ᠡᠷᠳᠡᠨᠢᠪᠠᠳᠤ | | | | | | ᠣᠩᠰᠢᠯᠭ᠎ᠠ ᠪᠣᠯ ᠬᠡᠯᠡ ᠪᠢᠴᠢᠭ ᠤᠨ ᠵᠢᠭᠠᠨ ᠰᠣᠷᠭᠠᠯᠳᠠ ᠶᠢᠨ ᠴᠢᠬᠤᠯᠠ ᠪᠥᠷᠢᠯᠳᠣᠭᠦᠨ ᠬᠡᠰᠡᠭ ᠮᠦᠨ᠂ ᠬᠡᠯᠡ | ᠪᠢᠴᠢᠭ ᠤᠨ ᠬᠢᠴᠢᠶᠡᠯ ᠢ ᠪᠡᠶᠡᠴᠢᠯᠡᠨ ᠰᠣᠷᠬᠤ ᠶᠠᠪᠣᠴᠠ ᠮᠥᠨ᠃ ᠰᠣᠷᠣᠬᠴᠢ ᠣᠩᠰᠢᠬᠤ ᠪᠠᠷ ᠲᠠᠮᠵᠢᠨ ᠬᠡᠯᠡᠨ ᠤ | ᠮᠡᠳᠡᠷᠡᠮᠵᠢ ᠪᠠᠨ ᠰᠠᠶᠢᠵᠢᠷᠠᠭᠤᠯᠵᠤ᠂ ᠦᠭᠡᠨ ᠤ ᠪᠠᠶᠠᠯᠢᠭ ᠢᠶᠠᠨ ᠨᠡᠮᠡᠭᠳᠡᠭᠦᠯᠦᠨ᠂ ᠰᠠᠳᠭᠢᠬᠦᠢ ᠪᠠᠨ ᠨᠡᠭᠡᠭᠡᠭᠳᠡᠭᠦᠯᠵᠥ᠂ | ᠰᠣᠷᠠᠭ ᠴᠢᠮᠡᠭᠡ ᠣᠯᠵᠤ ᠮᠡᠳᠡᠳᠡᠭ᠃ ᠣᠩᠰᠢᠯᠭ᠎ᠠ ᠨᠢ ᠬᠡᠯᠡ ᠪᠢᠴᠢᠭ ᠤᠨ ᠴᠢᠳᠠᠪᠣᠷᠢ ᠲᠣᠳᠣᠷᠠᠬᠢ ᠬᠠᠮᠤᠭ ᠤᠨ | ᠴᠢᠬᠤᠯᠠ ᠦᠨᠳᠣᠰᠣᠨ ᠴᠢᠳᠠᠪᠣᠷᠢ ᠶᠢᠨ ᠨᠢᠭᠡ ᠮᠦᠨ᠃ ︽ᠬᠡᠯᠡ ᠪᠢᠴᠢᠭ ᠤᠨ ᠬᠢᠴᠢᠶᠡᠯ ᠤᠨ ᠪᠠᠷᠢᠮᠵᠢᠶ᠎ᠠ︾ ᠳᠤ | ︽ᠰᠣᠷᠣᠬᠴᠢᠳ ᠢ ᠢᠯᠡᠬᠦᠦ ᠣᠩᠰᠢᠭᠤᠯᠵᠤ ᠢᠯᠡᠭᠦᠦ ᠪᠢᠴᠢᠬᠦᠯᠣᠨ︾᠂ ︽ᠢᠯᠡᠭᠦᠬᠡᠨ ᠣᠩᠰᠢᠭᠤᠯᠵᠤ᠂ ᠢᠯᠡᠬᠦᠭᠡᠨ | ᠬᠤᠷᠠᠮᠳᠣᠭᠤᠯᠣᠨ︾ ᠭᠡᠵᠤ ᠣᠨᠴᠠᠭᠠᠢᠢᠯᠠᠨ ᠴᠢᠬᠤᠯᠠᠴᠢᠯᠠᠬᠰᠠᠨ ᠪᠠᠶᠢᠳᠠᠭ᠃ ᠬᠡᠭᠦ ᠳᠤ ᠪᠠᠨ ᠣᠩᠰᠢᠯᠭ᠎ᠠ ᠶᠢ | ᠴᠢᠬᠤᠯᠠᠴᠢᠯᠠᠵᠤ ᠪᠠᠶᠢᠨ᠎ᠠ ᠭᠡᠳ ᠣᠩᠰᠢᠭᠤᠯᠬᠤ ᠶᠢᠨ ᠲᠦᠯᠥᠭᠡ ᠣᠩᠰᠢᠭᠤᠯᠵᠤ ᠪᠣᠯᠬᠤ ᠦᠬᠡᠢ᠂ ᠣᠯᠠᠠ ᠮᠥᠷᠳᠡᠭᠡᠨ | ᠣᠷᠮ᠎ᠠ ᠲᠠᠢ ᠣᠩᠰᠢᠭᠤᠯᠬᠤ᠂ ᠴᠦᠬᠡᠨ ᠠᠲᠠᠯ᠎ᠠ ᠪᠠᠨ ᠴᠢᠨᠠᠷᠳᠡᠢ ᠣᠩᠰᠢᠭᠤᠯᠬᠤ ᠶᠢ ᠠᠩᠬᠠᠷᠬᠤ ᠬᠡᠷᠡᠭᠳᠡᠢ᠃ | ᠭᠡᠭᠦ ᠳᠤ ᠪᠠᠨ ᠲᠣᠣᠷ᠎ᠠ ᠣᠨ ᠤ ᠰᠣᠷᠣᠬᠴᠢ ᠶᠢ ᠣᠩᠰᠢᠯᠭ᠎ᠠ ᠳᠤ ᠣᠷᠮᠠᠰᠢᠭᠤᠯᠬᠤ ᠨᠢ ᠲᠦᠢᠯ ᠤᠨ ᠴᠢᠬᠤᠯᠠ ᠪᠠᠶᠢᠳᠠᠭ | ᠲᠤᠯᠠ ᠠᠮᠢᠳᠣᠯᠢᠭ ᠢᠶᠠᠷ ᠵᠢᠭᠠᠨ ᠰᠣᠷᠭᠠᠬᠤ ᠶᠢ ᠦᠷᠬᠦᠯᠵᠢ ᠠᠩᠬᠠᠷᠪᠠᠯ ᠵᠣᠬᠢᠨ᠎ᠠ᠃ ᠬᠠᠷᠠᠯᠲᠠ ᠲᠠᠢ ᠣᠩᠰᠢᠭᠤᠯᠵᠤ | ᠰᠣᠷᠣᠬᠴᠢ ᠶᠢ ᠰᠠᠨᠠᠭᠠᠴᠢᠯᠠᠭ᠎ᠠ ᠠᠴᠠ ᠪᠠᠨ᠂ ᠪᠡᠶ᠎ᠠ ᠪᠠᠨ ᠲᠠᠭᠠᠭᠠᠵᠤ ᠣᠩᠰᠢᠬᠤ ᠵᠦᠭ ᠬᠥᠳᠣᠯᠪᠡᠯ ᠵᠣᠬᠢᠨ᠎ᠠ᠃ | ᠳᠣᠣᠷ᠎ᠠ ︽ᠠᠯᠬᠤᠮᠴᠢᠯᠠᠬᠰᠠᠨ ᠵᠢᠭᠠᠨ ᠰᠣᠷᠭᠠᠯᠳᠠ︾ ᠳᠤ ᠬᠡᠷᠬᠢᠨ ᠤᠩᠰᠢᠯᠭ᠎ᠠ ᠶᠢ ᠵᠢᠯᠤᠭᠤᠳᠬᠤ ᠲᠤᠬᠠᠢ | ᠶᠠᠷᠢᠶ᠎ᠠ᠃ | ᠨᠢᠭᠡ᠂ ᠶᠠᠭᠤᠨ ᠳᠤ ᠣᠩᠰᠢᠯᠭ᠎ᠠ ᠶᠢᠨ ᠵᠢᠯᠣᠭᠤᠳᠣᠯᠭ᠎ᠠ ᠶᠢ ᠴᠢᠬᠤᠯᠠᠴᠢᠯᠠᠬᠤ ᠪᠤᠢ︖ | ︵ᠨᠢᠭᠡ︶ ᠰᠣᠷᠣᠬᠴᠢ ᠶᠢᠨ ᠬᠢᠴᠢᠶᠡᠯ ᠲᠡᠭᠡᠷᠡᠬᠢ ᠣᠩᠰᠢᠯᠭ᠎ᠠ ᠪᠣᠯ ᠬᠠᠮᠤᠭ ᠤᠨ ᠴᠢᠬᠤᠯᠠ ᠪᠠᠶᠢᠳᠠᠭ᠂ | ᠣᠴᠢᠷ ᠨᠢ ᠰᠣᠷᠬᠤ ᠪᠢᠴᠢᠭ ᠤᠨ ᠵᠣᠬᠢᠶᠠᠯ ᠢ ᠣᠩᠰᠢᠬᠤ ᠪᠠᠷ ᠲᠠᠮᠵᠢᠵᠤ᠂ ᠮᠡᠳᠡᠯᠭᠡ᠂ ᠦᠭᠡ ᠬᠡᠯᠡ᠂ ᠦᠰᠦᠭ ᠪᠢᠴᠢᠭ᠂ | ᠠᠷᠭ᠎ᠠ ᠪᠠᠷᠢᠯ ᠢ ᠰᠣᠷᠴᠤ ᠡᠵᠡᠮᠰᠢᠳᠡᠭ᠃ ᠮᠦᠨ ᠴᠤ ᠪᠠᠭᠰᠢ ᠶᠢᠨ ᠵᠢᠭᠠᠨ ᠵᠢᠯᠣᠭᠤᠳᠣᠯᠭ᠎ᠠ ᠪᠠᠷ ᠣᠩᠰᠢᠬᠤ ᠠᠷᠭ᠎ᠠ ᠶᠢ | ᠰᠣᠷᠴᠤ ᠡᠬᠢᠯᠡᠳᠡᠭ᠃ ᠰᠣᠷᠬᠤ ᠪᠢᠴᠢᠭ ᠲᠤ ᠰᠣᠩᠭᠤᠬᠳᠠᠬᠰᠠᠨ ᠵᠣᠬᠢᠶᠠᠯ ᠤᠳ ᠪᠤᠯ ᠶᠠᠷᠣᠩᠭᠡᠢ ᠳᠤ ᠪᠠᠨ ᠰᠣᠩᠭᠤᠳᠠᠭ | ᠪᠥᠳᠣᠭᠡᠯ ᠶᠤᠮ᠂ ᠡᠳᠡᠭᠡᠷ ᠵᠣᠬᠢᠶᠠᠯ ᠤᠨ ᠬᠡᠯᠡ ᠭᠡᠯᠡᠯᠭᠡ ᠠᠴᠠ ᠡᠬᠢᠯᠡᠭᠡᠳ ᠠᠭᠤᠯᠭ᠎ᠠ᠂ ᠣᠳᠬ᠎ᠠ ᠰᠠᠨᠠᠭ᠎ᠠ᠂ ᠪᠢᠴᠢᠭᠰᠡᠨ | ᠠᠷᠭ᠎ᠠ ᠪᠠᠷᠢᠯ ᠤᠨ ᠬᠤᠪᠢ ᠳᠤ ᠨᠡᠯᠢᠶᠡᠳ ᠰᠠᠶᠢᠨ ᠳᠤ ᠲᠣᠭᠠᠴᠢᠬᠳᠠᠬᠤ ᠨᠢ ᠶᠠᠷᠢᠶᠠᠨ ᠦᠭᠡᠢ᠃ ᠲᠠᠬᠢᠭᠠᠳ ᠬᠡᠯᠡᠪᠡᠯ | ᠬᠢᠴᠢᠶᠡᠯ ᠳᠠᠬᠢ ᠣᠩᠰᠢᠯᠭ᠎ᠠ ᠪᠣᠯ ᠪᠣᠰᠣᠳ ᠨᠦᠬᠦᠳ ᠲᠠᠢ ᠪᠠᠨ ᠬᠠᠮᠵᠢᠨ ᠰᠣᠷᠬᠤ ᠲᠣᠬᠢᠶᠠᠯ ᠮᠦᠨ᠃ ᠪᠠᠭ᠎ᠠ | ᠰᠣᠷᠭᠠᠭᠤᠯᠢ ᠶᠢᠨ ᠱᠠᠳᠣᠨ ᠳᠤ ᠰᠣᠷᠬᠤ ᠪᠢᠴᠢᠭ ᠤᠨ ᠵᠣᠬᠢᠶᠠᠯ ᠢᠶᠠᠨ ᠪᠣᠯᠪᠠᠰᠣᠷᠠᠩᠭᠤᠢ ᠣᠩᠰᠢᠵᠤ ᠴᠢᠳᠠᠬᠤ | ᠦᠭᠡᠢ ᠪᠠᠷ ᠪᠣᠰᠣᠳ ᠨᠣᠮ ᠵᠣᠬᠢᠶᠠᠯ᠂ ᠰᠣᠨᠢᠨ ᠰᠡᠳᠭᠦᠯ ᠢ ᠣᠩᠰᠢᠬᠤ ᠭᠡᠭᠴᠢ ᠬᠥᠴᠢᠷ ᠶᠠᠪᠣᠳᠠᠯ ᠪᠣᠯᠬᠤ | ᠶᠤᠮ᠃ ᠡᠶᠢᠮᠤ ᠠᠴᠠ ᠬᠢᠴᠢᠶᠡᠯ ᠲᠠᠭᠡᠷᠡᠬᠢ ᠣᠩᠰᠢᠯᠭ᠎ᠠ ᠪᠠᠷ ᠲᠠᠮᠵᠢᠭᠤᠯᠵᠤ ᠰᠤᠷᠤᠭᠴᠢᠳ ᠤᠨ ᠣᠩᠰᠢᠬᠤ | ᠴᠢᠳᠠᠪᠣᠷᠢ ᠶᠢ ᠲᠡᠭᠡᠭᠰᠢᠯᠡᠬᠦᠯᠬᠦ ᠶᠠᠪᠣᠳᠠᠯ ᠴᠢᠬᠤᠯᠠᠴᠢᠯᠠᠬᠳᠠᠵᠤ ᠪᠠᠶᠢᠨ᠎ᠠ᠃ | ︵ᠬᠤᠶᠠᠷ︶ ᠣᠩᠰᠢᠯᠭ᠎ᠠ ᠨᠢ ᠪᠡᠶ᠎ᠠ ᠪᠠᠨ ᠲᠠᠭᠠᠭᠠᠵᠤ ᠦᠪᠡᠰᠤᠪᠠᠨ ᠰᠣᠷᠬᠤ ᠳᠤ ᠬᠥᠭᠦᠷᠭᠡ ᠶᠢᠨ ᠦᠢᠯᠡᠳᠣᠯ | ᠦᠵᠡᠬᠦᠯᠣᠨᠠ᠃ ᠡᠷᠲᠡ ᠡᠳᠣᠭᠡ ᠭᠠᠳᠠᠭᠠᠳᠤ ᠲᠣᠳᠣᠭᠠᠳᠤ ᠶᠢᠨ ᠡᠷᠳᠡᠮᠳᠡᠨ ᠮᠡᠷᠭᠡᠳ ᠠᠴᠠ ᠨᠣᠮ ᠪᠢᠴᠢᠭ᠂ ᠨᠣᠮ | ᠣᠩᠰᠢᠬᠤ ᠶᠢᠨ ᠴᠢᠬᠤᠯᠠ ᠴᠢᠨᠡᠷ ᠢ ᠣᠯᠠᠨᠲᠠ ᠦᠬᠦᠯᠡᠭᠰᠡᠨ ᠶᠤᠮ᠃ ᠣᠣᠯ ᠤᠨ ᠵᠦᠪᠯᠡᠯᠳᠤ ᠬᠤᠯᠪᠣᠭᠠᠳᠤ | ᠣᠯᠣᠰ ᠤᠨ ᠵᠣᠬᠢᠶᠠᠯᠴᠢ ᠭᠤᠷᠺᠢ᠄ ︽ᠨᠣᠮ ᠪᠢᠴᠢᠭ ᠪᠣᠯ ᠬᠥᠮᠣᠨ ᠲᠦᠷᠦᠯᠬᠢᠳᠡᠨ ᠤ ᠲᠠᠪᠰᠢᠯᠲᠠ ᠶᠢᠨ ᠱᠠᠳᠤ | ᠮᠥᠨ︾ ᠭᠡᠵᠡᠢ᠃ ᠲᠡᠩ ᠣᠯᠣᠰ ᠤᠨ ᠰᠢᠯᠥᠭᠴᠢ ᠳ᠋ᠦ᠋ ᠹᠦ᠋᠄ ︽ᠪᠢᠴᠢᠭ ᠨᠣᠮ ᠢ ᠵᠠᠭᠤᠨ ᠪᠣᠳᠢ ᠤᠩᠰᠢᠪᠠᠰᠤ ᠪᠢᠷ ᠤᠨ | ᠦᠵᠦᠬᠦᠷ ᠠᠶᠠᠨᠳᠠᠭᠠᠨ ᠰᠢᠳᠢ ᠣᠷᠣᠰᠢᠮᠣᠢ︾ ᠭᠡᠵᠡᠢ᠃ ᠡ᠊ᠨᠡ ᠨᠢ ᠨᠣᠮ ᠪᠢᠴᠢᠭ ᠪᠣᠯ ᠨᠡᠶᠢᠭᠡᠮ ᠤᠨ ᠬᠥᠭᠵᠢᠯᠳᠡ ᠳᠤ | ᠠᠬᠢᠭᠤᠯᠬᠤ ᠦᠢᠯᠡᠳᠣᠯ ᠦᠵᠡᠬᠦᠯᠬᠦ ᠮᠥᠷᠳᠡᠭᠡᠨ ᠬᠥᠮᠣᠨ ᠤ ᠦᠰᠦᠨ ᠪᠤᠶᠢᠵᠢᠯᠲᠠ ᠨᠢ ᠴᠤ ᠨᠣᠮ ᠣᠩᠰᠢᠬᠤ ᠠᠴᠠ | ᠰᠠᠯᠵᠤ ᠴᠢᠳᠠᠬᠤ ᠦᠭᠡᠢ ᠭᠡᠳᠡᠭ ᠢ ᠬᠠᠷᠠᠭᠤᠯᠵᠡᠢ᠃ ᠨᠣᠮ ᠣᠩᠰᠢᠬᠤ ᠲᠣᠳᠣᠮ ᠣᠬᠠᠭᠠᠨ ᠪᠣᠳᠣᠯᠭ᠎ᠠ ᠣᠶᠣᠨ ᠰᠠᠨᠠᠭ᠎ᠠ | ᠨᠡᠭᠡᠭᠡᠭᠳᠡᠵᠤ ᠠᠮᠵᠢᠯᠳᠡ ᠭᠠᠷᠭᠠᠵᠤ ᠴᠢᠳᠠᠨ᠎ᠠ ᠭᠡᠳᠡᠭ ᠭᠥᠨ ᠶᠣᠰᠤ ᠶᠢ ᠲᠣᠰᠬᠠᠵᠠᠢ᠃ ᠡᠷᠳᠡᠮᠳᠡᠨ ᠴᠢᠳᠠᠪᠣᠷᠢᠳᠡᠨ | ᠪᠣᠯᠬᠤ ᠳᠤ ᠨᠣᠮ ᠪᠢᠴᠢᠭ ᠣᠩᠰᠢᠵᠤ ᠨᠣᠮ ᠪᠢᠴᠢᠭ ᠲᠠᠢ ᠬᠠᠨᠢᠯᠠᠨ ᠦᠪᠡᠷ ᠢ ᠪᠠᠨ ᠵᠡᠪᠰᠡᠭᠯᠠᠵᠤ ᠶᠠᠪᠣᠬᠰᠠᠨ ᠵᠢᠱᠢᠶ᠎ᠠ | ᠮᠤᠩ ᠦᠭᠡᠢ ᠣᠯᠠᠨ ᠪᠠᠶᠢᠳᠠᠭ᠃ ᠪᠣᠳᠠᠳᠠᠢ ᠪᠠᠷ ᠭᠡᠯᠡᠪᠡᠯ᠂ ᠮᠨᠨ ᠤ ᠮᠣᠩᠭᠤᠯ ᠦᠨᠳᠣᠰᠣᠳᠡᠨ ᠤ ᠲᠣᠭᠠᠨ ᠤ | ᠣᠬᠠᠭᠠᠨᠳᠠᠨ ᠮᠢᠩᠭᠠᠨᠳᠤ᠂ ᠬᠡᠪᠯᠡᠯ ᠤᠨ ᠵᠢᠳᠭᠦᠯᠳᠡᠨ ᠲᠡᠮᠭᠡᠳᠤ᠂ ᠹᠢᠽᠢᠺ ᠤᠨ ᠡᠷᠳᠡᠮᠳᠡᠨ ᠰᠠ ᠪᠧᠨ ᠳ᠋ᠦᠡᠭ᠂ ᠶᠡᠭᠡ | ᠵᠣᠬᠢᠶᠠᠯᠴᠢ ᠢᠨᠵᠠᠨᠨᠠᠰᠢ ᠵᠡᠷᠭᠡ ᠬᠥᠮᠣᠰ ᠨᠢᠭᠡ ᠨᠠᠰᠤ ᠪᠠᠷ ᠢᠶᠠᠨ ᠨᠣᠮ ᠪᠢᠴᠢᠭ ᠤᠨ ᠬᠤᠷᠣᠬᠠᠢ ᠪᠣᠯᠵᠤ᠂ ᠰᠢᠷᠭᠠᠭᠤ | ᠰᠣᠷᠣᠯᠴᠠᠨ᠂ ᠦᠯᠡᠮᠵᠢ ᠲᠣᠭᠠᠨ ᠤ ᠨᠣᠮ ᠪᠢᠴᠢᠭ ᠣᠩᠰᠢᠬᠤ᠂ ᠨᠣᠮ ᠪᠢᠴᠢᠭ ᠨᠠᠶᠢᠷᠠᠭᠤᠯᠣᠨ ᠵᠣᠬᠢᠶᠠᠬᠤ ᠠᠵᠢᠯ ᠳᠤ | ᠭᠠᠷᠮᠠᠭᠠᠢᠢᠯᠠᠭᠰᠠᠨ ᠠᠴᠠ ᠮᠣᠩᠭᠤᠯ ᠦᠨᠳᠣᠰᠣᠳᠡᠨ ᠤ ᠰᠣᠶᠣᠯ ᠪᠣᠯᠪᠠᠰᠣᠨ ᠤ ᠬᠥᠭᠵᠢᠯᠳᠡ ᠳᠤ ᠴᠢᠨᠠᠬᠰᠢᠯᠠᠭᠠᠳ | ᠣᠯᠣᠰ ᠣᠷᠣᠨ᠂ ᠨᠡᠶᠢᠭᠡᠮ ᠤᠨ ᠬᠥᠭᠵᠢᠯᠳᠡ ᠳᠤ ᠵᠣᠬᠢᠬᠤ ᠬᠤᠪᠢ ᠨᠡᠮᠡᠷᠢ ᠪᠠᠨ ᠦᠵᠡᠬᠦᠯᠥᠭᠰᠡᠨ ᠢ ᠲᠡᠣᠬᠡ᠂ | ᠪᠣᠳᠠᠳᠤ ᠦᠢᠯᠡᠳᠣᠯᠭᠡ ᠭᠡᠷᠡᠴᠢᠯᠡᠭᠰᠡᠨ ᠶᠤᠮ᠃ ᠡᠭᠦᠨ ᠠᠴᠠ ᠪᠢᠳᠡ ᠡᠷᠳᠡᠮᠳᠡᠨ ᠴᠢᠳᠠᠪᠣᠷᠢᠳᠡᠨ ᠪᠣᠯᠬᠤ ᠳᠤ ᠨᠣᠮ | ᠪᠢᠴᠢᠭ ᠠᠴᠠ ᠣᠶᠣᠨ ᠤ ᠰᠢᠨ᠎ᠠ ᠶᠢ ᠬᠥᠷᠳᠡᠬᠦ ᠮᠥᠷᠳᠡᠭᠡᠨ ᠣᠩᠰᠢᠯᠭ᠎ᠠ ᠶᠢᠨ ᠴᠢᠳᠠᠪᠤᠷᠢ ᠶᠢ ᠪᠦᠷᠢᠯᠳᠤᠭᠦᠯᠵᠤ | ᠪᠤᠯᠤᠨ᠎ᠠ ᠭᠡᠳᠡᠭ ᠢ ᠤᠯᠵᠤ ᠮᠠᠳᠠᠵᠤ ᠪᠤᠯᠤᠨ᠎ᠠ᠃ | ︵ᠭᠤᠷᠪᠠ︶ ᠬᠡᠯᠡ ᠪᠢᠴᠢᠭ ᠤᠨ ᠵᠢᠭᠠᠨ ᠰᠣᠷᠭᠠᠯᠳᠠ ᠳᠤ ᠣᠩᠰᠢᠬᠤ ᠴᠢᠳᠠᠪᠣᠷᠢ ᠲᠦᠢᠯ ᠤᠨ ᠴᠢᠬᠤᠯᠠ | ᠪᠠᠶᠢᠳᠠᠭ᠂ ᠲᠠᠷᠠ ᠨᠢ ᠶᠠᠷᠢᠬᠤ ᠴᠢᠳᠠᠪᠣᠷᠢ᠂ ᠪᠢᠴᠢᠬᠦ ᠴᠢᠳᠠᠪᠣᠷᠢ ᠳᠤ ᠰᠠᠭᠤᠷᠢ ᠪᠣᠯᠳᠠᠭ᠃ ᠬᠡᠯᠡ ᠪᠢᠴᠢᠭ ᠤᠨ ᠵᠢᠭᠠᠨ | ᠰᠣᠷᠭᠠᠯᠳᠠ ᠨᠢ ᠶᠡᠷᠦᠩᠬᠡᠶᠢᠯᠡᠭᠰᠡᠨ ᠴᠢᠨᠠᠷ ᠲᠠᠢ ᠮᠥᠷᠳᠡᠭᠡᠨ ᠲᠡᠬᠦᠨ ᠳᠤ ᠪᠠᠭᠠᠵᠢᠴᠢ ᠰᠢᠨᠵᠢ᠂ ᠬᠥᠮᠣᠨ ᠰᠣᠶᠣᠯ ᠤᠨ | ᠰᠢᠨᠵᠢ ᠶᠢ ᠬᠠᠳᠠᠭᠠᠯᠠᠵᠤ ᠪᠠᠶᠢᠳᠠᠭ᠃ ᠬᠢᠴᠢᠶᠡᠯᠯᠡᠭᠡ ᠳᠤ ᠴᠢᠳᠠᠪᠣᠷᠢ ᠶᠢᠨ ᠬᠥᠮᠥᠵᠢᠯ ᠴᠢᠬᠤᠯᠠ ᠪᠠᠶᠢᠷᠢ ᠶᠢ ᠡᠵᠡᠯᠡᠬᠦ | ᠮᠥᠷᠳᠡᠭᠡᠨ ᠰᠣᠷᠣᠬᠴᠢ ᠶᠢᠨ ᠦᠵᠡᠯᠳᠡ ᠲᠠᠨᠢᠯᠲᠠ ᠶᠢᠨ ᠲᠡᠭᠡᠭᠰᠢᠯᠡᠯᠳᠡ᠂ ᠬᠥᠮᠣᠨ ᠮᠦᠰᠤ ᠶᠢᠨ ᠬᠥᠮᠥᠵᠢᠯ ᠵᠡᠷᠭᠡ ᠳᠤ | ᠦᠢᠯᠡᠳᠣᠯ ᠦᠵᠡᠬᠦᠯᠳᠡᠭ ᠲᠤᠯᠠ ᠬᠡᠯᠡ ᠪᠢᠴᠢᠭ ᠤᠨ ᠬᠢᠴᠢᠶᠡᠯ ᠨᠢ ᠨᠢᠭᠡᠳᠣᠮᠡᠯ ᠴᠤᠬᠴᠠ ᠮᠥᠨ᠃ ᠲᠣᠣᠷ᠎ᠠ ᠣᠨ ᠤ | ᠰᠣᠷᠣᠬᠴᠢ ᠶᠢᠨ ᠣᠩᠰᠢᠯᠭ᠎ᠠ ᠨᠢ ᠵᠦᠪ ᠪᠢᠴᠢᠯᠭᠡ ᠲᠠᠢ ᠰᠢᠭᠤᠳ ᠬᠤᠯᠪᠣᠬᠳᠠᠵᠤ ᠪᠠᠶᠢᠳᠠᠭ᠂ ᠲᠤᠮᠲᠠ ᠣᠨ ᠳᠤ | ᠰᠣᠷᠣᠬᠴᠢ ᠶᠢᠨ ᠶᠠᠷᠢᠶᠠᠨ ᠤ ᠴᠢᠳᠠᠪᠣᠷᠢ ᠭᠢᠭᠡᠳ ᠣᠩᠰᠢᠯᠭ᠎ᠠ ᠨᠢ ᠬᠠᠷᠢᠯᠴᠠᠨ ᠠᠬᠢᠭᠤᠯᠵᠤ ᠪᠠᠶᠢᠳᠠᠭ᠂ ᠲᠡᠭᠡᠳᠤ | ᠣᠨ ᠳᠤ ᠣᠩᠰᠢᠯᠭ᠎ᠠ ᠶᠢᠨ ᠴᠢᠳᠠᠪᠣᠷᠢ ᠨᠢ ᠵᠣᠬᠢᠶᠠᠨ ᠪᠢᠴᠢᠯᠭᠡ ᠶᠢ ᠨᠥᠯᠦᠭᠡᠯᠡᠳᠡᠭ᠃ | ︵ᠳᠥᠷᠪᠡ︶ ᠠᠯᠪᠠᠳᠠᠯᠭ᠎ᠠ ᠶᠢᠨ ᠴᠢᠨᠠᠷ ᠲᠠᠢ ᠣᠩᠰᠢᠯᠭ᠎ᠠ ᠪᠠ ᠠᠶᠠᠨᠳᠠᠭᠠᠨ ᠤ ᠣᠩᠰᠢᠯᠭ᠎ᠠ ᠨᠢ ᠰᠢᠨᠵᠢ | ᠴᠢᠨᠠᠷ ᠤᠨ ᠲᠠᠯ᠎ᠠ ᠪᠠᠷ ᠮᠠᠰᠢ ᠵᠦᠷᠢᠶ᠎ᠠ ᠲᠠᠢ᠃ ᠵᠠᠷᠢᠮ ᠰᠣᠷᠣᠭᠴᠢ ᠶᠢᠨ ᠣᠩᠰᠢᠯᠭ᠎ᠠ ᠶᠢ ᠠᠵᠢᠭᠯᠠᠬᠤ ᠳᠤ ᠰᠠᠶᠢᠨ | ᠰᠢᠬ ᠪᠤᠯᠪᠠᠴᠤ ᠦᠨᠡᠨ ᠳᠤ ᠪᠠᠨ ᠲᠡᠭᠦᠨ ᠤ ᠣᠩᠰᠢᠯᠭ᠎ᠠ ᠨᠢ ᠮᠧᠬᠠᠨᠢᠭ ᠣᠩᠰᠢᠯᠭ᠎ᠠ ᠮᠥᠨ᠂ ᠠᠶᠠᠨᠳᠠᠭᠠᠨ ᠤ | ᠣᠩᠰᠢᠯᠭ᠎ᠠ ᠪᠢᠰᠢ᠃ ᠭᠡᠬᠦ ᠳᠤ ᠠᠯᠬᠤᠮᠴᠢᠯᠠᠭᠰᠠᠨ ᠵᠢᠭᠠᠨ ᠰᠣᠷᠭᠠᠯᠲᠠ ᠳᠤ ᠴᠢᠯᠥᠭᠡᠳᠤ ᠣᠩᠰᠢᠯᠭ᠎ᠠ ᠪᠠ | ᠰᠣᠷᠣᠭᠴᠢᠳ ᠢ ᠵᠢᠯᠣᠭᠤᠳᠤᠨ ᠠᠶᠠᠨᠳᠠᠭᠠᠨ ᠤ ᠣᠩᠰᠢᠯᠭ᠎ᠠ ᠳᠤ ᠬᠥᠲᠦᠯᠳᠡᠭ ᠲᠤᠯᠠ ᠰᠣᠷᠣᠭᠴᠢᠳ ᠲᠤ ᠰᠡᠳᠭᠢᠬᠦ | ᠣᠷᠣᠨ ᠵᠠᠢ ᠣᠯᠭᠤᠨ᠂ ᠣᠷᠮ᠎ᠠ ᠪᠠᠬ᠎ᠠ ᠶᠢ ᠬᠥᠭᠵᠢᠭᠡᠵᠦ᠂ ᠣᠩᠰᠢᠯᠭ᠎ᠠ ᠶᠢᠨ ᠴᠢᠳᠠᠪᠤᠷᠢ ᠶᠢ ᠬᠥᠮᠥᠵᠢᠬᠦᠯᠬᠦ ᠳᠤ | ᠦᠷ᠎ᠠ ᠠᠰᠢᠭ ᠢᠶᠠᠷ ᠥᠨᠳᠥᠷ ᠪᠠᠶᠢᠳᠠᠭ᠃ ᠪᠠᠰᠠ ᠶᠠᠪᠤᠴᠠ ᠶᠢᠨ ᠵᠢᠭᠠᠨ ᠰᠤᠷᠭᠠᠯᠲᠠ ᠶᠢ ᠴᠢᠬᠤᠯᠠᠴᠢᠯᠠᠳᠠᠭ ᠠᠴᠠ | ᠰᠤᠷᠤᠭᠴᠢ ᠶᠢᠨ ᠪᠡᠶᠡᠳᠡᠨ ᠣᠷᠤᠯᠴᠠᠵᠤ ᠠᠰᠠᠭᠤᠳᠠᠯ ᠢ ᠰᠢᠢᠳᠪᠦᠷᠢᠯᠡᠨ ᠪᠡᠶ᠎ᠡ ᠪᠠᠨ ᠲᠠᠭᠠᠭᠠᠬᠤ ᠴᠢᠳᠠᠪᠤᠷᠢ ᠶᠢ | ᠬᠥᠮᠦᠵᠢᠭᠦᠯᠬᠦ ᠳᠤ ᠦᠢᠯᠡᠳᠣᠯ ᠦᠵᠡᠭᠦᠯᠦᠨ᠎ᠡ᠃ | ᠬᠤᠶᠠᠷ᠂ ᠬᠡᠷᠬᠢᠨ ᠣᠩᠰᠢᠯᠭ᠎ᠠ ᠶᠢᠨ ᠵᠢᠯᠣᠭᠤᠳᠣᠯᠭ᠎ᠠ ᠶᠢ ᠬᠥᠢᠴᠡᠳᠭᠡᠬᠦ ᠪᠤᠢ︖ | ᠬᠢᠴᠢᠶᠡᠯ ᠤᠨ ᠦᠭᠡᠷᠡᠴᠢᠯᠡᠯᠳᠡ ᠶᠢᠨ ᠣᠨᠣᠯᠵᠢᠬᠤᠨ ᠳᠤ ᠪᠠᠭᠰᠢ ᠶᠢ ᠵᠣᠬᠢᠶᠠᠨ ᠪᠠᠶᠢᠭᠤᠯᠣᠬᠴᠢ᠂ | ᠵᠢᠯᠣᠭᠤᠳᠣᠬᠴᠢ᠂ ᠬᠥᠳᠣᠯᠦᠭᠴᠢ᠂ ᠵᠣᠷᠢᠬᠵᠢᠭᠤᠯᠣᠬᠴᠢ ᠭᠡᠵᠤ ᠦᠵᠡᠳᠡᠭ᠃ ᠳᠦᠷᠢ ᠳᠥᠷᠬᠦ ᠶᠢᠨ | ᠬᠤᠪᠢᠷᠠᠯᠳᠠ ᠠᠴᠠ ᠦᠵᠡᠪᠡᠯ᠄ ᠬᠥᠮᠣᠨ ᠢ ᠬᠥᠮᠣᠵᠢᠬᠦᠯᠬᠦ ᠶᠢᠨ ᠬᠤᠪᠢ ᠳᠤ ᠰᠤᠷᠤᠭᠴᠢᠳ ᠲᠤ ᠡᠷᠬᠡ ᠲᠡᠭᠰᠢ᠂ | ᠠᠷᠠᠳᠴᠢᠯᠠᠯ ᠲᠠᠢ᠂ ᠡᠶ᠎ᠡ ᠨᠠᠶᠢᠷ ᠲᠠᠢ ᠬᠠᠨᠳᠤᠭᠰᠠᠨ ᠡᠰᠠᠭᠦ᠂ ᠰᠣᠷᠬᠤ ᠠᠵᠢᠯᠯᠠᠭᠠᠨ ᠤ ᠬᠤᠪᠢ ᠳᠤ ᠪᠡᠶ᠎ᠠ ᠪᠠᠨ | ᠲᠠᠭᠠᠭᠠᠬᠤ᠂ ᠬᠠᠮᠵᠢᠯᠴᠠᠬᠤ᠂ ᠰᠦᠪᠡᠭᠴᠢᠯᠡᠬᠦ ᠵᠡᠷᠭᠡ ᠠᠭᠤᠯᠭ᠎ᠠ ᠶᠢ ᠬᠠᠮᠣᠷᠴᠠᠢ᠃ ᠡᠶᠢᠨ ᠭᠦ ᠬᠢᠴᠢᠶᠡᠯᠯᠡᠭᠡ ᠶᠢᠨ | ᠵᠢᠭᠠᠨ ᠰᠣᠷᠭᠠᠯᠳᠠ ᠳᠤ ᠪᠠᠭᠰᠢ ᠶᠢᠨ ᠵᠢᠯᠣᠭᠤᠳᠬᠤ ᠦᠢᠯᠡᠳᠣᠯ ᠢ ᠴᠢᠬᠤᠯᠠᠴᠢᠯᠠᠨ ᠲᠣᠷᠠᠳᠣᠬᠰᠠᠨ ᠪᠠᠶᠢᠨ᠎ᠠ᠃ ᠪᠠᠭ᠎ᠠ | ᠰᠣᠷᠭᠠᠭᠤᠯᠢ ᠶᠢᠨ ᠬᠡᠯᠡ ᠪᠢᠴᠢᠭ ᠤᠨ ᠵᠢᠭᠠᠨ ᠰᠣᠷᠭᠠᠯᠳᠠ ᠳᠤ ᠪᠠᠭᠰᠢ ᠶᠢᠨ ᠵᠢᠯᠣᠭᠤᠳᠣᠯᠭ᠎ᠠ ᠨᠢ ᠰᠣᠷᠣᠬᠴᠢ ᠶᠢᠨ | ᠣᠩᠰᠢᠯᠭ᠎ᠠ ᠶᠢᠨ ᠲᠡᠭᠡᠭᠰᠢᠯᠡᠯᠳᠡ ᠳᠤ ᠴᠢᠬᠤᠯᠠ ᠦᠢᠯᠡᠳᠣᠯ ᠦᠵᠡᠭᠦᠯᠬᠦ ᠨᠢ ᠶᠠᠷᠢᠶᠠᠨ ᠦᠭᠡᠢ᠃ | ᠲᠣᠣᠷ᠎ᠠ ᠣᠨ ᠤ ᠰᠣᠷᠣᠬᠴᠢᠳ ᠶᠠᠷᠢᠬᠤ ᠴᠢᠳᠠᠪᠣᠷᠢ ᠪᠠᠷ ᠪᠠᠷᠣᠬᠳᠠᠢ᠂ ᠰᠣᠷᠬᠤ ᠠᠷᠭ᠎ᠠ ᠶᠢᠨ ᠲᠠᠯ᠎ᠠ ᠳᠤ | ᠲᠣᠷᠰᠢᠯᠭ᠎ᠠ ᠲᠣᠳᠠᠮᠠᠭ᠃ ︽ᠠᠯᠬᠤᠮᠴᠢᠯᠠᠬᠰᠠᠨ ᠵᠢᠭᠠᠨ ᠰᠣᠷᠭᠠᠯᠳᠠ︾ ᠳᠤ ᠣᠩᠰᠢᠯᠭ᠎ᠠ ᠶᠢᠨ ᠴᠢᠳᠠᠪᠣᠷᠢ ᠶᠢ | ᠬᠥᠮᠥᠵᠢᠬᠦᠯᠬᠦ ᠳᠤ ᠪᠡᠶᠡᠴᠢᠯᠡᠨ ᠣᠷᠣᠯᠳᠣᠬᠤ ᠦᠢᠯᠡᠳᠣᠯᠭᠡ ᠪᠠᠷ ᠲᠠᠮᠵᠢᠨ ᠰᠣᠷᠣᠬᠴᠢ ᠳᠤ ᠴᠢᠯᠥᠭᠡᠳᠡᠢ ᠣᠷᠣᠯᠳᠣᠵᠤ | ᠵᠣᠷᠢᠬᠳᠠᠢ ᠰᠠᠳᠬᠢᠬᠦ ᠣᠷᠣᠨ ᠵᠠᠢ ᠣᠯᠭᠤᠬᠤ ᠶᠢ ᠰᠠᠨᠠᠭᠠᠴᠢᠯᠠᠵᠠᠢ᠃ ᠪᠡᠶᠡᠴᠢᠯᠡᠭᠰᠡᠨ ᠦᠢᠯᠡᠳᠣᠯᠭᠡ ᠳᠤ ︽ᠠᠩᠬᠠᠯᠠᠨ | ᠣᠩᠰᠢᠵᠤ ᠠᠵᠢᠬᠯᠠᠯᠲᠠ ᠬᠢᠶ᠎ᠠ︾᠂ ︽ᠠᠬᠢᠯᠲᠠ ᠲᠠᠢ ᠣᠩᠰᠢᠵᠤ ᠠᠰᠠᠭᠤᠳᠠᠯ ᠢ ᠰᠢᠢᠳᠪᠣᠷᠢᠯᠠᠶᠠ︾᠂ ︽ᠠᠮᠳᠠᠷᠬᠠᠨ | ᠣᠩᠰᠢᠵᠤ ᠠᠬᠢᠨᠳᠠ ᠲᠣᠩᠭᠠᠶᠠ︾᠂ ︽ᠠᠪᠢᠶᠠᠰᠯᠢᠭ ᠣᠩᠰᠢᠵᠤ ᠠᠨᠳᠠ ᠪᠠᠨ ᠪᠠᠶᠠᠰᠬᠠᠶ᠎ᠠ︾ ᠭᠡᠬᠦ ᠶᠠᠪᠣᠴᠠ ᠶᠢ | ᠲᠣᠬᠢᠷᠠᠭᠤᠯᠵᠠᠢ᠃ ︽ᠰᠣᠷᠣᠭᠠᠳ ᠰᠠᠳᠬᠢᠬᠦ ᠦᠭᠡᠢ ᠪᠣᠯᠪᠠᠰᠤ ᠲᠠᠯᠠᠭᠠᠷ ᠪᠣᠯᠣᠮᠣᠢ᠂ ᠰᠡᠳᠬᠢᠭᠡᠳ ᠰᠣᠷᠬᠤ ᠦᠭᠡᠢ | ᠪᠣᠯᠪᠠᠰᠤ ᠬᠠᠭᠤᠳᠠᠮ ᠪᠣᠯᠣᠮᠣᠢ︾ ᠭᠡᠳᠡᠭ ᠢᠶᠠᠷ ᠰᠣᠷᠣᠬᠴᠢ ᠬᠡᠷᠪᠡ ᠨᠢᠭᠡ ᠵᠣᠬᠢᠶᠠᠯ ᠢ ᠣᠩᠰᠢᠭᠠᠳ ᠶᠠᠮᠠᠷ ᠴᠤ | ᠣᠯᠣᠯᠳᠠ ᠦᠭᠡᠢ ᠪᠣᠯ ᠠᠩᠬᠠᠷᠣᠯ ᠲᠠᠯᠪᠢᠵᠤ ᠣᠩᠰᠢᠬᠰᠠᠨ ᠦᠭᠡᠢ ᠨᠢ ᠢᠯᠡᠷᠬᠡᠢ ᠮᠡᠳᠡᠭᠳᠡᠵᠦ ᠪᠠᠶᠢᠬᠤ ᠪᠣᠶᠤ ᠦᠬᠦᠮᠡᠯ | ᠣᠩᠰᠢᠯᠭ᠎ᠠ ᠪᠣᠯᠣᠬᠰᠠᠨ ᠨᠢ ᠲᠣᠳᠣᠷᠬᠠᠢ ᠪᠣᠯᠤᠨ᠎ᠠ᠃ ᠡᠶᠢᠮᠦ ᠠᠴᠠ ᠲᠠᠭᠡᠷᠡᠬᠢ ᠤᠡᠭᠰᠢᠯᠭ᠎ᠠ ᠶᠢᠨ ᠲᠦᠷᠪᠡᠨ ᠠᠯᠬᠤᠮ | ᠪᠤᠯ ᠡᠩ ᠤᠨ ᠭᠤᠬᠴᠣᠭᠠᠨ ᠤ ᠬᠥᠳᠣᠯᠦᠮᠵᠢ ᠪᠢᠰᠢ᠂ ᠨᠡᠩ ᠴᠤ ᠠᠷᠭ᠎ᠠ ᠪᠠᠨ ᠶᠠᠳᠠᠬᠰᠠᠨ ᠠᠯᠬᠤᠮ ᠪᠢᠰᠢ᠃ ᠡᠨᠡ ᠨᠢ | ᠪᠣᠰᠣᠳ ᠤᠨ ︽ᠰᠡᠳᠬᠢᠵᠤ ᠣᠩᠰᠢᠶ᠎ᠠ᠂ ᠮᠡᠳᠡᠷᠡᠵᠤ ᠣᠩᠰᠢᠶ᠎ᠠ︾ ᠭᠡᠬᠦ ᠮᠡᠳᠥ ᠶᠢᠨ ᠵᠠᠯᠭᠠᠰᠤ ᠲᠠᠢ ᠠᠳᠠᠯᠢ ᠦᠭᠡᠢ᠂ | ᠰᠣᠷᠣᠬᠴᠢ ᠪᠡᠶᠡᠴᠢᠯᠡᠨ ᠬᠥᠢᠴᠡᠳᠭᠡᠬᠦ᠂ ᠬᠡᠪ ᠪᠣᠯᠪᠠᠰᠣᠷᠠᠯ ᠤᠨ ᠡᠯᠧᠮᠧᠨ᠋ᠲ ᠲᠠᠢ ᠬᠤᠯᠪᠣᠵᠤ ᠬᠥᠢᠴᠡᠳᠭᠡᠵᠥ ᠪᠠᠶᠢᠭ᠎ᠠ | ᠠᠶᠠᠨᠳᠠᠭᠠᠨ ᠤ ᠰᠢᠯᠵᠢᠯᠲᠡ ᠮᠥᠨ᠃ | ︵ᠨᠢᠭᠡ︶ ᠠᠩᠬᠠᠯᠠᠨ ᠣᠩᠰᠢᠵᠤ ᠠᠵᠢᠬᠯᠠᠯᠳᠠ ᠬᠢᠶ᠎ᠠ | ᠡᠨᠡ ᠨᠢ ᠰᠣᠷᠣᠬᠴᠢ ᠶᠢᠨ ᠠᠩᠬ᠎ᠠ ᠣᠳᠠᠭᠠᠨ ᠤ ᠣᠩᠰᠢᠯᠭ᠎ᠠ ᠪᠢᠰᠢ᠂ ᠬᠠᠷᠢᠨ ᠲᠣᠰ ᠬᠢᠴᠢᠶᠡᠯ ᠤᠨ | ᠰᠣᠷᠣᠬᠴᠢ ᠶᠢᠨ ᠬᠥᠢᠴᠡᠳᠭᠡᠬᠦ ᠬᠠᠮᠤᠭ ᠤᠨ ᠲᠡᠷᠢᠬᠦᠨ ᠤ ᠶᠠᠪᠣᠴᠠ ᠪᠣᠯᠬᠤ ᠶᠤᠮ᠃ ᠡᠨᠡ ᠬᠦ ᠶᠠᠪᠣᠴᠠ ᠳᠤ ᠰᠣᠷᠣᠬᠴᠢ | ᠴᠢᠯᠥᠭᠡᠳᠤ ᠣᠩᠰᠢᠯᠭ᠎ᠠ ᠶᠢᠨ ᠬᠡᠯᠪᠡᠷᠢ ᠪᠠᠷ ᠵᠣᠬᠢᠶᠠᠯ ᠤᠨ ᠲᠣᠬᠠᠢ ᠠᠪᠰᠠᠷᠬᠠᠨ ᠣᠢᠢᠯᠠᠭᠠᠯᠲᠠ ᠲᠠᠢ ᠪᠣᠯᠣᠨ᠎ᠠ᠂ ᠲᠠᠷᠣᠢ | ᠶᠠᠮᠠᠷ ᠲᠦᠷᠦᠯ ᠤᠨ ᠵᠣᠬᠢᠶᠠᠯ ᠪᠣᠯᠬᠤ᠂ ᠣᠷᠳᠤ ᠣᠬᠤᠷ ᠤᠨ ᠬᠡᠮᠵᠢᠶ᠎ᠠ ᠶᠠᠮᠠᠷᠬᠠᠨ ᠪᠠᠶᠢᠬᠤ᠂ ᠵᠣᠬᠢᠶᠠᠬᠴᠢ ᠨᠢ ᠬᠡᠨ | ᠪᠣᠯᠬᠤ᠂ ᠶᠠᠮᠠᠷ ᠬᠡᠷᠡᠭ ᠣᠴᠢᠷ ᠪᠣᠯᠬᠤ ︵ᠶᠠᠭᠤ ᠶᠢ ᠲᠦᠷᠰᠦᠯᠡᠵᠤ ᠪᠠᠶᠢᠬᠤ︶ ᠶᠢᠨ ᠲᠣᠬᠠᠢ ᠪᠣᠷᠤ ᠲᠥᠯᠥᠪ | ᠣᠢᠢᠯᠠᠭᠠᠯᠲᠠ ᠲᠠᠢ ᠪᠣᠯᠬᠤ ᠣᠩᠰᠢᠯᠭ᠎ᠠ ᠪᠣᠯᠣᠨ᠎ᠠ᠃ ᠡᠨᠡ ᠪᠣᠯ ᠰᠣᠷᠣᠬᠴᠢ ᠶᠢ ᠠᠯᠭᠤᠷ ᠠᠭᠠᠵᠢᠮ ᠢᠶᠠᠷ | ᠣᠩᠰᠢᠯᠭ᠎ᠠ ᠳᠤ ᠬᠥᠳᠣᠯᠬᠦ ᠠᠷᠭ᠎ᠠ ᠪᠣᠯᠣᠨ᠎ᠠ᠃ ᠣᠩᠰᠢᠬᠤ ᠬᠡᠯᠪᠡᠷᠢ ᠶᠢᠨ ᠲᠠᠯ᠎ᠠ ᠳᠤ ᠲᠠᠭᠤ ᠲᠠᠢ ᠣᠩᠰᠢᠬᠤ᠂ | ᠨᠢᠳᠣᠯᠡᠨ ᠣᠩᠰᠢᠬᠤ ᠪᠥᠷ ᠪᠠᠶᠢᠵᠤ ᠪᠣᠯᠣᠨ᠎ᠠ᠃ ᠬᠢᠴᠢᠶᠡᠯᠯᠡᠭᠴᠢ ᠪᠠᠭᠰᠢ ᠰᠣᠷᠣᠬᠴᠢ ᠶᠢᠨ ᠣᠩᠰᠢᠯᠭ᠎ᠠ ᠶᠢᠨ | ᠪᠠᠶᠢᠳᠠᠯ ᠢ ᠪᠠᠶᠢᠴᠠᠭᠠᠬᠤ ᠶᠢᠨ ᠬᠠᠮᠳᠤ ᠣᠩᠰᠢᠯᠭ᠎ᠠ ᠳᠤ ᠪᠠᠨ ᠬᠥᠴᠢᠷᠳᠡᠵᠤ ᠪᠠᠢᠭ᠎ᠠ ᠰᠣᠷᠣᠬᠴᠢ ᠶᠢ ᠠᠵᠢᠬᠯᠠᠬᠤ ᠶᠢ | ᠠᠩᠬᠠᠷᠣᠨ᠎ᠠ᠃ ᠣᠩᠰᠢᠯᠭ᠎ᠠ ᠳᠤ ᠪᠠᠨ ᠨᠡᠯᠢᠶᠠᠳ ᠰᠠᠶᠢᠨ ᠰᠣᠷᠣᠬᠴᠢ ᠬᠡᠳᠤ ᠤᠳᠠᠭ᠎ᠠ ᠣᠩᠰᠢᠬᠰᠠᠨ ᠪᠠᠶᠢᠵᠤ ᠮᠡᠳᠡᠨ᠎ᠠ᠂ | ᠡᠭᠦᠨ ᠳᠤ ᠬᠠᠰᠢ ᠶᠠᠰᠢ ᠣᠩᠰᠢᠬᠤ ᠮᠠᠭᠤ ᠲᠠᠳᠬᠠᠯ ᠲᠠᠢ ᠪᠣᠯᠬᠤ ᠠᠴᠠ ᠵᠠᠶᠢᠯᠠᠰᠬᠢᠨ᠎ᠡ᠃ ᠤᠩᠰᠢᠬᠤ ᠪᠦᠷᠢ | ᠣᠯᠤᠯᠲᠠ ᠲᠠᠢ᠂ ᠤᠩᠰᠢᠭᠰᠠᠨ ᠤ ᠳᠠᠷᠠᠭ᠎ᠠ ᠰᠡᠩᠬᠡᠷᠡᠯ ᠲᠠᠢ ᠪᠠᠶᠢᠪᠠᠯ ᠦᠷ᠎ᠡ ᠠᠰᠢᠭ ᠲᠠᠢ ᠤᠩᠰᠢᠵᠤ ᠴᠢᠳᠠᠭᠰᠠᠨ ᠳᠤ | ᠲᠣᠭᠠᠴᠢᠭᠳᠠᠨ᠎ᠠ᠃ | ︵ᠬᠤᠶᠠᠷ︶ ᠠᠬᠢᠯᠲᠠ ᠲᠠᠢ ᠣᠩᠰᠢᠵᠤ ᠠᠰᠠᠭᠤᠳᠠᠯ ᠢ ᠰᠢᠢᠳᠪᠣᠷᠢᠯᠡᠶᠠ | ᠲᠣᠰ ᠠᠯᠬᠤᠮ ᠤᠨ ᠣᠩᠰᠢᠯᠭ᠎ᠠ ᠪᠠᠷ ᠲᠠᠮᠵᠢᠵᠤ ᠰᠢᠨ᠎ᠠ ᠰᠣᠷᠬᠤ ᠦᠭᠡᠰ ᠢ ᠡᠵᠡᠮᠰᠢᠨ᠂ ᠣᠢᠢᠯᠠᠭᠠᠬᠤ ᠳᠤ | ᠬᠥᠴᠢᠷᠳᠡᠵᠤ ᠮᠡᠳᠡᠬᠦ ᠦᠭᠡ ᠦᠬᠦᠯᠡᠪᠣᠷᠢ ᠶᠢ ᠠᠩᠬᠠᠷᠴᠤ᠂ ᠪᠠᠷᠢᠮᠵᠢᠶ᠎ᠠ ᠣᠩᠰᠢᠯᠭ᠎ᠠ ᠪᠠᠷ ᠣᠩᠰᠢᠵᠤ ᠰᠣᠷᠣᠨ᠂ | ᠠᠰᠠᠭᠤᠳᠠᠯ ᠢ ᠰᠢᠢᠳᠪᠣᠷᠢᠯᠠᠨ᠎ᠠ᠃ ᠡᠬᠦᠨ ᠳᠤ ᠬᠠᠮᠵᠢᠨ ᠰᠣᠷᠬᠤ᠂ ᠪᠣᠰᠣᠳ ᠠᠴᠠ ᠰᠣᠷᠬᠤ᠂ ᠪᠠᠭᠰᠢ ᠶᠢᠨ | ᠵᠢᠯᠣᠭᠤᠳᠣᠯᠭ᠎ᠠ ᠪᠠᠷ ᠣᠩᠰᠢᠯᠭ᠎ᠠ ᠳᠤ ᠣᠷᠣᠯᠴᠠᠨ᠎ᠠ᠃ ᠡᠨᠡ ᠶᠠᠪᠣᠴᠠ ᠳᠤ ᠠᠳᠠᠯᠢ ᠪᠣᠰᠤ ᠶᠢᠨ ᠰᠣᠷᠣᠬᠴᠢ ᠳᠤ | ᠲᠣᠬᠢᠶᠠᠯ ᠣᠯᠭᠤᠬᠤ᠂ ᠬᠠᠮᠳᠤ ᠶᠢᠨ ᠣᠷᠣᠯᠴᠠᠭ᠎ᠠ ᠶᠢ ᠠᠩᠬᠠᠷᠪᠠᠯ ᠵᠣᠬᠢᠨ᠎ᠠ᠃ ᠰᠣᠷᠬᠤ ᠬᠢᠴᠢᠶᠡᠯ ᠢᠶᠠᠨ ᠰᠠᠶᠢᠳᠣᠷ | ᠣᠩᠰᠢᠵᠤ ᠣᠷᠣᠯᠳᠣᠬᠤ ᠶᠠᠪᠣᠴᠠ ᠮᠥᠷᠳᠡᠭᠡᠨ ᠬᠥᠨᠳᠤ ᠦᠭᠡᠰ ᠢ ᠠᠮᠢᠳᠣᠯᠢᠭ ᠢᠶᠠᠷ ᠡᠵᠡᠮᠰᠢᠬᠦᠯᠬᠦ ᠪᠣᠯ | ᠰᠤᠷᠤᠭᠴᠢᠳ ᠤᠨ ᠲᠦᠷᠤᠯᠬᠢ ᠬᠡᠯᠡ ᠪᠠᠨ ᠣᠷᠮ᠎ᠠ ᠲᠠᠢ ᠰᠣᠷᠬᠤ ᠵᠠᠩᠭᠢᠯᠠᠭ᠎ᠠ ᠶᠢᠨ ᠭᠤᠭᠴᠤᠭ᠎ᠠ | ᠪᠣᠯᠣᠨ᠎ᠠ᠃ ᠣᠩᠰᠢᠯᠭ᠎ᠠ ᠶᠢᠨ ᠵᠢᠯᠣᠭᠤᠳᠣᠯᠭ᠎ᠠ ᠬᠢᠬᠦ ᠳᠤ᠄ ︵1︶ ᠭᠤᠷᠪᠠᠨ ᠲᠠᠭᠤᠷᠢᠶᠠᠯ ᠣᠩᠰᠢᠯᠭ᠎ᠠ ᠪᠠᠷ | ᠬᠥᠳᠣᠯᠤᠨᠠ᠃ ᠪᠠᠭᠰᠢ ᠶᠢᠨ ᠣᠩᠰᠢᠯᠭ᠎ᠠ᠂ ᠨᠡᠷᠡᠳᠤ ᠬᠥᠳᠣᠯᠦᠭᠴᠢ ᠶᠢᠨ ᠣᠩᠰᠢᠯᠭ᠎ᠠ᠂ ᠬᠠᠮᠳᠤ ᠰᠣᠷᠣᠬᠴᠢ ᠶᠢᠨ | ᠣᠩᠰᠢᠯᠭ᠎ᠠ ᠶᠢ ᠠᠰᠢᠬᠯᠠᠬᠤ᠃ ︵2︶ ᠭᠤᠷᠪᠠᠨ ᠰᠦᠪᠡᠭᠴᠢ ᠪᠠᠷ ᠣᠩᠰᠢᠯᠭ᠎ᠠ ᠳᠤ ᠬᠥᠳᠣᠯᠤᠨᠠ᠃ ᠭᠤᠣᠯᠳᠠᠯᠭ᠎ᠠ ᠲᠠᠢ | ᠦᠭᠡ ᠦᠬᠦᠯᠡᠪᠣᠷᠢ ᠳᠤ ᠵᠣᠬᠢᠴᠠᠭᠤᠯᠵᠤ ᠣᠩᠰᠢᠬᠤ᠂ ᠠᠰᠠᠭᠤᠯᠳᠠ ᠳᠤ ᠵᠣᠬᠢᠴᠠᠭᠤᠯᠵᠤ ᠣᠩᠰᠢᠬᠤ᠂ ᠬᠥᠭᠵᠢᠮ ᠳᠤ | ᠵᠣᠬᠢᠴᠠᠭᠤᠯᠵᠤ ᠣᠩᠰᠢᠬᠤ᠃ ︵3︶ ᠣᠯᠠᠨ ᠠᠷᠭ᠎ᠠ ᠪᠠᠷ ᠣᠯᠠᠨ ᠶᠠᠩᠵᠤ ᠶᠢᠨ ᠣᠩᠰᠢᠯᠭ᠎ᠠ ᠶᠢ | ᠬᠥᠢᠴᠡᠳᠭᠡᠨ᠎ᠠ᠃ ᠨᠢᠳᠤᠯᠠᠨ ᠣᠩᠰᠢᠬᠤ᠂ ᠲᠦᠢᠮᠤᠴᠢᠯᠡᠨ ᠣᠩᠰᠢᠬᠤ᠂ ᠬᠠᠶᠢᠨ ᠣᠩᠰᠢᠬᠤ᠂ ᠰᠡᠳᠬᠢᠯᠭᠡ ᠲᠠᠢ ᠣᠩᠰᠢᠬᠤ | ᠪᠠ ᠭᠠᠭᠴᠠ ᠬᠥᠮᠣᠨ ᠤ ᠣᠩᠰᠢᠯᠭ᠎ᠠ᠂ ᠬᠠᠮᠳᠤ ᠶᠢᠨ ᠣᠩᠰᠢᠯᠭ᠎ᠠ᠂ ᠨᠠᠶᠢᠵᠠ ᠡᠷᠢᠵᠤ ᠣᠩᠰᠢᠬᠤ᠂ ᠲᠣᠬᠯᠠᠭᠠᠮᠳᠤ | ᠣᠩᠰᠢᠯᠭ᠎ᠠ ᠵᠡᠷᠭᠡ ᠬᠡᠯᠪᠡᠷᠢ ᠶᠢᠨ ᠤᠩᠰᠢᠯᠭ᠎ᠠ ᠶᠢ ᠠᠰᠢᠭᠯᠠᠪᠠᠯ ᠵᠦᠭᠡᠷ᠃ | ︵ᠭᠤᠷᠪᠠ︶ ᠠᠮᠳᠠᠷᠬᠠᠨ ᠣᠩᠰᠢᠵᠤ ᠠᠬᠢᠨᠳᠠ ᠲᠣᠩᠭᠠᠶᠠ | ᠨᠢᠭᠡ ᠵᠣᠬᠢᠶᠠᠯ ᠢ ᠣᠩᠰᠢᠬᠤ ᠳᠤ ᠬᠠᠮᠤᠭ ᠤᠨ ᠨᠠᠭᠠᠳᠤ ᠵᠠᠬ᠎ᠠ ᠳᠤ ᠪᠠᠨ ᠶᠠᠮᠠᠷ ᠰᠢᠤᠬᠠᠨ ᠤᠯᠤᠯᠳᠠ ᠤᠯᠪᠠᠯ | ᠵᠣᠬᠢᠬᠤ ᠪᠣᠢ︖ 1. ᠰᠣᠷᠠᠭ ᠴᠢᠮᠡᠭᠡ ᠣᠯᠵᠤ᠂ ᠮᠡᠳᠡᠯᠭᠡ ᠶᠢᠨ ᠦᠷᠭᠡᠳᠭᠡᠯ ᠬᠢᠨ᠎ᠠ︔ 2. ᠦᠭᠡᠰ ᠤᠨ | ᠬᠤᠷᠠᠮᠳᠣᠭᠤᠯᠣᠯ ᠬᠢᠵᠤ᠂ ᠭᠤᠸ᠎ᠠ ᠰᠠᠶᠢᠬᠠᠨ ᠤ ᠬᠥᠷᠳᠡᠭᠡᠯ ᠣᠯᠬᠤ︔ 3. ᠠᠮᠢᠳᠣᠷᠠᠯ ᠤᠨ ᠲᠣᠬᠠᠢ ᠰᠢᠷᠭᠠᠭᠠᠨ | ᠲᠤᠩᠭᠠᠵᠤ᠂ ᠦᠵᠡᠯᠲᠡ ᠲᠠᠨᠢᠯᠲᠠ ᠪᠠᠨ ᠲᠡᠭᠡᠭᠰᠢᠯᠡᠬᠦᠯᠬᠦ︔ 4. ᠵᠣᠬᠢᠶᠠᠨ ᠪᠢᠴᠢᠬᠦ ᠠᠷᠭ᠎ᠠ ᠠᠪᠴᠠᠯ ᠢ ᠰᠣᠷᠴᠤ᠂ | ᠲᠣᠷᠰᠢᠯᠭ᠎ᠠ ᠬᠤᠷᠠᠮᠳᠣᠭᠤᠯᠬᠤ︔ 5. ᠦᠪᠡᠷ ᠤᠨ ᠬᠡᠷᠡᠭᠴᠡᠭᠡ ᠳᠤ ᠪᠠᠨ ᠲᠣᠬᠢᠷᠠᠭᠤᠯᠵᠤ᠂ ᠰᠤᠩᠭᠤᠯᠲᠠ ᠲᠠᠢ ᠪᠠᠷ | ᠣᠩᠰᠢᠬᠤ︔ 6. ᠰᠠᠶᠢᠨ ᠰᠠᠶᠢᠬᠠᠨ ᠢ ᠲᠠᠭᠠᠰᠢᠶᠠᠵᠤ᠂ ᠮᠠᠭᠤ ᠮᠠᠭᠤᠬᠠᠢ ᠶᠢ ᠵᠢᠭᠰᠢᠬᠦ ᠦᠵᠡᠯ ᠰᠡᠳᠭᠢᠯᠭᠡ ᠶᠢ ᠪᠣᠢ | ᠪᠣᠯᠭᠠᠨ᠎ᠠ᠃ ᠡᠭᠦᠨ ᠳᠤ ᠲᠣᠣᠷ᠎ᠠ᠂ ᠲᠤᠮᠲᠠ ᠣᠨ ᠤ ᠱᠠᠳᠤᠨ ᠳᠤ ᠰᠣᠷᠬᠤ ᠪᠢᠴᠢᠭ ᠤᠨ ᠵᠣᠬᠢᠶᠠᠯ ᠢ ᠣᠩᠰᠢᠬᠤ ᠪᠠᠷ | ᠲᠠᠮᠵᠢᠭᠤᠯᠣᠨ ᠰᠣᠷᠣᠬᠴᠢ ᠶᠢᠨ ᠨᠢᠳᠣᠯᠠᠨ ᠣᠩᠰᠢᠬᠤ ᠴᠢᠳᠠᠪᠣᠷᠢ ᠶᠢ ᠢᠳᠡᠭ ᠢᠳᠡᠭ ᠢᠶᠠᠷ ᠬᠥᠮᠣᠵᠢᠬᠦᠯᠵᠤ᠂ ᠲᠡᠭᠡᠳᠤ | ᠣᠨ ᠤ ᠱᠠᠳᠤᠨ ᠳᠤ ᠤᠯᠠᠨ ᠨᠣᠮ ᠪᠢᠴᠢᠭ ᠢ ᠣᠩᠰᠢᠭᠤᠯᠵᠤ ᠰᠣᠷᠣᠬᠴᠢ ᠶᠢᠨ ᠣᠩᠰᠢᠯᠭ᠎ᠠ ᠶᠢ ᠠᠯᠬᠤᠮ | ᠠᠯᠬᠤᠮ ᠢᠶᠠᠷ ᠲᠡᠭᠡᠭᠰᠢᠯᠡᠬᠦᠯᠣᠨᠠ᠃ ᠡᠨᠡ ᠬᠦ ᠶᠠᠪᠣᠴᠠ ᠳᠤ ᠣᠩᠰᠢᠬᠤ ᠶᠢᠨ ᠲᠠᠭᠠᠤ ᠰᠡᠳᠬᠢᠬᠦ᠂ ᠰᠡᠳᠬᠢᠬᠦ ᠶᠢᠨ | ᠲᠠᠭᠠᠤ ᠬᠤᠷᠢᠶᠠᠩᠭᠤᠢᠢᠯᠠᠬᠤ ᠪᠣᠯᠪᠠᠰᠣᠷᠠᠯ ᠢ ᠬᠥᠢᠴᠡᠳᠭᠡᠪᠡᠯ ᠨᠡᠩ ᠰᠠᠶᠢᠨ᠃ | ︵ᠲᠥᠷᠪᠡ︶ ᠠᠪᠢᠶᠠᠰᠯᠢᠭ ᠣᠩᠰᠢᠵᠤ ᠠᠨᠳᠠ ᠪᠠᠨ ᠪᠠᠶᠠᠰᠬᠠᠶ᠎ᠠ | ᠰᠣᠷᠣᠬᠴᠢ ᠬᠡᠷᠪᠡ ᠦᠪᠡᠷ ᠢ ᠪᠠᠨ ᠢᠯᠡᠷᠡᠬᠦᠯᠬᠦ ᠲᠣᠬᠢᠶᠠᠯ ᠦᠭᠡᠢ ᠪᠣᠯ ᠦᠪᠡᠷ ᠤᠨ ᠰᠢᠯᠢᠳᠡᠭ ᠲᠠᠯ᠎ᠠ ᠪᠠᠨ | ᠪᠠᠳᠠᠷᠠᠭᠤᠯᠬᠤ ᠲᠠᠪᠴᠠᠩ ᠲᠣᠳᠠᠬᠳᠠᠨᠠ᠂ ᠨᠡᠩ ᠴᠤ ᠦᠪᠡᠷ ᠤᠨ ᠲᠣᠳᠠᠬᠳᠠᠯ ᠢᠶᠠᠨ ᠰᠡᠷᠡᠨ ᠮᠡᠳᠡᠷᠡᠬᠦ ᠲᠠᠳᠬᠠᠯ ᠢ | ᠪᠣᠢ ᠪᠣᠯᠭᠠᠵᠤ ᠴᠢᠳᠠᠬᠤ ᠦᠭᠡᠢ᠃ ᠦᠪᠡᠷ ᠤᠨ ᠤᠷ᠎ᠠ ᠠᠪᠢᠶᠠᠰ ᠢᠶᠠᠨ ᠦᠷᠭᠦᠯᠵᠢ ᠪᠣᠰᠣᠳ ᠲᠤ ᠰᠣᠨᠢᠷᠬᠠᠭᠤᠯᠬᠤ | ᠪᠥᠭᠡᠳ ᠲᠣᠳᠠᠬᠳᠠᠯ ᠢ ᠨᠢ ᠬᠠᠮᠳᠤ ᠨᠦᠬᠦᠳ ᠨᠢ ᠪᠣᠶᠤ ᠪᠠᠭᠰᠢ ᠨᠢ ᠴᠠᠭ ᠦᠷᠬᠦᠯᠵᠢ ᠬᠡᠯᠡᠵᠤ ᠰᠠᠨᠠᠭᠤᠯᠪᠠᠯ | ᠲᠣᠲᠠᠬᠳᠠᠯ ᠢᠶᠠᠨ ᠬᠠᠯᠠᠵᠤ ᠲᠡᠭᠡᠭᠰᠢᠯᠡᠯᠳᠡ ᠲᠦᠷᠭᠡᠨ ᠪᠣᠯᠤᠨ᠎ᠠ᠃ | ︽ᠠᠯᠬᠤᠮᠴᠢᠯᠠᠬᠰᠠᠨ ᠵᠢᠭᠠᠨ ᠰᠣᠷᠭᠠᠯᠳᠠ︾ ᠪᠤᠯ ᠬᠠᠷᠢᠯᠴᠠᠨ ᠬᠠᠮᠵᠢᠯᠴᠠᠨ᠂ ᠣᠩᠰᠢᠯᠭ᠎ᠠ ᠶᠢᠨ ᠤᠷ᠎ᠠ | ᠴᠢᠳᠠᠪᠣᠷᠢ ᠪᠠᠨ ᠲᠡᠭᠡᠭᠰᠢᠯᠡᠬᠦᠯᠬᠦ ᠪᠠᠷ ᠵᠣᠷᠢᠯᠭ᠎ᠠ ᠪᠠᠨ ᠪᠣᠯᠭᠠᠬᠰᠠᠨ ᠶᠤᠮ᠃ ᠲᠦᠷᠰᠦᠯᠢᠭ ᠣᠩᠰᠢᠬᠤ᠂ | ᠰᠠᠳᠬᠢᠯᠭᠡ ᠲᠠᠢ ᠣᠩᠰᠢᠬᠤ ᠪᠣᠯ ᠵᠣᠬᠢᠶᠠᠯ ᠤᠨ ᠠᠭᠤᠯᠭ᠎ᠠ ᠤᠳᠬ᠎ᠠ ᠶᠢ ᠬᠥᠨᠵᠡᠭᠡᠢ ᠣᠢᠢᠯᠠᠭᠠᠬᠤ ᠳᠤ ᠴᠢᠬᠤᠯᠠ | ᠦᠢᠯᠡᠳᠣᠯ ᠦᠵᠡᠬᠦᠯᠳᠡᠭ ᠪᠥᠭᠡᠳ ᠣᠩᠰᠢᠯᠭ᠎ᠠ ᠳᠤ ᠪᠠᠨ ᠴᠠᠭᠠᠷᠠᠬᠤ ᠳᠤ ᠠᠰᠢᠬᠳᠠᠢ᠃ | ᠭᠤᠷᠪᠠ᠂ ᠣᠩᠰᠢᠯᠭ᠎ᠠ ᠶᠢ ᠵᠢᠭᠠᠨ ᠵᠢᠯᠣᠭᠤᠳᠬᠤ ᠳᠤ ᠶᠠᠭᠤ ᠶᠢ ᠠᠩᠬᠠᠷᠬᠤ ᠪᠤᠢ︖ | ︵ᠨᠢᠭᠡ︶ ᠴᠢᠯᠥᠭᠡᠳᠡᠢ ᠣᠩᠰᠢᠯᠭ᠎ᠠ ᠶᠢ ᠴᠢᠬᠤᠯᠠᠴᠢᠯᠠᠬᠤ ᠬᠡᠷᠡᠭᠳᠡᠢ᠃ ᠬᠢᠴᠢᠶᠡᠯᠯᠡᠭᠡ ᠳᠤ ᠰᠣᠷᠣᠬᠴᠢ ᠶᠢᠨ | ᠴᠢᠯᠥᠭᠡᠳᠡᠢ ᠪᠠᠷ ᠣᠩᠰᠢᠬᠤ ᠶᠡᠭᠡ ᠴᠢᠬᠤᠯᠠ ᠪᠠᠶᠢᠳᠠᠭ᠃ ᠴᠢᠯᠥᠭᠡᠳᠡᠢ ᠭᠡᠳᠡᠭ ᠨᠢ ᠰᠣᠷᠣᠬᠴᠢᠳ ᠲᠤ ᠣᠩᠰᠢᠬᠤ | ᠱᠠᠭᠠᠷᠳᠠᠯᠭ᠎ᠠ ᠲᠣᠰᠢᠶᠠᠬᠤ ᠳᠤ ᠪᠠᠨ ᠣᠩᠰᠢᠬᠤ ᠬᠡᠯᠪᠡᠷᠢ ᠶᠢᠨ ᠲᠠᠯ᠎ᠠ ᠳᠤ ᠦᠪᠡᠷ ᠤᠨ ᠠᠷᠭ᠎ᠠ ᠪᠠᠷ ᠣᠩᠰᠢᠬᠤ ᠶᠢ | ᠵᠣᠷᠢᠬᠵᠢᠭᠤᠯᠣᠨ᠎ᠠ᠂ ᠵᠢᠱᠢᠶᠡᠯᠡᠪᠡᠯ᠂ ︽ᠠᠩᠬᠠᠯᠠᠨ ᠣᠩᠰᠢᠵᠤ ᠠᠵᠢᠬᠯᠠᠯᠲᠠ ᠬᠢᠶ᠎ᠠ︾ ᠭᠡᠬᠦ ᠶᠠᠪᠣᠴᠠ ᠳᠤ ᠰᠣᠷᠣᠬᠴᠢ | ᠲᠠᠭᠤ ᠲᠠᠢ ᠣᠩᠰᠢᠬᠤ᠂ ᠨᠢᠳᠣᠯᠠᠨ ᠣᠩᠰᠢᠬᠤ᠂ ᠬᠠᠮᠳᠤ ᠪᠠᠷ ᠣᠩᠰᠢᠬᠤ ᠵᠡᠷᠭᠡ ᠠᠮᠢᠳᠤᠯᠢᠬ ᠭᠡᠯᠪᠠᠷᠢ ᠶᠢ ᠠᠪᠴᠤ | ᠪᠣᠯᠣᠨ᠎ᠠ᠃ ᠡᠨᠡ ᠨᠢ ᠰᠣᠷᠣᠬᠴᠢ ᠶᠢᠨ ᠣᠷᠮ᠎ᠠ ᠪᠠᠬ᠎ᠠ ᠲᠠᠢ ᠰᠣᠷᠣᠯᠴᠠᠬᠤ ᠳᠤ ᠠᠰᠢᠬᠳᠠᠢ᠃ | ︵ᠬᠤᠶᠠᠷ︶ ᠰᠣᠷᠣᠬᠴᠢ ᠶᠢᠨ ᠪᠣᠳᠠᠳᠠᠢ ᠪᠠᠶᠢᠳᠠᠯ ᠠᠴᠠ ᠡᠬᠦᠰᠴᠤ ᠵᠢᠯᠣᠭᠤᠳᠣᠯᠭ᠎ᠠ ᠬᠢᠪᠡᠯ | ᠵᠣᠬᠢᠨ᠎ᠠ᠃ ᠰᠣᠷᠣᠬᠴᠢ ᠶᠢᠨ ᠣᠩᠰᠢᠯᠭ᠎ᠠ ᠶᠢᠨ ᠬᠢᠷᠢ ᠬᠡᠮᠵᠢᠶ᠎ᠠ᠂ ᠣᠩᠰᠢᠬᠤ ᠢᠳᠡᠪᠭᠢᠵᠢᠯ ᠵᠡᠷᠭᠡ ᠲᠠᠯ᠎ᠠ ᠳᠤ ᠴᠦᠮ | ᠠᠳᠠᠯᠢ ᠪᠤᠰᠤ ᠪᠠᠶᠢᠳᠠᠭ ᠲᠤᠯᠠ ᠠᠳᠠᠯᠢ ᠪᠤᠰᠤ ᠰᠤᠷᠤᠭᠴᠢ ᠳᠤ ᠠᠳᠠᠯᠢ ᠪᠤᠰᠤ ᠱᠠᠭᠠᠷᠳᠠᠯᠭ᠎ᠠ ᠲᠠᠯᠪᠢᠵᠤ᠂ ᠠᠳᠠᠯᠢ | ᠪᠤᠰᠤ ᠶᠢᠨ ᠠᠷᠭ᠎ᠠ ᠪᠠᠷ ᠣᠩᠰᠢᠭᠤᠯᠵᠤ ᠪᠣᠯᠣᠨ᠎ᠠ᠃ ᠣᠩᠰᠢᠯᠭ᠎ᠠ ᠳᠤ ᠪᠠᠨ ᠬᠥᠴᠢᠷᠳᠡᠵᠤ ᠪᠠᠶᠢᠭ᠎ᠠ ᠰᠣᠷᠣᠬᠴᠢ ᠶᠢ | ᠲᠤᠰᠬᠠᠢᠢᠯᠠᠨ ᠵᠢᠯᠣᠭᠤᠳᠴᠤ᠂ ᠦᠷᠭᠦᠯᠵᠢ ᠵᠣᠷᠢᠬᠵᠢᠭᠤᠯᠪᠠᠯ ᠵᠣᠬᠢᠨ᠎ᠠ᠃ | ︵ᠭᠤᠷᠪᠠ︶ ᠬᠢᠴᠢᠶᠡᠯ ᠤᠨ ᠪᠠᠷᠢᠮᠵᠢᠶ᠎ᠠ ᠳᠤ ᠰᠠᠭᠤᠷᠢᠯᠠᠵᠤ᠂ ᠭᠤᠷᠪᠠᠨ ᠱᠠᠳᠣᠨ ᠤ ᠣᠩᠰᠢᠯᠭ᠎ᠠ ᠶᠢ ᠵᠦᠢ | ᠵᠣᠬᠢᠰᠳᠡᠢ ᠪᠠᠶᠢᠷᠢᠯᠠᠭᠤᠯᠤᠨ᠎ᠠ᠂ ᠲᠣᠣᠷ᠎ᠠ ᠣᠨ ᠪᠠ ᠲᠤᠮᠲᠠ ᠣᠨ ᠤ ᠱᠠᠳᠤᠨ ᠳᠤ ᠵᠥᠪ᠂ ᠣᠷᠣᠰᠣᠮ᠎ᠠ᠂ | ᠪᠣᠯᠪᠠᠰᠣᠷᠠᠩᠭᠤᠢ ᠣᠩᠰᠢᠭᠤᠯᠵᠤ᠂ ᠴᠡᠭᠡᠵᠢ ᠪᠠᠷ ᠣᠩᠰᠢᠬᠤ ᠶᠢ ᠴᠢᠩᠭᠠᠳᠬᠠᠨ᠎ᠠ᠂ ᠲᠡᠭᠡᠳᠤ ᠣᠨ ᠤ ᠱᠠᠳᠣᠨ ᠳᠤ | ᠣᠩᠰᠢᠯᠭ᠎ᠠ ᠶᠢᠨ ᠴᠢᠳᠠᠪᠣᠷᠢ ᠶᠢ ᠤᠯᠠᠮ ᠨᠢᠭᠡ ᠲᠡᠭᠲᠡᠷ ᠲᠤ ᠬᠥᠷᠭᠡᠨ᠎ᠠ᠃ | ᠬᠡᠯᠡ ᠪᠢᠴᠢᠭ ᠤᠨ ᠬᠡᠪ ᠪᠣᠯᠪᠠᠰᠣᠷᠠᠯ ᠢ ᠲᠡᠭᠡᠭᠰᠢᠯᠡᠬᠦᠯᠬᠦ ᠳᠤ ᠣᠩᠰᠢᠯᠭ᠎ᠠ ᠠᠴᠠ ᠰᠠᠯᠵᠤ ᠴᠢᠳᠠᠬᠤ ᠦᠭᠡᠢ᠂ | ᠡᠶᠢᠮᠤ ᠠᠴᠠ ᠠᠯᠬᠤᠮᠴᠢᠯᠠᠭᠰᠠᠨ ᠵᠢᠭᠠᠨ ᠰᠣᠷᠭᠠᠯᠳᠠ ᠳᠤ ᠣᠩᠰᠢᠯᠭ᠎ᠠ ᠶᠢ ᠠᠮᠢᠳᠣᠯᠢᠭ᠂ ᠰᠢᠨᠵᠢᠯᠡᠬᠦ ᠣᠬᠠᠭᠠᠨᠴᠢ ᠪᠠᠷ | ᠵᠢᠭᠠᠨ ᠵᠢᠯᠣᠭᠤᠳᠬᠤ ᠶᠢ ᠠᠩᠬᠠᠷᠪᠠᠯ ᠵᠣᠬᠢᠨ᠎ᠠ᠃ | ᠠᠵᠢᠯᠯᠠᠵᠤ ᠪᠠᠶᠢᠭ᠎ᠠ ᠪᠠᠶᠢᠭᠤᠯᠭ᠎ᠠ᠄ ᠪᠠᠭᠠᠷᠢᠨ ᠵᠡᠭᠦᠨ ᠬᠤᠰᠢᠭᠤᠨ ᠤ | ᠵᠢᠭᠠᠬᠤ ᠶᠢ ᠰᠤᠳᠤᠯᠬᠤ ᠲᠥᠪ | ︵ᠠᠯᠳᠠᠨᠰᠦ᠋ᠭᠡ ᠨᠠᠶᠢᠷᠠᠭᠤᠯᠪᠠ︶ | 2023.4 ᠳ᠋ᠦ᠋ᠭᠡᠷ ᠬᠤᠭᠤᠴᠠᠭ᠎ᠠ | | | |