ᠬᠡᠷᠡᠯᠳᠦ | | | | ᠥᠨᠦᠳᠤᠷ ᠨᠡᠶᠢᠭᠡᠮ ᠤᠨ ᠭᠦᠭᠵᠢᠯᠲᠡ ᠨᠢᠰᠬᠦ ᠮᠡᠳᠦ ᠲᠦᠷᠭᠡᠨ ᠪᠤᠯᠵᠤ᠂ ᠰᠢᠨᠵᠢᠯᠡᠭᠡ ᠮᠡᠷᠭᠡᠵᠢᠯ᠂ ᠰᠤᠷᠠᠭ | ᠳᠣᠬᠢᠶ᠎ᠠ ᠵᠡᠷᠭᠡ ᠡᠯ᠎ᠡ ᠲᠠᠯ᠎ᠠ ᠪᠠᠷ ᠬᠤᠷᠴᠠ ᠰᠢᠷᠦᠭᠦᠨ ᠥᠷᠢᠰᠤᠯᠳᠤᠭᠡᠨ ᠤ ᠴᠠᠭ ᠦᠶ᠎ᠡ ᠳᠤ ᠤᠷᠤᠵᠤ᠂ ᠡᠷᠳᠡᠮᠳᠡᠨ | ᠴᠢᠳᠠᠪᠦᠷᠢᠳᠠᠨ ᠳᠤ ᠲᠠᠯᠪᠢᠬᠤ ᠱᠠᠭᠠᠷᠳᠠᠯᠭ᠎ᠠ ᠴᠦ ᠨᠡᠩ ᠦᠨᠳᠤᠷ ᠪᠤᠯᠪᠠ᠃ ᠭᠡᠪᠡᠴᠤ ᠡᠶᠢᠮᠦᠷᠭᠦᠦ ᠴᠢᠬᠤᠯᠠᠴᠢᠯᠠᠭ᠎ᠠ ᠨᠢ | ᠰᠤᠷᠭᠠᠭᠤᠯᠢ ᠶᠢᠨ ᠰᠤᠷᠭᠠᠨ ᠭᠦᠮᠦᠵᠢᠯ ᠳᠤ ᠥᠭᠬᠦ ᠲᠠᠷᠤᠭᠠᠰᠤ ᠪᠠ ᠨᠥᠯᠦᠭᠡ ᠶᠢ ᠲᠡᠬᠢᠨ ᠢᠶᠠᠷ ᠨᠡᠮᠡᠭᠳᠡᠭᠦᠯᠦᠭᠰᠡᠨ | ᠶᠤᠮ᠃ ᠡᠭᠦᠨ ᠳᠤ ᠡᠶᠡᠷᠭᠦ ᠲᠠᠯ᠎ᠠ ᠪᠠ ᠰᠥᠭᠡᠷᠭᠦ ᠲᠠᠯ᠎ᠠ ᠶᠢᠨ ᠨᠥᠯᠦᠭᠡ ᠪᠦᠷ ᠪᠤᠢ᠃ ᠡᠭᠦᠨ ᠤ ᠲᠤᠬᠠᠢ ᠥᠪᠡᠷ ᠤᠨ | ᠰᠢᠭᠦᠷᠭᠡᠢ ᠦᠵᠡᠯᠲᠡ ᠪᠠᠨ ᠶᠡᠷᠢᠵᠦ ᠤᠯᠠᠨ ᠮᠡᠷᠭᠡᠳ ᠲᠠᠢ ᠵᠥᠪᠯᠡᠬᠦ ᠶᠢ ᠰᠠᠨᠠᠯ᠎ᠠ᠃ | ᠨᠢᠭᠡ ᠳᠤ᠂ ᠰᠤᠷᠤᠭᠴᠢ ᠶᠢ ︽ᠭᠦᠮᠦᠨ︾ ᠬᠡᠮᠡᠬᠦ ᠲᠠᠯ᠎ᠠ ᠠᠴᠠ ᠨᠢ ᠪᠤᠰᠤ᠂ ᠬᠠᠷᠢᠨ ︽ᠪᠢᠴᠢᠭ ᠰᠤᠷᠳᠠᠭ | ᠮᠠᠰᠢᠨ︾ ᠢᠶᠠᠷ ᠦᠵᠡᠳᠡᠭ ᠪᠣᠯᠪᠠ᠃ | 1. ᠨᠡᠶᠢᠭᠡᠮ ᠨᠢ ᠳᠡᠭᠡᠳᠦ ᠪᠣᠯᠪᠠᠰᠤᠷᠠᠯ ᠪᠦᠬᠦᠢ ᠴᠢᠳᠠᠪᠦᠷᠢᠳᠠᠨ ᠢ ᠰᠤᠩᠭᠤᠬᠤ ᠳᠤ ᠪᠠᠨ ᠲᠡᠭᠦᠰᠦᠭᠰᠡᠨ | ᠰᠤᠷᠭᠠᠭᠤᠯᠢ᠂ ᠰᠤᠷᠤᠭᠰᠠᠨ ᠮᠡᠷᠭᠡᠵᠢᠯ ᠢ ᠯᠡ ᠴᠢᠬᠤᠯᠠᠴᠢᠯᠠᠭᠠᠳ ᠬᠠᠷᠢᠨ ᠲᠤᠰ ᠭᠦᠮᠦᠨ ᠤ ᠪᠡᠶ᠎ᠡ ᠳᠤ | ᠬᠤᠷᠠᠮᠳᠤᠭᠰᠠᠨ ᠴᠢᠳᠠᠪᠦᠷᠢ᠂ ᠡᠰᠡᠭᠦᠯ᠎ᠡ ᠤᠤᠯ ᠠᠴᠠ ᠪᠠᠶᠢᠳᠠᠭ ᠠᠪᠢᠶᠠᠰ ᠢ ᠨᠢ ᠣᠮᠳᠤᠭᠠᠢᠢᠯᠠᠳᠠᠭ᠃ | 2. ᠰᠤᠷᠭᠠᠭᠤᠯᠢ ᠨᠢ ᠵᠢᠭᠠᠨ ᠰᠤᠷᠭᠠᠯᠲᠠ ᠶᠢᠨ ᠦᠷ᠎ᠡ ᠳ᠋ᠦᠩ᠂ ᠥᠭᠡᠷ᠎ᠡ ᠪᠠᠷ ᠬᠡᠯᠡᠪᠡᠯ ᠡ᠊ᠩ ᠤᠨ ᠲᠠᠭᠡᠳᠤ | ᠰᠤᠷᠭᠠᠭᠤᠯᠢ ᠶᠢᠨ ᠰᠤᠷᠤᠭᠴᠢ ᠡᠯᠰᠠᠭᠦ ᠪᠦᠭᠦ ᠤᠯᠤᠰ ᠤᠨ ᠨᠢᠭᠡᠳᠤᠯᠳᠠᠢ ᠰᠢᠯᠭᠠᠯᠲᠠ ᠵᠡᠷᠭᠡ ᠡᠯ᠎ᠡ ᠱᠠᠳᠤᠨ ᠤ | ᠰᠢᠯᠭᠠᠯᠲᠠ ᠶᠢᠨ ᠬᠢᠷᠢ ᠪᠦᠳᠦᠮᠵᠢ ᠶᠢ ᠰᠣᠬᠤᠷ ᠪᠠᠯᠠᠢ ᠪᠠᠷ ᠭᠦᠭᠡᠭᠡᠴᠡᠯᠳᠤᠵᠦ᠂ ᠰᠤᠷᠭᠠᠭᠤᠯᠢ ᠶᠢᠨ ᠨᠡᠷ᠎ᠡ ᠭᠦᠨᠳᠥ᠂ | ᠡᠷᠬᠡ ᠠᠰᠢᠭ ᠢ ᠥᠷᠥᠭᠡᠰᠤᠯ ᠢᠶᠠᠷ ᠴᠢᠬᠤᠯᠠᠴᠢᠯᠠᠨ ᠰᠤᠷᠤᠭᠴᠢᠳ ᠢ ︽ᠪᠠᠭᠠᠵᠢ︾ ᠪᠠᠷ ᠦᠵᠡᠵᠦ ᠭᠦᠮᠦᠡᠯᠢᠭ | ᠲᠠᠯ᠎ᠠ ᠶᠢ ᠨᠢ ᠤᠮᠳᠤᠭᠠᠢᠢᠯᠠᠭᠰᠠᠨ ᠢᠶᠠᠷ ᠪᠡᠶ᠎ᠡ ᠰᠡᠳᠭᠢᠴᠡ ᠶᠢᠨ ᠪᠤᠶᠢᠵᠢᠯᠲᠠ ᠳᠤ ᠨᠢ ᠠᠰᠢᠬ ᠦᠭᠡᠢ ᠨᠦᠯᠦᠭᠡ | ᠦᠵᠡᠭᠦᠯᠪᠡ᠃ | 3. ᠡᠴᠢᠭᠡ ᠡᠬᠡ ᠪᠣᠯᠤᠭᠰᠠᠳ ᠨᠢ ᠦᠷ᠎ᠡ ᠬᠡᠤᠭᠡᠳ ᠢᠶᠠᠨ ︽ᠦᠨᠳᠤᠷ ᠬᠤᠪᠢ ᠨᠤᠷᠮ᠎ᠠ ᠪᠠᠷ ᠨᠡᠷᠡᠳᠥ | ᠰᠤᠷᠭᠠᠭᠤᠯᠢ ᠳᠤ ᠤᠷᠤᠬᠤ ᠪᠤᠯ ᠴᠤᠷᠢ ᠶᠢᠨ ᠭᠠᠭᠴᠠ ᠵᠠᠮ︾ ᠭᠡᠬᠦ ᠦᠵᠡᠯᠲᠡ ᠪᠠᠷ ᠰᠤᠷᠭᠠᠭᠤᠯᠢ ᠨᠡᠶᠢᠭᠡᠮ ᠤᠨ | ᠬᠠᠮᠰᠠᠭ᠎ᠠ ᠪᠤᠯᠵᠦ ︽ᠲᠠᠰᠢᠭᠤᠷᠳᠠᠳᠠᠭ︾ ᠠᠴᠠ ᠰᠤᠷᠤᠭᠴᠢᠳ ᠤᠨ ᠪᠡᠶ᠎ᠡ ᠰᠡᠳᠭᠢᠯ ᠤᠨ ᠲᠠᠷᠤᠭᠠᠰᠤ ᠲᠠᠬᠢᠨ ᠢᠶᠠᠷ | ᠨᠡᠮᠡᠭᠳᠡᠵᠦ᠂ ᠴᠢᠳᠠᠯ᠂ ᠭᠦᠰᠡᠯ ᠠᠴᠠ ᠨᠢ ᠬᠡᠳᠦ ᠳᠠᠪᠠᠭᠰᠠᠨ ︽ᠲᠡᠭᠡᠭᠡᠰᠢ︾ ᠨᠢ ᠰᠤᠷᠤᠭᠴᠢᠳ ᠤᠨ ᠮᠠᠬᠠᠪᠤᠳ ᠢ ᠨᠢ | ᠳᠤᠷᠦ᠋ᠢᠳᠠᠭᠤᠯᠵᠦ ᠰᠡᠳᠭᠢᠯ ᠢ ᠨᠢ ᠲᠦᠢᠯᠰᠢᠷᠡᠭᠤᠯᠵᠦ ᠪᠤᠳᠤᠵᠦ ᠣᠯᠤᠰᠢ ᠦᠭᠡᠢ ᠭᠡᠮ ᠠᠷᠬᠠᠭ ᠢ ᠪᠤᠢ ᠪᠣᠯᠭᠠᠳᠠᠭ | ᠪᠠᠶᠢᠨ᠎ᠠ᠃ | ᠳᠡᠭᠡᠷ᠎ᠡ ᠶᠠᠷᠢᠭᠰᠠᠨ ᠭᠤᠷᠪᠠᠨ ᠲᠠᠯ᠎ᠠ ᠶᠢᠨ ᠰᠢᠯᠳᠠᠭᠠᠨ ᠠᠴᠠ ᠪᠣᠯᠵᠤ᠂ ᠰᠤᠷᠤᠭᠴᠢᠳ ᠤᠨ ᠶᠢᠷᠳᠢᠨᠴᠤ ᠶᠢᠨ | ᠦᠵᠡᠯᠲᠡ᠂ ᠠᠮᠢᠳᠤᠷᠠᠬᠤᠢ ᠶᠢᠨ ᠦᠵᠡᠯᠲᠡ᠂ ᠥᠷᠳᠡᠭ ᠤᠨ ᠦᠵᠡᠯᠲᠡ ᠳᠤ ᠥᠭᠡᠷᠡᠴᠢᠯᠡᠯᠲᠡ ᠭᠠᠷᠴᠦ ᠨᠡᠶᠢᠭᠡᠮ ᠢ | ᠣᠢᠢᠯᠠᠭᠠᠬᠤ ᠠᠴᠠ ᠪᠠᠨ ᠡᠮᠦᠨ᠎ᠡ ᠬᠠᠰᠢᠷᠠᠨ ᠳᠤᠳᠠᠭᠠᠬᠤ᠂ ᠡᠴᠢᠭᠡ ᠡᠬᠡ ᠭᠡᠷ ᠪᠦᠯᠢ ᠪᠠᠨ ᠣᠢᠢᠯᠠᠭᠠᠬᠤ ᠠᠴᠠ ᠪᠠᠨ | ᠡᠮᠦᠨ᠎ᠡ ᠦᠵᠡᠨ ᠶᠠᠳᠠᠵᠦ ᠭᠦᠢᠲᠡᠨ ᠴᠡᠪᠳᠡᠭ ᠬᠠᠨᠳᠤᠬᠤ ᠵᠡᠷᠭᠡ ᠪᠠᠶᠢᠳᠠᠯ ᠢᠯᠡᠷᠡᠳᠡᠭ᠃ ᠡᠨᠡ ᠨᠢ ᠨᠡᠩ ᠬᠤᠵᠢᠮ ᠤᠨ | ᠬᠤᠵᠢᠮ ᠳᠤ ᠪᠠᠨ ᠨᠡᠶᠢᠭᠡᠮ ᠨᠡᠶᠢᠲᠡ᠂ ᠭᠡᠷ ᠪᠦᠯᠢ ᠳᠤ ᠤᠯᠠᠨ ᠲᠠᠯ᠎ᠠ ᠶᠢᠨ ᠲᠠᠷᠤᠭᠠᠰᠤ ᠶᠢ ᠪᠤᠢ ᠪᠤᠯᠭᠠᠵᠦ᠂ | ᠰᠡᠳᠭᠢᠴᠡ ᠶᠢᠨ ᠭᠠᠵᠢᠭ ᠠᠴᠠ ᠪᠣᠯᠤᠭᠰᠠᠨ ᠪᠤᠬᠢᠨᠢᠳᠤᠯ ᠵᠣᠪᠠᠨᠢᠯ᠂ ᠶᠠᠮᠠᠷ ᠴᠦ ᠵᠦᠢᠯ ᠳᠤ ᠢᠳᠡᠪᠬᠢ ᠣᠪᠤᠷ ᠦᠭᠡᠢ | ᠨᠠᠵᠠᠭᠠᠢᠢᠷᠠᠬᠤ᠂ ᠬᠡᠳᠦ ᠨᠠᠶᠢᠳᠠᠬᠤ᠂ ᠪᠡᠶ᠎ᠡ ᠪᠠᠨ ᠬᠤᠣᠷᠯᠠᠬᠤ ᠬᠡᠮᠳᠥ ᠬᠡᠷᠡᠭ ᠬᠢᠬᠦ ᠭᠡᠬᠦ ᠮᠡᠳᠥ ᠶᠢᠨ ᠦᠷ᠎ᠡ ᠳ᠋ᠦᠩ ᠳᠤ | ᠭᠥᠷᠳᠡᠭ᠃ ᠡᠳᠡᠭᠡᠷ ᠪᠤᠳᠠᠳᠥ ᠪᠠᠶᠢᠳᠠᠯ ᠨᠢ ᠨᠢᠭᠡᠨᠲᠡ ᠨᠡᠶᠢᠭᠡᠮ ᠨᠡᠶᠢᠲᠡ ᠶᠢᠨ ᠬᠠᠮᠤᠭ ᠠᠴᠠ ᠰᠠᠨᠠᠭᠠᠰᠢᠷᠠᠨ ᠠᠩᠬᠠᠷᠬᠤ | ᠠᠰᠠᠭᠤᠳᠠᠯ ᠪᠣᠯᠤᠭᠠᠳ ᠪᠠᠶᠢᠨ᠎ᠠ᠃ ᠡᠳᠡᠭᠡᠷ ᠪᠦᠬᠦᠨ ᠨᠢ ᠮᠠᠨᠤᠰ ᠢ ᠰᠤᠷᠭᠠᠨ ᠭᠦᠮᠦᠵᠢᠯ ᠤᠨ ᠦᠨᠳᠤᠰᠤᠨ ᠵᠣᠷᠢᠯᠲᠠ᠂ | ᠬᠠᠷᠠᠯᠲᠠ᠂ ᠤᠭ ᠡᠰᠢ ᠶᠢ ᠡᠷᠬᠡᠪᠰᠢ ᠲᠠᠬᠢᠨ ᠲᠠᠨᠢᠬᠤ᠂ ᠰᠢᠨ᠎ᠡ ᠪᠠᠷ ᠲᠠᠨᠢᠬᠤ ᠶᠢ ᠱᠠᠭᠠᠷᠳᠠᠬᠤ ᠪᠣᠯᠵᠠᠢ᠃ | ᠬᠤᠶᠠᠷ ᠲᠤ᠂ ᠪᠢᠲᠡ ᠡᠷᠬᠡᠪᠰᠢ ᠰᠤᠷᠤᠭᠴᠢᠳ ᠢᠶᠠᠨ ︽ᠭᠦᠮᠦᠨ︾ ᠢᠶᠠᠷ ᠦᠵᠡᠵᠦ ᠤᠢᠢᠯᠠᠭᠠᠵᠦ | ᠭᠦᠨᠳᠤᠳᠬᠡᠭᠦ ᠬᠡᠷᠡᠭᠳᠠᠢ᠃ | ᠮᠣᠩᠭᠤᠯ ᠦᠭᠡᠨ ᠳᠤ ︽ᠮᠠᠯ ᠤᠨ ᠰᠠᠨᠠᠭ᠎ᠠ ᠶᠢ ᠲᠠᠭᠠᠭᠰᠠᠨ ᠠᠶᠢᠯ ᠤᠨ ᠮᠠᠯ ᠥᠭᠡᠳᠡᠷᠬᠡᠭ︾ ᠭᠡᠰᠡᠨ ᠦᠭᠡ | ᠪᠠᠶᠢᠳᠠᠭ᠂ ᠪᠢᠳᠡ ᠰᠤᠷᠤᠭᠴᠢᠳ ᠤᠨ ᠢᠶᠠᠨ ᠪᠣᠳᠤᠯ ᠭᠦᠰᠡᠯ ᠢ ᠤᠢᠢᠯᠠᠭᠠᠵᠦ᠂ ᠲᠡᠭᠦᠨ ᠤ ᠬᠢ ᠨᠢ ᠲᠠᠭᠠᠤ ᠳᠤ ᠥᠪ | ᠰᠣᠶᠤᠯ ᠤᠨ ᠢᠶᠠᠨ ᠰᠢᠯᠢᠳᠡᠭ ᠢ ᠨᠢ ᠲᠠᠨᠢᠭᠤᠯᠤᠨ ᠰᠤᠷᠤᠯᠴᠠᠭᠤᠯᠵᠦ᠂ ᠤᠷᠮᠠᠰᠢᠭᠤᠯᠤᠨ ᠵᠤᠷᠢᠬᠵᠢᠭᠤᠯᠪᠠᠯ ᠦᠷ᠎ᠡ | ᠬᠤᠶᠢᠴᠢᠰ ᠮᠢᠨᠢ ᠨᠡᠩ ᠵᠣᠯᠪᠤᠭ᠎ᠠ ᠲᠡᠭᠦᠯᠳᠡᠷ ᠢᠶᠠᠷ᠂ ᠢᠳᠡᠭᠡᠯ ᠲᠡᠭᠦᠰ ᠢᠶᠠᠷ ᠥᠪᠡᠷ ᠤᠨ ᠵᠣᠷᠢᠭᠰᠠᠨ | ᠦᠢᠯᠡᠰ ᠲᠤ ᠪᠠᠨ ᠤᠷᠤᠭᠰᠢᠳᠠᠢ ᠢᠯᠭᠤᠮ ᠢᠶᠠᠷ ᠭᠦᠷᠴᠦ ᠴᠢᠳᠠᠬᠤ ᠶᠤᠮ᠃ ︽ᠥᠪᠡᠷ ᠢ ᠪᠠᠨ ᠭᠦᠨᠳᠤᠳᠬᠡᠭᠦ ᠨᠢ | ᠪᠤᠰᠤᠳ ᠢ ᠭᠦᠨᠳᠤᠳᠬᠡᠭᠦ ᠠᠴᠠ ᠡᠬᠢᠯᠡᠳᠡᠭ︾ ᠭᠡᠳᠡᠭ ᠢᠶᠠᠷ ᠰᠤᠷᠤᠭᠴᠢᠳ ᠲᠤ ᠪᠠᠨ ︽ᠥᠪᠡᠷ ᠤᠨ ᠢᠶᠠᠨ ᠴᠠᠭ | ᠦᠶ᠎ᠡ᠂ ᠣᠷᠴᠢᠨ ᠠᠬᠤᠢ ᠳᠤ ᠴᠢᠯᠦᠭᠡᠳᠠᠢ ᠪᠠᠷ ᠨᠢᠰᠤᠨ ᠳᠡᠪᠳᠡᠷᠢᠬᠦ ᠠᠭᠠᠷ ᠣᠷᠴᠢᠯᠠᠩ︾ ᠢ ᠪᠦᠷᠢᠯᠳᠤᠭᠦᠯᠤᠨ | ᠥᠭᠴᠦ ᠯᠡ ᠪᠠᠶᠢᠪᠠᠯ ᠠᠯᠢᠪᠠ ᠪᠦᠬᠦᠨ ᠰᠠᠶᠢᠨ ᠰᠠᠶᠢᠬᠠᠨ ᠵᠦᠭ ᠲᠤ ᠥᠷᠨᠢᠭᠦ ᠪᠣᠯᠤᠨ᠎ᠠ᠃ ᠡᠨᠡ ᠨᠢ ᠮᠥᠨ ᠴᠦ ᠭᠡᠷ | ᠪᠦᠯᠢ᠂ ᠨᠡᠶᠢᠭᠡᠮ ᠤᠨ ᠰᠤᠷᠭᠠᠨ ᠭᠦᠮᠦᠵᠢᠯ ᠤᠨ ᠴᠢᠬᠤᠯᠠ ᠪᠣᠯᠬᠤ ᠨᠢᠭᠡᠨ ᠡᠯᠧᠮᠧᠨ᠋ᠲ ᠭᠡᠳᠡᠭ ᠢ ᠣᠢᠢᠯᠠᠭᠠᠬᠤ | ᠴᠢᠬᠤᠯᠠᠲᠠᠢ᠃ | 1. ᠰᠤᠷᠤᠭᠴᠢᠳ ᠢ ᠬᠦᠮᠦᠨ ᠤ ᠦᠨᠦᠷ ᠲᠠᠢ᠂ ᠮᠥᠰᠦ ᠴᠢᠨᠠᠷ ᠲᠠᠢ ᠬᠦᠮᠦᠨ ᠪᠤᠯᠭᠠᠨ ᠬᠥᠮᠦᠵᠢᠭᠦᠯᠬᠦ ᠪᠣᠯ | ᠰᠤᠷᠭᠠᠭᠤᠯᠢ ᠶᠢᠨ ᠰᠤᠷᠭᠠᠨ ᠬᠦᠮᠦᠵᠢᠯ ᠤᠨ ᠬᠠᠮᠤᠭ ᠤᠨ ᠦᠨᠳᠦᠰᠦᠨ ᠬᠠᠷᠠᠯᠲᠠ ᠪᠣᠯᠤᠨ᠎ᠠ᠃ ᠰᠤᠷᠭᠠᠨ ᠬᠦᠮᠦᠵᠢᠯ ᠨᠢ | ᠬᠦᠮᠦᠨ ᠤ ᠪᠡᠶ᠎ᠡ ᠳᠤ ᠪᠣᠢ ᠪᠠᠶᠢᠭᠠᠯᠢᠯᠢᠬ᠂ ᠦᠭᠡᠷ᠎ᠡ ᠪᠠᠷ ᠬᠡᠯᠡᠪᠡᠯ ᠲᠥᠷᠦᠯᠬᠢ ᠵᠡᠷᠯᠢᠭ ᠲᠠᠯ᠎ᠠ ᠶᠢ ᠵᠦᠭᠡᠯᠡᠯᠡᠨ | ᠨᠦᠮᠵᠦᠭᠷᠡᠭᠦᠯᠵᠦ᠂ ᠪᠠᠶᠢᠭᠠᠯᠢ ᠳᠡᠯᠡᠬᠡᠢ ᠶᠢᠨ ᠠᠮᠢᠲᠠᠨ ᠤᠷᠭᠤᠮᠠᠯ ᠠᠴᠠ ᠣᠢᠢᠷ᠎ᠠ ᠲᠤᠭᠤᠷᠢᠨ ᠤ ᠪᠠᠨ ᠬᠦᠮᠦᠨ | ᠠᠷᠠᠳ ᠲᠤ ᠬᠠᠶᠢᠷ᠎ᠠ ᠬᠠᠯᠠᠮᠵᠢ ᠲᠠᠢ᠂ ᠬᠦᠨᠳᠦᠳᠬᠡᠯ ᠬᠦᠷᠢᠶᠡᠯᠡᠯ ᠲᠠᠢ᠂ ᠡᠶ᠎ᠡ ᠨᠠᠶᠢᠷ ᠲᠠᠢ᠂ ᠲᠠᠯᠠᠷᠬᠠᠨ ᠠᠴᠢᠯᠠᠬᠤ | ᠰᠡᠳᠬᠢᠯ ᠲᠠᠢ ᠬᠦᠮᠦᠨ ᠪᠣᠯᠭᠠᠨ ᠬᠦᠮᠦᠵᠢᠭᠦᠯᠬᠦ ᠶᠠᠪᠤᠳᠠᠯ ᠪᠣᠯᠬᠤ ᠶᠤᠮ᠃ ᠳᠡᠯᠡᠬᠡᠢ ᠶᠢᠷᠲᠢᠨᠴᠦ ᠡᠳᠦᠷ ᠠᠴᠠ | ᠡᠳᠦᠷ ᠲᠤ ᠡᠷᠬᠡ ᠲᠡᠭᠰᠢ᠂ ᠡᠶ᠎ᠡ ᠨᠠᠶᠢᠷ ᠲᠠᠢ᠂ ᠴᠢᠯᠦᠭᠡᠲᠡᠢ᠂ ᠠᠷᠠᠳᠴᠢᠯᠠᠯ ᠲᠠᠢ ᠬᠠᠮᠤᠭ ᠤᠨ ᠰᠠᠶᠢᠬᠠᠨ ᠪᠣᠯᠪᠠᠰᠤᠨ | ᠲᠡᠰᠢ ᠬᠦᠭᠵᠢᠵᠦ ᠪᠠᠶᠢᠭ᠎ᠠ ᠴᠠᠭ ᠦᠶ᠎ᠡ ᠶᠢᠨ ᠠᠶᠢᠵᠠᠮ ᠠᠯᠬᠤᠭ᠎ᠠ ᠳᠤ ᠰᠤᠷᠭᠠᠭᠤᠯᠢ ᠨᠢ ᠶᠠᠭ ᠰᠤᠷᠤᠭᠴᠢᠳ ᠢᠶᠠᠨ | ᠡᠶᠢᠮᠦᠷᠭᠦᠦ ᠬᠡᠪ ᠪᠣᠯᠪᠠᠰᠤᠷᠠᠯ ᠲᠠᠢ ᠪᠣᠯᠭᠠᠬᠤ ᠳᠠᠷᠬᠠᠨ ᠡᠭᠦᠷᠭᠡ ᠶᠢ ᠡᠭᠦᠷᠭᠡᠯᠡᠵᠦ ᠪᠠᠶᠢᠭ᠎ᠠ ᠶᠤᠮ᠃ | 2. ᠪᠠᠭᠰᠢ ᠪᠤᠯᠤᠭᠰᠠᠳ ᠡᠷᠬᠡᠪᠰᠢ ᠰᠤᠷᠤᠭᠴᠢᠳ ᠤᠨ ᠢᠶᠠᠨ ᠪᠡᠶ᠎ᠡ ᠰᠡᠳᠬᠢᠴᠡ ᠶᠢᠨ ᠪᠤᠶᠢᠵᠢᠯᠲᠠ ᠶᠢ ᠴᠠᠭ | ᠴᠠᠭ ᠤᠨ ᠲᠤᠷᠰᠢᠲᠠ ᠨᠠᠷᠢᠨ ᠨᠢᠮᠪᠠᠢ ᠰᠤᠳᠤᠯᠤᠨ ᠤᠢᠢᠯᠠᠭᠠᠵᠤ᠂ ᠴᠠᠭ ᠴᠠᠭ ᠲᠤ ᠨᠢ ᠲᠤᠬᠢᠷᠠᠭᠰᠠᠨ ᠡᠮ ᠳᠣᠮ ᠢ | ᠤᠶᠠᠨ ᠬᠠᠲᠠᠨ ᠢᠶᠠᠷ ᠵᠤᠬᠢᠴᠠᠭᠤᠯᠵᠤ ᠴᠢᠳᠠᠭᠰᠠᠨ ᠪᠠᠶᠢᠬᠤ ᠬᠡᠷᠡᠭᠲᠡᠢ ᠶᠤᠮ᠃ ᠥᠨᠦᠳᠦᠷ ᠤᠨ ᠰᠤᠷᠤᠭᠴᠢᠳ ᠤᠨ | ᠬᠤᠭᠤᠷᠤᠨᠳᠤᠬᠢ ᠵᠦᠷᠢᠴᠡᠯ ᠮᠥᠷᠭᠦᠯᠳᠦᠭᠡᠨ᠂ ᠪᠠᠭᠰᠢ ᠰᠤᠷᠤᠭᠴᠢ ᠶᠢᠨ ᠬᠤᠭᠤᠷᠤᠨᠳᠤᠬᠢ ᠵᠦᠷᠢᠴᠡᠯ᠂ ᠭᠡᠷ ᠤᠨ | ᠠᠬᠠᠮᠠᠳ ᠪᠠ ᠬᠡᠦᠬᠡᠳ ᠤᠨ ᠬᠤᠭᠤᠷᠤᠨᠳᠤᠬᠢ ᠵᠦᠷᠢᠴᠡᠯ ᠮᠠᠷᠭᠤᠭᠠᠨ ᠨᠢ ᠪᠦᠷ ᠬᠠᠷᠢᠯᠴᠠᠨ ᠨᠢᠭᠡ ᠨᠢᠭᠡᠨ ᠢᠶᠠᠨ ᠥᠯᠦ | ᠣᠢᠢᠯᠠᠭᠠᠬᠤ᠂ ᠣᠢᠢᠯᠠᠭᠠᠬᠤ ᠶᠢ ᠦᠯᠦ ᠬᠦᠰᠡᠭᠰᠡᠨ ᠠᠴᠠ ᠪᠤᠯᠤᠭᠰᠠᠨ ᠦᠷ᠎ᠡ ᠳ᠋ᠥᠩ ᠶᠤᠮ᠃ ᠶᠡᠭᠡ ᠪᠠᠭ᠎ᠠ ᠭᠡᠰᠡᠨ | ᠦᠭᠡᠢ᠂ ᠪᠠᠭᠰᠢ᠂ ᠰᠤᠷᠤᠭᠴᠢ᠂ ᠭᠡᠷ ᠤᠨ ᠠᠬᠠᠮᠠᠳ ᠬᠠᠷᠢᠯᠴᠠᠨ ᠬᠡᠨ ᠠᠯᠢᠨ ᠢᠶᠠᠨ ᠣᠢᠢᠯᠠᠭᠠᠬᠤ ᠦᠭᠡᠢ᠂ | ᠬᠠᠷᠢᠯᠴᠠᠨ ᠬᠡᠨ ᠠᠯᠢᠨ ᠲᠠᠢ ᠪᠠᠨ ᠨᠡᠪᠲᠡᠷᠡᠬᠦ ᠦᠭᠡᠢ ᠪᠣᠯ ᠬᠡᠷᠬᠢᠨ ᠬᠡᠨ ᠠᠯᠢᠨ ᠤ ᠪᠠᠨ ᠰᠡᠳᠬᠢᠯ ᠳᠤ ᠨᠡᠪᠲᠡᠷᠡᠭᠰᠡᠨ᠂ | ᠰᠡᠳᠬᠢᠯ ᠳᠤ ᠨᠢ ᠲᠠᠭᠠᠯᠠᠭᠳᠠᠭᠰᠠᠨ ᠬᠦᠮᠦᠨ ᠪᠣᠯᠵᠤ ᠳᠡᠶᠢᠯᠬᠦ ᠶᠤᠮ᠃ ᠡᠭᠦᠨ ᠳᠤ ᠠᠯᠢ ᠲᠠᠯ᠎ᠠ ᠨᠢ ᠪᠣᠯᠤᠭᠰᠠᠨ ᠴᠦ | ᠠᠭᠤᠵᠢᠭᠤ ᠲᠠᠯᠪᠢᠭᠤ᠂ ᠬᠦᠯᠢᠴᠡᠩᠭᠦᠢ ᠳᠠᠭᠠᠭᠠᠴᠠᠲᠠᠢ᠂ ᠬᠠᠯᠠᠰᠢᠷᠠᠯ ᠦᠭᠡᠢ ᠬᠠᠷᠢᠯᠴᠠᠭ᠎ᠠ ᠲᠠᠢ ᠪᠠᠶᠢᠮᠠᠨ ᠰᠠᠶ᠋ᠢ ᠨᠢᠭᠡ | ᠨᠢᠭᠡᠨ ᠢᠶᠠᠨ ᠣᠢᠢᠯᠠᠭᠠᠵᠤ᠂ ᠪᠠᠭᠰᠢ ᠨᠢ ᠰᠤᠷᠤᠭᠴᠢ ᠪᠠᠨ ᠬᠠᠶᠢᠷᠠᠯᠠᠬᠤ᠂ ᠰᠤᠷᠤᠭᠴᠢ ᠨᠢ ᠪᠠᠭᠰᠢ ᠪᠠᠨ ᠬᠦᠨᠳᠦᠳᠬᠡᠬᠦ᠂ | ᠬᠡᠦᠬᠡᠳ ᠨᠢ ᠡᠴᠢᠭᠡ ᠡᠬᠡ ᠪᠠᠨ ᠨᠠᠨᠳᠢᠩᠨᠠᠨ ᠬᠠᠶᠢᠷᠠᠯᠠᠬᠤ ᠭᠡᠬᠦ ᠮᠡᠲᠦ ᠶᠢᠨ ᠡᠰᠢ ᠶᠤᠰᠤᠨ ᠳᠤ ᠨᠡᠶᠢᠴᠡᠭᠰᠡᠨ | ᠬᠠᠷᠢᠯᠴᠠᠭ᠎ᠠ ᠪᠦᠷᠢᠯᠳᠦᠵᠦ ᠴᠢᠳᠠᠨ᠎ᠠ᠃ | ① ᠣᠢᠢᠯᠠᠭᠠᠵᠤ ᠠᠭᠤᠴᠢᠯᠠᠬᠤ ᠪᠣᠯ ᠬᠠᠮᠤᠭ ᠤᠨ ᠰᠠᠶᠢᠨ ᠡᠮ ᠶᠤᠮ᠃ | ᠪᠠᠭᠰᠢ ᠪᠤᠯᠤᠭᠰᠠᠳ ᠡᠷᠬᠡᠪᠰᠢ ᠬᠦᠯᠢᠴᠡᠩᠭᠦᠢ ᠪᠠᠭᠲᠠᠭᠠᠮᠵᠢᠲᠠᠢ ᠪᠠᠷ ᠰᠤᠷᠤᠭᠴᠢᠳ ᠤᠨ ᠢᠶᠠᠨ ᠰᠡᠳᠬᠢᠯ ᠢ | ᠢᠳᠡᠭ ᠠᠯᠬᠤᠮ ᠢᠶᠠᠷ ᠨᠡᠬᠡᠭᠡᠵᠦ᠂ ᠤᠷᠤᠰᠢᠵᠤ ᠪᠠᠶᠢᠭ᠎ᠠ ᠠᠯᠳᠠᠭ᠎ᠠ ᠠᠳᠡᠯ ᠢ ᠨᠢ ᠢᠳᠡᠭ ᠠᠯᠬᠤᠮ ᠢᠶᠠᠷ ᠵᠢᠭᠠᠨ | ᠭᠠᠷᠭᠠᠵᠤ᠂ ᠠᠭᠤᠴᠢᠯᠠᠨ ᠡᠨᠡᠷᠢᠬᠦ ᠨᠢ ᠬᠠᠮᠤᠭ ᠤᠨ ᠦᠷ᠎ᠡ ᠠᠰᠢᠭ ᠲᠠᠢ ᠬᠦᠮᠦᠵᠢᠭᠦᠯᠦᠯ ᠪᠣᠯᠬᠤ ᠶᠤᠮ᠃ ᠬᠠᠷᠢᠨ | ᠡᠭᠦᠨ ᠤ ᠡᠰᠡᠷᠭᠦ ᠪᠠᠷ ᠠᠭᠰᠤᠷᠤᠨ ᠵᠠᠩᠳᠤᠷᠴᠦ᠂ ᠬᠠᠷᠢᠶᠠᠨ ᠭᠤᠲᠤᠭᠠᠬᠤ᠂ ᠨᠡᠩ ᠴᠢᠨᠠᠭᠰᠢᠯᠠᠨ ᠪᠦᠳᠦᠭᠦᠯᠢᠭ ᠢᠶᠠᠷ | ᠭᠤᠶᠠᠳᠠᠵᠤ ᠴᠣᠬᠢᠬᠤ ᠨᠢ ᠤᠯᠠᠮ ᠪᠦᠷ ᠰᠤᠷᠤᠭᠴᠢᠳ ᠢ ︽ᠬᠤᠭᠤᠷᠠᠬᠤ ᠠᠴᠠ ᠪᠢᠰᠢ ᠨᠤᠭᠤᠷᠠᠬᠤ | ᠦᠭᠡᠢ︾ ᠪᠤᠯᠭᠠᠳᠠᠬ᠃ ᠬᠦᠮᠦᠨ ᠤ ᠰᠡᠳᠬᠢᠯ ᠭᠡᠳᠡᠭ ︽ᠬᠠᠲᠠᠭᠤ ᠳᠤ ᠨᠤᠭᠤᠷᠠᠬᠤ ᠦᠭᠡᠢ ᠴᠦ ᠵᠥᠭᠡᠯᠡᠨ ᠳᠤ | ᠤᠶᠠᠷᠠᠳᠠᠭ︾ ᠲᠠᠯ᠎ᠠ ᠲᠠᠢ ᠭᠡᠳᠡᠭ ᠢ ᠵᠠᠪᠠᠯ ᠤᠢᠢᠯᠠᠭᠠᠬᠤ ᠬᠡᠷᠡᠭᠲᠡᠢ᠃ | ② ᠬᠠᠶᠢᠷ᠎ᠠ ᠬᠠᠯᠠᠮᠵᠢ ᠬᠦᠷᠲᠡᠭᠡᠬᠦ ᠪᠣᠯ ᠬᠠᠮᠤᠭ ᠤᠨ ᠰᠠᠶᠢᠨ ᠬᠦᠨᠳᠦᠳᠭᠡᠯ ᠶᠤᠮ᠃ | ᠥᠨᠥᠳᠦᠷ ᠤᠨ ᠰᠤᠷᠭᠠᠭᠤᠯᠢ ᠶᠢᠨ ᠪᠠᠶᠢᠳᠠᠯ ᠠᠴᠠ ᠠᠵᠢᠭᠯᠠᠬᠤ ᠳᠤ ᠪᠠᠭᠰᠢ ᠰᠤᠷᠤᠭᠴᠢ ᠶᠢᠨ ᠬᠤᠭᠤᠷᠤᠨᠳᠤᠬᠢ | ᠵᠠᠢ ᠨᠡᠯᠢᠶᠡᠳ ᠬᠤᠯᠠ ᠪᠠᠶᠢᠭ᠎ᠠ ᠲᠥᠯᠥᠪ ᠲᠠᠢ᠃ ᠡᠭᠦᠨ ᠳᠤ ᠰᠠᠶᠢᠨ ᠪᠠᠭᠰᠢ ᠪᠣᠯ ᠶᠠᠭᠠᠬᠢᠪᠠᠴᠦ ᠠᠳᠠᠯᠢ ᠦᠭᠡᠢ | ᠪᠠᠶᠢᠵᠤ᠂ ᠠᠮᠢᠳᠤᠷᠠᠯ ᠰᠤᠷᠤᠯᠴᠠᠯᠭ᠎ᠠ ᠶᠢᠨ ᠶᠠᠮᠠᠷ ᠲᠠᠯᠠᠪᠤᠷ ᠲᠤ ᠴᠦ ᠰᠤᠷᠤᠭᠴᠢ ᠶᠢᠨ ᠢᠶᠠᠨ ᠬᠠᠵᠠᠭᠤ ᠳᠤ᠂ | ᠰᠡᠳᠬᠢᠯ ᠳᠤ ᠨᠢ ᠤᠷᠤᠰᠢᠵᠦ ᠪᠠᠶᠢᠳᠠᠭ᠃ ᠡᠶᠢᠮᠦ ᠪᠠᠭᠰᠢ ᠲᠠᠢ ᠰᠤᠷᠤᠭᠴᠢᠳ ᠬᠠᠷᠢᠴᠠᠩᠭᠤᠢ ᠪᠠᠶᠠᠰᠤᠩᠭᠤᠢ | ᠲᠠᠶᠢᠪᠤᠩ ᠪᠦᠭᠡᠳ ᠶᠠᠮᠠᠷᠪᠠ ᠶᠠᠪᠤᠳᠠᠯ ᠳᠤ ᠴᠦ ᠢᠳᠡᠪᠬᠢ ᠣᠪᠤᠷ ᠲᠠᠢ ᠪᠠᠶᠢᠳᠠᠭ᠃ ᠬᠦᠮᠦᠨ ᠪᠣᠯ ᠨᠡᠶᠢᠭᠡᠮᠴᠢ | ᠴᠢᠨᠠᠷ ᠲᠠᠢ ᠪᠣᠯᠬᠤᠷ ᠲᠡᠳᠡᠨ ᠤ ᠬᠤᠭᠤᠷᠤᠨᠳᠤᠬᠢ ᠬᠦᠭᠦᠷᠭᠡ ᠪᠣᠯ ᠰᠡᠳᠬᠢᠯᠭᠡ ᠪᠣᠯᠤᠨ᠎ᠠ᠃ ᠰᠡᠳᠬᠢᠯᠭᠡ ᠶᠢᠨ | ᠬᠦᠭᠦᠷᠭᠡ ᠶᠢ ᠪᠠᠲᠤ ᠴᠤᠭᠴᠠᠯᠠᠭᠰᠠᠨ ᠪᠠᠶᠢᠳᠠᠯ ᠳᠤ ᠪᠠᠭᠰᠢ ᠰᠤᠷᠤᠭᠴᠢ ᠶᠢᠨ ᠬᠤᠭᠤᠷᠤᠨᠳᠤ ᠶᠠᠮᠠᠷ ᠴᠦ ᠵᠦᠷᠢᠴᠡᠯ | ᠣᠷᠤᠰᠢᠬᠤ ᠪᠣᠯᠤᠯᠴᠠᠭ᠎ᠠ ᠦᠭᠡᠢ ᠶᠤᠮ᠃ ᠬᠠᠶᠢᠷ᠎ᠠ ᠶᠢ ᠨᠢ ᠬᠦᠷᠲᠡᠭᠰᠡᠨ ᠰᠤᠷᠤᠭᠴᠢᠳ ᠬᠡᠵᠢᠶᠡᠳᠡ ᠬᠠᠶᠢᠷ᠎ᠠ | ᠬᠦᠷᠲᠡᠭᠡᠭᠰᠡᠨ ᠪᠠᠭᠰᠢ ᠳᠤ ᠪᠠᠨ ᠲᠠᠯᠠᠷᠬᠠᠵᠦ ᠶᠠᠪᠤᠳᠠᠭ᠃ ᠭᠠᠷᠭᠠᠭᠰᠠᠨ ᠠᠯᠳᠠᠭ᠎ᠠ ᠪᠤᠷᠤᠭᠤ ᠶᠢ ᠨᠢ ᠬᠦᠷᠲᠡᠯ᠎ᠡ | ᠠᠭᠤᠴᠢᠯᠠᠨ ᠪᠠᠭᠲᠠᠭᠠᠵᠤ ᠴᠢᠳᠠᠭᠰᠠᠨ ᠪᠠᠭᠰᠢ ᠳᠤ ᠲᠠᠯᠠᠷᠬᠠᠬᠤ ᠦᠭᠡᠢ ᠰᠤᠷᠤᠭᠴᠢ ᠭᠡᠵᠦ ᠪᠠᠶᠢᠬᠤ ᠦᠭᠡᠢ | ᠶᠤᠮ᠃ ᠡᠭᠦᠨ ᠢ ᠮᠡᠳᠡᠭᠰᠡᠨ ᠰᠤᠷᠤᠭᠴᠢ ᠲᠠᠬᠢᠭᠠᠳ ᠠᠯᠳᠠᠭ᠎ᠠ ᠭᠠᠷᠭᠠᠬᠤ ᠪᠤᠯᠤᠯᠴᠠᠭ᠎ᠠ ᠴᠦ ᠦᠭᠡᠢ ᠶᠤᠮ᠃ | ᠭᠤᠷᠪᠠ ᠳᠤ᠂ ᠰᠤᠷᠭᠠᠭᠤᠯᠢ ᠶᠢᠨ ᠰᠤᠷᠭᠠᠨ ᠭᠦᠮᠦᠵᠢᠯ ᠤᠨ ᠦᠨᠳᠤᠰᠤ ᠪᠤᠯ ᠰᠤᠷᠤᠭᠴᠢᠳ ᠢ ︽ᠭᠦᠮᠦᠨ | ᠪᠣᠯᠭᠠᠬᠤ︾ ᠠᠰᠠᠭᠤᠳᠠᠯ ᠶᠤᠮ᠃ | 1. ᠰᠤᠷᠤᠭᠴᠢ ᠶᠢ ᠪᠠᠨ ︽ᠲᠡᠳᠡ ᠪᠤᠯ ᠲᠤᠰᠠᠭᠠᠷ ᠤᠷᠤᠰᠢᠬᠤ ᠶᠢᠷᠳᠢᠨᠴᠦ︾ ᠭᠡᠳᠡᠭ ᠢ ᠵᠠᠪᠠᠯ ᠮᠡᠳᠡᠷᠡᠭᠦ | ᠬᠡᠷᠡᠭᠳᠠᠢ᠃ ᠪᠠᠭᠰᠢ ᠶᠢᠨ ᠡᠭᠦᠷᠭᠡ ᠬᠠᠷᠢᠭᠤᠴᠠᠯᠭ᠎ᠠ ᠪᠤᠯ ᠮᠡᠳᠡᠯᠭᠡ ᠤᠯᠠᠮᠵᠢᠯᠠᠭᠴᠢ ᠯᠡ ᠪᠢᠰᠢ᠂ ᠬᠠᠷᠢᠨ ᠡᠭᠦᠨ ᠤ ᠪᠠᠨ | ᠲᠠᠭᠠᠤ ᠳᠤ ᠥᠪᠡᠷ ᠲᠤ ᠪᠤᠢ ᠪᠣᠯᠪᠠᠰᠤᠷᠠᠯ ᠭᠦᠮᠦᠵᠢᠯ ᠤᠨ ᠤᠢ ᠪᠢᠯᠢᠭ ᠪᠤᠶᠤ ᠭᠡᠷᠡᠯ ᠭᠡᠭᠡ ᠪᠠᠷ ᠢᠶᠠᠨ ᠲᠡᠳᠡᠨ ᠤ | ᠣᠶᠤᠨ ᠰᠠᠨᠠᠭᠠᠨ ᠤ ᠶᠢᠷᠳᠢᠨᠴᠦ ᠶᠢ ᠭᠡᠬᠡᠨ ᠲᠤᠩᠭᠠᠯᠠᠭ ᠪᠤᠯᠭᠠᠵᠦ᠂ ᠨᠡᠩ ᠢᠯᠡᠭᠦᠦ ᠰᠠᠷᠠᠭᠤᠯ ᠠᠭᠤᠳᠠᠮ | ᠶᠢᠷᠳᠢᠨᠴᠤ ᠳᠤ ᠭᠦᠷᠭᠡᠭᠦ ᠶᠢ ᠬᠡᠯᠡᠳᠡᠭ ᠶᠤᠮ᠃ ᠬᠠᠷᠢᠨ ᠲᠡᠳᠡᠨᠤᠰ ᠤᠨ ᠲᠤᠰᠠᠭᠠᠷ ᠶᠢᠷᠳᠢᠨᠴᠦ ᠶᠢ ᠦᠭᠡᠶᠢᠰᠭᠡᠨ | ᠥᠪᠡᠷ ᠤᠨ ᠢᠶᠠᠨ ᠶᠢᠷᠳᠢᠨᠴᠦ ᠳᠤ ᠠᠪᠴᠢᠷᠠᠬᠤ ᠭᠡᠪᠡᠯ ᠦᠯᠢᠳᠭᠡᠰᠢ ᠦᠭᠡᠢ ᠪᠤᠰᠤᠷᠮᠠᠭ ᠦᠢᠯᠡ ᠪᠤᠯᠵᠦ ᠰᠡᠳᠭᠢᠰᠢ | ᠦᠭᠡᠢ ᠦᠷ᠎ᠡ ᠳ᠋ᠦᠩ᠂ ᠥᠭᠡᠷ᠎ᠡ ᠪᠠᠷ ᠬᠡᠯᠡᠪᠡᠯ ᠥᠪᠡᠷ ᠤᠨ ᠭᠡᠰᠡᠨ ᠦᠵᠡᠯ ᠪᠣᠳᠤᠯ ᠢᠶᠠᠨ ᠠᠯᠳᠠᠭᠰᠠᠨ᠂ | ᠪᠤᠰᠤᠳ ᠤᠨ ᠦᠵᠡᠯ ᠰᠠᠨᠠᠭᠠᠨ ᠤ ᠪᠣᠭᠤᠯ ᠪᠣᠯᠤᠭᠰᠠᠨ ᠦᠬᠡᠨᠴᠡ ᠨᠢᠭᠡᠨ ᠦᠶ᠎ᠠ ᠶᠢ ᠭᠦᠮᠦᠵᠢᠭᠦᠯᠵᠤ ᠮᠠᠳᠠᠨ᠎ᠠ᠃ | 2. ᠰᠤᠷᠭᠠᠭᠤᠯᠢ ᠪᠤᠯᠤᠨ ᠪᠠᠭᠰᠢ ᠪᠤᠯ ᠰᠤᠷᠤᠭᠴᠢᠳ ᠤᠨ ᠥᠪᠡᠷ ᠤᠨ ᠭᠡᠷᠡᠯᠳᠦ ᠶᠢᠷᠳᠢᠨᠴᠦ ᠳᠤ | ᠨᠡᠪᠲᠡᠷᠡᠭᠦ ᠳᠤ ᠵᠠᠮᠴᠢᠯᠠᠭᠴᠢ ᠪᠤᠶᠤ ᠴᠠᠮᠬᠠᠭ ᠪᠣᠯᠬᠤ ᠶᠤᠮ᠃ ᠰᠤᠷᠤᠭᠴᠢ ᠨᠢᠭᠡ ᠪᠦᠷᠢ ᠶᠢᠨ ᠭᠦᠰᠡᠯ ᠮᠦᠷᠥᠭᠡᠳᠤᠯ᠂ | ᠠᠪᠢᠶᠠᠰ ᠪᠢᠯᠢᠭ ᠢ ᠨᠢ ᠬᠠᠶᠢᠨ ᠢᠯᠡᠷᠡᠭᠦᠯᠵᠦ᠂ ᠬᠢᠯᠪᠠᠷ ᠤᠢᠢᠯᠠᠭᠠᠮᠵᠢᠳᠠᠢ ᠠᠷᠭ᠎ᠠ ᠵᠠᠮ ᠢᠶᠠᠷ ᠥᠪᠡᠷ ᠤᠨ ᠢᠶᠠᠨ | ᠶᠢᠷᠳᠢᠨᠴᠦ ᠤᠷᠤᠭᠤ ᠨᠡᠪᠲᠡᠷᠡᠭᠦ ᠳᠤ ᠨᠢ ᠲᠥᠬᠦᠮ ᠦᠵᠡᠭᠦᠯᠦᠭᠴᠢ ᠶᠤᠮ᠃ | ᠲᠠᠶᠢᠮᠦ ᠪᠤᠯᠬᠤᠷ ᠪᠠᠭᠰᠢ ᠪᠤᠯᠤᠭᠰᠠᠳ ᠴᠠᠭ ᠦᠶ᠎ᠡ ᠶᠢᠨ ᠠᠯᠬᠤᠮ ᠠᠶᠢᠵᠠᠮ ᠳᠤ ᠵᠣᠬᠢᠴᠠᠭᠰᠠᠨ ᠭᠦᠮᠦᠡᠯᠢᠭ᠂ | ᠠᠮᠢᠳᠤᠯᠢᠭ ᠴᠢᠯᠦᠭᠡᠳᠠᠢ᠂ ᠦᠨᠡᠨ ᠬᠦ ᠦᠷ᠎ᠡ ᠠᠰᠢᠭ ᠲᠠᠢ ᠰᠤᠷᠭᠠᠨ ᠭᠦᠮᠦᠵᠢᠯ ᠤᠨ ᠰᠢᠨ᠎ᠡ ᠨᠢᠭᠡᠨ ᠵᠠᠮ ᠴᠢᠭᠯᠡᠯ ᠢ | ᠤᠯᠠᠮ ᠨᠢᠭᠡ ᠠᠯᠬᠤᠮ ᠬᠠᠶᠢᠨ ᠡᠷᠢᠭᠦ ᠱᠠᠭᠠᠷᠳᠠᠯᠭ᠎ᠠ ᠶᠢ ᠪᠠᠶᠠᠯᠠᠭᠦᠯᠭᠦ ᠪᠠᠷ ᠴᠢᠷᠮᠠᠶᠢᠪᠠᠯ ᠵᠤᠬᠢᠨ᠎ᠠ᠃ | ᠠᠵᠢᠯᠯᠠᠵᠤ ᠪᠠᠶᠢᠭ᠎ᠠ ᠪᠠᠶᠢᠭᠤᠯᠭ᠎ᠠ᠄ ᠣᠩᠨᠢᠭᠤᠳ ᠬᠤᠰᠢᠭᠤᠨ ᠤ ᠰᠢᠨᠡᠰᠦ᠋ᠮ᠎ᠡ | ᠶᠡᠷᠦᠩᠬᠡᠢ ᠪᠠᠭ᠎ᠠ ᠰᠤᠷᠭᠠᠭᠤᠯᠢ | ︵ᠠᠯᠳᠠᠨᠰᠦ᠋ᠭᠡ ᠨᠠᠶᠢᠷᠠᠭᠤᠯᠪᠠ︶ | 2023.3 ᠳ᠋ᠤᠭᠠᠷ ᠬᠤᠭᠤᠴᠠᠭ᠎ᠠ | |