ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠵᠠᠮ ᠬᠠᠷᠢᠯᠴᠠᠭᠠᠨ ᠤ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ ᠶᠢᠨ ᠬᠢᠨ ︽ᠪᠢ ᠳᠤᠮᠳᠠᠳᠤ ᠤᠯᠤᠰ ᠲᠤ ᠪᠠᠨ ᠬᠠᠶᠢᠷᠠᠲᠠᠢ︾ ᠭᠡᠬᠦ ᠳᠠᠭᠤᠤ ᠶᠢ ᠬᠠᠩᠭᠢᠨᠠᠭᠤᠯᠪᠠ
ᠨᠡᠶᠢᠲᠡᠯᠡᠭᠰᠡᠨ ᠴᠠᠭ᠄
2021/5/21
     ᠬᠤᠪᠢᠰᠬᠠᠯᠲᠤ ᠰᠣᠩᠭᠤᠳᠠᠭ ᠳᠠᠭᠤᠤ ᠶᠢ ᠳᠠᠭᠤᠯᠠᠵᠤ᠂ ᠴᠠᠭ ᠦᠶ᠎ᠡ ᠶᠢᠨ ᠬᠦᠴᠦᠲᠦ ᠳᠠᠭᠤᠨ ᠢ ᠬᠠᠮᠲᠤ ᠪᠠᠷ ᠴᠤᠤᠷᠢᠶᠠᠳᠤᠭᠤᠯᠤᠶ᠎ᠠ᠃ ᠲᠤᠮᠳᠠᠳᠤ ᠤᠯᠤᠰ ᠤᠨ ᠡᠪ ᠬᠠᠮᠳᠤ ᠨᠠᠮ ᠪᠠᠶᠢᠭᠤᠯᠤᠭᠳᠠᠭᠰᠠᠨ 100 ᠵᠢᠯ ᠤᠨ ᠤᠢ ᠶᠢ ᠪᠡᠯᠭᠡᠯᠡᠬᠦ ᠶᠢᠨ ᠲᠥᠯᠥᠭᠡ᠂ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠦᠵᠢᠯ ᠤᠨ ᠲᠢᠩᠬᠢᠮ ᠠᠴᠠ ᠪᠦᠬᠦ ᠣᠷᠣᠨ ᠤ ᠳᠡᠭᠡᠳᠦ ᠰᠤᠷᠭᠠᠭᠤᠯᠢ ᠳᠤ ︽ᠮᠠᠭᠲᠠᠭᠠᠯ ᠳᠠᠭᠤᠤ ᠪᠠᠨ ᠨᠠᠮ ᠳᠤ ᠪᠠᠨ  ᠡᠷᠭᠦᠵᠦ · ᠰᠢᠨ᠎ᠡ ᠴᠠᠭ ᠦᠶ᠎ᠡ ᠳᠤ ᠡᠷᠡᠯᠬᠡᠭᠯᠡᠨ ᠤᠷᠤᠭᠰᠢᠯᠠᠶ᠎ᠠ︾ ᠭᠡᠬᠦ ᠬᠤᠪᠢᠰᠬᠠᠯᠲᠤ ᠳᠠᠭᠤᠤ ᠶᠢ ᠵᠠᠯᠭᠠᠭᠤᠯᠤᠨ ᠳᠠᠭᠤᠯᠠᠬᠤ ᠠᠵᠢᠯᠯᠠᠭ᠎ᠠ ᠶᠢ ᠥᠷᠨᠢᠭᠦᠯᠪᠡ᠃ ᠳᠡᠭᠡᠳᠦ ᠰᠤᠷᠭᠠᠭᠤᠯᠢ ᠶᠢᠨ ᠪᠠᠭᠰᠢ ᠰᠤᠷᠤᠭᠴᠢᠳ ᠨᠠᠷᠢᠨ ᠨᠢᠮᠪᠠᠢ ᠳᠡᠯᠭᠡᠷᠡᠭᠦᠯᠵᠦ᠂ ᠵᠠᠯᠭᠠᠭᠤᠯᠤᠨ ᠳᠠᠭᠤᠯᠠᠵᠠᠭᠠᠵᠤ ᠪᠠᠶᠢᠨ᠎ᠠ᠃         ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠵᠠᠮ       ᠬᠠᠷᠢᠯᠴᠠᠭᠠᠨ ᠎ ᠤ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ           — ︽ᠪᠢ ᠳᠤᠮᠳᠠᠳᠤ ᠤᠯᠤᠰ ᠲᠤ ᠪᠠᠨ ᠬᠠᠶᠢᠷᠠᠲᠠᠢ︾

     ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠵᠠᠮ ᠬᠠᠷᠢᠯᠴᠠᠭᠠᠨ ᠤ ᠠᠵᠢᠯ ᠮᠡᠷᠭᠡᠵᠢᠯ ᠤᠨ ᠳᠡᠭᠡᠳᠦ

ᠰᠤᠷᠭᠠᠭᠤᠯᠢ ᠪᠣᠯ ︵ᠵᠠᠮ ᠬᠠᠷᠢᠯᠴᠠᠭᠠᠨ ᠤ ᠳᠡᠭᠡᠳᠦ ᠰᠤᠷᠭᠠᠭᠤᠯᠢ︶ 1956 ᠣᠨ ᠳᠤ ᠵᠠᠮ ᠬᠠᠷᠢᠯᠴᠠᠭᠠᠨ ᠤ ᠶᠠᠮᠤᠨ

᠎ ᠠᠴᠠ ᠪᠠᠶᠢᠭᠤᠯᠤᠭᠰᠠᠨ ᠤᠤᠯ ᠤᠨ ᠬᠦᠬᠡᠬᠤᠳᠠ ᠶᠢᠨ ᠵᠠᠮ ᠬᠠᠷᠢᠯᠴᠠᠭᠠᠨ ᠤ ᠰᠤᠷᠭᠠᠭᠤᠯᠢ ᠶᠤᠮ᠂ ᠤᠯᠤᠰ ᠤᠨ ᠵᠠᠮ

ᠬᠠᠷᠢᠯᠴᠠᠭᠠᠨ ᠤ ᠶᠠᠮᠤᠨ ᠤ ᠪᠠᠶᠢᠯᠳᠤᠬᠤ ᠪᠣᠳᠣᠯᠭ᠎ᠠ ᠶᠢᠨ ᠪᠠᠶᠢᠷᠢᠯᠠᠭᠤᠯᠤᠯᠲᠠ ᠶᠢᠨ ᠡᠭᠦᠳᠡᠨ ᠠᠴᠠ ᠬᠢᠯᠢ ᠬᠢᠵᠠᠭᠠᠷ ᠤᠨ

ᠴᠥᠭᠡᠨ ᠲᠣᠭᠠᠲᠤ ᠦᠨᠳᠦᠰᠦᠲᠡᠨ ᠤ ᠣᠷᠣᠨ ᠳᠤ ᠪᠠᠶᠢᠭᠤᠯᠤᠭᠰᠠᠨ ᠲᠧᠭᠨᠢᠭ ᠤᠨ ᠤᠬᠠᠭᠠᠨ ᠤ ᠰᠤᠷᠭᠠᠭᠤᠯᠢ

ᠪᠣᠯᠤᠨ᠎ᠠ᠃1980 ᠣᠨ ᠳᠤ ᠰᠤᠷᠭᠠᠨ ᠬᠦᠮᠤᠵᠢᠯ ᠤᠨ ᠶᠠᠮᠤᠨ ᠠᠴᠠ ᠪᠥᠬᠦ ᠤᠯᠤᠰ ᠤᠨ ᠭᠤᠣᠯᠳᠠᠯᠭᠠᠲᠠᠢ ᠳᠤᠮᠳᠠ

ᠵᠡᠷᠭᠡ ᠶᠢᠨ ᠲᠤᠰᠬᠠᠶ ᠮᠡᠷᠭᠡᠵᠢᠯ ᠤᠨ ᠰᠤᠷᠭᠠᠭᠤᠯᠢ ᠪᠠᠷ ᠲᠣᠭᠲᠠᠭᠠᠵᠤ᠂ 1988 ᠣᠨ ᠳᠤ ᠲᠦᠷᠤ ᠶᠢᠨ ᠶᠠᠪᠤᠳᠠᠯ ᠤᠨ

ᠬᠤᠷᠢᠶᠠᠨ ᠠᠴᠠ ᠰᠤᠷᠭᠠᠭᠤᠯᠢ ᠳᠤ ︽ᠪᠥᠬᠦ ᠤᠯᠤᠰ ᠤᠨ ᠦᠨᠳᠤᠰᠤᠲᠠᠨ ᠤ ᠪᠦᠯᠭᠦᠮᠳᠡᠯ ᠳᠠᠪᠰᠢᠯᠲᠠ ᠶᠢᠨ ᠲᠡᠷᠢᠭᠦᠨ ᠤ

