᠠᠰᠤᠷᠠᠭᠤᠯᠬᠤ ᠭᠤᠤᠯ ᠴᠡᠭ ᠪᠤᠯᠭᠠᠵᠠᠢ ᠭᠡᠳᠡᠭ ᠢ | ᠢᠯᠠᠷᠠᠭᠦᠯᠦᠭᠰᠡᠨ ᠪᠠᠶᠢᠨ᠎ᠠ᠃ ᠡᠰᠡᠷᠭᠦ ᠪᠠᠷ ᠡᠨᠡ ᠨᠢ ᠠᠮᠧᠷᠢᠺᠠ ᠬᠢᠭᠡᠳ ᠪᠠᠷᠠᠭᠤᠨ ᠡᠸᠦ᠋ᠷᠤᠫᠠ ᠶᠢᠨ ᠤᠯᠤᠰ ᠤᠳ ᠤᠨ | ᠱᠠᠭᠠᠷᠳᠠᠳᠠᠬ ᠵᠦᠢᠯ ᠪᠢᠰᠢ ᠶᠤᠮ᠃ ᠡᠳᠡᠭᠡᠷ ᠤᠯᠤᠰ ᠤᠷᠤᠨ ᠳᠤ ᠡᠩ ᠤᠨ ᠰᠤᠷᠤᠭᠴᠢᠳ ᠤᠨ ᠲᠤᠭᠠᠨ ᠤ | ᠤᠬᠠᠭᠠᠨ ᠤ ᠬᠢᠷᠢ ᠪᠦᠳᠦᠮᠵᠢ ᠨᠢ ᠦᠨᠳᠤᠰᠤᠨ ᠪᠠᠷᠢᠮᠵᠢᠶᠠᠨ ᠳᠤ ᠭᠦᠷᠪᠡᠯ ᠪᠤᠯᠴᠢᠬᠠᠨ᠎ᠠ᠃ ᠵᠢᠱᠢᠶᠡᠯᠡᠪᠡᠯ᠂ | ᠠᠮᠧᠷᠢᠺᠠ ᠶᠢᠨ ᠮᠠᠰᠠᠴᠦ᠋ᠰᠧᠼ ᠵᠸᠤ ᠶᠢᠨ ᠨᠢᠭᠡᠳᠤᠯᠳᠠᠢ ᠰᠢᠯᠭᠠᠯᠳᠠ ᠶᠢᠨ ᠭᠦᠨᠳᠤᠴᠠ ᠨᠢ ᠦᠨᠳᠤᠰᠤᠨ | ᠭᠤᠷᠪᠠᠯᠵᠢᠨ ᠤ ᠹᠦᠡᠭᠺᠼ ᠤᠨ ᠪᠤᠳᠤᠯᠭ᠎ᠠ ᠶᠢ ᠡᠵᠡᠮᠰᠢᠪᠡᠯ ᠪᠤᠯᠴᠢᠬᠠᠨ᠎ᠠ᠃ ᠡᠭᠦᠨ ᠠᠴᠠ ᠦᠵᠡᠪᠡᠯ ᠰᠤᠷᠭᠠᠨ | ᠭᠦᠮᠦᠵᠢᠯ ᠳᠤ ᠪᠤᠯᠪᠠᠰᠤᠷᠠᠯ ᠤᠨ ᠭᠦᠴᠤᠯᠠᠴᠠ ᠶᠢᠨ ᠵᠦᠷᠢᠶ᠎ᠠ ᠨᠢ ᠡᠩ ᠤᠨ ᠲᠤᠮᠳᠠᠳᠤ ᠰᠤᠷᠭᠠᠭᠤᠯᠢ ᠶᠢᠨ | ᠰᠤᠷᠤᠭᠴᠢᠳ ᠤᠨ ᠲᠤᠭᠠᠨ ᠤ ᠤᠬᠠᠭᠠᠨ ᠤ ᠬᠢᠷᠢ ᠲᠦᠪᠰᠢᠨ ᠤ ᠵᠦᠷᠢᠶ᠎ᠠ ᠶᠢ ᠡᠭᠦᠰᠭᠡᠭᠰᠡᠨ ᠪᠠᠶᠢᠨ᠎ᠠ᠃ | ᠲᠦᠪᠯᠠᠷᠠᠭᠦᠯᠦᠨ ᠪᠤᠯᠪᠠᠰᠤᠷᠠᠭᠤᠯᠬᠤ ᠭᠦᠴᠦᠯᠠᠴᠠ ᠨᠢ ᠴᠦ ᠨᠠᠯᠢᠶᠠᠳ ᠶᠡᠭᠡ ᠭᠡᠮᠵᠢᠶᠡᠨ ᠳᠤ ᠤᠷᠤᠯᠳᠤᠭᠠᠨ ᠤ ᠬᠢᠷᠢ | ᠪᠦᠳᠤᠮᠵᠢ ᠶᠢ ᠨᠦᠯᠦᠭᠡᠯᠡᠳᠡᠭ ᠪᠠᠶᠢᠨ᠎ᠠ᠃ | ᠲᠠᠭᠡᠪᠡᠯ᠂ ᠶᠡᠭᠡ ᠰᠤᠷᠭᠠᠭᠤᠯᠢ ᠳᠤ ᠤᠷᠤᠭᠰᠠᠨ ᠤ ᠳᠠᠷᠠᠭ᠎ᠠ ᠲᠤᠮᠳᠠᠳᠤ ᠠᠮᠧᠷᠢᠺᠠ ᠶᠢᠨ ᠰᠤᠷᠤᠭᠴᠢᠳ ᠤᠨ | ᠲᠤᠭᠠᠨ ᠤ ᠤᠬᠠᠭᠠᠨ ᠤ ᠬᠢᠷᠢ ᠪᠦᠳᠤᠮᠵᠢ ᠶᠢᠨ ᠵᠦᠷᠢᠶ᠎ᠠ ᠳᠤ ᠰᠦᠷᠭᠡᠤ ᠬᠤᠪᠢᠷᠠᠯᠳᠠ ᠭᠠᠷᠳᠠᠬ ᠨᠢ ᠶᠠᠭᠤᠨ ᠤ ᠤᠴᠢᠷ | ᠪᠤᠯᠴᠢᠬᠠᠪᠠ︖ | ᠭᠤᠷᠪᠠ᠂ ᠲᠤᠮᠳᠠᠳᠤ ᠤᠯᠤᠰ ᠤᠨ ᠲᠤᠭᠠᠨ ᠤ ᠤᠬᠠᠭᠠᠨ ᠤ ᠰᠤᠳᠤᠯᠭᠠᠨ ᠨᠢ ᠶᠠᠭᠠᠬᠢᠭᠠᠳ ᠲᠤᠭᠠᠨ ᠤ | ᠤᠬᠠᠭᠠᠨ ᠤ ᠤᠷᠤᠯᠳᠤᠭᠠᠨ ᠠᠳᠠᠯᠢ ᠰᠠᠶᠢᠨ ᠪᠢᠰᠢ ᠪᠠᠶᠢᠳᠠᠬ ᠪᠤᠢ | ᠵᠠᠩᠬᠢᠯᠠᠭ᠎ᠠ ᠶᠢᠨ ᠰᠢᠯᠳᠠᠭᠠᠨ ᠨᠢ ᠠᠮᠧᠷᠢᠺᠠ ᠶᠢᠨ ᠲᠦᠷᠦᠯ ᠬᠤᠪᠢᠶᠠᠭᠰᠠᠨ ᠰᠤᠷᠭᠠᠨ ᠭᠦᠮᠦᠵᠢᠯ ᠳᠤ ᠪᠠᠶᠢᠵᠤ | ᠮᠠᠳᠠᠨ᠎ᠠ᠃ ᠠᠮᠧᠷᠢᠺᠠ ᠡᠩ ᠤᠨ ᠲᠤᠮᠳᠠᠳᠤ ᠰᠤᠷᠭᠠᠭᠤᠯᠢ ᠶᠢᠨ ᠰᠤᠷᠤᠭᠴᠢᠳ ᠤᠨ ᠲᠤᠭᠠᠨ ᠤ ᠤᠬᠠᠭᠠᠨ ᠤ | ᠪᠤᠳᠤᠯᠭ᠎ᠠ ᠶᠢᠨ ᠴᠢᠳᠠᠪᠤᠷᠢ ᠶᠢᠨ ᠦᠨᠳᠤᠰᠤᠨ ᠱᠠᠭᠠᠷᠳᠠᠯᠭ᠎ᠠ ᠦᠨᠳᠤᠷ ᠪᠢᠰᠢ ᠪᠠᠶᠢᠳᠠᠬ᠃ ᠠᠪᠢᠶᠠᠰ ᠲᠠᠢ᠂ ᠲᠤᠷ᠎ᠠ | ᠰᠤᠨᠢᠷᠬᠠᠯ ᠲᠠᠢ ᠰᠤᠷᠤᠭᠴᠢ ᠲᠤᠮᠳᠠᠳᠤ ᠰᠤᠷᠭᠠᠭᠤᠯᠢ ᠳᠤ ᠪᠠᠨ ᠶᠡᠭᠡ ᠰᠤᠷᠭᠠᠭᠤᠯᠢ ᠶᠢᠨ ᠰᠤᠷᠬᠤ ᠬᠢᠴᠢᠶᠡᠯ | ︵Advanced Plcement ᠲᠦᠭᠦᠮᠴᠢᠯᠡᠭᠡᠳ AP ᠭᠡᠳᠡᠭ︶ ᠢ ᠰᠤᠷᠴᠤ ᠪᠤᠯᠤᠨ᠎ᠠ᠃ AP ᠶᠢ ᠰᠤᠷᠴᠤ | ᠪᠠᠷᠠᠭᠰᠠᠨ ᠤ ᠲᠠᠷᠠᠭ᠎ᠠ ᠤᠷᠢᠳ ᠢᠶᠠᠷ ᠰᠤᠷᠬᠤ ᠬᠢᠴᠢᠶᠡᠯ ᠤᠨ ᠰᠢᠯᠭᠠᠯᠳᠠ ᠳᠤ ᠤᠷᠤᠯᠴᠠᠨ᠎ᠠ᠃ ᠤᠷᠢᠳ ᠢᠶᠠᠷ ᠰᠤᠷᠬᠤ | ᠬᠢᠴᠢᠶᠡᠯ ᠤᠨ ᠭᠦᠨᠳᠤᠴᠠ ᠨᠢ ᠠᠮᠧᠷᠢᠺᠠ ᠶᠢᠨ ᠡᠩ ᠤᠨ ᠲᠡᠭᠡᠳᠤ ᠵᠡᠷᠭᠡ ᠶᠢᠨ ᠲᠤᠮᠳᠠᠳᠤ ᠰᠤᠷᠭᠠᠭᠤᠯᠢ ᠶᠢᠨ | ᠲᠤᠭᠠᠨ ᠤ ᠤᠬᠠᠭᠠᠨ ᠠᠴᠠ ᠬᠤᠯᠠ ᠭᠦᠨᠳᠤ ᠪᠠᠶᠢᠵᠤ ᠪᠠᠷᠤᠭ ᠲᠤᠭᠠᠨ ᠤ ᠤᠬᠠᠭᠠᠨ ᠤ ᠤᠷᠤᠯᠳᠤᠭᠠᠨ ᠲᠠᠢ | ᠠᠳᠠᠯᠢᠪᠳᠤᠷ ᠪᠠᠶᠢᠳᠠᠬ᠃ ᠲᠡᠭᠦᠨ ᠤ ᠪᠠᠶᠢᠷᠢᠯᠠᠭᠤᠯᠤᠯᠳᠠ ᠨᠢ ᠰᠤᠷᠤᠭᠴᠢ ᠶᠢᠨ ᠲᠤᠭᠠᠨ ᠤ ᠤᠬᠠᠭᠠᠨ ᠤ | ᠠᠰᠠᠭᠤᠳᠠᠯ ᠤᠨ ᠲᠤᠬᠠᠢ ᠤᠢᠢᠯᠠᠭᠠᠯᠳᠠ ᠶᠢᠨ ᠪᠦᠷᠢᠯᠳᠤᠯ ᠳᠤ ᠨᠡᠩ ᠠᠰᠢᠭᠳᠠᠢ᠃ ᠵᠢᠱᠢᠶᠡᠯᠡᠪᠡᠯ᠂ ᠠᠮᠧᠷᠢᠺᠠ ᠬᠢᠭᠡᠳ | ᠺᠠᠨᠠᠳᠠ ᠶᠢᠨ ᠶᠡᠭᠡ ᠰᠤᠷᠭᠠᠭᠤᠯᠢ ᠶᠢᠨ ᠤᠷᠢᠳ ᠢᠶᠠᠷ ᠰᠤᠷᠬᠤ ᠬᠢᠴᠢᠶᠡᠯ ᠳᠤ ᠢᠯᠭᠠᠷᠠᠯ ᠴᠤᠮᠬᠠᠳᠬᠠᠯ ᠤᠨ ᠭᠡᠰᠡᠭ ᠤᠨ | ᠬᠤᠶᠠᠷ ᠲᠦᠷᠦᠯ ᠤᠨ ᠬᠢᠴᠢᠶᠡᠯ ᠨᠢ ᠨᠢᠭᠡ ᠦᠯᠦ ᠮᠠᠳᠡᠭᠳᠡᠭᠴᠢᠳᠤ ᠢᠯᠭᠠᠷᠠᠯ ᠴᠤᠮᠬᠠᠳᠬᠠᠯ ᠤᠨ ᠪᠤᠢ ᠪᠦᠭᠦᠢ | ᠮᠠᠳᠡᠯᠭᠡ ᠶᠢ ᠬᠠᠮᠤᠷᠴᠤ ᠠᠮᠧᠷᠢᠺᠠ ᠶᠢᠨ ᠶᠡᠭᠡ ᠰᠤᠷᠭᠠᠭᠤᠯᠢ ᠶᠢᠨ ᠬᠤᠶᠠᠷ ᠬᠤᠭᠤᠴᠠᠭᠠᠨ ᠤ ᠲᠤᠭᠠᠨ ᠤ ᠤᠬᠠᠭᠠᠨ ᠤ | ᠬᠢᠴᠢᠶᠡᠯ ᠤᠨ ᠠᠭᠤᠯᠭ᠎ᠠ ᠲᠠᠢ ᠲᠠᠩᠴᠡᠵᠦ ᠪᠠᠶᠢᠳᠠᠬ᠃ ᠡᠳᠡᠭᠡᠷ ᠪᠤᠯᠪᠠᠰᠤᠷᠠᠯ ᠢᠶᠠᠷ ᠲᠠᠮᠵᠢᠨ ᠢᠯᠭᠠᠷᠠᠯ | ᠴᠤᠮᠬᠠᠳᠬᠠᠯ ᠤᠨ ᠲᠤᠬᠠᠢ ᠤᠢᠢᠯᠠᠭᠠᠯᠳᠠ ᠶᠢ ᠨᠢ ᠨᠠᠩ ᠲᠤᠬᠢᠷᠠᠮᠵᠢᠳᠠᠢ ᠪᠠᠷ ᠠᠬᠢᠭᠤᠯᠳᠠᠬ᠃ ᠭᠡᠳᠡᠯ᠎ᠠ ᠤᠷᠤᠯᠳᠤᠭᠠᠨ ᠢ | ᠭᠦᠨᠳᠤᠳᠭᠡᠳᠡᠭ ᠲᠤᠮᠳᠠᠳᠤ ᠤᠯᠤᠰ ᠤᠨ ᠲᠡᠭᠡᠳᠤ ᠲᠤᠮᠳᠠᠳᠤ ᠳᠤ ᠡᠨᠡ ᠲᠦᠷᠦᠯ ᠤᠨ ᠮᠠᠳᠠᠯᠭᠡ ᠶᠢ ᠲᠠᠮᠠᠢ ᠶᠡᠭᠡ | ᠠᠩᠬᠠᠷᠳᠠᠬ ᠦᠭᠡᠢ ᠶᠤᠮ᠃ | ᠬᠤᠪᠢ ᠭᠦᠮᠦᠨ ᠤ ᠢᠷᠡᠭᠡᠳᠤᠢ ᠶᠢᠨ ᠭᠦᠭᠵᠢᠯᠳᠠ ᠶᠢᠨ ᠲᠠᠯ᠎ᠠ ᠠᠴᠠ ᠦᠵᠠᠪᠠᠯ ᠶᠡᠭᠡ ᠰᠤᠷᠭᠠᠭᠤᠯᠢ ᠶᠢᠨ | ᠤᠷᠢᠳ ᠢᠶᠠᠷ ᠰᠤᠷᠬᠤ ᠬᠢᠴᠢᠶᠡᠯ ᠢ ᠰᠤᠷᠬᠤ ᠨᠢ ᠴᠠᠭ ᠢᠶᠠᠨ ᠤᠷᠤᠯᠳᠤᠭᠠᠨ ᠤ ᠲᠡᠭᠡᠷ᠎ᠠ ᠲᠠᠯᠪᠢᠬᠤ ᠠᠴᠠ ᠢᠯᠡᠭᠦᠦ | ᠲᠤᠬᠢᠷᠠᠮᠵᠢᠳᠠᠢ᠃ ᠡᠮᠦᠨᠡᠬᠢ ᠨᠢ ᠵᠢᠩᠬᠢᠨᠢ ᠤᠳᠬ᠎ᠠ ᠠᠭᠤᠯᠭ᠎ᠠ ᠲᠡᠭᠡᠷᠡᠬᠢ ᠲᠤᠭᠠᠨ ᠤ ᠤᠬᠠᠭᠠᠨ ᠤ ᠰᠤᠳᠤᠯᠤᠯ ᠲᠠᠢ | ᠤᠢᠢᠷᠠᠳᠤᠨᠠ᠃ ᠰᠤᠳᠤᠯᠭᠠᠨ ᠤ ᠭᠦᠷᠢᠶ᠎ᠠ ᠭᠡᠪᠴᠢᠶᠡᠨ ᠳᠤ ᠠᠪᠴᠤ ᠭᠡᠯᠡᠪᠡᠯ ᠦᠨᠳᠤᠷ ᠭᠦᠴᠦᠯᠡᠴᠡ ᠲᠠᠢ ᠲᠤᠭᠠᠨ ᠤ | ᠤᠬᠠᠭᠠᠨ ᠤ ᠪᠤᠳᠤᠯᠭ᠎ᠠ ᠶᠢᠨ ᠪᠤᠯᠪᠠᠰᠤᠷᠠᠯ ᠤᠨ ᠦᠷ᠎ᠠ ᠪᠦᠳᠤᠮᠵᠢ ᠨᠢ ᠲᠤᠩ ᠲᠤᠤᠷ᠎ᠠ ᠪᠠᠶᠢᠳᠠᠬ᠃ ᠤᠳᠤ | ᠦᠶ᠎ᠠ ᠶᠢᠨ ᠲᠤᠭᠠᠨ ᠤ ᠤᠬᠠᠭᠠᠨ ᠨᠢ ᠮᠠᠰᠢ ᠤᠯᠠᠨ ᠰᠠᠭᠤᠷᠢ ᠬᠢᠴᠢᠶᠡᠯ ᠲᠦᠷᠦᠯ ᠲᠠᠢ ᠠᠳᠠᠯᠢ ᠦᠷᠭᠦᠯᠵᠢᠯᠡᠭᠰᠡᠨ | ᠰᠤᠳᠤᠯᠭᠠᠨ ᠤ ᠤᠯᠠᠮᠵᠢᠯᠠᠯ ᠪᠠ ᠡᠷᠳᠠᠮ ᠰᠢᠨᠵᠢᠯᠡᠭᠡᠨ ᠤ ᠠᠭᠤᠷ ᠠᠮᠢᠰᠬᠤᠯ ᠨᠢ ᠲᠡᠭᠦᠨ ᠤ ᠠᠮᠵᠢᠯᠳᠠ ᠪᠦᠳᠦᠭᠡᠯ ᠤᠨ | ᠦᠨᠳᠤᠷ ᠪᠤᠭᠤᠨᠢ ᠶᠢ ᠭᠡᠵᠢᠶᠠᠳᠠ ᠰᠢᠢᠳᠪᠤᠷᠢᠯᠡᠵᠦ ᠪᠠᠶᠢᠳᠠᠬ᠃ ᠡᠨᠡ ᠲᠠᠯ᠎ᠠ ᠪᠠᠷ ᠲᠤᠮᠳᠠᠳᠤ ᠤᠯᠤᠰ ᠤᠨ ᠶᠡᠭᠡ | ᠰᠤᠷᠭᠠᠭᠤᠯᠢ ᠬᠢᠭᠡᠳ ᠡᠸᠦ᠋ᠷᠤᠫᠠ ᠠᠮᠧᠷᠢᠺᠠ ᠶᠢᠨ ᠶᠡᠭᠡ ᠰᠤᠷᠭᠠᠭᠤᠯᠢ ᠳᠤ ᠲᠤᠩ ᠶᠡᠭᠡ ᠵᠦᠷᠢᠶ᠎ᠠ ᠤᠷᠤᠰᠢᠵᠤ | ᠪᠠᠶᠢᠳᠠᠬ᠃ | ᠵᠦᠪᠯᠠᠯᠳᠤ ᠬᠢᠭᠡᠳ ᠵᠠᠭᠦᠨ ᠡᠸᠦ᠋ᠷᠤᠫᠠ ᠶᠢᠨ ᠤᠯᠤᠰ ᠤᠳ ᠤᠨ ᠤᠷᠤᠯᠳᠤᠭᠠᠨ ᠤ ᠬᠢᠷᠢ ᠪᠦᠳᠤᠮᠵᠢ ᠴᠦ ᠮᠠᠰᠢ | ᠰᠠᠶᠢᠨ ᠪᠠᠶᠢᠭᠰᠠᠨ ᠪᠦᠭᠡᠳ ᠪᠠᠰᠠ ᠲᠤᠭᠠᠨ ᠤ ᠤᠬᠠᠭᠠᠨ ᠤ ᠰᠤᠳᠤᠯᠭᠠᠨ ᠤ ᠬᠠᠮᠤᠭ ᠤᠨ ᠤᠬᠢ ᠰᠢᠯᠢᠳᠡᠭ | ᠤᠯᠤᠰ ᠤᠳ ᠪᠤᠯᠤᠨ᠎ᠠ᠃ ᠦᠡᠭᠭᠡᠷᠡᠭᠰᠡᠨ ᠵᠠᠭᠤᠨ ᠵᠢᠯ ᠤᠨ ᠲᠤᠳᠤᠷ᠎ᠠ ᠵᠦᠪᠯᠠᠯᠳᠤ ︵ᠤᠷᠤᠰ︶ ᠲᠤᠭᠠᠨ ᠤ ᠤᠬᠠᠭᠠᠨ ᠤ | ᠰᠤᠳᠤᠯᠭᠠᠨ ᠤ ᠲᠠᠯ᠎ᠠ ᠪᠠᠷ ᠨᠠᠶᠢᠳᠠᠮ ᠲᠠᠷᠢᠭᠦᠯᠠᠵᠤ᠂ ᠲᠠᠯᠠᠭᠡᠢ ᠲᠠᠶᠠᠭᠠᠷ ᠮᠠᠳᠠᠷᠠᠵᠤ ᠪᠠᠶᠢᠭᠰᠠᠨ ᠠᠮᠧᠷᠢᠺᠠ᠂ | ᠹᠷᠠᠨᠼᠢ ᠲᠠᠢ ᠨᠡᠷ᠎ᠠ ᠵᠡᠷᠭᠡᠴᠡᠭᠰᠡᠨ ᠲᠤᠮᠤ ᠤᠯᠤᠰ ᠪᠠᠶᠢᠭᠰᠠᠨ ᠶᠤᠮ᠃ ᠲᠡᠭᠦᠨ ᠤ ᠲᠤᠮᠳᠠᠳᠤ ᠤᠯᠤᠰ ᠲᠠᠢ ᠢᠯᠠ | ᠲᠤᠳᠤ ᠢᠯᠭᠠᠷᠠᠵᠤ ᠪᠠᠶᠢᠭ᠎ᠠ ᠨᠢ ᠴᠦ ᠡᠨᠡ ᠰᠢᠯᠳᠠᠭᠠᠨ ᠪᠢᠯᠡ᠃ | ᠵᠦᠪᠯᠠᠯᠳᠤ ︵ᠤᠷᠤᠰ︶ ᠶᠢᠨ ᠲᠤᠭᠠᠨ ᠤ ᠤᠬᠠᠭᠠᠨ ᠤ ᠤᠬᠢ ᠰᠢᠯᠢᠳᠡᠭ ᠮᠦᠷᠳᠡᠭᠡᠨ ᠤᠷᠳᠤ ᠤᠳᠠᠭᠠᠨ | ᠤᠯᠠᠮᠵᠢᠯᠠᠯ ᠨᠢ ᠶᠡᠷᠦ ᠠᠴᠠ ᠲᠠᠰᠤᠯᠤᠭᠳᠠᠭᠠ ᠦᠭᠡᠢ᠃ ᠠᠯᠢ ᠡᠷᠳᠠ 18 ᠳ᠋ᠤᠭᠠᠷ ᠵᠠᠭᠤᠨ ᠤ ᠤᠢᠢᠷ᠎ᠠ ᠦᠶ᠎ᠠ ᠶᠢᠨ | ᠲᠤᠭᠠᠨ ᠤ ᠤᠬᠠᠭᠠᠨ ᠤ ᠵᠠᠮᠴᠢ ᠯᠧᠶᠤᠨ᠋ᠾᠠᠷᠲ · ᠡᠸᠤᠷᠠ ᠰᠠᠨᠲ ᠫᠧᠲᠷᠪᠦ᠋ᠷᠡᠭ ᠲᠤ ᠭᠤᠴᠢ ᠭᠠᠷᠤᠢ ᠵᠢᠯ | ᠠᠵᠢᠯᠯᠠᠬᠤ ᠳᠤ ᠪᠠᠨ ᠤᠷᠤᠰ ᠤᠨ ᠠᠯᠳᠠᠷᠳᠤ ᠫᠧᠲᠷᠪᠦ᠋ᠷᠡᠭ ᠲᠤᠭᠠᠨ ᠤ ᠤᠬᠠᠭᠠᠨ ᠤ ᠡᠷᠳᠠᠮ ᠰᠢᠨᠵᠢᠯᠡᠭᠡᠨ ᠤ | ᠪᠦᠯᠦᠭ ᠢ ᠲᠠᠶᠢᠴᠢᠯᠡᠨ ᠭᠦᠭᠵᠢᠭᠦᠯᠦᠭᠰᠡᠨ ᠶᠤᠮ᠃ ᠲᠡᠭᠦᠨ ᠤ ᠳᠠᠷᠠᠭ᠎ᠠ ᠤᠷᠤᠰ ᠬᠢᠭᠡᠳ ᠵᠦᠪᠯᠠᠯᠳᠤ ᠳᠤ ᠪᠠᠰᠠ | ᠷᠤᠪᠠᠴᠢᠹᠦᠰᠺᠢ ᠴᠧᠪᠢᠱᠦ᠋ᠹ · ᠷᠢᠶᠠᠫᠤᠨᠤᠹ ᠬᠢᠭᠡᠳ ᠮᠠᠷᠺᠧᠹ ᠵᠡᠷᠭᠡ ᠲᠤᠭᠠᠨ ᠤ ᠤᠬᠠᠭᠠᠨᠳᠠᠨ ᠴᠤᠯᠭᠤᠷᠠᠨ | ᠭᠠᠷᠤᠭᠰᠠᠨ ᠪᠠᠶᠢᠨ᠎ᠠ᠃ | ᠤᠯᠤᠰ ᠲᠦᠷᠦ ᠶᠢᠨ ᠤᠷᠪᠠᠭᠠᠨ ᠭᠦᠷᠪᠡᠭᠡᠨ ᠲᠠᠢ ᠤᠨ ᠵᠢᠯ ᠤᠳ ᠲᠤ ᠵᠦᠪᠯᠠᠯᠳᠤ ᠶᠢᠨ ᠲᠤᠭᠠᠨ ᠤ | ᠤᠬᠠᠭᠠᠨ ᠤ ᠰᠤᠳᠤᠯᠤᠯ ᠤᠨ ᠤᠯᠠᠮᠵᠢᠯᠠᠯ ᠴᠦ ᠤᠭᠳᠤ ᠲᠠᠰᠤᠷᠠᠭ᠎ᠠ ᠦᠭᠡᠢ᠂ ᠬᠠᠷᠢᠨ ᠡᠰᠡᠷᠭᠦ ᠪᠠᠷ ᠲᠠᠶᠢᠨ ᠬᠢᠭᠡᠳ | ᠲᠦᠯᠦᠪᠯᠠᠭᠡᠨ ᠤ ᠠᠵᠤ ᠠᠬᠤᠢ ᠶᠢᠨ ᠱᠠᠭᠠᠷᠳᠠᠯᠭ᠎ᠠ ᠪᠠᠷ ᠲᠤᠭᠠᠨ ᠤ ᠤᠬᠠᠭᠠᠨᠳᠠᠳ ᠤᠯᠤᠰ ᠲᠦᠷᠦ ᠶᠢᠨ | ᠭᠦᠳᠠᠯᠭᠡᠭᠡᠨ ᠤ ᠲᠠᠭᠠᠷᠢᠯᠳᠠ ᠠᠴᠠ ᠵᠠᠶᠢᠯᠠᠵᠤ ᠴᠢᠳᠠᠭᠰᠠᠨ ᠮᠦᠷᠳᠡᠭᠡᠨ ᠠᠮᠢᠳᠤᠷᠠᠯ ᠳᠡᠭᠡᠷ᠎ᠡ ᠪᠠᠨ ᠪᠠᠳᠤᠯᠠᠭ᠎ᠠ ᠲᠠᠢ᠂ | ᠰᠤᠳᠤᠯᠭᠠᠨ ᠲᠠᠭᠡᠷ᠎ᠠ ᠪᠠᠨ ᠡᠷᠭᠡ ᠴᠢᠯᠦᠭᠡᠳᠠᠢ ᠪᠠᠶᠢᠵᠠᠢ᠃ | ᠡᠭᠦᠨ ᠤ ᠬᠠᠮᠳᠤ ᠲᠠᠳᠠ ᠪᠠᠰᠠ ᠢᠯᠠ ᠲᠤᠳᠤ ᠦᠪᠠᠷᠮᠢᠴᠠ ᠤᠨᠴᠠᠯᠢᠬ ᠲᠠᠢ ᠶᠠᠷᠢᠯᠴᠠᠭᠠᠨ ᠤ ᠠᠩᠬᠢ ᠶᠢᠨ | ᠰᠢᠰᠲ᠋ᠧᠮ ᠢ ᠪᠠᠶᠢᠭᠤᠯᠵᠤ ᠨᠠᠷᠠᠳᠠᠢ ᠲᠤᠭᠠᠨ ᠤ ᠤᠬᠠᠭᠠᠨᠳᠠᠨ ᠲᠠᠭᠠᠭᠠᠮᠠᠯ ᠪᠤᠯᠵᠤ ᠲᠤᠷ᠎ᠠ ᠰᠤᠨᠢᠷᠬᠠᠯ ᠲᠠᠢ ᠭᠦᠮᠦᠰ ᠢ | ᠨᠠᠰᠤ ᠵᠢᠯ᠂ ᠬᠢᠷᠢ ᠭᠡᠮ ᠢ ᠨᠢ ᠬᠢᠵᠠᠭᠠᠷᠯᠠᠬᠤ ᠦᠭᠡᠢ ᠪᠠᠷ ᠤᠷᠤᠯᠴᠠᠭᠤᠯᠵᠠᠢ᠃ ᠡᠨᠡ ᠨᠢ ᠤᠯᠠᠮᠵᠢᠯᠠᠯ ᠤᠨ | ᠦᠷᠭᠦᠯᠵᠢᠯᠠᠯ ᠳᠤ ᠲᠦᠢᠯ ᠤᠨ ᠠᠰᠢᠬᠳᠠᠢ ᠪᠤᠯᠤᠭᠰᠠᠨ ᠠᠴᠠ ᠵᠦᠪᠯᠠᠯᠳᠤ ᠶᠢᠨ ᠶᠠᠷᠢᠯᠴᠠᠭᠠᠨ ᠤ ᠠᠩᠬᠢ ᠠᠴᠠ ᠲᠤᠩ | ᠤᠯᠠᠨ ᠵᠠᠯᠠᠭᠤ ᠲᠤᠭᠠᠨ ᠤ ᠤᠬᠠᠭᠠᠨᠳᠠᠨ ᠭᠦᠮᠦᠵᠢᠭᠳᠡᠨ ᠭᠠᠷᠴᠤ ᠨᠠᠷᠠ ᠠᠯᠳᠠᠷᠳᠠᠢ ᠮᠤᠰᠺᠧᠨ ᠶᠢᠨ ᠡᠷᠳᠠᠮ | ᠰᠢᠨᠵᠢᠯᠡᠭᠡᠨ ᠤ ᠪᠦᠯᠦᠭ ᠪᠦᠷᠢᠯᠳᠤᠵᠠᠢ᠃ | ᠲᠤᠭᠠᠨ ᠤ ᠤᠬᠠᠭᠠᠨ ᠤ ᠨᠡᠩ ᠵᠠᠯᠠᠭᠤ ᠴᠢᠳᠠᠪᠤᠷᠢᠳᠠᠨ ᠢ ᠭᠦᠮᠦᠵᠢᠭᠦᠯᠭᠦ ᠲᠠᠯ᠎ᠠ ᠪᠠᠷ ᠵᠦᠪᠯᠠᠯᠳᠤ ᠪᠠᠰᠠ | ᠲᠤᠮᠳᠠᠳᠤ ᠤᠯᠤᠰ ᠲᠠᠢ ᠠᠳᠠᠯᠢ ᠦᠭᠡᠢ ᠪᠠᠶᠢᠳᠠᠬ᠃ ᠵᠦᠪᠯᠠᠯᠳᠤ ᠬᠢᠭᠡᠳ ᠲᠤᠮᠳᠠᠳᠤ ᠤᠯᠤᠰ ᠮᠦᠨ ᠠᠳᠠᠯᠢᠬᠠᠨ | ᠤᠯᠠᠨ ᠲᠤᠭᠠᠨ ᠤ ᠵᠤᠰᠠᠯᠠᠩ ᠡᠷᠬᠢᠯᠡᠳᠡᠭ᠃ ᠭᠡᠪᠡᠴᠤ ᠵᠦᠪᠯᠠᠯᠳᠤ ᠶᠢᠨ ᠨᠠᠷᠠ ᠮᠠᠳᠡᠭᠦᠯᠦᠭᠴᠢᠳ ᠨᠢ | ᠤᠯᠠᠩᠬᠢ ᠳᠤ ᠪᠠᠨ ᠲᠤᠷ᠎ᠠ ᠰᠤᠨᠢᠷᠬᠠᠯ ᠠᠴᠠ ᠪᠠᠨ ᠪᠤᠯᠳᠠᠬ᠂ ᠵᠤᠰᠠᠯᠠᠩ ᠨᠢ ᠴᠦ ᠰᠢᠯᠭᠠᠯᠳᠠ ᠪᠠ ᠬᠤᠪᠢ ᠶᠢ | ᠱᠠᠭᠠᠷᠳᠠᠳᠠᠬ ᠦᠭᠡᠢ᠃ ᠬᠢᠴᠢᠶᠡᠯᠯᠡᠭᠴᠢ ᠨᠢ ᠭᠡᠵᠢᠶᠠᠳᠡ ᠶᠠᠮᠠᠷ ᠨᠢᠭᠡᠨ ᠲᠠᠯ᠎ᠠ ᠶᠢᠨ ᠨᠠᠷᠠᠳᠤ ᠪᠠᠭᠰᠢ ᠪᠠᠶᠢᠳᠠᠬ ᠠᠴᠠ | ᠪᠢᠰᠢ ᠬᠠᠷᠢᠨ ᠲᠤᠰᠬᠠᠢᠢᠯᠠᠨ ᠰᠤᠷᠤᠭᠴᠢ ᠶᠢᠨ ᠰᠢᠯᠭᠠᠯᠳᠠ ᠶᠢ ᠪᠤᠯᠪᠠᠰᠤᠷᠠᠭᠤᠯᠳᠠᠬ ᠲᠤᠮᠳᠠᠳᠤ ᠰᠤᠷᠭᠠᠭᠤᠯᠢ ᠶᠢᠨ | ᠪᠠᠭᠰᠢ ᠪᠢᠰᠢ᠃ ᠢᠡᠭᠬᠢᠭᠦ ᠨᠢ ᠰᠤᠷᠤᠭᠴᠢ ᠶᠢᠨ ᠲᠤᠭᠠᠨ ᠤ ᠤᠬᠠᠭᠠᠨ ᠳᠤ ᠬᠢ ᠲᠤᠷ᠎ᠠ ᠰᠤᠨᠢᠷᠬᠠᠯ ᠢ ᠲᠠᠳᠠᠬᠤ | ᠮᠦᠷᠳᠡᠭᠡᠨ ᠠᠪᠢᠶᠠᠰᠯᠢᠬ ᠰᠤᠷᠤᠭᠴᠢ ᠳᠤ ᠨᠠᠷᠠᠳᠤ ᠪᠠᠭᠰᠢ ᠲᠠᠢ ᠠᠭᠤᠯᠵᠠᠬᠤ ᠲᠤᠬᠢᠶᠠᠯ ᠢ ᠤᠯᠭᠤᠵᠤ ᠡᠷᠳᠠ ᠨᠢᠭᠡᠨ | ᠡᠳᠦᠷ ᠵᠢᠩᠬᠢᠨᠢ ᠤᠳᠬ᠎ᠠ ᠠᠭᠤᠯᠭ᠎ᠠ ᠲᠠᠭᠡᠷᠡᠬᠢ ᠲᠤᠭᠠᠨ ᠤ ᠤᠬᠠᠭᠠᠨ ᠢ ᠤᠢᠢᠯᠠᠭᠠᠭᠤᠯᠵᠤ ᠴᠢᠳᠠᠭᠰᠠᠨ ᠪᠠᠶᠢᠨ᠎ᠠ᠃ | | ︵︽ᠪᠠᠭᠰᠢ ᠶᠢᠨ ᠬᠤᠷᠸ᠎ᠠ︾ ᠰᠡᠳᠭᠦᠯ ᠤᠨ 2019 ᠤᠨ ᠤ | 12 ᠳ᠋ᠤᠭᠠᠷ ᠬᠤᠭᠤᠴᠠᠭ᠎ᠠ ᠠᠴᠠ ᠰᠠᠶᠢᠨᠪᠤᠶᠠᠨ ᠤᠷᠴᠢᠭᠤᠯᠤᠨ ᠪᠠᠭᠤᠯᠭᠠᠪᠠ︶ | 2020 ᠣᠨ ᠤ 8 ᠳ᠋ᠤᠭᠠᠷ ᠬᠤᠭᠤᠴᠠᠭ᠎ᠠ | | |