ᠮᠤᠩᠭᠤᠯ ᠬᠡᠯᠡᠨ ᠵᠦᠢ ᠶᠢᠨ ᠵᠠᠷᠢᠮ ᠠᠭᠤᠯᠭ᠎ᠠ ᠶᠢ ᠴᠡᠭᠡᠵᠢᠯᠡᠬᠦ ᠲᠦᠭᠦᠮ ᠠᠷᠭ᠎ᠠ
ᠨᠡᠶᠢᠲᠡᠯᠡᠭᠰᠡᠨ ᠴᠠᠭ᠄
2023/12/18
                         ᠪᠣᠣ ᠬᠠᠢ

教学研究7.png

      ᠣᠬᠤᠷᠬᠠᠨ ᠬᠤᠭᠤᠴᠠᠭᠠᠨ ᠳᠤ ᠮᠤᠩᠭᠤᠯ ᠬᠡᠯᠡ ᠵᠦᠢ ᠶᠢᠨ ᠴᠢᠬᠤᠯᠠ ᠠᠭᠤᠯᠭ᠎ᠠ ᠶᠢ ᠰᠤᠷᠤᠭᠴᠢᠳ ᠲᠤ ᠪᠠᠲᠤ

ᠡᠵᠡᠮᠰᠢᠭᠦᠯᠬᠦ ᠶᠢᠨ ᠲᠥᠯᠥᠭᠡ ᠡ᠊ᠨᠳᠠ ᠬᠡᠯᠡ ᠵᠦᠢ ᠶᠢᠨ ᠵᠠᠷᠢᠮ ᠠᠭᠤᠯᠭ᠎ᠠ ᠶᠢ ᠴᠡᠭᠡᠵᠢᠯᠡᠭᠦ ᠠᠷᠭ᠎ᠠ ᠶᠢ ᠬᠡᠳᠦ

ᠳᠤᠷᠠᠳᠴᠤ ᠰᠤᠷᠤᠭᠴᠢᠳ ᠤᠨ ᠲᠦᠷᠭᠡᠨ ᠴᠡᠭᠡᠵᠢᠯᠡᠬᠦ ᠳᠤ ᠲᠤᠰᠠᠯᠠᠮᠵᠢ ᠪᠣᠯᠭᠠᠶ᠎ᠠ᠃

      ᠨᠢᠭᠡ᠂ ᠬᠤᠣᠰ ᠡᠭᠡᠰᠢᠭ ᠤᠨ ᠬᠤᠶᠠᠷ ᠲᠥᠷᠥᠯ ᠢ ᠬᠠᠷᠢᠴᠠᠭᠤᠯᠬᠤ ᠠᠷᠭ᠎ᠠ ᠬᠢᠭᠡᠳ ᠣᠨᠴᠠᠯᠢᠭ ᠢ ᠨᠢ ᠰᠢᠨᠵᠢᠬᠦ

ᠠᠷᠭ᠎ᠠ ᠪᠠᠷ ᠴᠡᠭᠡᠵᠢᠯᠡᠭᠦᠯᠦᠨ᠎ᠡ᠃ ᠤᠷᠤᠭᠤᠳᠠᠬᠤ ᠬᠤᠣᠰ ᠡᠭᠡᠰᠢᠭ ᠪᠦᠷᠢ ᠶᠢᠨ ᠰᠡᠭᠦᠯ ᠤᠨ ᠡᠭᠡᠰᠢᠭ ᠨᠢ ᠳᠠᠩᠳᠠ          

︽i︾ ᠪᠠᠶᠢᠵᠤ᠂ ᠥᠭᠰᠥᠬᠦ ᠬᠤᠣᠰ ᠡᠭᠡᠰᠢᠭ ᠤᠨ ᠰᠡᠭᠦᠯ ᠤᠨ ᠡᠭᠡᠰᠢᠭ ᠨᠢ ᠬᠠᠷᠢᠨ ᠤᠷᠤᠭᠤᠯ ᠤᠨ ᠡᠭᠡᠰᠢᠭ ᠢᠶᠠᠷ

ᠵᠣᠩᠬᠢᠯᠠᠵᠠᠢ᠃ ᠬᠤᠶᠠᠷ ᠪᠦᠯᠦᠭ ᠬᠤᠣᠰ ᠡᠭᠡᠰᠢᠭ ᠢ ᠵᠢᠭᠠᠭᠰᠠᠨ ᠤ ᠳᠠᠷᠠᠭ᠎ᠠ᠂ ︽ᠤᠷᠤᠭᠤᠳᠠᠬᠤ︾ ᠬᠢᠭᠡᠳ          

︽i︾ ᠦᠰᠦᠭ ᠤᠨ ᠤᠩᠰᠢᠯᠭ᠎ᠠ ᠠᠴᠠ ᠭᠠᠷᠲᠠᠵᠤ ᠴᠡᠭᠡᠵᠢᠯᠡᠭᠦᠯᠪᠡᠯ ᠮᠠᠷᠲᠠᠭᠳᠠᠰᠢ ᠦᠭᠡᠢ ᠪᠣᠯᠴᠢᠬᠠᠨ᠎ᠠ᠃

      ᠬᠤᠶᠠᠷ᠂ ᠬᠤᠯᠪᠣᠬᠤ ᠡᠭᠡᠰᠢᠭ ᠤᠨ ᠳᠦᠷᠢᠮ ᠢ ᠲᠥᠷᠥᠯ ᠬᠤᠪᠢᠶᠠᠵᠤ ᠭᠤᠣᠯᠳᠠᠯᠭ᠎ᠠ ᠲᠠᠢ ᠪᠠᠷ

ᠴᠡᠭᠡᠵᠢᠯᠡᠭᠦᠯᠦᠨ᠎ᠡ᠃ ᠬᠤᠯᠪᠣᠬᠤ ᠡᠭᠡᠰᠢᠭ ᠤᠨ ᠳᠦᠷᠢᠮ ᠳᠤ ᠡᠩ ᠤᠨ ᠳᠦᠷᠢᠮ ᠬᠢᠭᠡᠳ ᠣᠨᠴᠠᠭᠠᠢ ᠳᠦᠷᠢᠮ          

ᠪᠠᠶᠢᠨ᠎ᠠ᠃ ᠬᠠᠮᠤᠭ ᠠᠴᠠ ᠢᠯᠡᠭᠦᠦ ᠲᠣᠬᠢᠶᠠᠯᠳᠤᠳᠠᠭ ᠨᠢ ᠡᠩ ᠤᠨ ᠳᠦᠷᠢᠮ ᠪᠣᠯᠣᠨ᠎ᠠ᠃ ᠡᠭᠦᠨ ᠤ ᠲᠤᠬᠠᠢ ᠨᠠᠷᠢᠯᠢᠬ

ᠲᠠᠶᠢᠯᠪᠤᠷᠢᠯᠠᠭᠠᠳ ᠰᠤᠷᠤᠭᠴᠢᠳ ᠲᠤ ᠵᠢᠮ᠎ᠡ ᠶᠣᠰᠣ ᠶᠢ ᠮᠡᠳᠡᠭᠦᠯᠦᠭᠰᠡᠨ ᠤ ᠰᠡᠭᠦᠯᠡᠷ᠂ ᠡᠩ ᠤᠨ ᠳᠦᠷᠢᠮ ᠤᠨ

ᠠᠭᠤᠯᠭ᠎ᠠ ᠶᠢ ᠵᠥᠪᠬᠡᠨ ︽ᠬᠤᠪᠢᠯᠤᠭᠴᠢ ᠦᠰᠦᠭ ︵‍ᠨ᠂ ‍ᠪ᠂ ᠤᠨ᠂ ‍ᠷ᠂ ‍ᠰ᠂ ‍ᠯ︶ + ᠬᠤᠪᠢᠯᠭᠠᠭᠴᠢ ᠦᠰᠦᠭ

︵‍ᠨ᠎ᠠ᠂ ‍ᠮ᠂ ‍ᠭ᠌ ‍ᠭ᠂ ᠰᠢ᠂ ᠷᠠ᠂ ‍ᠯ᠎ᠠ᠂ ‍ᠶ᠎ᠠ᠂ ᠤᠷᠲᠤᠳᠬᠠᠯ ︿‍ᠭᠠ᠊﹀ ᠠᠶᠢᠮᠠᠭ︶᠎ ᠤᠨ ᠦᠶ᠎ᠡ ᠬᠤᠯᠪᠣᠬᠤ ᠡᠭᠡᠰᠢᠭ

