ᠰᠠᠴᠤᠷᠠ | | | | | | ᠠᠩᠬᠢ ᠶᠢᠨ ᠡᠷᠬᠢᠯᠡᠭᠴᠢ ᠶᠢᠨ ᠠᠵᠢᠯ ᠭᠡᠵᠦ ᠨᠢᠭᠡᠨ ᠵᠣᠯ ᠵᠢᠷᠭᠠᠯ᠂ ᠵᠤᠪᠠᠭᠤᠷᠢ ᠵᠦᠳᠡᠭᠦᠷᠢ ᠬᠤᠤᠰᠯᠠᠭᠰᠠᠨ | ᠠᠵᠢᠯ ᠶᠤᠮ᠃ ᠶᠠᠭᠤᠨ ᠳᠤ ᠭᠡᠪᠡᠯ ᠠᠩᠬᠢ ᠶᠢᠨ ᠡᠷᠬᠢᠯᠡᠭᠴᠢ ᠬᠡᠦᠬᠡᠳ ᠤᠳ ᠢᠶᠠᠨ ᠬᠡᠷᠡᠭ ᠵᠠᠷᠭᠤ ᠳᠠᠲᠠᠬᠤ ᠠᠴᠠ | ᠠᠶᠤᠨ᠎ᠠ᠂ ᠲᠠᠭᠰᠢᠭᠤᠷ ᠬᠠᠨᠢᠶᠠᠳᠤ ᠲᠤᠰᠴᠢᠬᠠᠬᠤ ᠠᠴᠠ ᠠᠶᠤᠨ᠎ᠠ᠂ ᠳᠠᠰᠬᠠᠯ ᠳᠠᠭᠠᠭᠠᠯᠭᠠᠪᠤᠷᠢ ᠢᠶᠠᠨ ᠬᠢᠬᠦ | ᠦᠭᠡᠢ ᠠᠴᠠ ᠠᠶᠤᠨ᠎ᠠ᠂ ᠳᠠᠭᠠᠷᠠᠬᠤ ᠠᠴᠠ ᠠᠶᠤᠨ᠎ᠠ᠂ ᠦᠯᠦᠰᠬᠦ ᠠᠴᠠ ᠠᠶᠤᠨ᠎ᠠ᠂ ᠰᠢᠷᠬᠠᠳᠤᠬᠤ ᠠᠴᠠ ᠠᠶᠤᠨ᠎ᠠ᠂ | ᠭᠡᠷ ᠢᠶᠠᠨ ᠰᠠᠨᠠᠬᠤ ᠠᠴᠠ ᠠᠶᠤᠨ᠎ᠠ᠂ ᠪᠤᠰᠤᠳ ᠲᠤ ᠳᠠᠷᠤᠯᠠᠭᠳᠠᠬᠤ ᠠᠴᠠ ᠠᠶᠤᠨ᠎ᠠ᠂ ᠨᠦᠬᠦᠳ ᠲᠠᠢ ᠪᠠᠨ ᠨᠡᠶᠢᠯᠡᠬᠦ | ᠦᠭᠡᠢ ᠠᠴᠠ ᠠᠶᠤᠨ᠎ᠠ᠂ ᠵᠠᠩ ᠨᠢ ᠡᠲᠡᠭᠡᠳ ᠪᠣᠯᠬᠤ ᠠᠴᠠ ᠠᠶᠤᠨ᠎ᠠ᠂ ᠬᠤᠭᠤᠯᠠ ᠪᠠᠨ ᠠᠪᠴᠤ ᠢᠳᠡᠵᠦ ᠴᠢᠳᠠᠬᠤ | ᠦᠭᠡᠢ ᠠᠴᠠ ᠠᠶᠤᠨ᠎ᠠ᠂ ᠬᠦᠨᠵᠢᠯᠡ ᠳᠡᠪᠢᠰᠭᠡᠷ ᠢᠶᠠᠨ ᠬᠤᠷᠢᠶᠠᠵᠤ ᠴᠢᠳᠠᠬᠤ ᠦᠭᠡᠢ ᠠᠴᠠ ᠠᠶᠤᠨ᠎ᠠ᠂ ᠬᠥᠯ | ᠲᠣᠯᠤᠭᠠᠢ ᠪᠠᠨ ᠤᠭᠢᠶᠠᠵᠤ ᠴᠢᠳᠠᠬᠤ ᠦᠭᠡᠢ ᠠᠴᠠ ᠠᠶᠤᠨ᠎ᠠ᠂ ᠠᠪᠤ ᠡᠵᠢ ᠶᠢᠨ ᠬᠢ ᠨᠢ ᠰᠠᠨᠠᠯ ᠠᠴᠠ ᠠᠶᠤᠨ᠎ᠠ᠂ | ᠠᠷᠢᠬᠢ ᠤᠤᠭᠤᠴᠢᠬᠠᠭᠰᠠᠨ ᠬᠡᠦᠬᠡᠳ ᠢᠶᠠᠨ ᠲᠤᠰᠬᠤ ᠠᠴᠠ ᠠᠶᠤᠨ᠎ᠠ ᠁ ᠦᠷᠭᠦᠯᠵᠢ ᠬᠡᠦᠭᠡᠳ ᠤᠳ ᠮᠢᠨᠢ | ᠤᠴᠢᠷ ᠶᠠᠪᠤᠳᠠᠯ ᠦᠭᠡᠢ᠂ ᠡᠩᠭᠡ ᠲᠠᠶᠢᠪᠤᠡᠭ ᠪᠠᠶᠢᠭᠠᠰᠠᠢ ᠭᠡᠵᠦ ᠵᠠᠯᠪᠠᠷᠢᠵᠤ ᠶᠠᠪᠤᠳᠠᠭ ᠠᠴᠠ ᠶᠠᠭᠠᠬᠢᠬᠤ ᠶᠢᠨ ᠠᠷᠭ᠎ᠠ | ᠦᠭᠡᠢ ᠵᠦᠳᠡᠭᠦᠷᠢ ᠲᠠᠢ ᠳ᠋ᠠ᠃ ᠭᠡᠪᠡᠴᠦ ᠠᠩᠬᠢ ᠶᠢᠨ ᠡᠷᠬᠢᠯᠡᠭᠴᠢ ᠬᠦᠮᠦᠨ ᠰᠤᠷᠤᠭᠴᠢ ᠲᠠᠢ ᠪᠠᠨ ᠬᠡᠵᠢᠶᠠᠳᠠ | ᠬᠠᠮᠤᠭ ᠤᠨ ᠣᠶᠢᠷ᠎ᠠ ᠪᠠᠶᠢᠳᠠᠭ ᠤᠴᠢᠷ ᠠᠴᠠ᠂ ᠰᠤᠷᠤᠭᠴᠢ ᠶᠢᠨ ᠢᠶᠠᠨ ᠦᠰᠦᠨ ᠪᠤᠶᠢᠵᠢᠯᠲᠠ ᠶᠢᠨ ᠶᠠᠪᠤᠴᠠ ᠳᠤ | ᠪᠡᠶᠡᠳᠡᠨ ᠣᠷᠤᠯᠴᠠᠵᠤ ᠲᠡᠳᠡᠨ ᠤ ᠲᠠᠪᠰᠢᠯᠲᠠ ᠶᠢ ᠨᠢᠳᠦ ᠪᠠᠷ ᠢᠶᠠᠨ ᠦᠵᠡᠵᠦ ᠰᠡᠳᠬᠢᠯ ᠢᠶᠠᠷ ᠢᠶᠠᠨ ᠮᠡᠳᠡᠷᠡᠭᠰᠡᠨ | ᠤᠴᠢᠷ ᠠᠴᠠ᠂ ᠲᠡᠷᠡ ᠬᠦ ᠦᠨᠡᠯᠡᠰᠢ ᠦᠭᠡᠢ ᠴᠡᠪᠡᠷ ᠴᠠᠶᠢᠯᠭᠠᠨ᠂ ᠭᠡᠨᠡᠨ ᠬᠤᠩᠭᠤᠷ ︽ᠡᠯᠢᠭᠡ ᠵᠢᠷᠦᠬᠡ︾ ᠲᠠᠢ | ᠣᠶᠢᠷᠠᠲᠤᠯᠴᠠᠵᠤ ᠠᠭᠤᠰᠤᠯᠴᠠᠵᠤ ᠶᠠᠪᠤᠬᠤ ᠠᠵᠠ ᠵᠠᠪᠰᠢᠶᠠᠨ ᠢ ᠦᠪᠯᠡᠵᠦ ᠶᠠᠪᠤᠭᠰᠠᠨ ᠤᠴᠢᠷ ᠠᠴᠠ᠂ ᠨᠢᠰᠤ ᠪᠠᠨ | ᠭᠤᠭᠤᠵᠢᠭᠤᠯᠵᠤ ᠨᠢᠭᠤᠷ ᠢᠶᠠᠨ ᠬᠠᠯᠳᠠᠷᠳᠤᠭᠤᠯᠤᠭᠰᠠᠨ ︽ᠠᠯᠢᠶ᠎ᠠ ᠴᠢᠳᠬᠦᠷ︾ ᠤᠳ᠂ ᠰᠤᠭᠤᠶᠢᠭᠰᠠᠨ ᠥᠨᠳᠦᠷ | ᠪᠡᠶ᠎ᠡ ᠲᠠᠢ ᠰᠤᠷᠲᠤᠭᠤᠯᠢᠭ ᠭᠤᠪᠠᠢ ᠤᠬᠠᠭᠠᠨ ᠲᠤᠮᠤᠭ᠎ᠠ ᠲᠠᠢ ᠵᠠᠯᠠᠭᠤᠴᠤᠳ ᠪᠤᠯᠤᠨ ᠬᠦᠮᠦᠵᠢᠭᠳᠡᠬᠦ ᠲᠡᠷᠡ ᠬᠦ | ᠬᠠᠨᠤᠮᠵᠢᠲᠤ ᠰᠡᠳᠬᠢᠯᠬᠡ ᠶᠢ ᠣᠯᠵᠤ ᠬᠦᠷᠳᠡᠳᠡᠭ ᠤᠴᠢᠷ ᠠᠴᠠ ᠪᠠᠰᠠ ᠴᠤ ᠬᠢᠵᠠᠭᠠᠷ ᠦᠭᠡᠢ ᠶᠡᠭᠡ ᠵᠣᠯ ᠵᠢᠷᠭᠠᠯ ᠲᠠᠢ | ᠪᠠᠶᠢᠳᠠᠭ᠃ | ᠶᠠᠭ ᠡᠨᠡ ᠶᠡᠭᠡ ᠵᠣᠯ ᠵᠢᠷᠭᠠᠯ ᠢ ᠡᠳ᠋ᠯᠡᠵᠦ ᠶᠠᠪᠤᠳᠠᠭ ᠤᠴᠢᠷ ᠠᠴᠠ ᠪᠢ ᠴᠤ ᠠᠩᠬᠢ ᠶᠢᠨ ᠡᠷᠬᠢᠯᠡᠭᠴᠢ ᠶᠢᠨ | ᠠᠵᠢᠯ ᠢᠶᠠᠨ ᠰᠠᠶᠢᠨ ᠬᠢᠶ᠎ᠡ ᠭᠡᠵᠦ ᠦᠷᠭᠦᠯᠵᠢ ᠴᠢᠷᠮᠠᠶᠢᠵᠤ ᠶᠠᠪᠤᠳᠠᠭ ᠶᠤᠮ᠃ ᠳᠤᠤᠷ᠎ᠠ ᠪᠢ ᠥᠪᠡᠷ ᠤᠨ ᠠᠩᠬᠢ ᠶᠢᠨ | ᠡᠷᠬᠢᠯᠡᠭᠴᠢ ᠶᠢᠨ ᠠᠵᠢᠯ ᠢᠶᠠᠨ ᠬᠢᠭᠰᠡᠨ ᠲᠤᠷᠰᠢᠯᠭ᠎ᠠ ᠪᠠᠨ ᠳᠥᠭᠦᠮ ᠶᠠᠷᠢᠶ᠎ᠠ᠃ | ᠨᠢᠭᠡ ᠬᠢᠷᠢ ᠲᠡᠩᠴᠡᠭᠰᠡᠨ ᠠᠩᠬᠢ ᠶᠢᠨ ᠡᠷᠬᠢᠯᠡᠭᠴᠢ ᠪᠣᠯᠬᠤ ᠳᠤ ᠰᠤᠷᠤᠭᠴᠢ ᠪᠠᠨ ᠪᠦᠬᠦ ᠲᠠᠯ᠎ᠠ ᠪᠠᠷ | ᠤᠶᠢᠯᠠᠭᠠᠵᠤ᠂ ᠭᠡᠷ ᠤᠨ ᠠᠬᠠᠮᠠᠳ ᠲᠠᠢ ᠦᠷᠭᠦᠯᠵᠢ ᠬᠠᠷᠢᠯᠴᠠᠨ᠂ ᠬᠢᠴᠢᠶᠡᠯᠯᠡᠭᠴᠢ ᠪᠠᠭᠰᠢ ᠲᠠᠢ ᠢᠳᠡᠪᠬᠢᠲᠠᠢ ᠪᠠᠷ | ᠬᠠᠷᠢᠴᠠᠵᠤ ᠬᠠᠮᠲᠤᠷᠠᠯᠴᠠᠬᠤ ᠪᠣᠯ ᠬᠠᠮᠤᠭ ᠤᠨ ᠦᠨᠳᠦᠰᠦᠨ ᠴᠢᠬᠤᠯᠠ ᠵᠦᠢᠯ ᠮᠦᠨ᠃ ᠡᠳᠡᠭᠡᠷ ᠵᠦᠢᠯ ᠢ ᠰᠠᠶᠢᠨ | ᠬᠢᠮᠡᠨᠵᠢᠨ ᠳᠠᠷᠠᠭᠠᠴᠢ ᠶᠢᠨ ᠠᠵᠢᠯ ᠢᠶᠠᠨ ᠤᠷᠤᠭᠰᠢᠲᠠᠢ ᠰᠠᠶᠢᠨ ᠬᠦᠢᠴᠡᠳᠬᠡᠵᠦ ᠴᠢᠳᠠᠨ᠎ᠠ᠃ ᠡᠨᠡ ᠨᠢ ᠦᠨᠡᠨ ᠳᠤ ᠪᠠᠨ | ᠠᠩᠬᠢ ᠶᠢᠨ ᠡᠷᠬᠢᠯᠡᠭᠴᠢ ᠶᠢᠨ ᠪᠤᠲᠠᠲᠠᠢ ᠠᠵᠢᠯ ᠤᠨ ᠳᠤᠮᠳᠠ ᠠᠶᠠᠨᠳᠠᠭᠠᠨ ᠪᠡᠶᠡᠯᠡᠭᠳᠡᠳᠡᠭ᠃ ᠡᠶᠢᠮᠦ ᠠᠴᠠ ᠪᠢ ᠡᠨᠡ | ᠲᠠᠯ᠎ᠠ ᠪᠠᠷ ᠨᠠᠷᠢᠯᠢᠬ ᠶᠠᠷᠢᠬᠤ ᠦᠭᠡᠢ᠂ ᠬᠠᠷᠢᠨ ᠡᠳᠡᠭᠡᠷ ᠦᠨᠳᠦᠰᠦᠨ ᠵᠦᠢᠯ ᠠᠴᠠ ᠪᠣᠰᠤᠳ ᠪᠠᠰᠠ ᠠᠩᠬᠠᠷᠬᠤ | ᠴᠢᠬᠤᠯᠠ ᠲᠠᠢ ᠵᠦᠢᠯ ᠤᠨ ᠲᠤᠬᠠᠢ ᠤᠶᠢᠯᠠᠭᠠᠯᠲᠠ ᠪᠠᠨ ᠶᠠᠷᠢᠶ᠎ᠠ᠃ | ᠨᠢᠭᠡ᠂ ᠠᠩᠬᠢ ᠶᠢᠨ ᠡᠷᠬᠢᠯᠡᠭᠴᠢ ᠵᠠᠪᠠᠯ ᠦᠪᠡᠷ ᠤᠨ ᠪᠡᠶ᠎ᠡ ᠪᠠᠷ ᠢᠶᠠᠨ ᠬᠡᠪ ᠳᠠᠭᠤᠷᠢᠶᠠᠯ ᠪᠣᠯᠵᠤ ᠶᠠᠪᠤᠬᠤ | ᠰᠤᠷᠭᠠᠭᠤᠯᠢ ᠳᠤ ᠠᠪᠴᠤ ᠭᠡᠯᠡᠪᠡᠯ᠂ ᠠᠩᠬᠢ ᠶᠢᠨ ᠡᠷᠬᠢᠯᠡᠭᠴᠢ ᠪᠣᠯ ᠰᠤᠷᠤᠭᠴᠢ ᠶᠢᠨ ᠠᠪᠤ ᠡᠵᠢ ᠲᠠᠢ ᠨᠢ | ᠠᠳᠠᠯᠢ ᠪᠠᠶᠢᠳᠠᠭ᠃ ᠬᠡᠦᠭᠡᠳ ᠤᠳ ᠤᠨ ᠬᠠᠮᠤᠭ ᠠᠴᠠ ᠢᠲᠡᠭᠡᠳᠡᠭ᠂ ᠬᠠᠮᠤᠭ ᠠᠴᠠ ᠬᠦᠨᠳᠦᠳᠬᠡᠳᠡᠭ᠂ ᠮᠦᠨ ᠴᠤ | ᠬᠠᠮᠤᠭ ᠠᠴᠠ ᠠᠶᠤᠵᠤ ᠵᠢᠷᠦᠭᠡᠰᠢᠶᠡᠳᠡᠭ ᠬᠦᠮᠦᠨ ᠨᠢ ᠮᠦᠨ᠃ ᠠᠩᠬᠢ ᠶᠢᠨ ᠡᠷᠬᠢᠯᠡᠭᠴᠢ ᠶᠢᠨ ᠦᠭᠡ ᠶᠠᠷᠢᠶ᠎ᠠ᠂ | ᠦᠢᠯᠡ ᠠᠵᠢᠯᠯᠠᠭ᠎ᠠ ᠨᠢ ᠰᠤᠷᠤᠭᠴᠢᠳ ᠢ ᠰᠢᠭᠤᠳ ᠨᠥᠯᠦᠭᠡᠯᠡᠵᠦ ᠪᠠᠶᠢᠳᠠᠭ᠃ ᠠᠩᠬᠢ ᠶᠢᠨ ᠡᠷᠬᠢᠯᠡᠭᠴᠢ ᠶᠢᠨ | ᠮᠠᠭᠳᠠᠭᠠᠯ ᠳᠤ ᠲᠡᠳᠡ ᠬᠠᠮᠤᠭ ᠠᠴᠠ ᠵᠣᠷᠢᠬᠵᠢᠳᠠᠭ᠂ ᠠᠩᠬᠢ ᠶᠢᠨ ᠡᠷᠬᠢᠯᠡᠭᠴᠢ ᠶᠢᠨ ᠰᠢᠬᠦᠮᠵᠢᠯᠡᠯ ᠠᠴᠠ ᠲᠡᠳᠡ | ᠬᠠᠮᠤᠭ ᠠᠴᠠ ᠵᠢᠷᠦᠭᠡᠰᠢᠶᠡᠳᠡᠭ᠂ ᠠᠩᠬᠢ ᠶᠢᠨ ᠡᠷᠬᠢᠯᠡᠭᠴᠢ ᠢᠨᠢᠶᠡᠳᠦ ᠶᠢᠨ ᠴᠢᠷᠠᠢ ᠲᠠᠢ ᠪᠣᠯ ᠲᠡᠳᠡ ᠪᠠᠶᠠᠷᠯᠠᠵᠤ᠂ | ᠮᠠᠭᠤ ᠴᠢᠷᠠᠢ ᠲᠠᠢ ᠪᠣᠯ ᠲᠡᠳᠡ ᠪᠠᠰᠠ ᠤᠷᠮ᠎ᠠ ᠦᠭᠡᠢ ᠪᠣᠯᠳᠠᠭ᠃ ᠠᠩᠬᠢ ᠶᠢᠨ ᠡᠷᠬᠢᠯᠡᠭᠴᠢ ᠴᠡᠪᠡᠷ ᠲᠡᠭᠰᠢ ᠡᠮᠦᠰᠴᠦ | ᠵᠡᠭᠦᠨ ᠪᠣᠯᠪᠠᠰᠤᠨ ᠰᠠᠶᠢᠬᠠᠨ ᠶᠠᠷᠢᠪᠠᠯ ᠰᠤᠷᠤᠭᠴᠢ ᠴᠤ ᠴᠡᠪᠡᠷ ᠲᠡᠭᠰᠢ ᠡᠮᠦᠰᠴᠦ ᠵᠡᠭᠦᠨ ᠪᠣᠯᠪᠠᠰᠤᠨ ᠰᠠᠶᠢᠬᠠᠨ | ᠶᠠᠷᠢᠬᠤ ᠶᠢ ᠬᠢᠴᠢᠶᠡᠳᠡᠭ᠃ ᠡᠶᠢᠮᠦ ᠠᠴᠠ ᠦᠪᠡᠷ ᠤᠨ ᠦᠭᠡ ᠶᠠᠷᠢᠶ᠎ᠠ ᠠᠴᠠ ᠪᠠᠨ ᠡᠬᠢᠯᠡᠨ ᠦᠢᠯᠡ | ᠠᠵᠢᠯᠯᠠᠭ᠎ᠠ ᠳᠤ ᠪᠠᠨ ᠬᠦᠷᠲᠡᠯ᠎ᠡ ᠰᠠᠶᠢᠲᠤᠷ ᠠᠩᠬᠠᠷᠴᠤ ᠨᠢᠭᠡᠨ ᠰᠠᠶᠢᠨ ᠬᠡᠪ ᠳᠠᠭᠤᠷᠢᠶᠠᠯ ᠪᠣᠯᠬᠤ ᠶᠢ ᠵᠣᠷᠢᠬᠤ | ᠬᠡᠷᠡᠭᠲᠡᠢ᠃ | ᠬᠤᠶᠠᠷ᠂ ᠰᠤᠷᠤᠭᠴᠢᠳ ᠤᠨ ᠤᠨᠴᠠᠯᠢᠭ ᠲᠤ ᠨᠢ ᠲᠤᠬᠢᠷᠠᠭᠤᠯᠤᠨ ᠬᠦᠮᠦᠵᠢᠭᠦᠯᠬᠦ | ᠬᠦᠮᠦᠰ ᠶᠡᠷᠦ ᠨᠢ ᠠᠪᠤ ᠬᠦᠮᠦᠨ ᠢ ︽ᠬᠠᠯᠠ ᠨᠢ ᠭᠠᠳᠠᠨ᠎ᠠ ᠪᠠᠨ᠂ ᠬᠠᠶᠢᠷ᠎ᠠ ᠨᠢ ᠳᠤᠲᠤᠨ᠎ᠠ | ᠪᠠᠨ︾ ᠭᠡᠳᠡᠭ᠃ ᠪᠠᠭᠰᠢ ᠬᠦᠮᠦᠨ ᠴᠦ ᠡᠭᠡᠭᠡ ᠠᠳᠠᠯᠢᠬᠠᠨ ᠪᠠᠶᠢᠳᠠᠭ ᠶᠤᠮ᠃ ᠪᠢᠳᠡ ᠡᠵᠢ ᠬᠦᠮᠦᠨ ᠤ ᠡᠨᠡᠷᠢᠩᠭᠦᠢ | ᠰᠡᠳᠬᠢᠯ ᠢᠶᠠᠷ ᠬᠡᠦᠬᠡᠳ ᠤᠳ ᠲᠠᠢ ᠪᠠᠨ ᠰᠡᠳᠬᠢᠯ ᠢᠶᠠᠨ ᠮᠡᠳᠡᠯᠴᠡᠵᠦ ᠲᠡᠳᠡᠨ ᠳᠤ ᠤᠴᠠᠷᠠᠵᠤ ᠪᠠᠶᠢᠭ᠎ᠠ ᠬᠦᠴᠢᠷᠳᠡᠯ | ᠲᠦᠪᠡᠭ ᠢ ᠨᠢ ᠤᠶᠢᠯᠠᠭᠠᠨ ᠰᠢᠢᠳᠪᠦᠷᠢᠯᠡᠵᠦ ᠦᠭᠬᠦ ᠬᠡᠷᠡᠭᠲᠡᠢ ᠪᠠᠶᠢᠳᠠᠭ᠃ ᠤᠨᠴᠠᠭᠠᠶᠢᠯᠠᠨ ᠲᠤᠤᠷ᠎ᠠ ᠤᠨ ᠤ | ᠪᠠᠶᠢᠷᠢ ᠳᠤ ᠰᠠᠭᠤᠭ᠎ᠠ ᠬᠡᠦᠬᠡᠳ᠂ ᠦᠨᠦᠴᠢᠨ ᠦᠷᠦᠭᠡᠰᠦᠨ ᠬᠡᠦᠬᠡᠳ ᠪᠤᠶᠤ ᠠᠰᠠᠭᠤᠳᠠᠯ ᠲᠠᠢ ᠰᠤᠷᠤᠭᠴᠢ ᠳᠤ ᠡᠨᠡ | ᠬᠠᠶᠢᠷ᠎ᠠ ᠳᠤᠲᠠᠭᠳᠠᠵᠤ ᠪᠣᠯᠤᠰᠢ ᠦᠭᠡᠢ ᠶᠤᠮ᠃ ᠠᠩᠬᠢ ᠶᠢᠨ ᠡᠷᠬᠢᠯᠡᠭᠴᠢ ᠦᠪᠡᠷ ᠤᠨ ᠦᠨᠡᠨ ᠰᠡᠳᠬᠢᠯ ᠠᠴᠠ ᠪᠠᠨ᠂ | ᠦᠭᠭᠢᠶᠡᠮᠦᠷ ᠬᠠᠶᠢᠷ᠎ᠠ ᠪᠠᠷ ᠢᠶᠠᠨ ᠤᠴᠢᠵᠤ ᠬᠡᠦᠬᠡᠳ ᠲᠠᠢ ᠪᠠᠨ ᠬᠠᠷᠢᠯᠴᠠᠮᠠᠨᠵᠢᠨ ᠰᠠᠶ᠋ᠢ ᠰᠤᠷᠤᠭᠴᠢ ᠶᠢᠨ ᠢᠶᠠᠨ | ᠢᠲᠡᠭᠡᠯ ᠬᠠᠶᠢᠷ᠎ᠠ ᠶᠢ ᠤᠯᠵᠤ ᠴᠢᠳᠠᠨ᠎ᠠ᠃ ᠬᠡᠦᠬᠡᠳ ᠰᠠᠶ᠋ᠢ ᠴᠢᠮ᠎ᠠ ᠳᠤ ᠰᠡᠳᠬᠢᠯ ᠢᠶᠠᠨ ᠳᠡᠯᠬᠡᠵᠦ | ᠴᠢᠳᠠᠨ᠎ᠠ᠃ ᠪᠢᠳᠡᠨ ᠤ ᠬᠤᠭᠤᠷᠤᠨᠳᠤᠬᠢ ᠵᠠᠢ ᠪᠠᠨ ᠪᠠᠭᠠᠰᠬᠠᠵᠤ ᠴᠢᠳᠠᠨ᠎ᠠ᠃ ᠬᠡᠪᠡᠴᠦ ᠠᠯᠢᠪᠡ ᠤᠴᠢᠷ ᠴᠦᠮ ᠬᠤᠶᠠᠷ | ᠲᠠᠯ᠎ᠠ ᠲᠠᠢ ᠪᠠᠶᠢᠳᠠᠭ᠃ ᠵᠠᠷᠢᠮ ᠰᠤᠷᠤᠭᠴᠢ ᠭᠡᠳᠦᠷᠭᠡᠢ ᠬᠠᠶᠢᠷ᠎ᠠ ᠶᠢᠨ ᠬᠠᠷᠢᠭᠤ ᠳᠤ ︽ᠳᠠᠪᠠᠭᠤᠷᠠᠬᠤ︾ ᠭᠡᠳ ᠪᠠᠶᠢᠳᠠᠭ | ᠶᠤᠮ᠃ ᠳᠡᠭᠡᠷᠡᠯᠬᠡᠬᠦ᠂ ᠦᠰᠢᠶᠡᠷᠭᠡᠭᠦ᠂ ᠡᠰᠡᠷᠭᠦᠴᠡᠬᠦ ᠵᠡᠷᠭᠡ ᠦᠵᠡᠭᠳᠡᠯ ᠴᠦᠮ ᠢᠯᠡᠷᠡᠬᠦ ᠪᠤᠯᠤᠯᠴᠠᠭ᠎ᠠ ᠲᠠᠢ᠃ ᠡᠶᠢᠮᠦ ᠠᠴᠠ | ᠠᠩᠬᠢ ᠶᠢᠨ ᠡᠷᠬᠢᠯᠡᠭᠴᠢ ᠶᠠᠭᠤᠨ ᠤ ᠡᠮᠦᠨ᠎ᠡ ᠦᠪᠡᠷ ᠤᠨ ᠡᠷᠬᠡ ᠰᠦᠷ ᠢᠶᠠᠨ ᠪᠤᠢ ᠪᠤᠯᠭᠠᠬᠤ ᠬᠡᠷᠡᠭᠲᠡᠢ | ᠪᠠᠶᠢᠳᠠᠭ᠃ ᠡᠷᠬᠡ ᠰᠦᠷ ᠢᠶᠠᠨ ᠪᠠᠶᠢᠭᠤᠯᠤᠭᠰᠠᠨ ᠰᠠᠭᠤᠷᠢᠨ ᠳᠡᠭᠡᠷ᠎ᠡ ᠰᠤᠷᠤᠭᠴᠢ ᠶᠢᠨ ᠢᠶᠠᠨ ᠤᠨᠴᠠᠯᠢᠭ ᠢ | ᠦᠨᠳᠦᠰᠦᠯᠡᠵᠦ ᠬᠠᠯᠠ ᠪᠠ ᠬᠠᠶᠢᠷ᠎ᠠ ᠶᠢ ᠤᠶᠠᠯᠳᠤᠭᠤᠯᠬᠤ ᠨᠢ ᠲᠤᠩ ᠴᠢᠬᠤᠯᠠ ᠪᠠᠶᠢᠳᠠᠭ᠃ | ᠡᠯ᠎ᠡ ᠲᠠᠯ᠎ᠠ ᠪᠠᠷ ᠰᠢᠯᠢᠳᠡᠭ᠂ ᠤᠮᠤᠭᠯᠠᠩ ᠰᠢᠬ ᠵᠠᠩ ᠲᠠᠢ ᠪᠡᠶ᠎ᠡ ᠪᠠᠨ ᠲᠤᠭᠤᠳᠠᠭ ᠭᠡᠦᠭᠡᠳ ᠢ ᠪᠤᠯ ᠬᠡᠲᠦᠷᠬᠡᠢ | ᠠᠭᠤᠷᠯᠠᠵᠤ ᠲᠠᠷᠤᠩᠭᠤᠶᠢᠯᠠᠪᠠᠯ ᠭᠡᠳᠡᠷᠭᠦ ᠪᠠᠨ ᠲᠡᠳᠡᠨ ᠤ ᠰᠦᠷᠭᠡᠦ ᠰᠡᠳᠬᠢᠯ ᠢ ᠪᠤᠢ ᠪᠤᠯᠭᠠᠨ᠎ᠠ᠃ ᠬᠡᠳᠦᠷᠬᠡᠢ ᠠᠶᠠᠳᠠᠵᠤ | ᠬᠦᠬᠡᠷᠦᠬᠦᠯᠪᠡᠯ ᠨᠡᠩ ᠤᠮᠤᠭᠯᠠᠩ ᠪᠠᠷᠳᠠᠮ ᠪᠤᠯᠳᠠᠭ᠃ ᠡᠶᠢᠮᠦ ᠠᠴᠠ ᠲᠡᠳᠡᠨ ᠤ ᠳᠠᠪᠠᠭᠤᠯᠢᠭ ᠲᠠᠯ᠎ᠠ ᠶᠢ ᠬᠦᠢᠴᠡᠳ | ᠦᠨᠡᠯᠡᠭᠰᠡᠨ ᠪᠠᠶᠢᠳᠠᠯ ᠤᠨ ᠲᠤᠤᠷ᠎ᠠ ᠳᠡᠳᠡᠨ ᠤ ᠪᠡᠶ᠎ᠡ ᠳᠡᠭᠡᠷ᠎ᠡ ᠤᠷᠤᠰᠢᠵᠤ ᠪᠠᠶᠢᠭ᠎ᠠ ᠠᠰᠠᠭᠤᠳᠠᠯ ᠵᠢᠴᠢ ᠬᠤᠤᠷ | ᠬᠦᠨᠦᠭᠡᠯ ᠢ ᠨᠢ ᠰᠢᠭᠤᠳ ᠲᠤᠳᠤᠷᠬᠠᠢ ᠶᠠᠷᠢᠵᠦ ᠦᠭᠬᠦ ᠭᠡᠷᠡᠭᠲᠡᠢ ᠪᠦᠬᠡᠳ ᠦᠷᠭᠦᠯᠵᠢ ᠶᠢᠨ ᠴᠢᠨᠠᠷᠲᠠᠢ ᠶᠠᠷᠢᠵᠤ | ᠰᠠᠨᠠᠭᠤᠯᠵᠤ ᠪᠠᠶᠢᠬᠤ ᠬᠡᠷᠡᠭᠲᠡᠢ᠃ ᠡᠬᠦᠨ ᠤ ᠬᠠᠮᠲᠦ ᠪᠠᠰᠠ ᠴᠢᠩᠭ᠎ᠠ ᠱᠠᠭᠠᠷᠳᠠᠯᠭ᠎ᠠ ᠶᠢ ᠲᠠᠯᠪᠢᠬᠤ ᠶᠢᠨ ᠳᠠᠭᠠᠤ | ᠲᠠᠪᠰᠢᠯᠲᠠ ᠠᠮᠵᠢᠯᠲᠠ ᠶᠢ ᠨᠢ ᠴᠠᠭ ᠲᠤᠬᠠᠢ ᠳᠤ ᠨᠢ ᠦᠨᠡᠯᠡᠵᠦ ᠵᠤᠷᠢᠬᠵᠢᠭᠤᠯᠵᠤ ᠪᠠᠶᠢᠬᠤ ᠴᠢᠬᠤᠯᠠᠲᠠᠢ᠃ | ᠦᠪᠡᠷ ᠢ ᠪᠠᠨ ᠢᠳᠡᠭᠡᠬᠦ ᠰᠡᠳᠬᠢᠯᠭᠡ ᠪᠠᠷ ᠠᠨᠠᠢ᠂ ᠪᠡᠶ᠎ᠡ ᠪᠠᠨ ᠭᠤᠯᠤᠳᠠᠭ᠂ ᠵᠤᠷᠢᠭ ᠪᠠᠭ᠎ᠠ ᠬᠡᠦᠬᠡᠳ ᠲᠤ ᠪᠤᠯ | ᠮᠠᠭᠳᠠᠭᠠᠯ ᠰᠠᠶᠢᠰᠢᠶᠠᠯ ᠲᠦᠢᠯ ᠤᠨ ᠴᠢᠬᠤᠯᠠ᠃ ᠤᠴᠢᠷ ᠨᠢ ᠲᠡᠳᠡᠨ ᠳᠤ ᠪᠤᠰᠤᠳ ᠤᠨ ᠢᠳᠡᠭᠡᠯ ᠪᠠ ᠵᠤᠷᠢᠬᠵᠢᠭᠤᠯᠤᠯ | ᠴᠢᠬᠤᠯᠠᠲᠠᠢ᠃ ᠳᠡᠳᠡ ᠪᠠᠭᠰᠢ ᠶᠢᠨ ᠬᠠᠷᠠᠴᠠ ᠠᠴᠠ ᠴᠦ ᠢᠲᠡᠭᠡᠯ᠂ ᠵᠤᠷᠢᠬᠵᠢᠭᠤᠯᠤᠯ᠂ ᠮᠠᠭᠲᠠᠭᠠᠯ ᠢ ᠤᠯᠵᠤ ᠬᠦᠷᠲᠡᠳᠡᠭ | ᠶᠤᠮ᠃ ᠶᠠᠭᠠᠬᠢᠭᠰᠠᠨ ᠴᠦ ᠭᠠᠳᠠᠭᠤᠷᠴᠢᠯᠠᠬᠤ᠂ ᠡᠭ᠍ᠳᠡᠭᠦᠴᠡᠬᠦ ᠤᠪᠤᠷ ᠢ ᠠᠪᠴᠤ ᠪᠤᠯᠬᠤ ᠦᠭᠡᠢ᠂ ᠦᠭᠡᠢ ᠪᠣᠯ | ᠬᠡᠦᠬᠡᠳ ᠲᠤ ᠨᠠᠰᠤᠨ ᠤ ᠭᠤᠮᠤᠳᠠᠯ ᠢ ᠠᠪᠴᠢᠷᠠᠨ᠎ᠠ᠃ ᠬᠡᠦᠬᠡᠳ ᠤᠨ ᠬᠦᠭᠵᠢᠯᠲᠡ ᠶᠢᠨ ᠤᠷᠤᠨ ᠵᠠᠢ ᠬᠡᠵᠢᠶᠡᠳᠡ | ᠪᠢᠳᠡᠨ ᠤ ᠰᠠᠨᠠᠭᠰᠠᠨ ᠠᠴᠠ ᠬᠤᠯᠠ ᠠᠭᠤᠵᠢᠮ ᠪᠠᠶᠢᠳᠠᠭ ᠶᠤᠮ᠃ ᠡᠶᠢᠮᠦ ᠠᠴᠠ ᠠᠩᠬᠢ ᠶᠢᠨ ᠡᠷᠬᠢᠯᠡᠭᠴᠢ ᠶᠠᠭᠠᠬᠢᠭᠰᠠᠨ | ᠴᠦ ᠬᠡᠦᠬᠡᠳ ᠲᠤ ᠪᠠᠨ ᠢᠳᠡᠭᠡᠯ ᠠᠯᠳᠠᠵᠤ ᠪᠤᠯᠬᠤ ᠦᠭᠡᠢ᠂ ᠳᠡᠳᠡᠨ ᠤ ᠦᠴᠦᠬᠡᠨ ᠪᠠᠭ᠎ᠠ ᠳᠠᠪᠰᠢᠯᠲᠠ ᠶᠢ ᠴᠦ | ᠭᠡᠰᠡᠨ᠂ ᠳᠡᠳᠡᠨ ᠤ ᠪᠡᠶ᠎ᠡ ᠳᠡᠭᠡᠷ᠎ᠡ ᠢᠯᠡᠷᠡᠵᠦ ᠪᠠᠶᠢᠭ᠎ᠠ ᠶᠠᠯᠢᠮ ᠦᠭᠡᠢ ᠪᠠᠭ᠎ᠠ ᠬᠢᠯᠠᠰ ᠴᠡᠭ ᠢ ᠴᠦ ᠭᠡᠰᠡᠨ ᠠᠳᠬᠤᠵᠤ | ᠪᠠᠶᠢᠭᠠᠳ ᠮᠠᠭᠳᠠᠵᠤ ᠵᠤᠷᠢᠬᠵᠢᠭᠤᠯᠵᠤ ᠪᠠᠶᠢᠬᠤ ᠭᠡᠷᠡᠭᠲᠡᠢ᠃ ᠵᠠᠷᠢᠮ ᠦᠶ᠎ᠡ ᠳᠤ ᠪᠠᠰᠠ ᠪᠡᠶ᠎ᠡ ᠳᠤ ᠪᠠᠨ ᠢᠲᠡᠭᠡᠯ | ᠦᠭᠡᠢ ᠬᠡᠦᠬᠡᠳ ᠨᠢ ᠵᠤᠬᠢᠬᠤ ᠬᠡᠮᠵᠢᠶᠠᠨ ᠤ ᠠᠯᠪᠠᠳᠠᠯᠭ᠎ᠠ ᠶᠢ ᠱᠠᠭᠠᠷᠳᠠᠳᠠᠭ᠃ ᠵᠢᠱᠢᠶᠡᠯᠡᠪᠡᠯ᠂ ᠲᠠᠶᠢᠰᠠᠨ ᠳᠤ | ᠭᠠᠷᠬᠤ ᠠᠴᠠ ᠠᠶᠤᠳᠠᠭ ᠪᠤᠶᠤ ᠤᠯᠠᠨ ᠤ ᠡᠮᠦᠨ᠎ᠡ ᠦᠭᠡ ᠲᠤᠤᠭᠠᠷᠬᠤ ᠠᠴᠠ ᠠᠶᠤᠳᠠᠭ ᠬᠡᠦᠬᠡᠳ ᠢ ᠠᠯᠪᠠᠳᠠᠭᠠᠳ | ᠡᠰᠡᠭᠦᠯ᠎ᠡ ᠠᠭᠤᠷᠯᠠᠭᠠᠳ ᠨᠢᠭᠡ ᠯᠠ ᠤᠳᠠᠭ᠎ᠠ ᠴᠦ ᠭᠡᠰᠡᠨ ᠲᠠᠶᠢᠰᠠᠨ ᠳᠤ ᠭᠠᠷᠭᠠᠭᠠᠳ ᠴᠢᠳᠠᠴᠢᠬᠠᠪᠠᠯ ᠡᠰᠠᠭᠦᠯ᠎ᠠ | ᠭᠠᠶᠢᠭᠤᠢ ᠰᠠᠶᠢᠬᠠᠨ ᠮᠠᠭᠲᠠᠭᠠᠳ ᠦᠭᠴᠢᠭᠡᠪᠡᠯ ᠰᠤᠷᠤᠭᠴᠢ ᠳᠤ ᠵᠦᠢᠷᠯᠡᠰᠢ ᠦᠭᠡᠢ ᠶᠡᠭᠡ ᠵᠤᠷᠢᠬᠵᠢᠭᠤᠯᠤᠯ | ᠪᠤᠯᠬᠤ ᠨᠢ ᠲᠡᠷᠡ᠂ ᠲᠡᠭᠡᠬᠦ ᠮᠦᠷᠲᠡᠭᠡᠨ ᠲᠠᠬᠢᠭᠠᠳ ᠲᠠᠶᠢᠰᠠᠨ ᠳᠤ ᠭᠠᠷᠤᠶ᠎ᠠ ᠭᠡᠰᠡᠨ ᠡᠷᠡᠮᠡᠯᠵᠡᠯ ᠲᠠᠢ ᠪᠣᠯᠬᠤ ᠶᠤᠮ᠃ | ᠦᠩᠭᠡᠷᠡᠭᠰᠡᠨ ᠳᠤ ᠮᠢᠨᠦ ᠠᠩᠬᠢ ᠳᠤ ᠨᠢᠭᠡ ᠰᠠᠶᠢᠬᠠᠨ ᠬᠡᠦᠬᠡᠨ ᠰᠤᠷᠤᠭᠴᠢ ᠪᠠᠶᠢᠭᠰᠠᠨ᠂ ᠲᠡᠷᠡ | ᠪᠠᠭ᠎ᠠ ᠳᠤ ᠪᠠᠨ ᠨᠢᠭᠡ ᠤᠳᠠᠭᠠᠨ ᠤ ᠡ᠊ᠨᠳᠡᠯ ᠠᠴᠠ ᠪᠤᠯᠵᠤ ᠬᠦᠯ ᠤᠨ ᠰᠢᠷᠪᠤᠰᠤ ᠪᠠᠨ ᠬᠡᠮᠲᠦᠭᠡᠭᠰᠡᠨ ᠤᠴᠢᠷ ᠠᠴᠠ | ᠪᠤᠰᠤᠳ ᠬᠡᠦᠬᠡᠨ ᠰᠢᠭ ᠪᠦᠵᠢᠭᠯᠡᠵᠦ ᠴᠢᠳᠠᠬᠤ ᠦᠭᠡᠢ ᠬᠡᠵᠢᠶᠡᠳᠡ ᠤᠷᠮ᠎ᠠ ᠠᠯᠳᠠᠷᠠᠵᠤ ᠪᠠᠶᠢᠳᠠᠭ᠃ ᠬᠠᠮᠲᠦ | ᠨᠦᠬᠦᠳ ᠤᠨ ᠢᠶᠠᠨ ᠪᠦᠵᠢᠭᠯᠡᠬᠦ ᠶᠢ ᠬᠠᠷᠠᠭᠠᠳ ᠲᠡᠭᠡᠵᠦ ᠪᠠᠭ᠋ᠠᠷᠬᠠᠳᠠᠭ ᠪᠠᠶᠢᠭᠰᠠᠨ ᠢ ᠨᠢ ᠬᠠᠷᠠᠭᠠᠳ ᠪᠢ ᠴᠦ ᠵᠤᠪᠠᠵᠤ | ᠪᠠᠶᠢᠭᠰᠠᠨ᠃ ᠲᠡᠭᠡᠭᠡᠳ ᠨᠢᠭᠡ ᠡᠳᠦᠷ ᠲᠡᠬᠦᠨ ᠲᠠᠢ ᠲᠤᠰᠬᠠᠶᠢᠯᠠᠨ ᠶᠠᠷᠢᠯᠴᠠᠵᠤ᠄ ︽ᠲᠠ ᠪᠣᠰᠣᠳ ᠬᠡᠦᠭᠡᠳ ᠲᠠᠢ | ᠠᠳᠠᠯᠢ ᠪᠦᠵᠢᠭᠯᠡᠵᠦ ᠴᠢᠳᠠᠬᠤ ᠦᠭᠡᠢ ᠭᠡᠵᠦ ᠪᠢᠳᠡᠬᠡᠢ ᠵᠤᠪᠠ᠂ ᠤᠴᠢᠷ ᠨᠢ ᠴᠢᠮ᠎ᠠ ᠳᠤ ᠪᠠᠰᠠ ᠦᠪᠡᠷ ᠤᠨ ᠴᠢᠨᠢ | ᠳᠠᠪᠠᠭᠤᠯᠢᠭ ᠲᠠᠯ᠎ᠠ ᠪᠠᠶᠢᠨ᠎ᠠ ᠰᠢᠦ᠂ ᠴᠢᠨᠦ ᠵᠤᠬᠢᠶᠠᠯ ᠪᠢᠴᠢᠬᠦ ᠴᠢᠨᠢ ᠲᠤᠩ ᠰᠠᠶᠢᠨ᠂ ᠡᠶᠢᠮᠦ ᠠᠴᠠ ᠢᠯᠡᠬᠦᠦ ᠨᠤᠮ | ᠤᠩᠰᠢ᠂ ᠢᠯᠡᠬᠦᠦ ᠵᠤᠬᠢᠶᠠᠯ ᠪᠢᠴᠢ᠂ ᠪᠠᠭᠰᠢ ᠨᠢ ᠵᠠᠰᠠᠵᠤ ᠦᠭᠬᠦᠶ᠎ᠡ︾ ᠭᠡᠵᠦ ᠵᠤᠷᠢᠬᠵᠢᠭᠤᠯᠤᠭᠰᠠᠨ ᠶᠤᠮ᠃ ᠶᠠᠭ | ᠲᠡᠷᠡ ᠡᠳᠦᠷ ᠠᠴᠠ ᠡᠬᠢᠯᠡᠨ ᠮᠢᠨᠦ ᠡᠨᠡ ᠰᠤᠷᠤᠭᠴᠢ ᠵᠤᠬᠢᠶᠠᠯ ᠪᠢᠴᠢᠬᠦ ᠶᠡᠭᠡ ᠲᠤᠷᠠᠲᠠᠢ ᠪᠤᠯᠤᠭᠰᠠᠨ᠂ ᠤᠯᠠᠨ ᠣᠯᠠᠨ | ᠵᠤᠬᠢᠶᠠᠯ ᠪᠢᠴᠢᠵᠦ ᠨᠠᠳᠠ ᠪᠠᠷ ᠵᠠᠰᠠᠭᠤᠯᠳᠠᠭ ᠪᠠᠶᠢᠭᠰᠠᠨ᠃ ᠪᠢ ᠴᠦ ᠭᠡᠰᠡᠨ ᠪᠢᠴᠢᠭᠰᠡᠨ ᠵᠤᠬᠢᠶᠠᠯ ᠪᠤᠯᠭᠠᠨ ᠢ ᠨᠢ | ᠬᠢᠨᠠᠵᠤ ᠵᠠᠰᠠᠨ᠂ ᠮᠠᠭᠳᠠᠵᠤ ᠵᠤᠷᠢᠬᠵᠢᠭᠤᠯᠤᠭᠰᠠᠨ ᠶᠤᠮ᠃ ᠰᠡᠭᠦᠯ ᠳᠤ ᠨᠢ ᠦᠪᠡᠷ ᠤᠨ ᠪᠦᠲᠦᠭᠡᠯ ᠢᠶᠠᠨ | ︽ᠴᠤᠮᠤᠷᠯᠢᠭ︾ ᠰᠡᠳᠬᠦᠯ ᠳᠡᠬᠡᠷ᠎ᠡ ᠨᠡᠶᠢᠲᠡᠯᠡᠭᠦᠯᠵᠦ ᠶᠡᠭᠡ ᠤᠮᠤᠭᠰᠢᠵᠤ ᠪᠠᠶᠢᠭᠰᠠᠨ ᠶᠤᠮ᠃ | ᠪᠠᠰᠠ ᠨᠢᠭᠡ ᠡᠷᠡᠭᠳᠠᠢ ᠰᠤᠷᠤᠭᠴᠢ ᠪᠠᠶᠢᠭᠰᠠᠨ᠂ ᠲᠡᠷᠡ ᠲᠦᠷᠦᠯᠬᠢ ᠲᠠᠷᠢᠬᠢᠨ ᠪᠤᠶᠢᠵᠢᠯᠲᠠ ᠠᠨᠠᠢ᠃ ᠦᠰᠦᠭ | ᠪᠢᠴᠢᠭ ᠢ ᠶᠠᠭ ᠲᠤᠭᠳᠠᠭᠠᠵᠤ ᠴᠡᠭᠡᠵᠢᠯᠡᠵᠦ ᠴᠢᠳᠠᠬᠤ ᠦᠭᠡᠢ ᠪᠠᠶᠢᠳᠠᠭ᠃ ᠨᠢᠭᠡ ᠡᠳᠦᠷ ᠤᠨ ᠴᠠᠭ ᠢ ᠵᠠᠷᠤᠴᠠᠭᠤᠯᠤᠨ | ︽ᠪᠤᠳᠠᠭ᠎ᠠ︾ ᠭᠡᠰᠡᠨ ᠦᠰᠦᠭ ᠢ ᠤᠩᠰᠢᠭᠤᠯᠵᠤ ᠪᠢᠴᠢᠭᠦᠯᠵᠦ ᠰᠤᠷᠭᠠᠨ᠂ ᠳᠠᠷᠠᠭ᠎ᠠ ᠡᠳᠦᠷ ᠨᠢ ᠰᠠᠮᠪᠠᠷ᠎ᠠ ᠳᠡᠭᠡᠷ᠎ᠡ ᠮᠦᠨ | ᠡᠨᠡ ᠦᠰᠦᠭ ᠢᠶᠠᠨ ᠪᠢᠴᠢᠬᠡᠳ ᠤᠩᠰᠢᠭᠤᠯᠤᠭᠰᠠᠨ ᠳᠤ ᠲᠡᠷᠡ ᠪᠤᠳᠤᠵᠤ ᠪᠤᠳᠤᠭᠠᠳ ︽ᠳ᠋ᠠ ᠮᠢ︾ ᠬᠡᠵᠦ ᠤᠩᠰᠢᠳᠠᠭ | ᠪᠠᠶᠢᠭᠰᠠᠨ᠃ ᠳᠡᠭᠡᠭᠡᠳ ᠶᠠᠭᠠᠬᠢᠳᠠᠭ ᠪᠢᠯᠡ︖ ᠢᠩᠬᠢᠵᠦ ᠵᠦᠭᠡᠷ ᠰᠠᠭᠤᠯᠭᠠᠵᠤ ᠴᠠᠭ ᠢ ᠨᠢ ᠪᠠᠷᠠᠭᠠᠳ ᠶᠠᠭᠤ ᠴᠦ | ᠰᠤᠷᠭᠠᠵᠤ ᠴᠢᠳᠠᠬᠤ ᠦᠭᠡᠢ ᠠᠮᠠᠷ ᠦᠭᠡᠢ ᠳ᠋ᠠ ᠭᠡᠵᠦ ᠪᠤᠳᠤᠵᠤ ᠪᠠᠶᠢᠭᠰᠠᠨ ᠶᠤᠮ᠃ ᠲᠡᠭᠡᠭᠡᠳ ᠨᠢᠬᠡ ᠡᠳᠦᠷ | ᠲᠡᠬᠦᠨ ᠤ ᠵᠢᠷᠤᠭ ᠵᠢᠷᠤᠬᠤ ᠲᠤᠩ ᠲᠤᠷᠠᠲᠠᠢ ᠪᠠᠶᠢᠳᠠᠭ ᠪᠦᠭᠡᠳ ᠳᠠᠪᠠᠭᠤ ᠰᠠᠶᠢᠬᠠᠨ ᠵᠢᠷᠤᠳᠠᠭ ᠢ ᠪᠤᠳᠤᠵᠤ | ᠤᠯᠤᠭᠠᠳ ᠨᠢᠬᠡ ᠤᠬᠠᠭᠠᠨ ᠤᠷᠤᠭᠰᠠᠨ ᠶᠤᠮ᠃ ᠪᠢ ᠲᠡᠭᠦᠨ ᠤ ᠵᠢᠷᠤᠭ ᠵᠢᠷᠤᠬᠤ ᠶᠢ ᠨᠢ ᠶᠡᠭᠡ ᠪᠠᠷ ᠵᠤᠷᠢᠬᠵᠢᠭᠤᠯᠤᠨ | ᠡ᠊ᠨᠳᠡ ᠲᠡᠨᠳᠡ ᠨᠢ ᠪᠠᠭ᠎ᠠ ᠰᠠᠭ᠎ᠠ ᠵᠢᠭᠠᠵᠤ ᠲᠤᠬᠢᠨ ᠵᠠᠰᠠᠭᠤᠯᠵᠤ ᠬᠤᠷᠢᠭᠠᠳ ᠬᠤᠪᠢ ᠰᠠᠶᠢᠬᠠᠨ ᠵᠢᠷᠤᠭ ᠤᠨ | ᠪᠦᠲᠦᠭᠡᠯ ᠢ ᠨᠢ ᠴᠤᠭᠯᠠᠭᠤᠯᠵᠤ ᠠᠩᠬᠢ ᠶᠢᠨ ᠭᠡᠷ ᠤᠨ ᠡᠭᠦᠳᠡ ᠬᠠᠪᠢ ᠶᠢᠨ ᠭᠤᠳᠤᠮᠵᠢᠨ ᠭᠡᠷᠡᠮ ᠳᠡᠭᠡᠷ᠎ᠡ ᠪᠠᠭᠠᠬᠠᠨ | ᠬᠡᠪᠴᠢᠶᠡᠨ ᠤ ᠬᠤᠪᠢ ᠬᠦᠮᠦᠨ ᠤ ᠤᠷᠠᠨ ᠵᠢᠷᠤᠭ ᠤᠨ ᠦᠵᠡᠰᠬᠦᠯᠡᠩ ᠡᠷᠬᠢᠯᠡᠵᠦ ᠦᠭᠬᠦᠭᠰᠡᠨ ᠶᠤᠮ᠃ | ᠪᠦᠲᠦᠭᠡᠯ ᠤᠨ ᠬᠢ ᠨᠢ ᠬᠠᠮᠤᠭ ᠤᠨ ᠡᠬᠢᠨ ᠳᠤ ᠲᠤᠰ ᠰᠤᠷᠤᠭᠴᠢ ᠶᠢᠨ ᠰᠡᠭᠦᠳᠡᠷ ᠢ ᠬᠠᠳᠠᠭᠰᠠᠨ ᠲᠦᠭᠦᠮ | ᠲᠠᠨᠢᠯᠴᠠᠭᠤᠯᠭ᠎ᠠ ᠶᠢ ᠨᠠᠭᠠᠭᠰᠠᠨ ᠶᠤᠮ᠃ ᠤᠨᠳᠤᠤ ᠠᠩᠬᠢ ᠶᠢᠨ ᠤᠯᠠᠨ ᠰᠤᠷᠤᠭᠴᠢ ᠢᠷᠡᠵᠦ ᠰᠤᠨᠢᠷᠬᠠᠭᠰᠠᠨ᠂ ᠳᠡᠭᠡᠬᠦ | ᠮᠦᠷᠲᠡᠭᠡᠨ ᠰᠤᠨᠢᠷᠬᠠᠭᠰᠠᠨ ᠬᠦᠮᠦᠨ ᠪᠦᠬᠦᠨ ᠭᠠᠷ ᠤᠨ ᠦᠰᠦᠭ ᠵᠢᠷᠤᠬᠤ ᠠᠪᠴᠠᠯ ᠢ ᠠᠪᠤᠭᠰᠠᠨ ᠪᠠᠶᠢᠳᠠᠭ᠃ ᠮᠠᠨ ᠤ | ᠲᠡᠷᠡ ᠰᠤᠷᠤᠭᠴᠢ ᠶᠢᠨ ᠪᠠᠶᠠᠷᠯᠠᠭᠰᠠᠨ ᠢ ᠶᠠᠭᠤ ᠬᠡᠯᠡᠬᠦ ᠪᠤᠢ᠃ ᠵᠢᠷᠤᠭ ᠢ ᠤᠯᠠᠮ ᠴᠦ ᠵᠢᠷᠤᠬᠤ ᠲᠤᠷᠠᠲᠠᠢ ᠪᠤᠯᠤᠭᠰᠠᠨ᠂ | ᠶᠠᠭᠤ ᠴᠦ ᠭᠡᠰᠡᠨ ᠲᠡᠬᠦᠨ ᠢ ᠬᠠᠪᠰᠤᠷᠴᠤ ᠪᠠᠭ᠎ᠠ ᠰᠤᠷᠭᠠᠭᠤᠯᠢ ᠶᠢᠨ ᠠᠮᠢᠳᠤᠷᠠᠯ ᠳᠤ ᠨᠢ ᠪᠠᠶᠠᠷᠲᠠᠢ ᠴᠠᠭ ᠮᠦᠴᠡ ᠶᠢ | ᠨᠡᠮᠡᠯ᠎ᠠ ᠳ᠋ᠠ ᠭᠡᠵᠦ ᠪᠢ ᠪᠠᠰᠠ ᠳᠠᠪᠠᠭᠤ ᠰᠡᠳᠬᠢᠯ ᠴᠠᠳᠬᠤᠯᠠᠩ ᠪᠤᠯᠤᠭᠰᠠᠨ ᠶᠤᠮ᠃ | ᠡᠳᠡᠭᠡᠷ ᠪᠤᠯ ᠴᠦᠮ ᠰᠤᠷᠤᠭᠴᠢ ᠶᠢᠨ ᠤᠨᠴᠠᠯᠢᠭ ᠲᠤ ᠨᠢ ᠲᠤᠬᠢᠷᠠᠭᠤᠯᠤᠨ ᠬᠦᠮᠦᠵᠢᠭᠦᠯᠵᠦ ᠪᠠᠶᠢᠭ᠎ᠠ ᠶᠠᠪᠤᠳᠠᠯ | ᠮᠦᠨ ᠭᠡᠵᠦ ᠪᠢ ᠦᠵᠡᠳᠡᠭ᠃ ᠰᠤᠷᠤᠭᠴᠢ ᠶᠢᠨ ᠤᠨᠴᠠᠯᠢᠭ ᠲᠤ ᠨᠢ ᠲᠤᠬᠢᠷᠠᠭᠤᠯᠤᠨ ᠬᠦᠮᠦᠵᠢᠯ ᠬᠢᠬᠦ ᠨᠢ | ᠬᠡᠦᠬᠡᠳ ᠤᠨ ᠵᠤᠷᠢᠭ ᠢ ᠬᠦᠪᠴᠢᠯᠡᠵᠦ ᠢᠳᠡᠭᠡᠯ ᠢ ᠪᠤᠢ ᠪᠤᠯᠭᠠᠳᠠᠭ᠃ ᠨᠡᠩ ᠴᠢᠨᠠᠭᠰᠢᠯᠠᠪᠠᠯ ᠬᠡᠦᠬᠡᠳ ᠤᠨ | ᠬᠤᠵᠢᠮ ᠤᠨ ᠵᠠᠮ ᠳᠤ ᠨᠢ ᠨᠢᠬᠡᠨ ᠬᠡᠷᠡᠯᠲᠦ ᠴᠠᠮᠬᠠᠭ ᠠᠰᠠᠭᠠᠵᠤ ᠦᠭᠴᠦ ᠪᠠᠶᠢᠭ᠎ᠠ ᠶᠠᠪᠤᠳᠠᠯ ᠪᠤᠯᠤᠨ᠎ᠠ ᠭᠡᠵᠦ | ᠦᠵᠡᠵᠦ ᠪᠤᠯᠤᠨ᠎ᠠ᠃ | ᠭᠤᠷᠪᠠ᠂ ᠠᠩᠬᠢ ᠶᠢᠨ ᠡᠷᠬᠢᠯᠡᠭᠴᠢ ᠵᠠᠪᠠᠯ ᠳᠡᠳᠬᠠᠯ ᠤᠨ ᠬᠦᠮᠦᠵᠢᠯ ᠢ ᠰᠠᠶᠢᠨ ᠬᠢᠬᠦ ᠬᠡᠷᠡᠭᠲᠡᠢ᠃ | ᠨᠢᠬᠡ ᠰᠤᠷᠤᠭᠴᠢ ᠶᠢ ᠰᠢᠯᠢᠳᠡᠭ ᠰᠤᠷᠤᠭᠴᠢ ᠪᠤᠯᠭᠠᠨ ᠬᠦᠮᠦᠵᠢᠬᠦᠯᠬᠦ ᠳᠤ ᠪᠤᠯᠪᠠᠰᠤᠨ ᠰᠠᠶᠢᠬᠠᠨ ᠳᠠᠳᠬᠠᠯ ᠢ | ᠬᠦᠮᠦᠵᠢᠭᠦᠯᠵᠦ ᠦᠭᠬᠦ ᠨᠢ ᠲᠤᠩ ᠴᠢᠬᠤᠯᠠ ᠪᠠᠶᠢᠳᠠᠭ᠃ ᠲᠠᠷᠤᠢ ᠦᠪᠡᠷ ᠤᠨ ᠤᠬᠠᠮᠰᠠᠷ ᠠᠴᠠ ᠪᠠᠨ ᠤᠴᠢᠵᠤ | ᠠᠶᠠᠨᠳᠠᠭᠠᠨ ᠬᠦᠢᠴᠡᠳᠭᠡᠳᠡᠭ ᠳᠠᠳᠬᠠᠯ ᠢ ᠪᠤᠢ ᠪᠤᠯᠭᠠᠬᠤ ᠶᠠᠪᠤᠳᠠᠯ ᠮᠦᠨ᠃ ᠵᠢᠱᠢᠶᠡᠯᠡᠪᠡᠯ᠂ ᠬᠡᠵᠢᠶᠡᠳᠡ | ᠴᠠᠭ ᠲᠤ ᠪᠠᠨ ᠰᠤᠷᠭᠠᠭᠤᠯᠢ ᠳᠤ ᠪᠠᠨ ᠢᠷᠡᠬᠦ ᠳᠠᠳᠬᠠᠯ᠂ ᠵᠢᠵᠢᠬᠦᠷ ᠢᠶᠠᠨ ᠬᠠᠷᠢᠭᠤᠴᠠᠯᠭ᠎ᠠ ᠲᠠᠢ ᠰᠠᠶᠢᠨ ᠬᠢᠬᠦ | ᠳᠠᠳᠬᠠᠯ᠂ ᠰᠢᠷᠡᠭᠡ ᠰᠠᠨᠳᠠᠯᠢ ᠪᠠᠨ ᠬᠡᠵᠢᠶᠡᠳᠡ ᠲᠡᠷᠢ ᠳᠡᠭᠰᠢ ᠪᠠᠶᠢᠯᠭᠠᠬᠤ ᠳᠠᠳᠬᠠᠯ᠂ ᠪᠢᠴᠢᠭ ᠤᠨ ᠪᠤᠭᠴᠤ ᠰᠢᠷᠡᠭᠡᠨ | ᠰᠢᠷᠭᠤᠭᠤᠯ ᠢᠶᠠᠨ ᠬᠡᠵᠢᠶᠡᠳᠡ ᠴᠡᠪᠡᠷ ᠰᠠᠶᠢᠬᠠᠨ ᠪᠠᠶᠢᠯᠭᠠᠬᠤ ᠳᠡᠳᠬᠠᠯ᠂ ᠬᠢᠴᠢᠶᠡᠯ ᠪᠠᠭᠤᠭᠰᠠᠭᠠᠷ ᠳᠡᠪᠳᠡᠷ ᠨᠤᠮ ᠢᠶᠠᠨ | ᠲᠢᠭᠯᠡᠵᠦ ᠬᠤᠷᠢᠶᠠᠬᠤ ᠳᠠᠳᠬᠠᠯ᠂ ᠠᠰᠠᠷ ᠤᠨ ᠭᠤᠳᠤᠮᠵᠢ ᠳᠤ ᠦᠢᠮᠡᠯᠳᠦᠵᠦ ᠱᠤᠤᠭᠢᠯᠳᠤᠬᠤ ᠦᠭᠡᠢ ᠨᠠᠮ ᠵᠢᠮ ᠢ | ᠪᠠᠲᠤᠯᠠᠬᠤ ᠳᠠᠳᠬᠠᠯ᠂ ᠬᠦᠯ ᠲᠤᠯᠤᠭᠠᠢ ᠪᠠᠨ ᠦᠷᠭᠦᠯᠵᠢ ᠤᠬᠢᠶᠠᠵᠤ ᠴᠡᠪᠡᠷᠯᠡᠨ ᠴᠡᠪᠡᠷ ᠲᠡᠭᠰᠢ ᠡᠮᠦᠰᠴᠦ ᠵᠡᠬᠦᠬᠦ | ᠳᠠᠳᠬᠠᠯ᠂ ᠦᠷᠬᠦᠯᠵᠢ ᠨᠤᠮ ᠤᠩᠰᠢᠬᠤ ᠳᠠᠳᠬᠠᠯ᠂ ᠠᠬᠠᠮᠠᠳ ᠢᠶᠠᠨ ᠬᠦᠨᠳᠦᠯᠡᠬᠦ᠂ ᠳᠡᠭᠦᠦ ᠨᠠᠷ ᠢᠶᠠᠨ ᠬᠠᠶᠢᠷᠠᠯᠠᠬᠤ᠂ | ᠡᠨᠡᠷᠢᠩᠭᠦᠢ ᠰᠡᠳᠬᠢᠯ ᠲᠠᠢ ᠪᠠᠶᠢᠬᠤ᠂ ᠠᠴᠢᠯᠠᠯ ᠤᠨ ᠰᠡᠳᠬᠢᠯ ᠲᠠᠢ ᠪᠠᠶᠢᠬᠤ᠂ ᠨᠦᠬᠦᠳ ᠲᠠᠢ ᠪᠠᠨ ᠡᠶ᠎ᠡ ᠨᠠᠶᠢᠷ ᠲᠠᠢ | ᠪᠠᠶᠢᠬᠤ᠂ ᠳᠡᠭᠰᠢᠬᠡᠨ ᠰᠠᠭᠤᠵᠤ ᠤᠩᠰᠢᠵᠦ ᠪᠢᠴᠢᠬᠦ ᠳᠠᠳᠬᠠᠯ ᠬᠡᠬᠦ ᠮᠡᠲᠦ ᠶᠢᠨ ᠰᠠᠶᠢᠬᠠᠨ ᠳᠠᠳᠬᠠᠯ ᠢ ᠠᠯᠪᠠᠳᠠᠬᠤ | ᠪᠤᠶᠤ ᠠᠷᠭᠠᠳᠠᠬᠤ ᠵᠡᠷᠭᠡ ᠤᠯᠠᠨ ᠵᠦᠢᠯ ᠤᠨ ᠠᠷᠭ᠎ᠠ ᠠᠪᠴᠠᠯ ᠢ ᠠᠪᠴᠤ ᠳᠠᠳᠬᠠᠯᠰᠢᠭᠤᠯᠬᠤ ᠶᠠᠪᠤᠳᠠᠯ ᠪᠤᠯᠤᠨ᠎ᠠ᠃ | ᠡᠳᠡᠭᠡᠷ ᠰᠠᠶᠢᠬᠠᠨ ᠳᠠᠳᠬᠠᠯ ᠢ ᠪᠦᠷᠢᠯᠳᠦᠬᠦᠯᠵᠦ ᠴᠢᠳᠠᠪᠠᠯ ᠰᠤᠷᠤᠭᠴᠢᠳ ᠤᠨ ᠬᠤᠵᠢᠮ ᠢᠷᠡᠭᠡᠳᠦᠢ ᠴᠢᠨᠠᠭᠰᠢᠯᠠᠪᠠᠯ | ᠨᠢᠭᠡ ᠨᠠᠰᠤᠨ ᠤ ᠬᠢ ᠨᠢ ᠠᠵᠢᠯ ᠠᠮᠢᠳᠤᠷᠠᠯ ᠢ ᠨᠦᠯᠦᠭᠡᠯᠡᠵᠦ ᠴᠢᠳᠠᠨ᠎ᠠ᠃ | ᠲᠦᠷᠪᠡ᠂ ᠠᠩᠬᠢ ᠶᠢᠨ ᠡᠷᠬᠢᠯᠡᠭᠴᠢ ᠪᠤᠯᠤᠭᠰᠠᠳ ᠰᠤᠷᠤᠭᠴᠢᠳ ᠤᠨ ᠴᠢᠳᠠᠪᠤᠷᠢ ᠶᠢᠨ ᠬᠦᠮᠦᠵᠢᠯ ᠢ | ᠠᠩᠬᠠᠷᠬᠤ | ᠠᠩᠬᠢ ᠶᠢᠨ ᠡᠷᠬᠢᠯᠡᠭᠴᠢ ᠠᠩᠬᠢ ᠶᠢᠨ ᠠᠵᠢᠯ ᠢᠶᠠᠨ ᠬᠢᠬᠦ ᠶᠠᠪᠤᠴᠠ ᠲᠤᠮᠳᠠ ᠪᠠᠨ ᠰᠤᠷᠤᠭᠴᠢᠳ ᠤᠨ | ᠴᠢᠳᠠᠪᠤᠷᠢ ᠶᠢᠨ ᠬᠦᠮᠦᠵᠢᠯ ᠬᠢᠬᠦ ᠶᠢ ᠪᠠᠰᠠ ᠠᠩᠬᠠᠷᠪᠠᠯ ᠵᠤᠬᠢᠨ᠎ᠠ᠃ ᠤᠨᠴᠠᠭᠠᠶᠢᠯᠠᠨ ᠰᠤᠷᠤᠭᠴᠢᠳ ᠤᠨ ᠪᠡᠶ᠎ᠡ ᠪᠠᠨ | ᠳᠠᠭᠠᠭᠠᠬᠤ ᠴᠢᠳᠠᠪᠤᠷᠢ᠂ ᠦᠪᠡᠷ ᠢ ᠪᠠᠨ ᠢᠳᠡᠭᠡᠬᠦ ᠪᠠ ᠢᠯᠡᠷᠡᠬᠦᠯᠬᠦ ᠴᠢᠳᠠᠪᠤᠷᠢ᠂ ᠢᠳᠡᠪᠬᠢᠲᠡᠢ ᠰᠡᠳᠬᠢᠵᠦ ᠵᠤᠷᠢᠭᠲᠠᠢ | ᠤᠷᠤᠯᠳᠤᠬᠤ ᠴᠢᠳᠠᠪᠤᠷᠢ ᠶᠢ ᠪᠤᠯᠪᠠᠰᠤᠷᠠᠭᠤᠯᠵᠤ ᠭᠠᠷᠭᠠᠬᠤ ᠪᠤᠯᠤᠯᠴᠠᠭ᠎ᠠ ᠲᠤᠩ ᠦᠨᠳᠦᠷ᠃ ᠤᠴᠢᠷ ᠶᠠᠪᠤᠳᠠᠯ | ᠪᠤᠯᠭᠠᠨ ᠳᠤ ᠠᠩᠬᠢ ᠶᠢᠨ ᠡᠷᠬᠢᠯᠡᠭᠴᠢ ᠦᠪᠡᠷ ᠢᠶᠠᠨ ᠬᠦᠵᠦᠬᠦᠦ ᠰᠤᠩᠭᠠᠨ ᠰᠤᠷᠤᠭᠴᠢ ᠶᠢᠨ ᠢᠶᠠᠨ ᠡᠮᠦᠨ᠎ᠡ ᠠᠴᠠ | ᠬᠦᠶᠦᠵᠦ ᠲᠡᠳᠡᠨ ᠳᠤ ᠠᠯᠢᠪᠡ ᠶᠢ ᠪᠡᠯᠡᠬᠡᠨ ᠪᠤᠯᠭᠠᠬᠤ ᠨᠢ ᠰᠤᠷᠤᠭᠴᠢᠳ ᠲᠤ ᠠᠪᠴᠤ ᠬᠡᠯᠡᠪᠡᠯ ᠲᠠᠭᠠᠯᠠᠮᠵᠢᠲᠠᠢ ᠬᠡᠳᠡᠭ | ᠪᠤᠯᠪᠠᠴᠤ ᠳᠡᠳᠡᠨ ᠤ ᠬᠤᠪᠢ ᠪᠡᠶ᠎ᠡ ᠶᠢᠨ ᠬᠦᠭᠵᠢᠯᠲᠡ ᠳᠤ ᠳᠡᠮᠡᠢ ᠠᠰᠢᠭ ᠦᠭᠡᠢ ᠪᠠᠶᠢᠳᠠᠭ᠃ ᠡᠶᠢᠮᠦ ᠠᠴᠠ | ᠰᠤᠷᠤᠭᠴᠢᠳ ᠤᠨ ᠪᠡᠶᠡᠴᠢ ᠴᠢᠳᠠᠮᠠᠭᠠᠢ ᠴᠢᠨᠠᠷ ᠢ ᠪᠠᠳᠠᠷᠠᠭᠤᠯᠵᠤ᠂ ᠬᠢᠵᠦ ᠴᠢᠳᠠᠬᠤ ᠬᠡᠪᠴᠢᠶᠡᠨ ᠳᠤᠲᠤᠷᠠᠬᠢ ᠠᠵᠢᠯ ᠢ | ᠦᠪᠡᠷ ᠤᠨ ᠪᠡᠶ᠎ᠡ ᠪᠠᠷ ᠨᠢ ᠬᠦᠢᠴᠡᠳᠭᠡᠭᠦᠯᠵᠦ ᠪᠠᠶᠢᠪᠠᠯ ᠵᠤᠬᠢᠨ᠎ᠠ᠃ ᠵᠢᠱᠢᠶᠡᠯᠡᠪᠡᠯ᠂ ᠠᠩᠬᠢ ᠶᠢᠨ ᠳᠠᠷᠤᠭ᠎ᠠ | ᠠᠩᠬᠢ ᠪᠠᠨ ᠵᠤᠬᠢᠶᠠᠨ ᠪᠠᠶᠢᠭᠤᠯᠵᠤ ᠡᠯ᠎ᠡ ᠵᠦᠢᠯ ᠤᠨ ᠬᠦᠳᠡᠯᠭᠡᠭᠡᠨ ᠳᠤ ᠤᠷᠤᠯᠴᠠᠬᠤ᠂ ᠵᠢᠵᠢᠬᠦᠷ ᠴᠡᠪᠡᠷᠯᠡᠭᠡ ᠶᠢᠨ | ᠠᠵᠢᠯ ᠢ ᠪᠠᠭᠰᠢ ᠪᠠᠷ ᠶᠠᠷᠢᠭᠤᠯᠬᠤ ᠦᠭᠡᠢ ᠪᠠᠷ ᠤᠬᠠᠮᠰᠠᠷ ᠠᠴᠠ ᠪᠠᠨ ᠬᠢᠯᠠᠯᠵᠠᠲᠠᠯᠠ ᠪᠡᠶᠡᠯᠡᠬᠦᠯᠬᠦ᠂ ᠨᠦᠬᠦᠳ | ᠵᠠᠭᠤᠷ᠎ᠠ ᠶᠢᠨ ᠵᠦᠷᠢᠴᠡᠯ ᠢᠶᠠᠨ ᠦᠪᠡᠷᠰᠡᠳ ᠢᠶᠠᠨ ᠡᠪᠯᠢᠭ ᠰᠠᠶᠢᠬᠠᠨ ᠰᠢᠢᠳᠪᠦᠷᠢᠯᠡᠵᠦ ᠴᠢᠳᠠᠬᠤ᠂ ᠮᠡᠳᠡᠬᠦ ᠦᠭᠡᠢ | ᠴᠢᠳᠠᠬᠤ ᠦᠭᠡᠢ ᠵᠦᠢᠯ ᠢᠶᠠᠨ ᠪᠡᠶ᠎ᠡ ᠪᠠᠨ ᠳᠠᠭᠠᠭᠠᠨ ᠠᠰᠠᠭᠤᠨ ᠰᠤᠷᠠᠵᠤ ᠠᠪᠬᠤ᠂ ᠠᠩᠬᠢ ᠶᠢᠨ ᠬᠦᠳᠡᠯᠬᠡᠬᠡᠨ ᠢ | ᠲᠦᠯᠦᠪᠯᠡᠬᠦ ᠪᠠ ᠵᠤᠬᠢᠶᠠᠨ ᠪᠠᠶᠢᠭᠤᠯᠬᠤ ᠬᠡᠬᠦ ᠮᠡᠲᠦ᠃ ᠵᠠᠷᠢᠮ ᠰᠤᠷᠤᠭᠴᠢ ᠲᠠᠷᠢᠬᠢ ᠬᠤᠷᠴᠠ ᠪᠦᠭᠡᠳ ᠠᠪᠢᠶᠠᠰᠯᠢᠭ | ᠪᠠᠶᠢᠳᠠᠭ᠂ ᠭᠡᠪᠡᠴᠦ ᠡᠭᠦᠨ ᠢ ᠪᠠᠨ ᠢᠯᠡᠷᠡᠭᠦᠯᠬᠦ ᠢᠳᠡᠭᠡᠯ ᠵᠤᠷᠢᠭ ᠭᠡᠵᠦ ᠦᠭᠡᠢ ᠪᠠᠶᠢᠳᠠᠭ᠃ ᠡᠨᠡ ᠦᠶ᠎ᠡ ᠳᠤ | ᠠᠩᠬᠢ ᠶᠢᠨ ᠡᠷᠬᠢᠯᠡᠭᠴᠢ ᠶᠢᠨ ᠦᠢᠯᠡᠳᠦᠯ ᠪᠠᠰᠠ ᠲᠤᠩ ᠴᠢᠬᠤᠯᠠ᠃ ᠡᠶᠢᠮᠦ ᠰᠤᠷᠤᠭᠴᠢᠳ ᠲᠤ ᠪᠢᠳᠡ ᠵᠠᠪᠰᠢᠶᠠᠨ | ᠤᠯᠭᠤᠬᠤ ᠬᠡᠷᠡᠭᠲᠡᠢ᠂ ᠵᠤᠷᠢᠬᠵᠢᠭᠤᠯᠤᠯ ᠬᠠᠶᠢᠷᠠᠯᠠᠬᠤ ᠬᠡᠷᠡᠭᠲᠡᠢ᠂ ᠦᠪᠡᠷ ᠤᠨ ᠪᠡᠶ᠎ᠡ ᠶᠢᠨ ᠦᠨ᠎ᠡ ᠦᠷᠳᠡᠭ ᠢ ᠨᠢ | ᠲᠠᠨᠢᠭᠤᠯᠬᠤ ᠬᠡᠷᠡᠭᠲᠡᠢ᠃ ᠲᠡᠳᠡᠨ ᠢ ᠢᠳᠡᠭ ᠢᠳᠡᠭ ᠢᠶᠠᠷ ᠢᠳᠡᠪᠬᠢᠲᠠᠢ ᠰᠡᠳᠬᠢᠵᠦ ᠵᠤᠷᠢᠭᠲᠠᠢ ᠤᠷᠤᠯᠳᠤᠬᠤ ᠵᠦᠭ | ᠬᠦᠲᠦᠯᠦᠨ ᠰᠢᠨ᠎ᠡ ᠶᠢ ᠡᠭᠦᠳᠬᠦ ᠴᠢᠳᠠᠪᠤᠷᠢ ᠶᠢ ᠨᠢ ᠬᠦᠮᠦᠵᠢᠬᠦᠯᠵᠦ ᠪᠤᠯᠤᠨ᠎ᠠ᠃ | ᠲᠠᠪᠤ᠂ ᠠᠩᠬᠢ ᠶᠢᠨ ᠡᠷᠬᠢᠯᠡᠭᠴᠢ ︽ᠨᠢᠭᠡ ᠶᠢ ᠴᠦ ᠤᠷᠭᠢᠭᠳᠠᠭᠤᠯᠬᠤ ᠦᠭᠡᠢ︾ ᠪᠠᠶᠢᠬᠤ ᠶᠢ ᠤᠮᠳᠤᠭᠠᠶᠢᠯᠠᠵᠤ | ᠪᠤᠯᠬᠤ ᠦᠭᠡᠢ | ︽ᠠᠪᠤ ᠶᠢᠨ ᠬᠦᠦ ᠠᠳᠠᠯᠢ ᠦᠭᠡᠢ᠂ ᠠᠷᠪᠠᠨ ᠬᠤᠷᠤᠭᠤ ᠲᠡᠭᠰᠢ ᠦᠭᠡᠢ︾ ᠭᠡᠳᠡᠭᠴᠢᠯᠡᠨ ᠠᠪᠤ ᠠᠪᠤ ᠶᠢᠨ | ᠬᠡᠦᠬᠡᠳ ᠲᠤ ᠶᠡᠭᠡ ᠴᠦ ᠭᠡᠰᠡᠨ ᠪᠠᠭ᠎ᠠ ᠴᠦ ᠭᠡᠰᠡᠨ ᠠᠳᠠᠯᠢ ᠪᠤᠰᠤ ᠶᠢᠨ ᠬᠦᠴᠢᠷᠳᠡᠯ ᠴᠦᠮ ᠪᠠᠶᠢᠬᠤ ᠨᠢ ᠳᠠᠮᠵᠢᠭ | ᠦᠭᠡᠢ᠃ ᠬᠡᠪᠡᠴᠦ ᠪᠢᠳᠡ ᠬᠡᠦᠬᠡᠳ ᠢᠶᠠᠨ ᠬᠠᠶᠠᠬᠤ ᠦᠭᠡᠢ᠂ ᠭᠤᠯᠤᠬᠤ ᠦᠭᠡᠢ᠂ ᠢᠯᠭᠠᠬᠤ ᠦᠭᠡᠢ᠂ | ᠤᠮᠳᠤᠭᠠᠶᠢᠯᠠᠬᠤ ᠦᠭᠡᠢ ᠪᠠᠶᠢᠵᠤ ᠡᠷᠬᠡ ᠲᠡᠭᠰᠢ᠂ ᠡᠶ᠎ᠡ ᠨᠠᠶᠢᠷᠠᠮᠳᠠᠭᠤ᠂ ᠨᠦᠬᠦᠷᠰᠡᠭ ᠲᠤᠳᠤᠨᠤ᠂ ᠪᠠᠶᠠᠷ | ᠪᠠᠭ᠋ᠠᠲᠤᠯ ᠲᠠᠢ᠂ ᠬᠠᠶᠢᠷ᠎ᠠ ᠪᠢᠯᠬᠠᠭᠰᠠᠨ ᠬᠦᠮᠦᠨ ᠢ ᠬᠦᠮᠦᠵᠢᠭᠦᠯᠬᠦ ᠤᠷᠴᠢᠨ ᠢ ᠪᠦᠲᠦᠭᠡᠵᠦ ︽ᠨᠢᠭᠡ ᠶᠢ ᠴᠦ | ᠣᠷᠭᠢᠭᠳᠠᠭᠤᠯᠬᠤ ᠦᠭᠡᠢ︾ ᠪᠠᠶᠢᠬᠤ ᠶᠢ ᠪᠠᠲᠤᠯᠠᠨ᠎ᠠ᠃ ᠡᠨᠡ ᠭᠦ ᠡᠬᠦᠷᠭᠡ ᠶᠢ ᠪᠡᠶᠡᠯᠡᠬᠦᠯᠬᠦ ᠳᠤ ᠪᠢᠳᠡ ᠬᠠᠮᠤᠭ ᠤᠨ | ᠲᠦᠷᠦᠬᠦᠦ ᠰᠤᠷᠤᠭᠴᠢ ᠪᠠᠨ ᠪᠦᠬᠦ ᠲᠠᠯ᠎ᠠ ᠪᠠᠷ ᠤᠶᠢᠯᠠᠭᠠᠨ᠎ᠠ᠃ ᠬᠡᠦᠬᠡᠳ ᠲᠠᠢ ᠰᠡᠳᠬᠢᠯ ᠢᠶᠠᠨ ᠶᠠᠷᠢᠯᠴᠠᠨ᠎ᠠ᠂ | ᠭᠡᠷ ᠤᠨ ᠠᠬᠠᠮᠠᠳ ᠲᠠᠢ ᠬᠠᠷᠢᠴᠠᠨ᠎ᠠ᠂ ᠡᠭᠦᠨ ᠤ ᠤᠯᠠᠮ ᠠᠴᠠ ᠳᠡᠳᠡᠨ ᠤ ᠪᠡᠶ᠎ᠡ ᠳᠡᠭᠡᠷ᠎ᠡ ᠤᠷᠤᠰᠢᠵᠤ ᠪᠠᠶᠢᠭ᠎ᠠ | ᠬᠦᠴᠢᠷᠳᠡᠯ ᠪᠠ ᠳᠡᠳᠡᠨ ᠤ ᠰᠡᠳᠬᠢᠯ ᠤᠨ ᠡᠭᠡᠳᠡᠷᠡᠭᠡᠨ ᠢ ᠭᠦᠢᠴᠡᠳ ᠤᠶᠢᠯᠠᠭᠠᠵᠤ ᠬᠠᠮᠤᠭ ᠤᠨ ᠲᠤᠬᠢᠷᠠᠮᠵᠢᠲᠠᠢ ᠠᠷᠭ᠎ᠠ | ᠬᠡᠮᠵᠢᠶ᠎ᠠ ᠶᠢ ᠪᠤᠳᠤᠨ ᠭᠡᠦᠭᠡᠳ ᠤᠨ ᠰᠡᠳᠬᠢᠯ ᠤᠨ ᠳᠠᠷᠤᠭᠠᠰᠤ ᠶᠢ ᠬᠦᠩᠭᠡᠯᠡᠵᠦ ᠦᠭᠭᠦᠨ᠎ᠡ᠃ ᠲᠤᠰᠬᠠᠢ ᠰᠡᠳᠦᠪᠲᠦ | ᠠᠩᠬᠢ ᠶᠢᠨ ᠬᠤᠷᠠᠯ ᠬᠢᠭᠦ ᠪᠤᠶᠤ ᠶᠡᠷᠦ ᠶᠢᠨ ᠴᠠᠭ ᠤᠨ ᠪᠤᠲᠠᠲᠤ ᠠᠵᠢᠯᠯᠠᠭ᠎ᠠ ᠪᠠᠷ ᠢᠶᠠᠨ ᠪᠠᠭᠰᠢ ᠨᠠᠷ ᠪᠠ ᠬᠠᠮᠲᠦ | ᠨᠦᠬᠦᠳ ᠤᠨ ᠬᠠᠶᠢᠷ᠎ᠠ ᠬᠠᠯᠠᠮᠵᠢ ᠶᠢ ᠤᠶᠢᠯᠠᠭᠠᠭᠤᠯᠵᠦ ᠮᠡᠳᠡᠭᠦᠯᠦᠨ ᠬᠠᠯᠠᠭᠤᠨ ᠲᠤᠯᠠᠭᠠᠨ ᠢ ᠤᠯᠭᠤᠵᠤ ᠲᠡᠳᠡ | ᠨᠠᠷ ᠲᠤ ︽ᠪᠢ ᠬᠦᠴᠢᠷ ᠠᠴᠠ ᠠᠶᠤᠬᠤ ᠦᠭᠡᠢ᠂ ᠨᠠᠳᠠ ᠳᠤ ᠴᠢᠩᠭ᠎ᠠ ᠬᠦᠴᠦᠲᠡᠢ ᠲᠦᠰᠢᠭ ᠪᠠᠶᠢᠨ᠎ᠠ︾ ᠭᠡᠰᠡᠨ | ᠰᠡᠳᠬᠢᠭᠳᠡᠯ ᠢ ᠪᠤᠢ ᠪᠤᠯᠭᠠᠵᠤ ᠦᠭᠭᠦᠨ᠎ᠡ᠃ | ᠮᠢᠨᠦ ᠤᠳᠤ ᠶᠢᠨ ᠡᠷᠭᠢᠯᠡᠵᠦ ᠪᠠᠶᠢᠭ᠎ᠠ ᠠᠩᠬᠢ ᠳᠤ ᠨᠢᠬᠡ ᠪᠢᠴᠢᠬᠠᠨ ᠬᠦᠦ ᠪᠠᠶᠢᠨ᠎ᠠ᠂ ᠲᠡᠷᠡ ᠲᠤᠩ ᠤᠬᠠᠭᠠᠨ | ᠲᠤᠮᠤᠭ᠎ᠠ ᠲᠠᠢ ᠪᠦᠭᠡᠳ ᠴᠢᠷᠮᠠᠶᠢᠯᠭ᠎ᠠ ᠰᠠᠶᠢᠲᠠᠢ᠂ ᠭᠡᠵᠢᠶᠡᠲᠡ ᠬᠠᠮᠠᠷ ᠳᠡᠭᠡᠷ᠎ᠡ ᠪᠠᠨ ᠬᠦᠯᠦᠰᠦ ᠪᠤᠷᠴᠠᠭᠯᠠᠭᠤᠯᠴᠢᠬᠠᠭᠰᠠᠨ | ᠴᠢᠷᠮᠠᠶᠢᠳᠠᠭ᠃ ᠭᠡᠪᠡᠴᠦ ᠪᠠᠭ᠎ᠠ ᠤᠳᠠᠭᠠᠯᠢᠭ᠂ ᠰᠤᠷᠤᠯᠭ᠎ᠠ ᠳᠤ ᠪᠠᠨ ᠬᠠᠷᠢᠴᠠᠩᠭᠤᠢ ᠪᠠᠷ ᠬᠦᠴᠢᠷᠳᠡᠵᠦ ᠪᠠᠶᠢᠳᠠᠭ᠂ | ᠠᠮᠢᠳᠤᠷᠠᠯ ᠨᠢ ᠬᠦᠴᠢᠷᠲᠡᠢ᠂ ᠠᠪᠤ ᠡᠵᠢ ᠨᠢ ᠪᠠᠰᠠ ᠤᠷᠤᠭ ᠰᠠᠯᠤᠭᠰᠠᠨ ᠤᠴᠢᠷ ᠠᠴᠠ ᠰᠡᠳᠬᠢᠯ ᠳᠤ ᠪᠠᠨ | ᠳᠠᠷᠤᠭᠠᠰᠤ ᠲᠠᠢ ᠪᠠᠶᠢᠯ᠎ᠠ᠃ ᠪᠢ ᠲᠡᠬᠦᠨ ᠲᠠᠢ ᠦᠷᠬᠦᠯᠵᠢ ᠰᠡᠳᠬᠢᠯ ᠢᠶᠠᠨ ᠶᠠᠷᠢᠯᠴᠠᠳᠠᠭ᠂ ᠵᠤᠷᠢᠬᠵᠢᠭᠤᠯᠤᠯ | ᠬᠠᠶᠢᠷᠠᠯᠠᠳᠠᠭ᠂ ᠪᠠᠰᠠ ᠮᠠᠭᠳᠠᠳᠠᠭ᠃ ᠪᠠᠭ᠎ᠠ ᠰᠠᠭ᠎ᠠ ᠠᠮᠲᠠ ᠲᠠᠢ ᠢᠲᠡᠭᠡᠨ᠂ ᠬᠠᠴᠢᠨ ᠰᠤᠨᠢᠨ ᠪᠢᠴᠢᠭ ᠤᠨ ᠬᠡᠷᠡᠭᠰᠡᠯ | ᠵᠡᠷᠭᠡ ᠶᠢ ᠰᠡᠮᠡᠭᠡᠷ ᠦᠭᠳᠡᠭ ᠪᠠᠶᠢᠭᠰᠠᠨ᠃ ᠲᠡᠷᠡ ᠪᠦᠷ ᠴᠦ ᠪᠠᠶᠠᠷ ᠭᠦᠷ ᠲᠠᠢ ᠪᠠᠷ ᠦᠷᠯᠦᠬᠡ ᠪᠤᠯᠭᠠᠨ ᠨᠠᠮ᠎ᠠ ᠶᠢ | ᠲᠤᠰᠤᠭᠠᠳ ᠢᠷᠡᠳᠡᠭ ᠶᠤᠮ᠃ ᠨᠦᠬᠦᠭᠡ ᠲᠠᠯ᠎ᠠ ᠪᠠᠷ ᠪᠢ ᠪᠠᠰᠠ ᠲᠡᠭᠦᠨ ᠤ ᠡᠵᠢ ᠠᠪᠤ ᠲᠠᠢ ᠨᠢ ᠦᠷᠬᠦᠯᠵᠢ | ᠬᠠᠷᠢᠯᠴᠠᠳᠠᠭ ᠶᠤᠮ᠃ ᠲᠠ ᠬᠤᠶᠠᠷ ᠤᠷᠤᠬ ᠰᠠᠯᠤᠭᠰᠠᠨ ᠴᠦ ᠮᠢᠨᠦ ᠰᠤᠷᠤᠭᠴᠢ ᠶᠢ ᠬᠠᠶᠢᠷ᠎ᠠ ᠪᠠᠷ ᠳᠤᠲᠠᠭᠤᠯᠵᠤ | ᠪᠤᠯᠬᠤ ᠦᠭᠡᠢ ᠬᠡᠵᠦ ᠱᠠᠭᠠᠷᠳᠠᠵᠤ ᠶᠠᠷᠢᠳᠠᠭ ᠪᠠᠶᠢᠭᠰᠠᠨ᠂ ᠮᠦᠨ ᠴᠦ ᠡᠨᠡ ᠤᠴᠢᠷ ᠤᠨ ᠲᠡᠭᠦᠨ ᠳᠤ ᠠᠪᠴᠢᠷᠠᠬᠤ | ᠠᠰᠢᠭ ᠬᠤᠤᠷ ᠢ ᠦᠷᠭᠦᠯᠵᠢ ᠶᠠᠷᠢᠳᠠᠭ ᠪᠠᠶᠢᠭᠰᠠᠨ ᠶᠤᠮ᠃ ᠲᠡᠷᠡ ᠬᠦᠦ ᠠᠪᠤ ᠪᠠᠨ ᠳᠠᠭᠠᠭᠰᠠᠨ ᠪᠣᠯᠬᠤᠷ ᠡᠵᠢ ᠶᠢ ᠨᠢ | ᠦᠷᠭᠦᠯᠵᠢ ᠢᠷᠡᠵᠦ ᠬᠦᠦ ᠪᠠᠨ ᠦᠵᠡᠵᠦ ᠪᠠᠶᠢᠭᠠᠷᠠᠢ ᠭᠡᠵᠦ ᠰᠠᠨᠠᠭᠤᠯᠤᠭᠰᠠᠨ ᠶᠤᠮ᠃ ᠢᠩᠭᠢᠭᠡᠳ ᠲᠡᠭᠦᠨ ᠤ ᠡᠵᠢ ᠨᠢ | ᠬᠤᠶᠠᠷ ᠭᠠᠷᠠᠭ ᠪᠤᠯᠤᠭᠰᠠᠭᠠᠷ ᠢᠷᠡᠵᠦ ᠬᠦᠦ ᠪᠠᠨ ᠲᠤᠰᠴᠤ ᠠᠪᠠᠴᠢᠳᠠᠭ ᠶᠤᠮ᠃ ᠡᠨᠡ ᠰᠤᠷᠤᠭᠴᠢ ᠶᠢᠨ ᠤᠴᠢᠷ ᠠᠴᠠ | ᠪᠢ᠂ ᠨᠢᠬᠡ ᠠᠩᠬᠢ ᠶᠢᠨ ᠡᠷᠬᠢᠯᠡᠭᠴᠢ ᠬᠦᠮᠦᠨ ᠰᠤᠷᠤᠭᠴᠢ ᠶᠢᠨ ᠢᠶᠠᠨ ᠲᠦᠯᠦᠭᠡ ᠲᠡᠬᠦᠨ ᠤ ᠠᠪᠤ ᠡᠵᠢ ᠶᠢᠨ ᠬᠢ ᠨᠢ | ᠲᠤᠮᠳᠠ ᠵᠤᠬᠢᠬᠤ ᠬᠤᠯᠪᠤᠭᠠᠰᠤ ᠬᠦᠬᠦᠷᠭᠡ ᠶᠢᠨ ᠤᠶᠢᠯᠡᠳᠦᠯ ᠭᠠᠷᠭᠠᠵᠤ ᠪᠤᠯᠤᠨ᠎ᠠ ᠭᠡᠳᠡᠭ ᠢ ᠨᠡᠩ ᠬᠦᠨᠵᠡᠬᠡᠢ | ᠤᠶᠢᠯᠠᠭᠠᠭᠰᠠᠨ ᠶᠤᠮ᠃ | ᠵᠢᠷᠭᠤᠭ᠎ᠠ᠂ ᠠᠩᠬᠢ ᠶᠢᠨ ᠡᠷᠬᠢᠯᠡᠭᠴᠢ ᠤᠨᠴᠠᠭᠠᠢ ᠴᠠᠭ ᠦᠶ᠎ᠡ ᠳᠤ ᠤᠨᠴᠠᠭᠠᠢ ᠤᠴᠢᠷ ᠶᠠᠪᠤᠳᠠᠯ ᠢ ᠦᠷ᠎ᠡ | ᠠᠰᠢᠭ ᠲᠠᠢ ᠠᠮᠢᠳᠤᠯᠢᠭ ᠰᠠᠶᠢᠬᠠᠨ ᠰᠢᠢᠳᠪᠦᠷᠢᠯᠡᠵᠦ ᠦᠭᠬᠦ ᠴᠢᠬᠤᠯᠠᠲᠠᠢ | ᠡᠨᠡ ᠤᠳᠠᠭᠠᠨ ᠤ ᠬᠢᠵᠢᠭ ᠤᠨ ᠬᠤᠭᠤᠴᠠᠭ᠎ᠠ ᠪᠤᠯ ᠨᠢᠬᠡ ᠤᠨᠴᠠᠭᠠᠢ ᠴᠠᠭ ᠦᠶ᠎ᠡ ᠮᠦᠨ᠃ ᠪᠢᠳᠡ | ᠰᠦᠯᠵᠢᠶ᠎ᠡ ᠪᠠᠷ ᠳᠠᠮᠵᠢᠨ ᠰᠤᠷᠲᠠᠯ ᠤᠬᠠᠭᠤᠯᠭ᠎ᠠ ᠶᠢᠨ ᠠᠵᠢᠯ ᠢ ᠤᠯᠠᠨ ᠬᠢᠭᠰᠡᠨ ᠮᠦᠷᠲᠡᠭᠡᠨ ᠰᠦᠯᠵᠢᠶ᠎ᠡ ᠪᠠᠷ ᠳᠠᠮᠵᠢᠨ | ᠬᠢᠴᠢᠶᠡᠯ ᠤᠷᠤᠭᠰᠠᠨ ᠶᠤᠮ᠃ ᠡᠨᠡ ᠶᠠᠪᠤᠴᠠ ᠳᠤ ᠪᠠᠰᠠ ᠤᠯᠠᠨ ᠬᠦᠴᠢᠷᠳᠡᠯ ᠭᠠᠷᠤᠭᠰᠠᠨ ᠶᠤᠮ᠃ ᠵᠢᠱᠢᠶᠡᠯᠡᠪᠡᠯ᠂ | ᠰᠦᠯᠵᠢᠶᠡᠨ ᠲᠤᠬᠢᠶ᠎ᠠ ᠠᠨᠠᠢ ᠠᠴᠠ ᠪᠤᠯᠵᠤ ᠬᠢᠴᠢᠶᠡᠯ ᠢ ᠦᠷ᠎ᠡ ᠠᠰᠢᠭ ᠲᠠᠢ ᠰᠤᠨᠤᠰᠴᠤ ᠴᠢᠳᠠᠬᠤ ᠦᠭᠡᠢ | ᠬᠡᠦᠬᠡᠳ ᠤᠳ ᠢ ᠭᠠᠴᠢᠭᠳᠠᠭᠤᠯᠵᠤ ᠵᠤᠪᠠᠭᠠᠭᠰᠠᠨ᠂ ᠰᠤᠷᠤᠭᠴᠢᠳ ᠰᠦᠯᠵᠢᠶᠡᠨ ᠬᠢᠴᠢᠶᠡᠯ ᠢ ᠤᠮᠳᠤᠭᠠᠶᠢᠯᠠᠵᠤ ᠠᠮᠠ | ᠬᠠᠭᠠᠵᠤ ᠠᠯᠪᠠ ᠬᠠᠰᠢᠬᠤ ᠵᠡᠷᠭᠡ ᠪᠠᠶᠢᠳᠠᠯ ᠪᠦᠷ ᠢᠯᠡᠷᠡᠵᠦ ᠪᠠᠶᠢᠯ᠎ᠠ᠃ ᠡᠨᠡ ᠦᠶ᠎ᠡ ᠳᠤ ᠠᠩᠬᠢ ᠶᠢᠨ ᠡᠷᠬᠢᠯᠡᠭᠴᠢ | ᠪᠠᠰᠠ ᠵᠤᠬᠢᠬᠤ ᠦᠢᠯᠡᠳᠦᠯ ᠢ ᠭᠠᠷᠭᠠᠵᠤ ᠪᠤᠯᠤᠨ᠎ᠠ᠃ ᠨᠢᠭᠡ ᠲᠠᠯ᠎ᠠ ᠪᠠᠷ ᠰᠡᠳᠬᠢᠴᠡ ᠶᠢᠨ ᠲᠠᠶᠢᠳᠬᠤᠷᠤᠭᠤᠯᠤᠯ ᠬᠢᠵᠦ | ᠰᠡᠳᠬᠢᠯ ᠤᠨ ᠡᠭᠡᠳᠡᠷᠡᠭᠡ ᠡᠷᠡᠭᠡᠯᠵᠡᠯ ᠢ ᠨᠢ ᠠᠷᠢᠯᠭᠠᠵᠤ ᠦᠭᠴᠦ ᠪᠤᠯᠤᠨ᠎ᠠ᠂ ᠨᠦᠬᠦᠬᠡ ᠲᠠᠯ᠎ᠠ ᠪᠠᠷ ᠪᠠᠰᠠ ᠵᠤᠬᠢᠬᠤ | ᠱᠠᠭᠠᠷᠳᠠᠯᠭ᠎ᠠ ᠶᠢ ᠲᠠᠯᠪᠢᠬᠤ ᠪᠤᠶᠤ ᠬᠦᠮᠦᠵᠢᠯ ᠢ ᠬᠢᠵᠦ ᠬᠢᠴᠢᠶᠡᠯ ᠤᠨ ᠦᠷ᠎ᠡ ᠠᠰᠢᠭ ᠢ ᠪᠠᠲᠤᠯᠠᠵᠤ ᠪᠤᠯᠤᠨ᠎ᠠ᠃ | ᠶᠠᠭᠤ ᠬᠡᠯᠡᠭᠰᠡᠨ ᠴᠦ ᠠᠩᠬᠢ ᠶᠢᠨ ᠡᠷᠬᠢᠯᠡᠭᠴᠢ ᠪᠤᠯ ᠨᠢᠬᠡ ᠠᠩᠬᠢ ᠨᠢᠭᠡᠴᠢ ᠶᠢᠨ ᠵᠤᠬᠢᠶᠠᠨ ᠪᠠᠶᠢᠭᠤᠯᠤᠭᠴᠢ᠂ | ᠤᠳᠤᠷᠢᠳᠤᠭᠴᠢ᠂ ᠬᠠᠮᠢᠶᠠᠷᠤᠭᠴᠢ᠂ ᠳᠠᠭᠠᠭᠤᠯᠤᠭᠴᠢ᠃ ᠨᠢᠭᠡ ᠠᠩᠬᠢ ᠨᠢᠭᠡᠴᠢ ᠶᠢᠨ ᠳᠠᠪᠰᠢᠯᠲᠠ ᠬᠦᠭᠵᠢᠯᠲᠠ ᠪᠠ | ᠰᠤᠷᠤᠭᠴᠢ ᠨᠢᠬᠡ ᠪᠦᠷᠢ ᠶᠢᠨ ᠳᠠᠪᠰᠢᠯᠲᠠ ᠬᠦᠭᠵᠢᠯᠲᠠ ᠳᠤ ᠠᠩᠬᠢ ᠶᠢᠨ ᠡᠷᠬᠢᠯᠡᠭᠴᠢ ᠶᠢᠨ ᠦᠢᠯᠡᠳᠦᠯ ᠨᠦᠯᠦᠭᠡ | ᠲᠤᠩ ᠴᠢᠬᠤᠯᠠ ᠶᠤᠮ᠃ ᠡᠶᠢᠮᠦ ᠠᠴᠠ ᠪᠢᠳᠡ ᠦᠪᠡᠷ ᠤᠨ ᠡᠬᠦᠷᠭᠡ ᠬᠠᠷᠢᠭᠤᠴᠠᠯᠭ᠎ᠠ ᠪᠠᠨ ᠭᠦᠢᠴᠡᠳ ᠲᠠᠨᠢᠵᠤ | ︽ᠠᠵᠢᠯ ᠠᠴᠠ ᠪᠠᠨ ᠲᠤᠷᠰᠢᠯᠭ᠎ᠠ ᠤᠯᠵᠤ᠂ ᠠᠯᠳᠠᠭ᠎ᠠ ᠠᠴᠠ ᠪᠠᠨ ᠰᠤᠷᠭᠠᠮᠵᠢ ᠤᠯᠤᠨ︾ ᠦᠪᠡᠷ ᠤᠨ ᠪᠡᠶ᠎ᠡ ᠳᠤ ᠪᠠᠨ | ᠲᠠᠰᠤᠷᠠᠯᠲᠠ ᠦᠭᠡᠢ ᠰᠢᠬᠦᠮᠵᠢᠯᠡᠯ ᠪᠠ ᠬᠢᠨᠠᠯᠲᠠ ᠶᠢ ᠲᠠᠯᠪᠢᠵᠦ ᠡᠳᠦᠷ ᠠᠴᠠ ᠡᠳᠦᠷ ᠦᠭᠡᠳᠡᠯᠡᠨ ᠳᠠᠪᠰᠢᠬᠤ | ᠴᠢᠬᠤᠯᠠᠲᠠᠢ᠃ | ᠠᠵᠢᠯᠯᠠᠵᠤ ᠪᠠᠶᠢᠭ᠎ᠠ ᠪᠠᠶᠢᠭᠤᠯᠭ᠎ᠠ᠄ ᠬᠡᠰᠢᠭᠲᠡᠨ ᠬᠤᠰᠢᠭᠤᠨ ᠤ ᠪᠠᠶᠠᠨᠴᠠᠭᠠᠨ ᠪᠠᠭ᠎ᠠ ᠰᠤᠷᠭᠠᠭᠤᠯᠢ | ︵ᠠᠯᠳᠠᠨᠰᠦ᠋ᠭᠡ ᠨᠠᠶᠢᠷᠠᠭᠤᠯᠪᠠ︶ | 2023.2 ᠳ᠋ᠤᠭᠠᠷ ᠬᠤᠭᠤᠴᠠᠭ᠎ᠠ | |