ᠬᠠᠮᠲᠤ︾ ᠭᠡᠬᠦ ᠴᠣᠯᠠ ᠣᠯᠭᠤᠵᠤ᠂1996 ᠣᠨ ᠳᠤ ᠤᠯᠤᠰ ᠤᠨ ᠰᠤᠷᠭᠠᠨ ᠬᠥᠮᠦᠵᠢᠯ ᠤᠨ ᠵᠥᠪᠯᠡᠯ ᠠᠴᠠ ᠳᠡᠭᠡᠳᠦ

ᠵᠡᠷᠭᠡ ᠶᠢᠨ ᠠᠵᠢᠯ ᠮᠡᠷᠭᠡᠵᠢᠯ ᠤᠨ ᠰᠤᠷᠭᠠᠨ ᠬᠥᠮᠦᠵᠢᠯ ᠢ ᠡᠷᠭᠢᠯᠡᠬᠦ ᠶᠢ ᠵᠥᠪᠰᠢᠶᠡᠷᠡᠪᠡ᠃ 2000 ᠣᠨ ᠳᠤ ᠦᠪᠦᠷ

ᠮᠤᠩᠭᠤᠯ ᠤᠨ ᠶᠡᠭᠡ ᠰᠤᠷᠭᠠᠭᠤᠯᠢ ᠲᠠᠢ ᠨᠡᠶᠢᠯᠡᠵᠦ᠂ 2009 ᠣᠨ ᠳᠤ ᠥᠪᠡᠷᠲᠡᠭᠡᠨ ᠵᠠᠰᠠᠬᠤ ᠣᠷᠣᠨ ᠤ ᠠᠷᠠᠳ ᠤᠨ

ᠵᠠᠰᠠᠭ ᠤᠨ ᠣᠷᠳᠣᠨ ᠤ ᠵᠥᠪᠰᠢᠶᠡᠷᠡᠯ ᠢᠶᠠᠷ ᠳᠡᠰᠯᠡᠭᠴᠢ ᠲᠢᠩᠬᠢᠮ ᠤᠨ ᠲᠡᠰ ᠤᠨ ᠪᠠᠶᠢᠭᠤᠯᠤᠮᠵᠢ ᠶᠢᠨ ᠲᠦᠷᠢᠮ ᠢᠶᠠᠷ

ᠲᠡᠰ ᠳᠡᠪᠰᠢᠭᠦᠯᠵᠦ᠂ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠵᠠᠮ ᠬᠠᠷᠢᠯᠴᠠᠭᠠᠨ ᠤ ᠠᠵᠢᠯ ᠮᠡᠷᠭᠡᠵᠢᠯ ᠤᠨ

ᠳᠡᠭᠡᠳᠦ ᠰᠤᠷᠭᠠᠭᠤᠯᠢ ᠭᠡᠵᠦ ᠨᠡᠷ᠎ᠡ ᠪᠠᠨ ᠬᠠᠯᠠᠪᠠ᠃ ᠰᠤᠷᠭᠠᠭᠤᠯᠢ ᠨᠢ ︽ᠵᠠᠮ ᠬᠠᠷᠢᠯᠴᠠᠭ᠎ᠠ ᠳᠤ ᠰᠠᠭᠤᠷᠢᠯᠠᠵᠤ᠂ ᠠᠵᠢᠯ

ᠲᠥᠷᠥᠯ ᠳᠤ ᠲᠦᠰᠢᠭᠯᠡᠨ᠂ ᠨᠡᠶᠢᠭᠡᠮ ᠳᠤ ᠬᠠᠨᠳᠤᠵᠤ᠂ ᠠᠵᠤ ᠠᠬᠤᠶ ᠳᠤ ᠦᠢᠯᠡᠴᠢᠯᠡᠬᠦ︾ ᠰᠤᠷᠭᠠᠭᠤᠯᠢ ᠡᠷᠭᠢᠯᠡᠬᠦ