ᠠᠪᠤᠨ᠎ᠠ᠂ ᠦᠭᠡᠢ ᠪᠣᠯ ᠠᠪᠬᠤ ᠦᠭᠡᠢ︾ ᠭᠡᠵᠤ ᠴᠡᠭᠡᠵᠢᠯᠡᠭᠦᠯᠦᠨ᠎ᠡ᠃ ᠳᠥᠭᠦᠮᠴᠢᠯᠡᠭᠡᠳ ︽ᠨᠡᠪᠲᠡᠷᠡᠰᠡᠯ +

ᠨᠠᠮᠤᠭᠰᠢᠷᠯᠠᠶ᠎ᠠ᠂ ᠤᠷᠲᠤᠳᠬᠠᠯ ︿‍ᠭᠠ᠊﹀ ᠠᠶᠢᠮᠠᠭ︾ ᠭᠡᠵᠤ ᠴᠡᠭᠡᠵᠢᠯᠡᠭᠦᠯᠦᠨ᠎ᠡ᠃ ᠣᠨᠴᠠᠭᠠᠢ ᠳᠦᠷᠢᠮ ᠤᠨ

ᠠᠭᠤᠯᠭ᠎ᠠ ᠶᠢ ︽ᠦᠢᠯᠡ ᠦᠭᠡ ︿ᠬᠠᠨ᠂ ᠲᠤᠨ᠂ ᠰᠤᠨ \ ᠬᠥᠪ᠂ ᠵᠢᠪ᠂ ᠴᠢᠪ᠂ ᠠᠪ \ ᠥᠭ﹀᠎ ᠲᠠᠢ

ᠬᠠᠮᠢᠶ᠎ᠠ ᠲᠠᠢ︾ ᠭᠡᠵᠤ ᠴᠡᠭᠡᠵᠢᠯᠡᠭᠦᠯᠦᠨ᠎ᠡ᠃

      ᠭᠤᠷᠪᠠ᠂ ᠦᠶ᠎ᠡ ᠪᠠᠷ ᠰᠠᠯᠭᠠᠬᠤ ᠠᠭᠤᠯᠭ᠎ᠠ ᠪᠣᠯ ᠨᠡᠯᠢᠶᠡᠳ ᠠᠮᠠᠷᠬᠠᠨ ᠪᠣᠯᠪᠠᠴᠤ ᠦᠶ᠎ᠡ ᠪᠠᠷ ᠰᠠᠯᠭᠠᠬᠤ

ᠵᠠᠷᠴᠢᠮ ᠤᠨ ᠲᠤᠬᠠᠢ ᠣᠯᠠᠩᠬᠢ ᠨᠣᠮ ᠳᠤ ᠶᠠᠷᠢᠵᠤ ᠪᠠᠶᠢᠬᠤ ᠨᠢ ᠨᠡᠯᠢᠶᠡᠳ ᠶᠠᠷᠰᠢᠭ ᠲᠠᠢ᠂ ᠨᠡᠩ ᠴᠢᠨᠠᠭᠰᠢᠳᠠ

ᠰᠤᠷᠤᠭᠴᠢᠳ ᠤᠨ ᠲᠠᠷᠢᠬᠢ ᠲᠣᠯᠣᠭᠠᠢ ᠶᠢ ᠡᠭᠡᠳᠡᠷᠡᠭᠦᠯᠬᠦ ᠪᠠᠶᠢᠳᠠᠯ ᠴᠦ ᠭᠠᠷᠳᠠᠭ᠃ ᠡᠩ ᠲᠡᠷᠢᠭᠦᠨ ᠳᠤ ᠪᠠᠭᠰᠢ ᠠᠴᠠ

ᠡᠭᠡᠰᠢᠭ ᠦᠰᠦᠭ᠂ ᠭᠡᠶᠢᠭᠦᠯᠦᠭᠴᠢ ᠦᠰᠦᠭ ᠪᠠ ᠳᠡᠪᠢᠰᠬᠡᠷ ᠦᠰᠦᠭ ᠤᠨ ᠤᠬᠠᠭᠳᠠᠬᠤᠨ ᠪᠠ ᠣᠨᠴᠠᠯᠢᠭ ᠢ ᠪᠠᠲᠤ

ᠮᠡᠳᠡᠭᠦᠯᠦᠨ᠎ᠡ᠃ ᠳᠡᠪᠢᠰᠭᠡᠷ ᠦᠰᠦᠭ ᠨᠢ ᠬᠡᠳᠦ᠋ᠢᠪᠡᠷ ᠡᠭᠡᠰᠢᠭ ᠦᠰᠦᠭ ᠬᠢᠭᠡᠳ ᠭᠡᠶᠢᠭᠦᠯᠦᠭᠴᠢ ᠦᠰᠦᠭ ᠠᠴᠠ

ᠡᠭᠦᠰᠦᠯ ᠲᠠᠢ ᠪᠣᠯᠪᠠᠴᠤ᠂ ᠮᠦᠨ ᠴᠢᠨᠠᠷ ᠤᠨ ᠢᠯᠭᠠᠭ᠎ᠠ ᠲᠠᠢ ᠭᠡᠳᠡᠭ ᠢ ᠣᠨᠴᠠ ᠰᠠᠶᠢᠨ ᠲᠠᠶᠢᠯᠪᠤᠷᠢᠯᠠᠨ᠎ᠠ᠃ ᠵᠠᠯᠭᠠᠭᠠᠳ

︽ᠡᠭᠡᠰᠢᠭ ᠦᠰᠦᠭ ᠪᠣᠯ ᠦᠶ᠎ᠡ ᠶᠢᠨ ᠭᠤᠣᠯ ᠲᠤᠯᠭᠠᠭᠤᠷᠢ ᠪᠣᠯᠣᠨ᠎ᠠ᠂ ᠬᠡᠳᠦᠨ ᠡᠭᠡᠰᠢᠭ ᠦᠰᠦᠭ ᠪᠠᠶᠢᠪᠠᠯ ᠬᠡᠳᠦᠨ

ᠦᠶ᠎ᠡ ᠪᠠᠶᠢᠨ᠎ᠠ︾ ᠭᠡᠵᠦ ᠣᠶᠢᠯᠠᠭᠠᠭᠤᠯᠤᠭᠰᠠᠨ ᠤ ᠳᠠᠷᠠᠭ᠎ᠠ ᠦᠶ᠎ᠡ ᠪᠠᠷ ᠰᠠᠯᠭᠠᠬᠤ ᠵᠠᠷᠴᠢᠮ ᠢ ︽ᠬᠤᠶᠠᠷ ᠡᠭᠡᠰᠢᠭ

︵ᠦᠰᠦᠭ︶᠎ ᠤᠨ ᠬᠤᠭᠤᠷᠣᠨᠳᠤᠬᠢ ᠭᠡᠶᠢᠭᠦᠯᠦᠭᠴᠢᠳ ︵ᠦᠰᠦᠭ︶᠎ ᠤᠨ ᠬᠠᠮᠤᠭ ᠤᠨ ᠰᠡᠭᠦᠯᠴᠢ ᠶᠢᠨ ᠭᠡᠶᠢᠭᠦᠯᠦᠭᠴᠢ

︵ᠦᠰᠦᠭ︶᠎ ᠶᠢᠨ ᠡᠮᠦᠨᠡᠭᠦᠷ ᠨᠢ ᠰᠠᠯᠭᠠᠨ᠎ᠠ︾ ᠭᠡᠵᠤ ᠴᠡᠭᠡᠵᠢᠯᠡᠭᠦᠯᠦᠨ᠎ᠡ᠃

      ᠳᠥᠷᠪᠡ᠂ ᠪᠦᠲᠦᠭᠡᠬᠦ ᠳᠠᠭᠠᠪᠤᠷᠢ ᠬᠢᠭᠡᠳ ᠬᠤᠪᠢᠯᠭᠠᠬᠤ ᠳᠠᠭᠠᠪᠤᠷᠢ ᠶᠢ ᠢᠯᠭᠠᠬᠤ ᠳᠤ᠂ ᠨᠢᠭᠡ ᠳᠤ᠂ ᠬᠤᠶᠠᠷ

ᠲᠥᠷᠥᠯ ᠤᠨ ᠳᠠᠭᠠᠪᠤᠷᠢ ᠶᠢᠨ ᠤᠬᠠᠭᠳᠠᠬᠤᠨ ᠪᠠ ᠣᠨᠴᠠᠯᠢᠭ ᠠᠴᠠ ᠨᠢ ᠭᠠᠷᠳᠠᠨ᠂ ︽ᠶᠡᠭᠡ ᠲᠥᠯᠥᠪ ᠲᠤ ᠪᠠᠨ

ᠪᠦᠲᠦᠭᠡᠬᠦ ᠳᠠᠭᠠᠪᠤᠷᠢ ᠪᠣᠯ ᠦᠭᠡᠰ ᠤᠨ ᠰᠠᠩ ᠤᠨ ᠤᠳᠬ᠎ᠠ ᠶᠢ ᠬᠤᠪᠢᠷᠠᠭᠤᠯᠤᠨ᠎ᠠ᠂ ᠬᠤᠪᠢᠯᠭᠠᠬᠤ ᠳᠠᠭᠠᠪᠤᠷᠢ ᠪᠣᠯ

ᠬᠡᠯᠡ ᠵᠦᠢ ᠶᠢᠨ ᠬᠡᠯᠪᠡᠷᠢ ᠶᠢ ᠬᠤᠪᠢᠷᠠᠭᠤᠯᠤᠨ᠎ᠠ︾ ᠭᠡᠵᠤ ᠴᠡᠭᠡᠵᠢᠯᠡᠭᠦᠯᠦᠨ᠎ᠡ᠃ ᠵᠢᠱᠢᠶᠡᠯᠡᠪᠡᠯ᠂ ︽ᠮᠠᠯ + ᠴᠢᠨ —

ᠮᠠᠯᠴᠢᠨ︾᠎ ᠳᠤ ︽ᠴᠢᠨ︾ ᠪᠣᠯ ᠦᠭᠡᠰ ᠤᠨ ᠰᠠᠩ ᠤᠨ ᠤᠳᠬ᠎ᠠ ᠶᠢ ᠬᠤᠪᠢᠷᠠᠭᠤᠯᠪᠠ᠂ ᠪᠦᠲᠦᠭᠡᠬᠦ ᠳᠠᠭᠠᠪᠤᠷᠢ

ᠪᠣᠯᠣᠨ᠎ᠠ᠃ ︽ᠮᠠᠯ +᠎ ᠤᠳ — ᠮᠠᠯ ᠤᠳ︾᠎ ᠲᠤ ︽᠎ ᠤᠳ︾ ᠪᠣᠯ ᠵᠥᠪᠬᠡᠨ ᠬᠡᠯᠡ ᠵᠦᠢ ᠶᠢᠨ ᠤᠳᠬ᠎ᠠ ᠶᠢ

ᠬᠤᠪᠢᠷᠠᠭᠤᠯᠪᠠ᠂ ᠬᠤᠪᠢᠯᠭᠠᠬᠤ ᠳᠠᠭᠠᠪᠤᠷᠢ ᠪᠣᠯᠣᠨ᠎ᠠ᠃ ᠬᠤᠶᠠᠷ ᠲᠤ᠂ ᠨᠢᠭᠡ ᠵᠦᠢᠯ ᠢ ᠨᠢ ᠭᠠᠳᠠᠭᠤᠷᠴᠢᠯᠠᠬᠤ ᠠᠷᠭ᠎ᠠ ᠶᠢ

ᠠᠰᠢᠭᠯᠠᠨ᠎ᠠ᠃ ᠦᠭᠡ ᠶᠢᠨ ᠪᠦᠲᠦᠴᠡ ᠳᠠᠬᠢ ᠬᠤᠪᠢᠯᠭᠠᠬᠤ ᠳᠠᠭᠠᠪᠤᠷᠢ ᠳᠤ ᠠᠰᠤᠷᠤ ᠣᠯᠠᠨ ᠲᠣᠭᠲᠠᠩᠭᠤᠢ ᠲᠣᠭᠲᠠᠭᠠᠯ

ᠵᠤᠷᠪᠤᠰ ᠪᠠᠶᠢᠬᠤ ᠳᠤ᠂ ᠪᠦᠲᠦᠭᠡᠬᠦ ᠳᠠᠭᠠᠪᠤᠷᠢ ᠳᠤ ᠨᠢ ᠬᠠᠷᠢᠨ ᠡᠶᠢᠮᠦ ᠲᠣᠭᠲᠠᠪᠤᠷᠢᠲᠠᠢ ᠶᠠᠭᠤᠮ᠎ᠠ ᠪᠠᠶᠢᠬᠤ          

ᠦᠭᠡᠢ᠃ ᠡᠨᠡ ᠪᠠᠶᠢᠳᠠᠯ ᠳᠤ ᠴᠢᠭᠯᠡᠭᠦᠯᠵᠦ ᠬᠤᠪᠢᠯᠭᠠᠬᠤ ᠳᠠᠭᠠᠪᠤᠷᠢ ᠶᠢᠨ ᠲᠣᠭᠲᠠᠭᠠᠯ ᠢ ᠴᠡᠭᠡᠵᠢᠯᠡᠭᠦᠯᠦᠭᠡᠳ᠂

ᠪᠤᠰᠤᠳ ᠨᠢ ᠳᠠᠷᠤᠢ ᠪᠦᠲᠦᠭᠡᠬᠦ ᠳᠠᠭᠠᠪᠤᠷᠢ ᠪᠣᠯᠣᠨ᠎ᠠ ᠭᠡᠵᠤ ᠴᠡᠭᠡᠵᠢᠯᠡᠭᠦᠯᠦᠨ᠎ᠡ᠃ ᠬᠤᠪᠢᠯᠭᠠᠬᠤ ᠳᠠᠭᠠᠪᠤᠷᠢ ᠳᠤ᠄          

1᠂ ᠦᠢᠯᠡ ᠦᠭᠡ — ᠬᠡᠯᠪᠡᠷᠢ᠂ ᠬᠡᠪ᠂ ᠪᠠᠶᠢᠳᠠᠯ︔ 2᠂ ᠨᠡᠷ᠎ᠡ ᠦᠭᠡ — ᠲᠡᠶᠢᠨ ᠢᠯᠭᠠᠯ᠂ ᠣᠯᠠᠨ ᠲᠤᠭ᠎ᠠ᠂

ᠬᠠᠮᠢᠶᠠᠳᠠᠭᠤᠯᠬᠤ ᠶᠣᠰᠣ︔ 3᠂ ᠲᠣᠭᠠᠨ ᠤ ᠦᠭᠡ — ᠦᠨᠳᠦᠰᠦᠨ ᠲᠣᠭᠠᠨ ᠠᠴᠠ ᠪᠤᠰᠤᠳ ᠲᠥᠷᠥᠯ ᠤᠨ

ᠲᠣᠭᠠᠨ ᠤ ᠦᠭᠡ ᠬᠤᠪᠢᠯᠬᠤ︔ 4᠂ ᠲᠡᠮᠳᠡᠭ ᠦᠭᠡ ᠵᠡᠷᠭᠡ ᠪᠠᠶᠢᠨ᠎ᠠ ᠭᠡᠵᠤ ᠡᠵᠡᠮᠰᠢᠭᠦᠯᠦᠨ᠎ᠡ᠃ ᠡᠭᠦᠨ ᠳᠤ ︽‍ᠯᠲᠤ᠂

‍ᠯᠴᠡ᠂ ‍ᠭᠠᠯᠵᠠ ︵ᠭᠡᠯᠵᠡ︶᠂ ᠨᠠᠷ᠂ ᠊ᠰ᠂ ᠤᠨ᠂ ᠴᠤᠳ︾ ᠵᠡᠷᠭᠡ ᠳᠠᠭᠠᠪᠤᠷᠢ ᠨᠢ ᠣᠨᠴᠠ ᠪᠠᠶᠢᠳᠠᠯ ᠳᠣᠣᠷ᠎ᠠ ᠦᠭᠡ

ᠪᠦᠲᠦᠭᠡᠬᠦ ᠦᠢᠯᠡᠳᠦᠯ ᠦᠵᠡᠭᠦᠯᠳᠡᠭ ᠢ ᠴᠡᠭᠡᠵᠢᠯᠡᠭᠦᠯᠬᠦ ᠠᠴᠠ ᠪᠠᠨ ᠡᠮᠦᠨ᠎ᠡ ᠲᠠᠶᠢᠯᠪᠤᠷᠢᠯᠠᠬᠤ ᠴᠢᠬᠤᠯᠠ ᠲᠠᠢ᠃

      ᠲᠠᠪᠤ᠂ ᠨᠡᠷ᠎ᠡ ᠦᠭᠡ ᠶᠢᠨ ᠣᠯᠠᠨ ᠲᠤᠭ᠎ᠠ ᠶᠢ ᠪᠣᠯ ᠣᠯᠠᠨ ᠲᠣᠭᠠᠨ ᠤ ᠳᠠᠭᠠᠪᠤᠷᠢ ᠶᠢᠨ ᠬᠡᠷᠡᠭᠯᠡᠬᠦ ᠳᠦᠷᠢᠮ ᠢ

ᠣᠶᠢᠯᠠᠭᠠᠭᠤᠯᠤᠭᠰᠠᠨ ᠤ ᠰᠠᠭᠤᠷᠢ ᠳᠡᠭᠡᠷ᠎ᠡ ᠵᠠᠪᠠᠯ ᠲᠡᠦᠬᠡ ᠶᠢᠨ ᠵᠠᠩᠰᠢᠯ ᠢ ᠢᠯᠡᠭᠦᠬᠡᠨ ᠠᠩᠬᠠᠷᠤᠭᠤᠯᠵᠤ᠂ ᠶᠡᠷᠦ ᠶᠢᠨ

ᠴᠠᠭ ᠲᠤ ᠪᠠᠨ ᠬᠤᠷᠠᠮᠳᠤᠭᠤᠯᠤᠨ ᠴᠡᠭᠡᠵᠢᠯᠡᠭᠦᠯᠬᠦ ᠶᠢ ᠴᠢᠬᠤᠯᠠᠴᠢᠯᠠᠨ᠎ᠠ᠃ ᠨᠡᠷ᠎ᠡ ᠦᠭᠡ ᠶᠢᠨ ᠣᠯᠠᠨ ᠲᠣᠭᠠᠨ ᠤ

ᠳᠠᠭᠠᠪᠤᠷᠢ ᠶᠢ ᠬᠡᠷᠡᠭᠯᠡᠬᠦ ᠎ ᠳᠤ ᠵᠣᠬᠢᠬᠤ ᠳᠦᠷᠢᠮ ᠲᠣᠭᠲᠠᠭᠠᠯ ᠲᠠᠢ ᠭᠡᠬᠦ ᠳᠤ ᠦᠬᠦᠮᠡᠯ ᠢᠶᠠᠷ ᠲᠣᠬᠤᠵᠤ ᠬᠡᠷᠡᠭᠯᠡᠵᠦ

ᠪᠣᠯᠬᠤ ᠦᠭᠡᠢ᠂ ᠵᠠᠪᠠᠯ ᠲᠡᠦᠬᠡ ᠶᠢᠨ ᠵᠠᠩᠰᠢᠯ ᠢ ᠬᠦᠨᠳᠦᠳᠬᠡᠬᠦ ᠬᠡᠷᠡᠭᠲᠡᠢ ᠭᠡᠰᠡᠨ ᠦᠭᠡ᠃ ᠵᠢᠱᠢᠶᠡᠯᠡᠪᠡᠯ᠂          

︽ᠠᠭᠤᠯᠠ︾᠎ ᠶᠢ ᠣᠯᠠᠨ ᠲᠤᠭ᠎ᠠ ᠪᠣᠯᠭᠠᠬᠤ ᠳᠤ᠂ ᠬᠡᠳᠦ᠋ᠢᠪᠡᠷ ︽᠎ ᠨᠤᠭᠤᠳ︾ ᠳᠠᠭᠠᠪᠤᠷᠢ ᠶᠢ ᠡᠭᠡᠰᠢᠭ ᠢᠶᠠᠷ

ᠲᠡᠭᠦᠰᠦᠭᠰᠡᠨ ᠴᠢᠩᠭ᠎ᠠ ᠦᠭᠡ ᠶᠢᠨ ᠳᠣᠣᠷ᠎ᠠ ᠬᠡᠷᠡᠭᠯᠡᠳᠡᠭ ᠪᠣᠯᠪᠠᠴᠤ ︽ᠠᠭᠤᠯᠠ ᠨᠤᠭᠤᠳ︾ ᠭᠡᠬᠦ ᠦᠭᠡᠢ᠂ ᠬᠠᠷᠢᠨ

ᠲᠡᠦᠬᠡ ᠶᠢᠨ ᠵᠠᠩᠰᠢᠯ ᠢ ᠵᠢᠷᠥᠮᠯᠡᠵᠦ ᠵᠠᠪᠠᠯ ︽ᠠᠭᠤᠯᠠᠰ︾ ᠭᠡᠨ᠎ᠡ᠂ ᠪᠠᠯᠭᠠᠰᠤ ᠶᠢ ︽ᠪᠠᠯᠭᠠᠰᠤᠰ︾ ᠭᠡᠬᠦ ᠦᠭᠡᠢ᠂

ᠬᠠᠷᠢᠨ ︽ᠪᠠᠯᠭᠠᠳ︾ ᠭᠡᠳᠡᠭ ᠨᠢ ᠠᠳᠠᠯᠢ ᠶᠣᠰᠤ᠃

      ᠵᠢᠷᠭᠤᠭ᠎ᠠ᠂ ᠦᠢᠯᠡ ᠦᠭᠡ ᠶᠢᠨ ᠴᠠᠭ ᠢ ᠵᠢᠭᠠᠬᠤ ᠬᠡᠯᠪᠡᠷᠢ ᠶᠢᠨ ᠳᠠᠭᠠᠪᠤᠷᠢ ᠶᠢ ᠲᠥᠯᠥᠭᠡᠯᠡᠭᠴᠢ ᠰᠣᠩᠭᠤᠬᠤ

ᠠᠷᠭ᠎ᠠ ᠪᠠᠷ ᠴᠡᠭᠡᠵᠢᠯᠡᠭᠦᠯᠦᠨ᠎ᠡ᠃ ᠡᠷᠲᠡ ᠥᠩᠭᠡᠷᠡᠭᠰᠡᠨ ᠴᠠᠭ ᠤᠨ ᠳᠣᠯᠣᠭᠠᠨ ᠳᠠᠭᠠᠪᠤᠷᠢ ᠶᠢᠨ ᠳᠣᠲᠣᠷ᠎ᠠ ᠠᠴᠠ

︽ᠴᠠᠢ︾᠎ ᠶᠢ ᠰᠣᠩᠭᠤᠵᠤ ᠪᠤᠰᠤᠳ ᠨᠢ ᠲᠡᠭᠦᠨ ᠤ ᠴᠢᠩᠭ᠎ᠠ ᠬᠥᠨᠳᠡᠢ᠂ ᠬᠠᠲᠠᠭᠤ ᠵᠥᠭᠡᠯᠡᠨ᠂ ᠡᠷᠲᠡᠨ ᠤ ᠬᠡᠯᠡᠨ ᠤ

ᠬᠤᠪᠢᠯᠪᠤᠷᠢ ᠪᠣᠯᠬᠤ ᠶᠢ ᠮᠡᠳᠡᠭᠦᠯᠦᠨ᠎ᠡ᠃ ᠡᠨᠡ ᠠᠷᠭ᠎ᠠ ᠪᠠᠷ ᠨᠢᠭᠡᠨᠲᠡ ᠥᠩᠭᠡᠷᠡᠭᠰᠡᠨ ᠴᠠᠭ ᠤᠨ ︽ᠪᠠ︾᠂ ᠰᠠᠶ᠋ᠢᠬᠠᠨ

ᠥᠩᠭᠡᠷᠡᠭᠰᠡᠨ ᠴᠠᠭ ᠤᠨ ︽‍ᠯ᠎ᠠ︾᠂ ᠣᠳᠣ ᠴᠠᠭ ᠢ ᠵᠢᠭᠠᠬᠤ ᠲᠠᠪᠤᠨ ᠳᠠᠭᠠᠪᠤᠷᠢ ᠠᠴᠠ ︽‍ᠨ᠎ᠠ︾᠎ ᠶᠢ ᠰᠣᠩᠭᠤᠵᠤ

ᠴᠡᠭᠡᠵᠢᠯᠡᠭᠦᠯᠦᠨ᠎ᠡ᠃ ᠢᠷᠡᠭᠡᠳᠦᠢ ᠴᠠᠭ ᠢ ᠵᠢᠭᠠᠬᠤ ᠨᠢ ᠣᠳᠣ ᠴᠠᠭ ᠤᠨ ᠬᠢ ᠲᠠᠢ ᠪᠠᠨ ᠨᠢᠭᠡ ᠯᠡ ᠠᠳᠠᠯᠢ

ᠤᠴᠢᠷ ᠠᠴᠠ ᠳᠡᠭᠡᠷᠡᠬᠢ ᠮᠡᠲᠦ ᠠᠷᠭ᠎ᠠ ᠶᠢ ᠬᠡᠷᠡᠭᠯᠡᠵᠤ᠂ ︽ᠴᠠᠭ ᠢ ᠵᠢᠭᠠᠬᠤ — ᠴᠠᠶᠢᠪᠠᠯᠠᠨ᠎ᠠ︾ ᠭᠡᠵᠤ

ᠴᠡᠭᠡᠵᠢᠯᠡᠭᠦᠯᠦᠨ᠎ᠡ᠃

      ᠳᠣᠯᠤᠭ᠎ᠠ᠂ ᠦᠢᠯᠡ ᠦᠭᠡ ᠶᠢᠨ ᠵᠠᠬᠢᠷᠬᠤ ᠬᠦᠰᠡᠬᠦ ᠬᠡᠯᠪᠡᠷᠢ ᠶᠢᠨ ᠳᠠᠭᠠᠪᠤᠷᠢ ᠶᠢ ᠭᠤᠷᠪᠠᠨ ᠪᠡᠶ᠎ᠡ ᠶᠢᠨ

ᠴᠢᠩᠭ᠎ᠠ ᠳᠦᠷᠰᠦ ᠪᠠᠷ ᠴᠡᠭᠡᠵᠢᠯᠡᠭᠦᠯᠦᠨ᠎ᠡ᠃ ᠲᠤᠰ ᠠᠭᠤᠯᠭ᠎ᠠ ᠶᠢ ᠲᠠᠶᠢᠯᠪᠤᠷᠢᠯᠠᠨ ᠣᠶᠢᠯᠠᠭᠠᠭᠤᠯᠤᠭᠰᠠᠨ ᠤ ᠰᠠᠭᠤᠷᠢ

ᠳᠡᠭᠡᠷ᠎ᠡ ᠰᠢᠯᠦᠭ ᠤᠨ ᠠᠶᠢᠵᠠᠮ ᠢᠶᠠᠷ ︽‍ᠶ᠎ᠠ᠂ ᠊ᠰᠤ᠂ ᠊ᠰᠤᠭᠠᠢ \ ‍ᠭᠠᠷᠠᠢ᠂ ‍ᠭᠠᠴᠢ᠂ ‍ᠭᠠᠰᠠᠢ \ ‍ᠭ᠌᠂ ᠬ᠋ᠳᠤᠨ᠂

ᠳ᠋ᠤᠭᠠᠢ᠂ ‍ᠭᠤᠵᠠᠢ︾ ᠭᠡᠵᠤ ᠴᠡᠭᠡᠵᠢᠯᠡᠭᠦᠯᠦᠨ᠎ᠡ᠃ ᠡᠭᠦᠨ ᠳᠤ ᠳᠠᠭᠠᠪᠤᠷᠢ ᠨᠤᠭᠤᠳ ᠨᠢ ᠵᠠᠷᠢᠮ ᠳᠤ ᠪᠠᠨ ᠬᠡᠳᠦᠨ

ᠪᠡᠶ᠎ᠡ ᠳᠤ ᠬᠡᠷᠡᠭᠯᠡᠭᠳᠡᠳᠡᠭ ᠢ ᠣᠨᠣᠪᠴᠢᠲᠠᠢ ᠵᠢᠱᠢᠶ᠎ᠡ ᠪᠠᠷ ᠶᠠᠷᠢᠵᠤ ᠥᠭᠭᠦᠨ᠎ᠡ᠃

      ᠨᠠᠢᠮᠠ᠂ ᠦᠢᠯᠡ ᠦᠭᠡ ᠶᠢᠨ ᠲᠡᠮᠳᠡᠭ ᠦᠢᠯᠡ ᠶᠢᠨ ᠬᠡᠯᠪᠡᠷᠢ ᠪᠣᠯ ᠲᠡᠮᠳᠡᠭ ᠦᠭᠡ ᠎ ᠶᠢᠨ ᠣᠨᠴᠠᠯᠢᠭ ᠢ

ᠬᠠᠳᠠᠭᠠᠯᠠᠵᠤ᠂ ᠶᠡᠭᠡ ᠲᠥᠯᠥᠪ ᠨᠡᠷ᠎ᠡ ᠦᠭᠡ ᠶᠢ ᠲᠣᠳᠣᠳᠬᠠᠨ ᠦᠢᠯᠡ ᠶᠢᠨ ᠴᠠᠭ ᠢ ᠲᠣᠳᠣᠷᠬᠠᠶᠢᠯᠠᠨ᠎ᠠ ᠭᠡᠵᠤ

ᠮᠡᠳᠡᠭᠦᠯᠦᠭᠡᠳ ᠲᠡᠭᠦᠨ ᠤ ᠳᠠᠭᠠᠪᠤᠷᠢ ᠨᠤᠭᠤᠳ ᠢ ᠴᠢᠩᠭ᠎ᠠ ᠬᠡᠯᠪᠡᠷᠢ ᠪᠠᠷ ᠨᠢ ᠲᠥᠯᠥᠭᠡᠯᠡᠭᠦᠯᠵᠦ ᠰᠢᠯᠦᠭ ᠤᠨ

ᠠᠶᠢᠵᠠᠮ ᠢᠶᠠᠷ ︽ᠬ᠋ᠰᠠᠨ᠂ ‍ᠬᠤ᠂ ᠳ᠋ᠠᠭ \ ‍ᠭ᠎ᠠ᠂ ‍ᠭᠠᠳᠤᠢ᠂ ‍ᠭᠤᠰᠢᠲᠠᠢ︾ ᠭᠡᠵᠤ ᠴᠡᠭᠡᠵᠢᠯᠡᠭᠦᠯᠦᠨ᠎ᠡ᠃

      ᠶᠢᠰᠦ᠂ ᠨᠥᠬᠦᠴᠡᠯ ᠦᠢᠯᠡ ᠶᠢᠨ ᠬᠡᠯᠪᠡᠷᠢ ᠪᠣᠯ ᠳᠠᠷᠠᠭᠠᠬᠢ ᠦᠢᠯᠡ ᠳᠤ ᠪᠠᠨ ᠨᠥᠬᠦᠴᠡᠯ ᠰᠢᠯᠲᠠᠭᠠᠨ ᠢ

ᠪᠦᠷᠢᠯᠳᠦᠭᠦᠯᠦᠨ᠎ᠡ᠃ ᠨᠥᠬᠦᠴᠡᠯ ᠦᠢᠯᠡ ᠶᠢᠨ ᠬᠡᠯᠪᠡᠷᠢ ᠶᠢ ᠴᠢᠩᠭ᠎ᠠ ᠬᠡᠯᠪᠡᠷᠢ ᠪᠠᠷ ᠨᠢ ᠭᠤᠷᠪᠠᠯᠠᠨ          

ᠴᠡᠭᠡᠵᠢᠯᠡᠭᠦᠯᠦᠨ᠎ᠡ᠃ ᠨᠡᠷᠡᠶᠢᠳᠦᠯ ᠬᠢᠭᠡᠳ ᠳᠠᠭᠠᠪᠤᠷᠢ ᠶᠢ ᠣᠷᠭᠠᠨᠢᠭ ᠢᠶᠠᠷ ᠤᠶᠠᠯᠳᠤᠭᠤᠯᠤᠨ ᠲᠠᠶᠢᠯᠪᠤᠷᠢᠯᠠᠭᠰᠠᠨ ᠤ

