ᠴᠦᠨ ᠮᠸᠢ ᠪᠣᠤ ᠶᠢᠨ ᠰᠢᠶᠣᠣ | | | | | ᠬᠡᠥᠬᠡᠳ ᠭᠡᠳᠡᠭ ᠭᠡᠷ ᠪᠥᠯᠢ ᠶᠢᠨ ᠢᠶᠠᠨ ᠬᠦᠰᠡᠯ᠂ ᠰᠠᠶᠢᠨ ᠰᠠᠶᠢᠬᠠᠨ ᠤ ᠡᠷᠡᠮᠡᠯᠵᠡᠯ ᠮᠥᠨ᠂ ᠡᠶᠢᠮᠥ ᠶᠢᠨ ᠲᠤᠯᠠ | ᠬᠡᠥᠬᠡᠳ ᠢᠶᠠᠨ ᠪᠢᠳᠡ ᠵᠠᠩ ᠠᠭᠠᠰᠢ ᠨᠢ ᠪᠦᠷᠢᠮᠦᠰᠥᠨ ᠲᠣᠭᠳᠠᠪᠤᠷᠢᠵᠢᠬᠤ ᠠᠴᠠ ᠡᠮᠥᠨ᠎ᠡ ᠦᠭᠡᠳᠡᠷᠭᠡᠭ ᠰᠡᠳᠭᠢᠯ ᠲᠠᠢ᠂ | ᠲᠥᠪ ᠲᠠᠳᠬᠠᠯ ᠲᠠᠢ᠂ ᠡᠷᠡᠭᠦᠯ ᠪᠡᠶ᠎ᠡ ᠲᠠᠢ᠂ ᠰᠠᠷᠠᠭᠤᠯ ᠤᠬᠠᠭᠠᠨ ᠲᠠᠢ ᠪᠤᠯᠭᠠᠵᠤ ᠬᠥᠮᠥᠵᠢᠭᠦᠯᠬᠦ ᠨᠢ ᠮᠠᠰᠢ ᠴᠢᠬᠤᠯᠠ | ᠪᠠᠶᠢᠳᠠᠭ ᠢ ᠲᠠ ᠪᠥᠬᠦᠨ ᠶᠠᠭᠤ ᠠᠨᠳᠠᠬᠤ ᠪᠢᠯᠡ︕ ᠬᠡᠥᠬᠡᠳ ᠤᠨ ᠮᠠᠨᠢ ᠥᠰᠬᠦ ᠨᠠᠰᠤ᠂ ᠬᠥᠷᠬᠦ ᠢᠷᠡᠭᠡᠳᠥᠢ ᠪᠦᠷ ᠴᠤ | ᠲᠠ ᠪᠢᠳᠡᠨ ᠤ ᠲᠤᠳᠤᠨᠤ ᠶᠢᠨ ᠬᠠᠷᠢᠯᠴᠠᠭ᠎ᠠ ᠠᠴᠠ ᠰᠠᠯᠵᠤ ᠴᠢᠳᠠᠬᠤ ᠦᠭᠡᠢ ᠶᠢᠨ ᠣᠴᠢᠷ ᠭᠡᠷ ᠤᠨ ᠠᠬᠠᠮᠠᠳ ᠪᠠ | ᠪᠠᠭᠰᠢ ᠪᠣᠯᠣᠭᠰᠠᠳ ᠲᠠᠰᠤᠷᠠᠯᠳᠠ ᠦᠭᠡᠢ ᠨᠢᠭᠡᠨ ᠤ ᠪᠠᠨ ᠰᠡᠳᠭᠢᠯ ᠤᠨ ᠲᠠᠭᠤᠨ ᠢ ᠴᠢᠩᠨᠠᠵᠤ ᠮᠥᠷᠥ ᠵᠡᠷᠭᠡᠴᠡᠨ | ᠠᠯᠬᠤᠮ ᠨᠢᠭᠡᠳᠬᠦ ᠴᠢᠬᠤᠯᠠᠲᠠᠢ᠃ ᠬᠡᠥᠬᠡᠳ ᠤᠨ ᠢᠶᠠᠨ ᠲᠥᠯᠥᠭᠡ ᠴᠢᠩ ᠰᠡᠳᠭᠢᠯ ᠤᠨ ᠬᠡᠳᠥᠨ ᠵᠥᠪᠯᠡᠮᠵᠢ ᠪᠠᠨ | ᠡ᠊ᠨᠳᠠ ᠰᠡᠶᠢᠷᠡᠭᠦᠯᠵᠥ ᠭᠡᠷ ᠤᠨ ᠠᠬᠠᠮᠠᠳ ᠨᠠᠷ ᠲᠤ ᠪᠠᠨ ᠲᠤᠰᠠᠯᠠᠮᠵᠢ ᠪᠤᠯᠭᠠᠬᠤ ᠶᠢ ᠬᠦᠰᠡᠯ᠎ᠡ᠃ ᠬᠦᠰᠡᠯ ᠮᠢᠨᠢ | ᠪᠡᠶᠡᠯᠡᠭᠳᠡᠵᠦ ᠬᠡᠥᠬᠡᠳ ᠲᠠᠨᠢ ᠥᠭᠡᠳᠡᠷᠬᠡᠭ ᠥᠰᠴᠦ ᠴᠢᠳᠠᠪᠠᠯ ᠮᠢᠨᠦ ᠰᠡᠳᠭᠢᠯ ᠭᠦᠢᠴᠡᠬᠦ ᠨᠢ ᠲᠡᠷᠡ᠃ | ᠡᠩ ᠲᠡᠷᠢᠭᠦᠨ ᠳᠤ᠂ ᠭᠡᠷ ᠤᠨ ᠠᠬᠠᠮᠠᠳ ᠪᠤᠯ ᠭᠡᠤᠭᠡᠳ ᠤᠨ ᠢᠶᠠᠨ ᠲᠣᠯᠢ ᠪᠠᠶᠢᠳᠠᠭ ᠢᠶᠠᠨ ᠬᠡᠵᠢᠶᠡᠳᠡ | ᠴᠡᠭᠡᠵᠢᠯᠡᠵᠥ ᠪᠠᠶᠢᠭᠠᠷᠠᠢ᠃ ︽ᠣᠳᠤ ᠶᠢᠨ ᠬᠡᠥᠬᠡᠳ ᠢ ᠪᠢᠳᠡ ᠬᠠᠮᠢᠶᠠᠷᠴᠤ ᠲᠡᠶᠢᠯᠬᠦ ᠪᠠᠨ ᠪᠤᠯᠢᠴᠢᠬᠠᠭᠰᠠᠨ ᠰᠢᠥ ᠪᠠᠭᠰᠢ | ᠡ᠂ ᠡᠳᠥᠷᠵᠢᠨ ᠭᠠᠷ ᠣᠲᠠᠰᠤ ᠲᠣᠭᠯᠠᠭᠠᠳ ᠪᠠᠭ᠎ᠠ ᠯᠠ ᠬᠠᠮᠢᠶᠠᠷᠴᠤ ᠬᠠᠰᠢᠪᠠᠯ ᠪᠤᠳᠠᠭ᠎ᠠ ᠢᠳᠡᠬᠦ ᠦᠭᠡᠢ ᠭᠡᠳᠡᠯ᠎ᠡ | ᠦᠬᠦᠵᠥ ᠤᠨᠠᠨ᠎ᠠ ᠭᠡᠳ ᠠᠶᠤᠯᠭᠠᠨ᠎ᠠ᠂ ᠪᠢ ᠪᠠᠭ᠎ᠠ ᠯᠡ ᠶᠠᠩᠰᠢᠪᠠᠯ ᠡᠴᠢᠭᠡ ᠨᠢ ︿ᠡᠩᠬᠡ ᠲᠤᠩᠬ᠎ᠠ ᠥᠰᠴᠥ ᠯᠡ | ᠪᠠᠶᠢᠪᠠᠯ ᠨᠠᠭᠠᠳᠪᠠᠯ ᠨᠠᠭᠠᠳᠴᠤ ᠯᠡ ᠪᠠᠶᠢᠭ ᠴᠠᠭᠠᠰᠢ ᠪᠠᠨ﹀ ᠭᠡᠳ ᠥᠮᠥᠭᠯᠡᠴᠢᠬᠡᠨᠡ︾ ᠭᠡᠳ ︽ᠵᠤᠪᠠᠯᠠᠩ︾ ᠢᠶᠠᠨ | ᠲᠣᠭᠠᠴᠢᠬᠤ ᠭᠡᠷ ᠤᠨ ᠠᠬᠠᠮᠠᠳ ᠤᠯᠠᠰᠢᠷᠠᠵᠠᠢ᠃ ᠬᠡᠥᠬᠡᠳ ᠰᠤᠷᠭᠠᠨ᠎ᠠ ᠭᠡᠳᠡᠭ ᠲᠡᠶᠢᠮᠥ ᠬᠢᠯᠪᠠᠷ ᠠᠰᠠᠭᠤᠳᠠᠯ ᠪᠢᠰᠢ | ᠰᠢᠥ᠂ ᠭᠡᠬᠦ ᠳᠤ ᠲᠠ ᠲᠡᠶᠢᠯᠬᠦ ᠦᠭᠡᠢ ᠭᠡᠳ ᠬᠠᠶᠢᠨ ᠳᠤ ᠨᠢ ᠬᠠᠶᠠᠬᠤ ᠳᠤ ᠬᠥᠷᠪᠡᠯ ᠬᠤᠵᠢᠮ ᠨᠡᠶᠢᠭᠡᠮ ᠰᠤᠷᠭᠠᠬᠤ | ᠦᠶ᠎ᠡ ᠳᠤ ᠯᠡ ᠬᠠᠶᠢᠷ᠎ᠠ ᠪᠠᠷ ᠥᠰᠥᠭᠰᠡᠨ ᠲᠠᠨ ᠤ ᠬᠡᠥᠬᠡᠳ ᠬᠠᠪᠰᠠᠷᠭ᠎ᠠ ᠳᠠᠭᠠᠭᠠᠬᠤ ᠦᠭᠡᠢ ᠣᠶᠢᠴᠢᠭᠠᠳ ᠯᠡ | ᠥᠭᠭᠦᠨ᠎ᠡ᠂ ᠲᠡᠷᠡ ᠦᠶᠡᠰ ᠪᠢᠳᠡ ᠠᠮᠠ ᠪᠠᠨ ᠪᠠᠷᠢᠨ ᠭᠠᠰᠢᠭᠤᠳᠠᠭᠰᠠᠨ ᠴᠤ ᠬᠡᠷᠡᠭ ᠶᠠᠭᠤ ᠪᠠᠶᠢᠨ᠋︖ | ᠲᠡᠭᠡᠬᠦ ᠪᠠᠷ ᠢᠶᠠᠨ ᠲᠡᠳᠡᠨ ᠢ ᠭᠠᠷ ᠤᠳᠠᠰᠤ ᠲᠣᠭᠯᠠᠭᠤᠯᠬᠤ ᠦᠭᠡᠢ ᠭᠡᠵᠥ ᠪᠣᠳᠣᠪᠠᠯ ᠲᠠ ᠥᠪᠡᠷ ᠢᠶᠠᠨ ᠪᠢᠲᠡᠭᠡᠢ ᠭᠠᠷ | ᠤᠳᠠᠰᠤ ᠡᠷᠬᠢᠯᠳᠤᠭᠦᠯᠦᠭᠡᠳ ᠪᠠᠢ᠂ ᠲᠠ ᠲᠡᠭᠡᠵᠥ ᠬᠠᠯᠠᠮᠰᠢᠯ ᠲᠠᠢ ᠲᠣᠭᠯᠠᠵᠤ ᠪᠠᠶᠢᠬᠤ ᠳᠤ ᠬᠡᠥᠬᠡᠳ ᠴᠢᠨᠢ ᠶᠠᠭᠤᠨ ᠳᠤ | ᠲᠣᠭᠯᠠᠵᠤ ᠪᠣᠯᠳᠠᠭ ᠦᠭᠡᠢ ᠪᠤᠢ︖ ᠲᠠ ᠬᠠᠷᠢᠨ ᠵᠦᠭᠡᠷ ᠯᠡ ᠨᠣᠮ ᠠᠳᠬᠤᠭᠠᠳ ᠤᠩᠰᠢᠭᠠᠳ ᠪᠠᠢ᠃ ᠲᠡᠬᠢᠪᠠᠯ | ᠬᠡᠥᠭᠡᠳ ᠢᠶᠠᠨ ᠰᠤᠷᠭᠠᠬᠤ ᠳᠤ ᠠᠪᠤ ᠡᠵᠢ ᠪᠣᠯᠣᠭᠰᠠᠳ ᠥᠵᠡᠯᠳᠡ ᠨᠢᠭᠡᠳᠡᠢ ᠵᠣᠭᠰᠤᠯᠳᠠ ᠪᠠᠲᠤᠳᠠᠢ ᠪᠠᠶᠢᠬᠤ ᠬᠡᠷᠡᠭᠳᠡᠢ᠂ | ᠪᠢᠳᠡᠭᠡᠢ ᠨᠢᠭᠡ ᠨᠢ ᠰᠤᠷᠭᠠᠨ᠎ᠠ ᠭᠡᠭᠦ ᠳᠤ᠂ ᠨᠥᠭᠦᠭᠡ ᠨᠢ ᠥᠮᠥᠭᠯᠡᠭᠡᠳ ᠪᠠᠢ᠂ ᠢᠩᠬᠢᠭᠰᠡᠭᠡᠷ ᠲᠠᠨ ᠤ ᠬᠡᠥᠬᠡᠳ | ᠤᠳᠠᠭᠠᠨ ᠳᠤ ᠪᠠᠨ ᠬᠤᠳᠠᠯᠴᠢ ᠬᠤᠯᠴᠠᠭᠠᠷ ᠠᠮᠢᠳᠠᠨ ᠪᠣᠯᠵᠤ ᠬᠥᠮᠥᠵᠢᠭᠳᠡᠨ᠎ᠡ᠃ ᠵᠥᠪ ᠵᠠᠮ ᠢᠶᠠᠷ᠂ ᠵᠥᠪ | ᠰᠡᠳᠭᠢᠯ ᠢᠶᠠᠷ ᠲᠠᠭᠠᠭᠤᠯᠤᠭᠠᠳ ᠯᠡ ᠪᠠᠶᠢᠭᠠᠷᠠᠢ᠂ ᠡᠨᠡ ᠵᠠᠷᠴᠢᠮ ᠢ ᠪᠠᠷᠢᠮᠳᠠᠯᠠᠵᠤ ᠴᠢᠳᠠᠭᠰᠠᠨ ᠤ ᠲᠠᠷᠠᠭ᠎ᠠ ᠲᠠ ᠲᠠᠬᠢᠨ | ᠬᠡᠥᠬᠡᠳ ᠢᠶᠠᠨ ᠱᠠᠭᠠᠷᠳᠠᠵᠤ ᠦᠵᠡᠯ ᠳ᠋ᠨ︕ ᠤᠳᠠᠭᠠᠨ ᠡᠳᠥᠷ ᠤᠨ ᠴᠢᠨᠢ ᠪᠠᠷᠢᠮᠲᠠᠯᠠᠯ ᠲᠣᠣᠷ᠎ᠠ ᠲᠠᠨ ᠤ ᠬᠡᠥᠬᠡᠳ | ᠠᠰ ᠣᠨᠳᠣᠣ ᠬᠥᠮᠥᠨ ᠪᠣᠯᠵᠤ ᠭᠦᠮᠦᠵᠢᠭᠳᠡᠨᠠ ᠰᠢᠥ ᠳ᠋ᠠ᠃ ︽ᠲᠠᠨ ᠤ ᠲᠥᠯᠥᠭᠡ ᠲᠠᠨ ᠠᠴᠠ ᠲᠠᠪᠠᠨ᠎ᠠ︾ ᠭᠡᠳᠡᠭ | ᠰᠠᠶᠢᠬᠠᠨ ᠦᠭᠡ ᠪᠠᠶᠢᠳᠠᠭ᠂ ᠪᠢᠳᠡᠨ ᠤ ᠥᠪᠡᠷ ᠢ ᠪᠠᠨ ᠥᠭᠡᠷᠡᠴᠢᠯᠡᠬᠦ ᠶᠠᠪᠤᠴᠠ ᠠᠴᠠ ᠬᠡᠥᠬᠡᠳ ᠤᠳ ᠮᠠᠨᠢ ᠮᠠᠰᠢ | ᠥᠭᠡᠳᠡᠷᠬᠡᠭ ᠢᠶᠠᠷ ᠭᠡᠭᠡ ᠰᠠᠴᠤᠷᠠᠭᠰᠠᠨ ᠢᠷᠡᠭᠡᠳᠥᠢ ᠶᠢ ᠢᠲᠡᠭᠡᠯ ᠲᠡᠭᠦᠯᠳᠡᠷ ᠴᠢᠭᠯᠡᠬᠦ ᠪᠣᠯᠣᠨ᠎ᠠ᠃ ᠰᠤᠷᠤᠯᠭ᠎ᠠ ᠶᠢᠨ | ᠰᠠᠶᠢᠨ ᠮᠠᠭᠤ ᠶᠢ ᠲᠠ ᠪᠢᠳᠠ ᠥᠭᠡᠷᠡᠴᠢᠯᠡᠵᠦ ᠴᠢᠳᠠᠬᠤ ᠦᠭᠡᠢ᠂ ᠰᠤᠷᠤᠯᠭ᠎ᠠ ᠶᠢᠨ ᠰᠠᠶᠢᠨ ᠮᠠᠭᠤ ᠨᠢ ᠲᠥᠷᠥᠯᠬᠢ | ᠠᠪᠢᠶᠠᠰ ᠲᠠᠢ ᠬᠤᠯᠪᠤᠭᠳᠠᠯ ᠲᠠᠢ ᠪᠠᠶᠢᠵᠤ ᠪᠣᠯᠣᠨ᠎ᠠ᠂ ᠨᠢᠭᠡ ᠭᠡᠥᠬᠡᠳ ᠤᠨ ᠰᠤᠷᠤᠯᠭ᠎ᠠ ᠶᠢᠨ ᠰᠠᠶᠢᠨ ᠮᠠᠭᠤ ᠨᠢ ᠡᠨᠡ | ᠭᠡᠥᠭᠡᠳ ᠤᠨ ᠤᠳᠤᠮ ᠤᠭᠰᠠᠭ᠎ᠠ᠂ ᠠᠪᠤ ᠡᠵᠢ ᠶᠢᠨ ᠬᠢ ᠨᠢ ᠤᠳᠤᠮᠯᠠᠯ ᠲᠠᠢ ᠵᠠᠭᠤᠨ ᠤ ᠳᠠᠯ᠎ᠠ ᠨᠠᠶᠠ ᠪᠠᠷ | ᠬᠤᠯᠪᠤᠭᠳᠠᠨ᠎ᠠ ᠭᠡᠵᠥ ᠬᠡᠯᠡᠳᠡᠭ᠂ ᠭᠡᠪᠡᠴᠥ ᠰᠤᠷᠤᠯᠭ᠎ᠠ ᠪᠣᠯ ᠬᠠᠲᠠᠭᠤ ᠪᠡᠷᠬᠡ ᠲᠠᠢ ᠮᠥᠷᠳᠡᠭᠡᠨ ᠤᠷᠳᠤ ᠤᠳᠠᠭᠠᠨ | ᠠᠶᠠᠯᠠᠯ ᠮᠥᠨ ᠭᠡᠳᠡᠭ ᠢ ᠭᠡᠷ ᠤᠨ ᠠᠬᠠᠮᠠᠳ ᠪᠣᠯᠣᠭᠰᠠᠨ ᠪᠢᠳᠡ ᠡᠷᠭᠡᠪᠰᠢ ᠲᠡᠳᠡᠨ ᠳᠤ ᠮᠡᠳᠡᠭᠦᠯᠬᠦ ᠬᠡᠷᠡᠭᠳᠡᠢ᠃ ᠪᠢᠳᠡ | ᠬᠡᠥᠬᠡᠳ ᠢ ᠨᠥᠯᠥᠭᠡᠯᠡᠵᠦ ᠴᠢᠳᠠᠬᠤ ᠵᠦᠢᠯ ᠣᠯᠠᠨ ᠪᠠᠶᠢᠨ᠎ᠠ᠃ ᠪᠤᠳᠠᠳᠠᠢ ᠪᠠᠷ ᠬᠡᠯᠡᠪᠡᠯ᠂ ᠲᠡᠳᠡᠨ ᠤ ᠥᠪᠡᠷ ᠢ ᠪᠠᠨ | ᠬᠥᠨᠳᠦᠳᠭᠡᠬᠦ ᠰᠡᠳᠭᠢᠯᠭᠡ ᠶᠢ ᠨᠢ ᠢᠳᠡᠭ ᠢᠳᠡᠭ ᠢᠶᠠᠷ ᠭᠦᠮᠦᠵᠢᠭᠦᠯᠵᠤ ᠲᠡᠳᠡᠨ ᠢ ᠥᠪᠡᠷ ᠲᠤ ᠪᠠᠨ ᠢᠲᠡᠭᠡᠯ ᠲᠠᠢ | ᠬᠥᠮᠥᠨ ᠪᠤᠯᠭᠠᠨ ᠬᠥᠮᠦᠵᠢᠭᠦᠯᠵᠥ ᠪᠣᠯᠣᠨ᠎ᠠ᠃ ᠣᠯᠠᠩᠬᠢ ᠰᠤᠷᠤᠯᠭ᠎ᠠ ᠮᠠᠭᠤ ᠬᠡᠥᠬᠡᠳ ᠥᠪᠡᠷ ᠤᠨ ᠪᠡᠶ᠎ᠡ ᠳᠤ ᠪᠠᠨ | ᠢᠲᠡᠭᠡᠯ ᠦᠭᠡᠢ᠂ ᠨᠥᠬᠦᠳ ᠤᠨ ᠢᠶᠠᠨ ᠳᠣᠮᠳᠠ ᠥᠪᠡᠷ ᠢ ᠪᠠᠨ ᠪᠣᠰᠤᠳ ᠠᠴᠠ ᠨᠢᠭᠡ ᠲᠡᠰ ᠲᠤᠤᠷ᠎ᠠ᠂ ᠪᠠᠭᠠᠬᠠᠨ | ᠮᠠᠭᠤ ᠥᠵᠡᠭᠳᠡᠭᠰᠡᠨ ᠴᠤ ᠪᠢ ᠲᠠᠭᠦᠨ ᠠᠴᠠ ᠲᠤᠤᠷ᠎ᠠ ᠶᠤᠮ ᠴᠢᠨᠢ᠂ ᠰᠤᠷᠤᠯᠭ᠎ᠠ ᠮᠠᠭᠤ ᠶᠤᠮ ᠴᠢᠨᠢ ᠮᠠᠭᠤ | ᠦᠵᠡᠭᠳᠡᠬᠦ ᠨᠢ ᠵᠥᠪ ᠭᠡᠵᠥ ᠪᠣᠳᠤᠨ ᠨᠢᠭᠡ ᠠᠯᠬᠤᠮ ᠠᠭᠤᠴᠢᠯᠠᠨ ᠤᠬᠤᠷᠢᠵᠤ ᠠᠯᠬᠤᠮ ᠠᠯᠬᠤᠮ ᠢᠶᠠᠷ | ᠤᠬᠤᠷᠢᠭᠰᠠᠭᠠᠷ ᠪᠠᠶᠢᠭᠠᠳ ᠰᠤᠷᠭᠠᠭᠤᠯᠢ ᠳᠤ ᠢᠷᠡᠬᠦ ᠳᠤᠷ᠎ᠠ ᠦᠭᠡᠢ᠂ ᠰᠤᠷᠤᠯᠴᠠᠬᠤ ᠳᠤᠷ᠎ᠠ ᠦᠭᠡᠢ ᠪᠣᠯᠵᠤ᠂ ᠨᠡᠩ | ᠴᠢᠨᠠᠭᠰᠢᠯᠠᠪᠠᠯ ᠰᠤᠷᠭᠠᠭᠤᠯᠢ ᠶᠢᠨ ᠬᠦᠷᠢᠶᠡᠨ ᠤ ᠬᠥᠴᠥᠷᠬᠡᠭᠯᠡᠯ ᠢ ᠪᠤᠢ ᠪᠤᠯᠭᠠᠵᠤ ᠥᠪᠡᠷ ᠢ ᠪᠠᠨ ᠬᠤᠬᠢᠷᠠᠭᠤᠯᠬᠤ | ᠬᠡᠮᠵᠢᠶᠡᠨ ᠳᠤ ᠬᠦᠷᠬᠡᠳᠡᠭ ᠪᠠᠶᠢᠨ᠎ᠠ᠃ ᠡᠵᠢ ᠬᠥᠮᠥᠨ ᠬᠡᠥᠬᠡᠳ ᠢᠶᠠᠨ ᠦᠭᠡ ᠪᠠᠷ ᠢᠶᠠᠨ ᠡᠮᠴᠢᠯᠡᠳᠡᠭ ᠰᠢᠳᠢ ᠲᠠᠢ | ᠭᠡᠳᠡᠭ᠂ ᠡᠨᠡ ᠦᠭᠡ ᠶᠢ ᠪᠢ ᠮᠡᠳᠡᠷᠡᠬᠦ ᠲᠤᠷᠠᠳᠠᠢ ᠮᠥᠷᠲᠡᠭᠡᠨ ᠮᠠᠰᠢ ᠲᠤᠭᠤᠨᠠ᠃ ᠬᠡᠥᠬᠡᠳ ᠤᠳ ᠮᠢᠨᠢ ᠪᠠᠭ᠎ᠠ | ᠪᠠᠯᠴᠢᠷ ᠪᠠᠶᠢᠬᠤ ᠳᠤ ᠣᠶᠢᠴᠢᠵᠤ ᠤᠨᠠᠭᠠᠳ ᠤᠬᠢᠯᠠᠬᠤ ᠳᠤ ᠪᠢᠳᠡ ︽ᠬᠠᠮᠢᠶ᠎ᠠ ᠦᠭᠡᠢ︾ ᠭᠡᠬᠦᠯᠡᠷ ᠲᠡᠳᠡ ᠴᠢᠨᠢ | ᠦᠨᠡᠬᠡᠷ ᠲᠠᠨᠲᠤᠷ ᠪᠥᠨᠲᠥᠷ ᠪᠣᠰᠤᠭᠠᠳ ᠢᠷᠡᠴᠢᠬᠡᠳᠡᠭ ᠪᠢᠰᠢ ᠤᠤ᠃ ᠡᠷᠭᠢᠴᠡᠭᠦᠯᠥᠭᠡᠳ ᠪᠣᠳᠤᠬᠤ ᠳᠤ ᠪᠢᠳᠡ | ᠬᠡᠥᠬᠡᠳ ᠤᠨ ᠢᠶᠠᠨ ᠬᠡᠴᠢᠨᠡᠬᠡᠨ ᠡᠮᠵᠡᠭ ᠢ ︽ᠬᠠᠮᠢᠶ᠎ᠠ ᠦᠭᠡᠢ︾᠂ ︽ᠮᠢᠨᠥ ᠬᠥᠥ ᠠᠯᠵᠠᠬᠤ ᠦᠭᠡᠢ᠂ ᠮᠢᠨᠥ ᠬᠥᠥ | ᠠᠶᠤᠬᠤ ᠦᠭᠡᠢ︾ ᠭᠡᠳᠡᠭ ᠦᠭᠡ ᠪᠠᠷ ᠢᠶᠠᠨ ᠵᠠᠰᠠᠵᠤ ᠵᠠᠯᠠᠵᠤ ᠵᠣᠷᠢᠬᠵᠢᠭᠤᠯᠵᠤ ᠢᠷᠡᠪᠡ︖ ᠲᠡᠭᠡᠬᠦ ᠪᠠᠷ ᠢᠶᠠᠨ ᠪᠢᠳᠡ | ᠦᠷᠭᠦᠯᠵᠢᠯᠡᠨ ᠬᠡᠥᠬᠡᠳ ᠢᠶᠠᠨ ᠵᠤᠷᠢᠬᠵᠢᠭᠤᠯᠤᠭᠠᠳ ᠪᠠᠶᠢᠶ᠎ᠠ᠂ ᠤᠷᠮ᠎ᠠ ᠬᠠᠶᠢᠷᠠᠯᠠᠵᠤ ᠤᠷᠤᠭᠰᠢ ᠪᠠᠨ ᠲᠠᠲᠠᠭᠠᠳ | ᠪᠠᠶᠢᠶ᠎ᠠ︕ ︽ᠪᠢᠳᠠᠭᠤ ᠶᠠᠭᠤᠮ᠎ᠠ᠂ ᠲᠡᠨᠡᠭ ᠶᠠᠭᠤᠮ᠎ᠠ᠂ ᠶᠠᠭᠤ ᠴᠤ ᠴᠢᠳᠠᠬᠤ ᠦᠭᠡᠢ ᠬᠡᠷᠡᠭ ᠦᠭᠡᠢ ᠶᠠᠭᠤᠮ᠎ᠠ︾ ᠭᠡᠵᠥ | ᠰᠡᠳᠭᠢᠯ ᠰᠢᠷᠬᠠᠯᠠᠭᠤᠯᠬᠤ ᠦᠭᠡ ᠶᠢ ᠪᠢᠳᠡᠭᠡᠢ ᠶᠠᠷᠢᠶ᠎ᠠ︕ ᠲᠡᠳᠡ ᠴᠢᠨᠢ ᠢᠲᠡᠭᠡᠴᠢᠬᠡᠨᠡ᠃ ᠲᠡᠭᠡᠭᠦ ᠶᠢᠨ ᠤᠷᠤᠨ ᠳᠤ | ᠠᠮᠢᠳᠤᠷᠠᠯ ᠰᠤᠷᠤᠯᠭ᠎ᠠ ᠳᠤ ᠰᠡᠳᠭᠢᠯ ᠤᠨ ᠭᠠᠯ ᠢ ᠨᠢ ᠲᠦᠷᠡᠯᠵᠡᠭᠦᠯᠬᠦ ᠶᠢ ᠠᠩᠬᠠᠷᠤᠶ᠎ᠠ᠃ | ᠲᠠᠷᠠᠭᠠᠯᠠᠪᠠᠯ᠂ ᠬᠡᠥᠬᠡᠳ ᠢ ᠵᠥᠪ ᠰᠠᠶᠢᠬᠠᠨ ᠲᠠᠳᠬᠠᠯ ᠲᠠᠢ ᠪᠣᠯᠭᠠᠨ ᠬᠥᠮᠥᠵᠢᠭᠦᠯᠬᠦ ᠴᠢᠬᠤᠯᠠᠳᠠᠢ᠃ ︽ᠰᠤᠷᠭᠠᠨ | ᠬᠥᠮᠥᠵᠢᠯ ᠪᠣᠯ ᠦᠨᠡᠨ ᠳᠤ ᠪᠠᠨ ᠵᠥᠪ ᠰᠠᠶᠢᠬᠠᠨ ᠲᠠᠳᠬᠠᠯ ᠢ ᠬᠥᠮᠦᠵᠢᠭᠦᠯᠬᠦ ᠣᠴᠢᠷ ᠮᠥᠨ︾ ᠭᠡᠵᠥ ᠡᠷᠳᠡᠮᠳᠡᠳ | ᠣᠨᠤᠴᠠᠳᠠᠢ ᠲᠤᠷᠠᠳᠤᠨ ᠭᠠᠷᠭᠠᠭᠰᠠᠨ ᠶᠤᠮ᠃ ᠡᠶᠢᠮᠥ ᠶᠢᠨ ᠲᠤᠯᠠ ᠪᠠᠭ᠎ᠠ ᠣᠴᠢᠷ ᠠᠴᠠ ᠭᠠᠷᠳᠠᠵᠤ ᠲᠥᠪ ᠰᠠᠶᠢᠬᠠᠨ | ᠠᠮᠢᠳᠤᠷᠠᠯ ᠤᠨ ᠦᠵᠡᠯᠳᠡ ᠶᠢ ᠨᠢ ᠱᠣᠭᠤᠵᠤ ᠪᠠᠶᠢᠭᠠᠷᠠᠢ᠂ ᠮᠣᠷᠤᠢ ᠬᠠᠵᠠᠭᠠᠢ ᠰᠠᠭᠤᠵᠤ᠂ ᠲᠤᠩᠬᠤᠯᠵᠠᠨ | ᠭᠤᠩᠬᠤᠯᠵᠠᠨ ᠠᠯᠬᠤᠬᠤ᠂ ᠵᠥᠷᠢᠭᠦᠥ ᠪᠤᠷᠤᠭᠤ ᠶᠠᠷᠢᠵᠤ᠂ ᠵᠦᠯᠴᠡᠶᠢᠵᠥ ᠶᠠᠷᠳᠠᠭᠯᠠᠵᠤ ᠪᠠᠶᠢᠬᠤ ᠳᠤ ᠨᠢ ᠶᠠᠯᠳᠠᠷ ᠬᠠᠶᠠᠯ | ᠦᠭᠡᠢ ᠳᠣᠩᠭᠤᠳᠴᠤ ᠪᠠᠶᠢᠭᠠᠷᠠᠢ᠃ ᠠᠪᠤ ᠡᠵᠢ ᠶᠢᠨ ᠠᠯᠳᠠᠨ ᠰᠤᠷᠭᠠᠯ ᠭᠡᠳᠡᠭ ᠴᠢᠨᠢ ᠲᠡᠷᠡ ᠰᠢᠥ ᠳ᠋ᠠ᠃ ᠲᠠᠳᠬᠠᠯ | ᠬᠤᠪᠢ ᠵᠠᠶᠠᠭ᠎ᠠ ᠶᠢ ᠲᠤᠭᠳᠠᠭᠠᠵᠤ᠂ ᠰᠠᠶᠢᠬᠠᠨ ᠲᠠᠳᠬᠠᠯ ᠰᠠᠶᠢᠨ ᠬᠤᠪᠢ ᠵᠠᠶᠠᠭ᠎ᠠ ᠶᠢ ᠠᠪᠴᠢᠷᠠᠨ᠎ᠠ ᠭᠡᠵᠥ | ᠤᠴᠢᠷᠯᠠᠳᠠᠭ ᠨᠢ ᠣᠷᠣ ᠲᠠᠢ ᠦᠭᠡ᠃ ᠰᠢᠰᠲ᠋ᠧᠮ ᠲᠠᠢ ᠰᠠᠶᠢᠬᠠᠨ ᠠᠮᠢᠳᠤᠷᠠᠨ ᠰᠤᠷᠤᠯᠴᠠᠬᠤ ᠲᠠᠳᠬᠠᠯ ᠨᠢ ᠬᠥᠮᠥᠨ | ᠮᠦᠰᠤᠳᠠᠢ ᠪᠣᠯᠵᠤ ᠲᠥᠯᠥᠪᠰᠢᠬᠦ ᠴᠢᠬᠤᠯᠠ ᠨᠥᠭᠦᠴᠡᠯ ᠪᠣᠯᠳᠠᠭ᠃ ᠮᠣᠩᠭᠤᠯ ᠠᠷᠠᠳ ᠤᠨ ᠰᠠᠶᠢᠬᠠᠨ ᠰᠠᠶᠢᠬᠠᠨ ᠴᠡᠭᠡᠷ | ᠶᠣᠰᠣ ᠨᠢ ᠪᠢᠳᠡᠨ ᠤ ᠬᠡᠥᠬᠡᠳ ᠤᠨ ᠵᠥᠪ ᠰᠠᠶᠢᠬᠠᠨ ᠲᠠᠳᠬᠠᠯ ᠲᠠᠢ ᠪᠣᠯᠣᠨ ᠬᠥᠮᠦᠵᠢᠭᠳᠡᠬᠦ ᠳᠤ ᠮᠠᠰᠢ ᠶᠡᠭᠡ ᠨᠥᠯᠦᠭᠡ | ᠠᠪᠴᠢᠷᠠᠳᠠᠭ᠂ ᠵᠢᠱᠢᠶᠡᠯᠡᠪᠡᠯ᠂ ︽ᠬᠥᠮᠥᠨ ᠤ ᠡᠰᠡᠷᠭᠦ ᠨᠣᠯᠮᠤᠪᠠᠯ ᠠᠮᠠᠨ ᠬᠦᠨᠡᠰᠦ ᠵᠠᠶᠢᠯᠠᠨ᠎ᠠ᠃︾ ︽ᠴᠡᠴᠡᠭ ᠬᠤᠸᠠᠷ ᠢ | ᠲᠠᠰᠤᠳᠠᠪᠠᠯ ᠲᠠᠷᠠᠭ᠎ᠠ ᠢᠷᠡᠭᠦ ᠲᠥᠷᠥᠯ ᠳᠤ ᠪᠠᠨ ᠠᠳᠠᠭ ᠤᠨ ᠵᠢᠰᠥ ᠲᠠᠢ ᠪᠣᠯᠣᠨ᠎ᠠ᠃︾ ︽ᠠᠬᠠᠮᠠᠳ ᠨᠠᠰᠤᠳᠠᠢ | ᠬᠥᠮᠥᠨ ᠳᠤ ᠬᠠᠷᠢᠭᠤ ᠭᠡᠳᠡᠷᠭᠦ ᠬᠡᠯᠡᠪᠡᠯ ᠪᠤᠶᠠᠨ ᠵᠠᠶᠠᠭ᠎ᠠ ᠨᠢᠮᠭᠡᠷᠡᠨ᠎ᠡ︾ ᠭᠡᠵᠦ ᠬᠡᠯᠡᠵᠥ ᠰᠤᠷᠭᠠᠬᠤ ᠨᠢ ᠮᠤᠬᠤᠷ | ᠪᠢᠰᠢᠷᠡᠯ ᠪᠢᠰᠢ ᠬᠠᠷᠢᠨ ᠠᠮᠢᠳᠤᠷᠠᠯ ᠲᠠᠢ ᠨᠡᠩ ᠣᠶᠢᠷᠠᠳᠤᠭᠰᠠᠨ ᠣᠨᠳᠤᠷᠬᠤ ᠤᠬᠠᠭᠠᠨ ᠪᠠᠶᠢᠵᠤ ︽ᠢᠩᠭᠢᠵᠥ ᠪᠣᠯᠬᠤ | ᠦᠭᠡᠢ᠂ ᠲᠡᠭᠡᠵᠥ ᠪᠣᠯᠬᠤ ᠦᠭᠡᠢ︾ ᠭᠡᠵᠥ ᠶᠠᠷᠢᠵᠤ ᠶᠠᠩᠰᠢᠬᠤ ᠠᠴᠠ ᠨᠡᠩ ᠠᠮᠢᠳᠤᠯᠢᠭ ᠦᠷ᠎ᠡ ᠠᠰᠢᠭ ᠢ | ᠠᠪᠴᠢᠷᠠᠬᠤ ᠪᠣᠯᠣᠨ᠎ᠠ᠃ ᠮᠣᠩᠭᠤᠯᠴᠣᠳ ᠭᠡᠵᠥ ᠬᠡᠥᠭᠡᠳ ᠢᠶᠠᠨ ᠮᠢᠩᠭᠠᠨ ᠤᠬᠠᠭᠠᠨ ᠢᠶᠠᠷ ᠰᠤᠷᠭᠠᠳᠠᠭ ᠠᠭᠤᠤ | ᠦᠨᠳᠥᠰᠥᠳᠡᠨ ᠭᠡᠳᠡᠭ ᠢᠶᠠᠷ ᠥᠪᠡᠷ ᠢ ᠪᠠᠨ ᠬᠢᠨᠠᠭᠤᠰᠢᠳᠠᠢ ᠪᠠᠶᠢᠨ᠎ᠠ ᠪᠢᠳᠡ ᠨᠠᠷ᠃ | ᠲᠠᠬᠢᠪᠠᠯ᠂ ᠬᠠᠷᠠᠬᠠᠨ ᠪᠠᠭ᠎ᠠ ᠠᠴᠠ ᠨᠢ ᠬᠡᠥᠬᠡᠳ ᠲᠤ ᠬᠠᠷᠢᠭᠤᠴᠠᠯᠭᠠᠳᠤ ᠰᠡᠳᠭᠢᠯᠭᠡ ᠶᠢ ᠪᠣᠢ ᠪᠤᠯᠭᠠᠵᠤ ᠡᠵᠡᠨ | ᠪᠡᠶ᠎ᠡ ᠶᠢᠨ ᠦᠢᠯᠡᠳᠦᠯ ᠢ ᠨᠢ ᠭᠦᠢᠴᠡᠳ ᠪᠠᠳᠠᠷᠠᠭᠤᠯᠬᠤ ᠬᠡᠷᠡᠭᠳᠡᠢ᠃ ᠶᠠᠭᠤ ᠪᠥᠬᠦᠨ ᠢ ᠲᠡᠳᠡᠨ ᠤ ᠡᠮᠦᠨ᠎ᠡ ᠠᠴᠠ | ᠪᠣᠳᠤᠯᠬᠢᠯᠠᠵᠤ ᠲᠡᠳᠡᠨ ᠤ ᠡᠮᠦᠨ᠎ᠡ ᠠᠴᠠ ᠬᠢᠭᠡᠳ ᠯᠡ ᠪᠠᠶᠢᠪᠠᠯ ᠲᠡᠷᠡ ᠪᠥᠬᠦᠨ ᠨᠢ ᠲᠡᠳᠡᠨ ᠤ ᠰᠡᠳᠭᠢᠯ ᠳᠤ | ᠠᠶᠠᠨᠳᠠᠭᠠᠨ ᠤ ᠣᠴᠢᠷ ᠢᠶᠠᠷ ᠰᠠᠨᠠᠭᠳᠠᠵᠤ᠂ ᠠᠯᠢ ᠨᠢᠭᠡᠨ ᠡᠳᠥᠷ ᠲᠠ ᠡᠪᠡᠳᠴᠢᠯᠡᠭᠡᠳ ᠬᠡᠪᠲᠡᠷᠢ ᠳᠤ ᠣᠷᠣᠭᠰᠠᠨ ᠴᠤ | ᠡᠷᠬᠡᠪᠰᠢ ᠪᠣᠰᠴᠤ ᠪᠤᠳᠠᠭ᠎ᠠ ᠬᠢᠵᠥ ᠥᠭᠬᠦ ᠬᠡᠷᠡᠭᠳᠡᠢ ᠪᠠᠷ ᠪᠣᠳᠣᠭᠳᠠᠵᠣ ᠪᠣᠰᠣᠳ ᠢ ᠥᠷᠥ ᠡᠪᠡᠳᠤᠨ ᠬᠠᠶᠢᠷᠠᠯᠠᠵᠤ᠂ | ᠪᠣᠰᠣᠳ ᠤᠨ ᠵᠣᠭᠰᠣᠴᠠ ᠠᠴᠠ ᠠᠰᠠᠭᠤᠳᠠᠯ ᠢ ᠪᠣᠳᠣᠯᠬᠢᠯᠠᠬᠤ ᠤᠬᠠᠭᠠᠨ ᠦᠭᠡᠢ ᠪᠤᠯᠵᠤ ᠬᠥᠮᠥᠵᠢᠭᠳᠡᠨ᠎ᠡ᠃ | ᠡᠶᠢᠮᠥ ᠠᠴᠠ ᠥᠪᠡᠷ ᠤᠨ ᠬᠢ ᠨᠢ ᠬᠢᠵᠥ ᠴᠢᠳᠠᠬᠤ ᠠᠵᠢᠯ ᠢ ᠡᠷᠬᠡᠪᠰᠢ ᠥᠪᠡᠷ ᠢᠶᠠᠷ ᠨᠢ ᠬᠢᠯᠭᠡᠵᠥ᠂ ᠠᠮᠢᠳᠤᠷᠠᠨ᠎ᠠ | ᠭᠡᠳᠡᠭ ᠠᠮᠠ ᠪᠠᠨ ᠠᠩᠭᠠᠶᠢᠭᠠᠳ ᠯᠠ ᠰᠠᠭᠤᠪᠠᠯ ᠪᠣᠯᠴᠢᠬᠠᠬᠤ ᠤᠴᠢᠷ ᠪᠢᠰᠢ ᠭᠡᠳᠡᠭ ᠢ ᠲᠠᠨᠢᠭᠤᠯᠬᠤ ᠬᠡᠷᠡᠭᠳᠡᠢ᠃ | ᠰᠤᠷᠭᠠᠭᠤᠯᠢ ᠳᠤ ᠪᠠᠨ ᠣᠴᠢᠪᠠᠯ ᠰᠤᠷᠭᠠᠭᠤᠯᠢ ᠪᠣᠯ ᠲᠠᠷᠤᠢ ᠮᠢᠨᠥ ᠭᠡᠷ᠂ ᠠᠩᠭᠢ ᠪᠣᠯ ᠲᠠᠷᠤᠢ ᠮᠢᠨᠥ ᠭᠡᠷ᠂ ᠪᠢ ᠪᠣᠯ | ᠡᠨᠡ ᠬᠦ ᠬᠠᠮᠳᠤ ᠨᠢᠭᠡᠴᠢ ᠶᠢᠨ ᠢᠶᠠᠨ ᠡᠵᠡᠨ ᠭᠡᠳᠡᠭ ᠢ ᠮᠡᠳᠡᠭᠦᠯᠵᠥ ᠵᠢᠵᠢᠭᠬᠡᠨ ᠠᠵᠢᠯ ᠠᠴᠠ ᠭᠠᠷᠳᠠᠵᠤ ᠬᠢᠬᠦ ᠣᠪᠣᠷ ᠢ | ᠬᠥᠮᠥᠵᠢᠭᠦᠯᠬᠦ ᠭᠡᠷᠡᠭᠳᠡᠢ᠃ ᠵᠠᠷᠢᠮ ᠭᠡᠷ ᠤᠨ ᠠᠬᠠᠮᠠᠳ ᠬᠡᠥᠬᠡᠳ ᠲᠠᠢ ᠪᠠᠨ ᠠᠭᠤᠯᠵᠠᠮᠠᠭᠴᠠ᠄ ︽ᠥᠨᠥᠳᠥᠷ ᠲᠠᠨ ᠳᠤ | ᠶᠠᠮᠠᠷ ᠪᠠᠶᠠᠷᠳᠠᠢ ᠣᠴᠢᠷ ᠬᠠᠷᠭᠤᠭᠰᠠᠨ᠂ ᠴᠢ ᠬᠡᠨ ᠢ ᠲᠤᠰᠠᠯᠠᠭᠰᠠᠨ︾ ᠵᠡᠷᠭᠡ ᠪᠠᠷ ᠶᠠᠷᠢᠯᠴᠠᠵᠤ ᠲᠡᠳᠡᠨ ᠤ ᠨᠢᠭᠡ | ᠡᠳᠥᠷ ᠤᠨ ᠠᠮᠢᠳᠤᠷᠠᠯ ᠤᠨ ᠰᠠᠶᠢᠨ ᠰᠠᠶᠢᠬᠠᠨ ᠭᠡᠭᠡ ᠲᠠᠢ ᠵᠥᠢᠯ ᠢ ᠨᠢ ᠡᠷᠭᠢᠴᠡᠭᠦᠯᠥᠭᠦᠯᠵᠥ ᠵᠥᠪ ᠡᠷᠴᠢᠮ ᠢᠶᠠᠷ | ᠨᠥᠯᠥᠭᠡᠯᠡᠨ᠎ᠡ᠂ ᠡᠳᠥᠷ ᠤᠨ ᠤᠳᠠᠭᠠᠨ ᠳᠤ ᠲᠡᠳᠡ ᠵᠥᠪᠭᠡᠨ ᠰᠠᠶᠢᠨ ᠰᠠᠶᠢᠬᠠᠨ ᠵᠥᠢᠯ ᠢ ᠬᠦᠰᠡᠵᠥ ᠮᠥᠷᠥᠭᠡᠳᠳᠡᠭ | ᠬᠥᠮᠥᠨ ᠪᠤᠯᠵᠤ ᠥᠰᠦᠨ᠎ᠡ᠃ ᠬᠠᠷᠢᠨ ᠵᠠᠷᠢᠮ ᠭᠡᠷ ᠤᠨ ᠠᠬᠠᠮᠠᠳ ᠬᠡᠥᠭᠡᠳ ᠲᠠᠢ ᠪᠠᠨ ᠠᠭᠤᠯᠵᠠᠮᠠᠭᠴᠠ᠄ ︽ᠥᠨᠥᠳᠥᠷ | ᠪᠠᠭᠰᠢ ᠳᠤ ᠪᠠᠨ ᠠᠭᠤᠷᠯᠠᠭᠳᠠᠭᠰᠠᠨ ᠡᠰᠡᠬᠦ᠂ ᠨᠥᠬᠦᠳ ᠴᠢᠨᠢ ᠬᠡᠨ ᠴᠢᠮ᠎ᠠ ᠶᠢ ᠮᠠᠭᠤ ᠳᠤ ᠦᠵᠡᠭᠰᠡᠨ︾ ᠵᠡᠷᠭᠡ ᠪᠠᠷ | ᠶᠠᠷᠢᠯᠴᠠᠵᠤ ᠪᠥᠳᠦᠨ ᠨᠢᠭᠡ ᠡᠳᠥᠷ ᠰᠤᠷᠤᠯᠴᠠᠭᠠᠳ ᠶᠠᠳᠠᠷᠠᠭᠰᠠᠨ ᠪᠢᠴᠢᠬᠠᠨ ᠲᠠᠷᠢᠬᠢ ᠶᠢ ᠨᠢ ᠪᠤᠴᠠᠭᠠᠭᠠᠳ | ᠠᠮᠢᠳᠤᠷᠠᠯ ᠤᠨ ᠰᠡᠭᠦᠳᠡᠷ ᠲᠠᠯ᠎ᠠ ᠵᠦᠭ ᠬᠥᠳᠥᠯᠵᠥ ᠶᠠᠳᠠᠷᠠᠭ᠎ᠠ ᠶᠢ ᠨᠢ ᠨᠡᠮᠡᠭᠳᠡᠭᠦᠯᠥᠨ᠎ᠡ᠃ ᠢᠩᠬᠢᠭᠡᠳ ᠭᠡᠷ ᠤᠨ | ᠠᠬᠠᠮᠠᠳ ᠤᠨ ᠪᠤᠷᠤᠭᠤ ᠬᠥᠳᠦᠯᠥᠯᠳᠡ ᠨᠢ ᠲᠡᠳᠡᠨ ᠢ ᠥᠨᠡᠨᠴᠢ ᠦᠭᠡᠢ᠂ ᠶᠠᠭᠤ ᠪᠥᠭᠦᠨ ᠳᠤ ᠬᠤᠳᠠᠯ ᠬᠡᠯᠡᠵᠦ | ᠪᠠᠶᠢᠭᠠᠳ ᠴᠤ ᠭᠡᠰᠡᠨ ᠡᠵᠢ ᠠᠪᠤ ᠶᠢᠨ ᠢᠶᠠᠨ ︽ᠥᠷᠥ ᠡᠪᠠᠳᠤᠯ︾ ᠢ ᠣᠯᠵᠤ ᠥᠪᠡᠷ ᠢ ᠪᠠᠨ ᠠᠷᠭᠠᠳᠠᠳᠠᠭ | ᠠᠶᠤᠮᠰᠢᠭᠳᠤ ᠥᠷ᠎ᠡ ᠪᠥᠳᠦᠮᠵᠢ ᠶᠢ ᠠᠪᠴᠢᠷᠠᠳᠠᠭ᠂ ᠡᠳᠥᠷ ᠤᠳᠠᠭᠠᠨ ᠳᠤ ᠪᠠᠨ ᠡᠳᠡᠭᠡᠷ ᠬᠡᠥᠬᠡᠳ ᠥᠪᠡᠷ ᠢ ᠪᠠᠨ | ᠥᠨᠳᠡᠭᠡ ᠰᠢᠭ ᠥ ᠦᠭᠡᠢ ᠬᠥᠮᠥᠨ ᠢᠶᠠᠷ ᠦᠵᠡᠵᠥ᠂ ᠲᠠᠰᠤᠷᠠᠯᠳᠠ ᠦᠭᠡᠢ ᠪᠤᠰᠤᠳ ᠤᠨ ᠪᠡᠶ᠎ᠡ ᠠᠴᠠ ᠪᠤᠷᠤᠭᠤ | ᠡᠷᠢᠵᠥ ᠰᠠᠭᠤᠳᠠᠭ ᠬᠤᠪᠢᠨᠴᠢᠷ ᠠᠳᠬᠠᠭ ᠬᠥᠮᠥᠨ ᠪᠣᠯᠵᠤ ᠥᠰᠥᠨ᠎ᠡ᠃ ᠵᠢᠵᠢᠭᠬᠡᠨ ᠭᠡᠮ ᠡᠳᠥᠷ ᠤᠨ | ᠤᠳᠠᠭᠠᠨ ᠳᠤ ᠪᠠᠨ ᠠᠮᠢᠨ ᠳᠤ ᠣᠷᠣᠬᠤ ᠠᠷᠬᠠᠭ ᠪᠣᠯᠵᠤ ᠪᠥᠷᠢᠯᠳᠥᠨ᠎ᠡ ᠭᠡᠳᠡᠭ ᠢ ᠪᠣᠳᠣᠭᠤᠰᠢᠳᠠᠢ ᠳ᠋ᠠ ᠮᠢᠨᠥ ᠭᠡᠷ ᠤᠨ | ᠠᠬᠠᠮᠠᠳ ᠨᠠᠷ᠃ ᠰᠤᠷᠭᠠᠯ ᠰᠠᠶᠢᠲᠠᠢ ᠭᠡᠷ ᠤᠨ ᠠᠬᠠᠮᠠᠳ ᠬᠠᠭᠠᠨ ᠬᠥᠮᠥᠵᠢᠭᠦᠯᠬᠦ ᠪᠤᠯᠤᠯᠴᠠᠭ᠎ᠠ ᠲᠠᠢ᠂ ᠰᠤᠷᠭᠠᠯ | ᠮᠠᠭᠤᠳᠠᠢ ᠭᠡᠷ ᠤᠨ ᠠᠬᠠᠮᠠᠳ ᠯᠦᠢᠪᠠᠷᠴᠢᠨ ᠬᠥᠮᠥᠵᠢᠭᠦᠯᠬᠦ ᠪᠣᠯᠣᠯᠴᠠᠭ᠎ᠠ ᠲᠠᠢ᠃ | ᠬᠠᠮᠤᠭ ᠤᠨ ᠰᠡᠭᠦᠯ ᠳᠤ ᠨᠢ ᠬᠡᠥᠬᠡᠳ ᠤᠨ ᠢᠶᠠᠨ ᠣᠣᠷ ᠴᠢᠨᠠᠷ ᠢ ᠬᠠᠳᠠᠭᠠᠯᠠᠵᠤ ᠰᠤᠷᠤᠯᠴᠠᠬᠤ ᠶᠢᠨ | ᠵᠣᠷᠢᠯᠭ᠎ᠠ ᠶᠢ ᠵᠥᠪ ᠲᠠᠨᠢᠭᠤᠯᠵᠤ ᠴᠢᠳᠠᠬᠤ ᠰᠠᠶᠢᠨ ᠭᠡᠷ ᠤᠨ ᠠᠬᠠᠮᠠᠳ ᠪᠤᠯᠵᠠᠭᠠᠶ᠎ᠠ︕ ᠬᠥᠮᠥᠰ ᠬᠡᠥᠬᠡᠳ ᠪᠣᠯ ᠭᠭᠢᠷ | ᠦᠭᠡᠢ ᠴᠠᠭᠠᠨ ᠴᠠᠭᠠᠰᠤ ᠭᠡᠵᠦ ᠭᠡᠯᠡᠯᠴᠡᠳᠡᠭ᠂ ᠬᠡᠳᠥ ᠡᠷᠲᠡ ᠠᠴᠠ ᠲᠡᠳᠡᠨ ᠢ ᠶᠡᠭᠡ ᠬᠥᠮᠥᠨ ᠤ ᠠᠮᠢᠳᠤᠷᠠᠯ ᠲᠠᠢ | ᠣᠶᠢᠷᠠᠲᠤᠭᠤᠯᠵᠤ ᠶᠡᠭᠡ ᠬᠥᠮᠥᠨ ᠤ ᠵᠤᠭᠰᠤᠯᠳᠠ ᠠᠴᠠ ᠰᠤᠷᠭᠠᠬᠤ ᠨᠢ ᠲᠡᠳᠡᠨ ᠢ ᠠᠶᠤᠮᠠᠳᠠᠭᠠᠢ᠂ ᠲᠥᠳᠡᠭᠡᠯᠵᠡᠭᠰᠡᠨ᠂ | ᠪᠡᠶ᠎ᠡ ᠳᠤ ᠪᠠᠨ ᠢᠲᠡᠭᠡᠯ ᠦᠭᠡᠢ ᠬᠥᠮᠥᠨ ᠪᠤᠯᠭᠠᠨ ᠬᠥᠮᠦᠵᠢᠭᠦᠯᠥᠨᠡ᠃ ᠪᠢᠳᠡᠭᠡᠢ ︽ᠰᠠᠶᠢᠨ ᠰᠤᠷᠴᠤ ᠲᠣᠮᠣ ᠨᠣᠶᠠᠨ | ᠪᠣᠯ︕ ᠰᠠᠶᠢᠨ ᠰᠤᠷᠴᠤ ᠶᠡᠭᠡ ᠬᠤᠲᠠᠨ ᠳᠤ ᠠᠮᠢᠳᠤᠷᠠ︕︾ ︽ᠬᠡᠨ ᠬᠡᠨ ᠢ ᠦᠵᠡ᠂ ᠶᠠᠮᠠᠷ ᠰᠠᠶᠢᠨ ᠰᠤᠷᠴᠤ ᠪᠠᠶᠢᠨ᠎ᠠ | ᠤᠤ︖︾ ᠭᠡᠵᠥ ᠥᠷᠥᠭᠡᠰᠥᠭᠡᠯ ᠢᠶᠠᠷ ᠰᠤᠷᠭ᠎ᠠ᠃ ᠰᠠᠶᠢᠨ ᠰᠤᠷᠬᠤ ᠨᠢ ᠲᠡᠭᠦᠨ ᠤ ᠠᠪᠢᠶᠠᠰ ᠪᠠᠶᠢᠨ᠎ᠠ ᠭᠡᠬᠦ ᠳᠤ | ᠴᠢᠷᠮᠠᠶᠢᠯᠭ᠎ᠠ ᠪᠠᠰᠠ ᠪᠠᠶᠢᠳᠠᠭ ᠡ᠂ ᠡᠶᠢᠮᠥ ᠠᠴᠠ ᠬᠡᠥᠬᠡᠳ ᠲᠤ ᠰᠤᠷᠤᠯᠴᠠᠵᠤ ᠪᠠᠶᠢᠭ᠎ᠠ ᠨᠢ ᠵᠥᠪᠬᠡᠨ ᠥᠪᠡᠷ ᠤᠨ | ᠪᠡᠶ᠎ᠡ ᠳᠤ ᠪᠠᠨ ᠵᠣᠷᠢᠭᠤᠯᠤᠯᠳᠠ ᠲᠠᠢ᠂ ᠡᠶᠢᠮᠥ ᠠᠴᠠ ᠲᠠᠰᠤᠷᠠᠯᠳᠠ ᠦᠭᠡᠢ ᠥᠪᠡᠷ ᠢ ᠪᠠᠨ ᠲᠠᠪᠠᠭ᠋ᠤ ᠶᠠᠪᠤᠴᠠ ᠮᠥᠨ᠂ | ᠬᠠᠷᠢᠨ ᠶᠠᠮᠠᠷ ᠨᠢᠭᠡᠨ ᠬᠥᠮᠥᠨ ᠤ ᠲᠥᠯᠦᠭᠡ᠂ ᠶᠠᠮᠠᠷ ᠨᠢᠭᠡᠨ ᠬᠥᠮᠥᠨ ᠢ ᠲᠠᠪᠠᠭ᠋ᠤ ᠶᠢᠨ ᠲᠥᠯᠥᠭᠡ ᠰᠤᠷᠤᠯᠴᠠᠵᠤ | ᠪᠠᠶᠢᠨ᠎ᠠ ᠭᠡᠭᠰᠡᠭᠡᠷ ᠪᠤᠷᠤᠭᠤᠳᠠᠨ᠎ᠠ ᠭᠡᠳᠡᠭ ᠢ ᠲᠣᠳᠣ ᠲᠠᠨᠢᠭᠤᠯᠬᠤ ᠬᠡᠷᠡᠭᠳᠡᠢ᠃ ᠭᠠᠭᠴᠠ ᠬᠦ ᠰᠠᠶᠢᠨ ᠰᠤᠷᠬᠤ ᠨᠢ | ᠠᠮᠢᠳᠤᠷᠠᠯ ᠤᠨ ᠭᠠᠷᠬᠤ ᠵᠠᠮ ᠪᠢᠰᠢ ᠬᠠᠷᠢᠨ ᠲᠡᠳᠡᠨ ᠤ ᠡᠬᠡ ᠠᠴᠠ ᠠᠪᠴᠤ ᠲᠥᠷᠦᠭᠰᠡᠨ ᠠᠪᠢᠶᠠᠰ ᠢ ᠨᠢ ᠢᠯᠡᠷᠡᠭᠦᠯᠵᠥ | ᠬᠥᠭᠵᠢᠭᠦᠯᠬᠦ ᠨᠢ ᠮᠠᠰᠢ ᠴᠢᠬᠤᠯᠠ᠃ ᠯᠢᠥ ᠰᠢᠶᠤᠤ ᠯᠢᠩ ᠲᠥᠩ ᠠᠴᠠ ︽ᠬᠥᠮᠥᠨ ᠨᠢᠭᠡ ᠨᠠᠰᠤᠨ ᠳᠤ ᠪᠠᠨ ᠨᠢᠭᠡᠭᠡᠨ | ᠠᠵᠢᠯ ᠢ ᠰᠠᠶᠢᠨ ᠬᠢᠭᠡᠳ ᠴᠢᠳᠠᠴᠢᠬᠠᠪᠠᠯ ᠪᠣᠯᠴᠢᠬᠠᠨ᠎ᠠ︾ ᠭᠡᠵᠥ ᠬᠡᠯᠡᠭᠰᠡᠨ ᠨᠢ ᠮᠠᠰᠢ ᠡᠩ ᠤᠨ ᠪᠣᠯᠪᠠᠴᠤ ᠲᠦᠢᠯ ᠤᠨ | ᠦᠨᠡᠨ ᠦᠭᠡ ᠪᠣᠯᠣᠭᠰᠠᠨ᠂ ᠲᠡᠷᠡ ᠪᠠᠷ ᠨᠢᠭᠡ ᠨᠠᠰᠤᠨ ᠳᠤ ᠪᠠᠨ ᠭᠠᠭᠴᠠ ᠬᠦ ᠪᠡᠴᠢᠨ ᠪᠠᠭᠰᠢ ᠶᠢᠨ ᠲᠥᠷᠢ ᠶᠢ | ᠠᠮᠵᠢᠯᠳᠠ ᠲᠠᠢ ᠪᠥᠳᠥᠭᠡᠵᠥ ᠠᠮᠵᠢᠯᠳᠠ ᠶᠢᠨ ᠠᠯᠳᠠᠨ ᠲᠢᠲᠠᠮ ᠢ ᠵᠡᠭᠦᠵᠥ ᠴᠢᠳᠠᠭᠰᠠᠨ᠃ | ᠶᠠᠷᠦᠩᠬᠡᠶᠢᠯᠡᠪᠡᠯ᠂ ᠪᠢᠳᠠ ᠥᠪᠡᠷ ᠢᠶᠠᠨ ᠭᠦᠮᠦᠨ ᠮᠦᠰᠦᠳᠠᠢ ᠬᠥᠮᠥᠨ ᠪᠣᠯᠵᠤ ᠭᠦᠮᠦᠨ ᠮᠦᠰᠦᠳᠠᠢ ᠬᠡᠥᠬᠡᠳ ᠢ | ᠬᠥᠮᠥᠵᠢᠭᠦᠯᠭᠦ ᠭᠡᠷ ᠤᠨ ᠠᠬᠠᠮᠠᠳ ᠪᠤᠯᠤᠶ᠎ᠠ︕ ᠪᠢᠳᠡ ᠮᠠᠨ ᠤ ᠬᠡᠥᠬᠡᠳ ᠮᠠᠰᠢ ᠰᠢᠯᠢᠳᠡᠭ ᠭᠡᠳᠡᠭ ᠢ ᠡᠷᠡᠭᠡᠯᠵᠡᠯ ᠦᠭᠡᠢ | ᠢᠲᠡᠭᠡᠵᠦ ᠤᠷᠤᠭᠰᠢ ᠭᠦᠳᠤᠯᠵᠤ ᠭᠦᠮᠦᠵᠢᠭᠦᠯᠦᠶᠠ᠃ | ᠠᠵᠢᠯᠯᠠᠵᠤ ᠪᠠᠶᠢᠭ᠎ᠠ ᠪᠠᠶᠢᠭᠤᠯᠭ᠎ᠠ᠄ ᠣᠩᠨᠢᠭᠤᠳ ᠬᠤᠰᠢᠭᠤᠨ ᠤ ᠪᠤᠷᠤᠬᠤᠳᠠ ᠮᠣᠩᠭᠤᠯ | ᠦᠨᠳᠥᠰᠥᠳᠡᠨ ᠤ ᠪᠠᠭ᠎ᠠ ᠰᠤᠷᠭᠠᠭᠤᠯᠢ | ︵ᠠᠯᠳᠠᠨᠰᠦ᠋ᠭᠡ ᠨᠠᠶᠢᠷᠠᠭᠤᠯᠪᠠ︶ | 2023.3 ᠳ᠋ᠤᠭᠠᠷ ᠬᠤᠭᠤᠴᠠᠭ᠎ᠠ | |