ᠵᠣᠷᠢᠯᠲᠠ ᠶᠢ ᠪᠠᠷᠢᠮᠲᠠᠯᠠᠵᠤ᠂ ᠤᠯᠤᠰ ᠤᠨ ᠵᠠᠮ ᠬᠠᠷᠢᠯᠴᠠᠭᠠᠨ ᠤ ᠠᠵᠢᠯ ᠲᠥᠷᠥᠯ ᠪᠠ ᠣᠷᠣᠨ ᠨᠤᠲᠤᠭ ᠤᠨ ᠠᠵᠤ

ᠠᠬᠤᠶ ᠨᠡᠶᠢᠭᠡᠮ ᠤᠨ ᠬᠥᠭᠵᠢᠯᠲᠡ ᠳᠤ ᠴᠢᠬᠤᠯᠠ ᠦᠢᠯᠡᠳᠦᠯ ᠦᠵᠡᠭᠦᠯᠪᠡ᠃ ᠤᠤᠯ ᠤᠨ ᠪᠦᠬᠦ ᠤᠯᠤᠰ ᠤᠨ

ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠳᠡᠳ᠋ ᠬᠤᠷᠢᠶᠠᠨ ᠳᠠᠷᠤᠭ᠎ᠠ᠂

ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠲᠡᠷᠢᠭᠦᠯᠡᠭᠴᠢ ᠪᠦᠬᠡ ᠰᠤᠷᠭᠠᠭᠤᠯᠢ ᠶᠢ

ᠪᠠᠶᠢᠴᠠᠭᠠᠬᠤ ᠳᠤ ᠪᠠᠨ ︽ᠡᠯ᠎ᠡ ᠦᠨᠳᠦᠰᠦᠲᠡᠨ ᠤ ᠴᠢᠳᠠᠪᠤᠷᠢᠲᠠᠨ ᠢ ᠬᠥᠮᠦᠵᠢᠭᠦᠯᠵᠦ᠂ ᠵᠠᠮ ᠬᠠᠷᠢᠯᠴᠠᠭᠠᠨ ᠤ ᠦᠢᠯᠡᠰ ᠢ

ᠬᠥᠭᠵᠢᠭᠦᠯᠰᠦᠭᠡᠢ︾ ᠭᠡᠬᠦ ᠪᠢᠴᠢᠭᠡᠰᠦ ᠪᠢᠴᠢᠵᠦ ᠥᠭᠴᠦ᠂ ᠤᠤᠯ ᠤᠨ ᠵᠠᠮ ᠬᠠᠷᠢᠯᠴᠠᠭᠠᠨ ᠤ ᠶᠠᠮᠤᠨ ᠤ ᠰᠠᠶᠢᠳ

ᠴᠢᠶᠠᠨ ᠶᠦᠩ ᠴᠠᠩ ᠰᠤᠷᠭᠠᠭᠤᠯᠢ ᠶᠢ ᠪᠠᠶᠢᠴᠠᠭᠠᠬᠤ ᠳᠤ ᠪᠠᠨ ︽ᠵᠠᠮ ᠬᠠᠷᠢᠯᠴᠠᠭᠠᠨ ᠤ ᠴᠢᠳᠠᠪᠤᠷᠢᠲᠠᠨ ᠤ ᠥᠯᠥᠭᠡᠢ᠂

ᠲᠦᠷᠪᠡ ᠶᠢ ᠣᠳᠣᠬᠢᠴᠢᠯᠠᠬᠤ ᠪᠦᠳᠦᠭᠡᠨ ᠪᠠᠶᠢᠭᠤᠯᠤᠯᠲᠠ ᠶᠢᠨ ᠬᠦᠰᠡᠯ ᠡᠷᠡᠮᠡᠯᠵᠡᠯ︾ ᠭᠡᠬᠦ ᠪᠢᠴᠢᠭᠡᠰᠦ  ᠪᠢᠴᠢᠵᠦ

ᠥᠭᠪᠡ᠃

     ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠵᠠᠮ ᠬᠠᠷᠢᠯᠴᠠᠭᠠᠨ ᠤ ᠠᠵᠢᠯ ᠮᠡᠷᠭᠡᠵᠢᠯ ᠤᠨ ᠳᠡᠭᠡᠳᠦ

ᠰᠤᠷᠭᠠᠭᠤᠯᠢ ᠨᠢ ᠣᠲᠣ ᠵᠢᠷᠭᠤᠭᠠᠨ ᠰᠠᠯᠪᠤᠷᠢ ᠨᠢᠭᠡ ᠬᠡᠯᠲᠡᠰ 7 ᠵᠢᠭᠠᠨ ᠰᠤᠷᠭᠠᠯᠲᠠ ᠶᠢᠨ ᠨᠢᠭᠡᠴᠢ ᠲᠠᠢ᠂ ᠳᠡᠭᠡᠳᠦ