ᠰᠠᠭᠤᠷᠢ ᠳᠡᠭᠡᠷ᠎ᠡ ᠰᠢᠯᠦᠭ ᠤᠨ ᠠᠶᠢᠵᠠᠮ ᠢᠶᠠᠷ ︽‍ᠵᠤ ︵ᠴᠤ︶᠂ ‍ᠭᠠᠳ᠂ ‍ᠨ \ ᠪᠠᠯ᠂ ᠪᠠᠴᠤ᠂ ᠳ᠋ᠠᠯ᠎ᠠ \

‍ᠬᠤᠯᠠᠷ᠂ ‍ᠮᠠᠭᠴᠠ᠂ ᠬ᠋ᠰᠠᠭᠠᠷ \ ‍ᠬᠤᠶ᠎ᠠ᠂ ᠩᠭᠤᠳᠠ᠂ ‍ᠮᠠᠨᠵᠢᠨ︾ ᠭᠡᠵᠤ ᠴᠡᠭᠡᠵᠢᠯᠡᠭᠦᠯᠦᠨ᠎ᠡ᠃

      ᠠᠷᠪᠠ᠂ ᠬᠡᠪ ᠤᠨ ᠳᠠᠭᠠᠪᠤᠷᠢ ᠶᠢ ᠨᠡᠷᠡᠶᠢᠳᠦᠯ ᠠᠴᠠ ᠨᠢ ᠰᠢᠨᠵᠢᠨ᠎ᠡ᠃ ᠬᠡᠪ ᠤᠨ ᠳᠠᠭᠠᠪᠤᠷᠢ ᠨᠤᠭᠤᠳ ᠢ

ᠵᠢᠱᠢᠶ᠎ᠡ ᠲᠠᠢ ᠪᠠᠷ ᠲᠠᠶᠢᠯᠪᠤᠷᠢᠯᠠᠭᠰᠠᠨ ᠤ ᠳᠠᠷᠠᠭ᠎ᠠ ᠪᠢᠳᠠ ᠪᠠᠭ᠋ᠠᠨ ᠰᠢᠨᠵᠢᠮᠡᠭᠴᠡ ᠨᠡᠷᠡᠶᠢᠳᠦᠯ ᠬᠢᠭᠡᠳ ᠳᠠᠭᠠᠪᠤᠷᠢ ᠶᠢᠨ

ᠤᠶᠠᠯᠳᠤᠯ ᠨᠢ ᠠᠶᠠᠨᠳᠠᠭᠠᠨ ᠢᠯᠡᠷᠡᠨ᠎ᠡ᠃ ᠡᠶᠢᠮᠦ ᠠᠴᠠ ᠨᠡᠷᠡᠶᠢᠳᠦᠯ ᠢ ᠨᠢ ᠮᠡᠳᠡᠪᠡᠯ ᠳᠠᠭᠠᠪᠤᠷᠢ ᠶᠢ ᠨᠢ ᠢᠯᠡᠷᠡᠭᠦᠯᠵᠦ

ᠴᠢᠳᠠᠨ᠎ᠠ᠃ ᠳᠠᠭᠠᠪᠤᠷᠢ ᠶᠢ ᠨᠢ ᠮᠡᠳᠡᠴᠢᠬᠡᠪᠡᠯ ᠨᠡᠷᠡᠶᠢᠳᠦᠯ ᠨᠢ ᠴᠦ ᠢᠯᠡᠷᠡᠴᠢᠬᠡᠨ᠎ᠡ᠃ ᠵᠢᠭᠰᠠᠭᠠᠨ ᠦᠵᠡᠭᠦᠯᠪᠡᠯ᠄

ᠪᠤᠰᠤᠳ ᠢᠶᠠᠷ ᠦᠢᠯᠡᠳᠦᠭᠦᠯᠬᠦ ᠬᠡᠪ — ᠬᠦᠯ ︵‍ᠭᠤᠯ︶ \ ‍ᠯᠭ᠎ᠠ ︵‍ᠯᠭᠡ︶᠂ ᠪᠤᠰᠤᠳ ᠲᠤ ᠦᠢᠯᠡᠳᠦᠭᠳᠡᠬᠦ ᠬᠡᠪ

— ᠭᠳᠡ ︵ᠬ᠋ᠳᠠ︶ \ ᠳ᠋ᠠ᠂ ᠬᠠᠮᠲᠤᠷᠠᠨ ᠦᠢᠯᠡᠳᠦᠯᠳᠦᠬᠦ ᠬᠡᠪ — ‍ᠯᠳᠦ᠂ ᠬᠠᠷᠢᠯᠴᠠᠨ ᠦᠢᠯᠡᠳᠦᠯᠴᠡᠬᠦ ᠬᠡᠪ

— ‍ᠯᠴᠡ᠂ ᠣᠯᠠᠨ ᠢᠶᠠᠷ ᠦᠢᠯᠡᠳᠴᠡᠭᠡᠬᠦ ᠬᠡᠪ — ᠴᠡᠭᠡ ︵ᠴᠠᠭ᠎ᠠ︶᠂ ᠥᠪᠡᠷ ᠢᠶᠠᠨ ᠦᠢᠯᠡᠳᠬᠦ ᠬᠡᠪ —

ᠳᠠᠭᠠᠪᠤᠷᠢ ᠦᠭᠡᠢ᠃ ᠡᠶᠢᠮᠦ ᠠᠴᠠ ᠦᠢᠯᠡ ᠦᠭᠡ ᠶᠢᠨ ᠬᠡᠪ ᠤᠨ ᠨᠡᠷᠡᠶᠢᠳᠦᠯ ᠢ ᠨᠢ ᠴᠡᠭᠡᠵᠢᠯᠡᠭᠦᠯᠪᠡᠯ ᠳᠠᠷᠤᠢ

ᠳᠠᠭᠠᠪᠤᠷᠢ ᠶᠢ ᠨᠢ ᠴᠡᠭᠡᠵᠢᠯᠡᠴᠢᠬᠡᠨ᠎ᠡ᠃

      ᠠᠷᠪᠠᠨ ᠨᠢᠭᠡ᠂ ᠦᠢᠯᠡ ᠦᠭᠡ ᠶᠢᠨ ᠦᠷᠭᠦᠯᠵᠢᠯᠡᠨ ᠦᠢᠯᠡᠳᠬᠦ ᠬᠢᠭᠡᠳ ᠳᠠᠬᠢᠨ ᠳᠠᠪᠲᠠᠨ ᠦᠢᠯᠡᠳᠬᠦ

ᠪᠠᠶᠢᠳᠠᠯ ᠤᠨ ᠬᠤᠶᠠᠷ ᠪᠦᠯᠦᠭ ᠳᠠᠭᠠᠪᠤᠷᠢ ᠶᠢ ᠬᠡᠳᠦᠢ ᠴᠡᠭᠡᠵᠢᠯᠡᠯ᠎ᠡ ᠴᠦ ᠭᠡᠰᠡᠨ ᠨᠡᠷᠡᠶᠢᠳᠦᠯ ᠢ ᠨᠢ ᠰᠣᠯᠢᠵᠤ

ᠬᠤᠳᠬᠤᠭᠠᠳ ᠯᠡ ᠪᠠᠶᠢᠳᠠᠭ ᠦᠵᠡᠭᠳᠡᠯ ᠮᠤᠩ ᠦᠭᠡᠢ ᠣᠯᠠᠨ ᠲᠠᠭᠠᠷᠠᠯᠳᠤᠳᠠᠭ᠃ ᠡᠭᠦᠨ ᠳᠤ ᠳᠠᠬᠢᠨ ᠳᠠᠪᠲᠠᠨ

ᠦᠢᠯᠡᠳᠬᠦ ᠶᠢᠨ ︽‍ᠯᠵᠠ᠂ ᠪᠠᠯᠵᠠ᠂ ‍ᠭᠠᠯᠵᠠ᠂ ‍ᠭᠠᠨ᠎ᠠ᠂ ‍ᠯᠠ᠂ ‍ᠯ᠂ ᠴᠢ︾᠎ ᠶᠢ ᠴᠢᠩᠭ᠎ᠠ ᠬᠡᠯᠪᠡᠷᠢ ᠪᠠᠷ ᠨᠢ

ᠰᠢᠯᠦᠭ ᠤᠨ ᠠᠶᠢᠵᠠᠮ ᠢᠶᠠᠷ ᠤᠩᠰᠢᠪᠠᠯ ︽‍ᠯ᠊᠂ ‍ᠵ᠊︾ ᠬᠤᠶᠠᠷ ᠠᠪᠢᠶ᠎ᠠ ᠳᠠᠬᠢᠨ ᠳᠠᠪᠲᠠᠨ ᠬᠡᠯᠡᠭᠳᠡᠭᠡᠳ ᠯᠡ ᠪᠠᠶᠢᠬᠤ

ᠲᠥᠷᠥᠭᠳᠡᠯ ᠥᠭᠭᠦᠨ᠎ᠡ᠃ ᠡᠨᠡ ᠪᠠᠶᠢᠳᠠᠯ ᠳᠤ ᠨᠢ ᠴᠢᠭᠯᠡᠭᠦᠯᠵᠦ ︽ᠳᠠᠬᠢᠨ ᠳᠠᠪᠲᠠᠨ ᠤᠩᠰᠢᠭᠳᠠᠭᠠᠳ ᠪᠠᠶᠢᠳᠠᠭ ᠨᠢ

ᠳᠠᠬᠢᠨ ᠳᠠᠪᠲᠠᠨ ᠦᠢᠯᠡᠳᠬᠦ ᠪᠠᠶᠢᠳᠠᠯ᠂ ᠦᠯᠡᠳᠡᠭᠰᠡᠨ ᠨᠢ ᠳᠠᠷᠤᠢ ᠦᠷᠭᠦᠯᠵᠢᠯᠡᠨ ᠦᠢᠯᠡᠳᠬᠦ ᠪᠠᠶᠢᠳᠠᠯ︾ ᠭᠡᠵᠤ

ᠣᠶᠢᠯᠠᠭᠠᠭᠤᠯᠤᠭᠠᠳ ︽ᠳᠠᠬᠢᠨ ᠳᠠᠪᠲᠠᠬᠤ ᠨᠢ ︿‍ᠯᠵᠠ᠂ ᠪᠠᠯᠵᠠ᠂ ‍ᠭᠠᠯᠵᠠ \ ‍ᠭᠠᠨ᠎ᠠ᠂ ‍ᠯᠠ᠂ ‍ᠯ᠂ ᠴᠢ﹀︾ ᠭᠡᠵᠤ

ᠴᠡᠭᠡᠵᠢᠯᠡᠭᠦᠯᠦᠨ᠎ᠡ᠃

      ᠪᠠᠰᠠ ᠠᠩᠬᠠᠷᠬᠤ ᠴᠢᠬᠤᠯᠠᠲᠠᠢ ᠵᠦᠢᠯ ᠭᠡᠪᠡᠯ᠂ ᠦᠢᠯᠡ ᠦᠭᠡ ᠶᠢᠨ ᠬᠡᠪ ᠪᠠ ᠪᠠᠶᠢᠳᠠᠯ ᠢ ᠬᠤᠳᠬᠤᠳᠠᠭ

ᠪᠠᠶᠢᠳᠠᠯ ᠪᠣᠯᠣᠨ᠎ᠠ᠃ ᠡᠶᠢᠮᠦ ᠪᠠᠶᠢᠳᠠᠯ ᠳᠤ ᠴᠢᠭᠯᠡᠭᠦᠯᠦᠨ ︽ᠬᠡᠪ ᠨᠢ ᠬᠥᠮᠥᠨ ᠪᠠ ᠪᠡᠶ᠎ᠡ ᠲᠠᠢ ᠰᠢᠭᠤᠳ

ᠬᠤᠯᠪᠣᠭᠳᠠᠨ᠎ᠠ᠂ ᠪᠠᠶᠢᠳᠠᠯ ᠨᠢ ᠬᠠᠷᠢᠨ ᠲᠤᠬᠠᠢ ᠶᠢᠨ ᠬᠥᠳᠡᠯᠦᠯ ᠪᠠᠶᠢᠳᠠᠯ ᠲᠠᠢ ᠬᠤᠯᠪᠣᠭᠳᠠᠨ᠎ᠠ︾ ᠭᠡᠵᠤ ᠪᠠᠲᠤ

ᠣᠶᠢᠯᠠᠭᠠᠭᠤᠯᠪᠠᠯ ᠪᠣᠯᠴᠢᠬᠠᠨ᠎ᠠ᠃

      ᠠᠷᠪᠠᠨ ᠬᠤᠶᠠᠷ᠂ ᠦᠢᠯᠡ ᠦᠭᠡ ᠨᠢ ᠬᠡᠯᠪᠡᠷᠢ᠂ ᠬᠡᠪ᠂ ᠪᠠᠶᠢᠳᠠᠯ ᠭᠡᠬᠦ ᠬᠡᠯᠡ ᠵᠦᠢ ᠶᠢᠨ ᠬᠤᠪᠢᠯᠤᠯ ᠠᠴᠠ

ᠪᠣᠯᠵᠤ ᠬᠡᠳᠦᠨ ᠠᠷᠪᠠᠨ ᠬᠤᠪᠢᠯᠭᠠᠬᠤ ᠳᠠᠭᠠᠪᠤᠷᠢ ᠪᠠᠶᠢᠨ᠎ᠠ ᠭᠡᠬᠦ ᠳᠤ᠂ ᠦᠢᠯᠡ ᠦᠭᠡ ᠡᠭᠦᠰᠬᠡᠬᠦ ᠪᠦᠲᠦᠭᠡᠬᠦ

ᠳᠠᠭᠠᠪᠤᠷᠢ ᠴᠦ ᠣᠯᠠᠨ ᠪᠠᠶᠢᠳᠠᠭ᠃ ᠡᠭᠦᠨ ᠤ ᠳᠡᠭᠡᠷ᠎ᠡ ᠵᠠᠷᠢᠮ ᠳᠠᠭᠠᠪᠤᠷᠢ ᠨᠢ ᠪᠢᠴᠢᠯᠭᠡ ᠢᠵᠢᠯ ᠪᠠᠶᠢᠳᠠᠭ ᠲᠤᠯᠠ

ᠬᠤᠳᠬᠤᠯᠳᠤᠬᠤ ᠪᠠᠶᠢᠳᠠᠯ ᠵᠥᠩᠳᠡᠭᠡᠨ ᠲᠣᠬᠢᠶᠠᠯᠳᠤᠳᠠᠭ᠃ ᠡᠭᠦᠨ ᠳᠤ ᠵᠠᠪᠠᠯ ᠬᠤᠪᠢᠯᠭᠠᠬᠤ ᠳᠠᠭᠠᠪᠤᠷᠢ ᠪᠠ

ᠪᠦᠲᠦᠭᠡᠬᠦ ᠳᠠᠭᠠᠪᠤᠷᠢ ᠶᠢᠨ ᠤᠬᠠᠭᠳᠠᠬᠤᠨ ᠪᠠ ᠣᠨᠴᠠᠯᠢᠭ ᠢ ᠣᠶᠢᠯᠠᠭᠠᠭᠤᠯᠤᠭᠰᠠᠨ ᠤ ᠰᠠᠭᠤᠷᠢ ᠳᠡᠭᠡᠷ᠎ᠡ ᠦᠢᠯᠡ

ᠦᠭᠡ ᠶᠢᠨ ᠶᠠᠮᠠᠷ ᠬᠡᠯᠡ ᠵᠦᠢ ᠶᠢᠨ ᠬᠤᠪᠢᠯᠤᠯ ᠪᠣᠯᠬᠤ ᠶᠢ ᠲᠠᠰᠤ ᠲᠠᠨᠢᠭᠤᠯᠪᠠᠯ ᠪᠣᠯᠴᠢᠬᠠᠨ᠎ᠠ᠃ ᠪᠣᠳᠠᠲᠠᠢ

ᠴᠡᠭᠡᠵᠢᠯᠡᠭᠦᠯᠬᠦ ᠠᠷᠭ᠎ᠠ ᠨᠢ ᠳᠡᠭᠡᠷ᠎ᠡ ᠳᠤᠷᠠᠳᠤᠭᠰᠠᠨ ᠳᠥᠷᠪᠡᠳᠦᠭᠡᠷ ᠵᠤᠷᠪᠤᠰ ᠲᠠᠢ ᠠᠳᠠᠯᠢ᠃

      ᠠᠷᠪᠠᠨ ᠭᠤᠷᠪᠠ᠂ ᠰᠤᠯᠠ ᠦᠭᠡ᠂ ᠳᠠᠭᠠᠪᠤᠷᠢ ᠦᠭᠡ ᠶᠢ ᠠᠳᠠᠯᠢ ᠪᠤᠰᠤ ᠠᠷᠭ᠎ᠠ ᠪᠠᠷ ᠴᠡᠭᠡᠵᠢᠯᠡᠭᠦᠯᠦᠨ᠎ᠡ᠃ ᠡᠨᠡ

ᠬᠤᠶᠠᠷ ᠦᠭᠡᠰ ᠤᠨ ᠠᠶᠢᠮᠠᠭ ᠨᠢ ᠬᠠᠷᠢᠯᠴᠠᠨ ᠬᠤᠳᠬᠤᠯᠳᠤᠬᠤ ᠎ ᠪᠠᠷ ᠪᠠᠷᠠᠬᠤ ᠦᠭᠡᠢ᠂ ᠳᠠᠶᠢᠪᠤᠷᠢ ᠦᠭᠡ ᠬᠢᠭᠡᠳ

ᠬᠤᠯᠪᠣᠬᠤ ᠦᠭᠡ ᠲᠠᠢ ᠴᠦ ᠠᠳᠠᠯᠢ ᠪᠤᠰᠤ ᠬᠡᠮᠵᠢᠶ᠎ᠡ ᠪᠠᠷ ᠬᠤᠳᠬᠤᠯᠳᠤᠳᠠᠭ᠃ ᠡᠨᠡ ᠠᠰᠠᠭᠤᠳᠠᠯ ᠢ

ᠰᠢᠢᠳᠪᠦᠷᠢᠯᠡᠬᠦ ᠳᠤ ᠳᠠᠷᠠᠭᠠᠬᠢ ᠠᠷᠭ᠎ᠠ ᠶᠢ ᠠᠰᠢᠭᠯᠠᠵᠤ ᠪᠣᠯᠣᠨ᠎ᠠ᠃

      ︵ᠨᠢᠭᠡ︶ ᠰᠤᠯᠠ ᠦᠭᠡ ᠨᠡᠶᠢᠲᠡ ᠭᠤᠴᠢ ᠠᠴᠠ ᠬᠡᠲᠦᠷᠡᠬᠦ ᠦᠭᠡᠢ ᠲᠤᠯᠠ ᠪᠦᠭᠦᠳᠡ ᠶᠢ ᠴᠡᠭᠡᠵᠢᠯᠡᠭᠦᠯᠦᠨ᠎ᠡ᠃

      ︵ᠬᠤᠶᠠᠷ︶ 1. ᠳᠠᠭᠠᠪᠤᠷᠢ ᠦᠭᠡ ᠶᠢᠨ ᠲᠥᠷᠥᠯ ᠣᠯᠠᠨ ᠮᠥᠷᠲᠡᠭᠡᠨ ᠪᠤᠰᠤᠳ ᠦᠭᠡ ᠠᠴᠠ ᠢᠷᠡᠯᠲᠡ ᠲᠠᠢ

ᠦᠭᠡ ᠣᠯᠠᠨ ᠪᠠᠶᠢᠳᠠᠭ ᠣᠨᠴᠠᠯᠢᠭ ᠲᠠᠢ᠃ ᠳᠠᠭᠠᠪᠤᠷᠢ ᠦᠭᠡ ᠪᠣᠯ ᠬᠡᠶᠢᠰᠪᠦᠷᠢ ᠦᠭᠡ᠂ ᠳᠡᠭᠡᠷᠡᠬᠢ ᠦᠭᠡ ᠲᠠᠢ ᠪᠠᠨ

