ᠠᠩᠭ᠍ᠯᠢ ᠬᠡᠯᠡᠨ ᠤ ᠡᠩ ᠤᠨ ᠦᠭᠦᠯᠡᠪᠦᠷᠢ ᠶᠢᠨ ᠪᠦᠳᠦᠴᠡ ᠶᠢᠨ ᠲᠣᠬᠠᠢ ᠮᠦᠴᠢᠳ ᠦᠭᠦᠯᠡᠬᠦ ᠨᠢ
ᠨᠡᠶᠢᠲᠡᠯᠡᠭᠰᠡᠨ ᠴᠠᠭ᠄
2023/12/13
                       ᠰᠠᠷᠠᠨᠠᠴᠡᠴᠡᠭ   

教学研究10.png

      ᠠᠩᠭ᠍ᠯᠢ ᠬᠡᠯᠡᠨ ᠤ ᠡᠩ ᠤᠨ ᠦᠭᠦᠯᠡᠪᠦᠷᠢ ᠶᠢᠨ ᠪᠦᠳᠦᠴᠡ ᠲᠠᠷᠣᠢ ᠦᠭᠡᠰ ᠤᠨ ᠲᠠᠷᠠᠭᠠᠯᠠᠯ ᠢ ᠡᠵᠡᠮᠰᠢᠬᠦ ᠨᠢ

ᠠᠩᠭ᠍ᠯᠢ ᠬᠡᠯᠡ ᠰᠣᠷᠣᠠᠠᠰᠠᠳ ᠤᠨ ᠬᠡᠯᠡᠬᠦ᠂ ᠶᠠᠷᠢᠬᠤ᠂ ᠪᠢᠴᠢᠬᠦ ᠴᠢᠳᠠᠪᠦᠷᠢ ᠶᠢ ᠭᠦᠮᠦᠵᠢᠭᠦᠯᠬᠦ ᠶᠢᠨ ᠰᠠᠭᠤᠷᠢ          

ᠮᠦᠨ᠃ ᠵᠣᠬᠢᠶᠠᠯ ᠢ ᠣᠩᠰᠢᠨ ᠣᠶᠢᠯᠠᠭᠠᠬᠤ ᠪᠠ ᠪᠢᠴᠢᠵᠦ ᠢᠯᠡᠳᠭᠡᠬᠦ ᠨᠢ ᠠᠩᠭ᠍ᠯᠢ ᠬᠡᠯᠡᠨ ᠤ ᠡᠩ ᠤᠨ

ᠦᠭᠦᠯᠡᠪᠦᠷᠢ ᠶᠢᠨ ᠪᠦᠳᠦᠴᠡ  ᠳᠤ ᠰᠠᠭᠤᠷᠢᠯᠬᠠᠳᠠᠳᠠᠭ᠃ ᠲᠣᠰ ᠦᠭᠦᠯᠡᠯ ᠳᠤ ᠦᠪᠡᠷ ᠤᠨ ᠠᠩᠭ᠍ᠯᠢ ᠬᠡᠯᠡᠨ ᠤ ᠵᠢᠭᠠᠨ

ᠰᠣᠷᠭᠠᠯᠳᠠ ᠶᠢᠨ ᠲᠣᠷᠰᠢᠯᠭ᠎ᠠ ᠪᠠᠨ ᠳ᠋ᠦᠩᠨᠡᠵᠦ᠂ ᠠᠩᠭ᠍ᠯᠢ ᠬᠡᠯᠡᠨ ᠤ ᠡᠩ ᠤᠨ ᠦᠭᠦᠯᠡᠪᠦᠷᠢ ᠶᠢᠨ ᠪᠦᠳᠦᠴᠡ ᠶᠢᠨ

ᠵᠢᠭᠠᠨ ᠰᠣᠷᠭᠠᠯᠳᠠ ᠶᠢᠨ ᠲᠣᠬᠠᠢ ᠲᠦᠭᠦᠮ ᠶᠠᠷᠢᠶ᠎ᠠ᠃

      ᠶᠡᠷᠦ ᠳᠤ ᠪᠠᠨ ᠶᠠᠮᠠᠷ ᠴᠦ ᠨᠢᠭᠡᠨ ᠬᠡᠯᠡᠨ ᠤ ᠦᠭᠦᠯᠡᠪᠦᠷᠢ ᠶᠢᠨ ᠬᠡᠰᠢᠭᠦᠳ ᠨᠢ ᠦᠪᠡᠷ ᠦᠪᠡᠷ ᠤᠨ

ᠲᠣᠠᠠᠳ᠋ᠬᠠᠰᠠᠨ ᠣᠷᠣᠨ ᠪᠠᠶᠢᠷᠢ ᠲᠠᠢ ᠪᠠᠶᠢᠳᠠᠭ᠃ ᠡᠬᠦᠨ ᠢ ᠲᠠᠷᠣᠢ ᠦᠭᠡᠰ ᠤᠨ ᠲᠠᠷᠠᠭᠠᠯᠠᠯ ᠭᠡᠳᠡᠭ᠃ ᠠᠩᠭ᠍ᠯᠢ ᠬᠡᠯᠡᠨ ᠤ

ᠭᠦᠣᠷᠨᠢᠬᠦ ᠦᠭᠦᠯᠡᠪᠦᠷᠢ ᠶᠢᠨ ᠣᠯᠠᠩᠬᠢ ᠨᠢ ᠠᠶᠠᠨᠳᠠᠭᠠᠨ ᠤ ᠦᠭᠡᠰ ᠤᠨ ᠲᠠᠷᠠᠭᠠᠯᠠᠯ ᠲᠠᠢ ᠪᠠᠶᠢᠳᠠᠭ᠃ ᠠᠩᠭ᠍ᠯᠢ ᠬᠡᠯᠡᠨ ᠤ

ᠦᠭᠦᠯᠡᠪᠦᠷᠢ ᠶᠢᠨ ᠬᠡᠰᠢᠬᠦᠨ ᠳᠤ ᠦᠭᠦᠯᠡᠭᠳᠡᠬᠦᠨ᠂ ᠦᠭᠦᠯᠡᠭᠦᠨ᠂ ᠲᠣᠰᠣᠠᠠᠳᠠᠬᠤᠨ᠂ ᠪᠠᠶᠢᠴᠠ᠂ ᠲᠣᠳᠣᠳᠬᠠᠯ᠂

ᠪᠠᠶᠢᠴᠠ ᠬᠡᠰᠢᠬᠦᠨ ᠤ ᠨᠦᠬᠦᠪᠦᠷᠢ ᠪᠠ ᠢᠯᠡᠳᠭᠡᠭᠴᠢ ᠬᠡᠰᠢᠬᠦᠨ ᠵᠡᠷᠭᠡ ᠲᠤᠯᠤᠭ᠎ᠠ ᠪᠠᠶᠢᠳᠠᠭ᠃ ᠡᠭᠦᠨ ᠳᠤ

ᠦᠭᠦᠯᠡᠭᠳᠡᠭᠦᠨ ᠬᠡᠰᠢᠬᠦᠨ ᠪᠠ ᠦᠭᠦᠯᠡᠬᠦᠨ ᠭᠡᠰᠢᠬᠦᠨ ᠪᠣᠯ ᠠᠩᠭ᠍ᠯᠢ ᠬᠡᠯᠡᠨ ᠤ ᠦᠭᠦᠯᠡᠪᠦᠷᠢ ᠳᠤ ᠳᠣᠳ᠋ᠬᠠᠳᠠᠵᠦ ᠪᠣᠯᠣᠰᠢ

ᠦᠬᠡᠢ ᠭᠤᠣᠯ ᠬᠡᠰᠡᠭ ᠪᠤᠯᠳᠠᠬ᠃ ᠦᠭᠦᠯᠡᠬᠦᠨ ᠭᠡᠰᠢᠬᠦᠨ ᠨᠢ ᠦᠭᠦᠯᠡᠭᠳᠡᠬᠦᠨ ᠤ ᠦᠢᠯᠡ ᠬᠦᠳᠡᠯᠭᠡᠭᠡᠨ ᠪᠣᠶᠣ

ᠪᠠᠶᠢᠳᠠᠯ ᠢ ᠶᠠᠷᠢᠵᠦ ᠢᠯᠡᠳᠭᠡᠳᠡᠭ᠃ ᠲᠡᠷᠣᠢ ᠦᠭᠦᠯᠡᠭᠳᠡᠬᠦᠨ ᠤ ︽ᠶᠠᠭᠤ ᠬᠢᠵᠦ ᠪᠠᠶᠢᠬᠤ︾ ᠪᠣᠶᠣ ︽᠁ ᠪᠣᠯ

ᠶᠠᠭᠤ ᠡᠰᠡᠪᠡᠯ ᠶᠠᠮᠠᠷ︾ ᠭᠡᠳᠡᠭ ᠢ ᠲᠣᠳᠣᠷᠬᠠᠶᠢᠯᠠᠳᠠᠭ᠃ ᠡᠭᠦᠨ ᠠᠴᠠ ᠦᠵᠡᠬᠦ ᠳᠤ᠂ ᠠᠩᠭ᠍ᠯᠢ ᠬᠡᠯᠡᠨ ᠤ ᠡᠩ ᠤᠨ

ᠭᠦᠣᠷᠨᠢᠬᠦ ᠦᠭᠦᠯᠡᠪᠦᠷᠢ ᠶᠢᠨ ᠦᠭᠦᠯᠡᠪᠦᠷᠢ ᠶᠢᠨ ᠪᠦᠳᠦᠴᠡ ᠶᠢ ᠦᠭᠦᠯᠡᠭᠳᠡᠭᠦᠨ ᠤ ᠣᠶᠢᠯᠡ ᠭᠦᠳᠡᠯᠭᠡᠭᠡᠨ ᠢ

ᠢᠯᠡᠳᠬᠡᠵᠦ ᠪᠠᠶᠢᠬᠤ ᠪᠣᠶᠣ ᠦᠭᠦᠯᠡᠭᠳᠡᠬᠦᠨ ᠤ ︵ᠣᠷᠣᠰᠢᠵᠦ ᠪᠠᠶᠢᠭ᠎ᠠ︶ ᠪᠠᠶᠢᠳᠠᠯ᠂ ᠤᠨᠴᠠᠯᠢᠭ ᠰᠢᠨᠵᠢ᠂ ᠢᠷᠡᠯ

ᠭᠠᠷᠣᠯ ᠢ ᠢᠯᠡᠳᠭᠡᠵᠦ ᠪᠠᠶᠢᠬᠤ ᠡᠰᠡᠬᠦ ᠪᠠᠷ ᠨᠢ ︽ᠦᠭᠦᠯᠡᠭᠳᠡᠭᠦᠨ + ᠦᠭᠦᠯᠡᠬᠦᠨ + ︵ᠲᠣᠰᠣᠠᠠᠳᠠᠬᠤᠨ︶︾ ᠪᠣᠶᠣ

︽ᠦᠭᠦᠯᠡᠭᠳᠡᠬᠦᠨ + ᠬᠤᠯᠪᠣᠭᠠᠰᠦ ᠦᠢᠯᠡ ᠦᠭᠡ + ᠢᠯᠡᠳᠭᠡᠭᠴᠢ ᠬᠡᠰᠢᠬᠦᠨ︾ ᠬᠤᠶᠠᠷ ᠦᠭᠦᠯᠡᠪᠦᠷᠢ ᠶᠢᠨ

ᠪᠦᠳᠦᠴᠡ ᠪᠣᠯᠭᠠᠨ ᠦᠵᠡᠵᠦ ᠪᠣᠯᠣᠨ᠎ᠠ᠃ ᠠᠩᠭ᠍ᠯᠢ ᠬᠡᠯᠡᠨ ᠤ ᠡᠩ ᠤᠨ ᠦᠭᠦᠯᠡᠪᠦᠷᠢ ᠶᠢᠨ ᠭᠦᠣᠷᠨᠢᠬᠦ

ᠦᠭᠦᠯᠡᠪᠦᠷᠢ ᠶᠢᠨ ᠪᠦᠳᠦᠴᠡ ᠶᠢ ᠦᠭᠦᠯᠡᠭᠳᠡᠬᠦᠨ ᠤ ᠣᠶᠢᠯᠡ ᠭᠦᠳᠡᠯᠭᠡᠭᠡᠨ ᠢ ᠢᠯᠡᠳᠭᠡᠳᠡᠭ ︽ᠦᠭᠦᠯᠡᠭᠳᠡᠭᠦᠨ +

ᠦᠭᠦᠯᠡᠬᠦᠨ + ︵ᠲᠣᠰᠣᠠᠠᠳᠠᠬᠤᠨ︶︾ ᠪᠠ ᠦᠭᠦᠯᠡᠭᠳᠡᠬᠦᠨ ᠤ ︵ᠣᠷᠣᠰᠢᠵᠦ︶ ᠪᠠᠶᠢᠳᠠᠯ᠂ ᠣᠨᠴᠠᠯᠢᠭ ᠰᠢᠨᠵᠢ ᠶᠢ

ᠢᠯᠡᠳᠭᠡᠳᠡᠭ ︽ᠦᠭᠦᠯᠡᠭᠳᠡᠬᠦᠨ + ᠬᠤᠯᠪᠣᠭᠠᠰᠦ ᠦᠢᠯᠡ ᠦᠭᠡ + ᠢᠯᠡᠳᠭᠡᠭᠴᠢ ᠬᠡᠰᠢᠬᠦᠨ︾ ᠬᠤᠶᠠᠷ ᠲᠦᠷᠦᠯ

ᠪᠣᠯᠭᠠᠨ ᠵᠠᠳᠠᠯᠣᠶ᠎ᠠ᠃

      ᠨᠢᠭᠡ᠂ ︽ᠦᠭᠦᠯᠡᠭᠳᠡᠭᠦᠨ + ᠦᠭᠦᠯᠡᠬᠦᠨ︾ ᠦᠭᠦᠯᠡᠪᠦᠷᠢ ᠶᠢᠨ ᠪᠦᠳᠦᠴᠡ

      ᠦᠭᠦᠯᠡᠭᠳᠡᠬᠦᠨ ᠤ ᠣᠶᠢᠯᠡ ᠭᠦᠳᠡᠯᠭᠡᠭᠡᠨ ᠢ ᠢᠯᠡᠳᠭᠡᠬᠦ ᠠᠩᠭ᠍ᠯᠢ ᠬᠡᠯᠡᠨ ᠤ ᠭᠦᠣᠷᠨᠢᠬᠦ ᠦᠭᠦᠯᠡᠪᠦᠷᠢ ᠶᠢᠨ

ᠦᠪᠡᠷ ᠢᠶᠠᠨ ᠦᠢᠯᠡᠳᠬᠦ ᠪᠠᠶᠢᠳᠠᠯ ᠤᠨ ᠦᠭᠡᠰ ᠤᠨ ᠲᠠᠷᠠᠭᠠᠯᠠᠯ ᠳᠤ ︽ᠬᠡᠨ ︵who︶ ᠬᠢᠪᠡ ︵do︶ ᠶᠠᠭᠤ

︵what︶︾ ᠪᠣᠯᠣᠨ ︽ᠶᠠᠭᠤ ︵What︶ ᠡᠭᠦᠰᠪᠡ ︵happen︶︾ ᠬᠡᠭᠦ ᠬᠤᠶᠠᠷ ᠵᠦᠢᠯ ᠤᠨ

ᠦᠭᠦᠯᠡᠪᠦᠷᠢ ᠶᠢᠨ ᠪᠦᠳᠦᠴᠡ ᠶᠢᠨ ᠦᠭᠡᠰ ᠤᠨ ᠲᠠᠷᠠᠭᠠᠯᠠᠯ ᠪᠠᠶᠢᠳᠠᠭ᠃ ᠵᠢᠱᠢᠶᠠᠯᠠᠪᠠᠯ᠂

      I did my homework. ᠪᠢ ᠲᠠᠰᠬᠠᠯ ᠢᠶᠠᠨ ᠬᠢᠪᠡ᠃ ᠮᠣᠩᠭᠤᠯ ᠬᠡᠯᠡᠨ ᠳᠤ᠂ ᠦᠭᠦᠯᠡᠭᠳᠡᠭᠦᠨ +

ᠲᠣᠰᠣᠠᠠᠳᠠᠬᠤᠨ + ᠦᠭᠦᠯᠡᠬᠦᠨ ᠤ ᠲᠠᠷᠠᠭᠠᠯᠠᠯ ᠢᠶᠠᠷ ᠵᠢᠠᠠᠰᠠᠭᠠᠭᠳᠠᠳᠠᠭ᠃ ᠭᠡᠳᠡᠯ᠎ᠡ ᠠᠩᠭ᠍ᠯᠢ ᠬᠡᠯᠡᠨ ᠤ ᠡᠩ ᠤᠨ

