ᠵᠠᠩ ᠴᠢᠩ ᠴᠢᠤᠸᠠᠨ | | | | | | ᠤᠩᠰᠢᠯᠭ᠎ᠠ ᠳᠤ ᠬᠢᠴᠢᠶᠠᠯ ᠲᠡᠭᠡᠷᠡᠬᠢ ᠤᠡᠭᠰᠢᠯᠭ᠎ᠠ ᠪᠤᠯᠤᠨ ᠬᠢᠴᠢᠶᠡᠯ ᠤᠨ ᠭᠠᠳᠠᠨᠠᠬᠢ ᠤᠡᠭᠰᠢᠯᠭ᠎ᠠ ᠭᠡᠵᠦ | ᠪᠠᠶᠢᠳᠠᠬ᠃ ᠤᠡᠭᠰᠢᠯᠭ᠎ᠠ ᠶᠢᠨ ᠬᠢᠷᠢ ᠭᠡᠮᠵᠢᠶ᠎ᠠ ᠶᠢ ᠲᠡᠭᠡᠭᠰᠢᠯᠠᠭᠦᠯᠭᠦ ᠳᠤ ᠵᠦᠪᠭᠡᠨ ᠬᠢᠴᠢᠶᠡᠯ ᠲᠠᠭᠡᠷᠡᠬᠢ ᠤᠡᠭᠰᠢᠯᠭ᠎ᠠ ᠳᠤ | ᠲᠦᠰᠢᠭᠯᠡᠭᠡᠳ ᠪᠤᠯᠬᠤ ᠦᠭᠡᠢ᠂ ᠪᠠᠰᠠ ᠬᠢᠴᠢᠶᠡᠯ ᠤᠨ ᠭᠠᠳᠠᠨᠠᠬᠢ ᠤᠡᠭᠰᠢᠯᠭ᠎ᠠ ᠶᠢ ᠶᠠᠪᠤᠭᠳᠠᠭᠤᠯᠬᠤ | ᠭᠡᠷᠡᠭᠳᠠᠢ᠃ ᠤᠳᠤᠬᠠᠨ ᠳᠤ ᠰᠤᠷᠤᠭᠴᠢᠳ ᠤᠨ ᠤᠶᠢᠯᠠᠭᠠᠬᠤ᠂ ᠶᠠᠷᠢᠬᠤ᠂ ᠪᠢᠴᠢᠬᠦ ᠴᠢᠳᠠᠪᠤᠷᠢ ᠮᠠᠰᠢ ᠠᠨᠠᠢ ᠪᠦᠭᠡᠳ | ᠬᠡᠯᠡᠨ ᠤ ᠮᠡᠳᠡᠷᠡᠮᠵᠢ ᠲᠦᠢᠯ ᠤᠨ ᠲᠤᠷᠤᠢ ᠪᠠᠶᠢᠵᠤ᠂ ᠦᠭᠡᠰ ᠤᠨ ᠰᠠᠩ ᠤᠨ ᠬᠤᠷᠠᠮᠲᠤᠭᠤᠯᠭ᠎ᠠ ᠴᠦᠭᠡᠨ ᠪᠤᠶᠤ ᠵᠠᠷᠢᠮ | ᠦᠭᠡ᠂ ᠦᠬᠦᠯᠡᠪᠤᠷᠢ ᠶᠢᠨ ᠰᠠᠨᠠᠭ᠎ᠠ ᠤᠳᠬ᠎ᠠ ᠶᠢ ᠬᠦᠢᠴᠡᠳ ᠤᠶᠢᠯᠠᠭᠠᠵᠦ ᠴᠢᠳᠠᠬᠤ ᠦᠭᠡᠢ ᠪᠠᠶᠢᠨ᠎ᠠ᠃ ᠲᠠᠶᠢᠮᠦ | ᠪᠤᠯᠬᠤᠷ ᠰᠤᠷᠤᠭᠴᠢᠳ ᠢ ᠬᠢᠴᠢᠶᠡᠯ ᠤᠨ ᠭᠠᠳᠠᠨ᠎ᠠ ᠨᠤᠮ ᠵᠤᠬᠢᠶᠠᠯ ᠢ ᠢᠯᠡᠬᠦᠤ ᠤᠩᠰᠢᠭᠤᠯᠪᠠᠯ ᠭᠡᠯᠡ ᠪᠢᠴᠢᠭ ᠤᠨ | ᠡᠯ᠎ᠠ ᠲᠠᠯ᠎ᠠ ᠶᠢᠨ ᠴᠢᠳᠠᠪᠤᠷᠢ ᠲᠡᠭᠡᠭᠰᠢᠯᠡᠬᠦ ᠳᠤ ᠨᠢ ᠲᠦᠢᠯ ᠤᠨ ᠴᠢᠬᠤᠯᠠ ᠦᠢᠯᠡᠲᠦᠯ ᠦᠵᠡᠬᠦᠯᠬᠦ ᠨᠢ ᠲᠠᠮᠵᠢᠭ ᠦᠭᠡᠢ | ᠶᠤᠮ᠃ ᠲᠤᠤᠷ᠎ᠠ ᠬᠢᠴᠢᠶᠡᠯ ᠤᠨ ᠭᠠᠳᠠᠨᠠᠭᠢ ᠤᠩᠰᠢᠯᠭ᠎ᠠ ᠶᠢ ᠵᠢᠯᠤᠭᠤᠳᠤᠭᠰᠠᠨ ᠶᠠᠪᠤᠴᠠ ᠪᠠᠨ ᠶᠠᠷᠢᠶ᠎ᠠ᠃ | ᠨᠢᠭᠡᠲᠦᠭᠡᠷ ᠱᠠᠲᠤ᠄ 2021.6 — 2022.8 | 1. ᠭᠠᠷᠠᠭ ᠤᠨ ᠰᠡᠭᠦᠯᠴᠢ ᠶᠢ ᠠᠰᠢᠭᠯᠠᠵᠤ ᠰᠤᠷᠤᠭᠴᠢᠳ ᠢ ᠨᠤᠮ ᠤᠩᠰᠢᠬᠤ ᠳᠤ ᠭᠦᠳᠦᠯᠦᠭᠰᠡᠨ | ᠰᠤᠷᠤᠭᠴᠢᠳ ᠢ ᠵᠤᠬᠢᠶᠠᠨ ᠪᠠᠶᠢᠭᠤᠯᠵᠤ ᠬᠢᠴᠢᠶᠡᠯ ᠤᠨ ᠭᠠᠳᠠᠨ᠎ᠠ ᠨᠤᠮ ᠤᠡᠭᠰᠢᠬᠤ ᠬᠦᠳᠡᠯᠭᠡᠭᠡᠨ ᠢ ᠠᠩᠬ᠎ᠠ | ᠦᠷᠨᠢᠬᠦᠯᠭᠦ ᠳᠤ ᠲᠤᠷᠰᠢᠯᠭ᠎ᠠ ᠠᠨᠠᠢ ᠪᠠᠶᠢᠵᠠᠢ᠃ ᠰᠤᠷᠤᠭᠴᠢᠳ ᠢᠶᠠᠨ ᠬᠤᠶᠠᠷ ᠲᠤᠭᠤᠶᠢᠯᠠᠩ ᠬᠤᠪᠢᠶᠠᠭᠠᠳ ᠭᠠᠷᠠᠭ ᠤᠨ | ᠵᠢᠷᠭᠤᠭᠠᠨ ᠤ ᠦᠳᠡ ᠶᠢᠨ ᠬᠤᠶᠢᠨ᠎ᠠ ᠪᠤᠯᠭᠠᠨ ᠬᠤᠶᠠᠷ ᠲᠤᠭᠤᠶᠢᠯᠠᠩ ᠡᠭᠡᠯᠵᠢᠯᠡᠨ ᠰᠤᠩᠭᠤᠵᠤ ᠲᠤᠭᠳᠠᠭᠰᠠᠨ 23 | ᠨᠤᠮ ᠢ ᠤᠩᠰᠢᠨ᠎ᠠ᠃ ᠰᠤᠩᠭᠤᠭᠰᠠᠨ ᠨᠤᠮ ᠤᠨ ᠲᠤᠳᠤᠷ᠎ᠠ ᠲᠡᠥᠭᠡᠨ ᠵᠤᠬᠢᠶᠠᠯ᠂ ᠤᠷᠠᠨ ᠵᠤᠬᠢᠶᠠᠯ᠂ ᠰᠢᠨᠵᠢᠯᠡᠬᠦ | ᠤᠬᠠᠭᠠᠨ ᠤ ᠮᠡᠳᠡᠯᠭᠡ᠂ ᠨᠠᠮᠳᠠᠷ ᠴᠠᠳᠢᠭ ᠵᠡᠷᠭᠡ ᠶᠢ ᠪᠠᠭᠳᠠᠭᠠᠭᠰᠠᠨ ᠪᠦᠭᠡᠳ ᠬᠠᠭᠤᠳᠠᠰᠤ ᠭᠡᠮᠵᠢᠶ᠎ᠠ ᠨᠢ ᠠᠳᠠᠯᠢ | ᠪᠤᠰᠤ᠃ ᠡᠨᠡ ᠭᠦ 23 ᠨᠤᠮ ᠨᠢ ᠰᠤᠷᠤᠭᠴᠢᠳ ᠤᠨ ᠨᠤᠮ ᠤᠩᠰᠢᠬᠤ ᠰᠤᠨᠢᠷᠬᠠᠯ ᠢ ᠪᠦᠷᠢᠮᠦᠰᠦᠨ ᠬᠠᠩᠭᠠᠵᠦ ᠴᠢᠳᠠᠬᠤ | ᠦᠭᠡᠢ ᠪᠤᠯᠪᠠᠴᠦ ᠰᠤᠷᠤᠭᠴᠢᠳ ᠤᠨ ᠨᠤᠮ ᠤᠩᠰᠢᠬᠤ ᠤᠷᠮ᠎ᠠ ᠪᠠᠬ᠎ᠠ ᠶᠢ ᠭᠦᠨᠳᠠᠵᠤ ᠴᠢᠳᠠᠵᠠᠢ᠃ ᠮᠢᠨᠤ ᠵᠤᠷᠢᠯᠭ᠎ᠠ | ᠴᠦ ᠡᠬᠦᠨ ᠳᠤ ᠪᠠᠶᠢᠳᠠᠭ᠃ ᠲᠠᠷᠤᠢ ᠰᠤᠷᠤᠭᠴᠢᠳ ᠤᠨ ᠲᠤᠷ᠎ᠠ ᠪᠠᠬ᠎ᠠ᠂ ᠲᠤᠷ᠎ᠠ ᠰᠤᠨᠢᠷᠬᠠᠯ ᠢ ᠬᠦᠨᠳᠡᠪᠡᠯ ᠲᠡᠳᠡ | ᠠᠶᠠᠨᠳᠠᠭᠠᠨ ᠦᠪᠡᠷ ᠤᠨ ᠤᠬᠠᠮᠰᠠᠷ ᠠᠴᠠ ᠪᠠᠨ ᠮᠤᠩᠭᠤᠯ ᠭᠡᠯᠡ ᠪᠢᠴᠢᠭ ᠰᠤᠷᠬᠤ ᠲᠤᠷᠠᠲᠠᠢ ᠪᠤᠯᠳᠠᠭ᠃ ᠤᠴᠢᠷ ᠨᠢ | ︽ᠲᠤᠷ᠎ᠠ ᠳᠤ ᠰᠢᠷ᠎ᠠ ᠦᠭᠡᠢ︾ ᠭᠡᠳᠡᠭ ᠪᠢᠰᠢ ᠤᠤ︖ | 2. ᠨᠤᠮ ᠤᠩᠰᠢᠯᠭ᠎ᠠ ᠶᠢᠨ ᠰᠠᠭᠤᠷᠢᠨ ᠳᠤ ︽ᠵᠤᠬᠢᠶᠠᠨ ᠪᠢᠴᠢᠬᠦ ᠲᠤᠭᠤᠶᠢᠯᠠᠩ︾ ᠢ ᠵᠤᠬᠢᠶᠠᠨ | ᠪᠠᠶᠢᠭᠤᠯᠤᠭᠰᠠᠨ | ︽ᠨᠤᠮ ᠪᠢᠴᠢᠭ ᠢ ᠲᠦᠮᠡᠨ ᠪᠤᠳᠢ ᠤᠩᠰᠢᠪᠠᠰᠤ ᠪᠢᠷ ᠤᠨ ᠦᠵᠦᠭᠦᠷ ᠰᠢᠳᠢ ᠤᠷᠤᠰᠢᠮᠤᠢ︾᠂ ︽ᠮᠤᠩᠬᠠᠭ ᠤᠨ | ᠴᠦᠯ ᠢ ᠮᠤᠷᠢ ᠪᠠᠷ ᠪᠢᠰᠢ ᠨᠤᠮ ᠢᠶᠠᠷ ᠲᠤᠭᠤᠯᠳᠠᠭ︾᠂ ︽ᠪᠢ ᠬᠡᠳᠦᠢ ᠤᠯᠠᠨ ᠨᠤᠮ ᠤᠩᠰᠢᠬᠤ ᠲᠤᠲᠤᠮ | ᠦᠪᠡᠷ ᠤᠨ ᠮᠡᠳᠡᠯᠭᠡ ᠮᠡᠬᠦᠰ ᠢᠶᠠᠨ ᠰᠡᠷᠡᠵᠦ ᠮᠡᠳᠡᠳᠡᠭ︾ ᠬᠡᠬᠦ ᠮᠡᠲᠦᠴᠢᠯᠡᠨ ᠡᠷᠲᠡᠨ ᠡᠳᠦᠭᠡ᠂ ᠭᠠᠳᠠᠭᠠᠳᠤ | ᠲᠤᠲᠤᠭᠠᠲᠤ ᠶᠢᠨ ᠡᠷᠳᠡᠮᠲᠡᠨ ᠮᠡᠷᠭᠡᠳ ᠢᠶᠠᠷ ᠤᠩᠰᠢᠯᠭ᠎ᠠ ᠶᠢᠨ ᠦᠨ᠎ᠡ ᠴᠡᠨ᠎ᠡ ᠶᠢᠨ ᠲᠤᠬᠠᠢ ᠮᠠᠰᠢ ᠳᠦᠷᠰᠦᠯᠢᠭ | ᠰᠡᠴᠡᠯᠡᠭᠰᠡᠨ ᠪᠠᠶᠢᠳᠠᠭ᠃ ᠡᠭᠦᠨ ᠠᠴᠠ ᠦᠵᠡᠬᠦ ᠳᠤ ᠤᠩᠰᠢᠬᠤ ᠪᠠ ᠵᠤᠬᠢᠶᠠᠬᠤ ᠬᠤᠶᠠᠷ ᠪᠤᠯ ᠨᠦᠭᠦᠴᠡᠯ ᠪᠠ ᠦᠷ᠎ᠡ | ᠳ᠋ᠦᠩ ᠤᠨ ᠬᠠᠷᠢᠴᠠᠭ᠎ᠠ ᠲᠠᠢ ᠲᠤᠯᠠ ᠨᠢᠭᠲᠠ ᠤᠶᠠᠯᠳᠤᠭᠤᠯᠤᠭᠰᠠᠨ ᠪᠠᠶᠢᠬᠤ ᠬᠡᠷᠡᠭᠲᠡᠢ᠃ ᠤᠴᠢᠷ ᠨᠢ ᠦᠭᠡ | ᠬᠡᠯᠡᠯᠭᠡ ᠶᠢᠨ ᠦᠪ ᠬᠦᠷᠦᠩᠭᠡ ᠪᠠᠶᠠᠯᠢᠭ ᠪᠠᠶᠢᠮᠠᠨᠵᠢᠨ ᠰᠠᠶ᠋ᠢ ᠵᠤᠬᠢᠶᠠᠨ ᠪᠢᠴᠢᠯᠭᠡ ᠶᠢᠨ ᠨᠡᠯᠦᠭᠡᠷ ᠳᠠᠯᠠᠢ ᠳᠤ | ᠤᠩᠭᠤᠴᠠ ᠰᠡᠯᠢᠵᠦ᠂ ᠠᠯᠤᠰ ᠤᠨ ᠠᠶᠠᠨ ᠤ ᠳᠠᠷᠪᠠᠭᠤᠯ ᠢᠶᠠᠨ ᠳᠡᠯᠭᠡᠵᠦ ᠳᠡᠶᠢᠯᠳᠡᠭ᠃ ᠤᠩᠰᠢᠭᠰᠠᠨ ᠵᠦᠢᠯ ᠢᠶᠠᠨ | ᠪᠤᠲᠠᠲᠠᠢ ᠳᠤ ᠬᠡᠷᠡᠭᠯᠡᠵᠦ ᠴᠢᠳᠠᠬᠤ ᠨᠢ ᠮᠠᠨ ᠤ ᠡᠴᠤᠰ ᠤᠨ ᠵᠤᠷᠢᠯᠭ᠎ᠠ ᠪᠤᠯᠬᠤ ᠶᠤᠮ᠃ ᠡᠶᠢᠮᠦ ᠠᠴᠠ ᠬᠤᠷᠠᠮᠳᠤᠭᠤᠯᠤᠯ | ᠪᠠ ᠬᠡᠷᠡᠭᠯᠡᠯᠲᠡ ᠶᠢ ᠬᠠᠮᠲᠤ ᠳᠤ ᠨᠢ ᠠᠩᠬᠠᠷᠤᠭᠰᠠᠨ ᠪᠠᠶᠢᠬᠤ ᠬᠡᠷᠡᠭᠲᠡᠢ᠃ ᠰᠤᠷᠤᠭᠴᠢᠳ ᠤᠨ ᠤᠩᠰᠢᠯᠭ᠎ᠠ ᠶᠢᠨ ᠪᠠᠲᠤ | ᠰᠠᠭᠤᠷᠢ ᠲᠡᠭᠡᠷ᠎ᠡ ᠬᠤᠷᠠᠮᠳᠤᠭᠤᠯᠵᠤ ᠤᠯᠤᠭᠰᠠᠨ ᠦᠭᠡᠰ ᠤᠨ ᠰᠠᠩ ᠤᠨ ᠪᠠᠶᠠᠯᠢᠬᠵᠢᠯ ᠨᠢ ᠲᠡᠷᠡ ᠴᠡᠭ ᠢᠶᠠᠷ ᠢᠶᠠᠨ | ᠲᠠᠳᠠᠨ ᠤ ᠵᠤᠬᠢᠶᠠᠨ ᠪᠢᠴᠢᠬᠦ ᠰᠡᠳᠬᠢᠬᠦᠢ ᠶᠢ ᠨᠢ ᠬᠦᠭᠵᠢᠭᠡᠵᠦ᠂ ᠬᠡᠯᠡᠨ ᠤ ᠮᠡᠳᠡᠷᠡᠮᠵᠢ ᠶᠢ ᠨᠢ ᠳᠡᠭᠡᠭᠰᠢᠯᠡᠭᠦᠯᠳᠡᠭ | ᠲᠤᠯᠠ ᠤᠩᠰᠢᠯᠭ᠎ᠠ ᠶᠢᠨ ᠰᠠᠭᠤᠷᠢ ᠳᠡᠭᠡᠷ᠎ᠡ ᠵᠤᠬᠢᠶᠠᠨ ᠪᠢᠴᠢᠬᠦ ᠶᠢ ᠴᠢᠩᠭᠠᠳᠬᠠᠪᠠ᠃ | ᠨᠤᠮ ᠤᠩᠰᠢᠭᠰᠠᠨ ᠰᠠᠭᠤᠷᠢᠨ ᠳᠤ ︽ᠵᠤᠬᠢᠶᠠᠨ ᠪᠢᠴᠢᠬᠦ ᠲᠤᠭᠤᠶᠢᠯᠠᠩ︾ ᠢ ᠵᠤᠬᠢᠶᠠᠨ ᠪᠠᠶᠢᠭᠤᠯᠤᠭᠰᠠᠨ | ᠪᠠᠶᠢᠨ᠎ᠠ᠃ ᠰᠣᠷᠤᠭᠴᠢᠳ ᠰᠠᠶᠢᠨ ᠲᠤᠷ᠎ᠠ ᠠᠴᠠ ᠪᠠᠨ ᠡᠨᠡ ᠬᠦ ᠲᠤᠭᠤᠶᠢᠯᠠᠩ ᠳᠤ ᠤᠷᠤᠯᠴᠠᠨ᠎ᠠ᠃ ᠭᠡᠬᠦ ᠳᠤ ᠪᠠᠨ | ᠬᠤᠶᠠᠷ ᠭᠠᠷᠠᠭ ᠲᠤ ᠪᠠᠭᠰᠢ ᠳᠤ ᠬᠦᠮᠦᠨ ᠪᠦᠬᠦᠨ ᠵᠠᠪᠠᠯ ᠨᠢᠭᠡ ᠬᠤᠪᠢ ᠵᠤᠬᠢᠶᠠᠯ ᠲᠤᠰᠢᠶᠠᠭᠰᠠᠨ ᠪᠠᠶᠢᠬᠤ | ᠭᠡᠷᠡᠭᠲᠠᠢ᠃ ᠵᠤᠬᠢᠶᠠᠯ ᠢᠶᠠᠨ ᠲᠤᠰᠢᠶᠠᠬᠤ ᠦᠶ᠎ᠡ ᠳᠤ ᠵᠠᠪᠠᠯ ᠬᠤᠶᠠᠷ ᠠᠴᠠ ᠲᠡᠭᠡᠭᠰᠢ ᠬᠠᠮᠲᠦ ᠨᠦᠬᠦᠳ ᠨᠢ ᠵᠤᠬᠢᠶᠠᠯ | ᠵᠠᠰᠠᠭᠰᠠᠨ ᠴᠤᠬᠤᠯᠠᠪᠤᠷᠢ ᠦᠯᠡᠳᠡᠭᠡᠬᠦ ᠬᠡᠷᠡᠭᠲᠠᠢ ᠭᠡᠵᠦ ᠴᠢᠩᠭ᠎ᠠ ᠱᠠᠭᠠᠷᠳᠠᠭᠰᠠᠨ ᠪᠠᠶᠢᠨ᠎ᠠ᠃ ᠡᠬᠢᠨ ᠳᠤ ᠪᠠᠨ | ᠰᠤᠷᠤᠭᠴᠢᠳ ᠵᠢᠭᠠᠬᠠᠨ ᠬᠦᠴᠢᠷᠳᠡᠵᠦ ᠪᠠᠶᠢᠭᠰᠠᠨ ᠴᠦ ᠰᠡᠬᠦᠯᠳᠡᠵᠦ ᠢᠷᠡᠭᠡᠳ ᠤᠯᠠᠩᠬᠢ ᠰᠤᠷᠤᠭᠴᠢ ᠵᠤᠬᠢᠶᠠᠯ | ᠪᠢᠴᠢᠬᠦ ᠳᠤ ᠲᠤᠯᠤᠭᠠᠢ ᠲᠤᠬᠢᠬᠤ ᠪᠤᠯᠤᠭᠠᠳ ᠲᠤᠯᠤᠭᠠᠢ ᠰᠠᠵᠢᠵᠦ ᠮᠠᠭᠠᠵᠢᠬᠤ ᠪᠠᠨ ᠪᠤᠯᠢᠭᠰᠠᠨ ᠪᠠᠶᠢᠨ᠎ᠠ᠃ ᠡᠨᠡ ᠬᠦ | ᠬᠤᠭᠤᠴᠠᠭᠠᠨ ᠳᠤ × × ᠭᠡᠬᠦ ᠰᠤᠷᠤᠭᠴᠢ ︽ᠠᠯᠲᠠᠨ ᠦᠨᠲᠦᠰᠦ︾ ᠬᠤᠨᠳᠠᠭᠠᠲᠦ ᠵᠤᠬᠢᠶᠠᠯ ᠤᠨ ᠤᠷᠤᠯᠲᠤᠭᠠᠨ ᠳᠤ | ᠤᠷᠤᠯᠴᠠᠭᠠᠳ ᠬᠤᠶᠠᠳᠤᠭᠠᠷ ᠲᠠᠰ ᠤᠨ ᠱᠠᠩᠨᠠᠯ ᠬᠦᠷᠳᠡᠭᠰᠡᠨ ᠪᠠ ᠲᠡᠬᠦᠨ ᠤ ︽ᠡᠵᠢ ᠮᠢᠨᠢ︾ ᠭᠡᠬᠦ ᠵᠤᠬᠢᠶᠠᠯ ᠨᠢ | ︽ᠵᠢᠷᠢᠮ ᠤᠨ ᠤᠷᠠᠨ ᠵᠤᠬᠢᠶᠠᠯ︾ ᠳᠤ ᠨᠡᠶᠢᠳᠡᠯᠡᠭᠳᠡᠭᠰᠡᠨ ᠪᠠᠶᠢᠨ᠎ᠠ᠃ ᠡᠶᠢᠨ ᠬᠦ ᠰᠤᠷᠤᠭᠴᠢᠳ ᠤᠨ ᠤᠩᠰᠢᠯᠭ᠎ᠠ ᠪᠠ | ᠵᠤᠬᠢᠶᠠᠨ ᠪᠢᠴᠢᠬᠦ ᠶᠢᠨ ᠬᠦᠳᠡᠯᠭᠡᠭᠡᠨ ᠢᠳᠡ ᠬᠦᠴᠦ ᠲᠠᠢ ᠶᠠᠪᠤᠭᠳᠠᠵᠦ ᠪᠠᠶᠢᠭᠰᠠᠨ ᠦᠶ᠎ᠡ ᠳᠤ ᠮᠠᠨ ᠤ | ᠠᠩᠬᠢ ᠪᠠᠷ ᠢᠶᠠᠨ ︽ᠵᠤᠬᠢᠶᠠᠨ ᠪᠢᠴᠢᠬᠦ ᠲᠤᠭᠤᠶᠢᠯᠠᠩ︾ ᠤᠨ ᠭᠡᠰᠢᠬᠦᠳ ᠤᠨ ᠵᠤᠬᠢᠶᠠᠯ ᠢ ᠪᠦᠬᠦᠨ ᠢ ᠡᠮᠬᠢᠯᠡᠨ ᠵᠠᠰᠠᠭᠠᠳ | ᠲᠦᠩᠯᠢᠶᠤᠤ ᠮᠤᠩᠭᠤᠯ ᠰᠤᠷᠭᠠᠭᠤᠯᠢ ᠶᠢᠨ ᠠᠩᠬᠠᠳᠠᠭᠴᠢ ᠠᠩᠬᠢ ᠶᠢᠨ ᠵᠤᠬᠢᠶᠠᠯ ᠤᠨ ᠰᠤᠩᠭᠤᠮᠠᠯ ᠪᠤᠯᠬᠤ 96 | ᠵᠤᠬᠢᠶᠠᠯ ᠪᠦᠬᠦᠢ ︽ᠠᠬᠢ ᠦᠨᠦᠷᠲᠦᠭᠰᠡᠨ ᠲᠠᠯ᠎ᠠ︾ ᠭᠡᠮᠡᠬᠦ ᠨᠤᠮ ᠢ ᠰᠤᠷᠭᠠᠭᠤᠯᠢ ᠶᠢᠨ ᠤᠳᠤᠷᠢᠳᠤᠯᠭ᠎ᠠ ᠶᠢᠨ ᠲᠡᠮᠵᠢᠯᠭᠡ | ᠲᠤᠤᠷ᠎ᠠ ᠲᠠᠷᠤᠮᠠᠯᠯᠠᠵᠦ᠂ ᠰᠤᠷᠤᠭᠴᠢ ᠪᠦᠬᠦᠨ ᠳᠤ ᠨᠢᠭᠡ ᠬᠤᠪᠢ ᠦᠯᠡᠳᠡᠭᠡᠵᠦ ᠲᠤᠷᠠᠰᠬᠠᠯ ᠪᠤᠯᠭᠠᠭᠰᠠᠨ | ᠪᠠᠶᠢᠨ᠎ᠠ᠃ ᠡᠨᠡ ᠬᠦ ᠰᠣᠷᠣᠭᠴᠢᠳ ᠤᠨ ᠰᠤᠲᠤᠨ ᠵᠤᠬᠢᠶᠠᠯ ᠤᠨ ᠰᠤᠩᠭᠤᠮᠠᠯ ᠨᠢ ᠭᠡᠷ ᠤᠨ ᠠᠬᠠᠮᠠᠳ ᠪᠤᠯᠤᠨ | ᠰᠤᠷᠭᠠᠭᠤᠯᠢ ᠶᠢᠨ ᠤᠯᠠᠩᠬᠢ ᠪᠠᠭᠰᠢ ᠨᠠᠷ ᠤᠨ ᠰᠠᠶᠢᠰᠢᠶᠠᠯ ᠬᠦᠷᠢᠶᠠᠯᠡᠯ ᠢ ᠬᠦᠷᠳᠡᠪᠡ᠃ | 3. ᠰᠤᠷᠤᠭᠴᠢᠳ ᠲᠤ ᠮᠤᠩᠭᠤᠯ ᠲᠠᠭᠤᠤ ᠵᠢᠭᠠᠵᠦ ᠦᠭᠡᠰ ᠤᠨ ᠰᠠᠩ ᠢ ᠪᠠᠶᠠᠯᠢᠬᠵᠢᠭᠤᠯᠤᠭᠰᠠᠨ | ᠲᠠᠭᠤᠤ ᠶᠢᠨ ᠦᠭᠡ ᠪᠤᠯ ᠲᠡᠷᠡ ᠴᠡᠭ ᠢᠶᠠᠷ ᠢᠶᠠᠨ ᠰᠢᠯᠦᠭ ᠮᠦᠨ᠃ ᠲᠡᠭᠦᠨ ᠳᠤ ᠠᠭᠤᠳᠠᠯᠤᠭᠠᠳ ᠪᠠᠷᠠᠰᠢ | ᠦᠭᠡᠢ ᠳᠠᠯᠠᠢ ᠪᠠᠶᠠᠨ ᠦᠭᠡᠰ ᠤᠨ ᠡᠷᠳᠡᠨᠢ ᠬᠠᠳᠠᠭᠠᠯᠠᠭᠳᠠᠵᠤ ᠪᠤᠢ᠃ ᠮᠤᠩᠭᠤᠯ ᠳᠠᠭᠤᠤ ᠤᠷᠠᠯᠢᠭ ᠤᠨ ᠢᠶᠠᠨ | ᠬᠦᠩᠬᠢᠨᠡᠭᠦᠨ ᠰᠠᠶᠢᠬᠠᠨ ᠭᠦᠭ ᠠᠶᠠᠰ ᠢᠶᠠᠷ ᠨᠢ ᠰᠡᠳᠬᠢᠯ ᠰᠠᠨᠠᠭ᠎ᠠ ᠪᠠᠨ ᠴᠡᠪᠡᠷᠰᠢᠭᠦᠯᠵᠦ᠂ ᠰᠡᠳᠬᠢᠯ ᠢ ᠬᠦᠨᠳᠡᠬᠦ᠋ᠢᠴᠡ | ᠦᠭᠡᠰ ᠤᠨ ᠡᠷᠳᠡᠨᠢ ᠠᠴᠠ ᠨᠢ ᠲᠡᠭᠦᠵᠦ ᠶᠠᠪᠤᠬᠤ ᠭᠡᠵᠦ ᠶᠤᠰᠤᠲᠠᠢ ᠨᠢᠭᠡᠨ ᠭᠤᠸ᠎ᠠ ᠰᠠᠶᠢᠬᠠᠨ ᠤ ᠬᠦᠷᠲᠡᠭᠡᠯ ᠤᠨ | ᠶᠠᠪᠤᠴᠠ ᠪᠤᠯᠬᠤ ᠪᠢᠯᠡ᠃ ᠰᠤᠷᠤᠭᠴᠢ ᠶᠢᠨ ᠢᠶᠠᠨ ᠦᠭᠡᠰ ᠤᠨ ᠰᠠᠩ ᠢ ᠪᠠᠶᠠᠯᠢᠬᠵᠢᠭᠤᠯᠵᠤ ᠬᠡᠯᠡᠨ ᠤ | ᠮᠡᠳᠡᠷᠡᠮᠵᠢ ᠶᠢ ᠨᠢ ᠳᠡᠭᠡᠭᠰᠢᠯᠡᠭᠦᠯᠬᠦ ᠶᠢᠨ ᠲᠤᠰᠠᠲᠠ᠂ ᠮᠦᠨ ᠴᠦ ᠰᠤᠷᠤᠭᠴᠢᠳ ᠤᠨ ᠢᠶᠠᠨ ᠭᠤᠸ᠎ᠠ ᠰᠠᠶᠢᠬᠠᠨ ᠤ | ᠮᠡᠳᠡᠷᠡᠮᠵᠢ ᠶᠢ ᠭᠦᠮᠦᠵᠢᠭᠦᠯᠭᠦ ᠶᠢᠨ ᠲᠤᠰᠠᠲᠠ ᠬᠤᠶᠠᠷ ᠭᠠᠷᠠᠭ ᠲᠤ ᠨᠢᠭᠡ ᠮᠤᠩᠭᠤᠯ ᠲᠠᠭᠤᠤ ᠶᠢ ᠰᠤᠷᠭᠠᠬᠤ ᠪᠠᠷ | ᠴᠢᠷᠮᠠᠶᠢᠪᠠ᠃ ᠡᠬᠦᠨ ᠳᠤ ᠤᠯᠠᠩᠬᠢ ᠨᠢ ᠠᠪᠤ ᠡᠵᠢ ᠪᠠᠨ ᠰᠠᠨᠠᠵᠦ ᠮᠦᠷᠦᠭᠡᠲᠦᠭᠰᠡᠨ᠂ ᠨᠤᠳᠤᠭ ᠤᠰᠤ ᠪᠠᠨ | ᠪᠠᠭ᠋ᠠᠷᠬᠠᠵᠦ ᠮᠠᠭᠳᠠᠭᠰᠠᠨ ᠲᠠᠭᠤᠤ ᠶᠢ ᠰᠦᠯᠵᠢᠶᠡᠨ ᠠᠴᠠ ᠪᠠᠭᠤᠯᠭᠠᠵᠦ᠂ ᠦᠭᠡ ᠶᠢ ᠨᠢ ᠲᠠᠷᠤᠮᠠᠯᠯᠠᠨ ᠲᠠᠷᠬᠠᠭᠠᠵᠤ᠂ | ᠲᠦᠷᠰᠤ ᠰᠢᠩᠭᠡᠭᠡᠯᠲᠡ ᠶᠢ ᠨᠢ ᠰᠤᠨᠢᠷᠬᠠᠭᠤᠯᠵᠦ ᠪᠠᠶᠢᠭᠠᠳ ᠰᠤᠷᠭᠠᠭᠰᠠᠨ ᠪᠠᠶᠢᠨ᠎ᠠ᠃ ᠮᠤᠩᠭᠤᠯ ᠳᠠᠭᠤᠤ | ᠤᠷᠠᠯᠢᠭ ᠤᠨ ᠷᠢᠳᠢ ᠰᠢᠳᠢ ᠭᠡᠵᠦ ᠶᠤᠰᠤᠲᠠᠢ ᠨᠢᠭᠡᠨ ᠭᠠᠶᠢᠬᠠᠮᠰᠢᠭ ᠪᠢᠯᠡ᠃ ᠳᠠᠭᠤᠤ ᠰᠤᠨᠢᠷᠬᠠᠬᠤ ᠶᠠᠪᠤᠴᠠ ᠳᠤ | ᠰᠤᠷᠤᠭᠴᠢᠳ ᠤᠨ ᠰᠡᠳᠬᠢᠯ ᠰᠠᠨᠠᠭ᠎ᠠ ᠨᠢ ᠤᠬᠢᠶᠠᠭᠳᠠᠵᠤ ᠰᠤᠷᠤᠯᠭ᠎ᠠ ᠶᠢᠨ ᠳᠠᠷᠤᠭᠠᠰᠤ ᠨᠢ ᠬᠦᠩᠭᠡᠷᠡᠭᠰᠡᠨ ᠨᠢ ᠪᠠᠰᠠ | ᠨᠢᠭᠡ ᠪᠠᠶᠠᠷᠯᠠᠭᠤᠰᠢᠲᠠᠢ ᠤᠴᠢᠷ ᠪᠤᠯᠤᠭᠰᠠᠨ ᠪᠠᠶᠢᠨ᠎ᠠ᠃ | 4. ᠲᠤᠰ ᠱᠠᠳᠤᠨ ᠳᠤ ᠤᠯᠤᠭᠰᠠᠨ ᠠᠮᠵᠢᠯᠲᠠ | ᠬᠤᠶᠠᠷ ᠵᠢᠯ ᠤᠨ ᠴᠢᠷᠮᠠᠶᠢᠯᠭ᠎ᠠ ᠪᠠᠷ ᠲᠠᠮᠵᠢᠨ ᠮᠠᠨ ᠤ ᠠᠩᠬᠢ ᠶᠢᠨ ᠰᠤᠷᠤᠭᠴᠢᠳ ᠤᠨ ᠮᠤᠩᠭᠤᠯ ᠬᠡᠯᠡᠨ ᠤ | ᠮᠡᠳᠡᠯᠭᠡ ᠴᠢᠳᠠᠪᠤᠷᠢ᠂ ᠭᠡᠯᠡᠨ ᠤ ᠮᠡᠳᠡᠷᠠᠮᠵᠢ ᠪᠤᠰᠤᠳ ᠠᠩᠬᠢ ᠠᠴᠠ ᠮᠡᠳᠡᠭᠳᠡᠬᠦ᠋ᠢᠴᠡ ᠰᠠᠶᠢᠵᠢᠷᠠᠨ᠂ ᠬᠤᠳᠠ᠂ | ᠰᠤᠷᠭᠠᠭᠤᠯᠢ ᠶᠢᠨ ᠱᠠᠳᠤᠨ ᠤ ᠵᠤᠬᠢᠶᠠᠨ ᠪᠢᠴᠢᠯᠭᠡ ᠶᠢᠨ ᠤᠷᠤᠯᠳᠤᠭᠠᠨ᠂ ᠰᠢᠯᠦᠭ ᠤᠨ ᠤᠷᠤᠯᠲᠤᠭᠠᠨ᠂ ᠶᠠᠷᠢᠶᠠᠨ ᠤ | ᠤᠷᠤᠯᠲᠤᠭᠠᠨ ᠪᠦᠬᠦᠨ ᠳᠤ ᠲᠡᠷᠢᠬᠦᠯᠡᠵᠦ ᠰᠤᠷᠭᠠᠭᠤᠯᠢ ᠶᠢᠨ ᠤᠳᠤᠷᠢᠳᠤᠯᠭ᠎ᠠ᠂ ᠪᠠᠭᠰᠢ ᠰᠤᠷᠤᠭᠴᠢᠳ᠂ ᠭᠡᠷ ᠤᠨ | ᠠᠬᠠᠮᠠᠳ ᠤᠨ ᠮᠠᠭᠳᠠᠭᠠᠯ ᠰᠠᠶᠢᠰᠢᠶᠠᠯ ᠢ ᠤᠯᠪᠠ᠃ | ᠬᠤᠶᠠᠳᠤᠭᠠᠷ ᠱᠠᠲᠦ᠄ 2022.9 — 2023.5 | 1. ᠨᠤᠮ ᠤᠩᠰᠢᠭᠤᠯᠤᠨ ᠪᠤᠳᠤᠯ ᠲᠦᠷᠦᠭᠳᠡᠯ ᠢ ᠨᠢ ᠰᠤᠯᠢᠯᠴᠠᠭᠤᠯᠤᠭᠰᠠᠨ | ᠲᠤᠰ ᠱᠠᠲᠤᠨ ᠠᠴᠠ ᠡᠬᠢᠯᠡᠨ ᠰᠤᠷᠤᠭᠴᠢ ᠪᠦᠬᠦᠨ ᠨᠢᠭᠡ ᠬᠤᠭᠤᠴᠠᠭ᠎ᠠ ᠦᠪᠡᠷ ᠢᠶᠠᠨ ᠵᠤᠭᠤᠰ ᠭᠠᠷᠭᠠᠵᠦ | ᠪᠠᠶᠢᠭᠠᠳ ᠨᠤᠮ ᠬᠤᠳᠠᠯᠲᠤᠨ ᠠᠪᠤᠨ᠎ᠠ᠃ ᠬᠤᠳᠠᠯᠳᠤᠨ ᠠᠪᠤᠭᠰᠠᠨ ᠨᠤᠮ ᠢᠶᠠᠨ ᠭᠠᠷᠠᠭ ᠤᠨ ᠵᠢᠷᠭᠤᠭᠠᠨ ᠤ | ᠦᠳᠡ ᠶᠢᠨ ᠬᠤᠶᠢᠨ᠎ᠠ ᠪᠦᠬᠦᠳᠡᠭᠡᠷ ᠢᠶᠠᠨ ᠤᠩᠰᠢᠨ᠎ᠠ᠃ ᠤᠩᠰᠢᠬᠤ ᠦᠶ᠎ᠡ ᠶᠢᠨ ᠱᠠᠭᠠᠷᠳᠠᠯᠭ᠎ᠠ ᠨᠢ ᠦᠪᠡᠷ ᠤᠨ | ᠲᠤᠭᠤᠵᠦ ᠪᠠᠭ᠋ᠠᠷᠬᠠᠭᠰᠠᠨ ᠦᠭᠡ ᠭᠡᠯᠡᠯᠭᠡ᠂ ᠦᠬᠦᠯᠡᠪᠦᠷᠢ᠂ ᠭᠡᠯᠡᠴᠡ ᠶᠢᠨ ᠠᠷᠤ ᠳᠤ ᠨᠢ ᠬᠠᠷᠠᠨᠳᠠ ᠪᠠᠷ ᠵᠢᠷᠦᠵᠦ | ᠲᠠᠯᠪᠢᠨ᠎ᠠ᠃ ᠡᠪᠦᠯ ᠵᠤᠨ ᠤ ᠠᠮᠠᠷᠠᠯᠳᠠ ᠶᠢᠨ ᠳᠠᠰᠬᠠᠯ ᠪᠣᠯ ᠨᠤᠮ ᠤᠩᠰᠢᠵᠦ᠂ ᠨᠤᠮ ᠤᠩᠰᠢᠭᠰᠠᠨ ᠲᠡᠮᠳᠡᠭᠯᠡᠯ | ᠬᠢᠨ᠎ᠡ᠃ ᠨᠤᠮ ᠤᠩᠰᠢᠬᠰᠠᠨ ᠲᠡᠮᠳᠡᠭᠯᠡᠯ ᠤᠨ ᠲᠡᠪᠲᠡᠷ ᠤᠨ ᠡᠮᠦᠨ᠎ᠡ ᠨᠢᠭᠤᠷ ᠲᠤ᠂ ᠤᠩᠰᠢᠭᠰᠠᠨ ᠨᠤᠮ ᠤᠨ ᠭᠠᠷᠴᠠᠭ᠂ | ᠵᠤᠬᠢᠶᠠᠭᠴᠢ᠂ ᠵᠤᠬᠢᠶᠠᠭᠴᠢ ᠶᠢᠨ ᠤᠯᠤᠰ ᠤᠷᠤᠨ ᠵᠢᠴᠢ ᠤᠩᠰᠢᠬᠴᠢ ᠶᠢᠨ ᠨᠡᠷ᠎ᠡ᠂ ᠡᠬᠢᠯᠡᠵᠦ ᠤᠩᠰᠢᠭᠰᠠᠨ ᠴᠠᠭ ᠪᠠ | ᠤᠩᠰᠢᠵᠦ ᠲᠡᠬᠦᠰᠦᠭᠰᠡᠨ ᠴᠠᠭ ᠢᠶᠠᠨ ᠲᠤᠳᠤᠷᠬᠠᠢ ᠪᠢᠴᠢᠨ᠎ᠡ᠃ ᠰᠤᠷᠭᠠᠭᠤᠯᠢ ᠡᠬᠢᠯᠡᠬᠦ ᠦᠶ᠎ᠡ ᠳᠤ ᠪᠠᠭᠰᠢ ᠳᠤ | ᠲᠤᠰᠢᠶᠠᠵᠦ ᠪᠠᠶᠢᠴᠠᠭᠠᠯᠭᠠᠨ᠎ᠠ᠃ ᠰᠤᠷᠤᠭᠴᠢᠳ ᠨᠤᠮ ᠢᠶᠠᠨ ᠬᠠᠷᠢᠯᠴᠠᠨ ᠰᠤᠯᠢᠵᠤ ᠤᠩᠰᠢᠨ᠎ᠠ᠃ ᠲᠤᠰᠬᠠᠢ ᠴᠠᠭ | ᠭᠠᠷᠭᠠᠵᠤ ᠤᠩᠰᠢᠭᠰᠠᠨ ᠪᠠᠶᠠᠰᠤᠯ ᠢ ᠨᠢ ᠬᠤᠪᠢᠶᠠᠯᠴᠠᠭᠤᠯᠪᠠ᠃ ᠬᠤᠶᠠᠷ ᠵᠢᠯ ᠤᠨ ᠲᠤᠷᠰᠢ ᠮᠠᠨ ᠤ ᠰᠤᠷᠤᠭᠴᠢᠳ ᠤᠨ | ᠬᠤᠳᠠᠯᠳᠤᠨ ᠠᠪᠴᠤ ᠤᠡᠭᠰᠢᠭ᠌ᠰᠠᠨ ᠨᠤᠮ ᠭᠡᠪᠡᠯ᠂ ︵1︶ ᠲᠠᠶᠢᠴᠢᠭᠤᠳ ᠮᠠᠨᠰᠠᠩ ᠤᠨ ᠰᠢᠨ᠎ᠠ ᠪᠠᠷ ᠤᠷᠴᠢᠭᠤᠯᠵᠤ | ᠲᠠᠶᠢᠯᠪᠤᠷᠢᠯᠠᠭᠰᠠᠨ ︽ᠮᠤᠩᠭᠤᠯ ᠤᠨ ᠨᠢᠭᠤᠴᠠ ᠲᠤᠪᠴᠢᠶᠠᠨ︾᠂ ︵2︶ ᠴ᠊ · ᠯᠤᠳᠦ᠋ᠢᠳᠠᠮᠪᠠ ᠶᠢᠨ ︽ᠲᠤᠩᠭᠠᠯᠠᠭ | ᠲᠠᠮᠢᠷ︾᠂ ︵3︶ ᠪ᠊ · ᠠᠯᠲᠠᠨᠴᠡᠴᠡᠭ ᠤᠨ ︽ᠡᠷᠬᠢᠵᠦ ᠰᠠᠨᠠᠭᠳᠠᠬᠤ ᠪᠠᠭ᠎ᠠ ᠨᠠᠰᠤ︾᠂ ︵4︶ ︽ᠯ᠊ · ᠤᠳᠽᠠᠷ ᠤᠨ | ᠵᠤᠬᠢᠶᠠᠯ ᠤᠨ ᠰᠤᠩᠭᠤᠮᠠᠯ︾᠂ ︵5︶ ︽ᠯᠦ ᠶᠤᠤ ᠶᠢᠨ ᠵᠤᠬᠢᠶᠠᠯ︾᠂ ︵6︶ ᠭᠤ · ᠠᠯᠲᠠᠨᠰᠠᠩ ᠤᠨ ︽ᠪᠠᠭ᠋ᠠᠷᠬᠠᠯ | ᠭᠡᠮᠦᠷᠬᠡᠯ︾᠂ ︵7︶ ᠰᠠᠩᠳᠠᠢ ᠶᠢᠨ ︽ᠬᠤᠷᠴᠢᠨ ᠠᠷᠠᠳ ᠤᠨ ᠠᠮᠠᠨ ᠦᠯᠢᠭᠡᠷ︾᠂ ︵8︶ ᠨ᠊ · ᠦᠯᠵᠡᠶᠢᠪᠠᠲᠤ ᠶᠢᠨ | ︽ᠠᠪᠤ ᠨᠤᠲᠤᠭ ᠬᠤᠶᠠᠷ︾᠂ ︵9︶ ᠳᠤᠯᠠᠭᠠᠨ ᠤ ᠤᠷᠴᠢᠭᠤᠯᠤᠭᠰᠠᠨ ︽ᠡᠪᠦᠭᠡᠨ ᠪᠠ ᠳᠠᠯᠠᠢ︾᠂ ︵10︶ ᠳ᠋᠊ · | ᠭᠠᠷᠮ᠎ᠠ ᠶᠢᠨ ︽ᠬᠠᠷᠠᠭᠤᠯ ᠠᠯᠲᠠᠢ︾᠂ ︵11︶ ᠮ᠊ · ᠬᠠᠰᠪᠠᠭᠠᠨ᠎ᠠ ᠶᠢᠨ ︽ᠲᠡᠷᠡ ᠬᠤᠯᠠ ᠶᠢᠨ ᠪᠠᠷ᠎ᠠ︾ ᠵᠡᠷᠭᠡ 11 | ᠢᠵᠢ ᠨᠤᠮ ᠪᠤᠯᠤᠨ᠎ᠠ᠃ | ᠡᠳᠡᠭᠡᠷ ᠨᠤᠮ ᠵᠤᠬᠢᠶᠠᠯ ᠢ ᠰᠤᠷᠤᠭᠴᠢᠳ ᠠᠩᠬ᠎ᠠ ᠤᠩᠰᠢᠬᠤ ᠳᠤ ᠬᠦᠴᠢᠷᠳᠡᠵᠦ᠂ ᠦᠢᠯᠠᠭᠠᠮᠵᠢ ᠮᠠᠭᠤᠳᠠᠢ | ᠪᠠᠶᠢᠵᠦ ᠮᠡᠳᠡᠨ᠎ᠡ᠃ ᠭᠡᠪᠡᠴᠦ ᠤᠳᠠᠭᠠᠨ ᠲᠠᠭᠠᠭᠠᠮᠠᠭᠠᠢ ᠤᠩᠰᠢᠭᠠᠳ ᠪᠠᠶᠢᠪᠠᠯ ᠠᠶᠠᠨᠳᠠᠭᠠᠨ ᠪᠠᠭ᠋ᠠᠨ ᠳᠤ ᠨᠢ ᠤᠷᠤᠵᠤ | ᠪᠤᠯᠤᠨ᠎ᠠ᠃ ᠭᠡᠷᠪᠡ ᠪᠢᠳᠡ ᠬᠦᠴᠢᠷᠲᠠᠢ᠂ ᠤᠶᠢᠯᠠᠭᠠᠮᠵᠢ ᠦᠭᠡᠢ ᠭᠡᠳ ᠤᠩᠰᠢᠬᠤ ᠦᠭᠡᠢ ᠪᠣᠯ ᠬᠡᠵᠢᠶᠡᠳᠡ ᠪᠠᠨ | ᠤᠶᠢᠯᠠᠭᠠᠬᠤ ᠦᠭᠡᠢ᠃ ᠬᠤᠶᠠᠷ ᠵᠢᠯ ᠤᠨ ᠬᠢᠴᠢᠶᠡᠯ ᠤᠨ ᠭᠠᠳᠠᠨᠠᠬᠢ ᠤᠩᠰᠢᠯᠭ᠎ᠠ ᠪᠠᠷ ᠲᠠᠮᠵᠢᠨ ᠰᠤᠷᠤᠭᠴᠢᠳ ᠤᠨ | ᠬᠡᠯᠡᠨ ᠤ ᠲᠤᠬᠠᠢ ᠤᠢᠢᠯᠠᠭᠠᠯᠳᠠ ᠨᠡᠮᠡᠭᠳᠠᠵᠤ᠂ ᠦᠭᠡ ᠬᠡᠯᠡᠯᠭᠡ ᠬᠤᠷᠠᠮᠳᠤᠭᠤᠯᠵᠤ ᠦᠭᠡᠰ ᠤᠨ ᠰᠠᠩ ᠢ ᠨᠢ | ᠪᠠᠶᠠᠯᠢᠬᠵᠢᠭᠤᠯᠬᠤ ᠳᠤ ᠢᠯᠡᠳᠳᠡ ᠦᠢᠯᠡᠲᠦᠯ ᠭᠠᠷᠭᠠᠭᠰᠠᠨ ᠪᠠᠶᠢᠳᠠᠭ᠃ ᠨᠠᠭᠠᠲᠦ ᠵᠠᠬ᠎ᠠ ᠨᠢ ᠲᠠᠷᠠᠭᠠᠴᠢ ᠪᠠᠷ ᠪᠠᠭᠰᠢ | ᠨᠠᠷ ᠠᠴᠠ ᠲᠡᠭᠡᠷᠡᠬᠢ ᠨᠤᠮ ᠵᠤᠬᠢᠶᠠᠯ ᠢ ᠲᠤᠷᠠᠳᠬᠤ ᠦᠶ᠎ᠡ ᠳᠤ ᠪᠢᠳᠡ ᠡᠨᠡ ᠨᠤᠮ ᠢ ᠤᠡᠭᠰᠢᠵᠤ ᠦᠩᠭᠡᠷᠡᠪᠡ ᠭᠡᠰᠡᠨ | ᠤᠮᠤᠷᠬᠠᠯ ᠪᠠᠭ᠋ᠠᠷᠬᠠᠯ ᠲᠦᠷᠦᠭᠳᠡᠭᠦ ᠨᠢ ᠯᠠᠪᠳᠠᠢ᠃ | 2. ᠲᠤᠰ ᠱᠠᠲᠦᠨ ᠳᠤ ᠰᠢᠯᠦᠭ ᠴᠡᠭᠡᠵᠢᠯᠡᠭᠦᠯᠭᠦ ᠬᠦᠳᠡᠯᠭᠡᠭᠡᠨ ᠦᠷᠨᠢᠬᠦᠯᠵᠦ᠂ ᠰᠢᠯᠦᠭ ᠤᠨ ᠤᠩᠰᠢᠯᠭ᠎ᠠ ᠶᠢ | ᠤᠨᠴᠠᠭᠠᠶᠢᠯᠠᠨ ᠴᠢᠩᠭ᠎ᠠ ᠠᠳᠬᠤᠵᠦ ᠴᠢᠬᠤᠯᠠᠴᠢᠯᠠᠵᠠᠢ᠃ | ᠭᠠᠷᠠᠭ ᠪᠦᠷᠢ ᠶᠢᠨ 2᠂ 4 ᠤ ᠦᠷᠯᠦᠭᠡᠨ ᠤ ᠤᠩᠰᠢᠯᠭ᠎ᠠ ᠶᠢᠨ ᠴᠠᠭ ᠲᠤ᠂ ᠰᠤᠷᠬᠤ ᠪᠢᠴᠢᠭ᠂ ᠤᠩᠰᠢᠬᠤ | ᠪᠢᠴᠢᠭ ᠤᠨ ᠰᠢᠯᠦᠭ ᠠᠴᠠ ᠪᠤᠰᠤᠳ ᠮᠠᠰᠢ ᠤᠯᠠᠨ ᠰᠢᠯᠦᠭ ᠵᠤᠬᠢᠶᠠᠯ ᠢ ᠲᠠᠷᠤᠮᠠᠯᠯᠠᠨ ᠲᠠᠷᠬᠠᠭᠠᠵᠦ᠂ ᠵᠠᠷᠢᠮ | ᠰᠢᠯᠦᠭ ᠢ ᠨᠢ ᠵᠠᠪᠠᠯ ᠴᠡᠭᠡᠵᠢᠯᠡᠬᠦᠯᠦᠭᠰᠡᠨ ᠪᠠᠶᠢᠨ᠎ᠠ᠃ ᠭᠤᠷᠪᠠᠨ ᠵᠢᠯ ᠳᠤ ᠮᠠᠨ ᠤ ᠰᠤᠷᠤᠭᠰᠠᠨ᠂ ᠴᠡᠭᠡᠵᠢᠯᠡᠭᠰᠡᠨ ᠰᠢᠯᠦᠭ | ᠵᠤᠬᠢᠶᠠᠯ ᠭᠡᠪᠡᠯ᠄ ︵1︶ ᠱ᠊ · ᠬᠦᠷᠦᠪᠠᠽᠠᠷ ᠤᠨ ︽ᠪᠢ ᠮᠤᠩᠭᠤᠯ ᠢᠶᠠᠷ ᠢᠶᠠᠨ ᠭᠤᠶᠤᠳᠠᠭ︾᠂ ︵2︶ ᠪ᠊· ᠶᠠᠪᠤᠭᠤᠬᠤᠯᠠᠨ | ᠤᠨ ︽ᠠᠯᠠᠭ ᠲᠡᠯᠡᠭᠡᠢ ᠳᠤ ᠲᠦᠷᠦᠭᠰᠡᠨ ᠮᠢᠨᠢ ᠤᠴᠢᠷᠲᠠᠢ︾᠂ ︵3︶ ᠳ᠋᠊·ᠨᠠᠴᠤᠭᠳᠤᠷᠵᠢ ᠶᠢᠨ ︽ᠮᠢᠨᠦ | ᠨᠤᠲᠤᠭ︾᠂ ︵4︶ ᠤ · ᠲᠠᠰᠢᠪᠠᠯᠪᠠᠷ ᠤᠨ ︽ᠵᠠᠯᠠᠭᠤᠰ ᠲᠡᠬᠦᠤ ᠨᠠᠷ ᠲᠤ ᠪᠠᠨ ᠡᠷᠬᠦᠬᠦ ᠰᠢᠯᠦᠭ︾᠂ ︽ᠠᠮᠢᠳᠤ ᠳᠤ ᠪᠠᠨ | ᠪᠠᠶ᠎ᠠ ᠪᠠᠶ᠎ᠠ ᠪᠠᠨ ᠬᠠᠶᠢᠷᠠᠯᠠ ᠭᠦᠮᠦᠰ ᠡ︾᠂ ︽ᠲᠡᠭᠷᠢ ᠰᠢᠭ ᠪᠠᠢ︾᠂ ︵5︶ ᠭᠠ᠊ · ᠴᠢᠩᠪᠠᠭᠠᠲᠦᠷ ᠤᠨ ︽ᠵᠤᠷᠢᠭ | ᠱᠠᠩᠨᠠᠬᠤ ᠪᠠᠳᠠᠭ︾᠂ ︵6︶ ᠮᠦᠩᠬᠡ ᠶᠢᠨ ᠪᠢᠯᠢᠭᠰᠡᠶᠢᠬᠠᠨ ᠤ ︽ᠭᠡᠭᠡᠨ ᠮᠤᠩᠭᠤᠯ︾᠂ ︵7︶ ᠮ᠊ · ᠴᠠᠳᠠᠨᠳᠤᠷᠵᠢ ᠶᠢᠨ | ︽ᠮᠤᠷᠢᠨ ᠬᠤᠭᠤᠷ︾᠂ ︵8︶ ᠷ᠊ · ᠴᠦᠢᠨᠤᠮ ᠤᠨ ︽ᠠᠽᠢᠶ᠎ᠠ ᠶᠢᠨ ᠲᠤᠬᠠᠢ ᠪᠠᠷᠳᠠᠮᠨᠠᠯ︾᠂ ︵9︶ ᠳ᠋᠊ · | ᠰᠡᠷᠡᠩᠸᠠᠩᠵᠢᠯ ᠤᠨ ︽ᠭᠠᠳᠠᠨ᠎ᠠ ᠪᠠᠨ ᠮᠤᠷᠢ ᠲᠠᠢ ᠠᠶᠢᠯ︾᠂ ︵10︶ ᠯ᠊ · ᠤᠳᠽᠠᠷ ᠤᠨ ︽ᠨᠢᠯᠬ᠎ᠠ ᠭᠡᠯᠡᠨ ᠤ | ᠰᠠᠯᠬᠢ︾᠂ ︽ᠲᠠᠯᠭᠡᠷ ᠽᠠᠨᠳᠠᠨ ᠮᠤᠳᠤ︾᠂ ︵11︶ ᠠᠷᠳᠠᠢ ᠶᠢᠨ ︽ᠨᠦᠬᠦᠳ ᠤᠨ ᠬᠠᠶᠢᠷ᠎ᠠ︾᠂ ︵12︶ ᠰᠤᠰᠤᠷᠪᠠᠷᠠᠮ | ᠤᠨ ︽ᠪᠢ ᠬᠠᠮᠢᠭ᠎ᠠ ᠲᠦᠷᠦᠭᠡ ᠪᠤᠢ︾᠂ ︵13︶ ᠲᠠ᠊ · ᠸᠴᠢᠷᠬᠦᠤ ᠶᠢᠨ ︽ᠤᠷᠮ᠎ᠠ ᠬᠠᠶᠢᠷᠠᠯᠠ︾᠂ ︵14︶ ᠪ᠊ · | ᠯᠾᠬᠠᠪᠠᠰᠦ᠋ᠷᠦᠩ ᠤᠨ ︽ᠢᠵᠢᠢ ᠲᠠᠢ ᠪᠠᠨ ᠪᠠᠶᠢᠬᠤ ᠳᠤ ᠪᠢ ᠪᠠᠶᠠᠨ ᠪᠠᠶᠢᠭᠰᠠᠨ︾᠂ ︵15︶ ᠨᠠ᠊ · ᠦᠯᠵᠡᠶᠢᠳᠡᠯᠭᠡᠷ ᠤᠨ | ︽ᠮᠤᠩᠭᠤᠯ ᠬᠡᠯᠡ︾᠂ ︵16︶ ᠭ᠊ · ᠪᠤᠶᠠᠨᠪᠠᠲᠦ ᠶᠢᠨ ︽ᠡᠵᠢ ᠡ᠂ ᠪᠢ ᠲᠠᠨ ᠤᠷᠤᠭᠤ ᠶᠠᠪᠤᠵᠦ | ᠪᠠᠶᠢᠨ᠎ᠠ︾᠂ ︵17︶ ᠨᠤᠯᠮᠠᠰᠡᠷᠡᠩ ᠤᠨ ︽ᠡᠵᠢ ᠶᠢᠨ ᠪᠠᠷ᠎ᠠ︾᠂ ︵18︶ ᠡᠩᠭᠡᠬᠠᠳᠠ ᠶᠢᠨ ︽ᠠᠪᠤ ᠳᠤ ᠪᠠᠨ | ᠰᠤᠨᠤᠰᠬᠠᠬᠤ ᠠᠭᠤᠯᠠ ᠶᠢᠨ ᠤᠶᠠᠩᠭ᠎ᠠ︾᠂ ︽ᠤᠶᠠᠭᠠᠨ ᠤ ᠵᠦᠭᠡᠯᠡᠨ ᠰᠢᠷᠦᠢ︾᠂ ︽ᠡᠵᠢ ᠳᠤ ᠪᠠᠨ ᠪᠢ | ᠰᠤᠭᠳᠤᠭᠤ ᠬᠠᠷᠠᠭᠳᠠᠬᠤ ᠦᠭᠡᠢ︾᠂ ︽ᠰᠦᠨᠢ ᠪᠤᠤ ᠢᠰᠭᠡᠷ ᠮᠢᠨᠤ ᠬᠦᠤ︾᠂ ︽ᠡᠵᠢ ᠬᠤᠳᠳᠤᠭ︾᠂ ︵19︶ | ᠪ᠊ · ᠪᠦᠷᠢᠨᠪᠠᠬᠢ ᠶᠢᠨ ︽ᠰᠠᠨᠠᠭ᠎ᠠ ᠪᠠᠷ ᠢᠶᠠᠨ ᠳᠤᠪᠲᠤᠯ ᠳ᠋ᠡ ᠲᠡᠷᠭᠡ ᠮᠢᠨᠢ︾ ᠵᠡᠷᠭᠡ 19 ᠰᠢᠯᠦᠭᠴᠢ ᠶᠢᠨ 26 | ᠰᠢᠯᠦᠭ ᠢ ᠰᠦᠯᠵᠢᠶ᠎ᠠ᠂ ᠰᠢᠯᠦᠭ ᠤᠨ ᠲᠡᠬᠦᠪᠦᠷᠢ ᠠᠴᠠ ᠰᠢᠯᠢᠨ ᠰᠤᠩᠭᠤᠵᠦ ᠠᠩᠬ᠎ᠠ ᠵᠡᠷᠭᠡ ᠶᠢᠨ ᠲᠤᠮᠳᠠᠲᠦ | ᠰᠤᠷᠭᠠᠭᠤᠯᠢ ᠶᠢᠨ ᠰᠤᠷᠤᠭᠴᠢᠳ ᠤᠨ ᠪᠤᠳᠠᠲᠦ ᠪᠠᠶᠢᠳᠠᠯ ᠪᠠ ᠰᠤᠷᠴᠦ ᠦᠢᠯᠠᠭᠠᠬᠤ ᠴᠢᠳᠠᠪᠤᠷᠢ ᠳᠤ ᠨᠢ ᠴᠢᠭᠯᠡᠬᠦᠯᠵᠦ | ᠲᠤᠬᠢᠷᠠᠭᠤᠯᠤᠭᠰᠠᠨ ᠪᠠᠶᠢᠨ᠎ᠠ᠃ | 3. ︽ᠤᠷᠠᠨ ᠤᠩᠰᠢᠯᠭ᠎ᠠ᠂ ᠨᠤᠮ ᠤᠩᠰᠢᠭᠰᠠᠨ ᠲᠦᠷᠦᠭᠳᠡᠯ︾ ᠤᠨ ᠤᠷᠤᠯᠳᠤᠭᠠᠨ ᠢ ᠦᠷᠨᠢᠭᠦᠯᠦᠭᠰᠡᠨ | ᠰᠤᠷᠤᠭᠴᠢᠳ ᠤᠨ ᠨᠤᠮ ᠤᠩᠰᠢᠭᠰᠠᠨ ᠲᠡᠮᠳᠡᠭᠯᠡᠯ ᠪᠠ ᠰᠢᠯᠦᠭ ᠴᠡᠭᠡᠵᠢᠯᠡᠭᠰᠡᠨ᠂ ᠰᠢᠯᠦᠭ ᠤᠩᠰᠢᠬᠤ | ᠴᠢᠳᠠᠪᠤᠷᠢ ᠶᠢ ᠪᠠᠶᠢᠴᠠᠭᠠᠬᠤ ᠶᠢᠨ ᠲᠦᠯᠦᠭᠡ ᠠᠩᠬᠢ ᠨᠢᠭᠡᠴᠢ ᠶᠢᠨ ᠲᠤᠮᠳᠠ ᠪᠠᠨ ᠨᠢᠭᠡ ᠰᠠᠷ᠎ᠠ ᠨᠢᠭᠡᠨ ᠤᠳᠠᠭᠠᠨ ᠤ | ︽ᠤᠷᠠᠨ ᠤᠩᠰᠢᠯᠭ᠎ᠠ᠂ ᠨᠤᠮ ᠤᠩᠰᠢᠭᠰᠠᠨ ᠲᠦᠷᠦᠭᠳᠡᠯ︾ ᠤᠨ ᠤᠷᠤᠯᠳᠤᠭᠠᠨ ᠦᠷᠨᠢᠬᠦᠯᠦᠭᠰᠡᠨ ᠠᠴᠠ | ᠰᠤᠷᠤᠭᠴᠢᠳ ᠤᠨ ᠬᠢᠴᠢᠶᠡᠯ ᠤᠨ ᠭᠠᠳᠠᠨᠠᠬᠢ ᠤᠩᠰᠢᠯᠭ᠎ᠠ ᠶᠢᠨ ᠤᠷᠮ᠎ᠠ ᠪᠠᠬ᠎ᠠ ᠪᠠ ᠲᠤᠷ᠎ᠠ ᠰᠤᠨᠢᠷᠬᠠᠯ ᠢ ᠬᠦᠢᠴᠡᠳ | ᠲᠠᠶᠢᠴᠢᠯᠠᠨ᠂ ᠮᠤᠩᠭᠤᠯ ᠭᠡᠯᠡ ᠪᠢᠴᠢᠭ ᠤᠨ ᠵᠢᠭᠠᠨ ᠰᠤᠷᠭᠠᠯᠳᠠ ᠳᠤ ᠴᠢᠬᠤᠯᠠ ᠪᠦᠬᠦᠢ ᠰᠠᠭᠤᠷᠢ ᠲᠠᠯᠪᠢᠨ ᠦᠭᠬᠦᠭᠰᠠᠨ | ᠪᠠᠶᠢᠨ᠎ᠠ᠃ ᠡᠶᠢᠨ ᠬᠦ ᠵᠢᠯ ᠪᠦᠷᠢ ᠶᠢᠨ ᠮᠠᠨ ᠤ ᠰᠤᠷᠭᠠᠭᠤᠯᠢ ᠶᠢᠨ ︽ᠨᠤᠮ ᠤᠨ ᠬᠤᠷ᠎ᠠ︾ ᠶᠠᠷᠢᠶᠠᠨ ᠤ ᠤᠷᠤᠯᠳᠤᠭᠠᠨ ᠳᠤ | ᠮᠠᠨ ᠤ ᠠᠩᠬᠢ ᠶᠢᠨ ᠬᠢᠨ ᠤᠳᠠᠭ᠎ᠠ ᠲᠠᠷᠠᠭᠠᠯᠠᠨ ᠤᠨ ᠨᠢᠭᠡᠴᠢ ᠳᠤ ᠪᠠᠨ ᠲᠡᠷᠢᠬᠦᠯᠡᠭᠰᠡᠨ ᠪᠠᠶᠢᠳᠠᠭ᠃ | 4. ᠰᠤᠷᠤᠭᠴᠢ ᠶᠢᠨ ᠵᠤᠬᠢᠶᠠᠨ ᠪᠢᠴᠢᠯᠭᠡ ᠶᠢᠨ ᠴᠢᠳᠠᠪᠤᠷᠢ ᠶᠢ ᠲᠡᠭᠡᠭᠰᠢᠯᠠᠭᠦᠯᠭᠦ ᠶᠢ ᠠᠩᠬᠠᠷᠤᠭᠰᠠᠨ | ᠪᠦᠲᠦᠨ ᠬᠤᠶᠠᠷ ᠵᠢᠯ ᠤᠨ ᠨᠤᠮ ᠤᠩᠰᠢᠯᠭ᠎ᠠ ᠪᠠᠷ ᠲᠠᠮᠵᠢᠨ᠂ ᠰᠤᠷᠤᠭᠴᠢᠳ ᠤᠨ ᠰᠡᠳᠬᠢᠬᠦᠢ ᠲᠠᠯᠡᠨ | ᠦᠷᠭᠡᠳᠴᠦ᠂ ᠦᠭᠡ ᠬᠡᠯᠡᠯᠭᠡ ᠪᠠᠶᠠᠯᠢᠬᠵᠢᠨ᠂ ᠭᠡᠯᠡᠨ ᠤ ᠮᠡᠳᠡᠷᠡᠮᠵᠢ ᠤᠨᠴᠠ ᠰᠠᠶᠢᠵᠢᠷᠠᠵᠦ᠂ ᠵᠤᠬᠢᠶᠠᠨ ᠪᠢᠴᠢᠬᠦ ᠳᠤ | ᠤᠷᠮ᠎ᠠ ᠪᠠᠬ᠎ᠠ ᠲᠠᠢ ᠪᠤᠯᠤᠭᠰᠠᠨ ᠨᠢ ᠪᠠᠶᠠᠷᠯᠠᠭᠤᠰᠢᠲᠠᠢ᠃ | ᠭᠤᠷᠪᠠᠳᠤᠭᠠᠷ ᠱᠠᠲᠦ᠄ 2023.5 — | ᠡᠨᠡ ᠬᠦ ᠱᠠᠲᠦ ᠪᠣᠯ ᠤᠳᠤ ᠶᠠᠭ ᠶᠠᠪᠤᠭᠳᠠᠵᠦ ᠪᠠᠶᠢᠨ᠎ᠠ᠃ ᠲᠤᠰ ᠱᠠᠲᠦᠨ ᠳᠤ᠄ | 1. ᠰᠤᠷᠤᠭᠴᠢ ᠪᠦᠬᠦᠨ ᠤᠩᠰᠢᠬᠤ ᠨᠤᠮ ᠢᠶᠠᠨ ᠪᠦᠷᠢᠳᠭᠡᠨ᠎ᠡ᠃ ᠤᠳᠤᠬᠠᠨ ᠪᠤᠯᠳᠠᠯ᠎ᠠ ᠲᠠᠪᠤᠨ ᠨᠤᠮ | ᠪᠤᠢ᠃ ᠲᠤᠬᠠᠢᠢᠯᠠᠪᠠᠯ᠂ ︵1︶ ᠴ᠊ · ᠲᠠᠮᠳᠢᠨᠰᠦ᠋ᠷᠦᠩ ᠤᠨ ᠤᠷᠴᠢᠭᠤᠯᠤᠭᠰᠠᠨ ︽ᠮᠤᠩᠭᠤᠯ ᠤᠨ ᠨᠢᠭᠤᠴᠠ | ᠲᠤᠪᠴᠢᠶᠠᠨ︾ ᠤ ᠵᠠᠯᠠᠭᠤᠴᠤᠳ ᠪᠠᠭᠠᠴᠤᠳ ᠤᠨ ᠪᠠᠷ᠂ ︵2︶ ᠴ᠊ · ᠯᠤᠳᠦ᠋ᠢᠳᠠᠮᠪᠠ ᠶᠢᠨ ︽ᠲᠤᠩᠭᠠᠯᠠᠭ | ᠲᠠᠮᠢᠷ︾᠂ ︵3︶ ᠵ᠊ · ᠰᠠᠨᠳᠠᠭ ᠤᠨ ︽ᠱᠠᠯᠲᠠᠷ ᠪᠤᠯᠲᠠᠷ ᠨᠠᠰᠤ︾᠂ ︵4︶ ᠳ᠋᠊ · ᠨᠠᠮᠰᠠᠷᠠᠢ ᠶᠢᠨ ︽ᠬᠠᠨ ᠠᠭᠤᠯᠠ ᠶᠢᠨ | ᠢᠷᠭᠤᠢ︾᠂ ︵5︶ ᠳ᠋᠊ · ᠬᠠᠳᠠᠨᠪᠠᠭᠠᠲᠤᠷ ᠤᠨ ︽ᠡᠵᠢ ᠳᠤ ᠪᠠᠨ ᠵᠠᠬᠢᠳᠠᠯ ᠪᠢᠴᠢᠭᠡᠷᠡᠢ︾ ᠪᠤᠯᠤᠨ᠎ᠠ᠃ | ᠮᠤᠩᠭᠤᠯ ᠭᠡᠯᠡᠨ ᠤ ᠤᠷᠠᠨ ᠪᠠᠶᠠᠯᠢᠭ᠂ ᠢᠷᠠᠭᠤ ᠤᠷᠤᠰᠤᠮ᠎ᠠ᠂ ᠬᠦᠮᠦᠨ ᠤ ᠰᠡᠳᠬᠢᠯᠤᠨ ᠬᠦᠪᠴᠢ ᠶᠢ | ᠲᠤᠷᠬᠢᠭᠤᠯᠵᠦ᠂ ᠦᠭᠡ ᠬᠡᠯᠡᠨ ᠤ ᠡᠴᠢᠨ᠎ᠡ ᠬᠦᠨ ᠤᠪᠠᠳᠢᠰ ᠭᠠᠶᠢᠬᠠᠮᠰᠢᠭ ᠢ ᠮᠡᠳᠡᠶ᠎ᠡ ᠭᠡᠪᠡᠯ ᠵᠠᠪᠠᠯ ︽ᠲᠤᠩᠭᠠᠯᠠᠭ | ᠲᠠᠮᠢᠷ︾ ᠢ ᠤᠩᠰᠢᠬᠤ ᠭᠡᠷᠡᠭᠲᠠᠢ᠃ ᠡᠨᠡ ᠮᠡᠲᠦ ᠪᠠᠷ ᠮᠤᠩᠭᠤᠯ ᠤᠨ ᠨᠡᠷᠡᠲᠦ ᠵᠤᠬᠢᠶᠠᠯᠴᠢ ᠰᠢᠯᠦᠭᠴᠢᠳ ᠤᠨ ᠵᠤᠬᠢᠶᠠᠯ | ᠪᠦᠳᠦᠭᠡᠯ ᠢ ᠤᠳᠠᠭ᠎ᠠ ᠲᠠᠷᠠᠭᠠᠯᠠᠨ ᠤᠩᠰᠢᠭᠤᠯᠬᠤ ᠪᠤᠯᠤᠨ᠎ᠠ᠃ | 2. ᠤᠩᠰᠢᠬᠤ ᠴᠠᠭ ᠢ ᠵᠤᠬᠢᠰᠲᠠᠢ ᠲᠤᠬᠢᠷᠠᠭᠤᠯᠬᠤ | ᠰᠤᠷᠤᠭᠴᠢ ᠶᠢᠨ ᠬᠢᠴᠢᠶᠡᠯ ᠲᠦᠷᠦᠯ ᠤᠯᠠᠨ᠂ ᠰᠤᠷᠤᠯᠴᠠᠯᠭ᠎ᠠ ᠪᠠᠴᠢᠮ ᠪᠠᠶᠢᠳᠠᠯ ᠳᠤᠤᠷ᠎ᠠ ᠭᠠᠷᠠᠭ ᠤᠨ | ᠵᠢᠷᠭᠤᠭᠠᠨ ᠤ ᠦᠳᠡ ᠶᠢᠨ ᠬᠤᠶᠢᠨ᠎ᠠ ᠪᠠ ᠠᠮᠠᠷᠠᠯᠳᠠ ᠶᠢᠨ ᠬᠤᠭᠤᠴᠠᠭᠠᠨ ᠳᠤ ᠨᠤᠮ ᠤᠩᠰᠢᠯᠭ᠎ᠠ ᠶᠢ | ᠲᠤᠬᠢᠷᠠᠭᠤᠯᠬᠤ ᠨᠢ ᠲᠤᠬᠢᠷᠠᠮᠵᠢᠲᠠᠢ ᠪᠠᠶᠢᠳᠠᠭ᠃ ᠵᠤᠨ ᠡᠪᠦᠯ ᠤᠨ ᠠᠮᠠᠷᠠᠯᠲᠠ ᠶᠢᠨ ᠳᠠᠰᠬᠠᠯ ᠢ ᠬᠤᠳᠠᠯᠲᠤᠨ | ᠠᠪᠤᠭᠰᠠᠨ ᠨᠤᠮ ᠢᠶᠠᠨ ᠰᠠᠶᠢᠲᠦᠷ ᠤᠩᠰᠢᠵᠦ᠂ ᠭᠤᠶᠢᠳᠠ ᠰᠠᠶᠢᠬᠠᠨ ᠦᠭᠡ ᠦᠬᠦᠯᠡᠪᠦᠷᠢ ᠶᠢᠨ ᠠᠷᠤ ᠳᠤ | ᠬᠠᠷᠠᠨᠳᠠ ᠪᠠᠷ ᠵᠢᠷᠤᠵᠦ ᠲᠠᠯᠪᠢᠭᠠᠳ ᠬᠠᠭᠤᠯᠤᠨ ᠲᠡᠮᠳᠡᠭᠯᠡᠭᠦᠯᠬᠦ ᠳᠠᠰᠬᠠᠯ ᠦᠯᠡᠳᠡᠭᠡᠵᠦ ᠪᠤᠯᠤᠨ᠎ᠠ᠃ | 3. ᠲᠡᠮᠳᠡᠭᠯᠡᠯ ᠢ ᠨᠠᠷᠢᠨ ᠬᠦᠢᠴᠡᠳ ᠬᠢᠯᠭᠡᠭᠦ | ᠲᠡᠮᠳᠡᠭᠯᠡᠯ ᠢ ᠨᠠᠷᠢᠨ ᠬᠦᠢᠴᠡᠳ ᠬᠢᠯᠭᠡᠨ᠎ᠡ᠃ ᠡᠬᠦᠨ ᠳᠤ ᠬᠤᠶᠠᠷ ᠲᠡᠮᠳᠡᠭᠯᠡᠯ ᠵᠠᠪᠠᠯ ᠪᠠᠶᠢᠬᠤ ᠭᠡᠷᠡᠭᠲᠠᠢ᠃ | ︵1︶ ᠨᠢᠭᠡ ᠨᠢ ᠨᠤᠮ ᠤᠩᠰᠢᠭᠰᠠᠨ ᠲᠡᠮᠳᠡᠭᠯᠡᠯ ︵ᠵᠤᠬᠢᠶᠠᠯ᠂ ᠵᠤᠬᠢᠶᠠᠭᠴᠢ᠂ ᠤᠯᠤᠰ᠂ ᠤᠩᠰᠢᠵᠦ | ᠡᠬᠢᠯᠡᠭᠰᠡᠨ ᠡᠲᠦᠷ — ᠲᠡᠬᠦᠰᠦᠭᠰᠡᠨ ᠡᠲᠦᠷ︶ | ︵2︶ ᠭᠡᠯᠡᠴᠡ᠂ ᠰᠤᠩᠭᠤᠳᠠᠭ ᠪᠠᠳᠠᠭ ᠤᠨ ᠲᠡᠮᠳᠡᠭᠯᠡᠯ᠂ ᠡᠨᠡ ᠬᠦ ᠲᠡᠮᠳᠡᠭᠯᠡᠯ ᠨᠢ ᠭᠤᠤᠯᠳᠠᠭᠤ ᠰᠤᠷᠬᠤ | ᠪᠢᠴᠢᠭ᠂ ᠤᠩᠰᠢᠬᠤ ᠪᠢᠴᠢᠭ᠂ ᠦᠰᠦᠭ ᠪᠢᠴᠢᠯᠭᠡ᠂ ᠠᠯᠳᠠᠨ ᠤᠨᠠᠭ᠎ᠠ ᠪᠤᠯᠪᠠᠰᠤᠷᠠᠯ ᠤᠨ ᠲᠤᠮᠳᠠᠬᠢ ᠵᠦᠢᠷ ᠦᠭᠡ᠂ | ᠰᠡᠴᠡᠨ ᠦᠭᠡ᠂ ᠭᠡᠯᠡᠴᠨ᠂ ᠰᠤᠩᠭᠤᠳᠠᠭ ᠪᠠᠳᠠᠭ ᠢ ᠡᠬᠢ ᠲᠠᠷᠠᠭᠠᠯᠠᠨ ᠲᠠᠮᠳᠡᠭᠯᠡᠨᠡ᠃ | ᠡᠨᠡ ᠬᠦ ᠬᠤᠶᠠᠷ ᠲᠡᠮᠳᠡᠭᠯᠡᠯ ᠢ ᠨᠢᠭᠡ ᠰᠠᠷ᠎ᠠ ᠳᠤ ᠨᠢᠭᠡ ᠤᠳᠠᠭ᠎ᠠ ᠬᠤᠷᠢᠶᠠᠨ ᠠᠪᠤᠭᠠᠳ ᠨᠠᠷᠢᠨ ᠨᠢᠠᠠᠳᠠ | ᠪᠠᠶᠢᠴᠠᠭᠠᠨ ᠦᠨᠡᠯᠡᠨ᠎ᠡ᠃ ᠰᠠᠶᠢᠨ ᠬᠢᠭᠰᠡᠨ ᠢ ᠤᠯᠠᠨ ᠤ ᠡᠮᠦᠨ᠎ᠡ ᠦᠵᠡᠬᠦᠯᠵᠦ ᠰᠠᠶᠢᠰᠢᠶᠠᠨ ᠬᠦᠬᠢᠬᠦᠯᠦᠨ᠎ᠡ᠃ | ︵ᠭᠤᠤᠯᠳᠠᠭᠤ ᠨᠤᠮ ᠬᠤᠳᠠᠯᠲᠤᠨ ᠠᠪᠴᠦ ᠱᠠᠩᠨᠠᠨ᠎ᠠ︶ | 4. ᠰᠢᠯᠦᠭ ᠤᠨ ᠤᠩᠰᠢᠯᠭ᠎ᠠ ᠶᠢ ᠦᠷᠭᠦᠯᠵᠢᠯᠡᠨ ᠬᠦᠨᠳᠦᠳᠭᠡᠭᠦ | ᠳᠡᠭᠡᠷ᠎ᠡ ᠶᠠᠷᠢᠭᠰᠠᠨ ᠰᠢᠯᠦᠭ ᠢᠶᠠᠨ ᠦᠷᠬᠦᠯᠵᠢᠯᠡᠨ ᠲᠠᠷᠤᠮᠠᠯᠯᠠᠬᠤ ᠶᠢᠨ ᠲᠠᠭᠠᠤ᠂ ᠠᠩᠬᠢ ᠶᠢᠨ ᠭᠡᠷ ᠤᠨ ᠤᠯᠠᠨ | ᠵᠠᠭᠤᠴᠢᠲᠦ ᠶᠢ ᠠᠰᠢᠭᠯᠠᠨ᠂ ᠨᠡᠷᠡᠲᠦ ᠢᠷᠠᠭᠤ ᠨᠠᠶᠢᠷᠠᠭᠴᠢ᠂ ᠵᠤᠬᠢᠶᠠᠯᠴᠢ ᠶᠢᠨ ᠤᠩᠰᠢᠭᠰᠠᠨ ᠲᠦᠷᠰᠤ | ᠰᠢᠩᠭᠡᠭᠡᠯᠲᠡ ᠶᠢ ᠰᠤᠨᠢᠷᠬᠠᠭᠤᠯᠤᠨ᠎ᠠ᠃ ᠢᠩᠬᠢᠬᠦ ᠨᠢ ᠰᠤᠷᠤᠭᠴᠢᠳ ᠲᠤ ᠦᠭᠬᠦ ᠰᠠᠭᠤᠭᠳᠠᠯ ᠤᠯᠠᠮ ᠬᠦᠨ ᠪᠤᠯᠵᠦ᠂ | ᠠᠮᠠᠷᠬᠠᠨ ᠴᠡᠭᠡᠵᠢᠯᠡᠭᠳᠡᠬᠦ ᠪᠤᠯᠤᠨ᠎ᠠ᠃ ᠡᠬᠦᠨ ᠳᠤ ᠤᠷᠠᠨ ᠲᠤᠳᠤ ᠤᠶᠠᠩᠭᠠᠯᠠᠯ ︽ᠪᠠᠶᠠᠷᠬᠦᠤ ᠶᠢᠨ | ᠢᠳᠰᠢᠠᠬᠤᠷᠯᠤ ᠶᠢᠨ ᠢᠷᠠᠭᠤ ᠨᠠᠶᠢᠷᠠᠭ ᠤᠳ︾᠂ ᠤᠯᠤᠰᠮᠠᠨᠳᠠ ᠶᠢᠨ ᠨᠠᠶᠢᠷᠠᠭᠤᠯᠤᠭᠰᠠᠨ᠂ ᠲᠤᠮᠲᠠᠲᠦ | ᠰᠤᠷᠭᠠᠭᠤᠯᠢ ᠶᠢᠨ ᠰᠤᠷᠤᠭᠴᠢᠳ ᠤᠨ ᠡᠭᠡ ᠭᠡᠯᠡᠨ ᠤ ᠤᠷᠠᠨ ᠤᠩᠰᠢᠯᠭ᠎ᠠ ᠶᠢᠨ ᠤᠬᠠᠭᠠᠷᠠᠯ ᠳᠤ ᠵᠤᠷᠢᠭᠤᠯᠤᠭᠰᠠᠨ | CD ᠪᠢᠴᠢᠯᠭᠡ ︽ᠲᠤᠷᠭᠠᠨ ᠭᠡᠯᠡ ᠲᠠᠩᠰᠤᠭ ᠠᠶᠠᠯᠭᠤ︾᠂ ︽ᠰᠤᠯᠤᠩᠭᠠᠨ ᠡᠭᠡᠰᠢᠭ ᠠᠮᠢᠨ ᠭᠡᠯᠡ ᠲᠤᠮᠲᠠᠲᠦ | ᠪᠠᠭ᠎ᠠ ᠰᠤᠷᠭᠠᠭᠤᠯᠢ ᠶᠢᠨ ᠮᠤᠩᠭᠤᠯ ᠭᠡᠯᠡᠨ ᠤ ᠤᠩᠰᠢᠯᠭ᠎ᠠ ᠶᠢᠨ ᠰᠢᠩᠭᠡᠭᠡᠯᠳᠡ︾ ᠶᠢ ᠰᠤᠨᠢᠷᠬᠠᠭᠤᠯᠤᠨ᠎ᠠ᠃ | 5. ᠠᠩᠬᠢ ᠶᠢᠨ ᠭᠡᠷ ᠤᠨ ᠬᠠᠨ᠎ᠠ ᠶᠢ ᠬᠦᠢᠴᠡᠳ ᠰᠠᠶᠢᠨ ᠠᠰᠢᠠᠠᠯᠠᠬᠤ | ᠰᠦᠯᠵᠢᠶ᠎ᠠ᠂ ᠸᠢᠴᠠᠲ ᠠᠴᠠ ᠰᠢᠨ᠎ᠡ ᠰᠢᠨ᠎ᠡ ᠵᠦᠢᠷ ᠰᠡᠴᠡᠨ ᠦᠭᠡ᠂ ᠰᠤᠩᠭᠤᠳᠠᠭ ᠭᠡᠯᠡᠴᠡ᠂ ᠰᠢᠯᠦᠭ ᠤᠨ | ᠰᠤᠩᠭᠤᠳᠠᠭ ᠪᠠᠳᠠᠭ᠂ ᠪᠢᠯᠢᠭ ᠰᠤᠷᠭᠠᠯ ᠵᠡᠷᠭᠡ ᠶᠢ ᠪᠠᠭᠤᠯᠭᠠᠨ ᠲᠠᠷᠤᠮᠠᠯᠯᠠᠵᠦ᠂ ᠠᠩᠬᠢ ᠶᠢᠨ ᠭᠡᠷ ᠤᠨ ᠢᠶᠠᠨ | ᠬᠠᠨ᠎ᠠ ᠳᠤ ᠨᠠᠭᠠᠵᠦ ᠲᠠᠯᠪᠢᠵᠦ ᠪᠤᠢ᠃ ᠳᠠᠬᠢᠨ ᠬᠢᠴᠢᠶᠠᠯ ᠠᠴᠠ ᠡᠮᠦᠨ᠎ᠡ ᠡᠲᠦᠷ ᠪᠦᠷᠢ ᠬᠠᠨ᠎ᠠ ᠳᠤ ᠨᠠᠭᠠᠭᠰᠠᠨ ᠰᠤᠷᠭᠠᠯ | ᠦᠭᠡ᠂ ᠵᠦᠢᠷ ᠰᠡᠴᠡᠨ ᠦᠭᠡ ᠵᠡᠷᠭᠡ ᠠᠴᠠ ᠬᠤᠶᠠᠷ ᠢ ᠴᠡᠭᠡᠵᠢᠯᠡᠬᠦᠯᠵᠦ᠂ ᠰᠣᠷᠤᠭᠴᠢᠳ ᠤᠨ ᠭᠡᠯᠡᠨ ᠤ | ᠬᠤᠷᠠᠮᠳᠤᠭᠤᠯᠭ᠎ᠠ ᠶᠢ ᠨᠡᠮᠡᠭᠳᠡᠬᠦᠯᠦᠨ᠎ᠡ᠃ | ᠬᠡᠯᠡ ᠪᠢᠴᠢᠭ ᠪᠤᠯ ᠬᠦᠮᠦᠰ ᠤᠨ ᠬᠠᠷᠢᠯᠴᠠᠭᠠᠨ ᠤ ᠪᠠᠭᠠᠵᠢ᠂ ᠰᠡᠳᠬᠢᠬᠦᠢ ᠶᠢᠨ ᠵᠡᠪᠰᠡᠭ ᠪᠦᠭᠡᠳ ᠬᠦᠮᠦᠨ | ᠲᠦᠷᠦᠯᠬᠢᠲᠡᠨ ᠤ ᠰᠤᠶᠤᠯ ᠤᠨ ᠴᠢᠬᠤᠯᠠ ᠪᠦᠷᠢᠯᠳᠦᠭᠦᠨ ᠬᠡᠰᠡᠭ᠂ ᠡᠯ᠎ᠡ ᠲᠦᠷᠦᠯ ᠤᠨ ᠰᠤᠶᠤᠯ ᠰᠢᠨᠵᠢᠯᠡᠬᠦ | ᠤᠬᠠᠭᠠᠨ ᠢ ᠰᠤᠷᠴᠤ ᠡᠵᠡᠮᠰᠢᠬᠦ ᠶᠢᠨ ᠪᠠᠭᠠᠵᠢ ᠮᠦᠨ᠃ ᠬᠡᠯᠡ ᠪᠢᠴᠢᠭ ᠤᠨ ᠬᠢᠴᠢᠶᠡᠯᠯᠡᠭᠡ ᠳᠤ ᠵᠢᠭᠠᠨ | ᠰᠤᠷᠭᠠᠯᠲᠠ ᠶᠢᠨ ᠦᠷ᠎ᠡ ᠪᠦᠲᠦᠮᠵᠢ ᠪᠠᠨ ᠳᠡᠭᠡᠭᠰᠢᠯᠡᠭᠦᠯᠦᠶ᠎ᠡ ᠭᠡᠪᠡᠯ ᠠᠩᠬ᠎ᠠ ᠳᠤᠮᠳᠠᠳᠤ ᠶᠢᠨ ᠬᠤᠭᠤᠴᠠᠭᠠᠨ ᠳᠤ | ᠰᠤᠷᠤᠭᠴᠢᠳ ᠤᠨ ᠦᠭᠡᠰ ᠬᠤᠷᠠᠮᠳᠤᠭᠤᠯᠬᠤ ᠪᠠ ᠬᠡᠷᠡᠭᠯᠡᠬᠦ ᠳᠠᠳᠬᠠᠯ ᠤᠨ ᠬᠦᠮᠦᠵᠢᠯ ᠢ ᠴᠢᠩᠭᠠᠳᠬᠠᠬᠤ | ᠬᠡᠷᠡᠭᠲᠡᠢ᠃ ᠬᠡᠯᠡᠨ ᠤ ᠬᠤᠷᠠᠮᠳᠤᠭᠤᠯᠤᠯ ᠢ ᠴᠢᠩᠭᠠᠳᠬᠠᠵᠤ ᠪᠠᠶᠠᠯᠢᠭ ᠦᠪ ᠬᠦᠷᠦᠩᠭᠡ ᠲᠠᠢ ᠪᠤᠯᠭᠠᠨ ᠬᠡᠯᠡᠨ ᠤ | ᠮᠡᠳᠡᠷᠡᠮᠵᠢ ᠶᠢ ᠨᠢ ᠳᠡᠭᠡᠭᠰᠢᠯᠡᠭᠦᠯᠵᠦ ᠴᠢᠳᠠᠪᠠᠯ ᠳᠠᠷᠤᠢ ᠰᠤᠷᠤᠭᠴᠢᠳ ᠤᠨ ᠬᠡᠪ ᠴᠢᠨᠠᠷ ᠢ ᠪᠦᠬᠦ ᠲᠠᠯ᠎ᠠ ᠪᠠᠷ | ᠳᠡᠭᠡᠭᠰᠢᠯᠡᠭᠦᠯᠬᠦ ᠶᠢᠨ ᠰᠢᠪᠲᠤᠯᠤᠯᠲᠠ ᠶᠢᠨ ᠴᠡᠭ ᠢ ᠤᠯᠵᠦ ᠴᠢᠳᠠᠨ᠎ᠠ᠃ ᠡᠭᠦᠨ ᠳᠤ ᠤᠩᠰᠢᠯᠭ᠎ᠠ ᠪᠤᠯ ᠵᠠᠩᠬᠢᠯᠠᠭ᠎ᠠ | ᠮᠦᠨ᠃ | ᠠᠵᠢᠯᠯᠠᠵᠤ ᠪᠠᠶᠢᠭ᠎ᠠ ᠪᠠᠶᠢᠭᠤᠯᠭ᠎ᠠ᠄ ᠲᠦᠩᠯᠢᠶᠤᠤ ᠬᠤᠲᠠ ᠶᠢᠨ ᠮᠤᠩᠭᠤᠯ | ᠦᠨᠳᠦᠰᠦᠲᠡᠨ ᠤ ᠰᠤᠷᠭᠠᠭᠤᠯᠢ | ︵ᠠᠯᠳᠠᠨᠰᠦ᠋ᠭᠡ ᠨᠠᠶᠢᠷᠠᠭᠤᠯᠪᠠ︶ | 2023.5 ᠳ᠋ᠤᠭᠠᠷ ᠬᠤᠭᠤᠴᠠᠭ᠎ᠠ | | | |