| ᠣᠶᠤᠨᠳᠠᠯᠠᠢ | | | ︽ᠨᠢᠭᠡᠨ ᠰᠢᠯᠢᠳᠡᠭ ᠠᠩᠭᠢ ᠶᠢᠨ ᠡᠷᠬᠢᠯᠡᠭᠴᠢ ᠪᠣᠯ ᠳᠠᠷᠤᠢ ᠨᠢᠭᠡᠨ ᠰᠤᠷᠭᠠᠨ ᠬᠥᠮᠦᠵᠢᠯ ᠤᠨ ᠡᠷᠳᠡᠮᠳᠡᠨ ᠮᠥᠨ︾ | ᠬᠡᠵᠦ ᠮᠠᠨ ᠤ ᠤᠯᠤᠰ ᠤᠨ ᠰᠤᠷᠭᠠᠨ ᠬᠦᠮᠦᠵᠢᠯ ᠤᠨ ᠶᠠᠮᠤᠨ ᠤ ᠤᠤᠯ ᠤᠨ ᠳᠠᠷᠤᠭ᠎ᠠ ᠾᠧ ᠳ᠋ᠦᠩ ᠴᠠᠩ ᠬᠡᠯᠡᠵᠤ | ᠥᠩᠭᠡᠷᠡᠭᠰᠡᠨ ᠪᠢᠯᠡ᠃ ᠠᠩᠭᠢ ᠶᠢᠨ ᠡᠷᠬᠢᠯᠡᠭᠴᠢ ᠪᠣᠯ ᠠᠩᠭᠢ ᠨᠡᠶᠢᠲᠡ ᠶᠢᠨ ᠬᠥᠮᠦᠵᠢᠭᠦᠯᠦᠭᠴᠢ ᠬᠢᠭᠡᠳ ᠵᠣᠬᠢᠶᠠᠨ | ᠪᠠᠶᠢᠭᠤᠯᠤᠭᠴᠢ ᠪᠣᠯᠬᠤ ᠮᠦᠷᠳᠡᠭᠡᠨ ᠪᠠᠰᠠ ᠰᠤᠷᠭᠠᠭᠤᠯᠢ ᠶᠢᠨ ᠤᠳᠤᠷᠢᠳᠤᠯᠭ᠎ᠠ ᠶᠢᠨ ᠠᠵᠢᠯ ᠤᠨ ᠭᠠᠷᠮᠠᠭᠠᠢ | ᠬᠠᠪᠰᠤᠷᠤᠭᠴᠢ ᠮᠥᠨ᠃ ᠠᠩᠭᠢ ᠶᠢᠨ ᠡᠷᠬᠢᠯᠡᠭᠴᠢ ᠨᠢᠭᠡ ᠠᠩᠭᠢ ᠶᠢᠨ ᠰᠤᠷᠤᠭᠴᠢᠳ ᠢ ᠪᠦᠬᠦ ᠲᠠᠯ᠎ᠠ ᠪᠠᠷ | ᠬᠠᠷᠢᠭᠤᠴᠠᠵᠤ᠂ ᠰᠤᠷᠤᠭᠴᠢᠳ ᠤᠨ ᠠᠵᠢᠯᠯᠠᠭ᠎ᠠ ᠶᠢ ᠵᠣᠬᠢᠶᠠᠨ ᠪᠠᠶᠢᠭᠤᠯᠵᠤ᠂ ᠰᠤᠷᠭᠠᠭᠤᠯᠢ ᠶᠢᠨ ᠡᠯ᠎ᠡ | ᠰᠠᠯᠠᠭᠠᠨ ᠠᠴᠠ ᠰᠤᠷᠤᠭᠴᠢᠳ ᠲᠤ ᠲᠠᠯᠪᠢᠭᠰᠠᠨ ᠱᠠᠭᠠᠷᠳᠠᠯᠭ᠎ᠠ ᠶᠢ ᠵᠣᠬᠢᠴᠠᠭᠤᠯᠵᠤ᠂ ᠨᠢᠭᠡ ᠠᠩᠭᠢ ᠶᠢᠨ | ᠰᠤᠷᠤᠭᠴᠢ ᠶᠢᠨ ᠬᠥᠭᠵᠢᠯᠲᠡ ᠳᠤ ᠭᠤᠣᠯᠯᠠᠬᠤ ᠦᠢᠯᠡᠳᠦᠯ ᠦᠵᠡᠬᠦᠯᠵᠤ ᠪᠠᠶᠢᠳᠠᠭ᠃ ᠮᠢᠨᠤ ᠪᠡᠶ᠎ᠡ ᠰᠤᠷᠭᠠᠭᠤᠯᠢ ᠳᠤ | ᠪᠠᠭᠰᠢᠯᠠᠵᠦ ᠪᠠᠶᠢᠬᠤ ᠳᠤ ᠪᠠᠨ ᠬᠤᠷᠢᠨ ᠭᠤᠷᠪᠠᠨ ᠵᠢᠯ ᠠᠩᠭᠢ ᠡᠷᠬᠢᠯᠡᠭᠰᠡᠨ ᠲᠡᠤᠭᠡ ᠲᠠᠢ᠂ ᠡ᠊ᠨᠳᠡ ᠪᠢ ᠠᠩᠬᠢ | ᠡᠷᠬᠢᠯᠡᠭᠰᠡᠨ ᠲᠤᠷᠰᠢᠯᠭ᠎ᠠ ᠪᠠᠨ ᠳ᠋ᠦᠩᠨᠡᠵᠦ᠂ ᠠᠩᠭᠢ ᠶᠢᠨ ᠪᠠᠶᠢᠩᠭᠤ ᠶᠢᠨ ᠠᠵᠢᠯ ᠤᠨ ᠲᠠᠯ᠎ᠠ ᠶᠢᠨ ᠳᠠᠳᠬᠠᠯ ᠪᠣᠯᠤᠨ | ᠠᠩᠭᠢ ᠶᠢᠨ ᠪᠠᠭᠰᠢ ᠪᠤᠯᠤᠭᠰᠠᠳ ᠤᠨ ᠲᠤᠰ ᠪᠡᠶ᠎ᠡ ᠶᠢᠨ ᠳᠠᠳᠬᠠᠯ ᠤᠨ ᠬᠦᠮᠦᠵᠢᠯ ᠢ ᠳᠡᠭᠡᠭᠰᠢᠯᠡᠭᠦᠯᠬᠦ ᠲᠤᠬᠠᠢ ᠭᠡᠳᠦᠨ | ᠲᠠᠯ᠎ᠠ ᠶᠢᠨ ᠠᠰᠠᠭᠤᠳᠠᠯ ᠢ ᠲᠠ ᠪᠦᠬᠦᠨ ᠲᠠᠢ ᠪᠠᠨ ᠰᠠᠨᠠᠯ ᠰᠤᠯᠢᠯᠴᠠᠬᠤ ᠶᠢ ᠬᠦᠰᠡᠵᠦ᠂ ᠠᠩᠬᠢ ᠶᠢᠨ ᠡᠷᠬᠢᠯᠡᠭᠴᠢ ᠶᠢᠨ | ᠠᠵᠢᠯ ᠢ ᠡᠬᠦᠷᠭᠡᠯᠡᠵᠦ ᠪᠠᠶᠢᠭ᠎ᠠ ᠵᠠᠯᠠᠭᠤ ᠪᠠᠭᠰᠢ ᠨᠠᠷ ᠲᠤ ᠲᠤᠰᠠ ᠪᠤᠯᠬᠤ ᠪᠤᠯᠪᠠᠤ ᠭᠡᠵᠦ ᠡᠨᠡ ᠭᠦ ᠳ᠋ᠦᠩᠨᠡᠯᠳᠡ ᠪᠠᠨ | ᠡᠮᠬᠢᠳᠬᠡᠨ ᠲᠡᠪᠰᠢᠬᠦᠯᠵᠦ ᠪᠠᠶᠢᠨ᠎ᠠ᠃ | ᠨᠢᠭᠡ᠂ ᠠᠩᠭᠢ ᠶᠢᠨ ᠪᠠᠶᠢᠩᠭᠤ ᠠᠵᠢᠯ ᠤᠨ ᠲᠠᠯ᠎ᠠ ᠪᠠᠷ ᠬᠢ ᠳᠠᠳᠬᠠᠯ ᠢ ᠪᠦᠷᠢᠯᠳᠦᠭᠦᠯᠬᠦ ᠲᠤᠬᠠᠢ | ᠠᠩᠬᠢ ᠡᠷᠬᠢᠯᠡᠭᠴᠢ ᠪᠠᠭᠰᠢ ᠳᠤ ᠠᠪᠴᠦ ᠬᠡᠯᠡᠪᠡᠯ ᠠᠩᠬᠢ ᠨᠢᠭᠡᠴᠡ ᠶᠢᠨ ᠠᠵᠢᠯ ᠢᠶᠠᠨ ᠤᠰᠤᠯᠳᠤᠯ ᠦᠭᠡᠢ | ᠰᠢᠯᠤᠭᠤᠬᠠᠨ ᠠᠪᠴᠦ ᠶᠠᠪᠤᠬᠤ ᠳᠤ ᠶᠡᠷᠦ ᠨᠢ ᠡᠳᠦᠷ ᠲᠤᠳᠤᠮ ᠤᠨ ᠪᠠᠶᠢᠩᠭᠤ ᠶᠢᠨ ᠠᠵᠢᠯ ᠢᠶᠠᠨ ᠰᠢᠰᠲ᠋ᠧᠮ | ᠳᠠᠷᠠᠭᠠᠯᠠᠯ ᠲᠠᠢ ᠪᠤᠯᠭᠠᠬᠤ ᠨᠢ ᠬᠠᠮᠤᠭ ᠴᠢᠬᠤᠯᠠ ᠪᠠᠶᠢᠳᠠᠭ᠃ ᠳᠠᠷᠤᠢ ᠭᠤᠷᠪᠠᠨ ᠵᠢᠯ ᠪᠤᠶᠤ ᠵᠢᠷᠭᠤᠭᠠᠨ ᠵᠢᠯ ᠤᠨ | ᠲᠤᠷᠰᠢᠬᠢ ᠠᠩᠬᠢ ᠨᠢᠭᠡᠴᠡ ᠶᠢᠨ ᠪᠠᠶᠢᠩᠭᠤ ᠶᠢᠨ ᠠᠵᠢᠯ ᠢᠶᠠᠨ ᠳᠠᠳᠬᠠᠯᠵᠢᠭᠤᠯᠬᠤ ᠨᠢ ᠴᠢᠬᠤᠯᠠ ᠪᠤᠯᠤᠨ᠎ᠠ᠃ ᠳᠡᠭᠡᠪᠡᠯ | ᠠᠩᠬᠢ ᠶᠢᠨ ᠪᠠᠶᠢᠩᠭᠤ ᠶᠢᠨ ᠠᠵᠢᠯ ᠢ ᠬᠡᠷᠬᠢᠨ ᠳᠠᠳᠬᠠᠯᠵᠢᠭᠤᠯᠬᠤ ᠪᠤᠢ︖ | ︵ᠨᠢᠭᠡ︶ ᠡᠬᠢᠯᠡᠵᠦ ᠰᠢᠨ᠎ᠡ ᠠᠩᠭᠢ ᠶᠢ ᠲᠤᠰᠴᠤ ᠠᠪᠬᠤ ᠦᠶᠡᠰ᠂ ᠶᠠᠭᠤᠨ ᠤ ᠡᠮᠦᠨ᠎ᠡ ᠪᠦᠬᠦ | ᠰᠤᠷᠤᠭᠴᠢ ᠶᠢᠨ ᠦᠨᠳᠦᠰᠦᠨ ᠪᠠᠶᠢᠳᠠᠯ ᠢ ᠤᠶᠢᠯᠠᠭᠠᠬᠤ ᠠᠴᠠ ᠭᠠᠷᠳᠠᠵᠦ᠂ ᠬᠠᠨᠳᠤᠯᠭ᠎ᠠ ᠲᠠᠢ ᠪᠠᠷ | ᠬᠥᠮᠦᠵᠢᠭᠦᠯᠬᠦ ᠳᠤ ᠪᠠᠨ ᠰᠠᠭᠤᠷᠢ ᠲᠠᠯᠪᠢᠨ᠎ᠠ᠃ ᠰᠤᠷᠤᠭᠴᠢ ᠶᠢᠨ ᠦᠨᠳᠦᠰᠦᠨ ᠪᠠᠶᠢᠳᠠᠯ ᠢ ᠤᠶᠢᠯᠠᠭᠠᠬᠤ ᠳᠤ᠂ | ᠰᠤᠷᠤᠭᠴᠢ ᠶᠢᠨ ᠭᠡᠷ ᠪᠦᠯᠢ ᠶᠢᠨ ᠪᠠᠶᠢᠳᠠᠯ᠂ ᠲᠠᠷᠤᠢ ᠣᠷᠤᠨ ᠨᠤᠳᠤᠭ ︵ᠬᠤᠲᠠ᠂ ᠬᠥᠳᠡᠭᠡ︶᠂ ᠠᠪᠤ ᠡᠵᠢ ᠵᠢᠴᠢ | ᠳᠡᠳᠡᠨ ᠤ ᠠᠮᠢᠳᠤᠷᠠᠯ ᠤᠨ ᠪᠠᠶᠢᠳᠠᠯ᠂ ᠠᠪᠤ ᠡᠵᠢ ᠶᠢᠨ ᠬᠢᠨᠢ ᠰᠣᠶᠤᠯ ᠤᠨ ᠬᠢᠷᠢ ᠬᠡᠮ᠂ ᠠᠬ᠎ᠠ ᠳᠡᠭᠦᠤ ᠨᠠᠷ ᠵᠢᠴᠢ | ᠳᠡᠳᠡᠨ ᠤ ᠰᠤᠷᠭᠠᠭᠤᠯᠢ ᠳᠤ ᠰᠠᠭᠤᠵᠤ ᠪᠠᠶᠢᠬᠤ ᠡᠰᠡᠬᠦ᠂ ᠰᠤᠷᠤᠭᠴᠢ ᠶᠢᠨ ᠲᠤᠰ ᠪᠡᠶ᠎ᠠ ᠶᠢᠨ ᠬᠢᠨᠢ ᠪᠠᠶᠢᠳᠠᠯ᠂ ᠳᠠᠷᠤᠢ | ᠲᠠᠮᠢᠷ᠂ ᠤᠷᠠᠯᠢᠭ᠂ ᠰᠤᠷᠤᠯᠭ᠎ᠠ᠂ ᠶᠣᠰᠤ ᠮᠤᠷᠠᠯ᠂ ᠠᠩᠭᠢ ᠶᠢᠨ ᠺᠠᠳ᠋ᠷ ᠤᠨ ᠠᠵᠢᠯ ᠢ ᠡᠬᠦᠷᠭᠡᠯᠡᠵᠦ ᠪᠠᠶᠢᠭᠰᠠᠨ ᠡᠰᠡᠬᠦ | ᠵᠢᠴᠢ ᠶᠠᠮᠠᠷ ᠱᠠᠩᠨ᠋ᠠᠯ ᠬᠥᠬᠢᠭᠦᠯᠦᠯ ᠢ ᠬᠦᠷᠳᠡᠵᠤ ᠥᠩᠭᠡᠷᠡᠭᠰᠡᠨ ᠵᠡᠷᠭᠡ ᠪᠠᠶᠢᠳᠠᠯ ᠢ ᠤᠶᠢᠯᠠᠭᠠᠬᠤ ᠬᠡᠷᠡᠭᠲᠡᠢ᠃ | ᠢᠩᠬᠢᠪᠡᠯ ᠬᠤᠶᠢᠰᠢᠳᠠ ᠶᠢᠨ ᠠᠵᠢᠯ ᠳᠤ ᠪᠠᠨ ᠬᠠᠨᠳᠤᠯᠭ᠎ᠠ ᠲᠠᠢ ᠪᠤᠯᠵᠦ᠂ ᠭᠡᠷ ᠤᠨ ᠠᠬᠠᠮᠠᠳ ᠲᠠᠢ ᠬᠠᠷᠢᠴᠠᠬᠤ᠂ | ᠰᠤᠷᠤᠭᠴᠢᠳ ᠲᠤ ᠪᠠᠨ ᠲᠤᠰᠬᠠᠢ ᠵᠢᠯᠤᠭᠤᠳᠤᠯᠭ᠎ᠠ ᠬᠢᠬᠦ᠂ ᠠᠩᠬᠢ ᠶᠢᠨ ᠺᠠᠳ᠋ᠷ ᠲᠤᠬᠢᠷᠠᠭᠤᠯᠬᠤ ᠵᠡᠷᠭᠡ ᠲᠠᠯ᠎ᠠ ᠳᠤ | ᠳᠤᠳᠤᠷ᠎ᠠ ᠪᠠᠨ ᠲᠤᠭᠠᠳᠠᠢ ᠪᠤᠯᠵᠦ ᠠᠵᠢᠯ ᠢᠶᠠᠨ ᠡᠷᠴᠢᠮ ᠲᠠᠢ᠂ ᠲᠡᠰ ᠳᠠᠷᠠᠭᠠᠯᠠᠯ ᠲᠠᠢ ᠶᠠᠪᠤᠭᠳᠠᠭᠤᠯᠵᠦ ᠴᠢᠳᠠᠨ᠎ᠠ᠃ | ︵ᠬᠤᠶᠠᠷ︶ ᠭᠤᠶᠤ ᠰᠠᠶᠢᠬᠠᠨ᠂ ᠲᠤᠬᠢᠯᠢᠬ ᠰᠤᠷᠤᠯᠭ᠎ᠠ ᠠᠮᠢᠳᠤᠷᠠᠯ ᠤᠨ ᠤᠷᠴᠢᠨ ᠢ ᠪᠦᠷᠢᠯᠳᠦᠭᠦᠯᠵᠦ | ᠥᠭᠬᠦ ᠶᠢ ᠬᠢᠴᠢᠶᠡᠨ᠎ᠡ᠃ ᠰᠤᠷᠤᠭᠴᠢᠳ ᠢ ᠪᠠᠨ ᠬᠢᠴᠢᠶᠡᠯ ᠤᠨ ᠲᠠᠩᠬᠢᠮ ᠳᠤ ᠤᠷᠤᠬᠤ ᠠᠴᠠ ᠡᠮᠦᠨ᠎ᠡ ᠠᠩᠭᠢ ᠶᠢᠨ ᠭᠡᠷ᠂ | ᠪᠠᠶᠢᠷᠢ ᠶᠢᠨ ᠭᠡᠷ ᠢᠶᠠᠨ ᠲᠣᠬᠢᠯᠢᠬ ᠰᠠᠶᠢᠬᠠᠨ ᠪᠠᠶᠢᠷᠢᠰᠢᠭᠤᠯᠵᠦ ᠴᠡᠪᠡᠷᠯᠡᠭᠰᠡᠨ ᠪᠠᠶᠢᠪᠠᠯ ᠵᠣᠬᠢᠨ᠎ᠠ᠂ ᠢᠩᠬᠢᠬᠦ ᠨᠢ | ᠰᠤᠷᠤᠭᠴᠢᠳ ᠲᠤ ᠬᠠᠯᠠᠭᠤᠨ ᠲᠤᠯᠠᠭᠠᠨ᠂ ᠳᠠᠭᠠᠯᠠᠮᠵᠢᠳᠠᠢ ᠰᠡᠳᠬᠢᠭᠳᠡᠯ ᠲᠠᠢ ᠪᠤᠯᠵᠦ ᠡᠨᠡ ᠠᠩᠬᠢ ᠳᠤ ᠬᠤᠪᠢᠶᠠᠭᠳᠠᠨ᠂ | ᠡᠨᠡ ᠪᠠᠭᠰᠢ ᠲᠠᠢ ᠤᠴᠠᠷᠠᠭᠰᠠᠨ ᠳᠤ ᠪᠠᠨ ᠠᠵᠠ ᠲᠠᠢ ᠪᠤᠯᠤᠯ᠎ᠠ ᠭᠡᠰᠡᠨ ᠲᠥᠷᠦᠭᠳᠡᠯ ᠢ ᠤᠯᠭᠤᠵᠦ ᠴᠢᠳᠠᠨ᠎ᠠ᠃ | ᠰᠤᠷᠤᠭᠴᠢ ᠨᠡᠷ᠎ᠡ ᠮᠡᠳᠡᠭᠦᠯᠵᠤ ᠳᠠᠭᠤᠰᠤᠭᠰᠠᠨ ᠲᠠᠷᠤᠢ ᠳᠤ ᠭᠡᠷ ᠤᠨ ᠠᠬᠠᠮᠠᠳ ᠤᠨ ᠬᠤᠷᠠᠯ ᠢ ᠵᠣᠬᠢᠶᠠᠨ ᠪᠠᠶᠢᠭᠤᠯᠵᠤ᠂ | ᠰᠤᠷᠭᠠᠭᠤᠯᠢ ᠶᠢᠨ ᠲᠦᠢᠮᠦ ᠪᠠᠶᠢᠳᠠᠯ᠂ ᠥᠪᠡᠷ ᠤᠨ ᠢᠶᠠᠨ ᠲᠤᠬᠠᠢ᠂ ᠠᠩᠭᠢ ᠬᠤᠪᠢᠶᠠᠷᠢᠯᠠᠭᠰᠠᠨ ᠪᠠᠶᠢᠳᠠᠯ᠂ | ᠬᠢᠴᠢᠶᠡᠯᠯᠡᠭᠴᠢ ᠪᠠᠭᠰᠢ ᠶᠢᠨ ᠶᠡᠷᠦᠩᠭᠡᠢ ᠪᠠᠶᠢᠳᠠᠯ ᠵᠢᠴᠢ ᠭᠡᠷ ᠤᠨ ᠠᠬᠠᠮᠠᠳ ᠲᠤ ᠲᠠᠯᠪᠢᠬᠤ ᠱᠠᠭᠠᠷᠳᠠᠯᠭ᠎ᠠ ᠵᠡᠷᠭᠡ ᠶᠢ | ᠨᠠᠷᠢᠯᠢᠬ ᠲᠤᠰᠢᠶᠠᠨ᠎ᠠ᠃ ᠢᠩᠬᠢᠵᠦ ᠬᠢᠬᠦ ᠨᠢ ᠭᠡᠷ ᠤᠨ ᠠᠬᠠᠮᠠᠳ ᠲᠤ ᠬᠠᠨᠤᠮᠵᠢᠳᠠᠢ ᠲᠥᠷᠦᠭᠳᠡᠯ ᠣᠯᠭᠤᠬᠤ ᠶᠢᠨ | ᠬᠠᠮᠳᠦ ᠲᠡᠳᠡᠨᠠᠷ ᠤᠨ ᠰᠠᠨᠠᠭ᠎ᠠ ᠰᠡᠳᠬᠢᠯ ᠢ ᠲᠠᠶᠢᠪᠤᠰᠢᠷᠠᠭᠤᠯᠤᠨ ᠲᠠᠨ ᠳᠤ ᠢᠳᠡᠭᠡᠨ ᠨᠠᠶᠢᠳᠠᠵᠤ᠂ ᠪᠠᠭᠰᠢ ᠪᠣᠯᠤᠨ | ᠭᠡᠷ ᠤᠨ ᠠᠬᠠᠮᠠᠳ ᠤᠨ ᠬᠤᠭᠤᠷᠤᠨᠳᠤᠬᠢ ᠰᠠᠶᠢᠨ ᠰᠠᠶᠢᠬᠠᠨ ᠡᠶᠡᠯᠰᠡᠭ ᠬᠠᠷᠢᠯᠴᠠᠭ᠎ᠠ ᠳᠤ ᠰᠠᠭᠤᠷᠢ ᠲᠠᠯᠪᠢᠬᠤ | ᠪᠣᠯᠤᠨ᠎ᠠ᠃ | ︵ᠭᠤᠷᠪᠠ︶ ᠰᠢᠨ᠎ᠡ ᠠᠩᠭᠢ ᠪᠠᠨ ᠲᠤᠰᠤᠭᠰᠠᠨ ᠤ ᠳᠠᠷᠠᠭ᠎ᠠ ᠠᠩᠬ᠎ᠠ ᠤᠳᠠᠭᠠᠨ ᠤ ᠠᠩᠭᠢ ᠶᠢᠨ ᠬᠤᠷᠠᠯ ᠢ | ᠡᠷᠭᠡᠪᠰᠢ ᠰᠠᠶᠢᠳᠤᠷ ᠵᠣᠬᠢᠶᠠᠨ ᠪᠠᠶᠢᠭᠤᠯᠬᠤ ᠬᠡᠷᠡᠭᠲᠡᠢ᠃ ᠰᠤᠷᠤᠭᠴᠢ ᠪᠦᠬᠦᠨ ᠰᠢᠨ᠎ᠡ ᠤᠷᠴᠢᠨ ᠳᠤ ᠢᠷᠡᠭᠰᠡᠨ ᠤ | ᠳᠠᠷᠠᠭ᠎ᠠ ᠶᠠᠭᠤᠨ ᠤ ᠡᠮᠦᠨ᠎ᠡ ᠠᠩᠭᠢ ᠶᠢᠨ ᠪᠠᠭᠰᠢ ᠶᠢᠨ ᠢᠶᠠᠨ ᠪᠠᠶᠢᠳᠠᠯ ᠢ ᠤᠶᠢᠯᠠᠭᠠᠵᠦ᠂ ᠳᠠᠷᠠᠭᠠᠴᠢ ᠪᠠᠷ ᠨᠢ | ᠰᠤᠷᠤᠯᠭ᠎ᠠ ᠠᠮᠢᠳᠤᠷᠠᠯ ᠤᠨ ᠢᠶᠠᠨ ᠲᠤᠬᠠᠢ ᠪᠤᠳᠤᠯᠬᠢᠯᠠᠳᠠᠭ᠃ ᠠᠩᠭᠢ ᠶᠢᠨ ᠡᠷᠬᠢᠯᠡᠭᠴᠢ ᠪᠠᠭᠰᠢ ᠪᠡᠯᠡᠳᠭᠡᠯ | ᠠᠵᠢᠯ ᠢᠶᠠᠨ ᠰᠠᠶᠢᠳᠤᠷ ᠬᠢᠵᠦ᠂ ᠰᠤᠷᠤᠭᠴᠢᠳ ᠲᠤ ᠪᠠᠨ ᠰᠠᠶᠢᠨ ᠰᠠᠶᠢᠬᠠᠨ ᠠᠩᠬᠠᠨ ᠤ ᠰᠠᠭᠤᠭᠳᠠᠯ ᠥᠭᠬᠦ ᠨᠢ | ᠲᠡᠳᠡᠨᠡᠷ ᠲᠤ ᠨᠢᠭᠡᠨ ᠯᠠᠪᠳᠠᠭᠤᠨ ᠲᠣᠭᠲᠠᠭᠤᠨ ᠰᠤᠷᠤᠯᠴᠠᠬᠤ ᠣᠷᠴᠢᠨ ᠲᠠᠢ ᠪᠣᠯᠵᠦ᠂ ᠴᠢᠷᠮᠠᠶᠢᠨ ᠰᠤᠷᠤᠯᠴᠠᠬᠤ | ᠬᠦᠰᠡᠯ ᠵᠤᠷᠢᠭ ᠢ ᠨᠢ ᠬᠦᠪᠴᠢᠯᠡᠵᠦ ᠴᠢᠳᠠᠬᠤ ᠶᠤᠮ᠃ | ︵ᠳᠦᠷᠪᠠ︶ ᠨᠢᠭᠡᠨ ᠰᠢᠯᠢᠳᠡᠭ ᠠᠩᠭᠢ ᠶᠢᠨ ᠡᠷᠬᠢᠯᠡᠭᠴᠢ ᠶᠢᠨ ᠤᠷ᠎ᠠ ᠳᠡᠮ ᠨᠢ ᠠᠩᠭᠢ ᠶᠢᠨ ᠺᠠᠳ᠋ᠷ ᠢ | ᠰᠤᠩᠭᠤᠨ ᠬᠡᠷᠡᠭᠯᠡᠵᠤ ᠴᠢᠳᠠᠬᠤ ᠳᠤ ᠪᠠᠶᠢᠳᠠᠭ᠃ ᠪᠦᠬᠦ ᠠᠩᠭᠢ ᠶᠢᠨ ᠰᠤᠷᠤᠭᠴᠢᠳ ᠤᠨ ᠢᠲᠡᠭᠡᠯ ᠢ ᠣᠯᠤᠭᠰᠠᠨ | ᠠᠩᠭᠢ ᠶᠢᠨ ᠺᠠᠳ᠋ᠷ ᠢ ᠬᠥᠮᠦᠵᠢᠭᠦᠯᠬᠦ ᠨᠢ ᠲᠦᠢᠯ ᠤᠨ ᠴᠢᠬᠤᠯᠠ ᠶᠤᠮ᠃ ᠡᠶᠢᠮᠦ ᠠᠴᠠ ᠰᠢᠨ᠎ᠡ ᠠᠩᠭᠢ ᠶᠢ | ᠲᠤᠰᠤᠭᠰᠠᠨ ᠤ ᠳᠠᠷᠠᠭ᠎ᠠ᠂ ᠨᠢᠭᠡ ᠠᠴᠠ ᠬᠤᠶᠠᠷ ᠭᠠᠷᠠᠭ ᠤᠨ ᠬᠤᠭᠤᠴᠠᠭ᠎ᠠ ᠶᠢ ᠬᠡᠷᠡᠭᠯᠡᠵᠦ ᠪᠠᠶᠢᠭᠠᠳ ᠰᠤᠷᠤᠭᠴᠢ ᠶᠢᠨ | ᠪᠠᠶᠢᠳᠠᠯ ᠢ ᠨᠡᠯᠢᠶᠡᠳ ᠤᠶᠢᠯᠠᠭᠠᠭᠰᠠᠨ ᠤ ᠳᠠᠷᠠᠭ᠎ᠠ ᠠᠩᠭᠢ ᠶᠢᠨ ᠺᠠᠳ᠋ᠷ ᠢ ᠰᠤᠩᠭᠤᠨ ᠲᠤᠭᠳᠠᠭᠠᠵᠦ᠂ ᠠᠩᠭᠢ ᠶᠢᠨ | ᠺᠠᠳ᠋ᠷ ᠤᠨ ᠪᠣᠯᠪᠠᠰᠤᠷᠠᠯ ᠢ ᠡᠷᠬᠢᠯᠡᠨ᠂ ᠠᠵᠢᠯ ᠤᠨ ᠬᠤᠪᠢᠶᠠᠷᠢᠯᠠᠯ ᠢ ᠲᠣᠳᠤᠷᠬᠠᠢ ᠲᠤᠰᠢᠶᠠᠵᠤ᠂ ᠰᠤᠷᠭᠠᠭᠤᠯᠢ ᠶᠢᠨ | ᠳᠦᠷᠢᠮ ᠲᠤᠭᠳᠠᠭᠠᠯ ᠵᠢᠴᠢ ᠠᠩᠭᠢ ᠶᠢᠨ ᠳᠦᠷᠢᠮ ᠢᠶᠠᠨ ᠲᠤᠳᠤᠷᠬᠠᠢ ᠲᠤᠰᠢᠶᠠᠵᠤ᠂ ᠲᠥᠪ ᠴᠢᠩᠭ᠎ᠠ ᠱᠠᠭᠠᠷᠳᠠᠯᠭ᠎ᠠ | ᠲᠠᠯᠪᠢᠵᠦ᠂ ᠲᠡᠳᠡᠨᠠᠷ ᠲᠤ ᠲᠤᠰ ᠠᠩᠭᠢ ᠶᠢᠨ ᠪᠦᠬᠦ᠋ᠢᠯᠡ ᠰᠤᠷᠤᠯᠭ᠎ᠠ ᠠᠮᠢᠳᠤᠷᠠᠯ ᠤᠨ ᠵᠠᠩᠬᠢᠯᠠᠭ᠎ᠠ ᠨᠢ ᠴᠦᠮ | ᠲᠡᠳᠡᠨᠠᠷ ᠤᠨ ᠦᠢᠯᠡ ᠠᠵᠢᠯᠯᠠᠭ᠎ᠠ ᠠᠴᠠ ᠰᠢᠢᠳᠪᠦᠷᠢᠯᠡᠭᠳᠡᠨ᠎ᠡ ᠭᠡᠰᠡᠨ ᠲᠦᠷᠦᠭᠳᠡᠯ ᠲᠠᠢ ᠪᠤᠯᠭᠠᠵᠦ ᠬᠠᠷᠢᠭᠤᠴᠠᠯᠭᠠᠳᠦ | ᠰᠡᠳᠬᠢᠯᠭᠡ ᠶᠢ ᠨᠢ ᠪᠤᠢ ᠪᠤᠯᠭᠠᠨ᠎ᠠ᠃ ᠠᠩᠭᠢ ᠶᠢᠨ ᠺᠠᠳ᠋ᠷ ᠢ ᠰᠣᠩᠭᠤᠭᠰᠠᠨ ᠤ ᠳᠠᠷᠠᠭ᠎ᠠ ᠠᠩᠭᠢ ᠶᠢᠨ ᠺᠠᠳ᠋ᠷ ᠢᠶᠠᠨ | ᠬᠡᠳᠦ ᠠᠷᠪᠢᠨ ᠰᠣᠯᠢᠬᠤ ᠠᠴᠠ ᠵᠠᠶᠢᠯᠠᠰᠬᠢᠬᠦ ᠬᠡᠷᠡᠭᠲᠡᠢ᠃ ᠠᠩᠭᠢ ᠶᠢᠨ ᠺᠠᠳ᠋ᠷ ᠤᠨ ᠡᠩᠨᠡᠭᠡ ᠶᠢᠨ ᠰᠠᠶᠢᠨ ᠮᠠᠭᠤ ᠨᠢ | ᠰᠢᠭᠤᠳ ᠠᠩᠭᠢ ᠶᠢᠨ ᠬᠥᠭᠵᠢᠯ ᠪᠠᠳᠠᠷᠠᠯ ᠲᠠᠢ ᠬᠤᠯᠪᠤᠭᠳᠠᠬᠤ ᠪᠠᠷ ᠪᠠᠷᠠᠬᠤ ᠦᠭᠡᠢ ᠪᠦᠬᠦ ᠠᠩᠭᠢ ᠶᠢᠨ | ᠰᠤᠷᠤᠯᠭ᠎ᠠ ᠶᠢᠨ ᠬᠢᠷᠢ ᠲᠦᠪᠰᠢᠨ ᠢ ᠰᠢᠭᠤᠳ ᠨᠦᠯᠦᠭᠡᠯᠡᠳᠡᠭ᠃ ᠡᠶᠢᠮᠦ ᠠᠴᠠ ᠠᠩᠭᠢ ᠶᠢᠨ ᠺᠠᠳ᠋ᠷ ᠨᠢ ᠠᠩᠭᠢ ᠶᠢᠨ | ᠪᠠᠭᠰᠢ ᠶᠢᠨ ᠭᠤᠣᠯ ᠬᠠᠪᠰᠤᠷᠤᠭᠴᠢ ᠪᠠᠶᠢᠵᠦ᠂ ᠣᠨᠴᠠᠭᠠᠢ ᠦᠶ᠎ᠡ ᠳᠤ ᠠᠩᠭᠢ ᠶᠢᠨ ᠡᠷᠬᠢᠯᠡᠭᠴᠢ ᠶᠢᠨ | ᠣᠷᠤᠯᠠᠭᠴᠢ ᠶᠢᠨ ᠤᠶᠢᠯᠡᠳᠦᠯ ᠢ ᠦᠵᠡᠭᠦᠯᠵᠦ ᠪᠠᠶᠢᠳᠠᠭ᠃ ᠵᠠᠷᠢᠮ ᠦᠶᠡᠰ ᠠᠩᠭᠢ ᠶᠢᠨ ᠪᠠᠭᠰᠢ ᠶᠢᠨ ᠰᠢᠢᠳᠪᠦᠷᠢᠯᠡᠵᠦ | ᠲᠡᠶᠢᠯᠬᠦ ᠦᠭᠡᠢ ᠠᠰᠠᠭᠤᠳᠠᠯ ᠢ ᠠᠩᠭᠢ ᠶᠢᠨ ᠺᠠᠳ᠋ᠷ ᠲᠤᠩ ᠬᠢᠯᠪᠠᠷᠬᠠᠨ ᠰᠢᠢᠳᠪᠦᠷᠢᠯᠡᠴᠢᠬᠡᠳᠡᠭ ᠤᠳᠠᠭ᠎ᠠ ᠪᠠᠶᠢᠳᠠᠭ᠃ | ︵ᠲᠠᠪᠤ︶ ᠠᠩᠭᠢ ᠶᠢᠨ ᠪᠠᠭᠰᠢ ᠵᠠᠪᠠᠯ ᠬᠡᠯᠡᠭᠰᠡᠨ ᠦᠭᠡᠨ ᠳᠤ ᠪᠠᠨ ᠡᠵᠡᠨ ᠰᠠᠭᠤᠵᠦ᠂ ᠬᠡᠯᠡᠭᠰᠡᠨ ᠠᠮᠠᠯᠠᠭᠰᠠᠨ | ᠵᠦᠢᠯ ᠢᠶᠠᠨ ᠪᠡᠶᠡᠯᠡᠭᠦᠯᠦᠭᠰᠡᠨ ᠪᠠᠶᠢᠬᠤ ᠬᠡᠷᠡᠭᠲᠡᠢ᠂ ᠬᠢᠵᠦ ᠲᠡᠶᠢᠯᠬᠦ ᠦᠭᠡᠢ ᠵᠦᠢᠯ ᠢ ᠰᠤᠷᠤᠭᠴᠢ ᠶᠢᠨ ᠡᠮᠦᠨ᠎ᠡ ᠬᠢᠯᠪᠠᠷ | ᠲᠦᠭᠦᠮ ᠠᠮᠠᠯᠠᠵᠦ ᠪᠤᠯᠬᠤ ᠦᠭᠡᠢ᠃ ᠪᠠᠭᠰᠢ ᠬᠡᠷᠪᠡ ᠡᠨᠡ ᠲᠡᠷᠡ ᠤᠴᠢᠷ ᠶᠠᠪᠤᠳᠠᠯ ᠳᠤ ᠰᠢᠯᠲᠠᠭᠯᠠᠨ | ᠬᠡᠯᠡᠭᠰᠡᠨ ᠳᠤ ᠪᠠᠨ ᠬᠦᠷᠬᠦ ᠦᠭᠡᠢ ᠪᠣᠯ ᠰᠤᠷᠤᠭᠴᠢ ᠶᠢᠨ ᠳᠤᠮᠲᠠ ᠢᠲᠡᠭᠡᠯ ᠬᠦᠨᠳᠦ ᠪᠠᠨ ᠠᠯᠳᠠᠬᠤ ᠪᠠᠷ ᠪᠠᠷᠠᠬᠤ | ᠦᠭᠡᠢ ᠪᠦᠬᠦ᠋ᠢᠯᠡ ᠠᠩᠬᠢ ᠨᠢᠭᠡᠴᠡ ᠶᠢᠨ ᠪᠤᠯᠪᠠᠰᠤᠨ ᠵᠠᠩ ᠮᠤᠷᠠᠯ ᠵᠢᠴᠢ ᠰᠤᠷᠤᠯᠭ᠎ᠠ ᠶᠢᠨ ᠬᠢᠷᠢ ᠪᠦᠳᠦᠮᠵᠢ ᠳᠤ | ᠨᠦᠯᠦᠭᠡ ᠪᠤᠯᠵᠤ ᠮᠠᠳᠠᠨ᠎ᠠ᠃ ᠡᠨᠡ ᠨᠢ ᠶᠠᠭ ︽ᠮᠣᠳᠤ ᠵᠠᠶᠢᠯᠠᠬᠤ ᠳᠤ ᠦᠨᠳᠤᠰᠤ ᠶᠢ ᠨᠢ ᠵᠠᠶᠢᠯᠠᠵᠦ᠂ ᠬᠥᠮᠦᠨ ᠢ | ᠬᠦᠮᠦᠵᠢᠬᠦᠯᠬᠦ ᠳᠤ ᠰᠡᠳᠭᠢᠯ ᠢ ᠨᠢ ᠬᠥᠮᠦᠵᠢᠭᠦᠯᠬᠦ ᠬᠡᠷᠡᠭᠲᠠᠢ︾ ᠭᠡᠰᠡᠨ ᠦᠭᠡ ᠶᠤᠮ᠃ ᠥᠪᠡᠷ ᠤᠨ ᠰᠢᠯᠢᠳᠡᠭ ᠰᠠᠶᠢᠨ | ᠦᠢᠯᠡ ᠠᠵᠢᠯᠯᠠᠭ᠎ᠠ ᠪᠠᠷ ᠢᠶᠠᠨ ᠰᠤᠷᠤᠭᠴᠢᠳ ᠢ ᠨᠥᠯᠦᠭᠡᠯᠡᠨ᠂ ᠢᠲᠡᠭᠡᠯ ᠢ ᠨᠢ ᠣᠯᠴᠢᠬᠠᠬᠤ ᠶᠤᠮ ᠪᠣᠯ | ᠬᠤᠶᠢᠰᠢᠳᠡ ᠶᠢᠨ ᠠᠵᠢᠯ ᠳᠤ ᠶᠠᠮᠠᠷ ᠴᠤ ᠰᠠᠭᠠᠳ ᠪᠡᠷᠬᠡ ᠲᠤᠬᠢᠶᠠᠯᠳᠤᠭᠰᠠᠨ ᠴᠤ ᠰᠡᠳᠬᠢᠯ ᠨᠢᠭᠡᠲᠡᠢ ᠳᠠᠪᠠᠨ | ᠲᠤᠭᠤᠯᠵᠤ ᠴᠢᠳᠠᠨ᠎ᠠ᠃ ᠮᠢᠨᠦ ᠨᠢᠭᠡ ᠤᠳᠠᠭᠠᠨ ᠤ ᠡᠷᠬᠢᠯᠡᠭᠰᠡᠨ ᠠᠩᠬᠢ ᠳᠤ ᠬᠤᠪᠢᠶᠠᠭᠳᠠᠭᠰᠠᠨ ᠰᠤᠷᠤᠭᠴᠢᠳ ᠤᠨ | ᠰᠤᠷᠤᠯᠭ᠎ᠠ ᠶᠢᠨ ᠶᠡᠷᠦᠩᠭᠡᠢ ᠬᠢᠷᠢ ᠲᠦᠪᠰᠢᠨ ᠨᠢ ᠲᠡᠶᠢᠮᠦ ᠰᠠᠶᠢᠨ ᠪᠢᠰᠢ ᠪᠠᠶᠢᠭᠰᠠᠨ ᠪᠤᠯᠬᠤᠷ ᠡᠬᠦᠨ ᠤ ᠲᠦᠯᠦᠭᠡ ᠪᠢ | ᠶᠡᠭᠡᠳᠡ ᠰᠡᠳᠬᠢᠯ ᠵᠦᠳᠡᠭᠡᠭᠰᠡᠨ ᠶᠤᠮ᠃ ᠳᠡᠭᠡᠭᠡᠳ ᠪᠤᠳᠤᠵᠦ ᠪᠤᠳᠤᠵᠦ ᠡᠶᠢᠮᠦ ᠨᠢᠭᠡᠨ ᠠᠷᠭ᠎ᠠ ᠶᠢ ᠲᠤᠷᠰᠢᠬᠤ ᠪᠠᠷ | ᠰᠢᠭᠤᠳᠴᠦ᠂ ᠬᠤᠭᠤᠴᠠᠭᠠᠨ ᠲᠤᠮᠳᠠᠬᠢ ᠰᠢᠯᠭᠠᠯᠲᠠ ᠶᠢᠨ ᠳᠠᠶᠢᠴᠢᠯᠠᠯᠲᠠ ᠶᠢᠨ ᠬᠤᠷᠠᠯ ᠳᠡᠭᠡᠷ᠎ᠡ ᠪᠠᠨ᠄ ︽ᠡᠨᠡ | ᠤᠳᠠᠭᠠᠨ ᠤ ᠬᠤᠭᠤᠴᠠᠭᠠᠨ ᠲᠤᠮᠲᠠᠬᠢ ᠰᠢᠯᠭᠠᠯᠲᠠ ᠳᠤ ᠠᠩᠭᠢ ᠶᠢᠨ ᠲᠡᠭᠰᠢᠳᠭᠡᠯ ᠬᠤᠪᠢ ᠬᠡᠷᠪᠡ ᠳᠡᠭᠡᠷ᠎ᠡ | ᠬᠤᠭᠤᠴᠠᠭᠠᠨ ᠡᠴᠦᠰ ᠤᠨ ᠰᠢᠯᠭᠠᠯᠲᠠ ᠶᠢᠨ ᠲᠡᠭᠰᠢᠳᠭᠡᠯ ᠬᠤᠪᠢ ᠠᠴᠠ 3 ᠬᠤᠪᠢ ᠠᠴᠠ ᠢᠯᠡᠭᠦᠤ ᠲᠡᠭᠰᠢᠳᠬᠡᠪᠡᠯ | ᠠᠩᠭᠢ ᠪᠠᠷ ᠢᠶᠠᠨ ᠠᠭᠤᠯᠠᠨ ᠳᠤ ᠵᠤᠭᠠᠴᠠᠬᠤ ᠪᠠᠷ ᠶᠠᠪᠤᠨ᠎ᠠ︾ ᠭᠡᠵᠦ ᠰᠦᠷ ᠰᠤᠷᠳᠤᠭᠤ ᠲᠠᠢ ᠲᠤᠩᠬᠠᠭᠯᠠᠪᠠ᠃ | ᠬᠤᠭᠤᠴᠠᠭᠠᠨ ᠳᠤᠮᠳᠠᠬᠢ ᠰᠢᠯᠭᠠᠯᠳᠠ ᠶᠢᠨ ᠳ᠋ᠦᠩ ᠳᠤ ᠳᠡᠭᠡᠷ᠎ᠡ ᠬᠤᠭᠤᠴᠠᠭᠠᠨ ᠡᠴᠦᠰ ᠤᠨ ᠳᠡᠭᠰᠢᠳᠭᠡᠯ | ᠬᠤᠪᠢ ᠠᠴᠠ 3.3 ᠬᠤᠪᠢ ᠢᠯᠡᠬᠦᠤ ᠪᠠᠷ ᠲᠡᠭᠰᠢᠳᠭᠡᠭᠰᠡᠨ ᠪᠠᠶᠢᠯ᠎ᠠ᠃ ᠡᠨᠡ ᠭᠦ ᠳ᠋ᠦᠩ ᠢ ᠦᠵᠡᠭᠡᠳ ᠪᠢ ᠨᠢᠭᠡ | ᠪᠠᠶᠠᠷᠯᠠᠵᠦ ᠨᠢᠭᠡ ᠵᠤᠪᠠᠵᠦ ᠰᠠᠭᠤᠯ᠎ᠠ᠃ ᠪᠠᠶᠠᠷᠯᠠᠭᠰᠠᠨ ᠤᠴᠢᠷ ᠭᠡᠪᠡᠯ ᠮᠢᠨᠦ ᠬᠦᠭᠡᠷᠦᠬᠦᠨ ᠰᠤᠷᠤᠭᠴᠢᠳ ᠲᠤ ᠮᠢᠨᠢ | ᠳᠠᠯᠳᠠ ᠨᠢᠭᠤᠴᠠ ᠬᠦᠴᠦᠨ ᠪᠤᠢ᠂ ᠮᠢᠨᠦ ᠠᠪᠤᠭᠰᠠᠨ ᠠᠷᠭ᠎ᠠ ᠤᠶᠢᠯᠡᠳᠦᠯ ᠦᠵᠡᠬᠦᠯᠵᠠᠢ᠃ ᠵᠤᠪᠠᠵᠦ ᠪᠠᠶᠢᠭ᠎ᠠ | ᠤᠴᠢᠷ ᠨᠢ ᠨᠠᠮᠠᠢᠢ ᠰᠤᠷᠤᠭᠴᠢᠳ ᠲᠤ ᠪᠠᠨ ᠠᠮᠠᠯᠠᠭᠰᠠᠨ ᠤ ᠳᠠᠷᠠᠭᠠᠬᠠᠨ ᠳᠡᠭᠡᠷ᠎ᠡ ᠱᠠᠳᠤᠨ ᠠᠴᠠ ᠵᠠᠷᠯᠢᠭ ᠢᠷᠡᠵᠦ᠂ | ᠰᠤᠷᠭᠠᠭᠤᠯᠢ ᠨᠤᠭᠤᠳ ᠰᠤᠷᠤᠭᠴᠢᠳ ᠢ ᠵᠤᠬᠢᠶᠠᠨ ᠪᠠᠶᠢᠭᠤᠯᠵᠦ ᠲᠤᠭᠤᠷᠢᠨ ᠵᠤᠭᠠᠴᠠᠬᠤ ᠬᠦᠳᠡᠯᠭᠡᠭᠡᠨ ᠬᠢᠵᠦ ᠪᠤᠯᠬᠤ | ᠦᠭᠡᠢ ᠭᠡᠰᠡᠨ ᠪᠠᠶᠢᠯ᠎ᠠ᠃ ᠤᠳᠤ ᠰᠤᠷᠤᠭᠴᠢᠳ ᠲᠤ ᠪᠠᠨ ᠬᠡᠷᠬᠢᠨ ᠬᠠᠷᠢᠭᠤᠯᠳᠠᠭ ᠪᠢᠯᠡ ᠭᠡᠵᠦ ᠠᠷᠭ᠎ᠠ ᠪᠠᠷᠠᠭᠳᠠᠨ | ᠰᠠᠨᠳᠤᠷᠴᠦ ᠪᠠᠶᠢᠳᠠᠯ᠎ᠠ᠂ ᠰᠤᠷᠤᠭᠴᠢᠳ ᠮᠢᠨᠢ ᠨᠠᠳᠠ ᠠᠴᠠ᠄ ︽ᠪᠠᠭᠰᠢ ᠡ︕ ᠮᠠᠨ ᠤ ᠠᠩᠭᠢ ᠬᠡᠵᠢᠶ᠎ᠡ | ᠵᠤᠭᠠᠴᠠᠬᠤ ᠪᠠᠷ ᠶᠠᠪᠤᠬᠤ ᠪᠤᠢ︖︾ ᠭᠡᠵᠦ ᠶᠡᠭᠡᠯ᠎ᠡ ᠪᠠᠶᠠᠷ ᠲᠠᠢ ᠠᠰᠠᠭᠤᠯ᠎ᠠ᠂ ᠪᠢ ᠲᠡᠷᠡ ᠳᠠᠷᠤᠢ ᠳᠤ ᠨᠢ ᠬᠡᠷᠬᠢᠨ | ᠬᠠᠷᠢᠭᠤᠯᠬᠤ ᠪᠠᠨ ᠤᠯᠵᠦ ᠴᠢᠳᠠᠭᠰᠠᠨ ᠦᠭᠡᠢ᠃ ᠬᠤᠶᠠᠷ ᠡᠳᠦᠷ ᠦᠩᠭᠡᠷᠡᠭᠰᠡᠨ ᠤ ᠳᠠᠷᠠᠭ᠎ᠠ ᠬᠢᠴᠢᠶᠡᠯ ᠳᠡᠭᠡᠷ᠎ᠡ | ︽ᠰᠤᠷᠭᠠᠭᠤᠯᠢ ᠠᠴᠠ ᠪᠢᠳᠠᠨ ᠤ ᠵᠤᠭᠠᠴᠠᠬᠤ ᠶᠠᠪᠤᠳᠠᠯ ᠢ ᠵᠥᠪᠰᠢᠶᠡᠷᠡᠭᠦ ᠦᠭᠡᠢ ᠪᠠᠶᠢᠨ᠎ᠠ᠂ ᠳᠠᠷᠠᠭ᠎ᠠ ᠪᠠᠷ ᠪᠣᠯᠤᠶ᠎ᠠ︾ | ᠭᠡᠵᠦ ᠳᠦᠬᠦᠮᠭᠡᠨ ᠨᠢᠭᠡ ᠬᠠᠷᠢᠭᠤ ᠦᠭᠴᠦ ᠡᠨᠡ ᠶᠠᠪᠤᠳᠠᠯ ᠢ ᠳᠠᠭᠤᠰᠬᠠᠵᠠᠢ᠃ ᠡᠬᠦᠨ ᠠᠴᠠ ᠪᠤᠯᠵᠦ ᠰᠤᠷᠤᠭᠴᠢ ᠶᠢᠨ | ᠳᠤᠮᠳᠠ ᠲᠤᠩ ᠦᠢᠮᠡᠭᠡᠨ ᠳᠡᠭᠳᠡᠵᠦ᠂ ᠪᠠᠭᠰᠢ ᠬᠡᠯᠡᠭᠰᠡᠨ ᠳᠤ ᠪᠠᠨ ᠬᠦᠷᠦᠭᠰᠡᠨ ᠦᠭᠡᠢ ᠭᠡᠰᠡᠨ ᠶᠠᠷᠢᠶ᠎ᠠ ᠳᠠᠯᠳᠠ ᠪᠠᠷ | ᠲᠠᠮᠵᠢᠭᠳᠠᠵᠦ᠂ ᠪᠢ ᠴᠦ ᠰᠤᠷᠤᠭᠴᠢᠳ ᠤᠨ ᠢᠶᠠᠨ ᠢᠲᠡᠭᠡᠯ ᠢ ᠨᠠᠯᠢᠶᠡᠳ ᠠᠯᠳᠠᠪᠠ᠃ ᠡᠭᠦᠨ ᠤ ᠦᠷ᠎ᠡ ᠳ᠋ᠦᠩ ᠳᠤ | ᠲᠤᠰ ᠬᠤᠭᠤᠴᠠᠭᠠᠨ ᠤ ᠬᠤᠭᠤᠴᠠᠭᠠᠨ ᠡᠴᠦᠰ ᠤᠨ ᠰᠢᠯᠭᠠᠯᠲᠠ ᠶᠢᠨ ᠳᠡᠭᠰᠢᠳᠭᠡᠯ ᠬᠤᠪᠢ ᠳᠡᠭᠡᠷ᠎ᠡ ᠬᠤᠭᠤᠴᠠᠭᠠᠨ | ᠡᠴᠦᠰ ᠤᠨ ᠰᠢᠯᠭᠠᠯᠲᠠ ᠪᠠᠨ ᠴᠦ ᠬᠦᠷᠦᠭᠰᠡᠨ ᠦᠭᠡᠢ ᠪᠠᠶᠢᠯ᠎ᠠ᠃ ᠢᠩᠬᠢᠵᠦ ᠨᠢᠭᠡ ᠤᠳᠠᠭ᠎ᠠ ᠠᠯᠳᠠᠭ᠎ᠠ ᠭᠠᠷᠭᠠᠵᠦ᠂ | ᠡᠬᠦᠨ ᠤ ᠪᠠᠨ ᠬᠤᠤᠷ ᠨᠢ ᠢᠩᠬᠢᠵᠦ ᠬᠦᠭᠡᠷᠦᠭᠦᠨ ᠬᠡᠤᠭᠡᠳ ᠤᠳ ᠤᠨ ᠮᠢᠨᠢ ᠰᠤᠷᠤᠯᠭ᠎ᠠ ᠠᠮᠢᠳᠤᠷᠠᠯ ᠳᠤ ᠬᠦᠷᠦᠭᠰᠡᠨ | ᠶᠤᠮᠰᠠᠨ᠃ | ︵ᠵᠢᠷᠭᠤᠭ᠎ᠠ︶ ︽ᠪᠦᠯᠬᠦᠮᠳᠡᠯ ᠪᠣᠯ ᠠᠯᠢᠪᠠ ᠠᠵᠢᠯ ᠤᠨ ᠠᠮᠢᠨ ᠰᠤᠳᠠᠰᠤ ᠮᠥᠨ︾᠃ ᠠᠩᠭᠢ ᠶᠢᠨ ᠪᠠᠭᠰᠢ | ᠪᠤᠯᠤᠬᠰᠡᠳ ᠠᠩᠭᠢ ᠶᠢᠨ ᠨᠢᠭᠲᠠᠷᠠᠯ ᠪᠦᠯᠬᠦᠮᠳᠡᠯ ᠢ ᠰᠠᠨᠠᠭᠠᠴᠢᠯᠠᠭ᠎ᠠ ᠲᠠᠢ ᠪᠠᠷ ᠬᠥᠮᠦᠵᠢᠭᠦᠯᠬᠦ ᠴᠢᠬᠤᠯᠠ ᠲᠠᠢ | ᠮᠥᠷᠲᠡᠭᠡᠨ ᠬᠥᠮᠦᠵᠢᠭᠦᠯᠬᠦ ᠴᠠᠭ ᠲᠣᠬᠢᠶᠠᠯ ᠢ ᠴᠦ ᠠᠯᠳᠠᠵᠦ ᠪᠣᠯᠬᠤ ᠦᠭᠡᠢ᠃ ᠵᠢᠱᠢᠶᠡᠯᠡᠪᠡᠯ᠂ ᠰᠤᠷᠭᠠᠭᠤᠯᠢ ᠶᠢᠨ | ᠲᠠᠮᠢᠷ ᠤᠨ ᠤᠷᠤᠯᠳᠤᠭᠠᠨ ᠪᠣᠯ ᠠᠩᠭᠢ ᠶᠢᠨ ᠪᠦᠯᠬᠦᠮᠳᠡᠯ ᠢ ᠵᠤᠵᠠᠭᠠᠳᠬᠠᠬᠤ ᠨᠢᠭᠡ ᠰᠠᠶᠢᠬᠠᠨ ᠵᠠᠪᠰᠢᠶᠠᠨ ᠮᠥᠨ᠃ | ᠶᠠᠭᠤᠨ ᠤ ᠡᠮᠦᠨ᠎ᠡ᠂ ᠰᠢᠨ᠎ᠡ ᠠᠩᠭᠢ ᠨᠢᠭᠡᠴᠡ ᠪᠦᠷᠢᠯᠳᠦᠭᠰᠡᠨ ᠤ ᠳᠠᠷᠠᠭᠠᠬᠢ ᠠᠩᠬᠠᠳᠤᠭᠠᠷ ᠤᠳᠠᠭᠠᠨ ᠤ ᠲᠠᠮᠢᠷ ᠤᠨ | ᠤᠷᠤᠯᠳᠤᠭᠠᠨ ᠤ ᠪᠡᠯᠡᠳᠭᠡᠯ ᠠᠵᠢᠯ ᠢ ᠬᠢᠵᠦ᠂ ᠬᠦᠮᠦᠨ ᠪᠣᠯᠭᠠᠨ ᠳᠤ ᠠᠵᠢᠯ ᠡᠬᠦᠷᠭᠡ ᠳᠠᠭᠠᠭᠠᠯᠭᠠᠵᠦ᠂ ᠬᠥᠮᠦᠨ | ᠪᠦᠬᠦᠨ ᠬᠦᠴᠦᠨ ᠴᠢᠳᠠᠯ ᠢᠶᠠᠨ ᠦᠵᠡᠭᠦᠯᠬᠦ ᠶᠢ ᠤᠷᠢᠶᠠᠯᠠᠨ᠂ ᠪᠦᠬᠦᠨ ᠤ ᠬᠦᠴᠦ ᠬᠥᠳᠡᠯᠮᠦᠷᠢ ᠵᠠᠷᠤᠴᠠᠭᠤᠯᠤᠭᠰᠠᠨ | ᠦᠷ᠎ᠡ ᠪᠦᠳᠦᠬᠡᠯ ᠢ ᠤᠯᠬᠤ ᠪᠠᠷ ᠴᠢᠷᠮᠠᠶᠢᠨ᠎ᠠ᠃ ᠲᠠᠮᠢᠷ ᠤᠨ ᠤᠷᠤᠯᠳᠤᠭᠠᠨ ᠤ ᠦᠷ᠎ᠡ ᠪᠦᠳᠦᠮᠵᠢ ᠪᠠᠷ ︽ᠬᠠᠮᠳᠤ ᠶᠢᠨ | ᠬᠦᠴᠦᠨ ᠪᠣᠯ ᠴᠠᠭᠯᠠᠰᠢ ᠦᠭᠡᠢ︾ ᠬᠡᠳᠡᠭ ᠶᠣᠰᠤ ᠤᠴᠢᠷ ᠢ ᠭᠦᠨᠵᠡᠭᠡᠢ ᠤᠬᠠᠭᠠᠷᠠᠭᠤᠯᠵᠦ᠂ ᠬᠤᠶᠢᠰᠢᠳᠡ ᠶᠢᠨ | ᠠᠩᠭᠢ ᠨᠢᠭᠡᠴᠡ ᠶᠢᠨ ᠶᠠᠮᠠᠷᠪᠠ ᠠᠵᠢᠯ ᠳᠤ ᠠᠯᠢ ᠨᠢᠭᠡᠨ ᠬᠤᠪᠢ ᠬᠦᠮᠦᠨ ᠤ ᠬᠦᠴᠦ ᠬᠦᠳᠡᠯᠮᠦᠷᠢ ᠴᠦ ᠭᠡᠰᠡᠨ | ᠳᠤᠲᠠᠭᠳᠠᠵᠤ ᠪᠤᠯᠤᠰᠢ ᠦᠭᠡᠢ ᠭᠡᠳᠡᠭ ᠭᠦᠨᠵᠡᠭᠡᠢ ᠲᠠᠨᠢᠯᠳᠠ ᠲᠠᠢ ᠪᠤᠯᠭᠠᠨ᠎ᠠ᠃ ᠡᠨᠡ ᠪᠤᠯ ᠳᠠᠷᠤᠢ ︽ᠭᠡᠤᠭᠡᠳ ᠲᠤ | ᠡᠬᠦᠷᠭᠡ ᠬᠠᠷᠢᠭᠤᠴᠠᠯᠭ᠎ᠠ ᠬᠦᠯᠢᠶᠡᠯᠭᠡᠬᠦ ᠨᠢ ᠳᠡᠳᠡᠨ ᠢ ᠦᠰᠭᠡᠬᠦ ᠨᠢᠭᠡᠨ ᠰᠠᠶᠢᠨ ᠠᠷᠭ᠎ᠠ ᠪᠠᠷᠢᠯ ᠶᠤᠮ︾ ᠭᠡᠰᠡᠨ | ᠮᠤᠩᠭᠤᠯ ᠤᠨ ᠰᠠᠶᠢᠬᠠᠨ ᠵᠦᠢᠷ ᠦᠭᠡ ᠶᠢᠨ ᠪᠤᠳᠠᠳᠠᠶᠢᠵᠢᠭᠤᠯᠤᠯᠳᠠ ᠪᠤᠯᠬᠤ ᠶᠤᠮ᠃ | ︵ᠳᠤᠯᠤᠭ᠎ᠠ︶ ᠬᠦᠮᠦᠰ ᠤᠨ ᠬᠤᠭᠤᠷᠤᠨᠳᠤᠬᠢ ᠬᠠᠷᠢᠴᠠᠭ᠎ᠠ ᠶᠢ ᠵᠥᠪ ᠢᠶᠠᠷ ᠰᠢᠢᠳᠪᠦᠷᠢᠯᠡᠵᠦ | ᠵᠤᠬᠢᠴᠠᠭᠤᠯᠬᠤ ᠨᠢ ᠠᠩᠭᠢ ᠶᠢᠨ ᠪᠠᠭᠰᠢ ᠶᠢᠨ ᠤᠷ᠎ᠠ ᠮᠡᠷᠭᠡᠰᠢᠯ ᠮᠥᠨ᠃ ᠬᠢᠴᠢᠶᠡᠯ ᠲᠦᠷᠦᠯ ᠤᠨ ᠪᠠᠭᠰᠢ ᠨᠠᠷ᠂ | ᠪᠠᠭᠰᠢ ᠪᠤᠯᠤᠨ ᠭᠡᠷ ᠤᠨ ᠠᠬᠠᠮᠠᠳ᠂ ᠬᠢᠴᠢᠶᠡᠯᠯᠡᠭᠴᠢ ᠪᠠᠭᠰᠢ ᠪᠣᠯᠤᠨ ᠰᠤᠷᠤᠭᠴᠢ ᠶᠢᠨ ᠬᠤᠭᠤᠷᠤᠨᠳᠤ ᠵᠥᠷᠢᠴᠡᠯ | ᠵᠥᠩᠳᠡᠭᠡᠨ ᠲᠣᠬᠢᠶᠠᠯᠳᠤᠳᠠᠭ᠃ ᠲᠡᠭᠦᠨ ᠢ ᠠᠩᠭᠢ ᠶᠢᠨ ᠡᠷᠬᠢᠯᠡᠭᠴᠢ ᠪᠠᠭᠰᠢ ᠵᠠᠪᠠᠯ ᠡᠯ᠎ᠡ ᠵᠦᠢᠯ ᠤᠨ ᠣᠶᠤᠨᠯᠢᠭ | ᠠᠷᠭ᠎ᠠ ᠪᠠᠷ ᠲᠣᠬᠢᠷᠠᠮᠵᠢᠲᠠᠢ ᠰᠠᠶᠢᠬᠠᠨ ᠵᠤᠬᠢᠴᠠᠭᠤᠯᠤᠨ ᠰᠢᠢᠳᠪᠦᠷᠢᠯᠡᠬᠦ ᠬᠡᠷᠡᠭᠲᠠᠢ᠃ ᠦᠨᠡᠨ ᠢ ᠬᠡᠯᠡᠪᠡᠯ | ᠬᠢᠴᠢᠶᠡᠯᠯᠡᠭᠴᠢ ᠪᠠᠭᠰᠢ ᠪᠠ ᠰᠤᠷᠤᠭᠴᠢ ᠶᠢᠨ ᠬᠠᠷᠢᠴᠠᠭ᠎ᠠ ᠨᠢ ᠵᠢᠭᠠᠨ ᠰᠤᠷᠭᠠᠯᠲᠠ ᠶᠢᠨ ᠴᠢᠬᠤᠯᠠ ᠭᠤᠭᠴᠤᠭ᠎ᠠ | ᠪᠤᠯᠬᠤ ᠶᠤᠮ᠃ ᠳᠡᠳᠡᠨᠠᠷ ᠤᠨ ᠵᠦᠷᠢᠴᠡᠯ ᠮᠦᠷᠭᠦᠯᠳᠦᠭᠡᠨ ᠢ ᠵᠤᠬᠢᠰᠳᠠᠢ ᠰᠢᠢᠳᠪᠦᠷᠢᠯᠡᠵᠦ ᠳᠡᠳᠡᠨᠠᠷ ᠤᠨ ᠬᠠᠷᠢᠴᠠᠭ᠎ᠠ ᠶᠢ | ᠤᠬᠢ ᠰᠠᠶᠢᠨ ᠪᠠᠶᠢᠯᠭᠠᠬᠤ ᠨᠢ ︽ᠬᠠᠳᠠᠮ ᠡᠵᠢ ᠪᠣᠯᠤᠨ ᠪᠡᠷᠢ ᠶᠢᠨ ᠬᠤᠭᠤᠷᠤᠨᠳᠤᠬᠢ ᠵᠦᠷᠢᠴᠡᠯ︾ ᠢ | ᠰᠢᠢᠳᠪᠦᠷᠢᠯᠡᠬᠦ ᠠᠴᠠ ᠴᠦ ᠬᠦᠴᠢᠷ ᠪᠠᠶᠢᠳᠠᠭ᠃ ᠰᠢᠨ᠎ᠡ ᠪᠠᠷ ᠠᠵᠢᠯ ᠤᠨ ᠭᠠᠷᠤᠭ᠎ᠠ ᠪᠠᠨ ᠠᠪᠴᠦ ᠪᠠᠶᠢᠭ᠎ᠠ᠂ | ᠠᠵᠢᠯ ᠳᠤ ᠤᠷᠤᠭᠠᠳ ᠤᠳᠠᠭ᠎ᠠ ᠦᠭᠡᠢ ᠵᠠᠯᠠᠭᠤ ᠪᠠᠭᠰᠢ ᠨᠠᠷ ᠲᠤ ᠠᠪᠴᠦ ᠬᠡᠯᠡᠪᠡᠯ ᠡᠨᠡ ᠲᠠᠯ᠎ᠠ ᠶᠢᠨ ᠠᠵᠢᠯ ᠨᠢ | ᠲᠦᠢᠯ ᠤᠨ ᠬᠦᠴᠢᠷ ᠲᠦᠪᠡᠭ ᠲᠠᠢ ︽ᠲᠤᠯᠤᠭᠠᠢ ᠡᠪᠡᠳᠬᠡᠬᠦ︾ ᠰᠤᠳᠤᠯᠭᠠᠨ ᠤ ᠰᠡᠳᠦᠪ ᠪᠤᠯᠬᠤ ᠶᠤᠮ᠃ | ︵ᠨᠠᠢᠮᠠ︶ ᠠᠩᠭᠢ ᠨᠢᠭᠡᠴᠡ ᠶᠢᠨ ᠰᠤᠶᠤᠯ ᠤᠨ ᠤᠷᠴᠢᠨ ᠤ ᠪᠦᠳᠦᠭᠡᠨ ᠪᠠᠶᠢᠭᠤᠯᠤᠯᠳᠠ ᠶᠢ ᠲᠦᠢᠯ ᠤᠨ | ᠴᠢᠬᠤᠯᠠ ᠠᠵᠢᠯ ᠪᠤᠯᠭᠠᠨ ᠠᠳᠬᠤᠬᠤ ᠬᠡᠷᠡᠭᠲᠡᠢ᠃ ᠠᠩᠭᠢ ᠶᠢᠨ ᠰᠤᠷᠤᠯᠴᠠᠬᠤ ᠠᠭᠤᠷ ᠠᠮᠢᠰᠬᠤᠯ ᠢ ᠬᠥᠭᠵᠢᠶᠡᠨ ᠲᠠᠢ | ᠪᠣᠯᠭᠠᠬᠤ ᠨᠢ ᠰᠤᠷᠭᠠᠨ ᠬᠦᠮᠦᠵᠢᠯ ᠵᠢᠭᠠᠨ ᠰᠤᠷᠭᠠᠯᠳᠠ ᠶᠢᠨ ᠵᠠᠩᠬᠢᠯᠠᠭ᠎ᠠ ᠪᠣᠯᠤᠨ᠎ᠠ᠃ ᠠᠩᠭᠢ ᠨᠢᠭᠡᠴᠡ ᠶᠢᠨ | ᠳᠤᠳᠤᠭᠠᠳᠦ ᠳᠤ ᠪᠠᠨ ᠵᠣᠬᠢᠰᠲᠠᠢ ᠬᠥᠳᠡᠯᠭᠡᠭᠡᠨ ᠢ ᠵᠣᠬᠢᠶᠠᠨ ᠪᠠᠶᠢᠭᠤᠯᠵᠤ ᠰᠤᠷᠤᠭᠴᠢ ᠶᠢᠨ ᠰᠤᠷᠤᠯᠴᠠᠬᠤ ᠤᠷᠮ᠎ᠠ | ᠵᠣᠷᠢᠭ ᠢ ᠬᠥᠪᠴᠢᠯᠡᠨ᠂ ᠮᠡᠳᠡᠯᠭᠡ᠂ ᠮᠡᠷᠭᠡᠵᠢᠯ᠂ ᠰᠢᠨᠵᠢᠯᠡᠬᠦ ᠤᠠᠭᠭᠠᠨ ᠤ ᠰᠤᠨᠢᠨ ᠭᠠᠶᠢᠬᠠᠮᠰᠢᠭ ᠢ ᠲᠠᠨᠢᠭᠤᠯᠤᠨ᠎ᠠ᠃ | ᠵᠢᠱᠢᠶᠡᠯᠡᠪᠡᠯ᠄ ᠠᠩᠭᠢ ᠳᠤ ᠪᠠᠨ ᠭᠠᠷᠠᠭ ᠤᠨ ᠪᠢᠴᠢᠮᠡᠯ ᠰᠣᠨᠢᠨ ᠢ ᠵᠣᠬᠢᠶᠠᠨ ᠪᠠᠶᠢᠭᠤᠯᠬᠤ᠂ ᠬᠠᠨ᠎ᠠ ᠶᠢᠨ ᠰᠣᠨᠢᠨ ᠢ | ᠵᠣᠬᠢᠶᠠᠨ ᠪᠠᠶᠢᠭᠤᠯᠬᠤ᠂ ᠲᠤᠰᠬᠠᠢ ᠰᠡᠳᠦᠪᠳᠤ ᠠᠩᠭᠢ ᠶᠢᠨ ᠬᠤᠷᠠᠯ ᠢ ᠵᠣᠬᠢᠶᠠᠨ ᠪᠠᠶᠢᠭᠤᠯᠬᠤ᠂ ᠣᠷᠤᠨ ᠨᠤᠳᠤᠭ ᠤᠨ | ᠨᠡᠷᠡᠳᠤ ᠬᠥᠮᠦᠰ ᠢ ᠤᠷᠢᠵᠤ ᠢᠯᠡᠳᠭᠡᠯ ᠬᠢᠯᠭᠡᠬᠦ᠂ ᠨᠣᠮ ᠤᠩᠰᠢᠬᠤ ᠬᠥᠳᠡᠯᠭᠡᠭᠡᠨ᠂ ᠯᠧᠢ ᠹᠧᠩ ᠠᠴᠠ ᠰᠤᠷᠤᠯᠴᠠᠬᠤ | ᠬᠥᠳᠡᠯᠭᠡᠭᠡᠨ᠂ ᠮᠣᠳᠤ ᠲᠠᠷᠢᠬᠤ ᠬᠥᠳᠡᠯᠭᠡᠭᠡᠨ ᠭᠡᠬᠦ ᠮᠡᠳᠤ ᠶᠢᠨ ᠤᠯᠠᠨ ᠶᠠᠩᠵᠤ ᠶᠢᠨ ᠲᠤᠷ᠎ᠠ ᠰᠤᠨᠢᠷᠬᠠᠯᠳᠤ | ᠬᠥᠳᠡᠯᠭᠡᠭᠡᠨ ᠢ ᠵᠣᠬᠢᠶᠠᠨ ᠪᠠᠶᠢᠭᠤᠯᠵᠤ᠂ ᠰᠤᠷᠤᠭᠴᠢᠳ ᠤᠨ ᠮᠡᠳᠡᠯᠭᠡ ᠪᠣᠯᠤᠨ ᠪᠦᠲᠦᠬᠡᠯᠴᠢ ᠴᠢᠨᠠᠷ ᠢ | ᠲᠡᠭᠡᠭᠰᠢᠯᠡᠭᠦᠯᠦᠨ ᠬᠠᠷᠠᠭ᠎ᠠ ᠶᠢ ᠨᠢ ᠲᠡᠯᠡᠵᠦ ᠰᠡᠳᠬᠢᠴᠡ ᠶᠢᠨ ᠤᠷᠤᠨ ᠵᠠᠢ ᠶᠢ ᠥᠷᠭᠡᠳᠭᠡᠬᠦ ᠴᠢᠬᠤᠯᠠ ᠲᠠᠢ᠃ | ᠰᠤᠷᠤᠭᠴᠢᠳ ᠬᠡᠷᠪᠡ ᠥᠪᠡᠷ ᠤᠨ ᠭᠡᠰᠡᠨ ᠬᠠᠷᠠᠯᠲᠠ ᠲᠠᠢ ᠪᠣᠯᠴᠢᠬᠠᠪᠠᠯ ᠠᠩᠭᠢ ᠶᠢᠨ ᠰᠠᠬᠢᠯᠭ᠎ᠠ ᠪᠠᠳᠤ ᠠᠶᠠᠨᠳᠠᠭᠠᠨ | ᠰᠠᠶᠢᠵᠢᠷᠠᠨ᠎ᠠ᠃ | ︵ᠶᠢᠰᠦ︶ ᠬᠤᠴᠤᠷᠤᠩᠭᠤᠢ ᠰᠤᠷᠤᠬᠴᠢ ᠶᠢᠨ ᠬᠢᠯᠠᠰ ᠴᠡᠭ ᠢ ᠢᠯᠡᠭᠦᠬᠡᠨ ᠣᠯᠵᠤ ᠬᠠᠷᠠᠨ᠂ ᠬᠠᠶᠢᠷ᠎ᠠ ᠶᠢᠨ | ᠬᠤᠷ᠎ᠠ ᠪᠠᠷ ᠲᠡᠳᠡᠨ ᠤ ᠰᠡᠳᠭᠢᠯ ᠢ ᠤᠮᠳᠠᠯᠠᠬᠤ ᠪᠠᠷ ᠬᠥᠮᠦᠵᠢᠭᠦᠯᠬᠦ ᠭᠤᠣᠯ ᠰᠢᠵᠢᠮ ᠪᠤᠯᠭᠠᠬᠤ ᠶᠢ ᠴᠢᠬᠤᠯᠠᠴᠢᠯᠠᠪᠠᠯ | ᠵᠤᠬᠢᠨ᠎ᠠ᠃ ᠬᠠᠶᠠᠭᠠᠨ ᠳᠤ ᠨᠢ ᠬᠠᠶᠠᠬᠤ ᠪᠤᠶᠤ ᠭᠠᠳᠠᠭᠤᠷᠴᠢᠯᠠᠵᠤ ᠣᠭᠲᠤ ᠪᠣᠯᠬᠤ ᠦᠭᠡᠢ᠂ ᠲᠡᠶᠢᠮᠦ ᠪᠢᠰᠢ ᠪᠤᠯ | ᠠᠩᠭᠢ ᠶᠢᠨ ᠬᠤᠴᠤᠷᠤᠩᠭᠤᠢ ᠰᠤᠷᠤᠭᠴᠢ ᠶᠢᠨ ᠲᠤᠭ᠎ᠠ ᠤᠯᠠᠮ ᠠᠷᠪᠢᠨ ᠪᠣᠯᠤᠨ᠎ᠠ᠃ ︽ᠰᠠᠶᠢᠨᠲᠠᠢ ᠮᠠᠭᠤᠲᠠᠢ ᠬᠤᠷᠸ᠎ᠠ᠂ | ᠰᠠᠭᠠᠭ ᠲᠠᠢ ᠪᠤᠳᠠᠭ᠎ᠠ ᠲᠠᠢ ᠣᠨ ᠤ ᠬᠦᠨᠡᠰᠤ︾ ᠭᠡᠳᠡᠭ ᠢᠶᠠᠷ ᠰᠠᠶᠢᠨ ᠮᠠᠭᠤ ᠶᠢᠨ ᠵᠦᠷᠢᠶ᠎ᠠ ᠦᠭᠡᠢ ᠪᠣᠯ ᠨᠡᠶᠢᠭᠡᠮ ᠤᠨ | ᠬᠦᠭᠵᠢᠯᠲᠠ ᠪᠠᠶᠢᠵᠦ ᠴᠢᠳᠠᠬᠤ ᠦᠭᠡᠢ᠃ ᠰᠠᠶᠢᠨ ᠮᠠᠭᠤ ᠶᠢ ᠪᠠᠰᠠ ᠬᠠᠷᠢᠴᠠᠩᠭᠤᠢ ᠪᠠᠷ ᠦᠵᠡᠬᠦ ᠬᠡᠷᠡᠭᠲᠡᠢ᠂ ᠶᠠᠮᠠᠷ | ᠨᠢᠭᠡᠨ ᠠᠵᠢᠯ ᠳᠤ ᠮᠠᠭᠤ ᠪᠣᠯᠪᠠᠴᠤ ᠪᠤᠰᠤᠳ ᠠᠵᠢᠯ ᠳᠤ ᠰᠠᠶᠢᠨ ᠪᠠᠶᠢᠵᠦ ᠮᠡᠳᠡᠨ᠎ᠡ᠂ ︽ᠮᠤᠰᠢᠭᠠᠢ ᠶᠢ ᠵᠠᠰᠠᠵᠤ | ᠠᠰᠬᠠᠨ ᠪᠣᠯᠭᠠᠬᠤ᠂ ᠮᠤᠵᠢᠭᠤ ᠶᠢ ᠵᠠᠰᠠᠵᠤ ᠰᠠᠶᠢᠨ ᠪᠣᠯᠭᠠᠬᠤ︾ ᠪᠤᠯ ᠪᠠᠭᠰᠢ ᠶᠢᠨ ᠤᠷ᠎ᠠ ᠳᠡᠮ ᠪᠣᠯᠤᠨ᠎ᠠ᠃ ᠦᠨᠡᠨ ᠢ | ᠠᠪᠴᠤ ᠬᠡᠯᠡᠪᠠᠯ ᠤᠷᠤᠨ ᠨᠤᠳᠤᠭ ᠤᠨ ᠦᠨᠳᠦᠰᠦᠨ ᠪᠦᠲᠦᠭᠡᠨ ᠪᠠᠶᠢᠭᠤᠯᠤᠯᠲᠠ ᠶᠢᠨ ᠭᠤᠤᠯ ᠬᠦᠴᠦᠨ ᠨᠢ ᠲᠡᠳᠡᠭᠡᠷ | ︽ᠬᠤᠴᠤᠷᠤᠩᠭᠤᠢ︾ ᠪᠤᠯᠬᠤ ᠶᠤᠮ᠃ ᠲᠡᠶᠢᠮᠦ ᠠᠴᠠ ᠲᠡᠳᠡᠭᠡᠷ ︽ᠬᠤᠴᠤᠷᠤᠩᠭᠤᠢ︾ ᠰᠤᠷᠤᠭᠴᠢᠳ ᠤᠨ ᠬᠦᠮᠦᠵᠢᠯ ᠢ | ᠶᠠᠭᠠᠬᠢᠭᠰᠠᠨ ᠴᠦ ᠤᠮᠳᠤᠭᠠᠶᠢᠯᠠᠵᠤ ᠪᠤᠯᠬᠤ ᠦᠭᠡᠢ᠃ ᠮᠢᠨᠦ ᠨᠢᠭᠡ ᠤᠳᠠᠭᠠᠨ ᠤ ᠡᠷᠬᠢᠯᠡᠭᠰᠡᠨ ᠠᠩᠬᠢ ᠳᠤ | ᠰᠤᠷᠭᠠᠭᠤᠯᠢ ᠳᠠᠶᠠᠭᠠᠷ ᠠᠯᠳᠠᠷᠰᠢᠭᠰᠠᠨ ︽ᠲᠦᠢᠳᠭᠡᠷ︾ ᠴᠤᠯᠠ ᠲᠠᠢ ᠨᠢᠭᠡᠨ ᠰᠤᠷᠤᠭᠴᠢ ᠪᠠᠶᠢᠭᠰᠠᠨ ᠶᠤᠮ᠃ ᠨᠢᠭᠡᠨ | ᠡᠳᠦᠷ ᠤᠨ ᠬᠥᠳᠡᠯᠭᠡᠭᠡᠨ ᠤ ᠴᠠᠭ ᠲᠤ ᠮᠠᠨ ᠤ ᠠᠩᠭᠢ ᠶᠢᠨ ︽ᠲᠦᠢᠳᠭᠡᠷ︾ ᠵᠣᠷᠯᠤᠩ ᠵᠦᠭ ᠰᠢᠷᠤᠢ ᠵᠥᠭᠡᠭᠡᠵᠦ | ᠪᠠᠶᠢᠬᠤ ᠶᠢ ᠣᠯᠵᠤ ᠬᠠᠷᠠᠪᠠ᠃ ᠪᠢ ᠲᠡᠭᠡᠭᠡᠳ ᠡᠨᠡ ᠪᠠᠰᠠ ᠯᠠ ᠶᠠᠮᠠᠷ ᠮᠠᠭᠤ ᠬᠡᠷᠡᠭ ᠦᠢᠯᠡᠳᠴᠤ ᠪᠠᠶᠢᠬᠤ ᠪᠤᠯ ᠬᠡᠵᠦ | ᠪᠣᠳᠤᠭᠠᠳ ᠰᠡᠮᠡᠭᠡᠷᠬᠡᠨ ᠵᠤᠷᠯᠦᠩ ᠳᠤ ᠬᠦᠷᠬᠦ ᠳᠤ ᠲᠡᠷᠡ ᠵᠣᠷᠯᠤᠩ ᠤᠨ ᠣᠩᠭᠤᠴᠠ ᠶᠢᠨ ᠬᠠᠵᠠᠭᠤ ᠪᠠᠷ ᠰᠢᠷᠤᠢ | ᠰᠠᠴᠤᠵᠤ ᠪᠠᠶᠢᠬᠤ ᠶᠢ ᠣᠯᠵᠤ ᠬᠠᠷᠠᠪᠠ᠃ ᠲᠡᠷᠡ ᠨᠠᠮᠠᠶᠢ ᠦᠵᠡᠭᠡᠳ ᠰᠣᠴᠢᠰᠬᠢᠵᠦ ᠠᠪᠤᠭᠠᠳ ᠲᠤᠷᠤᠬᠰᠢ ᠬᠠᠷᠠᠨ᠄ | ︽ᠪᠠᠭᠰᠢ ᠡ︕ ᠰᠢᠷᠤᠢ ᠰᠠᠴᠤᠪᠠᠯ ᠬᠠᠮᠳᠤ ᠰᠤᠷᠤᠭᠴᠢᠳ ᠡᠮᠦᠨᠡᠰᠢ ᠤᠶᠢᠷᠠᠳᠤᠨ ᠵᠣᠭᠰᠤᠵᠤ ᠴᠢᠳᠠᠨ᠎ᠠ︾ ᠭᠡᠵᠦ ᠨᠠᠮ | ᠳᠠᠭᠤᠨ ᠢᠶᠠᠷ ᠬᠡᠯᠡᠪᠡ᠃ ᠲᠡᠭᠦᠨ ᠤ ᠦᠭᠡ ᠶᠢ ᠰᠣᠨᠤᠰᠤᠭᠠᠳ ᠪᠢ ᠲᠤᠩ ᠡᠪᠬᠦ᠋ᠢᠷᠭᠡᠵᠦ᠂ ᠪᠣᠳᠤᠭᠰᠠᠨ ᠮᠢᠨᠢ | ᠪᠤᠷᠤᠭᠤ ᠪᠣᠯᠤᠯ᠎ᠠ ᠭᠡᠳᠡᠭ ᠢᠶᠠᠨ ᠮᠡᠳᠡᠯ᠎ᠡ᠃ ᠲᠡᠭᠡᠭᠡᠳ ᠠᠩᠭᠢ ᠶᠢᠨ ᠬᠤᠷᠠᠯ ᠤᠨ ᠴᠠᠭ ᠲᠤ ᠲᠡᠭᠦᠨ ᠤ ᠡᠨᠡ ᠭᠦ ᠦᠮᠡᠬᠡᠢ | ᠪᠤᠵᠠᠷ ᠢ ᠬᠠᠶᠢᠬᠤᠷᠬᠤ ᠦᠭᠡᠢ ᠤᠯᠠᠨ ᠤ ᠲᠥᠯᠦᠭᠡ ᠦᠢᠯᠡᠴᠢᠯᠡᠭᠰᠡᠨ ᠦᠢᠯᠡ ᠠᠵᠢᠯᠯᠠᠭ᠎ᠠ ᠪᠠᠷ ᠲᠤᠰᠬᠠᠢ ᠰᠡᠳᠦᠪ | ᠪᠣᠯᠭᠠᠨ ᠰᠠᠶᠢᠰᠢᠶᠠᠭᠰᠠᠨ ᠳᠤ ︽ᠲᠦᠢᠳᠭᠡᠷ︾ ᠶᠡᠬᠡᠯ᠎ᠡ ᠰᠡᠳᠭᠢᠯ ᠬᠦᠳᠡᠯᠵᠤ᠂ ᠲᠡᠭᠦᠨ ᠤ ᠨᠢᠭᠤᠷ ᠲᠤ ᠢᠨᠢᠶᠡᠮᠰᠦᠭᠯᠡᠯ | ᠢᠯᠡᠷᠡᠵᠦ᠂ ᠶᠠᠭ ᠯᠠ ᠳᠡᠯᠭᠡᠷᠡᠬᠦ ᠴᠡᠴᠡᠭ ᠤᠨ ᠴᠣᠮᠣᠷᠯᠢᠭ ᠮᠡᠳᠤ ᠰᠠᠨᠠᠭᠳᠠᠯ᠎ᠠ᠃ ᠲᠡᠬᠦᠨ ᠠᠴᠠ ᠬᠤᠶᠢᠰᠢ ᠮᠢᠨᠦ | ︽ᠲᠦᠢᠳᠭᠡᠷ︾ ᠮᠠᠨ ᠤ ᠠᠩᠬᠢ ᠶᠢᠨ ᠭᠤᠤᠯᠯᠠᠭᠴᠢ ᠭᠡᠰᠢᠬᠦᠨ ᠤ ᠨᠢᠭᠡ ᠨᠢ ᠪᠤᠯᠤᠭᠰᠠᠨ ᠪᠢᠯᠡ᠃ | ᠬᠤᠶᠠᠷ᠂ ᠠᠩᠭᠢ ᠶᠢᠨ ᠪᠠᠭᠰᠢ ᠪᠤᠯᠤᠬᠰᠡᠳ ᠡᠷᠬᠡᠪᠰᠢ ᠪᠦᠷᠢᠯᠳᠦᠭᠦᠯᠬᠦ ᠴᠢᠬᠤᠯᠠ ᠲᠠᠢ ᠳᠠᠳᠬᠠᠯ ᠤᠨ ᠲᠤᠬᠠᠢ | ᠬᠡᠤᠭᠡᠳ ᠪᠣᠯ ᠨᠢᠭᠡᠨ ᠬᠠᠭᠤᠳᠠᠰᠤ ᠴᠠᠭᠠᠨ ᠴᠠᠭᠠᠰᠤ ᠲᠠᠢ ᠠᠳᠠᠯᠢ ᠶᠤᠮ᠂ ︽ᠬᠥᠬᠡ ᠪᠠᠷ ᠪᠣᠳᠤᠪᠠᠯ ᠬᠥᠬᠡ | ᠪᠣᠯᠴᠢᠬᠠᠨ᠎ᠠ︾᠂ ︽ᠰᠢᠷ᠎ᠠ ᠪᠠᠷ ᠪᠣᠳᠤᠪᠠᠯ ᠰᠢᠷ᠎ᠠ ᠪᠣᠯᠴᠢᠬᠠᠨ᠎ᠠ︾ ᠶᠠᠮᠠᠷ ᠨᠥᠯᠦᠭᠡ ᠶᠢ ᠦᠭᠪᠡᠯ ᠲᠡᠶᠢᠮᠦ ᠦᠷ᠎ᠡ | ᠪᠦᠲᠦᠭᠡᠯ ᠲᠠᠢ ᠪᠣᠯᠳᠠᠭ᠃ ᠤᠯᠠᠩᠬᠢ ᠬᠦᠮᠦᠰ ᠰᠤᠷᠤᠭᠴᠢ ᠶᠢ ᠵᠠᠳᠠᠯᠬᠤ ᠳᠤ ᠪᠠᠨ ︽ᠡᠨᠡ ᠰᠤᠷᠤᠭᠴᠢ ᠬᠡᠨ ᠤ | ᠠᠩᠭᠢ ᠶᠢᠨ ᠰᠤᠷᠤᠭᠴᠢ ᠪᠤᠢ︖︾᠂ ︽ᠪᠠᠰᠠ ᠯᠠ ᠠᠩᠭᠢ ᠶᠢᠨ ᠪᠠᠭᠰᠢ ᠪᠠᠨ ᠳᠠᠭᠤᠷᠢᠶᠠᠴᠢᠬᠠᠭᠰᠠᠨ ᠪᠠᠶᠢᠯᠭᠦᠢ︾ ᠬᠡᠵᠦ | ᠬᠡᠯᠡᠳᠡᠭ᠃ ᠠᠩᠭᠢ ᠶᠢᠨ ᠪᠠᠭᠰᠢ ᠶᠢᠨ ᠦᠭᠡ ᠶᠠᠷᠢᠶ᠎ᠠ᠂ ᠦᠢᠯᠡ ᠬᠦᠳᠡᠯᠤᠯ᠂ ᠵᠠᠩ ᠠᠭᠠᠰᠢ᠂ ᠶᠠᠪᠤᠵᠦ ᠰᠠᠭᠤᠬᠤ ᠨᠢ | ᠰᠢᠭᠤᠳ ᠰᠤᠷᠤᠭᠴᠢ ᠶᠢ ᠨᠥᠯᠦᠭᠡᠯᠡᠵᠦ ᠪᠠᠶᠢᠳᠠᠭ᠃ ᠲᠡᠶᠢᠮᠦ ᠪᠠᠷ ᠢᠶᠠᠨ ᠰᠤᠷᠤᠭᠴᠢᠳ ᠢ ᠰᠠᠶᠢᠨ ᠰᠠᠶᠢᠬᠠᠨ | ᠳᠠᠳᠬᠠᠯ ᠲᠠᠢ ᠪᠣᠯᠭᠠᠶ᠎ᠠ ᠬᠡᠪᠡᠯ ᠠᠩᠭᠢ ᠶᠢᠨ ᠪᠠᠭᠰᠢ ᠵᠠᠪᠠᠯ ᠦᠪᠡᠷᠳᠡᠭᠡᠨ ᠰᠠᠶᠢᠨ ᠰᠠᠶᠢᠬᠠᠨ ᠳᠠᠳᠬᠠᠯ ᠢ | ᠪᠦᠷᠢᠯᠳᠦᠬᠦᠯᠦᠭᠰᠡᠨ ᠪᠠᠶᠢᠬᠤ ᠶᠤᠰᠤᠳᠠᠢ᠃ | ︵ᠨᠢᠭᠡ︶ ᠠᠩᠭᠢ ᠶᠢᠨ ᠪᠠᠭᠰᠢ ᠪᠤᠯᠤᠬᠰᠡᠳ ᠠᠭᠤᠳᠠᠮ ᠪᠠᠭᠲᠠᠭᠠᠮᠵᠢᠳᠤ ᠬᠡᠬᠦᠳᠡᠭ ᠴᠡᠭᠡᠵᠢ᠂ ᠭᠦᠨ ᠵᠤᠵᠠᠭᠠᠨ | ᠬᠠᠶᠢᠷ᠎ᠠ ᠰᠡᠳᠬᠢᠯᠭᠡ ᠶᠢ ᠪᠤᠢ ᠪᠤᠯᠭᠠᠬᠤ ᠬᠡᠷᠡᠭᠲᠡᠢ᠃ ᠰᠤᠷᠤᠭᠴᠢᠳ ᠪᠠᠭᠰᠢ ᠶᠢ ︽ᠲᠦᠪᠡᠭ ᠪᠡᠷᠬᠡᠰᠢᠶᠡᠯ︾ ᠢᠶᠠᠷ | ︽ᠰᠢᠯᠭᠠᠨ ᠳᠡᠩᠰᠡᠵᠤ︾ ᠪᠠᠶᠢᠳᠠᠭ᠃ ᠡᠨᠡ ᠦᠶᠡᠰ ᠪᠠᠭᠰᠢ ᠳᠤᠷ᠎ᠠ ᠦᠭᠡᠶᠢᠴᠡᠬᠦ ᠪᠣᠳᠤᠯ ᠡᠭᠦᠰᠦᠭᠰᠡᠨ ᠤ ᠬᠡᠷᠡᠭ | ᠦᠭᠡᠢ᠃ ᠰᠤᠷᠤᠭᠴᠢ ᠶᠢᠨ ᠴᠢᠮ᠎ᠠ ᠳᠤ ᠴᠢᠭᠯᠡᠭᠦᠯᠦᠭᠰᠡᠨ ᠲᠤᠰᠬᠠᠢ ᠲᠤᠭᠯᠠᠭᠠᠮ ᠳᠤ ᠠᠭᠤᠷᠯᠠᠨ ᠪᠠᠴᠢᠮᠳᠠᠬᠤ ᠦᠭᠡᠢ᠂ | ᠨᠡᠩ ᠴᠤ ᠥᠰᠢᠶ᠎ᠡ ᠪᠣᠳᠤᠵᠤ ᠶᠠᠭᠠᠬᠢᠭᠰᠠᠨ ᠴᠦ ᠪᠣᠯᠬᠤ ᠦᠭᠡᠢ᠃ ᠬᠠᠷᠢᠨ ᠠᠰᠠᠭᠤᠳᠠᠯ ᠢ ᠰᠢᠢᠳᠪᠦᠷᠢᠯᠡᠬᠦ | ᠴᠢᠳᠠᠮᠠᠭᠠᠢ ᠠᠷᠭ᠎ᠠ ᠶᠢ ᠰᠦᠪᠡᠭᠴᠢᠯᠡᠬᠦ ᠴᠢᠬᠤᠯᠠ ᠲᠠᠢ᠃ ᠨᠢᠭᠡᠨ ᠤᠳᠠᠭ᠎ᠠ ᠪᠢ ᠠᠩᠭᠢ ᠶᠢᠨ ᠬᠤᠷᠠᠯ ᠬᠢᠭᠦ ᠭᠡᠵᠦ | ᠠᠩᠭᠢ ᠳᠤ ᠣᠷᠤᠬᠤ ᠳᠤ ᠰᠠᠮᠪᠠᠷ᠎ᠠ ᠳᠡᠭᠡᠷ᠎ᠡ ᠦᠩᠭᠡᠳᠤ ᠪᠢᠷ ᠢᠶᠠᠷ ᠠᠭᠤᠷᠯᠠᠨ ᠵᠠᠩᠨᠠᠵᠦ ᠪᠠᠶᠢᠭ᠎ᠠ ᠪᠠᠶᠢᠳᠠᠯ ᠲᠠᠢ | ᠬᠥᠮᠦᠨ ᠢ ᠶᠡᠭᠡ ᠲᠦᠷᠰᠦᠯᠢᠭ ᠢᠶᠠᠷ ᠵᠢᠷᠤᠭᠰᠠᠨ ᠪᠠᠶᠢᠪᠠ᠃ ᠦᠨᠡᠨ ᠳᠤ ᠪᠠᠨ ᠪᠢ ᠡᠨᠡ ᠬᠤᠷᠠᠯ ᠳᠤ ᠠᠭᠤᠷᠯᠠᠵᠦ | ᠵᠠᠩᠨᠠᠬᠤ ᠭᠡᠵᠦ ᠣᠷᠤᠵᠤ ᠢᠷᠡᠭᠰᠡᠨ ᠶᠤᠮ᠃ ᠡᠭᠦᠨ ᠢ ᠦᠵᠡᠭᠡᠳ ᠪᠢ ᠪᠣᠳᠤᠯ ᠢᠶᠠᠨ ᠥᠭᠡᠷᠡᠴᠢᠯᠡᠵᠦ᠂ | ᠢᠨᠢᠶᠡᠮᠰᠦᠭᠯᠡᠯ ᠤᠨ ᠴᠢᠷᠠᠢ ᠭᠠᠷᠭᠠᠨ ︽ᠬᠠᠷᠢᠶᠠᠴᠢ ᠶᠢᠨ ᠦᠯᠢᠭᠡᠷ︾ ︵ᠨᠠᠩᠭᠤᠸᠠ ᠶᠢᠨ ᠦᠷ᠎ᠡ ᠵᠠᠭᠤᠵᠤ ᠢᠷᠡᠨ | ᠪᠤᠰᠤᠳ ᠢ ᠲᠤᠰᠠᠯᠠᠭᠰᠠᠨ︶ ᠢ ᠰᠤᠷᠤᠭᠴᠢᠳ ᠲᠤ ᠶᠠᠷᠢᠵᠤ ᠥᠭᠴᠡᠢ᠃ ᠰᠤᠷᠤᠭᠴᠢᠳ ᠮᠢᠨᠦ ᠶᠠᠷᠢᠭᠰᠠᠨ ᠦᠯᠢᠭᠡᠷ ᠢ | ᠲᠤᠩ ᠠᠮᠳᠠᠷᠬᠠᠨ ᠰᠤᠨᠤᠰᠴᠤ᠂ ᠠᠭᠤᠷᠯᠠᠨ ᠵᠠᠩᠨᠠᠭᠰᠠᠨ ᠦᠭᠡᠢ ᠳᠤ ᠳᠡᠳᠡᠨᠠᠷ ᠶᠡᠭᠡᠳᠡ ᠭᠠᠶᠢᠬᠠᠰᠢ ᠲᠦᠷᠦᠭᠰᠡᠨ | ᠪᠠᠶᠢᠳᠠᠯ ᠲᠠᠢ ᠪᠠᠶᠢᠪᠠ᠃ ᠪᠢ ᠳᠡᠳᠡᠨᠠᠷ ᠤᠨ ᠵᠢᠷᠤᠭ ᠵᠢᠷᠤᠭᠰᠠᠨ ᠢ ᠤᠯᠵᠦ ᠬᠠᠷᠠᠭᠰᠠᠨ ᠦᠭᠡᠢ ᠮᠡᠳᠦ᠂ ᠠᠩᠬᠢ ᠳᠤ | ᠶᠠᠮᠠᠷᠴᠦ ᠰᠠᠬᠢᠯᠭ᠎ᠠ ᠪᠠᠳᠦ ᠶᠢᠨ ᠤᠴᠢᠷ ᠡᠬᠦᠰᠦᠭᠰᠡᠨ ᠦᠭᠡᠢ ᠰᠢᠭ ᠯᠡ ᠪᠤᠯᠵᠦ ᠦᠩᠭᠡᠷᠡᠭᠡᠭᠡᠳ ᠰᠡᠮᠡᠭᠡᠷ | ᠠᠵᠢᠭᠯᠠᠯᠳᠠ ᠬᠢᠵᠦ ᠦᠵᠡᠯ᠎ᠡ᠃ ᠠᠩᠭᠢ ᠶᠢᠨ ᠬᠤᠷᠠᠯ ᠤᠨ ᠳᠠᠷᠠᠭ᠎ᠠ ᠮᠠᠨ ᠤ ᠠᠩᠬᠢ ᠳᠤ ᠡᠬᠦᠰᠦᠭᠰᠡᠨ ᠰᠠᠬᠢᠯᠭ᠎ᠠ | ᠪᠠᠳᠤ ᠶᠢᠨ ᠤᠴᠢᠷ ᠤᠳ ᠢ ᠠᠩᠭᠢ ᠶᠢᠨ ᠺᠠᠳ᠋ᠷ ᠤᠳ ᠰᠢᠢᠳᠪᠦᠷᠢᠯᠡᠴᠢᠭᠡᠭᠰᠡᠨ ᠪᠠᠶᠢᠯ᠎ᠠ᠃ | ︵ᠬᠤᠶᠠᠷ︶ ᠴᠢᠳᠠᠮᠠᠭᠠᠢ ᠠᠵᠢᠭᠯᠠᠬᠤ᠂ ᠬᠤᠷᠴᠠ ᠰᠡᠷᠭᠡᠭ ᠢᠶᠠᠷ ᠠᠰᠠᠭᠤᠳᠠᠯ ᠢ ᠢᠯᠡᠷᠡᠭᠦᠯᠵᠦ᠂ ︽ᠦᠶᠡᠷ | ᠢᠷᠡᠬᠦ ᠠᠴᠠ ᠡᠮᠦᠨ᠎ᠡ ᠬᠠᠰᠢᠯᠭ᠎ᠠ ᠶᠢ ᠲᠠᠯᠪᠢᠬᠤ︾ ᠳᠠᠳᠬᠠᠯ ᠲᠠᠢ ᠪᠠᠶᠢᠬᠤ ᠬᠡᠷᠡᠭᠲᠠᠢ᠃ ᠰᠤᠷᠭᠠᠨ ᠬᠥᠮᠦᠵᠢᠭᠦᠯᠬᠦ | ᠠᠰᠢᠭᠲᠠᠢ ᠲᠣᠬᠢᠶᠠᠯ ᠢ ᠠᠯᠳᠠᠵᠤ᠂ ᠪᠤᠷᠤᠭᠤ ᠦᠵᠡᠯ ᠰᠠᠨᠠᠭ᠎ᠠ ᠨᠢ ᠰᠤᠷᠤᠭᠴᠢᠳ ᠤᠨ ᠣᠶᠤᠨ ᠰᠠᠨᠠᠭ᠎ᠠ ᠶᠢ ᠨᠢᠭᠡᠨᠲᠡ | ᠡᠵᠡᠯᠡᠭᠰᠡᠨ ᠦᠶ᠎ᠡ ᠳᠤ ᠬᠦᠷᠴᠢᠬᠡᠪᠡᠯ ᠬᠡᠴᠢᠨᠡᠨ ᠶᠡᠭᠡ ᠬᠦᠴᠦᠨ ᠵᠠᠷᠤᠴᠠᠭᠤᠯᠤᠭᠰᠠᠨ ᠴᠤ ᠨᠦᠬᠦᠪᠦᠷᠢᠯᠡᠬᠦᠶᠡ ᠪᠡᠷᠬᠡ | ᠪᠤᠯᠤᠨ᠎ᠠ᠃ ᠮᠢᠨᠦ ᠠᠩᠬᠢ ᠶᠢᠨ ᠨᠢᠭᠡᠨ ᠰᠤᠷᠤᠭᠴᠢ ᠲᠠᠪᠤᠨ ᠰᠠᠷ᠎ᠠ ᠶᠢᠨ ᠠᠮᠠᠷᠠᠯᠲᠠ ᠶᠢᠨ ᠴᠢᠯᠦᠭᠡ ᠪᠠᠷ ᠭᠡᠷ ᠤᠨ ᠢᠶᠠᠨ | ᠨᠢᠭᠡ ᠤᠭᠤᠲᠠ ᠨᠤᠤᠰᠤ ᠶᠢ ᠠᠪᠤ ᠡᠵᠢ ᠠᠴᠠ ᠪᠠᠨ ᠨᠢᠭᠤᠵᠤ ᠠᠪᠴᠢᠷᠠᠨ ᠬᠤᠳᠠᠯᠳᠤᠭᠰᠠᠨ ᠤᠴᠢᠷ ᠢ ᠡᠵᠢ ᠨᠢ | ᠨᠠᠳᠠ ᠳᠤ ᠮᠡᠳᠡᠭᠳᠡᠭᠰᠡᠨ ᠪᠠᠶᠢᠨ᠎ᠠ᠃ ᠡᠭᠦᠨ ᠢ ᠪᠢ ᠲᠡᠶᠢᠮᠦ ᠶᠡᠭᠡ ᠤᠴᠢᠷ ᠪᠣᠯᠭᠠᠭᠰᠠᠨ ᠦᠭᠡᠢ᠃ ᠲᠡᠬᠦᠨ ᠠᠴᠠ | ᠬᠤᠶᠢᠰᠢ ᠲᠤᠰ ᠰᠤᠷᠤᠭᠴᠢ ᠠᠩᠭᠢ ᠶᠢᠨ ᠨᠦᠬᠦᠳ ᠤᠨ ᠢᠶᠠᠨ ᠪᠢᠷ ᠴᠠᠭᠠᠰᠤ ᠶᠢ ᠡᠵᠡᠨ ᠳᠤ ᠨᠢ ᠬᠡᠯᠡᠬᠦ ᠦᠭᠡᠢ ᠪᠠᠷ | ᠰᠢᠭᠤᠳ ᠠᠪᠴᠤ ᠬᠡᠷᠡᠭᠯᠡᠭᠰᠡᠨ ᠤᠴᠢᠷ ᠢ ᠰᠤᠨᠤᠰᠤᠭᠰᠠᠨ ᠴᠦ ᠶᠡᠭᠡ ᠶᠠᠪᠤᠳᠠᠯ ᠪᠣᠯᠭᠠᠭᠰᠠᠨ ᠦᠭᠡᠢ ᠦᠡᠭᠭᠡᠷᠡᠭᠦᠯᠪᠡ᠃ | ᠵᠥᠪᠬᠡᠨ ᠨᠠᠭᠠᠳᠤᠮ ᠱᠤᠭ ᠰᠢᠬ ᠪᠤᠯᠭᠠᠭᠠᠳ ᠤᠷᠬᠢᠪᠠ᠃ ᠨᠢᠭᠡᠨ ᠡᠳᠦᠷ ︽ᠲᠠᠨ ᠤ ᠠᠩᠭᠢ ᠶᠢᠨ × × ᠭᠡᠰᠡᠨ | ᠰᠤᠷᠤᠭᠴᠢ ᠪᠤᠰᠤᠳ ᠤᠨ ᠮᠤᠲ᠋ᠤᠷ ᠢ ᠬᠤᠯᠠᠭᠠᠶᠢᠯᠠᠭᠰᠠᠨ ᠪᠠᠶᠢᠨ᠎ᠠ᠂ ᠲᠠᠨ ᠠᠴᠠ ᠪᠠᠶᠢᠳᠠᠯ ᠢ ᠤᠶᠢᠯᠠᠭᠠᠬᠤ | ᠰᠠᠨᠠᠭ᠎ᠠ ᠲᠠᠢ᠃ ᠳᠤᠳᠤᠭᠠᠳᠤ ᠶᠢ ᠬᠠᠮᠠᠭᠠᠯᠠᠬᠤ ᠲᠣᠮᠢᠯᠠᠭᠰᠠᠨ ᠰᠠᠯᠪᠤᠷᠢ ᠳᠤ ᠢᠷᠡᠬᠦ ᠶᠢ ᠬᠦᠰᠡᠵᠦ ᠪᠠᠶᠢᠨ᠎ᠠ︾ ᠬᠡᠰᠡᠨ | ᠤᠳᠠᠰᠤ ᠶᠢ ᠲᠤᠰᠤᠯ᠎ᠠ᠃ ᠤᠶᠢᠯᠠᠭᠠᠭᠰᠠᠨ ᠢᠶᠠᠷ ᠲᠤᠰ ᠰᠤᠷᠤᠭᠴᠢ ᠨᠢᠭᠡ ᠬᠤᠭᠤᠴᠠᠭ᠎ᠠ ᠬᠤᠶᠠᠷ ᠮᠤᠲ᠋ᠤᠷ | ᠬᠤᠯᠠᠭᠠᠶᠢᠯᠠᠵᠦ ᠬᠤᠳᠠᠯᠳᠤᠭᠰᠠᠨ ᠪᠠᠶᠢᠵᠠᠢ᠃ | ᠡᠨᠡ ᠮᠡᠳᠤ ᠶᠢᠨ ᠬᠡᠤᠬᠡᠳ ᠤᠨ ᠮᠠᠭᠤ ᠦᠢᠯᠡ ᠠᠵᠢᠯᠯᠠᠭ᠎ᠠ ᠶᠢ ᠵᠠᠯᠠᠷᠠᠭᠤᠯᠬᠤ ᠳᠤ ᠡᠷᠭᠡᠪᠰᠢ ᠤᠨᠤᠪᠴᠢᠳᠠᠢ | ᠮᠠᠭᠠᠳᠯᠠᠵᠦ᠂ ᠬᠢᠴᠢᠶᠡᠮᠵᠢᠳᠠᠢ ᠪᠠᠶᠢᠵᠦ᠂ ᠴᠠᠭ ᠢ ᠠᠮᠵᠢᠬᠤ ᠮᠦᠷᠳᠡᠭᠡᠨ ᠠᠷᠭ᠎ᠠ ᠨᠢ ᠡᠷᠬᠡᠪᠰᠢ ᠲᠣᠬᠢᠷᠠᠮᠵᠢᠳᠠᠢ ᠪᠠᠶᠢᠬᠤ | ᠬᠡᠷᠡᠭᠲᠠᠢ᠃ ᠤᠯᠠᠨ ᠤ ᠡᠮᠦᠨ᠎ᠡ ᠨᠢᠭᠤᠷ ᠢ ᠨᠢ ᠪᠠᠷᠠᠳᠠᠯ᠎ᠠ ᠵᠢᠮᠡᠯᠡᠵᠦ᠂ ᠬᠡᠤᠭᠡᠳ ᠤᠨ ᠥᠪᠡᠷ ᠢ ᠪᠠᠨ ᠬᠦᠨᠳᠦᠳᠭᠡᠬᠦ | ᠰᠡᠳᠭᠢᠯᠭᠡ ᠶᠢ ᠨᠢ ᠬᠦᠨᠳᠡᠬᠦ ᠦᠭᠡᠢ ᠪᠠᠶᠢᠬᠤ ᠶᠢ ᠠᠩᠬᠠᠷᠤᠨ᠎ᠠ᠃ ︽ᠢᠴᠢᠭᠰᠡᠨ ᠬᠥᠮᠦᠨ ᠬᠦᠮᠦᠨ ᠠᠯᠠᠳᠠᠭ︾ | ᠬᠡᠳᠡᠭ ᠰᠡᠴᠡᠨ ᠦᠭᠡ ᠪᠠᠶᠢᠳᠠᠭ ᠢ ᠰᠠᠨᠠᠵᠦ᠂ ᠬᠡᠤᠬᠡᠳ ᠢ ᠬᠠᠯᠠᠮᠵᠢᠯᠠᠵᠤ ᠬᠠᠮᠠᠭᠠᠯᠠᠬᠤ ᠰᠡᠳᠬᠢᠯᠭᠡ ᠪᠠᠷ ᠲᠡᠳᠡᠨ ᠳᠤ | ᠤᠴᠢᠷ ᠶᠣᠰᠤ ᠶᠢ ᠲᠣᠳᠤᠷᠬᠠᠢ ᠬᠡᠯᠡᠵᠤ ᠦᠭᠴᠤ᠂ ᠵᠥᠪ ᠪᠤᠷᠤᠭᠤ ᠶᠢ ᠢᠯᠭᠠᠨ ᠲᠠᠨᠢᠬᠤ ᠴᠢᠳᠠᠪᠦᠷᠢ ᠶᠢ ᠨᠢ | ᠭᠦᠮᠦᠵᠢᠭᠦᠯᠭᠦ ᠬᠡᠷᠡᠭᠲᠠᠢ᠃ ᠤᠤᠯ ᠤᠨ ᠵᠥᠪᠯᠡᠯᠲᠦ ᠬᠤᠯᠪᠤᠭᠠᠳᠦ ᠤᠯᠤᠰ ᠤᠨ ᠰᠤᠷᠭᠠᠨ ᠬᠦᠮᠦᠵᠢᠯ ᠤᠨ ᠤᠬᠠᠭᠠᠨᠳᠠᠨ | ᠰᠦᠬᠤᠮᠯᠢᠨ᠋ᠰᠺᠢ᠄ ︽ᠬᠡᠤᠬᠡᠳ ᠤᠨ ᠬᠠᠮᠳᠤ ᠰᠤᠷᠤᠭᠴᠢ ᠶᠢᠨ ᠢᠶᠠᠨ ᠭᠤᠶᠤ ᠰᠠᠶᠢᠬᠠᠨ ᠪᠢᠷ ᠤᠨ ᠬᠠᠶᠢᠷᠴᠠᠭ ᠠᠴᠠ | ᠦᠩᠭᠡᠳᠤ ᠬᠠᠷᠠᠨᠳᠠ ᠶᠢ ᠨᠢ ᠠᠪᠴᠤ ᠭᠠᠷᠭᠠᠭᠠᠳ᠂ ᠨᠢᠭᠡ ᠵᠡᠷᠭᠡ ᠤᠷᠤᠯᠳᠤᠵᠤ ᠦᠵᠡᠭᠰᠡᠨ ᠤ ᠳᠠᠷᠠᠭ᠎ᠠ ᠰᠡᠪ ᠰᠡᠮᠡᠭᠡᠷ | ᠥᠪᠡᠷ ᠤᠨ ᠬᠠᠷᠮᠠᠨ ᠳᠤ ᠪᠠᠨ ᠴᠢᠬᠢᠭᠰᠡᠨ ᠢ ᠣᠯᠵᠤ ᠦᠵᠡᠭᠰᠡᠨ ᠴᠤ ᠭᠠᠶᠢᠬᠠᠭᠰᠠᠨ ᠤ ᠬᠡᠷᠡᠭ ᠠᠯᠠᠭ᠎ᠠ — ᠡᠨᠡ | ᠪᠣᠯ ᠬᠤᠯᠠᠭᠠᠶᠢᠯᠠᠭᠰᠠᠨ ᠬᠡᠷᠡᠭ ᠪᠢᠰᠢ ᠁︾ ᠭᠡᠵᠦ ᠬᠡᠯᠡᠭᠰᠡᠨ ᠪᠠᠶᠢᠳᠠᠭ᠃ | ︵ᠭᠤᠷᠪᠠ︶ ᠠᠭᠤᠷ ᠬᠢᠯᠢᠩ ᠢᠶᠠᠨ ᠲᠡᠪᠴᠢᠵᠦ ᠴᠢᠳᠠᠬᠤ ᠳᠠᠳᠬᠠᠯ ᠲᠠᠢ ᠪᠠᠶᠢᠬᠤ ᠬᠡᠷᠡᠭᠲᠠᠢ᠃ ᠰᠡᠳᠬᠢᠯ | ᠰᠠᠨᠠᠭᠠᠨ ᠤ ᠬᠦᠭᠰᠡᠯᠳᠡ᠂ ᠳᠥᠭᠦᠮ ᠪᠦᠳᠦᠭᠦᠯᠢᠭ ᠰᠢᠢᠳᠪᠦᠷᠢᠯᠡᠯᠲᠡ᠂ ᠰᠤᠷᠤᠭᠴᠢ ᠶᠢᠨ ᠰᠡᠳᠬᠢᠯ ᠢ ᠬᠦᠨᠳᠡᠭᠰᠡᠨ | ᠦᠭᠡ ᠶᠠᠷᠢᠶ᠎ᠠ᠂ ᠦᠢᠯᠡ ᠬᠦᠳᠡᠯᠤᠯ ᠨᠢ ᠶᠡᠷᠤ ᠨᠢ ᠰᠤᠷᠭᠠᠨ ᠬᠥᠮᠦᠵᠢᠯ ᠤᠨ ᠠᠵᠢᠯ ᠳᠤ ᠨᠦᠬᠦᠪᠦᠷᠢᠯᠡᠬᠦᠶᠡ ᠪᠡᠷᠬᠡ | ᠠᠯᠳᠠᠭᠳᠠᠯ ᠢ ᠠᠪᠴᠢᠷᠠᠬᠤ ᠮᠥᠷᠲᠡᠭᠡᠨ ᠰᠤᠷᠤᠭᠴᠢ ᠶᠢᠨ ᠨᠢᠭᠡ ᠨᠠᠰᠤᠨ ᠤ ᠬᠥᠭᠵᠢᠯᠲᠡ ᠶᠢ ᠨᠥᠯᠦᠭᠡᠯᠡᠳᠡᠭ᠃ ᠤᠴᠢᠷ | ᠶᠠᠪᠤᠳᠠᠯ ᠲᠣᠬᠢᠶᠠᠯᠳᠤᠬᠤ ᠦᠶᠡᠰ ᠶᠠᠭᠤᠨ ᠤ ᠡᠮᠦᠨ᠎ᠡ ᠰᠡᠳᠭᠢᠯ ᠢᠶᠠᠨ ᠨᠠᠮᠵᠢᠭᠤᠨ ᠪᠣᠯᠭᠠᠨ᠎ᠠ᠂ ᠳᠠᠷᠠᠭ᠎ᠠ ᠨᠢ᠂ ᠠᠩᠭᠢ | ᠶᠢᠨ ᠶᠡᠷᠦᠩᠭᠡᠢ ᠪᠠᠶᠢᠳᠠᠯ᠂ ᠰᠤᠷᠤᠭᠴᠢᠳ ᠤᠨ ᠪᠠᠶᠢᠳᠠᠯ ᠵᠢᠴᠢ ᠡᠭᠦᠰᠦᠭᠰᠡᠨ ᠬᠡᠷᠡᠭ ᠶᠠᠪᠤᠳᠠᠯ ᠳᠤ ᠵᠠᠳᠠᠯᠤᠯᠲᠠ ᠬᠢᠨ᠎ᠡ᠂ | ᠲᠠᠬᠢᠭᠠᠳ ᠰᠢᠢᠳᠪᠦᠷᠢᠯᠡᠬᠦ ᠠᠷᠭ᠎ᠠ ᠪᠠᠷᠢᠯ ᠢᠶᠠᠨ ᠲᠣᠭᠲᠠᠭᠠᠨ᠎ᠠ᠃ ᠣᠯᠠᠩᠬᠢ ᠪᠠᠭᠰᠢ ᠰᠡᠩᠬᠡᠷᠡᠭᠦᠯᠬᠦ ᠠᠷᠭ᠎ᠠ ᠶᠢ ᠠᠪᠬᠤ | ᠲᠤᠷᠠᠲᠠᠢ ᠪᠠᠶᠢᠳᠠᠭ᠃ ᠰᠤᠷᠤᠭᠴᠢ ᠶᠢ ᠰᠡᠩᠬᠡᠷᠡᠬᠦᠯᠬᠦ ᠰᠤᠷᠭᠠᠨ ᠬᠥᠮᠦᠵᠢᠯ ᠤᠨ ᠠᠷᠭ᠎ᠠ ᠮᠠᠶ᠋ᠢᠬ ᠢ ᠠᠮᠵᠢᠯᠲᠠ ᠲᠠᠢ | ᠪᠣᠯᠭᠠᠶ᠎ᠠ ᠭᠡᠪᠡᠯ᠂ ᠵᠠᠩᠬᠢᠯᠠᠭ᠎ᠠ ᠨᠢ ᠪᠠᠭᠰᠢ ᠠᠴᠠ ᠰᠤᠷᠤᠭᠴᠢ ᠳᠤ ᠬᠠᠮᠤᠭ ᠤᠨ ᠭᠦᠢᠴᠠᠳ ᠢᠲᠡᠭᠡᠯ ᠬᠦᠨᠳᠤᠳᠬᠡᠯ ᠢ | ᠣᠯᠭᠤᠬᠤ ᠬᠡᠷᠡᠭᠲᠠᠢ᠃ ᠡᠨᠡ ᠪᠣᠯ ᠰᠤᠷᠤᠭᠴᠢᠳ ᠤᠨ ᠥᠪᠡᠷ ᠢ ᠪᠠᠨ ᠬᠦᠨᠳᠤᠳᠬᠡᠬᠦ ᠪᠠ ᠢᠲᠡᠪᠬᠢᠲᠠᠢ ᠪᠠᠷ ᠥᠭᠡᠳᠡᠯᠡᠨ | ᠳᠠᠪᠰᠢᠬᠤ ᠶᠢᠨ ᠦᠨᠳᠦᠰᠦᠨ ᠪᠠᠳᠤᠯᠠᠭ᠎ᠠ ᠪᠣᠯᠬᠤ ᠶᠤᠮ᠃ ᠭᠠᠭᠴᠠ ᠬᠦ ᠢᠩᠭᠢᠪᠡᠯ ᠰᠠᠶ᠋ᠢ ᠰᠤᠷᠤᠭᠴᠢᠳ ᠲᠤ | ᠠᠯᠳᠠᠭ᠎ᠠ ᠲᠤᠳᠠᠭᠳᠠᠯ ᠢᠶᠠᠨ ᠬᠠᠯᠠᠨ ᠵᠠᠰᠠᠬᠤ ᠬᠦᠴᠦᠨ ᠵᠣᠷᠢᠭ ᠢ ᠤᠯᠭᠤᠵᠦ ᠴᠢᠳᠠᠨ᠎ᠠ᠃ ᠪᠠᠭᠰᠢ ᠰᠤᠷᠤᠭᠴᠢᠳ ᠢ | ᠵᠤᠳᠤᠵᠦ ᠬᠠᠷᠢᠶᠠᠵᠤ ᠪᠣᠯᠬᠤ ᠦᠭᠡᠢ᠂ ᠰᠤᠷᠤᠭᠴᠢᠳ ᠲᠤ ᠭᠠᠷ ᠬᠥᠳᠡᠯᠬᠦ ᠪᠣᠯ ᠪᠠᠭᠰᠢ ᠶᠢᠨ ᠴᠢᠳᠠᠪᠦᠷᠢ ᠦᠭᠡᠢ ᠶᠢᠨ | ᠨᠢᠭᠡ ᠵᠦᠢᠯ ᠤᠨ ᠢᠯᠡᠷᠡᠯ ᠮᠥᠨ᠃ ᠰᠤᠷᠤᠭᠴᠢ ᠶᠢ ᠰᠢᠭᠦᠮᠵᠢᠯᠡᠬᠦ ᠳᠤ ᠪᠠᠨ ᠲᠥᠪ ᠴᠢᠩᠭ᠎ᠠ ᠪᠥᠭᠡᠳ | ᠵᠣᠷᠢᠬᠵᠢᠭᠤᠯᠤᠯ ᠲᠠᠢ ᠤᠶᠠᠯᠳᠤᠭᠤᠯᠪᠠᠯ ᠵᠤᠬᠢᠨ᠎ᠡ᠃ ᠬᠠᠷᠢᠨ ᠨᠠᠭᠠᠳᠤᠮ ᠱᠤᠭ ᠭᠠᠷᠭᠠᠵᠤ᠂ ᠶᠥᠭᠡᠳᠡᠵᠦ ᠬᠡᠯᠡᠬᠦ ᠠᠴᠠ | ᠵᠠᠶᠢᠯᠠᠰᠬᠢᠬᠤ ᠴᠢᠬᠤᠯᠠ ᠲᠠᠢ᠃ ᠰᠤᠷᠭᠠᠨ ᠬᠥᠮᠦᠵᠢᠯ ᠤᠨ ᠡᠷᠳᠡᠮᠲᠡᠨ ᠰᠦᠬᠤᠮᠯᠢᠨ᠋ᠰᠺᠢ᠄ ︽ᠵᠠᠷᠢᠮ ᠦᠶ᠎ᠡ ᠳᠤ | ᠠᠭᠤᠴᠢᠯᠠᠯ ᠠᠴᠠ ᠪᠤᠯᠤᠬᠰᠡᠨ ᠶᠣᠰᠤ ᠮᠤᠷᠠᠯ ᠤᠨ ᠳᠤᠩᠰᠤᠯᠳᠡ ᠨᠢ ᠶᠠᠯᠠᠯᠠᠨ ᠰᠢᠢᠳᠭᠡᠬᠦ ᠠᠴᠠ ᠨᠡᠩ ᠴᠢᠩᠭ᠎ᠠ | ᠰᠢᠷᠦᠭᠦᠨ ᠶᠤᠮ︾ ᠭᠡᠵᠠᠢ᠃ | ︵ᠳᠥᠷᠪᠡ︶ ᠠᠩᠬᠢ ᠶᠢᠨ ᠪᠠᠭᠰᠢ ᠪᠤᠯᠤᠭᠰᠠᠳ ᠰᠤᠷᠤᠭᠴᠢ ᠲᠠᠢ ᠪᠠᠨ ᠶᠠᠷᠢᠯᠴᠠᠨ ᠤᠶᠢᠯᠠᠭᠠᠯᠴᠠᠬᠤ | ᠳᠠᠳᠬᠠᠯ ᠲᠠᠢ ᠪᠠᠶᠢᠬᠤ ᠬᠡᠷᠡᠭᠳᠠᠢ᠃ ᠤᠯᠠᠩᠬᠢ ᠪᠠᠭᠰᠢ ᠨᠠᠷ ᠰᠤᠷᠤᠬᠴᠢ ᠳᠤ ᠦᠵᠡᠯ ᠰᠠᠨᠠᠭᠠᠨ ᠤ ᠬᠦᠮᠦᠵᠢᠯ | ᠬᠢᠬᠦ ᠳᠤ ᠪᠠᠨ ᠶᠠᠷᠦᠨᠢ ᠰᠢᠬᠦᠮᠵᠢᠯᠡᠬᠦ ᠪᠠ ᠶᠠᠷᠢᠯᠴᠠᠬᠤ ᠶᠢ ᠤᠶᠠᠯᠳᠤᠭᠤᠯᠬᠤ ᠠᠷᠭ᠎ᠠ ᠶᠢ ᠠᠪᠳᠠᠭ᠃ ᠰᠢᠭᠦᠮᠵᠢᠯᠡᠬᠦ ᠪᠠ | ᠰᠤᠷᠤᠭᠴᠢ ᠲᠠᠢ ᠶᠠᠷᠢᠯᠴᠠᠬᠤ ᠦᠶ᠎ᠡ ᠳᠤ ᠴᠠᠭ ᠲᠤᠬᠢᠶᠠᠯ᠂ ᠤᠷᠤᠨ ᠵᠠᠢ᠂ ᠤᠴᠢᠷ ᠶᠠᠪᠤᠳᠠᠯ ᠵᠢᠴᠢ ᠵᠠᠩ ᠠᠭᠠᠯᠢ ᠵᠡᠷᠭᠡ | ᠲᠠᠯ᠎ᠠ ᠪᠠᠷ ᠨᠠᠷᠢᠯᠢᠬ ᠡᠵᠡᠮᠰᠢᠭᠰᠡᠨ ᠪᠠᠶᠢᠬᠤ ᠴᠢᠬᠤᠯᠠ ᠲᠠᠢ᠃ ᠰᠢᠭᠦᠮᠵᠢᠯᠡᠯ ᠪᠣᠯ ᠰᠤᠷᠭᠠᠵᠤ ᠬᠥᠮᠦᠵᠢᠭᠦᠯᠬᠦ ᠶᠢᠨ | ᠴᠢᠬᠤᠯᠠ ᠨᠢᠭᠡ ᠵᠦᠢᠯ ᠤᠨ ᠠᠷᠭ᠎ᠠ ᠮᠥᠨ᠃ ᠵᠠᠩ ᠠᠭᠠᠯᠢ ᠳᠤ ᠨᠢ ᠲᠤᠬᠢᠷᠠᠭᠤᠯᠤᠨ ᠴᠠᠭ ᠪᠠ ᠤᠷᠤᠨ ᠪᠠᠶᠢᠷᠢ ᠶᠢ | ᠵᠦᠪ ᠰᠤᠩᠭᠤᠵᠦ᠂ ᠤᠴᠢᠷ ᠶᠠᠪᠤᠳᠠᠯ ᠤᠨ ᠬᠦᠨᠳᠦ ᠬᠦᠩᠭᠡᠨ ᠳᠤ ᠨᠢ ᠵᠤᠬᠢᠴᠠᠭᠤᠯᠤᠭᠰᠠᠨ ᠵᠥᠪ ᠰᠢᠭᠦᠮᠵᠢᠯᠡᠯ ᠪᠣᠯ | ᠰᠤᠷᠤᠭᠴᠢ ᠶᠢ ᠬᠠᠪᠰᠤᠷᠴᠤ ᠳᠤᠲᠠᠭᠳᠠᠯ ᠢ ᠨᠢ ᠵᠠᠯᠠᠷᠠᠭᠤᠯᠵᠦ ᠴᠢᠳᠠᠨ᠎ᠠ᠃ ᠬᠡᠷᠪᠡ ᠴᠠᠭ ᠲᠤᠬᠢᠶᠠᠯ ᠨᠢ ᠵᠤᠬᠢᠴᠠᠬᠤ | ᠦᠭᠡᠢ᠂ ᠤᠷᠴᠢᠨ ᠲᠤᠭᠤᠷᠢᠨ ᠢ ᠠᠩᠬᠠᠷᠤᠭᠰᠠᠨ ᠦᠭᠡᠢ᠂ ᠬᠡᠮᠵᠢᠶ᠎ᠡ ᠬᠢᠵᠠᠭᠠᠷ ᠢ ᠨᠢ ᠬᠡᠲᠦᠷᠡᠭᠦᠯᠦᠭᠰᠡᠨ | ᠰᠢᠭᠦᠮᠵᠢᠯᠡᠯ ᠨᠢ ᠰᠤᠷᠤᠬᠴᠢ ᠶᠢᠨ ᠦᠪᠡᠷ ᠢ ᠪᠠᠨ ᠬᠦᠨᠳᠦᠳᠬᠡᠬᠦ ᠰᠡᠳᠬᠢᠯᠭᠡ ᠶᠢ ᠶᠡᠭᠡ ᠪᠠᠷ ᠬᠦᠨᠳᠡᠭᠰᠡᠨ ᠪᠤᠯ ᠦᠷ᠎ᠡ | ᠳ᠋ᠦᠩ ᠨᠢ ᠬᠠᠷᠢᠨ ᠦᠰᠦᠳ ᠥᠭᠡᠷ᠎ᠡ ᠪᠣᠯᠳᠠᠭ ᠶᠤᠮ᠃ ᠪᠠᠭᠰᠢ ᠶᠢᠨ ᠰᠢᠬᠦᠮᠵᠢᠯᠡᠯ ᠬᠦᠮᠦᠵᠢᠯ ᠤᠨ ᠵᠤᠷᠢᠯᠭ᠎ᠠ ᠨᠢ | ᠰᠤᠷᠤᠭᠴᠢ ᠶᠢᠨ ᠢᠳᠡᠪᠬᠢ ᠴᠢᠨᠠᠷ᠂ ᠳᠠᠯᠳᠠ ᠬᠦᠴᠦᠨ ᠢ ᠨᠢ ᠲᠠᠶᠢᠴᠢᠯᠠᠨ ᠤᠷᠤᠭᠰᠢ ᠳᠠᠪᠰᠢᠬᠤ ᠳᠤ ᠨᠢ ᠲᠤᠰᠠᠯᠠᠬᠤ | ᠶᠠᠪᠤᠳᠠᠯ ᠪᠤᠯᠬᠤ ᠠᠴᠠ ᠪᠢᠰᠢ᠂ ᠬᠠᠷᠢᠨ ᠵᠠᠯᠬᠠᠭᠠᠯᠳᠠ ᠪᠢᠰᠢ᠃ ᠪᠠᠭᠰᠢ ᠬᠡᠷᠪᠡ ᠵᠦᠢ ᠵᠣᠬᠢᠰᠲᠠᠢ ᠰᠢᠭᠦᠮᠵᠢᠯᠡᠵᠦ᠂ | ᠰᠢᠭᠦᠮᠵᠢᠯᠡᠯ ᠤᠨ ᠲᠤᠮᠳᠠ ᠵᠣᠷᠢᠬᠵᠢᠭᠤᠯᠤᠯ ᠪᠠ ᠬᠦᠰᠡᠯ ᠱᠠᠭᠠᠷᠳᠠᠯᠭ᠎ᠠ ᠶᠢ ᠬᠠᠪᠰᠤᠷᠭᠠᠵᠤ᠂ ᠰᠢᠭᠦᠮᠵᠢᠯᠡᠯ ᠤᠨ | ᠲᠤᠮᠳᠠ ᠴᠢᠩ ᠦᠨᠡᠨᠴᠢ ᠪᠥᠭᠡᠳ ᠬᠠᠯᠠᠭᠤᠨ ᠰᠡᠳᠬᠢᠯ ᠠᠬᠤᠭᠤᠯᠵᠤ ᠪᠠᠶᠢᠪᠠᠯ ᠰᠤᠷᠤᠭᠴᠢ ᠳᠤ ᠵᠥᠪ ᠪᠤᠷᠤᠭᠤ ᠶᠢ | ᠲᠣᠳᠤᠷᠬᠠᠢ ᠲᠠᠨᠢᠭᠤᠯᠵᠦ᠂ ᠲᠡᠭᠦᠨ ᠤ ᠵᠥᠪ ᠵᠠᠮ ᠳᠤ ᠦᠳᠳᠡᠷ ᠲᠦᠷᠭᠡᠨ ᠳᠠᠪᠰᠢᠨ ᠣᠷᠤᠬᠤ ᠶᠢ ᠠᠬᠢᠭᠤᠯᠵᠦ | ᠪᠣᠯᠤᠨ᠎ᠠ᠃ ᠳᠠᠭᠤᠳᠠᠨ ᠶᠠᠷᠢᠯᠴᠠᠬᠤ ᠪᠣᠯ ᠦᠵᠡᠯ ᠰᠬᠠᠭᠠᠨ ᠤ ᠠᠵᠢᠯ ᠤᠨ ᠲᠤᠮᠳᠠ ᠦᠷᠭᠦᠯᠵᠢ ᠬᠡᠷᠡᠭᠯᠡᠵᠦ ᠪᠠᠶᠢᠳᠠᠭ | ᠪᠠᠰᠠ ᠨᠢᠭᠡ ᠵᠦᠢᠯ ᠤᠨ ᠠᠷᠭ᠎ᠠ ᠪᠠᠷᠢᠯ ᠶᠤᠮ᠃ ᠪᠦᠳᠦᠮᠵᠢᠳᠡᠢ ᠶᠠᠷᠢᠯᠴᠠᠭ᠎ᠠ ᠨᠢ ᠤᠴᠢᠷ ᠶᠠᠪᠤᠳᠠᠯ ᠤᠨ ᠦᠨᠡᠨ | ᠪᠤᠳᠠᠳᠠᠢ ᠲᠠᠢ ᠨᠡᠶᠢᠴᠡᠵᠦ᠂ ᠰᠡᠳᠭᠢᠯᠭᠡ ᠶᠢᠨ ᠤᠨᠢᠰᠤ ᠶᠢ ᠨᠢ ᠨᠡᠭᠡᠭᠡᠵᠦ ᠴᠢᠳᠠᠳᠠᠭ ᠠᠴᠠ ᠲᠠᠨ ᠤ ᠬᠦᠮᠦᠵᠢᠯ ᠢ | ᠪᠠᠶᠠᠷᠲᠠᠢ ᠬᠦᠯᠢᠶᠡᠨ ᠠᠪᠬᠤ ᠪᠠᠷ ᠪᠠᠷᠠᠬᠤ ᠦᠭᠡᠢ ᠳᠣᠲᠤᠭᠠᠳᠤ ᠰᠡᠳᠭᠢᠯ ᠠᠴᠠ ᠪᠠᠨ ᠪᠢᠰᠢᠷᠡᠵᠦ᠂ ᠬᠤᠶᠠᠷ | ᠡᠲᠡᠭᠡᠳ ᠤᠨ ᠪᠣᠳᠤᠯ ᠰᠠᠨᠠᠯ ᠵᠢᠴᠢ ᠰᠡᠳᠭᠢᠯᠭᠡ ᠪᠠᠨ ᠰᠣᠯᠢᠯᠴᠠᠬᠤ ᠶᠢ ᠠᠬᠢᠭᠤᠯᠵᠦ ᠴᠢᠳᠠᠨ᠎ᠠ᠃ ᠡᠶᠡᠯᠳᠡᠭ | ᠳᠠᠭᠠᠯᠠᠮᠵᠢᠳᠠᠢ ᠶᠠᠷᠢᠯᠴᠠᠭᠠᠨ ᠤ ᠳᠤᠮᠳᠠ ᠰᠤᠷᠤᠭᠴᠢ ᠪᠠᠭᠰᠢ ᠠᠴᠠ ᠬᠢᠴᠢᠶᠡᠨ ᠰᠡᠷᠡᠮᠵᠢᠯᠡᠬᠦ᠂ ᠠᠶᠤᠵᠤ ᠡᠮᠢᠶᠡᠬᠦ᠂ | ᠵᠤᠪᠠᠭ᠋ᠤ ᠵᠡᠷᠭᠡ ᠰᠡᠳᠭᠢᠯᠭᠡ ᠶᠢᠨ ᠬᠥᠳᠡᠯᠭᠡᠭᠡᠨ ᠡᠭᠦᠰᠬᠦ ᠦᠭᠡᠢ ᠠᠴᠠ ᠪᠤᠯᠵᠦ᠂ ᠳᠤᠳᠤᠭᠠᠳᠦ ᠰᠡᠳᠬᠢᠯ ᠤᠨ | ᠨᠢᠭᠤᠴᠠ ᠪᠠᠨ ᠠᠭᠤᠳᠠᠯᠠᠨ ᠪᠤᠳᠤᠭᠰᠠᠨ ᠰᠠᠨᠠᠭᠰᠠᠨ ᠵᠦᠢᠯ ᠢᠶᠠᠨ ᠲᠠᠨ ᠳᠤ ᠳᠡᠯᠭᠡᠬᠦ ᠪᠤᠯᠤᠨ᠎ᠠ᠃ ᠡᠬᠦᠨ ᠤ ᠲᠤᠬᠠᠢ | ᠨᠢᠭᠡᠨ ᠲᠦᠬᠦᠮ ᠵᠢᠱᠢᠶ᠎ᠡ ᠳᠤᠷᠠᠳᠪᠠᠯ᠄ ᠮᠢᠨᠦ ᠭᠤᠷᠪᠠᠳᠠᠬᠢ ᠤᠳᠠᠭᠠᠨ ᠤ ᠡᠷᠬᠢᠯᠡᠭᠰᠡᠨ ᠠᠩᠬᠢ ᠳᠤ ᠰᠤᠯᠠ ᠨᠤᠮ | ᠦᠵᠡᠬᠦ ᠳᠤᠷᠠᠳᠠᠢ ᠨᠢᠭᠡᠨ ᠬᠡᠤᠭᠡᠨ ᠰᠤᠷᠤᠭᠴᠢ ᠪᠠᠶᠢᠭᠰᠠᠨ ᠶᠤᠮ᠃ ᠲᠡᠬᠦᠨ ᠤ ᠲᠤᠬᠠᠢ ᠬᠢᠴᠢᠶᠡᠯ ᠤᠨ ᠪᠠᠭᠰᠢ ᠨᠠᠷ | ᠴᠦ ᠨᠠᠳᠠ ᠳᠤ ᠬᠠᠶᠠ ᠬᠡᠯᠡᠳᠡᠭ ᠪᠠᠶᠢᠭᠰᠠᠨ ᠢ ᠨᠢ ᠪᠢ ᠳᠡᠮᠡᠢ ᠠᠩᠬᠠᠷᠤᠯ ᠳᠤ ᠪᠠᠨ ᠠᠪᠤᠭᠰᠠᠨ ᠦᠭᠡᠢ᠃ ᠨᠢᠭᠡ | ᠤᠳᠠᠭ᠎ᠠ ᠮᠢᠨᠦ ᠬᠢᠴᠢᠶᠡᠯ ᠳᠡᠭᠡᠷ᠎ᠡ ᠲᠡᠷᠡ ᠭᠦ ᠡᠮᠡᠭᠲᠡᠢ ᠰᠤᠷᠤᠭᠴᠢ ᠬᠢᠴᠢᠶᠡᠯ ᠰᠠᠶᠢᠬᠠᠨ ᠰᠤᠨᠤᠰᠬᠤ ᠦᠭᠡᠢ ᠰᠡᠳᠭᠦᠯ | ᠬᠤᠯᠭᠤᠨ ᠦᠵᠡᠵᠦ ᠪᠠᠶᠢᠪᠠ᠃ ᠪᠢ ᠬᠢᠴᠢᠶᠡᠯ ᠢᠶᠠᠨ ᠲᠠᠶᠢᠯᠪᠦᠷᠢᠯᠠᠬᠤ ᠶᠢᠨ ᠳᠠᠭᠠᠤ ᠲᠡᠭᠦᠨ ᠳᠤ ᠨᠢᠭᠡ ᠳᠣᠬᠢᠶ᠎ᠠ | ᠥᠭᠭᠦᠭᠰᠡᠨ ᠳᠤ ᠲᠡᠷᠡ ᠰᠡᠩᠳᠡ ᠮᠡᠩᠳᠡ ᠰᠡᠳᠭᠦᠯ ᠢᠶᠠᠨ ᠰᠢᠷᠭᠤᠤᠯ ᠳᠤ ᠪᠠᠨ ᠴᠢᠬᠢᠵᠠᠢ᠃ ᠬᠢᠴᠢᠶᠡᠯ ᠤᠨ | ᠳᠠᠩᠬᠢᠮ ᠠᠴᠠ ᠭᠠᠷᠬᠤ ᠳᠤ ᠪᠠᠨ ᠪᠢ ᠲᠡᠭᠦᠨ ᠳᠤ᠄ ︽ᠮᠢᠨᠦ ᠠᠯᠪᠠᠨ ᠭᠡᠷ ᠲᠤ ᠣᠴᠢᠭᠠᠷᠠᠢ︕︾ ᠭᠡᠵᠦ ᠵᠠᠬᠢᠪᠠ᠃ | ᠠᠯᠪᠠᠨ ᠭᠡᠷ ᠲᠤ ᠪᠠᠨ ᠬᠦᠷᠴᠦ ᠨᠡᠯᠢᠶᠡᠳ ᠬᠦᠯᠢᠶᠡᠭᠡᠳ ᠢᠷᠡᠬᠦ ᠦᠭᠡᠢ ᠲᠤᠯᠠ ᠳᠠᠬᠢᠭᠠᠳ ᠲᠡᠭᠦᠨ ᠢ ᠡᠷᠢᠬᠦ ᠪᠠᠷ | ᠭᠠᠷᠬᠤ ᠳᠤ ᠲᠡᠷᠡ ᠲᠦᠲᠡᠬᠡᠯᠵᠡᠭᠰᠡᠨ ᠪᠣᠯᠤᠯᠲᠠᠢ ᠱᠠᠳᠤᠨ ᠳᠡᠭᠡᠷ᠎ᠡ ᠵᠣᠭᠰᠤᠵᠤ ᠪᠠᠶᠢᠪᠠ᠂ ︽ᠶᠠᠭᠠᠬᠢᠭᠠᠳ ᠠᠯᠪᠠᠨ | ᠭᠡᠷ ᠲᠤ ᠣᠷᠤᠬᠤ ᠦᠭᠡᠢ ᠪᠤᠢ︖︾ ᠭᠡᠬᠦ ᠳᠤ᠄ ︽ᠤᠯᠠᠨ ᠪᠠᠭᠰᠢ ᠶᠢᠨ ᠡᠮᠦᠨ᠎ᠡ ᠰᠢᠭᠦᠮᠵᠢᠯᠡᠬᠦ ᠠᠴᠠ ᠠᠶᠤᠯ᠎ᠠ︾ ᠭᠡᠵᠦ | ᠴᠢᠷᠠᠢ ᠪᠠᠨ ᠤᠯᠠᠶᠢᠯᠬᠠᠨ ᠳᠤᠷᠤᠢ ᠳᠠᠭᠤᠨ ᠢᠶᠠᠷ ᠦᠴᠢᠪᠡ᠂ ᠡᠬᠦᠨ ᠢ ᠨᠢ ᠬᠠᠷᠠᠭᠠᠳ ᠪᠢ ᠪᠣᠳᠤᠯ ᠢᠶᠠᠨ | ᠥᠭᠡᠷᠡᠴᠢᠯᠡᠵᠦ᠂ ᠲᠡᠭᠦᠨ ᠤ ᠠᠯᠪᠠᠨ ᠭᠡᠷ ᠲᠤ ᠣᠴᠢᠬᠤ ᠶᠢ ᠱᠠᠭᠠᠷᠳᠠᠭᠰᠠᠨ ᠦᠭᠡᠢ᠂ ᠭᠠᠳᠠᠭᠰᠢ ᠲᠠᠭᠠᠭᠤᠯᠤᠨ | ᠭᠠᠷᠴᠤ ᠶᠠᠷᠢᠯᠴᠠᠭᠰᠠᠨ ᠪᠠᠶᠢᠨ᠎ᠠ᠃ ︽ᠬᠢᠴᠢᠶᠡᠯ ᠳᠡᠭᠡᠷ᠎ᠡ ᠶᠠᠮᠠᠷ ᠨᠣᠮ ᠦᠵᠡᠭᠰᠡᠨ ᠪᠤᠢ︖︾᠂ ︽ᠳᠡᠯᠡᠬᠡᠢ ᠶᠢᠨ ᠤᠳᠬ᠎ᠠ | ᠵᠣᠬᠢᠶᠠᠯ︾᠂ ︽ᠳᠡᠯᠡᠭᠡᠢ ᠶᠢᠨ ᠤᠳᠬ᠎ᠠ ᠵᠤᠬᠢᠶᠠᠯ ᠳᠡᠭᠡᠷᠡᠬᠢ ᠵᠤᠬᠢᠶᠠᠯ ᠨᠤᠭᠤᠳ ᠶᠠᠮᠠᠷ ᠵᠡᠷᠭᠡ ᠪᠤᠢ︖︾᠂ ᠡᠨᠡ ᠭᠦ | ᠠᠰᠠᠭᠤᠯᠳᠠ ᠨᠢ ᠲᠡᠬᠦᠨ ᠤ ᠦᠭᠡᠨ ᠤ ᠤᠭᠤᠳᠠ ᠶᠢ ᠨᠡᠭᠡᠭᠡᠵᠦ ᠤᠷᠮ᠎ᠠ ᠶᠢ ᠨᠢ ᠰᠡᠷᠬᠦᠭᠡᠪᠡ᠃ ︽ᠪᠠᠭᠰᠢ ᠡ᠂ | ᠳᠡᠯᠡᠭᠡᠢ ᠶᠢᠨ ᠤᠳᠬ᠎ᠠ ᠵᠤᠬᠢᠶᠠᠯ ᠳᠡᠭᠡᠷᠡᠬᠢ ᠵᠤᠬᠢᠶᠠᠯ ᠨᠤᠭᠤᠳ ᠶᠡᠭᠡ ᠰᠤᠨᠢᠷᠬᠠᠯᠳᠠᠢ ᠰᠢᠤ᠂ ᠲᠠ ᠪᠠᠰᠠ ᠦᠷᠬᠦᠯᠵᠢ | ᠨᠤᠮ ᠵᠤᠬᠢᠶᠠᠯ ᠦᠵᠡᠳᠡᠭ ᠪᠠ︖︾᠂ ︽ᠦ᠂ ᠲᠡᠶᠢᠮᠦ ᠡ᠂ ᠪᠢ ᠴᠢᠯᠦᠭᠡ ᠲᠠᠢ ᠪᠤᠯ ᠪᠠᠭ᠎ᠠ ᠰᠠᠭ᠎ᠠ ᠤᠩᠰᠢᠳᠠᠭ ᠶᠤᠮ᠃ | ᠨᠤᠮ ᠤᠩᠰᠢᠬᠤ ᠨᠢ ᠰᠠᠶᠢᠨ ᠤᠴᠢᠷ᠂ ᠬᠡᠪᠡᠴᠦ ᠬᠢᠴᠢᠶᠡᠯ ᠤᠨ ᠴᠠᠭ ᠲᠤ ᠪᠤᠰᠤᠳ ᠵᠦᠢᠯ ᠤᠨ ᠨᠤᠮ ᠤᠩᠰᠢᠬᠤ ᠨᠢ | ᠬᠠᠷᠢᠨ ᠴᠢᠨᠦ ᠰᠤᠷᠤᠯᠭ᠎ᠠ ᠶᠢᠨ ᠬᠢᠷᠢ ᠪᠦᠳᠤᠮᠵᠢ ᠶᠢ ᠨᠦᠯᠦᠭᠡᠯᠡᠨ᠎ᠡ ᠰᠢᠦ︾ ᠬᠡᠬᠦ ᠵᠡᠷᠭᠡ ᠪᠠᠷ ᠦᠭᠡ ᠶᠢᠨ ᠠᠶᠠᠰ ᠢᠶᠠᠨ | ᠵᠦᠭᠡᠯᠡᠷᠡᠬᠦᠯᠵᠦ ᠲᠡᠭᠦᠨ ᠤ ᠰᠠᠬᠢᠯᠭ᠎ᠠ ᠪᠠᠳᠤ ᠶᠢ ᠵᠦᠷᠢᠴᠡᠭᠰᠡᠨ ᠦᠵᠡᠭᠳᠡᠯ ᠳᠤ ᠬᠦᠩᠭᠡᠨ ᠰᠢᠭᠦᠮᠵᠢ ᠦᠭᠴᠠᠢ᠃ | ᠬᠡᠳᠦᠨ ᠡᠳᠦᠷ ᠤᠨ ᠳᠠᠷᠠᠭ᠎ᠠ ᠪᠡᠶᠡᠯᠡᠭᠦᠯᠦᠭᠰᠡᠨ ᠳᠠᠰᠬᠠᠯ ᠳᠤ ᠪᠠᠨ ᠬᠠᠪᠴᠢᠭᠤᠯᠤᠭᠰᠠᠨ ᠵᠠᠬᠢᠶ᠎ᠠ ᠶᠢ ᠨᠢ ᠣᠯᠵᠤ ᠠᠪᠤᠪᠠ᠃ | ︽ᠪᠠᠭᠰᠢ ᠡ︕ ᠲᠡᠷᠡ ᠡᠳᠦᠷ ᠠᠰᠠᠷ ᠤᠨ ᠱᠠᠳᠤᠨ ᠳᠡᠭᠡᠷ᠎ᠡ ᠶᠠᠷᠢᠯᠴᠠᠭᠰᠠᠨ ᠠᠴᠠ ᠬᠤᠶᠢᠰᠢ ᠬᠢᠴᠢᠶᠡᠯ ᠳᠡᠭᠡᠷ᠎ᠡ | ᠰᠤᠯᠠ ᠨᠣᠮ ᠦᠵᠡᠬᠦ ᠦᠭᠡᠢ ᠭᠡᠵᠦ ᠵᠣᠷᠢᠭ ᠰᠢᠭᠤᠳᠤᠯ᠎ᠠ᠃ ᠠᠯᠪᠠᠨ ᠭᠡᠷ ᠲᠤ ᠠᠪᠠᠴᠢᠭᠠᠳ ᠳᠣᠩᠭᠤᠳᠬᠤ ᠠᠴᠠ | ᠠᠶᠤᠯ᠎ᠠ — ᠲᠡᠶᠢᠮᠦ ᠤᠯᠠᠨ ᠪᠠᠭᠰᠢ ᠶᠢᠨ ᠨᠢᠳᠤ ᠮᠢᠨᠦ ᠵᠦᠭ ᠰᠢᠷᠳᠡᠬᠦ ᠳᠤ ᠶᠣᠰᠣᠲᠠᠢ ᠵᠣᠪᠠᠵᠤ ᠦᠬᠦᠳᠡᠭ ᠬᠡᠷᠡᠭ᠃ | ᠬᠡᠷᠪᠡ ᠲᠡᠷᠡ ᠡᠳᠦᠷ ᠲᠠ ᠨᠠᠮᠠᠶᠢ ᠦᠨᠡᠬᠡᠷ ᠠᠯᠪᠠᠳᠠᠨ ᠤᠷᠤᠭᠤᠯᠤᠭᠰᠠᠨ ᠪᠣᠯ ᠪᠢ ᠲᠠᠨ ᠢ ᠵᠠᠨᠤᠬᠤ ᠪᠠᠶᠢᠭᠰᠠᠨ᠃ | ᠰᠠᠨᠠᠭᠠᠨ ᠠᠴᠠ ᠭᠠᠳᠠᠭᠤᠷ ᠲᠠ ᠬᠠᠷᠢᠨ ᠁︾᠃ ᠡᠨᠡ ᠶᠠᠪᠤᠳᠠᠯ ᠠᠴᠠ ᠬᠤᠶᠢᠰᠢ ᠬᠢᠴᠢᠶᠡᠯ ᠤᠨ ᠪᠠᠭᠰᠢ ᠨᠠᠷ ᠤᠨ | ᠵᠠᠭᠠᠯᠳᠤᠯᠭ᠎ᠠ ᠵᠤᠬᠰᠤᠬᠰᠠᠨ ᠪᠢᠯᠡ᠃ | ︵ᠲᠠᠪᠤ︶ ᠦᠪᠡᠷ ᠤᠨ ᠪᠡᠶ᠎ᠡ ᠪᠠᠷ ᠢᠶᠠᠨ ᠵᠢᠱᠢᠶ᠎ᠡ ᠦᠵᠡᠬᠦᠯᠬᠦ ᠳᠠᠳᠬᠠᠯ ᠢ ᠪᠦᠷᠢᠯᠳᠦᠬᠦᠯᠬᠦ ᠴᠢᠬᠤᠯᠠ ᠲᠠᠢ᠃ | ︽ᠰᠤᠷᠭᠠᠯ ᠬᠡᠯᠡᠬᠦ ᠳᠤ ᠬᠡᠤᠭᠡᠳ ᠴᠢᠬᠢ ᠪᠠᠨ ᠲᠠᠭᠯᠠᠳᠠᠭ᠂ ᠦᠯᠢᠭᠡᠷ ᠵᠢᠱᠢᠶᠡᠴᠢ ᠪᠠᠶᠢᠪᠠᠯ ᠨᠢᠳᠦ ᠪᠠᠨ ᠨᠡᠭᠡᠭᠡᠳᠡᠭ︾ | ᠭᠡᠰᠡᠨ ᠰᠡᠴᠡᠨ ᠦᠭᠡ ᠪᠠᠶᠢᠳᠠᠭ᠃ ᠪᠠᠭᠰᠢ ᠶᠢᠨ ᠵᠢᠱᠢᠶᠡᠴᠢ ᠠᠵᠢᠯᠯᠠᠭ᠎ᠠ ᠨᠢ ︽ᠬᠤᠷᠮᠤᠰᠳᠠ︾ ᠶᠢᠨ ᠰᠡᠳᠬᠢᠯ ᠢ ᠴᠦ | ᠬᠥᠳᠡᠯᠭᠡᠳᠡᠭ ᠭᠡᠵᠤ ᠬᠥᠮᠦᠰ ᠬᠡᠯᠡᠳᠡᠭ᠃ ᠡᠨᠡ ᠨᠢ ︽ᠶᠣᠰᠤ ᠮᠤᠷᠠᠯ ᠤᠨ ᠬᠦᠮᠦᠵᠢᠯ ᠳᠤ ᠮᠢᠩᠭ᠎ᠠ ᠲᠦᠮᠡᠨ ᠦᠭᠡ | ᠬᠡᠯᠡᠬᠦ ᠶᠢᠨ ᠣᠷᠤᠨ ᠳᠤ ᠨᠢᠭᠡᠨ ᠰᠠᠶᠢᠨ ᠬᠡᠪ ᠳᠦᠷᠢᠮ ᠦᠵᠡᠭᠦᠯᠬᠦ ᠶᠢ ᠬᠦᠷᠬᠦ ᠦᠭᠡᠢ ᠶᠤᠮ︾᠂ ︽ᠬᠢᠵᠦ | ᠰᠤᠷᠭᠠᠬᠤ︾ ᠨᠢ ︽ᠬᠡᠯᠡᠵᠦ ᠰᠤᠷᠭᠠᠬᠤ︾ ᠠᠴᠠ ᠪᠠᠰᠠ ᠴᠢᠬᠤᠯᠠ ᠪᠠᠶᠢᠳᠠᠭ ᠭᠡᠰᠡᠨ ᠤᠴᠢᠷ ᠶᠤᠰᠤ ᠶᠢ ᠪᠢᠳᠠᠨ ᠳᠤ | ᠮᠡᠳᠡᠬᠦᠯᠵᠦ ᠪᠠᠶᠢᠳᠠᠭ᠃ ᠪᠡᠶ᠎ᠡ ᠪᠠᠷ ᠢᠶᠠᠨ ᠬᠢᠵᠦ ᠰᠤᠷᠭᠠᠬᠤ ᠨᠢ ᠪᠠᠭ᠎ᠠ ᠨᠠᠰᠤᠨ ᠤ ᠬᠡᠤᠬᠡᠳ ᠤᠨ ᠳᠠᠭᠤᠷᠢᠶᠠᠵᠤ | ᠰᠤᠷᠬᠤ ᠳᠤ ᠪᠠᠨ ᠴᠢᠳᠠᠮᠠᠭᠠᠢ ᠪᠠᠶᠢᠳᠠᠭ ᠣᠨᠴᠠᠯᠢᠭ ᠲᠠᠢ ᠨᠡᠶᠢᠴᠡᠬᠦ ᠪᠥᠭᠡᠳ ᠡᠭᠦᠨ ᠢ ᠲᠡᠳᠡᠨ ᠠᠮᠠᠷᠬᠠᠨ ᠬᠦᠯᠢᠶᠠᠨ | ᠠᠪᠳᠠᠭ᠃ ᠶᠠᠮᠠᠷᠴᠤ ᠠᠯᠪᠠᠳᠠᠯᠭ᠎ᠠ ᠶᠢᠨ ᠴᠢᠨᠠᠷ ᠦᠭᠡᠢ ᠰᠤᠷᠭᠠᠨ ᠬᠥᠮᠦᠵᠢᠭᠦᠯᠦᠭᠴᠢ ᠶᠢᠨ ᠳᠠᠭᠤᠨ ᠦᠭᠡᠢ | ᠠᠵᠢᠯᠯᠠᠭ᠎ᠠ᠂ ᠵᠢᠱᠢᠶ᠎ᠡ ᠠᠵᠢᠯᠯᠠᠭ᠎ᠠ ᠨᠢ ᠰᠤᠷᠤᠭᠴᠢᠳ ᠢ ᠨᠥᠯᠦᠭᠡᠯᠡᠨ ᠳᠠᠶᠢᠴᠢᠯᠠᠵᠤ᠂ ᠠᠩᠬᠠᠷᠤᠯ ᠢ ᠲᠠᠲᠠᠳᠠᠭ ᠠᠴᠠ | ᠲᠦᠢᠯ ᠤᠨ ᠶᠡᠭᠡ ᠬᠠᠶᠢᠷ᠎ᠠ ᠬᠠᠯᠠᠮᠵᠢ ᠶᠢᠨ ᠬᠦᠴᠤ ᠪᠠ ᠲᠠᠲᠠᠬᠤ ᠬᠦᠴᠦᠨ ᠲᠠᠢ ᠪᠠᠶᠢᠳᠠᠭ᠃ ᠰᠤᠷᠭᠠᠨ ᠬᠥᠮᠦᠵᠢᠯ ᠤᠨ | ᠡᠷᠳᠡᠮᠳᠡᠨ ᠦᠱᠳᠡᠰᠺᠢ ᠠᠴᠠ ︽ᠪᠠᠭᠰᠢ ᠶᠢᠨ ᠲᠤᠰ ᠪᠡᠶ᠎ᠡ ᠶᠢᠨ ᠦᠯᠢᠭᠡᠷ ᠳᠠᠭᠤᠷᠢᠶᠠᠯ ᠪᠣᠯ ᠵᠠᠯᠠᠭᠤ ᠬᠥᠮᠦᠨ ᠤ | ᠰᠡᠳᠭᠢᠯ ᠰᠠᠨᠠᠭᠠᠨ ᠳᠤ ᠬᠢ ᠶᠠᠮᠠᠷᠪᠠ ᠶᠠᠭᠤᠮ᠎ᠠ ᠪᠠᠷ ᠴᠤ ᠤᠷᠤᠯᠠᠭᠤᠯᠵᠦ ᠦᠯᠦ ᠴᠢᠳᠠᠬᠤ ᠬᠠᠮᠤᠭ ᠤᠨ | ᠬᠡᠷᠡᠭᠴᠡᠭᠡ ᠲᠠᠢ ᠨᠠᠷᠠᠨ ᠤ ᠭᠡᠷᠡᠯ ᠮᠥᠨ︾ ᠭᠡᠵᠠᠢ᠃ | ᠠᠩᠭᠢ ᠶᠢᠨ ᠡᠷᠬᠢᠯᠡᠭᠴᠢ ᠶᠢᠨ ᠠᠵᠢᠯ ᠪᠣᠯ ᠬᠠᠲᠠᠭᠤᠵᠢᠯᠲᠠᠢ ᠪᠥᠭᠡᠳ ᠪᠦᠲᠦᠭᠡᠯᠴᠢ ᠴᠢᠨᠠᠷ ᠲᠠᠢ ᠬᠥᠳᠡᠯᠮᠦᠷᠢ | ᠪᠤᠯᠬᠤ ᠶᠤᠮ᠃ ᠠᠩᠬᠢ ᠶᠢᠨ ᠪᠠᠭᠰᠢ ᠪᠤᠯᠤᠬᠰᠡᠳ ︽ᠠᠩᠬᠢ ᠶᠢᠨ ᠡᠷᠬᠢᠯᠡᠭᠴᠢ ᠶᠢᠨ ᠪᠠᠶᠢᠩᠭᠤ ᠶᠢᠨ ᠠᠵᠢᠯ ᠤᠨ | ᠳᠠᠳᠬᠠᠯ︾ ᠪᠠ ︽ᠠᠩᠭᠢ ᠶᠢᠨ ᠪᠠᠭᠰᠢ ᠪᠤᠯᠤᠬᠰᠡᠳ ᠡᠷᠬᠡᠪᠰᠢ ᠪᠦᠷᠢᠯᠳᠦᠭᠦᠯᠬᠦ ᠴᠢᠬᠤᠯᠠ ᠲᠠᠢ ᠳᠠᠳᠬᠠᠯ︾ ᠢ | ᠠᠩᠬᠠᠷᠤᠯ ᠳᠤ ᠪᠠᠨ ᠠᠪᠴᠤ᠂ ᠬᠤᠶᠢᠴᠢ ᠦᠶ᠎ᠡ ᠪᠠᠨ ᠬᠠᠶᠢᠷᠠᠯᠠᠵᠤ ᠭᠦᠮᠦᠵᠢᠭᠦᠯᠪᠡᠯ ᠵᠤᠬᠢᠨ᠎ᠠ᠃ ᠶᠡᠷᠦᠳᠡ ᠶᠢᠨ | ᠦᠭᠡᠨ ᠳᠤ᠄ ︽ᠪᠠᠭᠰᠢ ᠶᠢᠨ ᠠᠵᠢᠯ ᠢ ᠵᠢᠷᠦᠭᠡ ᠰᠡᠳᠬᠢᠯ ᠤᠨ ᠬᠦᠨ ᠠᠴᠠ ᠪᠠᠨ ᠬᠠᠶᠢᠷᠠᠯᠠᠭᠰᠠᠨ ᠬᠦᠮᠦᠨ ᠰᠠᠶ᠋ᠢ | ᠵᠢᠩᠬᠢᠨᠢ ᠪᠠᠭᠰᠢ ᠪᠤᠯᠵᠦ ᠴᠢᠳᠠᠨ᠎ᠠ︾ ᠭᠡᠵᠦ ᠬᠡᠯᠡᠳᠡᠭ᠃ ︽ᠬᠠᠶᠢᠷᠠᠯᠠᠬᠤ ᠰᠡᠳᠬᠢᠯ ᠦᠭᠡᠢ ᠪᠤᠯᠪᠠᠰᠤ ᠬᠠᠮᠤᠭ ᠲᠤᠷ | ᠬᠦᠨᠳᠦᠯᠡᠭᠳᠡᠬᠦ ᠦᠭᠡᠢ ᠬᠦᠩᠭᠡᠨ ᠪᠤᠯᠤᠮᠤᠢ︾ ᠭᠡᠰᠡᠨᠴᠢᠯᠡᠨ ᠠᠩᠭᠢ ᠶᠢᠨ ᠪᠠᠭᠰᠢ ᠪᠤᠯᠤᠬᠰᠡᠳ ᠰᠤᠷᠤᠭᠴᠢ ᠶᠢᠨ | ᠢᠳᠡᠭᠡᠯ ᠨᠠᠶᠢᠳᠠᠯᠭ᠎ᠠ᠂ ᠬᠠᠶᠢᠷ᠎ᠠ ᠬᠦᠨᠳᠦᠳᠭᠡᠯ ᠢ ᠤᠯᠵᠦ᠂ ᠬᠠᠷᠢᠯᠴᠠᠨ ᠤᠶᠢᠯᠠᠭᠠᠯᠴᠠᠬᠤ ᠳᠤᠮᠳᠠ ᠠᠴᠠ ᠬᠡᠤᠬᠡᠳ ᠤᠨ | ᠣᠶᠤᠨ ᠰᠠᠨᠠᠭᠠᠨ ᠳᠤ ᠨᠡᠪᠲᠡᠷᠡᠬᠦ ᠠᠷᠭ᠎ᠠ ᠵᠠᠮ ᠢ ᠬᠠᠶᠢᠵᠦ᠂ ᠠᠤᠭ᠎ᠠ ᠪᠠᠭᠲᠠᠭᠠᠮᠵᠢᠳᠤ ᠬᠡᠬᠦᠳᠡᠭ ᠴᠡᠭᠡᠵᠢ᠂ ᠭᠦᠨ | ᠵᠤᠵᠠᠭᠠᠨ ᠬᠠᠶᠢᠷ᠎ᠠ ᠰᠡᠳᠭᠢᠯᠭᠡ᠂ ᠤᠳᠤᠷᠢᠳᠤᠨ ᠳᠠᠭᠠᠭᠤᠯᠬᠤ ᠠᠷᠭ᠎ᠠ ᠪᠠᠷ ᠢᠶᠠᠨ ᠰᠤᠷᠤᠭᠴᠢ ᠶᠢᠨ ᠠᠯᠳᠠᠭ᠎ᠠ | ᠲᠤᠲᠠᠭᠳᠠᠯ ᠢ ᠠᠭᠤᠴᠢᠯᠠᠨ ᠪᠠᠭᠳᠠᠭᠠᠵᠦ᠂ ᠤᠷ᠎ᠠ ᠳᠡᠮ ᠲᠠᠢ ᠪᠠᠷ ᠵᠠᠯᠠᠷᠠᠭᠤᠯᠵᠦ᠂ ᠰᠤᠷᠤᠭᠴᠢ ᠶᠢᠨ ᠬᠤᠭᠤᠷᠤᠨᠳᠦᠬᠢ | ᠵᠥᠷᠢᠴᠡᠯ ᠢ ᠴᠢᠳᠠᠮᠠᠭᠠᠢ ᠪᠠᠷ ᠰᠢᠢᠳᠪᠦᠷᠢᠯᠡᠬᠦ ᠦᠨᠳᠦᠰᠤᠨ ᠴᠢᠳᠠᠪᠦᠷᠢ ᠵᠢᠴᠢ ᠰᠠᠶᠢᠨ ᠰᠠᠶᠢᠬᠠᠨ ᠳᠠᠳᠬᠠᠯ ᠢ | ᠪᠦᠷᠢᠯᠳᠦᠭᠦᠯᠪᠡᠯ ᠰᠠᠶ᠋ᠢ ᠵᠢᠩᠬᠢᠨᠢ ᠨᠡᠷ᠎ᠡ ᠨᠢᠳᠡᠷ ᠲᠤ ᠪᠠᠨ ᠨᠡᠶᠢᠴᠡᠭᠰᠡᠨ ᠰᠢᠯᠢᠳᠡᠭ ᠠᠩᠬᠢ ᠶᠢᠨ ᠡᠷᠬᠢᠯᠡᠭᠴᠢ ᠪᠠᠭᠰᠢ | ᠪᠤᠯᠵᠦ ᠴᠢᠳᠠᠨ᠎ᠠ᠃ | | | ᠠᠵᠢᠯᠯᠠᠵᠤ ᠪᠠᠶᠢᠭ᠎ᠠ ᠪᠠᠶᠢᠭᠤᠯᠭ᠎ᠠ᠄ ᠠᠯᠠᠱᠠ ᠠᠶᠢᠮᠠᠭ ᠤᠨ ᠵᠢᠭᠠᠬᠤ ᠶᠢ ᠰᠤᠳᠤᠯᠬᠤ ᠲᠠᠰᠤᠭ | ︵ᠮᠦᠡᠭᠭᠦᠨᠴᠢᠮᠡᠭ ᠨᠠᠶᠢᠷᠠᠭᠤᠯᠪᠠ︶ | 2021ᠣᠨ ᠤ 3 ᠳ᠋ᠤᠭᠠᠷ ᠬᠤᠭᠤᠴᠠᠭ᠎ᠠ | | |