ᠵᠡᠷᠭᠡ ᠶᠢᠨ ᠠᠵᠢᠯ ᠮᠡᠷᠭᠡᠵᠢᠯ ᠤᠨ ᠰᠤᠷᠭᠠᠨ ᠬᠥᠮᠦᠵᠢᠯ᠂ ᠵᠢᠩᠬᠢᠨᠢ ᠠᠩᠭᠢ ᠶᠢᠨ ᠰᠤᠷᠭᠠᠨ ᠬᠥᠮᠦᠵᠢᠯ ︵

ᠭᠠᠳᠠᠭᠠᠳᠤ ᠳᠤ ᠰᠤᠷᠤᠯᠴᠠᠵᠤ ᠪᠠᠶᠢᠭ᠎ᠠ ᠰᠤᠷᠤᠭᠴᠢᠳ ᠤᠨ ᠰᠤᠷᠭᠠᠨ ᠬᠥᠮᠦᠵᠢᠯ ᠢ ᠪᠠᠭᠲᠠᠭᠠᠨ᠎ᠠ︶᠂ ᠰᠣᠳᠤᠯᠬᠤ

ᠰᠤᠷᠤᠭᠴᠢ ᠶᠢᠨ ᠰᠤᠷᠭᠠᠨ ᠬᠥᠮᠦᠵᠢᠯ ᠵᠡᠷᠭᠡ ᠭᠤᠷᠪᠠᠨ ᠲᠠᠰ ᠳᠠᠪᠬᠤᠷᠭ᠎ᠠ ᠲᠠᠢ ᠪᠠᠶᠢᠵᠤ᠂ ᠰᠤᠷᠭᠠᠭᠤᠯᠢ ᠳᠤ ᠪᠠᠶᠢᠭ᠎ᠠ

ᠡᠯ᠎ᠡ ᠲᠥᠷᠥᠯ ᠤᠨ ᠰᠣᠷᠣᠭᠴᠢ ᠶᠢᠨ ᠪᠥᠬᠦ ᠲᠤᠭ᠎ᠠ 3500᠎ ᠶᠢ ᠳᠠᠪᠠᠵᠠᠶ᠃ ᠲᠤᠰᠬᠠᠶ ᠲᠤᠰᠢᠶᠠᠯᠲᠤ ᠪᠠᠭᠰᠢ 144᠂

ᠳ᠋ᠣᠺᠲ᠋ᠣᠷ ᠴᠤᠯᠠᠲᠠᠢ ᠪᠠᠭᠰᠢ 41᠂ ᠳᠡᠳ᠋ ᠳᠡᠭᠡᠳᠦ ᠳᠡᠰ ᠤᠨ ᠮᠡᠷᠭᠡᠵᠢᠯ ᠤᠨ ᠴᠤᠯᠠᠲᠠᠢ ᠪᠠᠭᠰᠢ 75᠂ ᠬᠤᠤᠰ

ᠬᠡᠯᠪᠡᠷᠢᠲᠦ ᠪᠠᠭᠰᠢ 58 ᠪᠣᠶ᠃ ᠥᠪᠡᠷᠲᠡᠭᠡᠨ ᠵᠠᠰᠠᠬᠤ ᠣᠷᠣᠨ ᠤ ᠲᠠᠰ ᠤᠨ ᠢᠨᠵᠧᠨᠧᠷᠢᠩ ᠤᠨ ᠮᠡᠷᠭᠡᠵᠢᠯ ᠤᠨ

ᠰᠤᠳᠤᠯᠭᠠᠨ ᠤ ᠲᠥᠪ 2᠂ ᠤᠯᠤᠰ ᠤᠨ ᠶᠡᠷᠦᠩᠬᠡᠶᠢᠯᠡᠭᠰᠡᠨ ᠬᠥᠬᠡ ᠲᠠᠰ ᠤᠨ ᠵᠠᠰᠠᠮᠠᠯ ᠵᠠᠮ ᠤᠨ ᠢᠨᠵᠧᠨᠧᠷᠢᠩ ᠤᠨ

ᠲᠤᠷᠰᠢᠯᠲᠠ ᠬᠢᠵᠦ ᠪᠠᠶᠢᠴᠠᠭᠠᠨ ᠬᠡᠮᠵᠢᠬᠦ ᠲᠥᠪ 1᠂ ᠥᠪᠡᠷᠲᠡᠭᠡᠨ ᠵᠠᠰᠠᠬᠤ ᠣᠷᠣᠨ ᠤ ᠲᠠᠰ ᠤᠨ ᠭᠤᠣᠯᠳᠠᠯᠭᠠᠲᠠᠢ

ᠲᠤᠷᠰᠢᠯᠲᠠ ᠶᠢᠨ ᠲᠠᠰᠤᠭ 1᠂ ᠥᠪᠡᠷᠲᠡᠭᠡᠨ ᠵᠠᠰᠠᠬᠤ ᠣᠷᠣᠨ ᠤ ᠲᠠᠰ ᠤᠨ ᠲᠤᠷᠰᠢᠯᠲᠠ ᠶᠢᠨ ᠵᠢᠭᠠᠨ

ᠰᠤᠷᠭᠠᠯᠲᠠ ᠶᠢᠨ ᠳᠠᠭᠤᠷᠢᠶᠠᠯ ᠦᠵᠡᠭᠦᠯᠬᠦ ᠲᠥᠪ 1᠎ ᠶᠢ ᠪᠠᠶᠢᠭᠤᠯᠪᠠ᠃ ᠦᠪᠤᠷ ᠮᠤᠩᠭᠤᠯ ᠤᠨ ᠦᠪᠡᠷᠳᠡᠬᠡᠨ ᠵᠠᠰᠠᠬᠤ

ᠤᠷᠤᠨ ᠤ ᠵᠠᠮ ᠬᠠᠷᠢᠯᠴᠠᠭ᠎ᠠ ᠲᠡᠭᠡᠭᠡᠪᠦᠷᠢ ᠶᠢᠨ ᠲᠢᠩᠬᠢᠮ ᠪᠣᠯᠤᠨ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ

︽ᠲᠢᠩᠬᠢᠮ ᠰᠤᠷᠭᠠᠭᠤᠯᠢ ᠬᠠᠮᠲᠤᠷᠠᠨ ᠪᠠᠶᠢᠭᠤᠯᠤᠭᠰᠠᠨ︾ ᠳᠡᠭᠡᠳᠦ ᠰᠤᠷᠭᠠᠭᠤᠯᠢ ᠪᠠᠶᠢᠵᠤ᠂ ᠤᠯᠤᠰ ᠤᠨ ᠳᠣᠲᠣᠭᠠᠳᠤ

ᠭᠠᠳᠠᠭᠠᠳᠤ ᠶᠢᠨ 20 ᠭᠠᠷᠤᠢ ᠳᠡᠭᠡᠳᠦ ᠰᠤᠷᠭᠠᠭᠤᠯᠢ᠂ ᠰᠢᠨᠵᠢᠯᠡᠬᠦ ᠤᠬᠠᠭᠠᠨ ᠤ ᠰᠤᠳᠤᠯᠭᠠᠨ ᠤ ᠪᠠᠶᠢᠭᠤᠯᠤᠮᠵᠢ ᠲᠠᠢ

ᠬᠠᠮᠲᠤᠷᠠᠯᠴᠠᠭ᠎ᠠ ᠪᠠ ᠰᠣᠯᠢᠯᠴᠠᠭ᠎ᠠ᠎ ᠶᠢ ᠥᠷᠨᠢᠭᠦᠯᠵᠦ᠂ ᠣᠷᠣᠨ ᠤ ᠳᠣᠲᠣᠷ᠎ᠠ ᠭᠠᠳᠠᠨᠠᠬᠢ 50 ᠰᠢᠬᠠᠮ ᠵᠠᠮ

ᠬᠠᠷᠢᠯᠴᠠᠭᠠᠨ ᠤ ᠠᠵᠤ ᠠᠬᠤᠶᠢᠯᠠᠯ ᠳᠤ ︽ᠵᠢᠭᠠᠨ ᠰᠤᠷᠭᠠᠯᠲᠠ ᠶᠢᠨ ᠳᠠᠳᠤᠯᠭ᠎ᠠ ᠪᠠ ᠪᠣᠯᠪᠠᠰᠤᠷᠠᠯ ᠤᠨ ᠰᠠᠭᠤᠷᠢᠨ

ᠭᠠᠵᠠᠷ︾᠎ ᠢ ᠪᠠᠶᠢᠭᠤᠯᠵᠠᠢ᠃

     ᠰᠢᠨ᠎ᠡ ᠴᠠᠭ ᠦᠶ᠎ᠡ ᠳᠤ᠂ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠵᠠᠮ ᠬᠠᠷᠢᠯᠴᠠᠭᠠᠨ ᠤ ᠠᠵᠢᠯ

ᠮᠡᠷᠭᠡᠵᠢᠯ ᠤᠨ ᠳᠡᠭᠡᠳᠦ ᠰᠤᠷᠭᠠᠭᠤᠯᠢ ᠶᠢᠨ ᠨᠠᠮ ᠤᠨ ᠬᠤᠷᠢᠶᠠᠨ ᠠᠴᠠ ︽ᠭᠤᠣᠯ ᠱᠤᠭᠤᠮ ᠢ ᠪᠠᠷᠢᠮᠲᠠᠯᠠᠵᠤ᠂ ᠬᠤᠶᠠᠷ ᠢ

ᠳᠡᠭᠡᠭᠰᠢᠯᠡᠭᠦᠯᠬᠦ ᠶᠢᠨ ᠲᠣᠭᠤᠷᠢᠨ ᠳᠤ ᠲᠠᠪᠤᠨ ᠲᠠᠯ᠎ᠠ ᠪᠠᠷ ᠰᠢᠪᠲᠤᠯᠬᠤ ᠪᠠᠷ ᠬᠦᠴᠦᠯᠡᠬᠦ︾ ᠬᠥᠭᠵᠢᠯᠲᠡ ᠶᠢᠨ

ᠰᠡᠳᠬᠢᠮᠵᠢ ᠶᠢ ᠲᠥᠪ ᠴᠢᠩᠭ᠎ᠠ ᠪᠠᠷ ᠳᠤᠷᠠᠳᠴᠠᠢ᠃ ᠰᠤᠷᠭᠠᠭᠤᠯᠢ ᠪᠠᠷ ᠢᠶᠠᠨ ᠰᠢᠨ᠎ᠡ ᠬᠥᠭᠵᠢᠯᠲᠡ ᠶᠢᠨ ᠣᠨᠣᠯᠵᠢᠬᠤᠨ

ᠪᠠ ᠵᠠᠮ ᠬᠠᠷᠢᠯᠴᠠᠭᠠᠨ ᠤ ᠬᠦᠴᠦᠷᠬᠡᠭ ᠤᠯᠤᠰ ᠤᠨ ᠬᠥᠭᠵᠢᠯᠲᠡ ᠶᠢᠨ ᠪᠠᠶᠢᠯᠳᠤᠬᠤ ᠪᠣᠳᠣᠯᠭ᠎ᠠ᠎ ᠶᠢ ᠭᠦᠨᠵᠡᠭᠡᠶ

ᠲᠤᠭᠤᠰᠢᠯᠠᠭᠤᠯᠵᠤ᠂ ᠰᠡᠳᠬᠢᠯ ᠢᠶᠠᠨ ᠨᠢᠭᠡᠳᠬᠡᠨ ᠬᠦᠴᠦ ᠪᠠᠨ ᠬᠠᠮᠲᠤᠳᠬᠠᠵᠤ᠂ ᠯᠠᠪᠳᠠᠭᠤᠨ ᠪᠠᠲᠤᠲᠠᠶ ᠠᠵᠢᠯᠯᠠᠵᠤ᠂

ᠵᠠᠮ ᠨᠡᠭᠡᠭᠡᠨ ᠤᠷᠤᠭᠰᠢᠯᠠᠵᠤ᠂ ᠴᠢᠳᠠᠪᠤᠷᠢᠲᠠᠨ ᠢ ᠬᠥᠮᠦᠵᠢᠭᠦᠯᠬᠦ᠂ ᠰᠢᠨᠵᠢᠯᠡᠬᠦ ᠤᠬᠠᠭᠠᠨ ᠤ ᠰᠤᠳᠤᠯᠭᠠᠨ᠂ ᠨᠡᠶᠢᠭᠡᠮ ᠤᠨ