ᠦᠭᠦᠯᠡᠪᠦᠷᠢ ᠤᠨ ᠬᠡᠰᠢᠬᠦᠨ ᠤ ᠳᠠᠷᠠᠭᠠᠯᠠᠯ ᠨᠢ ︽ᠬᠡᠨ ︵who︶ ᠬᠢᠪᠡ ︵do︶ ᠶᠠᠭᠤ ︵what︶︾ ᠭᠡᠬᠦ

ᠲᠠᠷᠠᠭᠠᠯᠠᠯ ᠢᠶᠠᠷ ᠵᠢᠠᠠᠰᠠᠭᠠᠭᠳᠠᠳᠠᠭ᠃

      The earquake happened. ᠭᠠᠵᠠᠷ ᠬᠦᠳᠡᠯᠪᠡ᠃ ᠡᠨᠡ ᠬᠦ ︽ᠶᠠᠭᠤ ︵What︶

ᠡᠭᠦᠰᠪᠡ ︵happen︾ ᠦᠭᠦᠯᠡᠪᠦᠷᠢ ᠶᠢᠨ ᠦᠭᠡᠰ ᠤᠨ ᠳᠠᠷᠠᠭᠠᠯᠠᠯ ᠨᠢ ᠮᠣᠩᠭᠤᠯ ᠬᠡᠯᠡᠨ ᠤ ᠦᠭᠦᠯᠡᠪᠦᠷᠢ ᠶᠢᠨ

ᠬᠡᠰᠢᠬᠦᠨ ᠤ ᠲᠠᠷᠠᠭᠠᠯᠠᠯ ᠲᠠᠢ ᠠᠳᠠᠯᠢ ᠶᠤᠮ᠃

      ᠡᠭᠦᠨ ᠠᠴᠠ ᠦᠵᠡᠬᠦ ᠳᠤ᠂ ᠠᠩᠭ᠍ᠯᠢ ᠬᠡᠯᠡᠨ ᠤ ︽ᠡᠭᠦᠰᠬᠦ︾ ︽ᠡᠬᠢᠯᠡᠬᠦ︾ ᠮᠡᠲᠦ ᠶᠢᠨ ᠣᠶᠢᠯᠡ

ᠠᠵᠢᠯᠯᠠᠭ᠎ᠠ ᠶᠢᠨ ᠣᠶᠢᠯᠡ ᠦᠭᠡ ᠶᠢᠨ ᠦᠭᠦᠯᠡᠪᠦᠷᠢ ᠶᠢᠨ ᠪᠦᠳᠦᠴᠡ ᠨᠢ ︽ᠶᠠᠭᠤ ︵What︶ ᠡᠭᠦᠰᠪᠡ

︵happen︶︾ ᠪᠠᠶᠢᠳᠠᠭ᠂ ᠭᠡᠲᠡᠯ᠎ᠡ ᠪᠣᠰᠣᠳ ᠣᠶᠢᠯᠡ ᠠᠵᠢᠯᠯᠠᠭ᠎ᠠ ᠶᠢᠨ ᠦᠢᠯᠡ ᠦᠭᠡ ᠶᠢᠨ ᠦᠭᠦᠯᠡᠪᠦᠷᠢ ᠶᠢᠨ

ᠪᠦᠳᠣᠴᠡ ᠨᠢ ︽ᠬᠡᠨ ︵who︶ ᠬᠢᠪᠡ ︵do︶ ᠶᠠᠭᠤ ︵what︶︾ ᠪᠣᠯᠣᠨ᠎ᠠ᠃ ︽ᠬᠡᠨ ︵who︶ ᠬᠢᠪᠡ          

︵do︶ ᠶᠠᠭᠤ ︵what︶︾ ᠬᠡᠭᠦ ᠡᠩ ᠤᠨ ᠭᠦᠣᠷᠨᠢᠬᠦ ᠦᠭᠦᠯᠡᠪᠦᠷᠢ ᠶᠢᠨ ᠪᠦᠳᠦᠴᠡ ᠳᠤ ᠣᠶᠢᠯᠠ ᠠᠵᠢᠯᠯᠠᠭᠠᠨ ᠤ

ᠦᠢᠯᠡ ᠦᠭᠡ ᠶᠢᠨ ᠲᠣᠰᠬᠤ ᠦᠢᠯᠡ ᠦᠭᠡ ᠪᠣᠶᠣ ᠡᠰᠡ ᠲᠣᠰᠬᠤ ᠦᠢᠯᠡ ᠦᠭᠡ ᠶᠢ ᠦᠨᠳᠦᠰᠦᠯᠡᠵᠦ᠂ ︽ᠬᠡᠨ

︵who︶ ᠬᠢᠪᠡ ︵do︶︾ ᠭᠡᠬᠦ ᠦᠭᠦᠯᠡᠪᠦᠷᠢ ᠶᠢᠨ ᠪᠦᠳᠦᠴᠡ ᠶᠢ ᠲᠣᠣᠷᠠᠬᠢ ᠮᠡᠲᠦ ᠶᠢᠨ ᠬᠡᠳᠦᠨ ᠦᠭᠦᠯᠡᠪᠦᠷᠢ

ᠪᠣᠯᠭᠠᠨ ᠦᠵᠡᠵᠦ ᠪᠣᠯᠣᠨ᠎ᠠ᠃

      1. ᠦᠭᠦᠯᠡᠭᠳᠡᠬᠦᠨ + ᠦᠭᠦᠯᠡᠬᠦᠨ ︵ᠡᠰᠡ ᠲᠣᠰᠬᠤ ᠣᠶᠢᠯᠡ ᠦᠭᠡ︶

      ᠡᠰᠡ ᠲᠣᠰᠬᠤ ᠦᠢᠯᠡ ᠦᠭᠡ ᠶᠢᠨ ᠲᠣᠰ ᠪᠡᠶ᠎ᠡ ᠨᠢ ᠨᠢᠭᠡᠨᠳᠡ ᠪᠦᠷᠢᠨ ᠪᠦᠳᠦᠨ ᠤᠳᠬ᠎ᠠ ᠶᠢ ᠢᠯᠡᠳᠬᠡᠬᠦ

ᠣᠴᠢᠷ ᠠᠴᠠ ᠬᠤᠶᠢᠨ᠎ᠡ ᠪᠠᠨ ᠲᠣᠰᠣᠠᠠᠳᠠᠬᠤᠨ ᠠᠪᠳᠠᠭ ᠦᠬᠡᠢ᠃ ᠵᠢᠱᠢᠶᠡᠯᠡᠪᠡᠯ᠂

      I can swim. ᠪᠢ ᠤᠮᠪᠠᠵᠦ ᠴᠢᠳᠠᠨ᠎ᠠ᠃

      They are running. ᠲᠡᠳᠡᠨᠦᠰ ᠭᠦᠶᠦᠵᠦ ᠪᠠᠶᠢᠨ᠎ᠠ᠃

      The bird is flying. ᠰᠢᠪᠠᠭᠤ ᠨᠢᠰᠴᠦ ᠪᠠᠶᠢᠨ᠎ᠠ᠃

      2. ᠦᠭᠦᠯᠡᠭᠳᠡᠬᠦᠨ + ᠦᠭᠦᠯᠡᠬᠦᠨ ︵ᠲᠣᠰᠬᠤ ᠣᠶᠢᠯᠡ ᠦᠭᠡ︶ + ᠲᠣᠰᠣᠠᠠᠳᠠᠬᠤᠨ

      ᠲᠣᠰᠬᠤ ᠦᠢᠯᠡ ᠦᠭᠡ ᠨᠢ ᠲᠣᠰᠣᠠᠠᠳᠠᠬᠤᠨ ᠠᠪᠬᠤ ᠦᠬᠡᠢ ᠪᠣᠯ ᠪᠦᠷᠢᠨ ᠪᠦᠳᠦᠨ ᠤᠳᠬ᠎ᠠ ᠶᠢ

ᠢᠯᠡᠳᠬᠡᠵᠤ ᠲᠡᠶᠢᠯᠬᠦ ᠦᠬᠡᠢ ᠣᠴᠢᠷ ᠠᠴᠠ ᠬᠤᠶᠢᠨ᠎ᠡ ᠪᠠᠨ ᠵᠠᠪᠠᠯ ᠲᠣᠰᠣᠠᠠᠳᠠᠬᠤᠨ ᠠᠪᠳᠠᠭ᠃ ᠵᠢᠱᠢᠶᠡᠯᠡᠪᠡᠯ᠂

      The boys like playing football. ᠭᠦᠦᠴᠣᠣᠯ ᠬᠥᠯ ᠪᠦᠮᠪᠦᠭᠡ ᠨᠠᠭᠠᠳᠬᠤ ᠲᠣᠷᠠᠳᠠᠢ᠃

      He did his homework. ᠲᠡᠷᠡ ᠲᠠᠰᠬᠠᠯ ᠢᠶᠠᠨ ᠬᠢᠪᠡ᠃

      3. ᠦᠭᠦᠯᠡᠭᠳᠡᠬᠦᠨ + ᠦᠭᠦᠯᠡᠬᠦᠨ ︵ᠲᠣᠰᠬᠤ ᠣᠶᠢᠯᠡ ᠦᠭᠡ︶ + ᠰᠢᠭᠤᠳ ᠪᠣᠰᠦ ᠲᠣᠰᠣᠠᠠᠳᠠᠬᠤᠨ +

ᠰᠢᠭᠤᠳ ᠲᠣᠰᠣᠠᠠᠳᠠᠬᠤᠨ

      ᠵᠠᠷᠢᠮ ᠲᠣᠰᠬᠤ ᠦᠢᠯᠡ ᠦᠭᠡ ᠨᠢ ᠬᠤᠶᠢᠨ᠎ᠠ ᠪᠠᠨ ᠬᠤᠶᠠᠷ ᠲᠣᠰᠣᠠᠠᠳᠠᠬᠤᠨ ᠠᠪᠳᠠᠭ᠃

      I gave him a book. ᠪᠢ ᠲᠡᠭᠦᠨ ᠳᠤ ᠲᠡᠪᠳᠡᠷ ᠥᠭᠪᠡ᠃

      She passed me a cup of tea. ᠲᠡᠷᠡ ᠨᠠᠳᠠ ᠳᠤ ᠨᠢᠭᠡ ᠴᠣᠮᠣ ᠤᠰᠤ ᠠᠪᠴᠢᠷᠠᠵᠦ

ᠥᠭᠪᠡ᠃

      My father bought me a bike. ᠠᠪᠤ ᠨᠠᠳᠠ ᠳᠤ ᠳᠣᠭᠤᠢ ᠲᠡᠷᠭᠡ ᠠᠪᠴᠦ ᠥᠭᠪᠡ᠃

      4. ᠦᠭᠦᠯᠡᠭᠳᠡᠬᠦᠨ + ᠦᠭᠦᠯᠡᠬᠦᠨ + ᠲᠣᠰᠣᠠᠠᠳᠠᠬᠤᠨ + ᠲᠣᠰᠣᠠᠠᠳᠠᠬᠤᠨ ᠤ ᠨᠦᠭᠦᠪᠦᠷᠢ

      ᠵᠠᠷᠢᠮ ᠲᠣᠰᠬᠤ ᠦᠢᠯᠡ ᠦᠭᠡ ᠨᠢ ᠬᠤᠶᠢᠨ᠎ᠠ ᠪᠠᠨ ᠲᠣᠰᠣᠠᠠᠳᠠᠬᠤᠨ ᠠᠪᠣᠭᠠᠳ ᠪᠠᠰᠠ ᠦᠭᠦᠯᠡᠪᠦᠷᠢ ᠨᠢ

ᠪᠦᠷᠢᠨ ᠪᠦᠳᠦᠨ ᠤᠳᠬ᠎ᠠ ᠶᠢ ᠢᠯᠡᠳᠬᠡᠵᠦ ᠲᠡᠶᠢᠯᠬᠦ ᠦᠬᠡᠢ ᠣᠴᠢᠷ ᠠᠴᠠ ᠲᠣᠰᠣᠠᠠᠳᠠᠬᠤᠨ ᠤ ᠨᠦᠬᠦᠪᠦᠷᠢ ᠠᠪᠴᠦ

ᠲᠣᠰᠣᠠᠠᠳᠠᠬᠤᠨ ᠤ ᠦᠢᠯᠡ ᠭᠦᠳᠡᠯᠭᠡᠭᠡᠨ ᠪᠣᠶᠣ ᠪᠠᠶᠢᠳᠠᠯ ᠢ ᠢᠯᠡᠳᠭᠡᠪᠡᠯ ᠰᠡᠶ᠋ᠢ ᠦᠭᠦᠯᠡᠪᠦᠷᠢ ᠨᠢ ᠪᠦᠷᠢᠨ ᠪᠦᠳᠦᠨ

ᠤᠳᠬ᠎ᠠ ᠶᠢ ᠢᠯᠡᠳᠬᠡᠵᠦ ᠴᠢᠳᠠᠳᠠᠭ᠃

      You should keep the classroom clean. ᠲᠠᠳᠠᠨᠣᠰ ᠠᠩᠬᠢ ᠶᠢᠨ ᠭᠡᠷ ᠢᠶᠠᠨ

ᠴᠡᠪᠡᠷ ᠪᠠᠶᠢᠯᠭᠠᠬᠤ ᠬᠡᠷᠡᠭᠲᠠᠢ᠃

      They made Batu their monitor. ᠲᠡᠳᠡ ᠪᠠᠲᠦ ᠶᠢ ᠠᠩᠬᠢ  ᠶᠢᠨ ᠲᠠᠷᠤᠭ᠎ᠠ ᠪᠣᠯᠭᠠᠪᠠ᠃

      We heard someone singing. ᠪᠢᠳᠡ ᠨᠢᠭᠡ ᠭᠦᠮᠦᠨ ᠤ ᠲᠠᠭᠤᠯᠠᠵᠦ ᠪᠠᠶᠢᠭ᠎ᠠ ᠶᠢ

ᠰᠣᠨᠣᠰᠪᠠ᠃

      ᠬᠤᠶᠠᠷ᠂ ︽ᠦᠭᠦᠯᠡᠭᠳᠡᠬᠦᠨ + ᠬᠤᠯᠪᠣᠭᠠᠰᠦ ᠦᠢᠯᠡ ᠦᠭᠡ + ᠢᠯᠡᠳᠭᠡᠭᠴᠢ ᠬᠡᠰᠢᠬᠦᠨ︾ ᠦᠭᠦᠯᠡᠪᠦᠷᠢ ᠶᠢᠨ

ᠪᠦᠳᠦᠴᠡ

      ᠢᠯᠡᠳᠭᠡᠭᠴᠢ ᠬᠡᠰᠢᠬᠦᠨ ᠪᠣᠯ ︽ᠦᠭᠦᠯᠡᠭᠳᠡᠬᠦᠨ + ᠬᠤᠯᠪᠣᠭᠠᠰᠦ ᠦᠢᠯᠡ ᠦᠭᠡ + ᠢᠯᠡᠳᠭᠡᠭᠴᠢ          

ᠬᠡᠰᠢᠬᠦᠨ︾ ᠦᠭᠦᠯᠡᠪᠦᠷᠢ ᠶᠢᠨ ᠪᠦᠳᠦᠴᠡ ᠶᠢᠨ ᠭᠤᠣᠯ ᠦᠭᠦᠯᠡᠪᠦᠷᠢ ᠶᠢᠨ ᠬᠡᠰᠢᠬᠦᠨ ᠤ ᠨᠢᠭᠡ ᠨᠢ ᠮᠦᠨ᠃ ᠲᠡᠷᠡ ᠨᠢ

ᠦᠭᠦᠯᠡᠭᠳᠡᠬᠦᠨ ᠤ ᠭᠠᠷᠣᠯ᠂ ᠣᠨᠴᠠᠯᠢᠭ ᠰᠢᠨᠵᠢ ᠪᠣᠶᠣ ᠪᠠᠶᠢᠳᠠᠯ ᠢ ᠢᠯᠡᠳᠭᠡᠳᠡᠭ᠃ ᠡᠭᠦᠨ ᠳᠤ ᠬᠤᠯᠪᠣᠭᠠᠰᠦ ᠦᠢᠯᠡ

ᠦᠭᠡ ᠨᠢ ᠦᠭᠦᠯᠡᠭᠳᠡᠬᠦᠨ ᠪᠠ ᠢᠯᠡᠳᠭᠡᠭᠴᠢ ᠬᠡᠰᠢᠬᠦᠨ ᠢ ᠬᠤᠯᠪᠣᠵᠦ ᠦᠭᠦᠯᠡᠪᠦᠷᠢ ᠪᠣᠯᠭᠠᠳᠠᠭ᠃ Be ᠦᠢᠯᠡ ᠦᠭᠡ

ᠪᠣᠯ ᠬᠤᠯᠪᠣᠭᠠᠰᠦ ᠦᠢᠯᠡ ᠦᠭᠡ ᠶᠢᠨ ᠨᠢᠭᠡ ᠲᠦᠷᠦᠯ ᠮᠦᠨ᠃ ᠡᠭᠦᠨ ᠠᠴᠠ ᠭᠠᠳᠠᠨ᠎ᠠ ᠪᠠᠰᠠ get,turn,keep,

grow ᠮᠡᠲᠦ ᠶᠢᠨ ᠥᠢᠯᠡ ᠦᠭᠡ ᠨᠢ ᠪᠠᠰᠠ ᠬᠤᠯᠪᠣᠭᠠᠰᠦ ᠦᠢᠯᠡ ᠦᠭᠡ ᠶᠢᠨ ᠦᠢᠯᠡᠳᠦᠯ ᠦᠵᠡᠭᠦᠯᠳᠡᠭ᠃

ᠵᠢᠱᠢᠶᠡᠯᠡᠪᠡᠯ᠂

      He is a teacher. ᠲᠡᠷᠡ ᠪᠣᠯ ᠪᠠᠭᠰᠢ᠃ 

      They became friends. ᠲᠡᠳᠡ ᠨᠠᠶᠢᠵᠠ ᠪᠣᠯᠣᠯᠴᠠᠪᠠ᠃

      The leaves turn green in spring. ᠬᠠᠪᠣᠷ ᠪᠣᠯᠬᠤ ᠳᠤ ᠮᠣᠳᠣᠨ ᠨᠠᠪᠴᠢ          

ᠨᠣᠭᠤᠭᠠᠷᠠᠪᠠ᠃

      The book is on the desk. ︵=There is a book on the desk.︶

ᠰᠢᠷᠡᠭᠡᠨ ᠲᠡᠭᠡᠷ᠎ᠡ ᠲᠡᠪᠲᠡᠷ ᠪᠠᠶᠢᠨ᠎ᠠ᠃ 

      ᠠᠩᠭ᠍ᠯᠢ ᠬᠡᠯᠡᠨ ᠤ ᠡᠩ ᠤᠨ ᠭᠦᠣᠷᠨᠢᠬᠦ ᠦᠭᠦᠯᠡᠪᠦᠷᠢ ᠶᠢᠨ ᠪᠦᠳᠦᠴᠡ ᠨᠢ ᠦᠭᠦᠯᠡᠭᠳᠡᠭᠦᠨ ᠦᠭᠦᠯᠡᠬᠦᠨ ᠦᠢᠯᠡ

ᠦᠭᠡ ᠶᠢᠨ ᠲᠠᠷᠠᠭᠠᠯᠠᠯ ᠢᠶᠠᠷ ᠪᠠᠶᠢᠷᠢᠯᠠᠳᠠᠭ᠃ ᠲᠡᠭᠡᠪᠡᠯ᠂ ᠦᠭᠦᠯᠡᠬᠦᠨ ᠦᠢᠯᠡ ᠦᠭᠡ ᠶᠢᠨ ᠠᠳᠠᠯᠢ ᠪᠣᠰᠦ ᠶᠢ

ᠦᠨᠳᠦᠰᠦᠯᠡᠵᠦ᠂ ᠡᠩ ᠤᠨ ᠭᠦᠣᠷᠨᠢᠬᠦ ᠦᠭᠦᠯᠡᠪᠦᠷᠢ ᠶᠢᠨ ᠪᠦᠳᠦᠴᠡ ᠶᠢ ᠦᠭᠦᠯᠡᠭᠳᠡᠭᠦᠨ ᠤ ᠣᠶᠢᠯᠡ ᠭᠦᠳᠡᠯᠭᠡᠭᠡᠨ ᠢ

ᠢᠯᠡᠳᠬᠡᠵᠦ ᠪᠠᠶᠢᠬᠤ ᠪᠣᠶᠣ ᠦᠭᠦᠯᠡᠭᠳᠡᠬᠦᠨ ᠤ ︵ᠣᠷᠣᠰᠢᠵᠦ ᠪᠠᠶᠢᠭ᠎ᠠ︶ ᠪᠠᠶᠢᠳᠠᠯ᠂ ᠤᠨᠴᠠᠯᠢᠭ ᠰᠢᠨᠵᠢ᠂ ᠢᠷᠡᠯ

ᠭᠠᠷᠣᠯ ᠢ ᠢᠯᠡᠳᠭᠡᠵᠦ ᠪᠠᠶᠢᠬᠤ ᠡᠰᠡᠬᠦ ᠪᠠᠷ ᠨᠢ ︽ᠦᠭᠦᠯᠡᠭᠳᠡᠭᠦᠨ + ᠦᠭᠦᠯᠡᠬᠦᠨ + ︵ᠲᠣᠰᠣᠠᠠᠳᠠᠬᠤᠨ︶︾ ᠪᠣᠶᠣ

︽ᠦᠭᠦᠯᠡᠭᠳᠡᠬᠦᠨ + ᠬᠤᠯᠪᠣᠭᠠᠰᠦ ᠦᠢᠯᠡ ᠦᠭᠡ + ᠢᠯᠡᠳᠭᠡᠭᠴᠢ ᠬᠡᠰᠢᠬᠦᠨ︾ ᠬᠤᠶᠠᠷ ᠦᠭᠦᠯᠡᠪᠦᠷᠢ ᠶᠢᠨ

ᠪᠦᠳᠦᠴᠡ ᠪᠣᠯᠭᠠᠨ ᠦᠵᠡᠵᠦ ᠪᠣᠯᠣᠨ᠎ᠠ᠃

      ᠠᠵᠢᠯᠯᠠᠵᠤ ᠪᠠᠶᠢᠭ᠎ᠠ ᠪᠠᠶᠢᠭᠤᠯᠭ᠎ᠠ᠄ ᠠᠷᠦ ᠬᠤᠷᠴᠢᠨ ᠬᠤᠰᠢᠭᠤᠨ ᠤ 

                                ᠴᠢᠪᠠᠭ᠎ᠠ ᠬᠤᠶᠠᠳᠣᠭᠠᠷ ᠲᠣᠮᠳᠠᠳᠦ ᠰᠣᠷᠭᠠᠭᠤᠯᠢ 

                                ︵ᠠᠯᠳᠠᠨᠰᠦ᠋ᠭᠡ ᠨᠠᠶᠢᠷᠠᠭᠤᠯᠪᠠ︶

                                2023.4 ᠳ᠋ᠦ᠋ᠭᠡᠷ ᠬᠤᠭᠤᠴᠠᠭ᠎ᠠ

 

 
ᠢᠷᠡᠯᠲᠡ᠄ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠤᠷᠭᠠᠨ ᠬᠦᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号