ᠨᠢᠭᠡ ᠭᠡᠰᠢᠭᠦᠨ ᠪᠣᠯᠳᠠᠭ᠃ ᠡᠶᠢᠮᠦ ᠠᠴᠠ ᠴᠣᠬᠤᠮ ᠳᠠᠭᠠᠪᠤᠷᠢ ᠦᠭᠡ ᠮᠥᠨ ᠡᠰᠡᠬᠦ ᠶᠢ ᠢᠯᠭᠠᠬᠤ ᠳᠤ ᠪᠠᠨ ᠲᠡᠭᠦᠨ ᠤ

ᠤᠬᠠᠭᠳᠠᠬᠤᠨ ᠪᠠ ᠣᠨᠴᠠᠯᠢᠭ ᠠᠴᠠ ᠨᠢ ᠭᠠᠷᠳᠠᠨ ︽ᠲᠤᠰ ᠦᠭᠡ ᠨᠢ ᠳᠡᠭᠡᠷᠡᠬᠢ ᠦᠭᠡ ᠶᠢ ᠳᠠᠭᠠᠵᠤ ᠪᠠᠶᠢᠪᠠᠯ

︵ᠥᠭᠡᠷ᠎ᠡ ᠪᠠᠷ ᠬᠡᠯᠡᠪᠡᠯ᠂ ᠬᠤᠶᠠᠷ ᠦᠭᠡ ᠶᠢᠨ ᠭᠤᠣᠯ ᠦᠭᠡ ᠨᠢ ᠳᠡᠭᠡᠷ᠎ᠡ ᠨᠢ ᠪᠠᠶᠢᠪᠠᠯ︶ ᠳᠠᠭᠠᠪᠤᠷᠢ ᠦᠭᠡ᠂ ᠳᠠᠷᠤᠢ

︿ᠳᠡᠭᠡᠷᠡᠬᠢ ᠦᠭᠡ ᠪᠠᠨ ᠳᠠᠭᠠᠬᠤ ᠦᠭᠡ﹀ ᠪᠣᠯᠵᠤ᠂ ᠳᠡᠭᠡᠷᠡᠬᠢ ᠦᠭᠡ ᠲᠠᠢ ᠪᠠᠨ ᠨᠢᠭᠡ ᠭᠡᠰᠢᠭᠦᠨ ᠪᠣᠯᠳᠠᠭ︾ ᠭᠡᠵᠤ

ᠴᠡᠭᠡᠵᠢᠯᠡᠭᠦᠯᠦᠨ᠎ᠡ᠃ ᠵᠢᠱᠢᠶᠡᠯᠡᠪᠡᠯ᠂ ᠰᠢᠷᠡᠭᠡᠨ ᠳᠣᠣᠷ᠎ᠠ ᠪᠥᠮᠪᠦᠭᠡ ᠪᠠᠶᠢᠨ᠎ᠠ — ᠳᠠᠭᠠᠪᠤᠷᠢ ᠦᠭᠡ᠂ ᠪᠢᠳᠠ

ᠳᠣᠣᠷ᠎ᠠ ᠪᠠᠨ ᠶᠠᠪᠤᠨ᠎ᠠ — ᠳᠠᠶᠢᠪᠤᠷᠢ ᠦᠭᠡ᠃ 2. ᠳᠠᠭᠠᠪᠤᠷᠢ ᠦᠭᠡ ᠶᠢᠨ ᠲᠥᠷᠥᠯ ᠢ ᠴᠡᠭᠡᠵᠢᠯᠡᠭᠦᠯᠬᠦ ᠦᠶ᠎ᠡ

ᠳᠠᠭᠠᠪᠤᠷᠢ ᠦᠭᠡ ᠳᠣᠲᠣᠷ᠎ᠠ ᠠᠴᠠ ︽ᠨᠡᠷ᠎ᠡ ᠨᠢᠳᠡᠷ ᠲᠤ ᠪᠠᠨ ᠲᠡᠩᠴᠡᠭᠰᠡᠨ ᠲᠥᠯᠥᠭᠡᠯᠡᠭᠴᠢ ᠦᠭᠡ︾᠎ ᠶᠢ ᠨᠢ

ᠰᠣᠩᠭᠤᠵᠤ ᠴᠡᠭᠡᠵᠢᠯᠡᠭᠦᠯᠦᠨ᠎ᠡ᠃ ᠵᠢᠱᠢᠶᠡᠯᠡᠪᠡᠯ᠂ ᠣᠷᠣᠨ ᠤ ᠳᠠᠭᠠᠪᠤᠷᠢ ᠶᠢᠨ ᠳᠣᠲᠣᠷᠠᠬᠢ ︽ᠳᠠᠭᠠᠤ︾᠎ ᠨᠢ

ᠬᠡᠳᠦ᠋ᠢᠪᠡᠷ ᠪᠡᠶ᠎ᠡ ᠪᠠᠨ ᠳᠠᠭᠠᠭᠠᠭᠰᠠᠨ ᠪᠣᠳᠠᠲᠤ ᠤᠳᠬ᠎ᠠ ᠦᠭᠡᠢ ᠪᠣᠯᠪᠠᠴᠤ ᠲᠡᠭᠦᠨ ᠤ ᠥᠪᠡᠷ ᠤᠨ ᠬᠢᠨᠢ ︽ᠶᠠᠮᠠᠷ

ᠨᠢᠭᠡᠨ ᠵᠠᠬ᠎ᠠ ᠲᠠᠯ᠎ᠠ ᠵᠡᠷᠭᠡ ᠶᠢ ᠳᠠᠭᠠᠯᠳᠤᠨ ᠬᠠᠪᠢᠯᠳᠤᠭᠰᠠᠨ︾ ᠭᠡᠰᠡᠨ ᠨᠢᠭᠡ ᠬᠡᠮᠵᠢᠶᠡᠨ ᠤ ᠬᠡᠶᠢᠰᠪᠦᠷᠢ

ᠤᠳᠬ᠎ᠠ ᠲᠠᠢ ᠶᠢ ᠪᠢᠳᠠ ᠵᠢᠭᠠᠬᠠᠨ ᠰᠢᠨᠵᠢᠪᠡᠯ ᠮᠡᠳᠡᠴᠢᠬᠡᠨ᠎ᠡ᠃ ᠡᠨᠡ ᠮᠡᠲᠦ ᠪᠠᠷ ᠳᠠᠭᠠᠪᠤᠷᠢ ᠦᠭᠡ ᠶᠢᠨ ᠲᠥᠷᠥᠯ

ᠵᠦᠢᠯ ᠪᠦᠬᠦᠨ ᠠᠴᠠ ᠨᠢᠭᠡ ᠶᠢ ᠰᠣᠩᠭᠤᠵᠤ ᠨᠡᠷᠡᠶᠢᠳᠦᠯ ᠲᠠᠢ ᠨᠢ ᠤᠶᠠᠯᠳᠤᠭᠤᠯᠤᠨ ︽ᠣᠷᠣᠨ — ᠳᠠᠭᠠᠤ᠂ ᠴᠠᠭ

— ᠵᠠᠭᠤᠷ᠎ᠠ᠂ ᠵᠣᠷᠢᠯᠭ᠎ᠠ — ᠲᠥᠯᠥᠭᠡ᠂ ᠰᠢᠯᠲᠠᠭᠠᠨ — ᠤᠴᠢᠷ᠂ ᠬᠠᠮᠲᠤᠷᠠᠬᠤ — ᠬᠠᠮᠲᠤ᠂

ᠠᠳᠠᠯᠢᠳᠬᠠᠬᠤ — ᠠᠳᠠᠯᠢ᠂ ᠪᠠᠷᠤᠭᠯᠠᠬᠤ — ᠪᠠᠷᠤᠭ᠂ ᠬᠢᠵᠠᠭᠠᠷᠯᠠᠬᠤ — ᠬᠦᠷᠲᠡᠯ᠎ᠡ᠂ ᠬᠠᠮᠢᠶᠠᠳᠠᠭᠤᠯᠬᠤ

— ᠲᠤᠬᠠᠢ᠂ ᠳᠠᠭᠤᠷᠢᠶᠠᠬᠤ — ᠶᠣᠰᠣᠭᠠᠷ᠂ ᠳᠠᠪᠰᠢᠭᠤᠷᠠᠬᠤ — ᠳᠣᠳᠥᠮ᠂ ᠬᠤᠷᠢᠶᠠᠬᠤ — ᠵᠡᠷᠭᠡ︾

ᠭᠡᠵᠤ ᠴᠡᠭᠡᠵᠢᠯᠡᠭᠦᠯᠦᠨ᠎ᠡ᠃

      ᠠᠷᠪᠠᠨ ᠳᠥᠷᠪᠡ᠂ ᠰᠤᠷᠤᠭᠴᠢᠳ ᠳᠠᠶᠢᠪᠤᠷᠢ ᠦᠭᠡ ᠪᠣᠯᠣᠨ ᠳᠠᠭᠠᠪᠤᠷᠢ ᠦᠭᠡ ᠶᠢ ᠬᠤᠳᠬᠤᠯᠳᠤᠬᠤ ᠪᠠᠶᠢᠳᠠᠯ

ᠭᠠᠷᠳᠠᠭ᠃ ᠡᠶᠢᠮᠦ ᠠᠰᠠᠭᠤᠳᠠᠯ ᠢ ᠰᠢᠢᠳᠪᠦᠷᠢᠯᠡᠬᠦ ᠳᠤ ᠪᠠᠨ ᠳᠡᠭᠡᠷᠡᠬᠢ ᠶᠠᠷᠢᠭᠰᠠᠨ ᠠᠷᠪᠠᠨ ᠭᠤᠷᠪᠠᠳᠤᠭᠠᠷ ᠵᠤᠷᠪᠤᠰ ᠢ

