ᠠᠨ ᠴᠠᠩ ᠱᠠᠨ | | | | | | ᠨᠡᠶᠢᠭᠡᠮ ᠤᠨ ᠬᠦᠭᠵᠢᠯᠲᠡ ᠶᠢ ᠳᠠᠭᠠᠯᠳᠦᠨ ᠬᠦᠮᠦᠰ ᠤᠨ ᠪᠣᠳᠠᠰ ᠤᠨ ᠠᠮᠢᠳᠦᠷᠠᠯ ᠪᠠ ᠰᠣᠶᠣᠯ ᠤᠨ | ᠠᠮᠢᠳᠣᠷᠠᠯ ᠢ ᠬᠦᠭᠡᠭᠡᠴᠡᠯᠳᠦᠬᠦ ᠦᠵᠡᠯᠲᠡ ᠲᠠᠨᠢᠯᠲᠠ ᠨᠢ ᠴᠦ ᠬᠤᠪᠢᠷᠠᠯᠲᠠ ᠭᠠᠷᠴᠦ᠂ ᠣᠨᠴᠠᠭᠠᠶᠢᠯᠠᠨ ᠵᠠᠯᠠᠭᠤ ᠡᠵᠢ | ᠠᠪᠤ ᠴᠦᠮ ᠭᠠᠭᠴᠠ ᠬᠡᠣᠬᠡᠳ ᠠᠪᠴᠣ ᠠᠮᠠ ᠳᠤ ᠪᠠᠨ ᠬᠢᠪᠡᠯ ᠬᠠᠶᠢᠯᠤᠮᠠᠷ᠂ ᠠᠯᠠᠭᠠᠨ ᠳᠤ ᠪᠠᠨ ᠲᠠᠯᠪᠢᠪᠠᠯ | ᠪᠦᠮᠪᠦᠷᠢᠮᠠᠷ ᠬᠠᠶᠢᠷᠠᠯᠠᠵᠣ᠂ ᠰᠠᠨᠠᠭᠠᠨ ᠲᠠᠭ᠎ᠠ ᠪᠠᠷ ᠨᠢ ᠦᠰᠭᠡᠨ ᠬᠦᠮᠦᠵᠢᠭᠦᠯᠵᠦ ᠪᠠᠶᠢᠬᠤ ᠨᠢ ᠵᠦᠩᠳᠡᠭᠡᠨ | ᠬᠠᠷᠠᠭᠳᠠᠨ᠎ᠠ᠃ ᠴᠢᠩᠭᠢᠭᠡᠳ ᠰᠠᠨᠠᠯ ᠨᠢ ᠵᠠᠨᠣᠯ ᠪᠣᠯᠵᠣ᠂ ᠬᠠᠶᠢᠷ᠎ᠠ ᠨᠢ ᠬᠤᠷᠣᠰᠣᠯ ᠪᠣᠯᠬᠤ ᠤᠴᠢᠷ ᠵᠦᠡᠭᠳᠡᠭᠡᠨ ᠢᠯᠠᠷᠠᠭᠦ | ᠪᠤᠯᠵᠠᠢ᠃ ᠡᠳᠡᠭᠡᠷ ᠨᠢ ᠴᠦᠮ ᠠᠪᠤ ᠡᠵᠢ ᠪᠣᠯᠣᠭᠰᠠᠳ ᠬᠡᠣᠬᠡᠳ ᠲᠤ ᠪᠠᠨ ᠵᠦᠪ ᠬᠠᠶᠢᠷ᠎ᠠ ᠶᠢ ᠬᠦᠷᠲᠡᠭᠡᠵᠦ ᠴᠢᠳᠠᠭᠰᠠᠨ | ᠦᠭᠡᠢ ᠠᠴᠠ ᠪᠤᠯᠤᠭᠰᠠᠨ ᠬᠠᠷᠠᠮᠰᠠᠯᠲᠠᠢ ᠮᠦᠷᠳᠡᠭᠡᠨ ᠬᠠᠷᠠᠰᠠᠯᠲᠠᠢ ᠦᠷ᠎ᠡ ᠳ᠋ᠦᠩ ᠮᠦᠨ᠃ ᠭᠡᠷ ᠤᠨ ᠠᠬᠠᠮᠠᠳ | ᠭᠤᠤᠯᠳᠠᠭᠤ ᠲᠤᠤᠷᠠᠬᠢ ᠭᠡᠳᠤᠨ ᠲᠠᠯ᠎ᠠ ᠪᠠᠷ ᠭᠡᠤᠭᠡᠳ ᠢᠶᠠᠨ ︽ᠭᠡᠳᠤᠷᠭᠡᠢ ᠬᠠᠶᠢᠷᠠᠯᠠᠵᠤ︾ ᠪᠤᠢ᠃ | 1. ᠡᠵᠢ ᠠᠪᠤ ᠨᠢ ᠬᠡᠣᠬᠡᠳ ᠢᠶᠠᠨ ᠭᠡᠳᠤᠷᠭᠡᠢ ᠠᠰᠠᠷᠠᠵᠤ ᠪᠠᠶᠢᠨ᠎ᠠ᠂ ᠵᠢᠱᠢᠶᠡᠯᠡᠪᠡᠯ᠂ ᠬᠡᠣᠬᠡᠳ ᠢᠶᠠᠨ ᠬᠡᠲᠦᠷᠬᠡᠢ | ᠬᠠᠶᠢᠷᠠᠯᠠᠬᠤ ᠠᠪᠤ ᠡᠵᠢ ᠨᠢ ᠳᠣᠷᠠᠲᠠᠶᠢᠶᠠ ᠬᠡᠣᠬᠡᠳ ᠤᠨ ᠠᠰᠠᠷᠠᠬᠴᠢ ᠪᠣᠯᠵᠤ ᠪᠤᠢ᠃ ᠬᠡᠣᠬᠡᠳ ᠤᠨ ᠢᠶᠠᠨ | ᠪᠣᠭᠴᠣ ᠶᠢ ᠨᠢ ᠡᠭᠦᠷᠴᠦ᠂ ᠵᠢᠷᠤᠭ ᠤᠨ ᠬᠠᠪᠲᠠᠰᠣ ᠶᠢ ᠨᠢ ᠡᠭᠦᠷᠴᠦ᠂ ᠣᠰᠣᠨ ᠴᠣᠮᠣ ᠶᠢ ᠨᠢ ᠠᠳᠬᠤᠵᠣ᠂ ᠬᠡᠣᠬᠡᠳ | ᠦᠪᠡᠷ ᠢᠶᠠᠨ ᠬᠢᠵᠣ ᠳᠡᠶᠢᠯᠬᠦ ᠶᠠᠪᠣᠳᠠᠯ ᠢ ᠲᠣᠳᠣᠷᠬᠠᠢ ᠮᠡᠳᠡᠵᠦ ᠪᠠᠶᠢᠪᠠᠴᠦ ᠬᠡᠣᠬᠡᠳ ᠢᠶᠠᠷ ᠬᠢᠯᠭᠡᠬᠦ ᠦᠭᠡᠢ ᠠᠪᠤ ᠡᠵᠢ | ᠨᠢ ᠪᠦᠬᠦᠨ ᠢ ᠬᠢᠭᠡᠳ ᠦᠭᠴᠢᠭᠡᠳᠡᠭ᠂ ᠬᠡᠣᠬᠡᠳ ᠨᠢ ᠡᠵᠢ ᠠᠪᠤ ᠶᠢᠨ ᠢᠶᠠᠨ ᠬᠦᠴᠢᠷ ᠵᠣᠪᠠᠯᠠᠩ ᠢ ᠦᠯᠦ ᠬᠠᠮᠢᠶᠠᠷᠡᠨ᠂ | ᠡᠵᠢ ᠠᠪᠤ ᠶᠢᠨ ᠬᠢᠨᠢ ᠲᠡᠭᠦᠨ ᠳᠤ ᠦᠢᠯᠡᠴᠢᠯᠡᠬᠦ ᠨᠢ ᠵᠦᠢ ᠲᠠᠢ ᠬᠡᠷᠡᠭ ᠭᠡᠵᠦ ᠦᠵᠠᠳᠡᠭ᠃ | 2. ᠡᠵᠢ ᠠᠪᠤ ᠨᠢ ᠦᠷᠬᠦᠯᠵᠢ ᠬᠡᠣᠬᠡᠳ ᠢᠶᠠᠨ ᠦᠭᠡᠶᠢᠰᠭᠡᠨ ᠨᠣᠴᠣᠭᠠᠨ᠎ᠠ᠃ ᠵᠢᠱᠢᠶᠡᠯᠡᠪᠠᠯ᠂ ᠵᠠᠷᠢᠮ ᠭᠡᠷ ᠤᠨ | ᠠᠬᠠᠮᠠᠳ ᠬᠡᠣᠬᠡᠳ ᠢᠶᠠᠨ ᠨᠣᠴᠣᠭᠠᠵᠤ᠂ ᠲᠠᠳᠠᠨ ᠤ ᠭᠦᠷᠤᠯᠴᠠᠭᠦ ᠦᠭᠡᠢ ᠲᠠᠯ᠎ᠠ ᠶᠢ ᠪᠣᠰᠣᠳ ᠬᠡᠣᠬᠡᠳ ᠤᠨ | ᠳᠠᠪᠠᠭᠤᠯᠢᠭ ᠲᠠᠯ᠎ᠠ ᠲᠠᠢ ᠠᠳᠠᠯᠢᠳᠬᠠᠨ᠎ᠠ᠃ ᠦᠭᠡᠶᠢᠰᠭᠡᠯ ᠤᠨ ᠳᠣᠮᠳᠠ ᠦᠰᠦᠨ ᠪᠤᠶᠢᠵᠢᠭᠰᠠᠨ ᠬᠡᠣᠬᠡᠳ ᠪᠣᠰᠣᠳ ᠢ | ᠳᠠᠶᠢᠰᠣᠩᠨᠠᠬᠤ ᠴᠢᠨᠠᠷ ᠢᠶᠠᠷ ᠴᠢᠩᠭ᠎ᠠ᠂ ᠳᠣᠲᠣᠭᠠᠳᠣ ᠰᠡᠳᠬᠢᠯᠭᠡ ᠨᠢ ᠬᠠᠶᠢᠷ᠎ᠠ ᠪᠠᠷ ᠳᠣᠲᠠᠮᠠᠭ ᠪᠠᠶᠢᠳᠠᠬ᠃ ᠬᠠᠷᠢᠨ | ᠠᠭᠤᠳᠠᠮ ᠪᠠᠭᠳᠠᠭᠠᠮᠵᠢᠳᠠᠢ ᠭᠡᠷ ᠤᠨ ᠠᠬᠠᠮᠠᠳ ᠦᠷᠬᠦᠯᠵᠢ ᠬᠡᠣᠬᠡᠳ ᠢᠶᠠᠨ ᠨᠤᠳᠠᠯᠠᠨ᠎ᠠ᠂ ᠬᠡᠣᠬᠡᠳ ᠤᠨ ᠠᠷ ᠰᠠᠷ | ᠶᠠᠪᠣᠳᠠᠯ ᠠᠴᠠ ᠦᠴᠦᠬᠡᠨ ᠳᠡᠭᠡᠭᠰᠢᠯᠡᠯᠲᠡ ᠶᠢ ᠨᠢ ᠣᠯᠵᠣ ᠬᠠᠷᠡᠨ᠂ ᠡ᠊ᠨᠡ ᠭᠦ ᠦᠴᠦᠬᠡᠨ ᠳᠡᠭᠡᠭᠰᠢᠯᠡᠯᠲᠡ ᠠᠴᠠ | ᠬᠡᠣᠬᠡᠳ ᠢᠶᠠᠨ ᠵᠣᠷᠢᠬᠵᠢᠭᠤᠯᠣᠨ᠎ᠠ᠃ ᠲᠡᠳᠡ ᠦᠷᠭᠦᠯᠵᠢ᠄ ︽ᠶᠡᠭᠡ ᠰᠠᠶᠢᠨ᠂ ᠮᠢᠨᠦ ᠬᠡᠣᠬᠡᠳ ᠦᠴᠦᠭᠡᠳᠦᠷ ᠠᠴᠠ | ᠳᠠᠪᠰᠢᠯᠲᠠ ᠲᠠᠢ︾ ᠭᠡᠳᠡᠭ ᠶᠤᠮ᠃ ᠠᠭᠤᠴᠢᠯᠠᠯ ᠤᠨ ᠳᠣᠮᠳᠠ ᠦᠰᠦᠨ ᠪᠤᠶᠢᠵᠢᠭᠰᠠᠨ ᠬᠡᠣᠬᠡᠳ ᠣᠨᠴᠠ | ᠬᠦᠯᠢᠴᠡᠩᠭᠦᠢ ᠪᠠᠶᠢᠳᠠᠭ᠃ | 3. ᠡᠵᠢ ᠠᠪᠤ ᠨᠢ ᠬᠡᠣᠬᠡᠳ ᠢᠶᠠᠨ ᠦᠷᠬᠦᠯᠵᠢ ᠵᠢᠮᠡᠯᠡᠨ᠎ᠡ᠃ ᠵᠠᠷᠢᠮ ᠭᠡᠷ ᠤᠨ ᠠᠬᠠᠮᠠᠳ ᠬᠡᠣᠬᠡᠳ ᠢᠶᠠᠨ | ᠵᠣᠷᠢᠬᠵᠢᠭᠤᠯᠣᠨ᠎ᠠ᠃ ᠬᠠᠲᠠᠭᠤ ᠴᠢᠩᠭ᠎ᠠ ᠡᠵᠢ ᠠᠪᠤ ᠬᠡᠣᠬᠡᠳ ᠤᠨ ᠢᠶᠠᠨ ᠠᠯᠳᠠᠭ᠎ᠠ ᠪᠣᠷᠣᠭᠤ ᠭᠠᠷᠭᠠᠬᠤ ᠶᠢ | ᠠᠭᠤᠴᠢᠯᠠᠬᠤ ᠦᠭᠡᠢ᠂ ᠠᠯᠳᠠᠭ᠎ᠠ ᠪᠣᠷᠣᠭᠤ ᠭᠠᠷᠭᠠᠪᠠᠯ ᠬᠠᠷᠢᠶᠠᠨ ᠵᠣᠳᠣᠵᠣ᠂ ᠬᠡᠣᠬᠡᠳ ᠢ ᠠᠯᠪᠠᠳᠠᠵᠣ ᠪᠠᠶᠢᠭᠠᠳ | ᠬᠤᠳᠠᠯ ᠬᠡᠯᠡᠬᠦ ᠮᠠᠭᠤ ᠳᠠᠳᠬᠠᠯ ᠲᠠᠢ ᠪᠣᠯᠭᠠᠨ᠎ᠠ᠃ ᠡᠭᠦᠨ ᠠᠴᠠ ᠪᠣᠯᠵᠣ ᠬᠡᠣᠬᠡᠳ ᠤᠳ ᠬᠠᠷᠢᠭᠤᠴᠠᠯᠭ᠎ᠠ ᠶᠢ ᠲᠦᠯᠬᠢᠭᠦ | ᠮᠠᠭᠤ ᠳᠠᠳᠬᠠᠯ ᠲᠠᠢ ᠪᠣᠯᠴᠢᠬᠠᠨ᠎ᠠ᠃ ᠪᠣᠷᠣᠭᠤᠰᠢᠶᠠᠯ ᠤᠨ ᠳᠣᠮᠳᠠ ᠦᠰᠦᠨ ᠪᠤᠶᠢᠵᠢᠭᠰᠠᠨ ᠬᠡᠣᠬᠡᠳ ᠠᠮᠠᠷᠬᠠᠨ | ᠣᠷᠴᠢᠯᠠᠩ ᠳᠤ ᠰᠢᠯᠲᠠᠵᠣ᠂ ᠣᠯᠠᠨ ᠳᠤ ᠭᠤᠮᠣᠳᠠᠳᠠᠭ᠃ ᠬᠡᠣᠬᠡᠳ ᠬᠤᠳᠠᠯ ᠶᠠᠷᠢᠳᠠᠭ ᠨᠢ ᠡᠵᠢ ᠠᠪᠤ ᠨᠢ ᠦᠷᠬᠦᠯᠵᠢ | ᠲᠠᠳᠠᠨ ᠢ ᠪᠣᠷᠣᠭᠤᠰᠢᠶᠠᠨ ᠵᠢᠮᠡᠯᠡᠭᠰᠡᠨ ᠠᠴᠠ ᠪᠣᠯᠣᠭᠰᠠᠨ ᠭᠡᠰᠡᠨ ᠢ ᠮᠡᠳᠡᠵᠣ ᠪᠣᠯᠣᠨ᠎ᠡ᠃ ᠨᠢᠭᠡᠨ ᠣᠢ ᠪᠢᠯᠢᠭ ᠲᠠᠢ | ᠡᠵᠢ ᠠᠪᠤ ᠨᠢ ᠶᠠᠮᠠᠷᠪᠠ ᠨᠢᠭᠡᠨ ᠬᠡᠣᠬᠡᠳ ᠴᠦᠮ ᠪᠣᠷᠣᠭᠤ ᠭᠠᠷᠭᠠᠵᠣ᠂ ᠪᠣᠷᠣᠭᠤ ᠪᠠᠨ ᠮᠡᠳᠡᠷᠡᠬᠦ᠂ ᠪᠣᠷᠣᠭᠤ ᠪᠠᠨ | ᠲᠠᠨᠢᠬᠤ ᠶᠠᠪᠣᠴᠠ ᠶᠢ ᠦᠩᠭᠡᠷᠡᠭᠦᠯᠳᠡᠭ ᠭᠡᠰᠡᠨ ᠢ ᠰᠠᠶᠢᠨ ᠣᠶᠢᠯᠠᠭᠠᠨ᠎ᠠ᠃ ᠪᠣᠷᠣᠭᠤ ᠪᠠᠨ ᠬᠠᠯᠠᠨ ᠰᠠᠶᠢᠵᠢᠷᠠᠭᠤᠯᠬᠤ | ᠳᠣᠮᠳᠠ ᠪᠠᠨ ᠠᠯᠳᠠᠭ᠎ᠠ ᠭᠠᠷᠭᠠᠵᠣ ᠪᠣᠯᠬᠤ ᠦᠭᠡᠢ ᠭᠡᠰᠡᠨ ᠱᠠᠭᠠᠷᠳᠠᠯᠭ᠎ᠠ ᠨᠢ ᠬᠡᠣᠬᠡᠳ ᠢᠶᠠᠨ ᠬᠤᠣᠷᠯᠠᠵᠣ ᠪᠠᠶᠢᠬᠤ ᠨᠢ | ᠲᠡᠷᠡ᠃ ᠡᠶᠢᠮᠣ ᠠᠴᠠ ᠲᠡᠳᠡ ᠬᠡᠣᠬᠡᠳ ᠢᠶᠠᠨ ᠬᠦᠯᠢᠴᠡᠩᠭᠦᠢ ᠪᠠᠷ ᠬᠠᠪᠰᠣᠷᠣᠨ ᠪᠣᠷᠣᠭᠤ ᠶᠢ ᠨᠢ ᠵᠠᠯᠠᠷᠠᠭᠤᠯᠵᠣ᠂ | ᠲᠡᠳᠡᠨ ᠢ ᠦᠪᠡᠷ ᠤᠨ ᠪᠣᠷᠣᠭᠤ ᠠᠵᠢᠯᠯᠠᠭ᠎ᠠ ᠠᠴᠠ ᠪᠣᠯᠣᠭᠰᠠᠨ ᠦᠷ᠎ᠡ ᠳ᠋ᠦᠩ ᠢ ᠮᠡᠳᠡᠭᠦᠯᠦᠨ᠎ᠡ᠃ ᠡᠨᠡ ᠨᠢ ᠳᠠᠷᠦᠢ | ᠪᠢᠳᠡᠨ ᠤ ᠶᠡᠷᠣᠳᠡᠭᠡᠨ ᠶᠠᠷᠢᠳᠠᠭ ᠦᠪᠡᠷ ᠤᠨ ᠬᠢᠭᠰᠡᠨ ᠣᠴᠢᠷ ᠢᠶᠠᠨ ᠦᠪᠡᠷ ᠢᠶᠠᠨ ᠠᠮᠰᠠᠨ᠎ᠠ᠂ ᠬᠡᠣᠬᠡᠳ ᠢ ᠦᠪᠡᠷ ᠤᠨ | ᠦᠢᠯᠡ ᠠᠵᠢᠯᠯᠠᠭ᠎ᠠ ᠳᠤ ᠪᠠᠨ ᠦᠪᠡᠷ ᠢᠶᠠᠨ ᠬᠠᠷᠢᠭᠤᠴᠠᠵᠣ ᠰᠣᠷᠭᠠᠨ᠎ᠠ᠃ ᠡᠨᠡ ᠪᠣᠯ ᠣᠢ ᠪᠢᠯᠢᠭᠲᠦ ᠡᠵᠢ ᠠᠪᠤ ᠳᠤ | ᠲᠣᠭᠠᠴᠢᠭᠳᠠᠨ᠎ᠠ᠃ | 4. ᠡᠵᠢ ᠠᠪᠤ ᠨᠢ ᠬᠡᠣᠬᠡᠳ ᠢᠶᠠᠨ ᠰᠡᠵᠢᠭᠯᠡᠨ᠎ᠡ᠃ ᠭᠡᠪᠡᠴᠤ ᠵᠠᠷᠢᠮ ᠡᠵᠢ ᠠᠪᠤ ᠨᠢ ᠬᠡᠣᠬᠡᠳ ᠢᠶᠠᠨ | ᠢᠳᠡᠭᠡᠨ᠎ᠡ᠃ ᠵᠠᠷᠢᠮ ᠡᠵᠢ ᠠᠪᠤ ᠨᠢ ᠰᠡᠵᠢᠭ ᠶᠡᠬᠡᠲᠠᠢ᠂ ᠶᠡᠷᠣᠳᠡᠭᠡᠨ ᠬᠡᠣᠬᠡᠳ ᠢᠶᠠᠨ ᠰᠡᠵᠢᠭᠯᠡᠯ ᠤᠨ ᠬᠠᠷᠠᠴᠠ ᠪᠠᠷ | ᠬᠠᠷᠠᠵᠣ ᠲᠡᠳᠡᠨ ᠢ ᠰᠠᠶᠢᠨ ᠶᠠᠪᠣᠳᠠᠯ ᠬᠢᠬᠦ ᠶᠢ ᠢᠲᠡᠭᠡᠬᠦ ᠦᠭᠡᠢ᠂ ᠭᠡᠷ ᠲᠤ ᠬᠢ ᠵᠣᠭᠤᠰ ᠢ ᠬᠤᠯᠣᠭᠠᠶᠢᠯᠠᠭᠰᠠᠨ | ᠵᠠᠩ ᠢᠶᠠᠨ ᠬᠡᠵᠢᠶᠡᠲᠡ ᠬᠠᠯᠠᠬᠤ ᠦᠭᠡᠢ ᠭᠡᠵᠦ ᠬᠡᠣᠬᠡᠳ ᠢᠶᠠᠨ ᠬᠤᠳᠠᠯ ᠬᠡᠯᠡᠭᠴᠢ ᠳᠤ ᠲᠣᠭᠠᠴᠢᠨ᠂ ᠲᠡᠳᠡᠨ ᠢ ᠢᠲᠡᠭᠡᠬᠦ | ᠦᠭᠡᠢ᠃ ᠶᠡᠷᠣ ᠳᠤ ᠪᠠᠨ ᠬᠡᠣᠬᠡᠳ ᠤᠨ ᠬᠤᠳᠠᠯ ᠬᠡᠯᠡᠭᠰᠡᠨ ᠢ ᠲᠠᠲᠠᠨ ᠭᠠᠷᠭᠠᠳᠠᠭ᠃ ᠭᠡᠲᠡᠯ᠎ᠡ ᠣᠢ ᠪᠢᠯᠢᠭᠳᠦ ᠡᠵᠢ ᠠᠪᠤ | ᠬᠡᠵᠢᠶᠡᠲᠡ ᠬᠡᠣᠬᠡᠳ ᠢᠶᠠᠨ ᠢᠳᠡᠭᠡᠯ ᠳᠦᠭᠦᠷᠡᠩ ᠬᠠᠷᠠᠴᠠ ᠪᠠᠷ ᠬᠠᠷᠠᠵᠣ᠂ ᠬᠡᠣᠬᠡᠳ ᠨᠢ ᠠᠯᠳᠠᠭ᠎ᠠ ᠪᠣᠷᠣᠭᠤ | ᠭᠠᠷᠭᠠᠭᠰᠠᠨ ᠴᠦ ᠬᠢᠯᠠᠯᠵᠠᠭᠰᠠᠨ ᠴᠢᠭ ᠢ ᠣᠯᠵᠣ ᠬᠠᠷᠠᠭᠰᠠᠨ ᠬᠠᠷᠠᠴᠠ ᠪᠠᠷ ᠬᠠᠷᠠᠳᠠᠭ ᠪᠠᠶᠢᠨ᠎ᠠ᠃ ᠡᠶᠢᠮᠦ ᠪᠣᠯᠬᠤᠯᠠᠷ | ᠬᠡᠣᠬᠡᠳ ᠦᠪᠡᠷ ᠤᠨ ᠢᠳᠡᠪᠬᠢᠲᠠᠢ ᠨᠢᠭᠡ ᠲᠠᠯ᠎ᠠ ᠪᠠᠨ ᠴᠢᠷᠮᠠᠶᠢᠨ ᠪᠠᠳᠠᠷᠠᠭᠤᠯᠵᠣ᠂ ᠡ᠊ᠨᠡ ᠭᠦ ᠢᠲᠡᠭᠡᠯ ᠢᠶᠠᠨ | ᠠᠯᠳᠠᠬᠤ ᠠᠴᠠ ᠲᠦᠢᠯ ᠢᠶᠠᠷ ᠬᠢᠴᠢᠶᠡᠳᠡᠭ ᠪᠠᠶᠢᠯ᠎ᠠ᠃ ᠮᠡᠳᠡᠷᠡᠬᠦ ᠶᠢᠨ ᠳᠣᠮᠳᠠ ᠦᠰᠦᠨ ᠪᠤᠶᠢᠵᠢᠭᠰᠠᠨ ᠬᠡᠣᠬᠡᠳ | ᠵᠣᠷᠢᠯᠲᠠ ᠲᠠᠢ᠂ ᠦᠪᠡᠷ ᠪᠣᠰᠣᠳ ᠢ ᠬᠠᠶᠢᠷᠠᠯᠠᠬᠤ ᠶᠢ ᠮᠡᠳᠡᠵᠦ᠂ ᠣᠯᠠᠮ ᠰᠢᠯᠢᠳᠡᠭ ᠪᠣᠯᠣᠨ᠎ᠠ᠃ | 5. ᠡᠵᠢ ᠠᠪᠤ ᠨᠢ ᠬᠡᠣᠬᠡᠳ ᠢᠶᠠᠨ ᠴᠢᠯᠦᠭᠡᠲᠠᠢ ᠭᠦᠭᠵᠢᠭᠦᠯᠦᠨ᠎ᠠ᠂ ᠭᠡᠪᠡᠴᠤ ᠵᠠᠷᠢᠮ ᠨᠢ ᠬᠡᠣᠬᠡᠳ ᠢᠶᠠᠨ | ᠴᠢᠩᠭ᠎ᠠ ᠱᠠᠭᠠᠷᠳᠠᠨ᠎ᠠ᠃ ᠮᠣᠩᠬᠠᠭ ᠡᠬᠡ ᠡᠴᠢᠭᠡ ᠬᠡᠣᠬᠡᠳ ᠤᠨ ᠰᠠᠨᠠᠭ᠎ᠠ ᠪᠠᠷ᠂ ᠬᠡᠣᠬᠡᠳ ᠨᠢ ᠶᠠᠭᠤ ᠠᠪᠬᠤ ᠭᠡᠪᠡᠯ | ᠲᠡᠭᠦᠨ ᠢ ᠠᠪᠴᠦ ᠦᠭᠭᠦᠵᠦ᠂ ᠶᠠᠭᠠᠬᠢᠬᠤ ᠭᠡᠪᠡᠯ ᠲᠡᠭᠡᠵᠦ᠂ ᠪᠣᠳᠣᠭᠰᠠᠨ ᠪᠣᠳᠣᠯ ᠢᠶᠠᠷ᠂ ᠰᠠᠨᠠᠭᠰᠠᠨ ᠰᠠᠨᠠᠭ᠎ᠠ ᠪᠠᠷ ᠨᠢ | ᠪᠡᠶᠡᠯᠡᠭᠦᠯᠳᠡᠭ᠂ ᠬᠡᠣᠬᠡᠳ ᠤᠨ ᠶᠠᠭᠤ ᠬᠢᠪᠡᠯ ᠲᠠᠭᠠᠷᠠᠨ᠎ᠠ᠂ ᠶᠠᠭᠤ ᠬᠢᠪᠡᠯ ᠲᠠᠭᠠᠷᠠᠬᠤ ᠦᠭᠡᠢ ᠭᠡᠰᠡᠨ ᠢ ᠬᠠᠮᠢᠶᠠᠷᠬᠤ | ᠦᠭᠡᠢ᠂ ᠢᠩᠭᠢᠭᠰᠡᠨ ᠠᠴᠠ ᠬᠡᠣᠬᠡᠳ ᠨᠢ ᠶᠣᠰᠣ ᠪᠣᠰᠣ ᠠᠭᠠᠰᠢᠯᠠᠨ ᠴᠢᠨᠠᠭᠰᠢᠯᠠᠪᠠᠯ ᠬᠠᠣᠯᠢ ᠶᠣᠰᠣ ᠠᠴᠠ ᠵᠦᠷᠢᠴᠡᠬᠦ | ᠠᠵᠢᠯᠯᠠᠭ᠎ᠠ ᠬᠢᠳᠡᠭ ᠪᠠᠶᠢᠨ᠎ᠡ᠃ ᠴᠢᠩᠭᠢᠭᠡᠳ ᠬᠡᠣᠬᠡᠳ ᠤᠨ ᠢᠶᠠᠨ ᠨᠢᠭᠡ ᠨᠠᠰᠣ ᠶᠢ ᠬᠤᠣᠷᠯᠠᠴᠢᠬᠠᠨᠠ᠃ ᠨᠢᠭᠡᠨ ᠣᠢ | ᠪᠢᠯᠢᠭ ᠲᠠᠢ ᠡᠵᠢ ᠠᠪᠤ ᠨᠢ ᠬᠡᠣᠬᠡᠳ ᠢ ᠬᠠᠮᠢᠶᠠᠷᠤᠨ ᠳᠦᠷᠢᠮ ᠢ ᠰᠣᠷᠣᠯᠴᠠᠬᠤ ᠴᠢᠬᠤᠯᠠᠲᠠᠢ ᠭᠡᠵᠣ ᠦᠵᠡᠳᠡᠭ᠃ ᠭᠠᠷ | ᠠᠴᠠ ᠰᠠᠯᠭᠠᠬᠤ ᠨᠢ ᠳᠣᠷ᠎ᠠ ᠪᠠᠷ ᠨᠢ ᠲᠠᠯᠪᠢᠬᠤ ᠶᠠᠪᠣᠳᠠᠯ ᠪᠢᠰᠢ᠂ ᠬᠠᠶᠢᠷᠠᠯᠠᠵᠣ ᠬᠠᠷᠠᠭᠠᠯᠵᠠᠬᠤ ᠨᠢ ᠬᠡᠲᠣᠷᠬᠡᠢ | ᠬᠠᠶᠢᠷᠠᠯᠠᠬᠤ ᠶᠠᠪᠣᠳᠠᠯ ᠪᠢᠰᠢ᠃ ᠬᠡᠣᠬᠡᠳ ᠤᠳ ᠬᠠᠷᠠᠬᠠᠨ ᠪᠠᠭ᠎ᠠ ᠠᠴᠠ ᠪᠠᠨ ᠰᠠᠶᠢᠨ ᠳᠠᠳᠬᠠᠯ ᠢ ᠬᠦᠮᠦᠵᠢᠭᠦᠯᠬᠦ ᠨᠢ | ᠬᠡᠣᠬᠡᠳ ᠤᠨ ᠢᠶᠠᠨ ᠨᠢᠭᠡ ᠨᠠᠰᠣᠨ ᠳᠤ ᠬᠠᠷᠢᠭᠤᠴᠠᠵᠣ ᠪᠠᠶᠢᠬᠤ ᠲᠠᠢ ᠠᠳᠠᠯᠢ᠃ ᠬᠡᠣᠬᠡᠳ ᠢᠶᠠᠨ ᠬᠠᠶᠢᠷᠠᠯᠠᠬᠤ ᠳᠤ ᠣᠢ | ᠪᠢᠯᠢᠭ ᠬᠡᠷᠡᠭᠲᠡᠢ᠂ ᠣᠢ ᠪᠢᠯᠢᠭ ᠲᠠᠢ ᠡᠵᠢ ᠠᠪᠤ ᠨᠢ ᠬᠡᠣᠬᠡᠳ ᠤᠨ ᠡᠨᠡ ᠡᠳᠦᠷ ᠶᠠᠭᠤ ᠣᠯᠬᠤ ᠶᠢ ᠪᠣᠳᠣᠯᠬᠢᠯᠠᠬᠤ | ᠦᠭᠡᠢ ᠬᠠᠷᠢᠨ ᠮᠠᠷᠭᠠᠰᠢ ᠶᠠᠭᠤ ᠶᠢ ᠬᠡᠷᠡᠭᠯᠡᠵᠦ ᠳᠡᠶᠢᠯᠬᠦ ᠶᠢ ᠪᠣᠳᠣᠯᠬᠢᠯᠠᠳᠠᠭ ᠶᠣᠮ᠃ ᠲᠠᠭᠡᠪᠠᠯ ᠭᠡᠷ ᠤᠨ ᠠᠬᠠᠮᠠᠳ | ᠪᠣᠯᠣᠭᠰᠠᠳ ᠬᠡᠣᠬᠡᠳ ᠢᠶᠠᠨ ᠬᠡᠷᠬᠢᠨ ᠬᠠᠶᠢᠷᠠᠯᠠᠪᠠᠯ ᠵᠤᠬᠢᠬᠤ ᠪᠣᠢ︖ ᠳᠣᠣᠷ᠎ᠠ ᠪᠢᠳᠡ ᠡᠨᠡ ᠠᠰᠠᠭᠤᠳᠠᠯ ᠢ | ᠬᠠᠮᠲᠣ ᠪᠠᠷ ᠶᠠᠷᠢᠯᠴᠠᠶ᠎ᠠ᠃ | 1. ᠬᠠᠶᠢᠷ᠎ᠠ ᠰᠢᠩᠭᠡᠭᠰᠡᠨ ᠬᠠᠷᠠᠴᠠ ᠪᠠᠷ ᠬᠡᠣᠬᠡᠳ ᠢᠶᠠᠨ ᠬᠠᠷᠠᠬᠤ ᠬᠡᠷᠡᠭᠲᠡᠢ᠃ ᠬᠠᠶᠢᠷ᠎ᠠ ᠰᠢᠩᠭᠡᠭᠰᠡᠨ ᠬᠠᠷᠠᠴᠠ | ᠪᠣᠯ ᠬᠡᠣᠬᠡᠳ ᠤᠨ ᠦᠰᠦᠨ ᠪᠤᠶᠢᠵᠢᠯᠲᠠ ᠶᠢᠨ ᠰᠢᠮ᠎ᠡ ᠲᠡᠵᠢᠭᠡᠯ ᠮᠦᠨ᠃ ᠪᠢᠳᠡ ᠬᠡᠣᠬᠡᠳ ᠲᠠᠢ ᠪᠠᠨ ᠬᠠᠷᠢᠯᠴᠠᠬᠤ | ᠦᠶᠡᠰ ᠬᠠᠶᠢᠷ᠎ᠠ ᠰᠢᠩᠭᠡᠭᠰᠡᠨ ᠬᠠᠷᠠᠴᠠ ᠨᠢ ᠶᠡᠷᠣ ᠨᠢ ᠦᠭᠡ ᠶᠠᠷᠢᠶ᠎ᠠ ᠶᠢᠨ ᠬᠦᠴᠦᠨ ᠠᠴᠠ ᠶᠡᠭᠡ ᠪᠠᠶᠢᠳᠠᠭ | ᠶᠣᠮ᠃ ᠶᠠᠫᠦᠨ ᠳᠤ ᠨᠢᠭᠡᠨ ᠡᠷᠳᠡᠮᠲᠡᠨ ᠪᠠᠶᠢᠳᠠᠭ ᠭᠡᠨ᠎ᠠ᠃ ᠣᠬᠢᠯᠠᠨ ᠠᠭᠠᠰᠢᠯᠠᠳᠠᠭ ᠬᠡᠣᠬᠡᠳ ᠲᠡᠭᠦᠨ ᠢ ᠦᠵᠡᠭᠰᠡᠭᠡᠷ | ᠣᠬᠢᠯᠠᠬᠤ ᠪᠠᠨ ᠵᠣᠭᠰᠣᠴᠢᠬᠠᠳᠠᠬ ᠭᠡᠳᠡᠭ᠃ ᠲᠠᠷᠠ ᠦᠷᠭᠦᠯᠵᠢ᠄ ︽ᠬᠤᠶᠠᠷᠬᠠᠨ ᠨᠠᠰᠣᠲᠠᠢ ᠬᠡᠣᠬᠡᠳ ᠴᠣ᠋ ᠣᠴᠢᠷ | ᠶᠣᠰᠣ ᠶᠢ ᠮᠡᠳᠡᠭᠰᠡᠭᠡᠷ ᠦᠪᠡᠷ ᠢ ᠪᠠᠨ ᠡᠵᠡᠮᠰᠢᠵᠣ ᠴᠢᠳᠠᠨ᠎ᠠ︾ ᠭᠡᠵᠤ ᠭᠡᠯᠠᠳᠡᠭ᠃ ᠡᠵᠢ ᠠᠪᠤ ᠨᠢ ᠬᠡᠣᠬᠡᠳ ᠲᠤ ᠪᠠᠨ | ᠲᠣᠩ ᠬᠠᠶᠢᠷᠠᠲᠠᠢ᠂ ᠭᠡᠲᠡᠯ᠎ᠡ ᠨᠢᠳᠣᠨ ᠳᠤ ᠪᠠᠨ ᠬᠡᠴᠢᠨᠡᠨ ᠬᠠᠶᠢᠷ᠎ᠠ ᠢᠯᠠᠷᠠᠭᠦᠯᠳᠡᠭ ᠢ ᠮᠠᠳᠠᠭᠦ ᠦᠭᠡᠢ᠃ ᠲᠠᠶᠢᠮᠦ | ᠪᠤᠯᠬᠤᠷ ᠬᠠᠶᠢᠷ᠎ᠠ ᠰᠢᠩᠭᠡᠭᠰᠡᠨ ᠬᠠᠷᠠᠴᠠ ᠪᠠᠷ ᠭᠡᠤᠭᠡᠳ ᠢ ᠪᠠᠨ ᠦᠷᠭᠦᠯᠵᠢ ᠬᠠᠷᠠᠵᠤ ᠪᠠᠶᠢᠬᠤ ᠨᠢ ᠴᠢᠬᠤᠯᠠ ᠰᠢᠤ᠃ | 2. ᠬᠠᠶᠢᠷ᠎ᠠ ᠶᠢᠨ ᠢᠨᠢᠶᠡᠳᠣ ᠪᠠᠷ ᠬᠡᠣᠬᠡᠳ ᠲᠤ ᠪᠠᠨ ᠬᠠᠨᠳᠣᠨ᠎ᠠ᠃ ᠬᠡᠣᠬᠡᠳ ᠲᠤ ᠠᠪᠴᠣ ᠬᠡᠯᠡᠪᠡᠯ ᠠᠪᠤ | ᠡᠵᠢ ᠶᠢᠨ ᠦᠩᠭᠡ ᠵᠢᠰᠣ ᠶᠢᠨ ᠢᠯᠠᠷᠠᠯ ᠨᠢ ᠲᠣᠩ ᠴᠢᠬᠤᠯᠠ ᠶᠣᠮ᠃ ᠢᠨᠢᠶᠡᠮᠰᠣᠭ᠍ᠯᠡᠬᠦ ᠨᠢ ᠲᠡᠭᠦᠨ ᠢ ᠣᠯᠵᠣ | ᠬᠠᠷᠠᠳᠠᠭ ᠬᠦᠮᠦᠨ ᠪᠦᠬᠦᠨ ᠳᠤ ᠴᠦᠮ ᠬᠠᠯᠠᠭᠤᠮᠰᠤᠭ ᠰᠠᠨᠠᠭᠳᠠᠨ᠎ᠠ᠂ ᠢᠨᠢᠶᠡᠮᠰᠣᠭ᠍ᠯᠡᠬᠦ ᠨᠢ ᠶᠠᠭ ᠯᠡ ᠡᠭᠦᠯᠡᠨ | ᠵᠠᠪᠰᠠᠷ ᠠᠴᠠ ᠨᠠᠷᠠ ᠭᠠᠷᠣᠭᠰᠠᠨ ᠰᠢᠬ ᠬᠦᠮᠦᠨ ᠳᠤ ᠡᠶᠡᠪᠡᠷᠭᠦᠤ ᠳᠣᠯᠠᠭᠠᠨ ᠰᠠᠨᠠᠭᠳᠠᠨ᠎ᠠ᠃ ᠬᠡᠣᠬᠡᠳ ᠶᠡᠷᠣ ᠨᠢ | ᠢᠨᠢᠶᠡᠬᠦ ᠳᠣᠷᠠᠲᠠᠢ ᠬᠦᠮᠦᠨ ᠲᠠᠢ ᠣᠶᠢᠷᠠᠲᠣᠬᠤ ᠳᠣᠷᠠᠲᠠᠢ᠂ ᠢᠨᠢᠶᠡᠳᠦ ᠪᠣᠯ ᠬᠠᠶᠢᠷ᠎ᠠ ᠰᠢᠩᠭᠡᠭᠰᠡᠨ ᠦᠭᠡ ᠬᠡᠯᠡ | ᠮᠦᠨ᠃ ᠴᠢ ᠲᠡᠭᠦᠨ ᠤ ᠦᠭᠡᠳᠡ ᠬᠠᠨᠳᠦᠨ ᠢᠨᠢᠶᠡᠮᠰᠦᠭᠯᠡᠭᠰᠡᠨ ᠨᠢ ᠴᠢᠨᠦ ᠳᠣᠲᠣᠭᠠᠳᠣ ᠰᠡᠳᠬᠢᠯᠭᠡ ᠪᠠᠨ | ᠢᠯᠡᠳᠭᠡᠵᠦ ᠪᠠᠶᠢᠬᠤ ᠨᠢ ᠲᠡᠷᠡ᠃ ᠬᠠᠷᠠᠬᠠᠨ ᠪᠠᠭ᠎ᠠ ᠠᠴᠠ ᠪᠠᠨ ᠢᠨᠢᠶᠡᠮᠰᠣᠭ᠍ᠯᠡᠯ ᠤᠨ ᠳᠣᠮᠳᠠ ᠦᠰᠦᠨ ᠪᠤᠶᠢᠵᠢᠭᠰᠠᠨ | ᠬᠡᠣᠬᠡᠳ ᠢᠳᠡᠪᠬᠢ ᠪᠠᠶᠠᠰᠣᠩᠭᠤᠢ ᠰᠡᠳᠬᠢᠯᠭᠡ ᠲᠠᠢ ᠪᠣᠯᠳᠠᠭ᠃ ᠡᠶᠢᠮᠦ ᠠᠴᠠ ᠭᠡᠷ ᠤᠨ ᠠᠬᠠᠮᠠᠳ ᠬᠡᠣᠬᠡᠳ ᠲᠠᠢ ᠪᠠᠨ | ᠢᠯᠡᠭᠦᠬᠡᠨ ᠢᠨᠢᠶᠡᠮᠰᠦᠭ ᠤᠪᠤᠷ ᠢᠶᠠᠷ ᠬᠠᠷᠢᠯᠴᠠᠪᠠᠯ ᠵᠣᠬᠢᠨ᠎ᠡ᠃ | 3. ᠬᠠᠶᠢᠷ᠎ᠠ ᠰᠢᠩᠭᠡᠭᠰᠡᠨ ᠦᠭᠡ ᠶᠠᠷᠢᠶ᠎ᠠ ᠪᠠᠷ ᠬᠡᠣᠬᠡᠳ ᠢᠶᠠᠨ ᠵᠣᠷᠢᠬᠵᠢᠭᠤᠯᠬᠤ ᠬᠡᠷᠡᠭᠲᠡᠢ᠃ ᠦᠭᠡ ᠶᠠᠷᠢᠶ᠎ᠠ | ᠬᠦᠮᠦᠨ ᠢ ᠤᠷᠤᠭᠰᠢᠯᠠᠭᠤᠯᠵᠤ ᠴᠢᠳᠠᠨ᠎ᠠ᠂ ᠪᠠᠰᠠ ᠬᠦᠨᠦᠭᠡᠵᠦ ᠳᠡᠶᠢᠯᠦᠨ᠎ᠡ᠃ ᠵᠢᠱᠢᠶᠡᠯᠡᠪᠡᠯ᠂ ᠪᠢᠳᠡᠨ ᠤ ᠦᠷᠬᠦᠯᠵᠢ | ᠬᠡᠷᠡᠭᠯᠡᠬᠦ ︽ᠮᠠᠰᠢ ᠰᠠᠶᠢᠨ ᠪᠣᠯᠣᠯ᠎ᠠ︾ ᠭᠡᠰᠡᠨ ᠦᠭᠡ ᠬᠦᠮᠦᠨ ᠢ ᠵᠣᠷᠢᠬᠵᠢᠭᠤᠯᠦᠨᠠ᠃ ︽ᠪᠠᠯᠠᠢ ᠪᠣᠯᠵᠠᠢ᠂ | ᠪᠠᠷᠠᠭᠰᠠᠨ ᠬᠡᠷᠡᠭ ᠡ︾ ᠭᠡᠬᠦ ᠮᠠᠳᠤ ᠶᠢᠨ ᠦᠭᠡ ᠨᠢ ᠪᠣᠰᠣᠳ ᠲᠤ ᠴᠣᠬᠢᠯᠲᠠ ᠦᠭᠳᠡᠭ᠃ ᠪᠣᠰᠣᠳ ᠤᠨ | ᠪᠠᠲᠦᠯᠠᠭ᠎ᠠ ᠶᠢᠨ ᠳᠣᠮᠳᠠ ᠦᠰᠦᠭᠰᠡᠨ ᠬᠡᠣᠬᠡᠳ ᠦᠪᠡᠷ ᠪᠣᠰᠣᠳ ᠢ ᠬᠠᠶᠢᠷᠠᠯᠠᠨ᠎ᠠ᠂ ᠪᠣᠰᠣᠳ ᠤᠨ ᠦᠭᠡᠶᠢᠰᠭᠡᠯ ᠤᠨ | ᠳᠣᠮᠳᠠ ᠦᠰᠣᠭ᠍ᠰᠡᠨ ᠬᠡᠣᠬᠡᠳ ᠪᠠᠷᠢᠵᠣ ᠲᠠᠯᠪᠢᠬᠤ ᠪᠠᠨ ᠠᠯᠳᠠᠨ᠎ᠠ᠃ | 4. ᠬᠠᠶᠢᠷ᠎ᠠ ᠪᠠᠷ ᠬᠠᠮᠢᠶᠠᠷᠤᠨ ᠰᠣᠷᠭᠠᠨ᠎ᠠ᠃ ᠬᠡᠣᠬᠡᠳ ᠢᠶᠠᠨ ᠬᠠᠶᠢᠷᠠᠯᠠᠬᠤ ᠨᠢ ᠬᠡᠣᠬᠡᠳ ᠢᠶᠠᠨ ᠳᠣᠷ᠎ᠠ ᠪᠠᠷ | ᠲᠠᠯᠪᠢᠬᠤ ᠶᠠᠪᠣᠳᠠᠯ ᠪᠢᠰᠢ᠃ ᠶᠠᠭ ᠯᠡ ᠯᠦ ᠵᠢᠶᠦ᠋ᠨ ᠤ ᠬᠡᠯᠡᠭᠰᠡᠨ ᠰᠢᠭ ᠢᠶᠠᠷ ︽ᠬᠡᠣᠬᠡᠳ ᠢᠶᠠᠨ ᠵᠣᠯ ᠪᠣᠰᠣ ᠬᠦᠮᠦᠨ | ᠪᠣᠯᠭᠠᠬᠤ ᠭᠡᠪᠡᠯ ᠳᠠᠷᠦᠢ ᠬᠡᠣᠬᠡᠳ ᠤᠨ ᠰᠠᠨᠠᠭᠠᠨ ᠲᠠᠪᠠ ᠪᠠᠷ ᠨᠢ ᠲᠠᠯᠪᠢᠨ᠎ᠠ︾ ᠭᠡᠰᠡᠨ ᠰᠢᠭ᠃ ᠬᠠᠶᠢᠷ᠎ᠠ ᠪᠠᠷ | ᠬᠠᠮᠢᠶᠠᠷᠤᠨ ᠰᠣᠷᠭᠠᠬᠤ ᠨᠢ ᠶᠠᠭᠠᠬᠢᠭᠰᠠᠨ ᠴᠣ᠋ ᠬᠠᠶᠢᠷ᠎ᠠ ᠶᠢ ᠲᠤᠳᠠᠭᠳᠠᠭᠤᠯᠤᠨᠠ ᠭᠡᠰᠡᠨ ᠦᠭᠡ ᠪᠢᠰᠢ᠂ | ᠬᠠᠷᠢᠭᠤᠴᠠᠯᠭ᠎ᠠ ᠪᠠ ᠠᠯᠪᠠ ᠨᠢ ᠴᠣ᠋ ᠦᠭᠡᠢ ᠪᠠᠶᠢᠵᠣ ᠪᠣᠯᠬᠤ ᠦᠭᠡᠢ᠂ ᠬᠡᠣᠬᠡᠳ ᠢᠶᠠᠨ ᠳᠣᠷ᠎ᠠ ᠪᠠᠷ ᠲᠠᠯᠪᠢᠬᠤ ᠨᠢ | ᠬᠡᠣᠬᠡᠳ ᠢᠶᠠᠨ ᠬᠤᠣᠷᠯᠠᠭᠰᠠᠨ ᠲᠠᠢ ᠠᠳᠠᠯᠢ᠃ ᠦᠷ᠎ᠡ ᠪᠦᠲᠦᠮᠵᠢᠲᠠᠢ ᠬᠠᠮᠢᠶᠠᠷᠤᠨ ᠰᠣᠷᠭᠠᠬᠤ ᠨᠢ ᠬᠠᠷᠢᠶᠠᠯ ᠢᠷᠦᠭᠡᠯ | ᠲᠠᠯᠪᠢᠬᠤ ᠶᠠᠪᠣᠳᠠᠯ ᠪᠢᠰᠢ᠂ ᠬᠠᠷᠢᠨ ᠬᠡᠣᠬᠡᠳ ᠢ ᠵᠦᠪ ᠰᠤᠷᠭᠠᠨ ᠭᠦᠮᠦᠵᠢᠭᠦᠯᠵᠤ᠂ ᠲᠡᠭᠦᠨ ᠤ ᠰᠢᠮ᠎ᠡ ᠶᠢ ᠨᠢ | ᠬᠦᠷᠲᠡᠭᠦ ᠶᠢ ᠵᠢᠭᠠᠵᠤ ᠪᠤᠢ᠃ | 5. ᠠᠪᠤ ᠡᠵᠢ ᠪᠣᠯᠣᠭᠰᠠᠳ ᠬᠡᠣᠬᠡᠳ ᠤᠨ ᠠᠯᠳᠠᠭ᠎ᠠ ᠪᠣᠷᠣᠭᠤ ᠶᠢ ᠪᠠᠭᠳᠠᠭᠠᠵᠣ ᠶᠠᠪᠣᠪᠠᠯ ᠵᠣᠬᠢᠨ᠎ᠠ᠃ ᠬᠡᠣᠬᠡᠳ | ᠴᠦᠮ ᠪᠠᠭᠳᠠᠭᠠᠬᠤ ᠶᠢ ᠬᠦᠰᠡᠨ᠎ᠡ᠃ ᠠᠯᠳᠠᠷᠲᠣ ᠰᠣᠷᠭᠠᠨ ᠬᠦᠮᠦᠵᠢᠯ ᠤᠨ ᠣᠬᠠᠭᠠᠨᠲᠠᠨ ᠰᠦᠬᠤᠮᠯᠢᠨᠧᠰᠺᠢ᠄ ︽ᠵᠠᠷᠢᠮ | ᠦᠶᠡᠰ ᠲᠤ ᠪᠠᠭᠲᠠᠭᠠᠬᠤ ᠨᠢ ᠰᠢᠭᠦᠮᠵᠢᠯᠡᠯ ᠠᠴᠠ ᠢᠯᠡᠭᠦᠦ ᠬᠦᠴᠦᠨ ᠲᠠᠢ ᠪᠠᠶᠢᠳᠠᠭ᠃ ᠠᠪᠤ ᠡᠵᠢ ᠬᠡᠣᠬᠡᠳ ᠢᠶᠠᠨ | ᠠᠭᠤᠴᠢᠯᠠᠨ ᠪᠠᠭᠳᠠᠭᠠᠵᠣ ᠶᠠᠪᠤᠪᠠᠯ ᠬᠡᠣᠬᠡᠳ ᠨᠡᠩ ᠴᠢᠯᠦᠭᠡᠲᠠᠢ ᠦᠰᠦᠨ ᠪᠤᠶᠢᠵᠢᠵᠣ ᠴᠢᠳᠠᠨ᠎ᠠ︾ ᠭᠡᠵᠡᠢ᠃ | 6. ᠬᠡᠣᠬᠡᠳ ᠲᠤ ᠬᠠᠶᠢᠷᠠᠯᠠᠬᠤ ᠵᠠᠪᠰᠢᠶᠠᠨ ᠢ ᠣᠯᠭᠤᠬᠤ ᠬᠡᠷᠡᠭᠲᠡᠢ᠃ ᠵᠢᠩᠭᠢᠨᠢ ᠬᠡᠣᠬᠡᠳ ᠢᠶᠠᠨ ᠬᠠᠶᠢᠷᠠᠯᠠᠬᠤ | ᠡᠬᠡ ᠡᠴᠢᠭᠡ ᠨᠢ ᠬᠡᠣᠬᠡᠳ ᠤᠨ ᠡᠮᠦᠨ᠎ᠡ ᠪᠠᠭᠠᠬᠠᠨ ᠳᠣᠷᠣᠢ ᠰᠢᠬ ᠪᠠᠶᠢᠪᠠᠯ ᠵᠣᠬᠢᠨ᠎ᠠ᠂ ᠬᠠᠷᠢᠨ ᠬᠡᠣᠬᠡᠳ ᠤᠨ ᠡᠮᠦᠨ᠎ᠡ | ᠳᠡᠭᠡᠷᠡᠩᠭᠦᠢ ᠪᠠᠶᠢᠵᠣ ᠪᠣᠯᠬᠤ ᠦᠭᠡᠢ᠃ ᠬᠡᠣᠬᠡᠳ ᠲᠤ ᠪᠣᠰᠣᠳ ᠢ ᠬᠠᠶᠢᠷᠠᠯᠠᠬᠤ ᠵᠠᠪᠰᠢᠶᠠᠨ ᠢ ᠤᠯᠭᠤᠬᠤ | ᠬᠡᠷᠡᠭᠲᠡᠢ᠃ ᠦᠪᠡᠷ ᠤᠨ ᠪᠠᠶ᠎ᠠ ᠪᠠᠨ ᠠᠭᠤᠯᠠ ᠪᠠᠷ ᠦᠵᠡᠵᠦ ᠬᠡᠣᠬᠡᠳ ᠢᠶᠠᠨ ᠡᠪᠡᠰᠣ ᠪᠠᠷ ᠦᠵᠡᠵᠣ᠂ | ᠬᠡᠣᠬᠡᠳ ᠲᠤ ᠪᠠᠨ ᠪᠠᠶᠢᠳᠠᠬ ᠪᠣᠷᠣᠭᠠᠨ ᠰᠠᠯᠬᠢ ᠶᠢ ᠬᠠᠯᠬᠠᠯᠠᠪᠠᠯ᠂ ᠬᠡᠣᠬᠡᠳ ᠨᠢ ᠬᠠᠷᠢᠨ ᠪᠣᠷᠣᠭᠠᠨ ᠰᠠᠯᠬᠢ ᠶᠢ | ᠲᠡᠰᠪᠣᠷᠢᠯᠡᠵᠣ ᠳᠡᠶᠢᠯᠬᠦ ᠦᠭᠡᠢ ᠪᠤᠯᠳᠠᠬ᠃ ᠬᠠᠷᠢᠨ ᠬᠡᠣᠬᠡᠳ ᠢᠶᠠᠨ ᠠᠭᠤᠯᠠ ᠭᠡᠵᠦ ᠦᠵᠡᠪᠡᠯ ᠬᠡᠣᠬᠡᠳ ᠴᠢᠨᠢ ᠰᠠᠶ᠋ᠢ | ᠠᠭᠤᠯᠠ ᠪᠣᠯᠵᠣ ᠴᠢᠳᠠᠨ᠎ᠠ᠃ ᠡᠨᠡ ᠲᠠᠯ᠎ᠠ ᠨᠢ ᠲᠦᠢᠯ ᠤᠨ ᠴᠢᠬᠤᠯᠠ ᠶᠣᠮ᠃ | ᠠᠪᠤ ᠡᠵᠢ ᠨᠢ ᠬᠠᠶᠢᠷ᠎ᠠ ᠰᠢᠩᠭᠡᠭᠰᠡᠨ ᠬᠠᠷᠠᠴᠠ ᠪᠠᠷ ᠭᠡᠤᠭᠡᠳ ᠢᠶᠠᠨ ᠬᠠᠷᠠᠵᠤ᠂ ᠬᠠᠶᠢᠷ᠎ᠠ ᠰᠢᠩᠭᠡᠭᠰᠡᠨ | ᠢᠨᠢᠶᠡᠲᠣ ᠪᠠᠷ ᠬᠡᠣᠬᠡᠳ ᠲᠤ ᠪᠠᠨ ᠬᠠᠨᠳᠣᠵᠣ᠂ ᠬᠠᠶᠢᠷ᠎ᠠ ᠰᠢᠩᠭᠡᠭᠰᠡᠨ ᠦᠭᠡ ᠶᠠᠷᠢᠶ᠎ᠠ ᠪᠠᠷ ᠬᠡᠣᠬᠡᠳ ᠢᠶᠠᠨ | ᠵᠣᠷᠢᠬᠵᠢᠭᠤᠯᠵᠣ᠂ ᠬᠠᠶᠢᠷ᠎ᠠ ᠪᠠᠷ ᠬᠠᠮᠢᠶᠠᠷᠤᠨ ᠰᠣᠷᠭᠠᠵᠤ ᠬᠠᠶᠢᠷ᠎ᠠ ᠪᠠᠷ ᠬᠡᠣᠬᠡᠳ ᠢᠶᠠᠨ ᠪᠠᠭᠲᠠᠭᠠᠵᠣ ᠬᠠᠶᠢᠷᠠᠯᠠᠬᠤ | ᠵᠠᠪᠰᠢᠶᠠᠨ ᠢ ᠬᠡᠣᠬᠡᠳ ᠲᠤ ᠪᠠᠨ ᠦᠭᠭᠦᠭᠡᠷᠡᠢ᠃ ᠬᠠᠶᠢᠷ᠎ᠠ ᠶᠢ ᠵᠦᠪ ᠲᠠᠨᠢᠵᠣ᠂ ᠬᠠᠶᠢᠷ᠎ᠠ ᠶᠢ ᠵᠦᠪ ᠬᠦᠷᠲᠡᠭᠡᠵᠦ | ᠴᠢᠳᠠᠪᠠᠯ ᠰᠠᠶ᠋ᠢ ᠵᠢᠩᠭᠢᠨᠢ ᠬᠠᠶᠢᠷ᠎ᠠ ᠳᠤ ᠲᠣᠭᠠᠴᠢᠭᠳᠠᠵᠣ ᠬᠠᠶᠢᠷ᠎ᠠ ᠶᠢᠨ ᠬᠦᠴᠦᠨ ᠬᠦᠢᠴᠡᠳ ᠪᠠᠳᠠᠷᠠᠵᠣ ᠪᠡᠶ᠎ᠡ | ᠰᠡᠳᠬᠢᠯ ᠡᠷᠡᠭᠦᠯ᠂ ᠣᠶᠣᠨ ᠣᠬᠠᠭᠠᠨ ᠡᠷᠳᠡᠮ ᠴᠢᠳᠠᠪᠣᠷᠢ ᠬᠤᠣᠰᠯᠠᠭᠰᠠᠨ ᠰᠢᠯᠢᠳᠡᠭ ᠬᠡᠣᠬᠡᠳ ᠢ ᠬᠦᠮᠦᠵᠢᠭᠦᠯᠵᠦ | ᠴᠢᠳᠠᠨ᠎ᠠ᠃ | ᠠᠵᠢᠯᠯᠠᠵᠤ ᠪᠠᠶᠢᠭ᠎ᠠ ᠪᠠᠶᠢᠭᠤᠯᠭ᠎ᠠ᠄ ᠬᠤᠷᠴᠢᠨ ᠵᠡᠭᠦᠨ ᠭᠠᠷᠣᠨ ᠳᠣᠮᠳᠠᠳᠣ ᠬᠤᠰᠢᠭᠤᠨ ᠤ | ᠪᠣᠣ ᠯᠦᠩ ᠱᠠᠨ ᠭᠤᠣᠯ ᠰᠣᠷᠭᠠᠭᠤᠯᠢ | ︵ᠠᠯᠳᠠᠨᠰᠦ᠋ᠭᠡ ᠨᠠᠶᠢᠷᠠᠭᠤᠯᠪᠠ︶ | 2023.5 ᠳ᠋ᠤᠭᠠᠷ ᠬᠤᠭᠤᠴᠠᠭ᠎ᠠ | | | |