ᠦᠢᠯᠡᠴᠢᠯᠡᠭᠡ ᠪᠠ ᠰᠣᠶᠣᠯ᠎ ᠢ ᠤᠯᠠᠮᠵᠢᠯᠠᠨ ᠵᠠᠯᠭᠠᠮᠵᠢᠯᠠᠬᠤ ᠴᠢᠳᠠᠪᠤᠷᠢ ᠪᠠ ᠬᠢᠷᠢ ᠲᠦᠪᠰᠢᠨ ᠢᠶᠠᠨ ᠲᠠᠰᠤᠷᠠᠯᠲᠠ ᠦᠭᠡᠶ

ᠳᠡᠭᠡᠭᠰᠢᠯᠡᠭᠦᠯᠵᠦ᠂ ᠰᠤᠷᠭᠠᠭᠤᠯᠢ ᠶᠢᠨ ᠢᠶᠠᠨ ᠶᠡᠷᠦᠩᠬᠡᠶᠢᠯᠡᠭᠰᠡᠨ ᠪᠣᠳᠠᠲᠤ ᠬᠦᠴᠦᠨ ᠪᠣᠯᠤᠨ ᠭᠤᠣᠯᠯᠠᠬᠤ ᠥᠷᠢᠰᠥᠯᠳᠦᠬᠦ

ᠬᠦᠴᠦᠨ ᠢ ᠪᠥᠬᠦ ᠲᠠᠯ᠎ᠠ ᠪᠠᠷ ᠳᠡᠭᠡᠭᠰᠢᠯᠡᠭᠦᠯᠵᠦ᠂ ︽ᠠᠷᠪᠠᠨ ᠳᠥᠷᠪᠡᠳᠦᠭᠡᠷ ᠲᠠᠪᠤᠨ ᠵᠢᠯ︾᠎ ᠤᠨ ᠬᠤᠭᠤᠴᠠᠭᠠᠨ ᠳᠠᠬᠢ

ᠰᠤᠷᠭᠠᠭᠤᠯᠢ ᠶᠢᠨ ᠰᠤᠷᠭᠠᠨ ᠬᠥᠮᠦᠵᠢᠯ ᠵᠢᠭᠠᠨ ᠰᠤᠷᠭᠠᠯᠲᠠ ᠶᠢᠨ ᠴᠢᠨᠠᠷᠯᠢᠭ ᠬᠥᠭᠵᠢᠯᠲᠡ ᠶᠢ ᠰᠠᠶᠢᠲᠤᠷ

ᠡᠬᠢᠯᠡᠭᠦᠯᠬᠦ ᠶᠢ ᠠᠬᠢᠭᠤᠯᠬᠤ ᠳᠤ ᠪᠠᠲᠤ ᠪᠠᠬᠢ ᠰᠠᠭᠤᠷᠢ ᠶᠢ ᠲᠠᠯᠪᠢᠵᠤ᠂ ᠤᠯᠤᠰ ᠪᠣᠯᠤᠨ ᠥᠪᠡᠷᠲᠡᠭᠡᠨ ᠵᠠᠰᠠᠬᠤ

ᠣᠷᠣᠨ ᠤ ᠵᠠᠮ ᠬᠠᠷᠢᠯᠴᠠᠭᠠᠨ ᠤ ᠬᠦᠴᠦᠷᠬᠡᠭ ᠤᠯᠤᠰ ᠢ ᠪᠥᠳᠥᠭᠡᠨ ᠪᠠᠶᠢᠭᠤᠯᠬᠤ ᠪᠠ ᠴᠢᠨᠠᠷᠯᠢᠭ ᠵᠠᠮ ᠬᠠᠷᠢᠯᠴᠠᠭᠠᠨ ᠤ

ᠬᠦᠴᠦᠷᠬᠡᠭ ᠣᠷᠣᠨ ᠢ ᠪᠥᠳᠥᠭᠡᠨ ᠪᠠᠶᠢᠭᠤᠯᠬᠤ ᠬᠥᠭᠵᠢᠯᠲᠡ ᠶᠢᠨ ᠪᠠᠶᠢᠯᠳᠤᠬᠤ ᠪᠤᠳᠤᠯᠭ᠎ᠠ ᠶᠢ  ᠪᠡᠶᠡᠯᠡᠭᠦᠯᠬᠦ ᠳᠤ

ᠬᠦᠴᠦᠨ ᠴᠢᠳᠠᠯ ᠢᠶᠠᠨ ᠡᠷᠭᠦᠵᠦ ᠪᠠᠶᠢᠨ᠎ᠠ᠃

 

 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠤ ᠰᠤᠷᠭᠠᠨ ᠬᠥᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号