ᠯᠠᠪᠯᠠᠵᠤ ︽ᠳᠠᠶᠢᠪᠤᠷᠢ ᠦᠭᠡ ᠪᠣᠯ ᠭᠤᠣᠯ ᠲᠥᠯᠥᠪ ᠦᠢᠯᠡ ᠦᠭᠡ ᠪᠠ ᠲᠡᠮᠳᠡᠭ ᠦᠭᠡ ᠶᠢ ᠬᠢᠵᠠᠭᠠᠷᠯᠠᠨ

ᠲᠣᠳᠣᠷᠬᠠᠶᠢᠯᠠᠬᠤ ᠮᠥᠷᠲᠡᠭᠡᠨ ᠥᠭᠦᠯᠡᠪᠦᠷᠢ ᠳᠤ ᠭᠤᠣᠯ ᠲᠥᠯᠥᠪ ᠪᠠᠶᠢᠴᠠ ᠭᠡᠰᠢᠭᠦᠨ ᠪᠣᠯᠣᠨ᠎ᠠ︾ ᠭᠡᠵᠤ

ᠴᠡᠭᠡᠵᠢᠯᠡᠭᠦᠯᠦᠨ᠎ᠡ᠃ ᠥᠭᠡᠷ᠎ᠡ ᠪᠠᠷ ᠬᠡᠯᠡᠪᠡᠯ᠂ ᠲᠤᠰ ᠦᠭᠡ ᠨᠢ ᠬᠡᠷᠪᠡ ᠳᠣᠣᠷᠠᠬᠢ ᠦᠢᠯᠡ ᠦᠭᠡ ᠪᠤᠶᠤ ᠲᠡᠮᠳᠡᠭ

ᠦᠭᠡ ᠪᠠᠨ ᠬᠢᠵᠠᠭᠠᠷᠯᠠᠨ ᠲᠣᠳᠣᠷᠬᠠᠶᠢᠯᠠᠵᠤ ᠪᠠᠶᠢᠪᠠᠯ ᠳᠠᠷᠤᠢ ᠳᠠᠶᠢᠪᠤᠷᠢ ᠦᠭᠡ ᠪᠣᠯᠣᠨ᠎ᠠ᠃ ᠵᠢᠱᠢᠶᠡᠯᠡᠪᠡᠯ᠂ ︽ᠪᠢᠳᠠ

ᠳᠣᠣᠷ᠎ᠠ ᠪᠠᠨ ᠶᠠᠪᠤᠨ᠎ᠠ︾ ᠭᠡᠬᠦ ᠥᠭᠦᠯᠡᠪᠦᠷᠢ ᠶᠢᠨ ︽ᠳᠣᠣᠷ᠎ᠠ︾ ᠪᠣᠯ ᠳᠠᠶᠢᠪᠤᠷᠢ ᠦᠭᠡ᠂ ᠲᠤᠰᠠᠭᠠᠷ ᠢᠶᠠᠨ ᠪᠠᠶᠢᠴᠠ

ᠭᠡᠰᠢᠭᠦᠨ ᠪᠣᠯᠣᠨ᠎ᠠ᠃ ᠭᠡᠲᠡᠯ᠎ᠡ ︽ᠳᠣᠣᠷ᠎ᠠ ᠨᠢ ᠪᠥᠮᠪᠦᠭᠡ ᠪᠠᠶᠢᠨ᠎ᠠ︾ ᠭᠡᠪᠡᠯ ︽ᠳᠣᠣᠷ᠎ᠠ︾ ᠭᠡᠳᠡᠭ ᠦᠭᠡ ᠶᠢᠨ

ᠡᠮᠦᠨ᠎ᠡ ᠨᠢ ᠶᠠᠮᠠᠷ ᠨᠢᠭᠡᠨ ᠨᠡᠷ᠎ᠡ ᠦᠭᠡ ᠶᠢ ᠳᠥᠭᠦᠮᠴᠢᠯᠡᠭᠰᠡᠨ ᠨᠢ ᠶᠡᠭᠡ ᠢᠯᠡᠷᠬᠡᠢ᠂ ᠡᠶᠢᠮᠦ ᠠᠴᠠ ᠲᠤᠰ ︽ᠳᠣᠣᠷ᠎ᠠ︾᠎ ᠶᠢ

ᠳᠠᠭᠠᠪᠤᠷᠢ ᠦᠭᠡ ᠪᠠᠷ ᠦᠵᠡᠬᠦ ᠦᠭᠡᠢ ᠬᠠᠷᠢᠨ ᠨᠡᠷ᠎ᠡ ᠦᠭᠡ ᠶᠢᠨ ᠰᠢᠨᠵᠢ ᠲᠠᠢ ᠪᠣᠯᠣᠭᠰᠠᠨ ᠢᠶᠠᠷ ᠨᠢ ᠨᠡᠷ᠎ᠡ ᠦᠭᠡ ᠪᠠᠷ

ᠦᠵᠡᠨ᠎ᠡ᠂ ᠥᠭᠦᠯᠡᠪᠦᠷᠢ ᠳᠤ ᠥᠭᠦᠯᠡᠭᠳᠡᠬᠦᠨ ᠭᠡᠰᠢᠭᠦᠨ ᠤ ᠡᠭᠦᠷᠭᠡ ᠶᠢ ᠭᠦᠢᠴᠡᠳᠬᠡᠨ᠎ᠡ᠃

      ᠠᠷᠪᠠᠨ ᠲᠠᠪᠤ᠂ ᠬᠤᠯᠪᠣᠬᠤ ᠦᠭᠡ ᠶᠢᠨ ᠦᠭᠡᠰ ᠤᠨ ᠰᠠᠩ ᠤᠨ ᠤᠳᠬ᠎ᠠ ᠨᠢ ᠨᠡᠩ ᠬᠡᠶᠢᠰᠪᠦᠷᠢ᠃ ᠲᠥᠷᠥᠯ

ᠦᠭᠡ ᠨᠢ ᠣᠯᠠᠨ ᠳᠡᠭᠡᠷ᠎ᠡ ᠪᠤᠰᠤᠳ ᠪᠣᠳᠠᠲᠤ ᠦᠭᠡ ᠠᠴᠠ ᠬᠤᠪᠢᠷᠠᠨ ᠢᠷᠡᠭᠰᠡᠨ ᠦᠭᠡ ᠨᠡᠯᠢᠶᠡᠳ ᠠᠷᠪᠢᠨ          

ᠪᠠᠶᠢᠳᠠᠭ᠃ ᠴᠣᠬᠤᠮ ᠬᠤᠯᠪᠣᠬᠤ ᠦᠭᠡ ᠪᠣᠯᠬᠤ ᠡᠰᠡᠬᠦ ᠶᠢ ᠦᠵᠡᠬᠦ ᠳᠤ ᠪᠠᠨ ᠲᠤᠰ ᠦᠭᠡ ᠨᠢ ᠴᠣᠬᠤᠮ ᠬᠤᠯᠪᠣᠬᠤ

ᠦᠢᠯᠡᠳᠦᠯ ᠦᠵᠡᠭᠦᠯᠵᠦ ᠪᠠᠶᠢᠬᠤ ᠡᠰᠡᠬᠦ ᠶᠢ ᠦᠵᠡᠨ᠎ᠡ᠃ ᠡᠭᠦᠨ ᠳᠤ ︽ᠵᠡᠷᠭᠡᠴᠡᠭᠦᠯᠦᠨ ᠬᠤᠯᠪᠣᠬᠤ ᠦᠭᠡ᠂

ᠰᠣᠩᠭᠤᠨ ᠬᠤᠯᠪᠣᠬᠤ ᠦᠭᠡ ᠨᠢ ᠦᠭᠡ ᠨᠦᠭᠦᠳ ᠢ ᠬᠤᠯᠪᠣᠬᠤ ᠠᠴᠠ ᠭᠠᠳᠠᠨ᠎ᠠ᠂ ᠪᠤᠰᠤᠳ ᠬᠤᠯᠪᠣᠬᠤ ᠨᠢ ᠶᠡᠭᠡ

ᠲᠥᠯᠥᠪ ᠡᠩ ᠤᠨ ᠥᠭᠦᠯᠡᠪᠦᠷᠢ ᠶᠢ ᠬᠤᠯᠪᠣᠵᠤ ᠨᠡᠶᠢᠯᠡᠮᠡᠯ ᠥᠭᠦᠯᠡᠪᠦᠷᠢ ᠪᠣᠯᠭᠠᠨ᠎ᠠ︾ ᠭᠡᠵᠤ ᠴᠡᠭᠡᠵᠢᠯᠡᠭᠦᠯᠦᠨ᠎ᠡ᠃

      ᠠᠵᠢᠯᠯᠠᠵᠤ ᠪᠠᠶᠢᠭ᠎ᠠ ᠪᠠᠶᠢᠭᠤᠯᠭ᠎ᠠ᠄ ᠬᠠᠷᠠᠮᠦ᠋ᠷᠠᠨ ᠮᠤᠵᠢ ᠶᠢᠨ ᠳᠥᠷᠪᠡᠳ ᠮᠣᠩᠭᠤᠯ 

                             ᠦᠨᠳᠦᠰᠦᠲᠡᠨ ᠤ ᠥᠪᠡᠷᠲᠡᠭᠡᠨ ᠵᠠᠰᠠᠬᠤ ᠰᠢᠶᠠᠨ ᠤ

                             ᠪᠠᠭᠰᠢ ᠶᠢ ᠳᠠᠪᠲᠠᠨ ᠪᠣᠯᠪᠠᠰᠤᠷᠠᠭᠤᠯᠬᠤ ᠰᠤᠷᠭᠠᠭᠤᠯᠢ 

                             ︵ᠠᠯᠳᠠᠨᠰᠦ᠋ᠭᠡ ᠨᠠᠶᠢᠷᠠᠭᠤᠯᠪᠠ︶

                             2023.5 ᠳ᠋ᠤᠭᠠᠷ ᠬᠤᠭᠤᠴᠠᠭ᠎ᠠ

 

 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠥᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号