ᠯᠢ ᠯᠢ | | | | ᠠᠩᠬᠢ ᠨᠢᠭᠡᠴᠢ ᠪᠤᠯ ᠰᠤᠷᠭᠠᠭᠤᠯᠢ ᠶᠢᠨ ᠵᠢᠭᠠᠨ ᠰᠤᠷᠭᠠᠬᠤ ᠠᠵᠢᠯ ᠤᠨ ᠦᠨᠳᠦᠰᠦᠨ ᠵᠤᠬᠢᠶᠠᠨ | ᠪᠠᠶᠢᠭᠤᠯᠤᠯᠳᠠ ᠪᠤᠯᠤᠨ᠎ᠠ᠃ ᠰᠤᠷᠭᠠᠭᠤᠯᠢ ᠶᠢᠨ ᠪᠦᠭᠦᠢ ᠯᠡ ᠵᠢᠭᠠᠨ ᠰᠤᠷᠭᠠᠬᠤ ᠠᠵᠢᠯ ᠨᠢ ᠭᠤᠤᠯᠳᠠᠭᠤ ᠠᠩᠬᠢ | ᠨᠢᠭᠡᠴᠢ ᠪᠠᠷ ᠲᠠᠮᠵᠢᠵᠦ ᠶᠠᠪᠤᠭᠳᠠᠳᠠᠭ᠃ ᠡᠶᠢᠮᠦ ᠠᠴᠠ ᠠᠩᠬᠢ ᠶᠢᠨ ᠡᠷᠬᠢᠯᠡᠭᠴᠢ ᠶᠢᠨ ᠠᠵᠢᠯ ᠨᠢ ᠰᠤᠷᠭᠠᠭᠤᠯᠢ ᠶᠢᠨ | ᠰᠤᠷᠭᠠᠨ ᠬᠦᠮᠦᠵᠢᠯ ᠤᠨ ᠬᠠᠮᠢᠶᠠᠷᠤᠯᠳᠠ ᠳᠤ ᠴᠢᠬᠤᠯᠠ ᠪᠠᠶᠢᠷᠢ ᠶᠢ ᠡᠵᠡᠯᠡᠵᠦ ᠪᠠᠶᠢᠳᠠᠭ᠃ | ᠨᠢᠭᠡ᠂ ᠠᠩᠬᠢ ᠶᠢᠨ ᠡᠷᠬᠢᠯᠡᠭᠴᠢ ᠰᠤᠷᠤᠭᠴᠢᠳ ᠢᠶᠠᠨ ᠰᠠᠶᠢᠳᠦᠷ ᠤᠶᠢᠯᠠᠭᠠᠵᠤ ᠲᠡᠳᠡᠨ ᠢ ᠬᠠᠶᠢᠷᠠᠯᠠᠨ | ᠬᠠᠯᠠᠮᠵᠢᠯᠠᠬᠤ ᠬᠡᠷᠡᠭᠳᠡᠢ᠃ ᠠᠩᠬᠢ ᠶᠢᠨ ᠡᠷᠬᠢᠯᠡᠭᠴᠢ ᠡᠷᠬᠡᠪᠰᠢ ᠰᠤᠷᠤᠭᠴᠢᠳ ᠤᠨ ᠦᠵᠡᠯ ᠤᠬᠠᠮᠰᠠᠷ᠂ ᠶᠤᠰᠤ ᠮᠤᠷᠠᠯ᠂ | ᠵᠠᠩ ᠠᠭᠠᠰᠢ᠂ ᠰᠤᠷᠤᠯᠭ᠎ᠠ ᠶᠢᠨ ᠬᠢᠷᠢ ᠬᠡᠮᠵᠢᠶ᠎ᠡ᠂ ᠦᠪᠡᠷᠮᠢᠴᠡ ᠤᠨᠴᠠᠯᠢᠭ᠂ ᠪᠡᠶ᠎ᠡ ᠰᠡᠳᠬᠢᠴᠡ ᠶᠢᠨ | ᠬᠦᠭᠵᠢᠯᠳᠡ ᠶᠢᠨ ᠪᠠᠶᠢᠳᠠᠯ ᠢ ᠤᠯᠠᠨ ᠵᠦᠢᠯ ᠤᠨ ᠠᠷᠭ᠎ᠠ ᠵᠠᠮ ᠢᠶᠠᠷ ᠣᠶᠢᠯᠠᠭᠠᠨ ᠮᠡᠳᠡᠬᠦ ᠬᠡᠷᠡᠭᠳᠡᠢ᠃ ᠤᠴᠢᠷ ᠨᠢ | ᠨᠢᠭᠡ ᠠᠩᠬᠢ ᠨᠢᠭᠡᠴᠢ ᠶᠢᠨ ᠪᠦᠷᠢᠯᠳᠦᠭᠦᠨ ᠨᠢᠭᠡ ᠪᠦᠷᠢ ᠨᠢ ᠴᠦᠮ ᠠᠳᠠᠯᠢ ᠪᠤᠰᠤ ᠪᠠᠶᠢᠳᠠᠭ᠃ ᠡᠭᠦᠨ ᠳᠤ ᠦᠵᠡᠯᠳᠡ | ᠲᠠᠨᠢᠯᠳᠡ ᠶᠢᠨ ᠠᠳᠠᠯᠢ ᠦᠭᠡᠢ᠂ ᠲᠠᠪᠰᠢᠩᠭᠤᠢ ᠬᠤᠴᠤᠷᠤᠩᠭᠤᠢ ᠶᠢᠨ ᠵᠦᠷᠢᠶ᠎ᠡ ᠪᠠ ᠰᠤᠷᠤᠯᠭ᠎ᠠ ᠶᠢᠨ ᠬᠢᠷᠢ | ᠬᠡᠮᠵᠢᠶᠡᠨ ᠤ ᠢᠯᠭᠠᠭ᠎ᠠ ᠤᠷᠤᠰᠢᠵᠦ ᠪᠠᠶᠢᠳᠠᠭ᠃ ᠡᠶᠢᠮᠦ ᠪᠠᠶᠢᠳᠠᠯ ᠲᠤᠤᠷ᠎ᠠ ᠠᠩᠭᠢ ᠶᠢᠨ ᠡᠷᠬᠢᠯᠡᠭᠴᠢ ᠪᠤᠳᠠᠳᠤ | ᠪᠠᠶᠢᠳᠠᠯ ᠠᠴᠠ ᠭᠠᠷᠳᠠᠵᠤ᠂ ᠰᠤᠷᠤᠭᠴᠢ ᠨᠢᠭᠡ ᠪᠦᠷᠢ ᠶᠢᠨ ᠤᠨᠴᠠᠯᠢᠭ ᠲᠤ ᠵᠤᠬᠢᠴᠠᠭᠤᠯᠤᠨ ᠵᠢᠭᠠᠨ ᠵᠢᠯᠤᠭᠤᠳᠬᠤ | ᠬᠡᠷᠡᠭᠳᠡᠢ᠃ | ︽ᠦᠨᠡᠨᠴᠢ ᠬᠠᠶᠢᠷ᠎ᠠ ᠦᠭᠡᠢ ᠪᠤᠯ ᠵᠢᠩᠬᠢᠨᠢ ᠰᠤᠷᠭᠠᠨ ᠬᠦᠮᠦᠵᠢᠯ ᠪᠠᠶᠢᠵᠦ ᠴᠢᠳᠠᠬᠤ | ᠦᠭᠡᠢ︾᠃ ᠰᠤᠷᠤᠭᠴᠢᠳ ᠲᠠᠢ ᠰᠡᠳᠬᠢᠯᠭᠡ ᠪᠠᠨ ᠰᠤᠯᠢᠯᠴᠠᠵᠦ᠂ ᠬᠠᠮᠳᠤ ᠶᠢᠨ ᠦᠵᠡᠯᠳᠡ ᠰᠡᠳᠬᠢᠯᠭᠡ ᠲᠠᠢ ᠪᠤᠯᠬᠤ | ᠬᠡᠷᠡᠭᠳᠡᠢ᠃ ᠪᠠᠭᠰᠢ ᠨᠢ ᠦᠨᠠᠨ ᠰᠡᠳᠬᠢᠯ ᠠᠴᠠ ᠪᠠᠨ ᠰᠤᠷᠤᠭᠴᠢᠳ ᠢ ᠬᠠᠶᠢᠷᠠᠯᠠᠨ ᠬᠠᠯᠠᠮᠵᠢᠯᠠᠬᠤ ᠪᠤᠯ ᠪᠠᠭᠰᠢ | ᠰᠤᠷᠤᠭᠴᠢᠳ ᠤᠨ ᠬᠤᠭᠤᠷᠤᠨᠳᠤᠬᠢ ᠬᠠᠷᠢᠴᠠᠭ᠎ᠠ ᠶᠢ ᠰᠠᠶᠢᠵᠢᠷᠠᠭᠤᠯᠬᠤ ᠲᠦᠷᠭᠡᠳᠬᠡᠭᠦᠷ ᠮᠦᠨ᠃ ᠭᠠᠭᠴᠠ ᠬᠦ ᠪᠠᠭᠰᠢ | ᠬᠤᠪᠢ ᠪᠡᠶ᠎ᠡ ᠶᠢᠨ ᠶᠠᠳᠠᠷᠠᠯ ᠵᠦᠳᠡᠷᠡᠯ᠂ ᠠᠰᠢᠭ ᠬᠠᠷᠠᠮᠵᠢ ᠪᠠᠨ ᠪᠤᠳᠤᠬᠤ ᠦᠭᠡᠢ᠂ ᠰᠤᠷᠤᠭᠴᠢᠳ ᠤᠨ ᠢᠶᠠᠨ | ᠤᠮᠳᠠᠭᠠᠰᠤᠭᠰᠠᠨ ᠦᠶ᠎ᠡ ᠳᠤ ᠨᠢ ᠤᠮᠳᠡ ᠭᠦᠷᠭᠡᠵᠦ᠂ ᠲᠠᠭᠠᠷᠠᠭᠰᠠᠨ ᠦᠶ᠎ᠡ ᠳᠤ ᠨᠢ ᠲᠠᠬᠤ ᠬᠦᠷᠭᠡᠪᠡᠯ ᠰᠠᠶ᠋ᠢ | ᠲᠡᠳᠡᠨ ᠤ ᠰᠡᠳᠬᠢᠯ ᠤᠨ ᠨᠠᠶᠢᠵᠠ ᠪᠤᠯᠵᠤ᠂ ᠬᠦᠨᠳᠦᠳᠬᠡᠯ ᠢ ᠨᠢ ᠤᠯᠵᠤ ᠴᠢᠳᠠᠳᠠᠭ ᠮᠦᠷᠳᠡᠭᠡᠨ ᠰᠤᠷᠭᠠᠨ | ᠬᠦᠮᠦᠵᠢᠭᠦᠯᠬᠦ ᠠᠵᠢᠯ ᠢᠶᠠᠨ ᠠᠮᠵᠢᠯᠳᠡ ᠲᠠᠢ ᠪᠠᠷ ᠪᠠᠶᠠᠯᠠᠭᠦᠯᠵᠤ ᠴᠢᠳᠠᠬᠤ ᠪᠤᠯᠤᠨ᠎ᠠ᠃ ᠡᠭᠦᠨ ᠤ ᠡᠰᠡᠷᠬᠦ ᠪᠠᠷ | ᠲᠡᠳᠡᠨ ᠤ ᠠᠮᠢᠳᠤᠷᠠᠯ ᠰᠤᠷᠤᠯᠴᠠᠯᠭ᠎ᠠ ᠶᠢᠨ ᠪᠠᠶᠢᠳᠠᠯ ᠢ ᠤᠭᠳᠤᠬᠠᠨ ᠴᠦ ᠬᠠᠮᠢᠶᠠᠷᠬᠤ ᠦᠭᠡᠢ᠂ ᠬᠤᠭᠤᠰᠤᠨ ᠤᠨᠤᠯ᠂ | ᠬᠡᠶᠢᠰᠪᠦᠷᠢ ᠨᠤᠮᠯᠠᠯ ᠢ ᠬᠡᠳᠦᠢ ᠶᠠᠷᠢᠭᠰᠠᠨ ᠴᠦ ︽ᠬᠤᠮᠠᠭ ᠲᠤᠷ ᠲᠤᠰᠤ ᠴᠢᠳᠬᠤᠭᠰᠠᠨ︾ ᠬᠡᠷᠡᠭ ᠪᠤᠯᠵᠤ ᠪᠠᠭᠰᠢ | ᠰᠤᠷᠤᠭᠴᠢ ᠶᠢᠨ ᠰᠡᠳᠬᠢᠯ ᠤᠨ ᠬᠤᠭᠤᠷᠤᠨᠳᠤᠬᠢ ᠵᠠᠢ ᠬᠤᠯᠠᠳᠴᠤ᠂ ᠰᠤᠷᠭᠠᠨ ᠬᠦᠮᠦᠵᠢᠭᠦᠯᠬᠦ ᠵᠤᠷᠢᠯᠭ᠎ᠠ ᠲᠠᠢ ᠶᠠᠭ | ᠤᠷᠪᠠᠭᠤ ᠬᠠᠷᠢᠴᠠᠭᠠᠳᠤ ᠪᠤᠯᠳᠠᠭ᠃ ᠡᠶᠢᠮᠦ ᠠᠴᠠ ᠠᠩᠬᠢ ᠶᠢᠨ ᠡᠷᠬᠢᠯᠡᠭᠴᠢ ᠪᠤᠯᠤᠭᠰᠠᠳ ᠲᠠᠷᠤᠤ ᠬᠢᠴᠢᠶᠡᠩᠭᠦᠢ᠂ | ᠲᠦᠪ ᠤᠪᠤᠷ ᠢᠶᠠᠷ ᠰᠤᠷᠤᠭᠴᠢᠳ ᠲᠤ ᠪᠠᠨ ᠬᠠᠨᠳᠤᠵᠤ᠂ ᠶᠤᠰᠤ ᠪᠠᠷ ᠪᠢᠰᠢᠷᠡᠭᠦᠯᠦᠨ᠂ ᠠᠵᠢᠯᠯᠠᠭ᠎ᠠ ᠪᠠᠷ ᠲᠠᠭᠠᠭᠤᠯᠤᠨ᠂ | ᠰᠡᠳᠬᠢᠯ ᠢᠶᠠᠷ ᠬᠠᠷᠢᠯᠴᠠᠬᠤ ᠬᠡᠷᠡᠭᠳᠡᠢ᠃ | ᠠᠩᠬᠢ ᠶᠢᠨ ᠡᠷᠬᠢᠯᠡᠭᠴᠢ ᠪᠠᠭᠰᠢ ᠨᠢᠭᠡ ᠪᠦᠷᠢ ᠰᠤᠷᠤᠭᠴᠢᠳ ᠤᠨ ᠢᠶᠠᠨ ᠬᠢᠴᠢᠶᠡᠯ ᠰᠤᠷᠤᠯᠭ᠎ᠠ ᠶᠢᠨ ᠲᠠᠯ᠎ᠠ ᠪᠠᠷ | ᠰᠢᠯᠢᠳᠡᠭ ᠬᠢᠷᠢ ᠪᠦᠲᠦᠮᠵᠢ ᠤᠯᠬᠤ ᠳᠤ ᠨᠢ ᠤᠮᠤᠭᠰᠢᠨ ᠵᠤᠷᠢᠬᠵᠢᠳᠠᠭ ᠪᠤᠯᠪᠠᠴᠤ ᠰᠤᠷᠤᠯᠭ᠎ᠠ ᠮᠤᠷᠠᠯ ᠢᠶᠠᠷ ᠪᠠᠷᠤᠭᠳᠠᠢ | ᠰᠤᠷᠤᠭᠴᠢ ᠲᠠᠭᠠᠷᠠᠯᠳᠤᠪᠠᠯ ᠲᠣᠬᠤ ᠪᠠᠨ ᠪᠠᠷᠢᠬᠤ ᠶᠠᠪᠤᠳᠠᠯ ᠵᠦᠩᠳᠡᠭᠡᠨ ᠭᠠᠷᠳᠠᠭ᠃ ᠠᠩᠬᠢ ᠶᠢᠨ ᠡᠷᠬᠢᠯᠡᠭᠴᠢ ᠪᠠᠭᠰᠢ | ᠡᠶᠢᠮᠦᠷᠬᠦᠤ ᠰᠤᠷᠤᠭᠴᠢᠳ ᠲᠤ ᠬᠠᠨᠳᠤᠬᠤ ᠳᠤ ᠪᠠᠨ ᠲᠤᠷ᠎ᠠ ᠪᠠᠷ ᠨᠢ ᠲᠠᠯᠪᠢᠵᠦ ᠬᠠᠶᠠᠭᠠᠨ ᠳᠤ ᠨᠢ ᠬᠠᠶᠠᠬᠤ ᠪᠢᠰᠢ | ᠬᠠᠷᠢᠨ ᠲᠡᠳᠡ ᠨᠠᠷ ᠲᠤ ᠪᠤᠰᠤᠳ ᠠᠴᠠ ᠢᠯᠡᠭᠦᠦ ᠬᠦᠴᠦ ᠲᠠᠯᠪᠢᠨ ᠰᠤᠷᠭᠠᠨ ᠬᠦᠮᠦᠵᠢᠭᠦᠯᠬᠦ ᠠᠵᠢᠯ ᠢ | ᠠᠩᠬᠢ ᠶᠢᠨ ᠢᠶᠠᠨ ᠭᠤᠤᠯᠳᠠᠯᠭ᠎ᠠ ᠲᠠᠢ ᠠᠵᠢᠯ ᠪᠤᠯᠭᠠᠨ ᠠᠳᠬᠤᠵᠦ ᠲᠡᠳᠡ ᠨᠠᠷ ᠤᠨ ᠰᠡᠳᠬᠢᠯ ᠤᠨ ᠨᠠᠶᠢᠵᠠ ᠨᠢ | ᠪᠤᠯᠵᠦ ᠴᠢᠳᠠᠬᠤ ᠭᠡᠷᠡᠭᠳᠠᠢ᠃ ᠡᠭᠦᠨ ᠳᠤ ᠲᠤᠤᠷᠠᠬᠢ ᠭᠡᠳᠤᠨ ᠲᠠᠯ᠎ᠠ ᠶᠢ ᠠᠩᠬᠠᠷᠴᠤ ᠭᠦᠢᠴᠡᠳᠭᠡᠪᠡᠯ ᠵᠤᠬᠢᠨ᠎ᠠ᠃ | 1. ᠰᠤᠷᠤᠭᠴᠢᠳ ᠢ ᠬᠠᠶᠢᠷᠠᠯᠠᠬᠤ᠃ ︽ᠬᠠᠶᠢᠷ᠎ᠠ ᠦᠭᠡᠢ ᠰᠤᠷᠭᠠᠨ ᠬᠦᠮᠦᠵᠢᠯ ᠪᠠᠶᠢᠵᠦ ᠴᠢᠳᠠᠬᠤ ᠦᠭᠡᠢ᠂ | ᠬᠠᠶᠢᠷ᠎ᠠ ᠪᠤᠯ ᠰᠤᠷᠤᠭᠴᠢᠳ ᠢ ᠬᠦᠮᠦᠵᠢᠭᠦᠯᠬᠦ ᠨᠢᠭᠤᠴᠠ ᠤᠪᠠᠳᠢᠰ ᠮᠦᠨ︾ ᠭᠡᠬᠦ ᠰᠤᠷᠭᠠᠨ ᠬᠦᠮᠦᠵᠢᠯᠳᠡᠳ ᠤᠨ | ᠡ᠊ᠨᠡ ᠭᠦ ᠰᠤᠷᠭᠠᠯ ᠢ ᠢᠳᠡᠭᠡᠨ ᠬᠡᠷᠡᠭᠵᠢᠭᠦᠯᠪᠡᠯ ᠠᠩᠬᠢ ᠶᠢᠨ ᠡᠷᠬᠢᠯᠡᠭᠴᠢ ᠶᠢᠨ ᠠᠵᠢᠯ ᠳᠤ ᠶᠡᠬᠡᠬᠡᠨ ᠬᠠᠪᠰᠤᠷᠤᠮᠵᠢ | ᠪᠤᠯᠬᠤ ᠶᠤᠮ᠃ ᠰᠤᠷᠤᠭᠴᠢᠳ ᠢ ᠬᠦᠮᠦᠵᠢᠭᠦᠯᠦᠶ᠎ᠡ ᠭᠡᠪᠡᠯ ᠶᠠᠭᠤᠨ ᠤ ᠡᠮᠦᠨ᠎ᠡ ᠰᠤᠷᠤᠭᠴᠢᠳ ᠢ ᠬᠠᠯᠠᠮᠵᠢᠯᠠᠬᠤ | ᠭᠡᠷᠡᠭᠳᠠᠢ᠃ ᠶᠡᠷᠦ ᠨᠢ ᠰᠤᠷᠤᠭᠴᠢ ᠳᠤ ᠬᠦᠢᠳᠡᠮᠰᠦᠭ ᠢᠶᠠᠷ ᠬᠠᠨᠳᠤᠵᠤ᠂ ᠰᠢᠭᠦᠮᠵᠢᠯᠡᠯ ᠢᠶᠠᠷ ᠨᠢᠭᠤᠷᠳᠠᠭᠠᠳ ᠪᠠᠶᠢᠪᠠᠯ | ᠲᠠᠳᠠᠨ ᠤ ᠡᠭ᠍ᠳᠡᠭᠦᠦ ᠶᠢ ᠬᠦᠷᠭᠡᠵᠦ ᠵᠤᠷᠢᠭᠤᠳᠠ ᠵᠦᠷᠢᠭᠦᠳᠯᠡᠭᠦ ᠳᠤ ᠭᠦᠷᠭᠡᠵᠦ ᠮᠠᠳᠠᠭᠦ ᠶᠤᠮ᠃ | 2. ᠢᠯᠡᠭᠦᠦ ᠬᠠᠷᠢᠯᠴᠠᠬᠤ᠃ ᠰᠤᠷᠤᠭᠴᠢᠳ ᠤᠨ ᠦᠵᠡᠯ ᠰᠠᠨᠠᠭ᠎ᠠ᠂ ᠤᠷᠮ᠎ᠠ ᠪᠠᠬ᠎ᠠ᠂ ᠵᠠᠩ ᠲᠠᠳᠬᠠᠯ ᠵᠡᠷᠭᠡ | ᠡᠯ᠎ᠡ ᠲᠠᠯ᠎ᠠ ᠠᠴᠠ ᠤᠶᠢᠯᠠᠭᠠᠪᠠᠯ ᠰᠠᠶ᠋ᠢ ᠰᠤᠷᠭᠠᠨ ᠬᠦᠮᠦᠵᠢᠭᠦᠯᠬᠦ ᠠᠵᠢᠯᠯᠠᠭ᠎ᠠ ᠪᠠᠨ ᠤᠷᠤᠭᠰᠢᠳᠠᠢ ᠶᠠᠪᠤᠭᠳᠠᠭᠤᠯᠵᠤ | ᠴᠢᠳᠠᠨ᠎ᠠ᠃ ᠬᠡᠤᠬᠡᠳ ᠪᠤᠯ ᠴᠠᠭᠠᠪᠤᠷ ᠪᠠᠶᠢᠳᠠᠭ᠂ ᠲᠡᠳᠡ ᠶᠠᠭᠤ ᠪᠤᠳᠤᠪᠠᠯ ᠶᠠᠭᠤ ᠪᠠᠨ ᠶᠠᠷᠢᠳᠠᠭ ᠤᠴᠢᠷ ᠠᠴᠠ ᠰᠤᠯᠠ | ᠴᠠᠭ ᠢᠶᠠᠷ ᠢᠶᠠᠨ ᠦᠷᠭᠦᠯᠵᠢ ᠠᠩᠬᠢ ᠶᠢᠨ ᠭᠡᠷ ᠲᠤ ᠪᠠᠨ ᠬᠦᠷᠴᠦ᠂ ᠰᠤᠷᠤᠭᠴᠢᠳ ᠲᠠᠢ ᠪᠠᠨ ᠬᠠᠮᠳᠤ ᠰᠠᠭᠤᠯᠴᠠᠨ | ᠶᠠᠷᠢᠯᠴᠠᠵᠤ᠂ ᠶᠠᠷᠢᠯᠴᠠᠬᠤ ᠲᠤᠮᠳᠠ ᠠᠴᠠ ᠰᠤᠷᠤᠭᠴᠢ ᠨᠢᠭᠡ ᠪᠦᠷᠢ ᠶᠢ ᠤᠶᠢᠯᠠᠭᠠᠨ ᠲᠡᠳᠡᠨ ᠲᠠᠢ ᠭᠦᠨ ᠵᠤᠵᠠᠭᠠᠨ | ᠬᠠᠶᠢᠷ᠎ᠠ ᠰᠡᠳᠬᠢᠯᠭᠡ ᠲᠠᠢ ᠪᠤᠯᠵᠤ ᠲᠡᠳᠡᠨ ᠤ ᠵᠢᠩᠬᠢᠨᠢ ᠰᠡᠳᠬᠢᠯ ᠤᠨ ᠨᠠᠶᠢᠵᠠ ᠨᠢ ᠪᠤᠯᠵᠦ᠂ ᠪᠠᠭᠰᠢ ᠰᠤᠷᠤᠭᠴᠢ | ᠰᠡᠳᠬᠢᠯ ᠰᠠᠨᠠᠭ᠎ᠠ ᠪᠠᠨ ᠰᠤᠯᠢᠯᠴᠠᠪᠠᠯ ᠪᠠᠭᠰᠢ ᠰᠤᠷᠤᠭᠴᠢ ᠶᠢᠨ ᠬᠤᠭᠤᠷᠤᠨᠳᠤᠬᠢ ᠬᠠᠷᠢᠴᠠᠭ᠎ᠠ ᠶᠢ ᠨᠡᠩ ᠢᠯᠡᠭᠦᠦ | ᠰᠠᠶᠢᠵᠢᠷᠠᠭᠤᠯᠵᠤ ᠴᠢᠳᠠᠬᠤ ᠶᠤᠮ᠃ | 3. ᠢᠯᠡᠭᠦᠬᠡᠨ ᠵᠤᠷᠢᠬᠵᠢᠭᠤᠯᠬᠤ᠃ ᠠᠩᠬᠢ ᠪᠦᠷᠢ ᠳᠤ ᠦᠵᠡᠯ ᠰᠠᠨᠠᠭ᠎ᠠ ᠨᠢ ᠪᠠᠷᠤᠭᠳᠠᠢ ᠰᠤᠷᠤᠭᠴᠢ ᠪᠠᠶᠢᠳᠠᠭ | ᠴᠦ ᠰᠤᠷᠤᠭᠴᠢ ᠶᠢ ᠬᠠᠯᠳᠤ ᠭᠡᠪᠡᠯ ᠪᠤᠷᠤᠭᠤᠰᠢᠶᠠᠨ ᠵᠢᠮᠡᠯᠡᠬᠦ ᠳᠤ ᠭᠦᠷᠪᠡᠯ ᠲᠡᠳᠡ ᠦᠪᠡᠷ ᠤᠨ ᠪᠡᠶ᠎ᠡ ᠳᠤ ᠪᠠᠨ | ᠢᠳᠡᠭᠡᠯ ᠦᠭᠡᠢ ᠪᠤᠯᠵᠤ ᠨᠡᠩ ᠢᠯᠡᠭᠦᠦ ᠵᠦᠷᠢᠭᠦᠳᠯᠡᠭᠦ ᠵᠠᠩᠳᠠᠢ ᠪᠤᠯᠳᠠᠬ᠃ ᠡᠶᠢᠮᠦ ᠰᠤᠷᠤᠭᠴᠢ ᠶᠢ ᠦᠵᠡᠯ | ᠰᠠᠨᠠᠭᠠᠨ ᠤ ᠲᠠᠯ᠎ᠠ ᠠᠴᠠ ᠲᠤᠷᠤᠮᠵᠢᠯᠠᠬᠤ ᠦᠭᠡᠢ᠂ ᠰᠡᠳᠬᠢᠯᠭᠡ ᠶᠢᠨ ᠲᠠᠯ᠎ᠠ ᠠᠴᠠ ᠵᠢᠭᠰᠢᠭᠦ ᠦᠭᠡᠢ᠂ ᠤᠪᠤᠷ ᠤᠨ | ᠲᠠᠯ᠎ᠠ ᠠᠴᠠ ᠪᠦᠳᠦᠭᠦᠯᠢᠭ ᠪᠠᠶᠢᠵᠦ ᠪᠤᠯᠬᠤ ᠦᠭᠡᠢ᠃ ᠬᠠᠷᠢᠨ ᠰᠤᠷᠤᠭᠴᠢᠳ ᠤᠨ ᠪᠡᠶ᠎ᠡ ᠲᠡᠭᠡᠷ᠎ᠡ ᠤᠷᠤᠰᠢᠵᠦ ᠪᠠᠶᠢᠭ᠎ᠠ | ᠠᠰᠠᠭᠤᠳᠠᠯ ᠤᠨ ᠰᠢᠯᠳᠠᠭᠠᠨ ᠢ ᠡᠷᠢᠨ ᠰᠦᠪᠡᠭᠴᠢᠯᠡᠵᠦ᠂ ᠲᠡᠳᠡᠨ ᠤ ᠪᠡᠶ᠎ᠡ ᠪᠠᠨ ᠬᠦᠨᠳᠦᠳᠬᠡᠨ᠂ ᠪᠡᠶ᠎ᠡ ᠪᠠᠨ ᠢᠳᠡᠭᠡᠬᠦ | ᠰᠡᠳᠬᠢᠯ ᠢ ᠬᠦᠳᠡᠯᠭᠡᠵᠦ᠂ ᠢᠯᠡᠭᠦᠦ ᠵᠤᠷᠢᠬᠵᠢᠭᠤᠯᠵᠤ᠂ ᠢᠯᠡᠭᠦᠦ ᠬᠠᠯᠠᠮᠵᠢᠯᠠᠨ᠎ᠠ᠃ ᠦᠪᠡᠷ ᠤᠨ ᠪᠡᠶ᠎ᠡ ᠪᠠᠨ | ᠬᠦᠨᠳᠦᠳᠬᠡᠬᠦ ᠶᠢᠨ ᠲᠠᠭᠠᠤ ᠪᠤᠰᠤᠳ ᠤᠨ ᠬᠦᠨᠳᠦᠳᠬᠡᠯ ᠬᠠᠯᠠᠮᠵᠢᠯᠠᠯ ᠢ ᠬᠦᠷᠳᠡᠬᠦ ᠪᠤᠯᠭᠠᠨ᠎ᠠ᠃ ᠴᠢᠮ᠎ᠠ ᠶᠢ | ᠪᠦᠳᠦᠷᠢᠭᠰᠡᠨ ᠦᠶ᠎ᠡ ᠳᠤ ᠢᠳᠡᠭᠡᠵᠦ ᠬᠠᠯᠠᠮᠵᠢᠯᠠᠬᠤ ᠬᠦᠮᠦᠨ ᠤᠯᠠᠨ ᠪᠠᠶᠢᠨ᠎ᠠ ᠭᠡᠳᠡᠭ ᠢᠳᠡᠭᠡᠯ ᠢ | ᠤᠯᠭᠤᠨ᠎ᠠ᠃ ᠠᠩᠬᠢ ᠶᠢᠨ ᠡᠷᠬᠢᠯᠡᠭᠴᠢ ᠡ᠊ᠨᠡ ᠭᠦ ᠬᠦᠮᠦᠵᠢᠯ ᠢ ᠪᠢᠳᠡᠬᠡᠢ ᠤᠮᠳᠤᠭᠠᠶᠢᠯᠠᠭᠠᠷᠠᠢ᠃ | 4. ᠰᠤᠷᠤᠭᠴᠢᠳ ᠲᠤ ᠠᠳᠠᠯᠢ ᠪᠠᠷ ᠬᠠᠨᠳᠤᠬᠤ᠃ ᠨᠢᠭᠡ ᠠᠩᠬᠢ ᠳᠤ ᠰᠤᠷᠤᠯᠭ᠎ᠠ ᠰᠠᠶᠢᠨ ᠮᠠᠭᠤ ᠰᠤᠷᠤᠭᠴᠢ | ᠶᠠᠷᠢᠶᠠᠨ ᠦᠭᠡᠢ ᠪᠠᠶᠢᠳᠠᠭ᠃ ᠪᠠᠭᠰᠢ ᠠᠴᠠ ᠰᠤᠷᠤᠯᠭ᠎ᠠ ᠰᠠᠶᠢᠨ ᠰᠤᠷᠤᠭᠴᠢ ᠶᠢ ᠬᠠᠯᠠᠮᠵᠢᠯᠠᠵᠤ᠂ ᠪᠤᠰᠤᠳ ᠢ ᠨᠢ | ᠦᠯᠦ ᠤᠶᠢᠰᠢᠶᠠᠬᠤ ᠤᠪᠤᠷ ᠢᠶᠠᠷ ᠬᠠᠨᠳᠤᠬᠤ ᠳᠤ ᠬᠦᠷᠪᠡᠯ ᠰᠤᠷᠤᠯᠭ᠎ᠠ ᠠᠨᠠᠢ ᠰᠤᠷᠤᠭᠴᠢ ᠤᠯᠠᠮ ᠦᠪᠡᠷ ᠢ ᠪᠠᠨ | ᠭᠤᠯᠤᠨ ᠭᠤᠳᠤᠷᠠᠬᠤ ᠪᠤᠯᠤᠨ᠎ᠠ᠃ ᠰᠤᠷᠤᠭᠴᠢ ᠪᠤᠯᠭᠠᠨ ᠪᠠᠭᠰᠢ ᠶᠢᠨ ᠢᠶᠠᠨ ᠰᠠᠶᠢᠨ ᠰᠤᠷᠤᠭᠴᠢ ᠪᠤᠯᠬᠤ ᠶᠢ | ᠬᠦᠰᠡᠳᠡᠭ ᠢ ᠠᠩᠬᠢ ᠶᠢᠨ ᠡᠷᠬᠢᠯᠡᠭᠴᠢ ᠨᠢᠭᠡ ᠪᠦᠷᠢ ᠡᠷᠭᠡᠪᠰᠢ ᠤᠢᠢᠯᠠᠭᠠᠵᠤ᠂ ᠠᠩᠬᠢ ᠶᠢᠨ ᠬᠠᠮᠢᠶᠠᠷᠤᠯᠳᠠ ᠳᠤ ᠪᠠᠨ | ᠪᠦᠭᠦ ᠲᠠᠯ᠎ᠠ ᠪᠠᠷ ᠲᠤᠭᠤᠰᠢᠯᠠᠭᠤᠯᠬᠤ ᠭᠡᠷᠡᠭᠳᠠᠢ᠃ | ᠬᠤᠶᠠᠷ᠂ ᠰᠤᠷᠤᠭᠴᠢ ᠪᠠᠨ ᠤᠶᠢᠯᠠᠭᠠᠵᠤ ᠬᠤᠴᠤᠷᠤᠩᠭᠤᠢ ᠰᠤᠷᠤᠭᠴᠢ ᠳᠤ ᠬᠦᠯᠢᠴᠡᠩᠭᠦᠢ ᠲᠡᠰᠪᠦᠷᠢᠳᠡᠢ | ᠬᠦᠮᠦᠵᠢᠯ ᠬᠢᠵᠦ ᠰᠤᠷᠤᠭᠴᠢ ᠶᠢ ᠵᠦᠪ ᠦᠨᠡᠯᠡᠬᠦ ᠬᠡᠷᠡᠭᠳᠡᠢ᠃ ᠨᠢᠭᠡᠨ ᠠᠩᠬᠢ ᠨᠡᠶᠢᠳᠡ ᠳᠤ ᠰᠤᠷᠤᠭᠴᠢᠳ ᠤᠨ | ᠲᠦᠷᠦᠯᠬᠢ ᠴᠢᠨᠠᠷ᠂ ᠰᠡᠳᠬᠢᠴᠡ ᠶᠢᠨ ᠤᠨᠴᠠᠯᠢᠭ᠂ ᠤᠷᠴᠢᠨ ᠲᠤᠭᠤᠷᠢᠨ ᠤ ᠨᠦᠯᠦᠭᠡ ᠵᠢᠴᠢ ᠰᠠᠭᠤᠷᠢ ᠬᠦᠮᠦᠵᠢᠯ | ᠭᠦᠷᠳᠡᠭᠰᠡᠨ ᠬᠡᠮᠵᠢᠶ᠎ᠡ ᠵᠡᠷᠭᠡ ᠶᠢᠨ ᠵᠦᠷᠢᠶ᠎ᠡ ᠠᠴᠠ ᠪᠤᠯᠵᠤ᠂ ᠡᠩᠨᠡᠭᠡᠨ ᠳᠤ ᠪᠠᠨ ᠴᠢᠷᠦᠭᠳᠡᠬᠦ ᠬᠤᠴᠤᠷᠤᠩᠭᠤᠢ | ᠰᠤᠷᠤᠭᠴᠢ ᠢᠯᠡᠷᠡᠬᠦ ᠨᠢ ᠠᠶᠠᠨᠳᠠᠭᠠᠨ ᠤ ᠦᠵᠡᠭᠳᠡᠯ ᠪᠢᠯᠡ᠃ ᠡᠳᠡᠭᠡᠷ ᠰᠤᠷᠤᠭᠴᠢ ᠨᠢ ᠬᠡᠳᠦ᠋ᠢᠪᠡᠷ ᠬᠦᠮᠦᠨ ᠤ ᠲᠤᠭ᠎ᠠ | ᠴᠦᠬᠡᠨ ᠪᠤᠯᠪᠠᠴᠤ ᠠᠩᠬᠢ ᠨᠢᠭᠡᠴᠢ ᠶᠢ ᠠᠳᠠᠯᠢ ᠪᠤᠰᠤ ᠬᠡᠮᠵᠢᠶ᠎ᠡ ᠪᠠᠷ ᠨᠦᠯᠦᠭᠡᠯᠡᠵᠦ ᠪᠠᠶᠢᠳᠠᠭ᠃ ᠡᠨᠡ ᠪᠤᠯ | ᠠᠩᠬᠢ ᠶᠢᠨ ᠡᠷᠬᠢᠯᠡᠭᠴᠢ ᠶᠢᠨ ᠠᠵᠢᠯ ᠤᠨ ᠴᠢᠬᠤᠯᠠ ᠨᠢᠭᠡᠨ ᠠᠭᠤᠯᠭ᠎ᠠ ᠪᠤᠯᠤᠨ᠎ᠠ᠃ ᠡᠭᠦᠨ ᠳᠤ ᠠᠩᠬᠢ ᠶᠢᠨ | ᠡᠷᠬᠢᠯᠡᠭᠴᠢ ᠠᠴᠠ ᠡᠳᠡᠭᠡᠷ ᠰᠤᠷᠤᠭᠴᠢ ᠶᠢᠨ ᠬᠤᠴᠤᠷᠤᠩᠭᠤᠢ ᠪᠤᠯᠤᠭᠰᠠᠨ ᠰᠢᠯᠳᠠᠭᠠᠨ ᠢ ᠡᠷᠢᠵᠦ᠂ | ︽ᠡᠪᠡᠳᠴᠢᠨ ᠳᠤ ᠨᠢ ᠲᠤᠬᠢᠷᠠᠭᠤᠯᠤᠨ ᠡᠮ ᠵᠠᠷᠤᠬᠤ︾ ᠪᠠ ᠬᠤᠴᠤᠷᠤᠩᠭᠤᠢ ᠰᠤᠷᠤᠭᠴᠢ ᠶᠢᠨ ᠪᠡᠶ᠎ᠡ ᠪᠠᠨ | ᠬᠦᠨᠳᠦᠳᠬᠡᠬᠦ ᠪᠤᠯ ᠲᠡᠳᠡᠨ ᠢ ᠬᠤᠪᠢᠷᠠᠭᠤᠯᠬᠤ ᠶᠢᠨ ᠦᠨᠳᠦᠰᠦᠨ ᠰᠢᠯᠳᠠᠭᠠᠨ ᠪᠤᠯᠬᠤ ᠵᠢᠮ᠎ᠠ ᠶᠢ ᠪᠠᠷᠢᠬᠤ ᠳᠤ ᠨᠢ | ᠲᠠᠳᠠᠨ ᠤ ᠦᠪᠡᠷ ᠢ ᠪᠠᠨ ᠬᠦᠨᠳᠦᠳᠬᠡᠬᠦ ᠰᠡᠳᠬᠢᠯ ᠢ ᠨᠢ ᠬᠦᠭᠵᠢᠭᠡᠨ᠂ ᠦᠪᠡᠷ ᠢ ᠪᠠᠨ ᠲᠦᠰᠢᠵᠦ᠂ ᠦᠪᠡᠷ ᠢ ᠪᠠᠨ | ᠬᠠᠶᠢᠷᠠᠯᠠᠵᠦ᠂ ᠦᠪᠡᠰᠤᠪᠠᠨ ᠬᠦᠴᠦᠷᠬᠡᠭᠵᠢᠬᠦ ᠪᠤᠯᠭᠠᠬᠤ ᠨᠢ ᠲᠡᠳᠡᠨ ᠢ ᠰᠠᠶᠢᠨ ᠰᠠᠶᠢᠬᠠᠨ ᠲᠡᠰᠢ ᠬᠤᠪᠢᠷᠠᠭᠤᠯᠬᠤ ᠶᠢᠨ | ᠲᠤᠳᠤᠭᠠᠳᠤ ᠬᠦᠳᠡᠯᠭᠡᠬᠦ ᠬᠦᠴᠦᠨ ᠮᠦᠨ᠃ ᠬᠤᠴᠤᠷᠤᠩᠭᠤᠢ ᠰᠤᠷᠤᠭᠴᠢ ᠳᠤ ᠠᠪᠴᠤ ᠬᠡᠯᠡᠪᠡᠯ ᠠᠩᠬᠢ ᠶᠢᠨ | ᠡᠷᠬᠢᠯᠡᠭᠴᠢ ᠶᠢᠨ ᠨᠢᠭᠡ ᠠᠰᠠᠭᠤᠯᠳᠠ᠂ ᠨᠢᠭᠡ ᠡᠭᠦᠷᠭᠡ ᠲᠤᠰᠢᠶᠠᠬᠤ᠂ ᠨᠢᠭᠡ ᠢᠳᠡᠭᠡᠭᠰᠡᠨ ᠬᠠᠷᠠᠴᠠ᠂ ᠨᠢᠭᠡ | ᠬᠠᠯᠠᠭᠤᠮᠰᠤᠭ ᠴᠢᠷᠠᠢ ᠵᠡᠷᠭᠡ ᠨᠢ ᠲᠡᠳᠡᠨ ᠤ ᠰᠢᠷᠠᠭᠳᠤᠭᠰᠠᠨ ᠰᠡᠳᠬᠢᠯ ᠢ ᠡᠮᠨᠡᠬᠦ ᠰᠠᠶᠢᠨ ᠵᠤᠷ ᠪᠤᠯᠳᠠᠭ᠃ ︽ᠬᠠᠯᠠ ᠨᠢ | ᠭᠠᠳᠠᠨ᠎ᠠ ᠪᠠᠨ᠂ ᠬᠠᠶᠢᠷ᠎ᠠ ᠨᠢ ᠲᠤᠳᠤᠨ᠎ᠠ ᠪᠠᠨ︾ ᠭᠡᠳᠡᠭ ᠢᠶᠠᠷ ᠰᠤᠷᠤᠭᠴᠢᠳ ᠢ ᠬᠦᠮᠦᠵᠢᠭᠦᠯᠦᠨ ᠰᠤᠷᠭᠠᠬᠤ ᠳᠤ ᠨᠠᠷᠢᠨ | ᠲᠤᠳᠤᠷᠬᠠᠢ ᠲᠦᠷᠢᠮ ᠲᠤᠭᠳᠠᠭᠠᠯ ᠪᠠ ᠲᠡᠭᠦᠨ ᠢᠶᠠᠨ ᠡᠷᠡᠰ ᠴᠢᠩᠭ᠎ᠠ ᠲᠤᠭᠤᠰᠢᠯᠠᠭᠤᠯᠤᠨ ᠬᠡᠷᠡᠭᠵᠢᠭᠦᠯᠬᠦ ᠨᠢ ᠪᠤᠰᠤᠳ | ᠠᠷᠭ᠎ᠠ ᠠᠪᠴᠠᠯ ᠢᠶᠠᠷ ᠤᠷᠤᠯᠠᠭᠤᠯᠵᠤ ᠲᠡᠶᠢᠯᠦᠰᠢ ᠦᠭᠡᠢ ᠴᠢᠬᠤᠯᠠ ᠤᠶᠢᠯᠡᠳᠦᠯ ᠦᠵᠡᠭᠦᠯᠳᠡᠭ᠃ ᠲᠦᠷᠢᠮ | ᠲᠤᠭᠳᠠᠭᠠᠯ ᠢᠶᠠᠨ ᠬᠡᠷᠡᠭᠵᠢᠭᠦᠯᠬᠦ ᠳᠤ ᠬᠡᠯᠡᠪᠡᠯ ᠲᠠᠷᠤᠢ ᠬᠢᠵᠦ᠂ ᠬᠢᠪᠡᠯ ᠲᠠᠷᠦᠢ ᠰᠠᠶᠢᠨ ᠬᠢᠭᠦ ᠬᠡᠷᠡᠭᠳᠡᠢ᠃ ᠡᠶᠢᠮᠦ ᠠᠴᠠ | ᠪᠠᠭᠰᠢ ᠠᠯᠢ ᠴᠢᠳᠠᠬᠤ ᠪᠠᠷ ᠬᠤᠴᠤᠷᠤᠩᠭᠤᠢ ᠰᠤᠷᠤᠭᠴᠢ ᠶᠢ ᠢᠯᠡᠭᠦᠦ ᠬᠠᠯᠠᠮᠵᠢᠯᠠᠵᠦ᠂ ᠰᠤᠷᠬᠤ ᠠᠷᠭ᠎ᠠ ᠶᠢᠨ | ᠲᠠᠯ᠎ᠠ ᠪᠠᠷ ᠵᠢᠯᠤᠭᠤᠳᠤᠨ ᠵᠤᠷᠢᠬᠵᠢᠭᠤᠯᠵᠤ᠂ ᠲᠡᠳᠡᠨ ᠤ ᠰᠤᠷᠬᠤ ᠤᠷᠮᠠᠰᠢᠯ ᠢ ᠬᠦᠭᠵᠢᠭᠡᠵᠦ᠂ ᠦᠪᠡᠷ ᠢ ᠪᠠᠨ ᠢᠳᠡᠭᠡᠬᠦ | ᠰᠡᠳᠬᠢᠯ ᠢ ᠨᠢ ᠨᠡᠮᠡᠭᠳᠡᠭᠦᠯᠵᠦ᠂ ᠲᠡᠳᠡᠨ ᠳᠤ ᠲᠠᠪᠰᠢᠵᠦ ᠲᠡᠶᠢᠯᠬᠦ ᠪᠤᠯᠤᠯᠴᠠᠭ᠎ᠠ ᠲᠠᠢ ᠶᠢ ᠮᠡᠳᠡᠭᠦᠯᠬᠦ ᠬᠡᠷᠡᠭᠳᠡᠢ᠃ | ᠬᠤᠴᠤᠷᠤᠩᠭᠤᠢ ᠰᠤᠷᠤᠭᠴᠢ ᠶᠢ ᠬᠦᠮᠦᠵᠢᠭᠦᠯᠬᠦ ᠬᠡᠳᠦᠨ ᠵᠦᠢᠯ ᠤᠨ ᠠᠷᠭ᠎ᠠ ᠭᠡᠪᠡᠯ᠄ | 1. ᠬᠤᠴᠤᠷᠤᠩᠭᠤᠢ ᠰᠤᠷᠤᠭᠴᠢ ᠶᠢᠨ ᠪᠤᠢ ᠪᠤᠯᠤᠭᠰᠠᠨ ᠰᠢᠯᠳᠠᠭᠠᠨ ᠢ ᠵᠠᠳᠠᠯᠤᠨ ᠢᠯᠡᠷᠡᠭᠦᠯᠬᠦ ᠪᠤᠯ | ᠬᠤᠴᠤᠷᠤᠩᠭᠤᠢ ᠰᠤᠷᠤᠭᠴᠢ ᠶᠢ ᠬᠦᠮᠦᠵᠢᠭᠦᠯᠬᠦ ᠶᠢᠨ ᠤᠷᠢᠳᠠᠯ ᠪᠤᠯᠬᠤ ᠶᠤᠮ᠃ ᠶᠠᠭᠤᠨ ᠤ ᠡᠮᠦᠨ᠎ᠡ ᠲᠡᠳᠡᠨ ᠤ | ᠢᠳᠡᠭᠡᠯ ᠢ ᠤᠯᠬᠤ ᠬᠡᠷᠡᠭᠳᠡᠢ᠃ ᠡᠶᠢᠮᠦ ᠠᠴᠠ ᠲᠡᠳᠡᠨ ᠤ ᠡᠳᠦᠷ ᠲᠤᠳᠤᠮ ᠤᠨ ᠰᠤᠷᠤᠯᠭ᠎ᠠ ᠠᠮᠢᠳᠤᠷᠠᠯ ᠳᠤ | ᠭᠦᠨᠵᠡᠭᠡᠶᠢᠷᠡᠨ᠂ ᠲᠡᠳᠡᠨ ᠤ ᠰᠤᠷᠤᠯᠭ᠎ᠠ ᠳᠤ ᠪᠠᠨ ᠶᠠᠮᠠᠷ ᠤᠪᠤᠷ ᠠᠪᠴᠤ ᠪᠠᠶᠢᠬᠤ᠂ ᠨᠦᠭᠦᠳ ᠤᠨ ᠬᠤᠭᠤᠷᠤᠨᠳᠤᠬᠢ | ᠪᠦᠯᠬᠦᠮᠳᠡᠯ᠂ ᠪᠠᠭᠰᠢ ᠶᠢᠨ ᠬᠢᠴᠢᠶᠡᠯ ᠢ ᠢᠯᠭᠠᠬᠤ ᠡᠰᠡᠬᠦ᠂ ᠰᠠᠬᠢᠯᠭ᠎ᠠ ᠲᠦᠷᠢᠮ ᠢ ᠬᠡᠷᠭᠢᠨ ᠰᠠᠬᠢᠬᠤ᠂ ᠶᠠᠮᠠᠷ | ᠵᠦᠢᠯ ᠤᠨ ᠲᠤᠷ᠎ᠠ ᠪᠠᠬ᠎ᠠ ᠲᠠᠢ ᠪᠠᠶᠢᠬᠤ᠂ ᠭᠡᠷ ᠤᠨ ᠠᠮᠢᠳᠦᠷᠠᠯ ᠤᠨ ᠨᠦᠭᠦᠴᠡᠯ᠂ ᠭᠡᠷ ᠪᠦᠯᠢ ᠶᠢᠨ ᠤᠷᠴᠢᠨ | ᠲᠤᠭᠤᠷᠢᠨ ᠵᠡᠷᠭᠡ ᠶᠢ ᠡᠵᠡᠮᠰᠢᠵᠦ᠂ ᠲᠡᠳᠡᠨ ᠤ ᠲᠤᠬᠠᠢ ᠪᠦᠷᠢᠨ ᠤᠶᠢᠯᠠᠭᠠᠯᠳᠠ ᠲᠠᠢ ᠪᠠᠶᠢᠬᠤ ᠬᠡᠷᠡᠭᠳᠡᠢ᠃ | 2. ᠬᠢᠴᠢᠶᠡᠯ ᠲᠠᠶᠢᠯᠪᠦᠷᠢᠯᠠᠬᠤ ᠲᠠᠯ᠎ᠠ ᠪᠠᠷ ᠵᠢᠭᠠᠬᠤ ᠮᠠᠲ᠋ᠧᠷᠢᠶᠠᠯ ᠪᠠ ᠠᠷᠭ᠎ᠠ ᠪᠠᠨ ᠰᠤᠳᠤᠯᠤᠨ᠂ ᠰᠢᠨ᠎ᠡ | ᠰᠡᠪᠡᠭᠦᠨ ᠠᠷᠭ᠎ᠠ ᠪᠠ ᠰᠤᠷᠤᠭᠴᠢᠳ ᠤᠨ ᠰᠡᠳᠬᠢᠭᠦᠢ ᠳᠤ ᠲᠤᠬᠢᠷᠠᠭᠰᠠᠨ ᠵᠢᠭᠠᠨ ᠰᠣᠷᠭᠠᠯᠳᠠ ᠶᠢᠨ ᠶᠠᠪᠤᠴᠠ ᠪᠠᠷ | ᠬᠢᠴᠢᠶᠡᠯᠯᠡᠨ᠎ᠡ᠃ ᠬᠤᠴᠤᠷᠤᠩᠭᠤᠢ ᠰᠤᠷᠤᠭᠴᠢ ᠶᠢ ᠠᠯᠢ ᠲᠠᠯ᠎ᠠ ᠪᠠᠷ ᠵᠢᠯᠤᠭᠤᠳᠬᠤ᠂ ᠬᠢᠴᠢᠶᠡᠯᠯᠡᠬᠦ ᠶᠠᠪᠤᠴᠠ ᠳᠤ | ᠶᠠᠮᠠᠷ ᠢᠯᠡᠷᠡᠯ ᠭᠠᠷᠤᠭᠰᠠᠨ᠂ ᠪᠠᠳᠤᠳᠬᠠᠯ ᠪᠤᠯᠪᠠᠰᠤᠷᠠᠯ ᠪᠡᠶᠡᠯᠡᠭᠦᠯᠬᠦ ᠳᠤ ᠠᠯᠢ ᠲᠠᠯ᠎ᠠ ᠪᠠᠷ ᠲᠤᠳᠠᠮᠠᠭ ᠪᠠᠶᠢᠭ᠎ᠠ ᠶᠢ | ᠠᠩᠬᠠᠷᠴᠤ᠂ ᠲᠡᠳᠡᠨ ᠤ ᠰᠡᠳᠬᠢᠭᠦᠢ ᠶᠢᠨ ᠤᠨᠴᠠᠯᠢᠭ ᠲᠤ ᠲᠤᠬᠢᠷᠠᠭᠰᠠᠨ ᠬᠦᠮᠦᠵᠢᠭᠦᠯᠬᠦ ᠠᠷᠭ᠎ᠠ ᠶᠢ ᠰᠤᠳᠤᠯᠬᠤ | ᠬᠡᠷᠡᠭᠳᠡᠢ᠃ | 3. ᠬᠤᠴᠤᠷᠤᠩᠭᠤᠢ ᠰᠤᠷᠤᠭᠴᠢ ᠶᠢᠨ ᠲᠠᠪᠠᠭᠤᠯᠢᠭ ᠲᠠᠯ᠎ᠠ ᠶᠢ ᠠᠳᠬᠤᠨ ᠠᠪᠴᠤ᠂ ᠦᠪᠡᠷ ᠢ ᠪᠠᠨ | ᠬᠦᠨᠳᠦᠳᠬᠡᠬᠦ ᠢᠳᠡᠭᠡᠯ ᠵᠤᠷᠢᠭ ᠢ ᠨᠢ ᠬᠦᠪᠴᠢᠯᠡᠬᠦ ᠬᠡᠷᠡᠭᠳᠡᠢ᠃ ᠤᠳᠤᠬᠠᠨ ᠤ ᠰᠤᠷᠤᠭᠴᠢᠳ ᠢ ᠪᠦᠬᠦ ᠲᠠᠯ᠎ᠠ ᠪᠠᠷ | ᠬᠦᠮᠦᠵᠢᠭᠦᠯᠬᠦ ᠵᠤᠷᠢᠯᠳᠠ ᠶᠢ ᠪᠠᠷᠢᠮᠳᠠᠯᠠᠨ᠂ ᠬᠡᠪ ᠴᠢᠨᠠᠷ ᠤᠨ ᠬᠦᠮᠦᠵᠢᠯ ᠢ ᠴᠢᠬᠤᠯᠠᠴᠢᠯᠠᠵᠦ ᠪᠠᠶᠢᠭ᠎ᠠ ᠪᠠᠶᠢᠳᠠᠯ ᠳᠤ | ᠴᠢᠭᠯᠡᠭᠦᠯᠵᠦ᠂ ᠰᠤᠷᠤᠯᠭ᠎ᠠ ᠳᠤ ᠪᠠᠨ ᠮᠠᠭᠤ ᠭᠡᠳ ᠲᠡᠳᠡᠨ ᠳᠤ ᠦᠷᠭᠦᠯᠵᠢ ᠬᠦᠢᠳᠡᠨ ᠴᠢᠷᠠᠢ ᠦᠵᠡᠭᠦᠯᠵᠦ᠂ ᠪᠤᠰᠤᠳ | ᠲᠠᠪᠰᠢᠩᠭᠤᠢ ᠲᠠᠯ᠎ᠠ ᠪᠠᠷ ᠠᠪᠢᠶᠠᠰ ᠪᠢᠯᠢᠭ ᠢ ᠨᠢ ᠬᠦᠭᠵᠢᠭᠦᠯᠬᠦ ᠶᠢ ᠤᠮᠳᠤᠭᠠᠶᠢᠯᠠᠬᠤ ᠶᠢ ᠡᠷᠡᠰ ᠴᠡᠭᠡᠷᠯᠡᠬᠦ | ᠬᠡᠷᠡᠭᠳᠡᠢ᠃ ᠮᠢᠨᠦ ᠦᠵᠡᠬᠦ ᠪᠠᠷ ᠶᠠᠮᠠᠷ ᠨᠢᠭᠡ ᠬᠤᠴᠤᠷᠤᠩᠭᠤᠢ ᠰᠤᠷᠤᠭᠴᠢ ᠪᠦᠷᠢ ᠳᠤ ᠴᠦᠮ ᠲᠠᠪᠠᠭᠤᠯᠢᠭ ᠲᠠᠯ᠎ᠠ | ᠪᠠᠶᠢᠳᠠᠭ᠃ ᠡ᠊ᠨᠡ ᠭᠦ ᠲᠠᠪᠠᠭᠤᠯᠢᠭ ᠲᠠᠯ᠎ᠠ ᠨᠢ ᠲᠡᠭᠦᠨ ᠤ ᠬᠤᠴᠤᠷᠤᠩᠭᠤᠢ ᠲᠠᠯ᠎ᠠ ᠶᠢ ᠨᠦᠬᠦᠪᠦᠷᠢᠯᠡᠨ ᠬᠤᠴᠤᠷᠤᠩᠭᠤᠢ | ᠲᠠᠯ᠎ᠠ ᠶᠢ ᠬᠢᠯᠪᠠᠷᠬᠠᠨ ᠬᠤᠪᠢᠷᠠᠭᠤᠯᠵᠤ ᠴᠢᠳᠠᠨ᠎ᠠ᠃ | 4. ᠪᠠᠭᠰᠢ ᠠᠴᠠ ᠰᠤᠷᠤᠯᠭ᠎ᠠ ᠰᠠᠶᠢᠨ ᠰᠤᠷᠤᠭᠴᠢᠳ ᠢᠶᠠᠨ ᠲᠠᠭᠠᠭᠤᠯᠤᠨ ᠬᠠᠷᠢᠯᠴᠠᠨ ᠬᠠᠪᠰᠤᠷᠤᠯᠴᠠᠬᠤ | ᠠᠵᠢᠯ ᠢ ᠬᠢᠯᠭᠡᠨ᠎ᠡ᠃ | 5. ᠬᠠᠯᠠᠭᠤᠨ ᠬᠠᠶᠢᠷ᠎ᠠ ᠪᠠᠷ ᠬᠦᠯᠢᠴᠡᠩᠭᠦᠢ ᠬᠦᠮᠦᠵᠢᠭᠦᠯᠬᠦ ᠬᠡᠷᠡᠭᠳᠡᠢ᠃ ᠬᠤᠴᠤᠷᠤᠩᠭᠤᠢ ᠰᠤᠷᠤᠭᠴᠢ ᠶᠢᠨ | ᠬᠤᠴᠤᠷᠤᠩᠭᠤᠢ ᠲᠠᠯ᠎ᠠ ᠶᠢ ᠤᠯᠵᠤ ᠮᠡᠳᠡᠪᠡᠯ ᠲᠠᠭᠦᠨ ᠲᠠᠢ ᠢᠯᠡᠭᠦᠬᠡᠨ ᠤᠶᠢᠷᠠᠳᠴᠤ᠂ ᠤᠯᠠᠨ ᠲᠠᠯ᠎ᠠ ᠶᠢᠨ ᠠᠷᠭ᠎ᠠ | ᠪᠠᠷᠢᠯ ᠢ ᠠᠪᠴᠤ ᠬᠦᠯᠢᠴᠡᠩᠭᠦᠢ ᠪᠠᠷ ᠬᠦᠮᠦᠵᠢᠭᠦᠯᠬᠦ ᠬᠡᠷᠡᠭᠳᠡᠢ᠃ ᠲᠡᠭᠦᠨ ᠢ ᠦᠨᠡᠨ ᠰᠡᠳᠬᠢᠯ ᠠᠴᠠ ᠪᠠᠨ ᠬᠠᠶᠢᠷᠠᠯᠠᠬᠤ | ᠵᠤᠭᠰᠤᠯᠳᠠ ᠠᠴᠠ ᠢᠷᠡᠵᠦ ᠤᠳᠠᠭᠠᠨ ᠲᠠᠭᠠᠭᠠᠮᠠᠭᠠᠢ᠂ ᠬᠦᠯᠢᠴᠡᠩᠭᠦᠢ ᠪᠠᠷ ᠰᠤᠷᠭᠠᠨ ᠬᠦᠮᠦᠵᠢᠭᠦᠯᠵᠦ᠂ ᠲᠡᠳᠡᠨ ᠲᠠᠢ | ᠴᠠᠭ ᠢᠮᠠᠭᠳᠠ ᠰᠡᠳᠬᠢᠯ ᠢᠶᠠᠨ ᠰᠤᠯᠢᠯᠴᠡᠨ᠂ ᠠᠮᠢᠳᠤᠷᠠᠯ ᠰᠤᠷᠤᠯᠭ᠎ᠠ ᠶᠢᠨ ᠲᠠᠯ᠎ᠠ ᠪᠠᠷ ᠢᠯᠡᠭᠦᠬᠡᠨ ᠬᠠᠯᠠᠮᠵᠢᠯᠠᠵᠤ᠂ | ᠲᠡᠳᠡᠨ ᠳᠤ ᠢᠳᠡᠭᠡᠯ ᠲᠦᠭᠦᠷᠡᠩ ᠪᠠᠶᠢᠵᠦ᠂ ᠦᠪᠡᠷ ᠢ ᠪᠠᠨ ᠬᠦᠨᠳᠦᠳᠬᠡᠬᠦ᠂ ᠦᠪᠡᠷ ᠢ ᠪᠠᠨ ᠢᠯᠠᠬᠤ ᠢᠳᠡᠭᠡᠯ | ᠵᠤᠷᠢᠭ ᠲᠠᠢ ᠪᠤᠯᠭᠠᠬᠤ ᠬᠡᠷᠡᠭᠳᠡᠢ᠃ | ᠬᠤᠴᠤᠷᠤᠩᠭᠤᠢ ᠰᠤᠷᠤᠭᠴᠢ ᠶᠢ ᠵᠦᠪ ᠬᠦᠮᠦᠵᠢᠭᠦᠯᠬᠦ ᠪᠤᠯ ᠪᠠᠭᠰᠢ ᠪᠤᠯᠤᠭᠰᠠᠳ ᠤᠨ ᠵᠠᠶᠢᠯᠠᠭᠤᠯᠵᠤ ᠪᠤᠯᠤᠰᠢ | ᠦᠭᠡᠢ ᠬᠠᠷᠢᠭᠤᠴᠠᠯᠭ᠎ᠠ ᠪᠤᠯᠬᠤ ᠪᠦᠭᠡᠳ ᠲᠤᠬᠠᠶᠢᠯᠠᠭᠰᠠᠨ ᠠᠵᠢᠯ ᠳᠤ ᠪᠠᠨ ᠦᠨᠳᠦᠷ ᠠᠮᠵᠢᠯᠳᠠ ᠤᠯᠬᠤ ᠳᠤ ᠡ᠊ᠨᠡ | ᠭᠦ ᠠᠵᠢᠯ ᠢ ᠬᠠᠶᠢᠨ ᠳᠤ ᠨᠢ ᠬᠠᠶᠠᠵᠤ ᠪᠤᠯᠬᠤ ᠦᠭᠡᠢ ᠶᠤᠮ᠃ ᠰᠤᠷᠤᠭᠴᠢ ᠨᠢᠭᠡ ᠪᠦᠷᠢ ᠶᠢ ᠬᠠᠶᠢᠷᠠᠯᠠᠬᠤ ᠪᠤᠯ | ᠠᠷᠠᠳ ᠤᠨ ᠪᠠᠭᠰᠢ ᠶᠢᠨ ᠡᠷᠬᠢᠮ ᠲᠡᠭᠡᠳᠦ ᠰᠤᠷᠳᠠᠯ ᠮᠦᠨ ᠪᠦᠭᠡᠳ ᠬᠢᠷᠢ ᠲᠡᠩᠴᠡᠭᠰᠡᠨ ᠪᠠᠭᠰᠢ ᠶᠢ ᠬᠡᠮᠵᠢᠬᠦ | ᠬᠡᠮᠵᠢᠭᠦᠷ ᠮᠦᠨ᠃ | ᠵᠦᠪ ᠤᠶᠢᠯᠠᠭᠠᠨ ᠵᠣᠬᠢᠰᠳᠠᠢ ᠵᠤᠷᠢᠬᠵᠢᠭᠤᠯᠬᠤ ᠪᠤᠯ ᠰᠤᠷᠤᠭᠴᠢᠳ ᠤᠨ ᠢᠳᠡᠪᠬᠢ ᠴᠢᠨᠠᠷ᠂ ᠪᠦᠳᠦᠭᠡᠯᠴᠢ | ᠴᠢᠨᠠᠷ ᠪᠠ ᠰᠠᠨᠠᠭᠠᠴᠢᠯᠠᠭᠠᠳᠤ ᠴᠢᠨᠠᠷ ᠵᠢᠴᠢ ᠲᠡᠳᠠᠨ ᠤ ᠲᠤᠳᠤᠭᠠᠳᠤ ᠠᠪᠢᠶᠠᠰ ᠴᠢᠳᠠᠪᠤᠷᠢ᠂ ᠲᠠᠯᠳᠠ ᠬᠦᠴᠦᠨ | ᠵᠦᠢᠯ ᠢ ᠭᠦᠢᠴᠡᠳ ᠲᠠᠶᠢᠴᠢᠯᠠᠬᠤ ᠳᠤ ᠲᠤᠳᠠᠭᠳᠠᠵᠤ ᠪᠤᠯᠤᠰᠢ ᠦᠭᠡᠢ ᠠᠷᠭ᠎ᠠ ᠠᠪᠴᠠᠯ ᠪᠤᠯᠤᠨ᠎ᠠ᠃ ᠲᠡᠷᠡ ᠨᠢ | ᠰᠤᠷᠤᠭᠴᠢᠳ ᠤᠨ ᠲᠠᠪᠰᠢᠬᠤ ᠰᠡᠳᠬᠢᠯᠭᠡ᠂ ᠬᠠᠮᠳᠤᠴᠢ ᠦᠵᠡᠯ ᠤᠨ ᠰᠡᠳᠬᠢᠯᠭᠡ ᠶᠢ ᠵᠤᠷᠢᠬᠵᠢᠭᠤᠯᠳᠠᠭ ᠪᠦᠭᠡᠳ | ᠪᠠᠭᠰᠢ ᠶᠢᠨ ᠦᠨᠡᠯᠡᠯᠳᠡ ᠨᠢ ᠨᠢᠭᠡ ᠰᠤᠷᠤᠭᠴᠢ ᠳᠤ ᠠᠪᠴᠤ ᠬᠡᠯᠡᠪᠡᠯ᠂ ᠲᠡᠳᠡᠨ ᠤ ᠦᠩᠭᠡᠷᠡᠭᠰᠡᠨ ᠢ ᠨᠢ ᠲᠠᠨᠢᠭᠤᠯᠵᠤ᠂ | ᠦᠨᠦᠳᠦᠷ ᠢ ᠨᠢ ᠤᠶᠢᠯᠠᠭᠠᠭᠤᠯᠵᠤ᠂ ᠢᠷᠡᠭᠡᠳᠦᠢ ᠶᠢ ᠨᠢ ᠪᠠᠷᠠᠯᠠᠭᠤᠯᠵᠤ᠂ ᠢᠳᠡᠭᠡᠯ ᠵᠤᠷᠢᠭ ᠢ ᠨᠢ ᠤᠷᠬᠢᠯᠤᠭᠤᠯᠬᠤ | ᠶᠠᠪᠤᠳᠠᠯ ᠮᠦᠨ᠃ ᠬᠠᠷᠢᠨ ᠬᠠᠯᠳᠤ ᠭᠡᠭᠰᠡᠭᠡᠷ ᠲᠡᠳᠡᠨᠦᠰ ᠤᠨ ᠨᠢᠭᠤᠷ ᠢ ᠨᠢ ᠪᠠᠷᠠᠵᠤ᠂ ᠭᠤᠳᠤᠭᠠᠨ ᠲᠤᠷᠤᠮᠵᠢᠯᠠᠵᠦ | ᠪᠤᠯᠬᠤ ᠦᠭᠡᠢ᠃ ᠢᠩᠬᠢᠬᠦ ᠨᠢ ᠰᠤᠷᠤᠭᠴᠢ ᠶᠢᠨ ᠠᠪᠢᠶᠠᠰ ᠪᠢᠯᠢᠭ ᠢ ᠲᠠᠷᠤᠭᠳᠠᠭᠤᠯᠵᠤ᠂ ᠦᠪᠡᠷᠮᠢᠴᠡ ᠴᠢᠨᠠᠷ ᠢ | ᠪᠤᠰᠠᠨᠢᠭᠤᠯᠤᠨ᠂ ᠬᠦᠰᠡᠯᠡᠩ ᠢ ᠨᠢ ᠰᠦᠢᠷᠡᠭᠦᠯᠳᠡᠭ ᠶᠤᠮ᠃ ᠰᠤᠷᠤᠭᠴᠢ ᠶᠢ ᠦᠨᠡᠯᠡᠬᠦ ᠳᠤ ᠪᠠᠨ ᠲᠤᠤᠷᠠᠬᠢ ᠬᠡᠳᠦᠨ | ᠲᠠᠯ᠎ᠠ ᠶᠢ ᠠᠩᠬᠠᠷᠪᠠᠯ ᠵᠤᠬᠢᠨ᠎ᠠ᠃ | 1. ᠰᠤᠷᠤᠭᠴᠢᠳ ᠤᠨ ᠪᠡᠶ᠎ᠡ ᠪᠠᠨ ᠬᠦᠨᠳᠦᠳᠬᠡᠬᠦ ᠰᠡᠳᠬᠢᠯᠭᠡ ᠶᠢ ᠬᠠᠮᠤᠭ ᠤᠨ ᠲᠡᠭᠡᠳᠦ ᠬᠡᠮᠵᠢᠶ᠎ᠡ ᠪᠠᠷ | ᠬᠠᠮᠠᠭᠠᠯᠠᠬᠤ ᠬᠡᠷᠡᠭᠳᠡᠢ᠃ | 2. ᠰᠤᠷᠤᠭᠴᠢᠳ ᠢ ᠦᠨᠡᠯᠡᠯᠳᠡ ᠳᠤ ᠵᠦᠪ ᠤᠪᠤᠷ ᠲᠠᠢ ᠪᠤᠯᠭᠠᠬᠤ ᠬᠡᠷᠡᠭᠳᠡᠢ᠃ | 3. ᠦᠨᠡᠯᠡᠯᠳᠡ ᠶᠢ ᠵᠠᠪᠠᠯ ᠴᠠᠭ ᠲᠤᠬᠠᠢ ᠳᠤ ᠨᠢ ᠭᠤᠤᠯᠴᠢ ᠪᠠᠷ ᠬᠢᠬᠦ ᠬᠡᠷᠡᠭᠳᠡᠢ᠃ | 4. ᠰᠤᠷᠤᠭᠴᠢ ᠶᠢ ᠦᠨᠡᠯᠡᠨ ᠵᠤᠷᠢᠬᠵᠢᠭᠤᠯᠬᠤ ᠳᠤ ᠪᠠᠨ ᠬᠡᠳᠦᠷᠬᠡᠢ ᠮᠠᠭᠳᠠᠬᠤ ᠪᠤᠶᠤ ᠬᠡᠳᠦᠷᠬᠡᠢ | ᠪᠤᠷᠤᠭᠤᠰᠢᠶᠠᠬᠤ ᠦᠭᠡᠢ ᠪᠠᠶᠢᠪᠠᠯ ᠵᠤᠬᠢᠨ᠎ᠠ᠃ | ᠭᠤᠷᠪᠠ᠂ ᠰᠤᠷᠤᠭᠴᠢᠳ ᠤᠨ ᠰᠠᠶᠢᠨ ᠰᠠᠶᠢᠬᠠᠨ ᠵᠠᠩ ᠮᠤᠷᠠᠯ᠂ ᠬᠡᠪ ᠴᠢᠨᠠᠷ ᠢ ᠬᠦᠮᠦᠵᠢᠭᠦᠯᠵᠤ ᠬᠠᠮᠳᠤ ᠪᠠᠷ | ᠤᠷᠤᠭᠰᠢᠯᠠᠬᠤ ᠨᠡᠶᠢᠳᠠᠴᠢ ᠦᠵᠡᠯ ᠢ ᠪᠤᠢ ᠪᠤᠯᠭᠠᠬᠤ ᠬᠡᠷᠡᠭᠳᠡᠢ᠃ ᠪᠠᠭ᠎ᠠ ᠰᠤᠷᠭᠠᠭᠤᠯᠢ ᠶᠢᠨ ᠰᠤᠷᠤᠭᠴᠢ ᠴᠦᠮ ᠨᠠᠰᠤ | ᠪᠠᠭ᠎ᠠ ᠰᠡᠳᠬᠢᠯ ᠴᠠᠭᠠᠪᠤᠷ᠂ ᠰᠡᠳᠬᠢᠴᠡ ᠶᠢᠨ ᠲᠠᠯ᠎ᠠ ᠪᠠᠷ ᠨᠢᠯᠬᠠᠰᠠᠭ ᠪᠠᠶᠢᠵᠦ᠂ ᠰᠠᠶᠢᠨ ᠮᠠᠭᠤ ᠶᠢ ᠢᠯᠭᠠᠨ ᠲᠠᠨᠢᠬᠤ | ᠴᠢᠳᠠᠪᠤᠷᠢ ᠲᠤᠷᠤᠢ ᠪᠠᠶᠢᠳᠠᠭ᠃ ᠡᠶᠢᠮᠦ ᠪᠠᠶᠢᠳᠠᠯ ᠳᠤ ᠴᠢᠭᠯᠡᠭᠦᠯᠦᠨ ᠲᠤᠤᠷᠠᠬᠢ ᠬᠡᠳᠦᠨ ᠲᠠᠯ᠎ᠠ ᠶᠢ ᠠᠳᠬᠤᠬᠤ | ᠬᠡᠷᠡᠭᠳᠡᠢ᠃ | 1. ᠰᠤᠷᠤᠭᠴᠢᠳ ᠤᠨ ᠵᠦᠪ ᠪᠤᠷᠤᠭᠤ ᠰᠠᠶᠢᠨ ᠮᠠᠭᠤ ᠶᠢ ᠢᠯᠭᠠᠬᠤ ᠴᠢᠳᠠᠪᠤᠷᠢ ᠶᠢ ᠬᠦᠮᠦᠵᠢᠭᠦᠯᠬᠦ᠃ | 2. ᠰᠤᠷᠤᠭᠴᠢᠳ ᠲᠤ ᠡᠳᠦᠷ ᠲᠤᠳᠤᠮ ᠤᠨ ᠵᠢᠵᠢᠭ ᠰᠠᠵᠢᠭ ᠶᠠᠪᠤᠳᠠᠯ ᠠᠴᠠ ᠭᠠᠷᠳᠠᠵᠤ ᠦᠷᠭᠦᠯᠵᠢ ᠶᠢᠨ | ᠴᠢᠨᠠᠷᠳᠠᠢ ᠵᠠᠩ ᠮᠤᠷᠠᠯ ᠤᠨ ᠬᠦᠮᠦᠵᠢᠯ ᠬᠢᠬᠦ᠃ | 3. ᠬᠡᠤᠬᠡᠳ ᠤᠨ ᠤᠨᠴᠠᠯᠢᠭ ᠲᠤ ᠲᠤᠬᠢᠷᠠᠭᠰᠠᠨ ᠡᠷᠡᠭᠦᠯ ᠴᠢᠬᠢᠷᠠᠭ ᠤᠳᠬ᠎ᠠ ᠠᠭᠤᠯᠭ᠎ᠠ ᠲᠠᠢ ᠬᠢᠴᠢᠶᠡᠯ ᠤᠨ | ᠭᠠᠳᠠᠨᠠᠭᠢ ᠬᠦᠳᠡᠯᠭᠡᠭᠡᠨ ᠢ ᠦᠷᠭᠦᠯᠵᠢ ᠦᠷᠨᠢᠭᠦᠯᠵᠦ᠂ ᠲᠡᠳᠡᠨ ᠤ ᠰᠤᠷᠤᠯᠴᠠᠬᠤ ᠤᠷᠮᠠᠰ ᠢ ᠬᠦᠭᠵᠢᠭᠡᠨ᠂ ᠠᠪᠢᠶᠠᠰ | ᠴᠢᠳᠠᠪᠤᠷᠢ ᠶᠢ ᠨᠢ ᠨᠡᠭᠡᠭᠡᠭᠳᠡᠭᠦᠯᠬᠦ᠃ | 4. ᠦᠷᠭᠦᠯᠵᠢ ᠰᠤᠷᠤᠭᠴᠢ ᠶᠢᠨ ᠲᠤᠮᠳᠠ ᠭᠦᠨᠵᠡᠭᠡᠶᠢᠷᠡᠨ᠂ ᠪᠠᠶᠢᠩᠭᠤ ᠶᠢᠨ ᠡᠮᠬᠢ ᠲᠢᠭᠯᠢᠮ ᠠᠴᠠ ᠭᠠᠷᠳᠠᠨ᠂ | ᠬᠦᠮᠦᠨ ᠪᠤᠯᠬᠤ ᠶᠤᠰᠤ ᠤᠴᠢᠷ ᠢ ᠨᠠᠷᠢᠨ ᠨᠢᠭᠳᠠ ᠲᠠᠶᠢᠯᠪᠤᠷᠢᠯᠠᠵᠤ᠂ ᠲᠡᠳᠡᠨ ᠤ ᠢᠳᠡᠪᠬᠢ ᠬᠦᠴᠦᠨ ᠵᠦᠢᠯ ᠢᠶᠠᠷ | ᠨᠠᠵᠠᠭᠠᠢ ᠲᠠᠯ᠎ᠠ ᠶᠢ ᠢᠯᠠᠨ ᠲᠠᠪᠠᠭᠤᠯᠤᠨ᠎ᠠ᠃ | ᠰᠤᠷᠤᠭᠴᠢ ᠪᠠᠨ ᠤᠶᠢᠯᠠᠭᠠᠵᠤ ᠲᠡᠳᠡᠨ ᠤ ᠰᠡᠳᠬᠢᠯ ᠤᠨ ᠨᠠᠶᠢᠵᠠ ᠨᠢ ᠪᠤᠯᠤᠭᠰᠠᠨ ᠪᠠᠶᠢᠬᠤ ᠬᠡᠷᠡᠭᠳᠡᠢ᠃ ᠪᠠᠭᠰᠢ | ᠪᠤᠯᠤᠭᠰᠠᠳ ᠤᠨ ᠲᠠᠷᠬᠠᠨ ᠡᠭᠦᠷᠭᠡ ᠪᠤᠯ ︽ᠪᠢᠴᠢᠭ ᠵᠢᠭᠠᠵᠤ ᠬᠦᠮᠦᠨ ᠢ ᠬᠦᠮᠦᠵᠢᠭᠦᠯᠬᠦ︾ ᠶᠠᠪᠤᠳᠠᠯ ᠪᠤᠯᠤᠨ᠎ᠠ᠃ ᠡᠷᠳᠡᠮ | ᠵᠢᠭᠠᠬᠤ ᠳᠤ ᠦᠪᠡᠷ ᠢᠶᠠᠨ ᠮᠡᠳᠡᠭᠰᠡᠨ ᠪᠠᠶᠢᠬᠤ ᠬᠡᠷᠡᠭᠳᠡᠢ᠃ ᠬᠦᠮᠦᠨ ᠢ ᠬᠦᠮᠦᠵᠢᠭᠦᠯᠬᠦ ᠳᠤ ᠬᠦᠮᠦᠵᠢᠭᠦᠯᠬᠦ | ᠡᠳᠡᠭᠡᠳ ᠢᠶᠠᠨ ᠤᠶᠢᠯᠠᠭᠠᠬᠤ ᠬᠡᠷᠡᠭᠳᠡᠢ᠃ ᠲᠡᠶᠢᠮᠦ ᠪᠢᠰᠢ ᠪᠤᠯ ᠬᠠᠷᠠᠯᠳᠠ ᠲᠠᠢ ᠪᠠᠷ ᠰᠤᠮᠤ ᠬᠠᠷᠪᠤᠵᠤ | ᠵᠤᠷᠢᠭᠰᠠᠨ ᠳᠤ ᠪᠠᠨ ᠬᠦᠷᠴᠦ ᠴᠢᠳᠠᠬᠤ ᠦᠭᠡᠢ ᠶᠤᠮ᠃ ᠰᠤᠷᠤᠭᠴᠢ ᠶᠢ ᠤᠶᠢᠯᠠᠭᠠᠬᠤ ᠬᠡᠷᠡᠭᠳᠡᠢ᠃ ᠲᠡᠭᠦᠨ ᠤ ᠵᠠᠩ | ᠠᠭᠠᠯᠢ᠂ ᠠᠵᠤ ᠠᠮᠢᠳᠤᠷᠠᠯ᠂ ᠰᠡᠳᠬᠢᠴᠡ ᠶᠢᠨ ᠤᠨᠴᠠᠯᠢᠭ᠂ ᠲᠠᠪᠠᠭᠤᠯᠢᠭ ᠲᠠᠯ᠎ᠠ᠂ ᠲᠤᠳᠠᠭᠳᠠᠯ ᠲᠠᠢ ᠲᠠᠯ᠎ᠠ | ᠵᠡᠷᠭᠡ ᠶᠢ ᠦᠪᠡᠷ ᠤᠨ ᠠᠯᠠᠭᠠᠨ ᠵᠢᠷᠤᠭᠠᠰᠤ ᠪᠠᠨ ᠰᠢᠬ ᠤᠶᠢᠯᠠᠭᠠᠵᠤ ᠲᠡᠳᠡᠨ ᠲᠠᠢ ᠢᠯᠡᠭᠦᠴᠡ ᠬᠠᠷᠢᠯᠴᠠᠵᠤ᠂ | ᠢᠯᠡᠭᠦᠬᠡᠨ ᠤᠶᠢᠷᠠᠳᠴᠤ᠂ ᠡᠯ᠎ᠡ ᠲᠠᠯ᠎ᠠ ᠪᠠᠷ ᠬᠠᠪᠰᠤᠷᠤᠨ ᠬᠠᠯᠠᠮᠵᠢᠯᠠᠵᠤ ᠰᠤᠷᠤᠭᠴᠢ ᠶᠢᠨ ᠢᠶᠠᠨ ᠰᠡᠳᠬᠢᠯ ᠤᠨ | ᠲᠦᠰᠢᠭ᠂ ᠰᠡᠳᠬᠢᠯ ᠤᠨ ᠬᠠᠨᠢ ᠪᠤᠯᠬᠤ ᠬᠡᠷᠡᠭᠳᠡᠢ᠃ ᠶᠠᠮᠠᠷ ᠨᠢᠭᠡᠨ ᠤᠴᠢᠷ ᠶᠠᠪᠤᠳᠠᠯ᠂ ᠵᠢᠵᠢᠭ ᠰᠠᠵᠢᠭ ᠤᠴᠢᠷ | ᠲᠡᠭᠡᠷ᠎ᠠ ᠴᠦ ᠭᠡᠰᠡᠨ ᠰᠤᠷᠤᠭᠴᠢ ᠶᠢᠨ ᠢᠶᠠᠨ ᠪᠠᠭ᠋ᠠᠳᠤᠯ ᠪᠢᠰᠢᠷᠠᠯ ᠢ ᠤᠯᠬᠤ ᠬᠡᠷᠡᠭᠳᠡᠢ᠃ | ᠠᠩᠬᠢ ᠶᠢᠨ ᠡᠷᠬᠢᠯᠡᠭᠴᠢ ᠡᠷᠬᠡᠪᠰᠢ ᠠᠩᠬᠢ ᠶᠢᠨ ᠰᠤᠷᠤᠭᠴᠢ ᠪᠠᠨ ᠬᠠᠮᠳᠤ ᠪᠠᠷ ᠲᠡᠮᠡᠴᠡᠬᠦ ᠬᠠᠷᠠᠯᠳᠠ ᠲᠠᠢ | ᠪᠤᠯᠭᠠᠨ ᠬᠦᠮᠦᠵᠢᠭᠦᠯᠵᠦ᠂ ᠨᠦᠬᠦᠷᠰᠡᠭ ᠪᠦᠯᠬᠦᠮᠳᠠᠯ ᠲᠠᠢ ᠴᠢᠷᠮᠠᠶᠢᠨ ᠰᠤᠷᠤᠯᠴᠠᠬᠤ ᠪᠠ ᠴᠤᠭ ᠪᠠᠳᠠᠷᠠᠩᠭᠤᠢ ᠠᠩᠬᠢ | ᠨᠡᠶᠢᠳᠡ ᠪᠤᠯᠭᠠᠨ ᠵᠤᠬᠢᠶᠠᠨ ᠪᠠᠶᠢᠭᠤᠯᠬᠤ ᠬᠡᠷᠡᠭᠳᠡᠢ᠃ ᠬᠡᠷᠪᠡ ᠨᠢᠭᠡᠨ ᠰᠠᠬᠢᠯᠭ᠎ᠠ ᠪᠠᠳᠤ ᠲᠠᠢ ᠬᠠᠮᠳᠤ ᠶᠢᠨ ᠡᠷᠢᠯ | ᠬᠦᠰᠡᠯ ᠲᠠᠢ ᠠᠩᠬᠢ ᠨᠢᠭᠡᠴᠢ ᠶᠢ ᠬᠦᠮᠦᠵᠢᠭᠦᠯᠦᠶ᠎ᠡ ᠭᠡᠪᠡᠯ ᠡᠷᠬᠡᠪᠰᠢ ᠲᠤᠤᠷᠠᠬᠢ ᠬᠡᠳᠦᠨ ᠲᠠᠯ᠎ᠠ ᠶᠢ ᠠᠩᠬᠠᠷᠬᠤ | ᠬᠡᠷᠡᠭᠳᠡᠢ᠃ | ① ᠠᠩᠬᠢ ᠶᠢᠨ ᠺᠠᠳ᠋ᠷ ᠢ ᠰᠠᠶᠢᠳᠤᠷ ᠰᠤᠩᠭᠤᠨ ᠬᠦᠮᠦᠵᠢᠭᠦᠯᠵᠦ᠂ ᠭᠤᠤᠯᠳᠠᠯᠭ᠎ᠠ ᠶᠢ ᠠᠳᠬᠤᠨ᠎ᠠ᠃ | ② ᠪᠦᠬᠦ ᠠᠩᠬᠢ ᠶᠢᠨ ᠰᠤᠷᠤᠭᠴᠢ ᠳᠤ ᠪᠠᠨ ᠲᠡᠮᠡᠴᠡᠬᠦ ᠰᠢᠨ᠎ᠡ ᠬᠠᠷᠠᠯᠳᠠ ᠶᠢ ᠲᠤᠭᠳᠠᠭᠠᠨ ᠦᠭᠴᠦ᠂ | ᠠᠵᠢᠯᠯᠠᠵᠦ ᠰᠤᠷᠤᠯᠴᠠᠬᠤ ᠵᠤᠷᠢᠯᠭ᠎ᠠ ᠶᠢ ᠲᠤᠳᠤᠷᠬᠠᠢ ᠪᠤᠯᠭᠠᠨ᠎ᠠ᠃ | ③ ᠦᠷᠭᠦᠯᠵᠢ ᠶᠢᠨ ᠴᠢᠨᠠᠷᠳᠠᠢ ᠠᠩᠬᠢ ᠶᠢᠨ ᠬᠤᠷᠠᠯ ᠬᠢᠵᠦ᠂ ᠠᠩᠬᠢ ᠨᠢᠭᠡᠴᠢ ᠳᠤ ᠤᠷᠤᠰᠢᠵᠤ ᠪᠠᠶᠢᠬᠤ | ᠠᠰᠠᠭᠤᠳᠠᠯ ᠢ ᠰᠢᠢᠳᠪᠦᠷᠢᠯᠡᠬᠦ ᠪᠠ ᠲᠤᠰᠬᠠᠢ ᠰᠡᠳᠦᠪᠳᠦ ᠠᠩᠬᠢ ᠶᠢᠨ ᠬᠤᠷᠠᠯ ᠢᠶᠠᠷ ᠲᠠᠮᠵᠢᠵᠦ᠂ ᠰᠤᠷᠤᠭᠴᠢᠳ ᠲᠤ | ᠦᠪᠡᠷ ᠢ ᠪᠠᠨ ᠬᠦᠮᠦᠵᠢᠭᠦᠯᠬᠦ᠂ ᠦᠪᠡᠷ ᠢ ᠪᠠᠨ ᠪᠤᠯᠪᠠᠰᠤᠷᠠᠭᠤᠯᠬᠤ ᠲᠤᠬᠢᠶᠠᠯ ᠢ ᠤᠯᠭᠤᠨ᠎ᠠ᠃ ᠡᠳᠡᠭᠡᠷ ᠠᠵᠢᠯ ᠢ | ᠭᠦᠢᠴᠡᠳᠭᠡᠪᠡᠯ᠂ ᠠᠩᠬᠢ ᠶᠢᠨ ᠡᠷᠬᠢᠯᠡᠭᠴᠢ ᠶᠢᠨ ᠠᠵᠢᠯ ᠦᠨᠳᠦᠰᠤᠨ ᠳᠤ ᠪᠠᠨ ᠢᠯᠭᠤᠮ ᠤᠷᠤᠭᠰᠢᠳᠠᠢ ᠪᠤᠯᠬᠤ ᠶᠤᠮ᠃ | ᠲᠦᠷᠪᠡ᠂ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠪᠡᠶ᠎ᠡ ᠪᠠᠨ ᠬᠦᠨᠳᠦᠳᠬᠡᠭᠦ ᠰᠡᠳᠬᠢᠯᠭᠡ ᠶᠢ | ᠬᠦᠮᠦᠵᠢᠭᠦᠯᠬᠦ ᠬᠡᠷᠡᠭᠳᠡᠢ᠃ | ᠰᠢᠯᠢᠳᠡᠭ ᠰᠠᠶᠢᠬᠠᠨ ᠵᠠᠩ ᠴᠢᠨᠠᠷ ᠢ ᠪᠦᠷᠢᠯᠳᠦᠭᠦᠯᠬᠦ ᠳᠤ ᠪᠡᠶ᠎ᠡ ᠪᠠᠨ ᠬᠦᠨᠳᠦᠳᠬᠡᠬᠦ ᠰᠡᠳᠬᠢᠯᠭᠡ ᠨᠢ ᠴᠢᠬᠤᠯᠠ | ᠤᠶᠢᠯᠡᠳᠦᠯ ᠦᠵᠡᠭᠦᠯᠵᠦ ᠪᠠᠶᠢᠳᠠᠭ᠃ ᠰᠡᠳᠬᠢᠴᠡ ᠶᠢᠨ ᠵᠦᠢ ᠶᠢᠨ ᠰᠤᠳᠤᠯᠭᠠᠳᠠᠳ ᠠᠴᠠ᠄ ︽ᠲᠡᠭᠡᠳᠦ ᠬᠡᠮᠵᠢᠶᠡᠨ ᠤ | ᠦᠪᠡᠷ ᠢ ᠪᠠᠨ ᠬᠦᠨᠳᠦᠳᠭᠡᠬᠦ ᠰᠡᠳᠬᠢᠯᠭᠡ ᠲᠠᠢ ᠰᠤᠷᠤᠭᠴᠢ ᠪᠤᠯ ᠴᠤᠪᠤᠭᠤ ᠰᠡᠷᠭᠦᠯᠡᠩ᠂ ᠤᠶᠤᠨ ᠤ ᠴᠢᠳᠠᠪᠤᠷᠢ ᠶᠢᠨ | ᠭᠦᠭᠵᠢᠯᠳᠡ ᠨᠢ ᠰᠠᠶᠢᠨ᠂ ᠦᠪᠡᠷ ᠤᠨ ᠢᠶᠠᠨ ᠦᠵᠡᠯᠳᠡ ᠪᠠᠨ ᠴᠢᠳᠠᠮᠠᠭᠠᠢ ᠪᠠᠷ ᠢᠯᠡᠳᠬᠡᠳᠡᠭ᠂ ᠤᠴᠢᠷ ᠶᠠᠪᠤᠳᠠᠯ ᠢ | ᠶᠠᠷᠢᠯᠴᠠᠬᠤ ᠦᠶ᠎ᠡ ᠳᠤ ᠢᠳᠡᠪᠬᠢᠳᠡᠢ ᠪᠠᠷ ᠦᠵᠡᠯᠳᠡ ᠪᠠᠨ ᠲᠤᠷᠠᠳᠳᠠᠭ᠂ ᠰᠢᠨᠵᠢᠯᠡᠵᠦ ᠰᠦᠪᠡᠭᠴᠢᠯᠡᠬᠦ ᠲᠤᠷᠠᠳᠠᠢ᠂ | ᠪᠦᠳᠦᠭᠡᠯᠴᠢ ᠴᠢᠳᠠᠪᠤᠷᠢ ᠪᠠᠷ ᠶᠡᠭᠡ᠂ ᠪᠡᠶ᠎ᠡ ᠳᠤ ᠪᠠᠨ ᠢᠳᠡᠭᠡᠯ ᠲᠠᠢ ᠪᠠᠶᠢᠬᠤ ᠵᠡᠷᠭᠡ ᠢᠯᠡᠷᠡᠯ ᠲᠠᠢ ᠪᠠᠶᠢᠳᠠᠭ᠃ ᠶᠠᠭ | ᠡᠭᠦᠨ ᠲᠠᠢ ᠡᠰᠡᠷᠭᠦ ᠪᠠᠷ ᠦᠪᠡᠷ ᠢ ᠪᠠᠨ ᠬᠦᠨᠳᠦᠳᠭᠡᠬᠦ ᠰᠡᠳᠬᠢᠯᠭᠡ ᠪᠠᠷ ᠲᠤᠳᠠᠮᠠᠭ ᠰᠤᠷᠤᠭᠴᠢᠳ ᠪᠤᠯ ᠰᠡᠳᠬᠢᠯ | ᠰᠠᠨᠠᠭ᠎ᠠ ᠭᠤᠳᠤᠷᠠᠩᠭᠤᠢ᠂ ᠬᠠᠮᠳᠤ ᠨᠠᠶᠢᠳᠠ ᠶᠢᠨ ᠬᠦᠳᠡᠯᠭᠡᠭᠡᠨ ᠳᠤ ᠤᠷᠤᠯᠴᠠᠬᠤ ᠠᠴᠠ ᠵᠠᠶᠢᠯᠠᠰᠬᠢᠵᠦ᠂ ᠪᠤᠳᠤᠯ | ᠰᠠᠨᠠᠯ ᠢᠶᠠᠨ ᠢᠯᠡᠳᠭᠡᠬᠦ ᠦᠭᠡᠢ ᠤᠨᠴᠠᠯᠢᠭ ᠲᠠᠢ ᠪᠠᠶᠢᠳᠠᠭ︾ ᠭᠡᠵᠡᠢ᠃ ᠡᠭᠦᠨ ᠠᠴᠠ ᠪᠢᠳᠡ ᠰᠤᠷᠤᠭᠴᠢᠳ ᠤᠨ | ᠪᠡᠶ᠎ᠡ ᠪᠠᠨ ᠬᠦᠨᠳᠦᠳᠬᠡᠭᠦ ᠰᠡᠳᠬᠢᠯᠭᠡ ᠶᠢ ᠬᠦᠮᠦᠵᠢᠭᠦᠯᠬᠦ ᠶᠢᠨ ᠴᠢᠬᠤᠯᠠ ᠴᠢᠨᠠᠷ ᠢ ᠮᠡᠳᠡᠵᠦ ᠪᠤᠯᠤᠨ᠎ᠠ᠃ | ᠰᠤᠷᠤᠭᠴᠢᠳ ᠤᠨ ᠦᠪᠠᠷ ᠤᠨ ᠪᠠᠶ᠎ᠠ ᠳᠤ ᠪᠠᠨ ᠬᠠᠨᠳᠤᠬᠤ ᠤᠪᠤᠷ ᠪᠤᠯᠤᠨ ᠰᠤᠷᠤᠭᠴᠢ ᠶᠢᠨ ᠪᠡᠶ᠎ᠡ ᠪᠠᠨ | ᠬᠦᠨᠳᠦᠳᠬᠡᠭᠦ ᠰᠡᠳᠬᠢᠯᠭᠡ ᠶᠢᠨ ᠪᠦᠷᠢᠯᠳᠦᠯ ᠬᠤᠶᠠᠷ ᠨᠢ ᠨᠢᠭᠳᠠ ᠬᠠᠷᠢᠴᠠᠭ᠎ᠠ ᠲᠠᠢ ᠪᠠᠶᠢᠳᠠᠭ᠃ ᠬᠡᠷᠪᠡ ᠠᠩᠬᠢ ᠶᠢᠨ | ᠪᠠᠭᠰᠢ ᠪᠤᠯᠤᠭᠰᠠᠳ ᠰᠤᠷᠤᠭᠴᠢᠳ ᠢᠶᠠᠨ ᠬᠠᠯᠠᠭᠤᠮᠰᠤᠭ ᠢᠶᠠᠷ ᠬᠠᠷᠠᠭᠠᠯᠵᠠᠵᠦ᠂ ᠲᠡᠳᠡᠨ ᠤ ᠲᠤᠷ᠎ᠠ ᠰᠤᠨᠢᠷᠬᠠᠯ᠂ | ᠲᠤᠷᠠᠳᠤᠭᠰᠠᠨ ᠠᠰᠠᠭᠤᠯᠳᠠ ᠶᠢ ᠬᠦᠨᠳᠦᠳᠭᠡᠨ ᠦᠵᠡᠵᠦ ᠢᠯᠡᠭᠦᠬᠡᠨ ᠮᠠᠭᠳᠠᠨ ᠰᠠᠶᠢᠰᠢᠶᠠᠵᠤ᠂ ᠬᠠᠷᠢᠶᠠᠵᠤ | ᠵᠠᠩᠨᠠᠬᠤ ᠶᠢ ᠴᠡᠭᠡᠷᠯᠡᠵᠦ ᠪᠠᠶᠢᠪᠠᠯ᠂ ᠰᠤᠷᠤᠭᠴᠢᠳ ᠤᠨ ᠪᠡᠶ᠎ᠡ ᠪᠠᠨ ᠬᠦᠨᠳᠦᠳᠭᠡᠬᠦ ᠰᠡᠳᠬᠢᠯᠭᠡ ᠨᠢ ᠨᠡᠩ ᠰᠠᠶᠢᠨ | ᠪᠤᠯᠳᠠᠭ᠃ ᠶᠠᠭ ᠡᠭᠦᠨ ᠲᠠᠢ ᠡᠰᠡᠷᠭᠦ ᠪᠠᠷ ᠪᠠᠭᠰᠢ ᠪᠤᠯᠤᠭᠰᠠᠳ ᠰᠤᠷᠤᠭᠴᠢᠳ ᠢ ᠴᠢᠯᠦᠭᠡ ᠲᠠᠢ ᠪᠠᠷ ᠶᠠᠷᠢᠯᠴᠠᠭᠤᠯᠵᠤ᠂ | ᠰᠤᠳᠤᠯᠵᠤ ᠰᠢᠨᠵᠢᠯᠡᠭᠦᠯᠬᠦ ᠦᠭᠡᠢ ᠬᠠᠮᠢᠶᠠᠷᠴᠦ᠂ ᠰᠤᠷᠭᠠᠬᠤ ᠠᠷᠭ᠎ᠠ ᠨᠢ ᠵᠤᠬᠢᠰ ᠦᠭᠡᠢ ᠪᠤᠯᠬᠤ ᠳᠤ ᠬᠦᠷᠪᠡᠯ᠂ | ᠰᠤᠷᠤᠭᠴᠢᠳ ᠤᠨ ᠪᠡᠶ᠎ᠡ ᠪᠠᠨ ᠬᠦᠨᠳᠦᠳᠭᠡᠬᠦ ᠰᠡᠳᠬᠢᠯᠭᠡ ᠶᠢ ᠮᠤᠬᠤᠭᠠᠳᠠᠭ ᠪᠠᠶᠢᠨ᠎ᠠ᠃ | ᠡᠶᠢᠮᠦ ᠠᠴᠠ ᠰᠤᠷᠤᠭᠴᠢᠳ ᠤᠨ ᠪᠡᠶ᠎ᠡ ᠪᠠᠨ ᠬᠦᠨᠳᠦᠳᠭᠡᠬᠦ ᠰᠡᠳᠬᠢᠯᠭᠡ ᠶᠢ ᠬᠦᠮᠦᠵᠢᠭᠦᠯᠬᠦ ᠳᠤ ᠲᠤᠤᠷᠠᠬᠢ | ᠬᠡᠳᠦᠨ ᠲᠠᠯ᠎ᠠ ᠶᠢ ᠠᠩᠬᠠᠷᠬᠤ ᠬᠡᠷᠡᠭᠳᠡᠢ᠃ | 1. ᠰᠤᠷᠤᠭᠴᠢ ᠪᠠᠨ ᠬᠠᠶᠢᠷᠠᠯᠠᠵᠦ᠂ ᠰᠤᠷᠤᠭᠴᠢ ᠪᠠᠨ ᠬᠦᠨᠳᠦᠳᠬᠡᠭᠦ ᠬᠡᠷᠡᠭᠳᠡᠢ᠃ ᠠᠩᠬᠢ ᠶᠢᠨ | ᠪᠠᠭᠰᠢ ᠪᠤᠯᠤᠭᠰᠠᠳ ᠦᠨᠡᠨᠴᠢ ᠰᠢᠯᠦᠭᠤᠨ ᠢᠶᠠᠷ ᠰᠤᠷᠤᠭᠴᠢᠳ ᠢ ᠬᠠᠶᠢᠷᠠᠯᠠᠨ ᠬᠠᠯᠠᠮᠵᠢᠯᠠᠵᠦ᠂ ᠲᠡᠳᠡᠨ ᠳᠤ | ᠵᠦᠪ ᠲᠠᠯ᠎ᠠ ᠶᠢᠨ ᠬᠦᠮᠦᠵᠢᠯ ᠬᠢᠵᠦ᠂ ᠲᠤᠷ᠎ᠠ ᠰᠤᠨᠢᠷᠬᠠᠯ ᠪᠠ ᠤᠨᠴᠠᠯᠢᠭ ᠢ ᠨᠢ ᠬᠦᠨᠳᠦᠳᠭᠡᠵᠦ᠂ ᠲᠠᠳᠡᠨ ᠤ ᠵᠦᠢ | ᠵᠤᠬᠢᠰᠳᠡᠢ ᠬᠦᠰᠡᠯ ᠡᠷᠡᠮᠡᠯᠵᠡᠯ ᠢ ᠪᠤᠯᠬᠤ ᠨᠦᠭᠦᠴᠡᠯ ᠲᠤᠳᠤᠷ᠎ᠠ ᠪᠡᠶᠡᠯᠡᠭᠦᠯᠵᠦ ᠦᠭᠬᠦ ᠬᠡᠷᠡᠭᠳᠡᠢ᠃ ᠰᠤᠷᠤᠭᠴᠢᠳ ᠤᠨ | ᠵᠠᠩ ᠠᠭᠠᠰᠢ᠂ ᠲᠤᠷ᠎ᠠ ᠰᠤᠨᠢᠷᠬᠠᠯ᠂ ᠠᠪᠢᠶᠠᠰ ᠴᠢᠳᠠᠪᠤᠷᠢ ᠨᠢ ᠠᠳᠠᠯᠢ ᠦᠭᠡᠢ ᠪᠠᠶᠢᠳᠠᠭ ᠠᠴᠠ ᠠᠩᠬᠢ ᠶᠢᠨ | ᠪᠠᠭᠰᠢ ᠠᠴᠠ ᠵᠠᠪᠠᠯ ᠲᠡᠳᠡᠨ ᠢ ᠤᠶᠢᠯᠠᠭᠠᠨ ᠮᠡᠳᠡᠬᠦ ᠬᠡᠷᠡᠭᠳᠡᠢ᠃ ᠢᠩᠬᠢᠪᠡᠯ ᠰᠠᠶ᠋ᠢ ︽ᠡᠪᠡᠳᠴᠢᠨ ᠳᠤ ᠨᠢ | ᠲᠤᠬᠢᠷᠠᠭᠤᠯᠤᠨ ᠡᠮ ᠵᠠᠷᠤᠵᠦ︾ ᠲᠡᠶᠢᠯᠦᠨ᠎ᠡ᠃ ᠰᠤᠷᠤᠭᠴᠢᠳ ᠤᠨ ︽ᠬᠤᠴᠤᠷᠤᠩᠭᠤᠢ︾ ᠶᠢ ᠬᠠᠷᠢᠴᠩᠭᠤᠢ ᠪᠠᠷ | ᠦᠵᠡᠬᠦ ᠬᠡᠷᠡᠭᠳᠡᠢ᠃ ᠠᠯᠳᠠᠭ᠎ᠠ ᠪᠠᠨ ᠵᠠᠰᠠᠬᠤ ᠵᠠᠪᠰᠢᠶᠠᠨ ᠤᠯᠭᠤᠬᠤ ᠬᠡᠷᠡᠭᠳᠡᠢ᠃ ︽ᠪᠢᠳᠡᠭᠦᠨ ᠳᠤ ᠭᠡᠭᠡᠭᠰᠡᠨ | ᠨᠢᠭᠤᠷ ᠢᠶᠠᠨ ᠰᠢᠨ᠎ᠡ ᠶᠢᠨ ᠨᠢᠭᠡᠨ ᠳᠤ ᠤᠯᠵᠤ ᠪᠤᠯᠳᠠᠭ︾ ᠤᠴᠢᠷ ᠠᠴᠠ ᠰᠤᠷᠤᠭᠴᠢ ᠶᠢᠨ ᠰᠠᠶᠢᠨ ᠮᠠᠭᠤ ᠶᠢ | ᠵᠤᠭᠰᠤᠩᠭᠤᠢ ᠪᠠᠷ ᠦᠵᠡᠬᠦ ᠦᠵᠡᠯᠳᠡ ᠶᠢ ᠲᠡᠪᠴᠢᠬᠦ ᠬᠡᠷᠡᠭᠳᠡᠢ᠃ ᠬᠠᠷᠢᠨ ᠪᠦᠳᠦᠷᠢᠭᠰᠡᠨ ᠲᠡᠭᠡᠷ᠎ᠡ ᠨᠢ ᠨᠢᠳᠤᠷᠭᠠᠳᠠᠵᠤ | ᠶᠠᠭᠠᠬᠢᠭᠰᠠᠨ ᠴᠤ ᠪᠤᠯᠬᠤ ᠦᠭᠡᠢ᠃ ᠰᠤᠷᠤᠭᠴᠢ ᠠᠯᠳᠠᠭ᠎ᠠ ᠭᠠᠷᠭᠠᠭᠰᠠᠨ ᠦᠶ᠎ᠡ ᠳᠤ᠂ ᠠᠩᠬᠢ ᠶᠢᠨ ᠪᠠᠭᠰᠢ ᠠᠴᠠ | ᠲᠠᠳᠠᠨ ᠳᠤ ᠠᠯᠳᠠᠭ᠎ᠠ ᠪᠤᠷᠤᠭᠤ ᠪᠠᠨ ᠵᠠᠯᠠᠷᠠᠭᠤᠯᠬᠤ ᠵᠠᠪᠰᠢᠶᠠᠨ ᠢ ᠤᠯᠭᠤᠬᠤ ᠬᠡᠷᠡᠭᠳᠡᠢ᠃ ᠦᠪᠡᠷ ᠤᠨ ᠬᠦᠷᠦᠯᠴᠡᠬᠦ | ᠦᠭᠡᠢ ᠲᠠᠯ᠎ᠠ ᠪᠠ ᠲᠠᠪᠠᠭᠤᠯᠢᠭ ᠲᠠᠯ᠎ᠠ ᠪᠠᠨ ᠬᠦᠢᠴᠡᠳ ᠤᠯᠵᠤ ᠬᠠᠷᠠᠨ ᠲᠠᠪᠠᠭᠤᠯᠢᠭ ᠲᠠᠯ᠎ᠠ ᠪᠠᠷ ᠨᠢ ᠬᠦᠷᠦᠯᠴᠡᠬᠦ | ᠦᠭᠡᠢ ᠲᠠᠯ᠎ᠠ ᠶᠢ ᠨᠢ ᠨᠦᠬᠦᠪᠦᠷᠢᠯᠡᠬᠦ ᠪᠠᠷ ᠲᠠᠮᠵᠢᠨ᠂ ᠪᠡᠶ᠎ᠡ ᠪᠠᠨ ᠬᠦᠨᠳᠦᠳᠬᠡᠭᠦ ᠰᠡᠳᠬᠢᠯᠭᠡ ᠶᠢ ᠨᠢ ᠬᠦᠮᠦᠵᠢᠭᠦᠯᠪᠡᠯ | ᠵᠤᠬᠢᠨ᠎ᠠ᠃ ᠶᠠᠭᠠᠬᠢᠭᠰᠠᠨ ᠴᠤ ᠠᠮᠵᠢᠯᠳᠠ ᠪᠦᠳᠦᠭᠡᠯ ᠢ ᠨᠢ ᠦᠵᠡᠪᠡᠯ ᠠᠮᠠ ᠠᠩᠭᠠᠶᠢᠨ ᠪᠠᠶᠠᠷᠯᠠᠵᠤ᠂ ᠠᠯᠳᠠᠭ᠎ᠠ | ᠲᠤᠳᠠᠭᠳᠠᠯ ᠭᠠᠷᠭᠠᠪᠠᠯ ᠠᠭᠤᠷᠯᠠᠵᠤ ᠰᠢᠭᠦᠮᠵᠢᠯᠡᠨ᠂ ᠰᠤᠷᠤᠭᠴᠢᠳ ᠤᠨ ᠪᠡᠶ᠎ᠡ ᠪᠠᠨ ᠬᠦᠨᠳᠦᠳᠬᠡᠭᠦ ᠰᠡᠳᠬᠢᠯᠭᠡ ᠶᠢ | ᠬᠦᠨᠳᠡᠵᠦ ᠪᠤᠯᠬᠤ ᠦᠭᠡᠢ᠃ ᠰᠤᠷᠤᠭᠴᠢ ᠶᠢᠨ ᠵᠦᠪ ᠪᠠ ᠪᠤᠷᠤᠭᠤ᠂ ᠰᠠᠶᠢᠨ ᠪᠠ ᠮᠠᠭᠤᠬᠠᠢ ᠶᠢ ᠢᠯᠭᠠᠨ ᠲᠠᠨᠢᠬᠤ | ᠴᠢᠳᠠᠪᠤᠷᠢ ᠶᠢ ᠨᠢ ᠬᠦᠮᠦᠵᠢᠭᠦᠯᠵᠦ᠂ ᠰᠤᠷᠤᠭᠴᠢ ᠶᠢᠨ ᠰᠠᠶᠢᠨ ᠰᠠᠶᠢᠬᠠᠨ ᠤᠶᠢᠯᠠ ᠠᠵᠢᠯᠯᠠᠭ᠎ᠠ ᠶᠢ ᠨᠤᠳᠠᠯᠠᠵᠤ | ᠰᠠᠶᠢᠰᠢᠶᠠᠬᠤ ᠬᠡᠷᠡᠭᠳᠡᠢ᠃ ᠰᠤᠷᠤᠭᠴᠢ ᠶᠡᠷᠤ ᠨᠢ ᠪᠠᠭᠰᠢ ᠶᠢᠨ ᠬᠠᠶᠢᠷ᠎ᠠ ᠬᠠᠯᠠᠮᠵᠢᠯᠠᠯ ᠪᠠ ᠬᠦᠨᠳᠦᠳᠬᠡᠯ ᠢ ᠦᠨᠡᠨ ᠬᠦ | ᠤᠯᠬᠤ ᠦᠶ᠎ᠡ ᠳᠤ ᠯᠠ ᠰᠠᠶ᠋ᠢ ᠦᠪᠡᠷ ᠤᠨ ᠦᠨ᠎ᠡ ᠦᠷᠳᠡᠭ ᠢ ᠲᠠᠨᠢᠵᠤ ᠤᠯᠳᠠᠭ᠃ | 2. ᠰᠤᠷᠤᠭᠴᠢᠳ ᠢ ᠢᠯᠡᠭᠦᠦ ᠰᠠᠶᠢᠰᠢᠶᠠᠵᠤ᠂ ᠲᠤᠳᠠᠭᠤ ᠵᠢᠮᠡᠯᠡᠬᠦ ᠬᠡᠷᠡᠭᠳᠡᠢ᠃ | ᠮᠠᠭᠳᠠᠨ ᠰᠠᠶᠢᠰᠢᠶᠠᠬᠤ ᠪᠤᠯ ᠬᠡᠤᠬᠡᠳ ᠤᠨ ᠪᠡᠶ᠎ᠡ ᠪᠠᠨ ᠬᠦᠨᠳᠦᠳᠬᠡᠭᠦ ᠰᠡᠳᠬᠢᠯᠭᠡ ᠶᠢ ᠬᠦᠮᠦᠵᠢᠭᠦᠯᠬᠦ ᠳᠤ | ᠲᠤᠳᠠᠭᠳᠠᠵᠤ ᠪᠤᠯᠤᠰᠢ ᠦᠭᠡᠢ ᠴᠢᠬᠤᠯᠠ ᠠᠷᠭ᠎ᠠ ᠬᠡᠮᠵᠢᠶ᠎ᠡ ᠮᠦᠨ᠃ ᠶᠡᠷᠦ ᠳᠤ ᠪᠠᠨ ᠰᠠᠶᠢᠰᠢᠶᠠᠬᠤ ᠶᠢᠨ ᠬᠢᠷᠢ | ᠬᠡᠮᠵᠢᠶ᠎ᠡ ᠨᠢ ᠰᠤᠷᠤᠭᠴᠢ ᠶᠢᠨ ᠪᠡᠶ᠎ᠡ ᠪᠠᠨ ᠬᠦᠨᠳᠦᠳᠬᠡᠭᠦ ᠬᠢᠷᠢ ᠬᠡᠮᠵᠢᠶ᠎ᠡ ᠶᠢ ᠲᠤᠭᠳᠠᠭᠠᠳᠠᠭ᠃ ᠬᠤᠴᠤᠷᠤᠩᠭᠤᠢ | ᠰᠤᠷᠤᠭᠴᠢ ᠴᠤ ᠲᠡᠭᠦᠨ ᠤ ᠬᠢᠯᠠᠯᠵᠠᠭᠰᠠᠨ ᠨᠢᠭᠡᠨ ᠲᠠᠯ᠎ᠠ ᠪᠠᠶᠢᠬᠤ ᠶᠤᠮ᠃ ᠪᠠᠭᠰᠢ ᠠᠴᠠ ᠰᠤᠷᠤᠭᠴᠢᠳ ᠤᠨ ᠡ᠊ᠨᠡ ᠭᠦ | ᠲᠠᠯ᠎ᠠ ᠶᠢ ᠡᠷᠢᠨ ᠤᠯᠵᠤ᠂ ᠠᠳᠠᠯᠢ ᠪᠤᠰᠤ ᠬᠦᠳᠡᠯᠭᠡᠭᠡᠨ ᠢ ᠵᠤᠬᠢᠶᠠᠨ ᠪᠠᠶᠢᠭᠤᠯᠤᠨ᠂ ᠲᠠᠪᠠᠭᠤᠯᠢᠭ ᠤᠨᠴᠠᠯᠢᠭ ᠢ ᠨᠢ | ᠦᠨᠳᠦᠰᠦᠯᠡᠨ ᠵᠤᠬᠢᠰᠳᠠᠢ ᠮᠠᠭᠳᠠᠨ ᠰᠠᠶᠢᠰᠢᠶᠠᠬᠤ ᠬᠡᠷᠡᠭᠳᠡᠢ᠃ ᠮᠠᠭᠳᠠᠨ ᠰᠠᠶᠢᠰᠢᠶᠠᠬᠤ ᠠᠴᠠ ᠭᠠᠳᠠᠨ᠎ᠠ ᠪᠠᠰᠠ | ᠵᠤᠷᠢᠬᠵᠢᠭᠤᠯᠬᠤ ᠠᠷᠭ᠎ᠠ ᠶᠢ ᠬᠡᠷᠡᠭᠯᠡᠵᠦ ᠪᠤᠯᠤᠨ᠎ᠠ᠃ ᠡᠨᠡ ᠨᠢ ᠰᠤᠷᠤᠭᠴᠢᠳ ᠤᠨ ᠪᠡᠶ᠎ᠡ ᠪᠠᠨ ᠬᠦᠨᠳᠦᠳᠬᠡᠭᠦ ᠳᠤ | ᠲᠦᠯᠬᠢᠴᠡ ᠤᠶᠢᠯᠡᠳᠦᠯ ᠦᠵᠡᠭᠦᠯᠵᠦ ᠴᠢᠳᠠᠨ᠎ᠠ᠃ ᠤᠨᠴᠠᠭᠠᠶᠢᠯᠠᠨ ᠤᠯᠠᠨ ᠤ ᠡᠮᠦᠨ᠎ᠡ ᠰᠠᠶᠢᠰᠢᠶᠠᠬᠤ ᠨᠢ | ᠰᠤᠷᠤᠭᠴᠢᠳ ᠲᠤ ᠪᠤᠰᠤᠳ ᠤᠨ ᠬᠦᠨᠳᠦᠳᠬᠡᠯ ᠢ ᠤᠯᠤᠭᠰᠠᠨ ᠪᠠᠶᠠᠷ ᠪᠠᠭ᠋ᠠᠳᠤᠯ ᠢ ᠤᠯᠭᠤᠵᠤ᠂ ᠠᠯᠳᠠᠭ᠎ᠠ ᠲᠤᠳᠠᠭᠳᠠᠯ | ᠭᠠᠷᠭᠠᠪᠠᠯ ᠲᠠᠷᠦᠢ ᠲᠦᠷᠭᠡᠨ ᠵᠠᠯᠠᠷᠠᠭᠤᠯᠬᠤ ᠳᠤ ᠲᠤᠰᠠᠯᠠᠮᠵᠢ ᠪᠤᠯᠳᠠᠭ ᠮᠦᠷᠳᠡᠭᠡᠨ ᠦᠪᠡᠷ ᠤᠨ ᠪᠡᠶ᠎ᠡ ᠪᠠᠨ | ᠬᠦᠨᠳᠦᠳᠬᠡᠭᠦ ᠪᠠᠷ ᠴᠢᠷᠮᠠᠶᠢᠳᠠᠭ᠃ ᠡᠭᠦᠨ ᠤ ᠡᠰᠡᠷᠭᠦ ᠪᠠᠷ ᠰᠤᠷᠤᠭᠴᠢ ᠶᠢ ᠬᠡᠳᠦᠷᠬᠡᠢ ᠠᠷᠪᠢᠨ ᠵᠢᠮᠡᠯᠡᠬᠦ ᠳᠤ ᠬᠦᠷᠪᠡᠯ | ᠰᠤᠷᠤᠭᠴᠢ ᠢᠳᠡᠭᠡᠯ ᠵᠤᠷᠢᠭ ᠢᠶᠠᠨ ᠠᠯᠳᠠᠵᠤ᠂ ᠪᠡᠶ᠎ᠡ ᠪᠠᠨ ᠬᠦᠨᠳᠦᠳᠬᠡᠭᠦ ᠰᠡᠳᠬᠢᠯ ᠨᠢ ᠨᠦᠯᠦᠭᠡᠯᠡᠭᠳᠡᠵᠦ᠂ | ᠭᠤᠳᠤᠷᠠᠩᠭᠤᠢ ᠦᠵᠡᠯᠳᠡ ᠲᠠᠢ ᠪᠤᠯᠳᠠᠭ᠃ ᠡᠶᠢᠮᠦ ᠠᠴᠠ ᠰᠤᠷᠤᠭᠴᠢ ᠶᠢᠨ ᠵᠠᠩ ᠠᠭᠠᠰᠢ ᠶᠢ ᠨᠦᠯᠦᠭᠡᠯᠡᠬᠦ | ᠦᠭᠡᠢ ᠶᠢᠨ ᠲᠦᠯᠦᠭᠡ ᠪᠤᠰᠤᠳ ᠤᠨ ᠡᠮᠦᠨ᠎ᠡ ᠲᠤᠷᠭᠤᠭᠠᠵᠤ ᠶᠠᠯᠠᠳᠠᠬᠤ ᠪᠠ ᠦᠯᠦ ᠬᠦᠨᠳᠦᠳᠬᠡᠭᠦ ᠶᠢ ᠡᠷᠡᠰ | ᠴᠡᠭᠡᠷᠯᠡᠪᠡᠯ ᠵᠤᠬᠢᠰᠳᠠᠢ ᠶᠤᠮ᠃ | 3. ᠠᠩᠬᠢ ᠨᠡᠶᠢᠳᠡ ᠳᠤ ᠠᠷᠠᠳᠴᠢᠯᠠᠯ ᠤᠨ ᠠᠭᠤᠷ ᠠᠮᠢᠰᠬᠤᠯ ᠢ ᠪᠤᠢ ᠪᠤᠯᠭᠠᠬᠤ ᠬᠡᠷᠡᠭᠳᠡᠢ᠃ | ᠲᠡᠭᠡᠳᠦ ᠬᠡᠮᠵᠢᠶᠡᠨ ᠤ ᠪᠡᠶ᠎ᠡ ᠪᠠᠨ ᠬᠦᠨᠳᠦᠳᠬᠡᠭᠦ ᠰᠡᠳᠬᠢᠯᠭᠡ ᠲᠠᠢ ᠰᠤᠷᠤᠭᠴᠢ ᠶᠡᠷᠦ ᠨᠢ ᠠᠷᠠᠳᠴᠢᠯᠠᠯ ᠤᠨ | ᠠᠭᠤᠷ ᠠᠮᠢᠰᠬᠤᠯ ᠢᠶᠠᠷ ᠪᠢᠯᠬᠠᠮ᠎ᠠ ᠤᠷᠴᠢᠨ ᠲᠤᠭᠤᠷᠢᠨ ᠳᠤ ᠦᠰᠦᠨ ᠪᠤᠶᠢᠵᠢᠭᠰᠠᠨ ᠪᠠᠶᠢᠳᠠᠭ᠂ ᠠᠩᠬᠢ ᠶᠢᠨ ᠪᠠᠭᠰᠢ | ᠪᠤᠯᠤᠭᠰᠠᠳ ᠬᠡᠵᠢᠶᠡᠳᠡ ᠬᠠᠯᠠᠮᠵᠢᠯᠠᠭᠰᠠᠨ ᠪᠠ ᠵᠢᠭᠠᠨ ᠵᠢᠯᠦᠭᠤᠳᠤᠭᠰᠠᠨ ᠤᠪᠤᠷ ᠢᠶᠠᠷ ᠰᠤᠷᠤᠭᠴᠢ ᠳᠤ ᠪᠠᠨ ᠬᠠᠨᠳᠤᠵᠤ᠂ | ᠲᠡᠳᠡᠨ ᠢ ᠶᠡᠭᠡ ᠬᠦᠮᠦᠨ ᠲᠠᠢ ᠠᠳᠠᠯᠢ ᠪᠠᠷ ᠦᠵᠡᠵᠦ᠂ ᠡᠷᠬᠡ ᠲᠡᠭᠰᠢ ᠪᠠᠶᠢᠵᠤ᠂ ᠰᠠᠨᠠᠯ ᠢ ᠨᠢ ᠬᠦᠨᠳᠦᠳᠬᠡᠨ᠂ | ᠰᠤᠷᠤᠭᠴᠢᠳ ᠤᠨ ᠪᠡᠶ᠎ᠡ ᠪᠠᠨ ᠲᠠᠭᠠᠭᠠᠵᠤ ᠰᠡᠳᠬᠢᠬᠦ ᠴᠢᠳᠠᠪᠤᠷᠢ ᠶᠢ ᠬᠦᠮᠦᠵᠢᠭᠦᠯᠪᠡᠯ ᠰᠠᠶ᠋ᠢ ᠰᠤᠷᠤᠭᠴᠢᠳ | ᠪᠡᠶ᠎ᠡ ᠳᠤ ᠪᠠᠨ ᠤᠯᠠᠮ ᠢᠳᠡᠭᠡᠯ ᠵᠤᠷᠢᠭ ᠲᠠᠢ ᠪᠤᠯᠵᠤ ᠴᠢᠳᠠᠨ᠎ᠠ᠃ | 4. ᠰᠤᠷᠤᠭᠴᠢᠳ ᠲᠤ ᠪᠡᠶ᠎ᠡ ᠪᠠᠨ ᠬᠦᠨᠳᠦᠳᠬᠡᠭᠦ ᠪᠠ ᠪᠤᠰᠤᠳ ᠢ ᠬᠦᠨᠳᠦᠳᠬᠡᠭᠦ ᠶᠢ ᠮᠡᠳᠡᠭᠦᠯᠬᠦ ᠪᠤᠯ | ᠬᠠᠷᠢᠯᠴᠠᠨ ᠨᠦᠭᠦᠴᠡᠯᠳᠦᠵᠦ ᠪᠠᠶᠢᠳᠠᠭ᠃ ᠬᠡᠷᠪᠡ ᠪᠤᠰᠤᠳ ᠤᠨ ᠬᠦᠨᠳᠦᠳᠬᠡᠯ ᠢ ᠤᠯᠤᠶ᠎ᠠ ᠭᠡᠪᠡᠯ᠂ ᠶᠠᠭᠤᠨ ᠤ | ᠡᠮᠦᠨ᠎ᠡ ᠪᠤᠰᠤᠳ ᠢ ᠬᠦᠨᠳᠦᠳᠬᠡᠭᠦ ᠬᠡᠷᠡᠭᠳᠡᠢ᠃ ᠡᠭᠦᠨ ᠤ ᠬᠠᠮᠳᠤ ᠬᠦᠮᠦᠨ ᠤ ᠪᠡᠶ᠎ᠡ ᠪᠠᠨ ᠬᠦᠨᠳᠦᠳᠬᠡᠭᠦ ᠰᠡᠳᠬᠢᠯ | ᠪᠡᠶᠡᠯᠡᠭᠳᠡᠬᠦ ᠳᠤ᠂ ᠭᠠᠭᠴᠠ ᠬᠦ ᠦᠪᠡᠷ ᠤᠨ ᠤᠶᠢᠯᠡ ᠠᠵᠢᠯᠯᠠᠭ᠎ᠠ ᠪᠠᠷ ᠢᠶᠠᠨ ᠰᠠᠶᠢᠨ ᠰᠠᠶᠢᠬᠠᠨ ᠢ ᠡᠷᠬᠢᠮᠯᠡᠵᠦ᠂ | ᠮᠠᠭᠤ ᠮᠠᠭᠤᠬᠠᠢ ᠶᠢ ᠵᠢᠭᠰᠢᠵᠦ ᠶᠠᠪᠤᠪᠠᠯ ᠰᠠᠶ᠋ᠢ ᠨᠢᠭᠡ ᠬᠦᠮᠦᠨ ᠤ ᠪᠡᠶ᠎ᠡ ᠪᠠᠨ ᠬᠦᠨᠳᠦᠳᠬᠡᠭᠦ ᠱᠠᠭᠠᠷᠳᠠᠯᠭ᠎ᠠ ᠨᠢ | ᠪᠡᠶᠡᠯᠡᠭᠳᠡᠵᠦ ᠴᠢᠳᠠᠨ᠎ᠠ ᠭᠡᠰᠡᠨ ᠢ ᠰᠤᠷᠤᠭᠴᠢᠳ ᠲᠤ ᠮᠡᠳᠡᠭᠦᠯᠦᠭᠰᠡᠨ ᠪᠠᠶᠢᠬᠤ ᠬᠡᠷᠡᠭᠳᠡᠢ᠃ ᠰᠤᠷᠤᠭᠴᠢᠳ ᠤᠨ | ᠪᠡᠶ᠎ᠡ ᠪᠠᠨ ᠬᠦᠨᠳᠦᠳᠬᠡᠭᠦ ᠰᠡᠳᠬᠢᠯᠭᠡ ᠶᠢ ᠬᠠᠷᠰᠢᠯᠠᠬᠤ ᠠᠵᠢᠯᠯᠠᠭ᠎ᠠ ᠶᠢ ᠠᠯᠢ ᠴᠢᠳᠠᠬᠤ ᠪᠠᠷ ᠦᠭᠡᠶᠢᠰᠭᠡᠬᠦ | ᠬᠡᠷᠡᠭᠳᠡᠢ᠃ ᠰᠤᠷᠤᠭᠴᠢᠳ ᠢ ᠬᠡᠳᠦᠷᠬᠡᠢ ᠬᠠᠪᠰᠤᠷᠬᠤ ᠪᠠ ᠬᠠᠮᠠᠭᠠᠯᠠᠬᠤ ᠨᠢ ᠬᠡᠷᠡᠭ ᠲᠡᠭᠡᠷ᠎ᠡ ᠪᠠᠨ ᠰᠤᠷᠤᠭᠴᠢᠳ ᠢ | ᠭᠤᠳᠤᠭᠠᠵᠤ ᠪᠠᠶᠢᠭ᠎ᠠ ᠶᠠᠪᠤᠳᠠᠯ ᠮᠦᠨ᠃ ᠡᠶᠢᠮᠦ ᠠᠴᠠ ᠠᠩᠬᠢ ᠶᠢᠨ ᠪᠠᠭᠰᠢ ᠡᠷᠬᠡᠪᠰᠢ ᠲᠡᠭᠡᠳᠦ ᠬᠡᠮᠵᠢᠶᠡᠨ ᠤ | ᠬᠦᠯᠢᠴᠡᠩᠭᠦᠢ ᠤᠪᠤᠷ ᠢᠶᠠᠷ ᠰᠤᠷᠤᠭᠴᠢᠳ ᠤᠨ ᠪᠡᠶ᠎ᠡ ᠪᠠᠨ ᠲᠠᠭᠠᠭᠠᠵᠤ ᠠᠵᠢᠯᠯᠠᠬᠤ ᠲᠤᠮᠳᠠ ᠪᠡᠶ᠎ᠡ ᠪᠠᠨ ᠲᠠᠭᠠᠭᠠᠬᠤ | ᠴᠢᠳᠠᠪᠤᠷᠢ ᠶᠢ ᠨᠢ ᠬᠦᠮᠦᠵᠢᠭᠦᠯᠦᠨ ᠵᠢᠯᠤᠭᠤᠳᠪᠠᠯ ᠵᠤᠬᠢᠨ᠎ᠠ᠃ | 5. ᠰᠤᠷᠤᠭᠴᠢ ᠶᠢ ᠬᠠᠪᠰᠤᠷᠤᠨ ᠴᠢᠳᠠᠪᠤᠷᠢ ᠤᠯᠭᠤᠬᠤ ᠪᠠ ᠠᠮᠵᠢᠯᠳᠠ ᠪᠦᠳᠦᠭᠡᠯ ᠭᠠᠷᠭᠠᠯᠭᠠᠵᠤ᠂ ᠪᠡᠶ᠎ᠡ ᠪᠠᠨ | ᠬᠦᠨᠳᠦᠳᠬᠡᠭᠦ ᠰᠡᠳᠬᠢᠯ ᠢ ᠨᠢ ᠬᠦᠭᠵᠢᠭᠡᠬᠦ ᠬᠡᠷᠡᠭᠳᠡᠢ᠃ ᠠᠩᠬᠢ ᠶᠢᠨ ᠪᠠᠭᠰᠢ ᠠᠴᠠ ᠡᠯ᠎ᠡ ᠵᠦᠢᠯ ᠤᠨ ᠬᠦᠳᠡᠯᠭᠡᠬᠡᠨ ᠤ | ᠲᠤᠮᠳᠠ ᠰᠤᠷᠤᠭᠴᠢᠳ ᠢ ᠴᠢᠳᠠᠮᠠᠭᠠᠢ ᠪᠠᠷ ᠵᠢᠯᠤᠭᠤᠳᠤᠨ ᠪᠤᠯᠪᠠᠰᠤᠷᠠᠭᠤᠯᠵᠤ᠂ ᠲᠠᠳᠠᠨ ᠳᠤ ᠦᠪᠡᠷ ᠤᠨ ᠪᠡᠶ᠎ᠡ ᠪᠠᠷ ᠢᠶᠠᠨ | ᠠᠮᠵᠢᠯᠳᠠ ᠪᠦᠳᠦᠭᠡᠯ ᠡᠭᠦᠳᠬᠦ ᠪᠠᠶᠠᠷ ᠪᠠᠶᠠᠰᠦᠯ ᠢ ᠮᠡᠳᠡᠭᠦᠯᠵᠦ᠂ ᠡᠭᠦᠨ ᠠᠴᠠ ᠭᠠᠳᠠᠨ᠎ᠠ ᠪᠦᠳᠦᠭᠡᠯᠴᠢ ᠴᠢᠨᠠᠷᠳᠠᠢ | ᠨᠠᠭᠠᠳᠤᠮ ᠲᠤᠭᠯᠠᠭᠠᠮ ᠤᠨ ᠲᠤᠮᠳᠠ ᠠᠶᠠᠨᠳᠠᠭᠠᠨ ᠢᠯᠡᠷᠡᠭᠦᠯᠬᠦ ᠴᠢᠳᠠᠪᠤᠷᠢ ᠶᠢ ᠨᠢ ᠬᠦᠮᠦᠵᠢᠭᠦᠯᠵᠦ᠂ ᠲᠡᠳᠡᠨᠡᠷ ᠲᠤ | ᠠᠪᠢᠶᠠᠰ ᠴᠢᠳᠠᠪᠤᠷᠢ ᠪᠠᠨ ᠢᠯᠡᠷᠡᠭᠦᠯᠬᠦ ᠠᠰᠢᠭᠳᠠᠢ ᠲᠤᠬᠢᠶᠠᠯ ᠤᠯᠭᠤᠵᠤ ᠦᠭᠭᠦ ᠬᠡᠷᠡᠭᠳᠡᠢ᠃ | ᠰᠤᠷᠤᠭᠴᠢᠳ ᠤᠨ ᠪᠡᠶ᠎ᠡ ᠪᠠᠨ ᠬᠦᠨᠳᠦᠳᠬᠡᠬᠦ ᠰᠡᠳᠬᠢᠯᠭᠡ ᠨᠢ ᠵᠤᠬᠢᠬᠤ ᠬᠦᠭᠵᠢᠯᠳᠡ ᠶᠢᠨ ᠶᠠᠪᠤᠴᠠ ᠶᠢ | ᠦᠩᠭᠡᠷᠡᠭᠡᠳᠡᠭ᠃ ᠡᠬᠢᠨ ᠤ ᠦᠶ᠎ᠡ ᠳᠤ ᠪᠠᠨ ᠰᠤᠷᠤᠭᠴᠢᠳ ᠶᠠᠮᠠᠷ ᠨᠢᠭᠡᠨ ᠲᠠᠯ᠎ᠠ ᠪᠠᠷ ᠦᠪᠡᠷ ᠤᠨ ᠴᠢᠳᠠᠪᠤᠷᠢ ᠪᠠᠨ | ᠢᠯᠡᠷᠡᠭᠦᠯᠵᠦ᠂ ᠠᠮᠵᠢᠯᠳᠠ ᠤᠯᠬᠤ ᠶᠢᠨ ᠵᠡᠷᠭᠡ ᠪᠠᠷ ᠪᠠᠭᠰᠢ ᠪᠤᠯᠤᠨ ᠬᠠᠮᠳᠤ ᠨᠦᠭᠦᠳ ᠤᠨ ᠢᠶᠠᠨ ᠨᠤᠳᠠᠯᠠᠯᠳᠠ᠂ | ᠰᠠᠶᠢᠰᠢᠶᠠᠯ ᠢ ᠤᠯᠬᠤ ᠪᠠᠷ ᠲᠠᠮᠵᠢᠵᠦ᠂ ᠪᠡᠶ᠎ᠡ ᠪᠠᠨ ᠬᠦᠨᠳᠦᠳᠬᠡᠭᠦ ᠰᠡᠳᠬᠢᠯᠭᠡ ᠲᠠᠢ ᠪᠤᠯᠳᠠᠭ᠃ ᠡᠨᠡ ᠦᠶ᠎ᠡ ᠶᠢᠨ | ᠪᠡᠶ᠎ᠡ ᠪᠠᠨ ᠬᠦᠨᠳᠦᠳᠬᠡᠭᠦ ᠰᠡᠳᠬᠢᠯᠭᠡ ᠨᠢ ᠶᠠᠮᠠᠷ ᠨᠢᠭᠡᠨ ᠭᠠᠳᠠᠭᠠᠳᠤ ᠰᠠᠳᠤᠯᠳᠡ ᠶᠢᠨ ᠲᠤᠤᠷ᠎ᠠ ᠰᠠᠶ᠋ᠢ ᠪᠤᠢ ᠪᠤᠯᠤᠭᠰᠠᠨ | ᠲᠤᠯᠠ ᠭᠠᠳᠠᠷ ᠲᠦᠷᠢ ᠳᠤ ᠨᠢ ᠢᠯᠡᠷᠡᠵᠦ᠂ ᠢᠨᠢᠶᠡᠬᠦ᠂ ᠪᠠᠶᠠᠷᠯᠠᠬᠤ᠂ ᠬᠦᠭᠡᠷᠬᠦ ᠵᠡᠷᠭᠡ ᠰᠡᠳᠬᠢᠯᠭᠡ ᠶᠢᠨ | ᠠᠵᠢᠯᠯᠠᠭ᠎ᠠ ᠪᠠᠷ ᠢᠯᠡᠷᠡᠳᠡᠭ᠃ ᠡᠨᠡ ᠰᠠᠭᠤᠷᠢᠨ ᠲᠡᠭᠡᠷ᠎ᠡ ᠰᠤᠷᠤᠭᠴᠢ ᠶᠢ ᠬᠦᠳᠦᠯᠦᠨ ᠵᠢᠯᠤᠭᠤᠳᠴᠤ᠂ ᠤᠯᠠᠮ ᠨᠢᠭᠡ | ᠠᠯᠬᠤᠮ ᠴᠢᠷᠮᠠᠶᠢᠯᠭᠠᠵᠤ᠂ ᠦᠪᠡᠷ ᠤᠨ ᠴᠢᠳᠠᠪᠤᠷᠢ ᠶᠢ ᠨᠢ ᠪᠠᠳᠠᠷᠠᠭᠤᠯᠤᠨ᠂ ᠪᠡᠶ᠎ᠡ ᠪᠠᠨ ᠬᠦᠨᠳᠦᠳᠬᠡᠭᠦ | ᠰᠡᠳᠬᠢᠯᠭᠡ ᠶᠢ ᠨᠢ ᠤᠯᠠᠮ ᠦᠨᠳᠦᠷ ᠱᠠᠳᠤᠨ ᠳᠤ ᠬᠦᠷᠭᠡᠵᠦ᠂ ᠲᠠᠳᠡᠨ ᠤ ᠪᠡᠶ᠎ᠡ ᠪᠠᠨ ᠢᠳᠡᠭᠡᠬᠦ ᠰᠡᠳᠬᠢᠯᠭᠡ᠂ ᠦᠩᠭᠡ | ᠭᠡᠷᠡᠯᠳᠦ ᠰᠡᠳᠬᠢᠯᠭᠡ᠂ ᠤᠮᠤᠭ ᠪᠠᠭ᠋ᠠᠳᠤᠯᠳᠤ ᠰᠡᠳᠬᠢᠯᠭᠡ ᠶᠢ ᠪᠤᠢ ᠪᠤᠯᠭᠠᠬᠤ ᠬᠡᠷᠡᠭᠳᠡᠢ᠃ | ᠡᠭᠦᠨ ᠠᠴᠠ ᠭᠠᠳᠠᠨ᠎ᠠ ᠪᠠᠰᠠ ᠰᠤᠷᠤᠭᠴᠢᠳ ᠤᠨ ᠪᠡᠶ᠎ᠡ ᠪᠠᠨ ᠬᠦᠨᠳᠦᠳᠭᠡᠬᠦ ᠰᠡᠳᠬᠢᠯᠭᠡ ᠶᠢ ᠬᠦᠮᠦᠵᠢᠭᠦᠯᠬᠦ ᠳᠤ | ᠰᠤᠷᠤᠭᠴᠢ ᠶᠢ ᠰᠢᠯᠢᠳᠡᠭ ᠰᠠᠶᠢᠨ ᠬᠡᠪ ᠰᠤᠷᠳᠠᠯ ᠲᠠᠢ ᠪᠤᠯᠭᠠᠨ ᠬᠦᠮᠦᠵᠢᠭᠦᠯᠬᠦ ᠠᠴᠠ ᠭᠠᠷᠳᠠᠨ᠂ ᠦᠨᠡᠨᠴᠢ ᠰᠢᠳᠤᠷᠭᠤ᠂ | ᠲᠠᠷᠤᠤ ᠬᠢᠴᠢᠶᠡᠩᠭᠦᠢ᠂ ᠡᠷᠡᠯᠬᠡᠭ ᠪᠠᠭᠠᠳᠤᠷᠯᠢᠭ᠂ ᠬᠠᠷᠢᠭᠤᠴᠠᠯᠭᠠᠳᠤ ᠤᠪᠤᠷ ᠲᠠᠢ᠂ ᠬᠠᠮᠳᠤ ᠨᠡᠶᠢᠳᠡ ᠶᠢ ᠬᠠᠶᠢᠷᠠᠯᠠᠬᠤ | ᠰᠠᠶᠢᠨ ᠰᠠᠶᠢᠬᠠᠨ ᠲᠠᠳᠬᠠᠯ ᠭᠦᠮᠦᠵᠢᠯ ᠲᠠᠢ ᠪᠤᠯᠭᠠᠬᠤ ᠶᠢ ᠠᠩᠬᠠᠷᠪᠠᠯ ᠵᠤᠬᠢᠨ᠎ᠠ᠃ | ᠲᠠᠪᠤ᠂ ᠬᠦᠮᠦᠨ ᠢ ᠬᠦᠮᠦᠵᠢᠭᠦᠯᠬᠦ ᠠᠵᠢᠯᠯᠠᠭ᠎ᠠ ᠳᠤ ᠬᠠᠶᠢᠷ᠎ᠠ ᠰᠠᠭᠤᠷᠢᠯᠠᠵᠤ᠂ ᠬᠠᠷᠢᠭᠤᠴᠠᠯᠭ᠎ᠠ ᠤᠶᠢᠯᠡᠴᠢᠯᠡᠳᠡᠭ᠃ | ᠪᠠᠭᠰᠢ ᠶᠢᠨ ᠠᠵᠢᠯ ᠤᠨ ᠢᠷᠠᠭᠤ ᠠᠯᠳᠠᠷ ᠪᠠ ᠦᠩᠭᠡ ᠭᠡᠷᠡᠯ ᠨᠢ ᠪᠦᠷ ᠬᠠᠶᠢᠷ᠎ᠠ ᠪᠠ ᠬᠠᠷᠢᠭᠤᠴᠠᠯᠭ᠎ᠠ ᠪᠠᠷ | ᠲᠠᠮᠵᠢᠨ ᠢᠯᠡᠷᠡᠳᠡᠭ ᠠᠴᠠ ᠬᠠᠶᠢᠷ᠎ᠠ ᠪᠠ ᠬᠠᠷᠢᠭᠤᠴᠠᠯᠭ᠎ᠠ ᠪᠤᠯ ᠪᠠᠭᠰᠢ ᠶᠢᠨ ᠠᠵᠢᠯ ᠤᠨ ᠰᠦᠭ ᠰᠦᠨᠡᠰᠦ | ᠮᠦᠨ᠃ ᠬᠠᠶᠢᠷ᠎ᠠ ᠠᠴᠠ ᠡᠭᠦᠰᠦᠭᠰᠡᠨ ᠦᠭᠡᠢ ᠬᠠᠷᠢᠭᠤᠴᠠᠯᠭ᠎ᠠ ᠨᠢ ᠲᠡᠷᠡ ᠴᠡᠭ ᠢᠶᠠᠷ ᠢᠶᠠᠨ ᠠᠯᠪᠠᠳᠠᠯᠭ᠎ᠠ ᠪᠤᠯᠵᠤ | ᠬᠠᠨᠤᠮᠵᠢᠳᠠᠢ ᠦᠷ᠎ᠡ ᠳ᠋ᠦᠩ ᠳᠤ ᠬᠦᠷᠴᠦ ᠲᠡᠶᠢᠯᠬᠦ ᠦᠭᠡᠢ ᠶᠤᠮ᠃ | 2014 ᠤᠨ ᠤ 9 ᠰᠠᠷ᠎ᠠ ᠶᠢᠨ 9 ᠤ ᠡᠳᠦᠷ ᠪᠡᠭᠡᠵᠢᠩ ᠪᠠᠭᠰᠢ ᠶᠢᠨ ᠶᠡᠭᠡ ᠰᠤᠷᠭᠠᠭᠤᠯᠢ ᠳᠤ ᠪᠤᠯᠤᠭᠰᠠᠨ | 30 ᠳᠠᠬᠢ ᠪᠠᠭᠰᠢ ᠶᠢᠨ ᠪᠠᠶᠠᠷ ᠢ ᠪᠡᠯᠭᠡᠯᠡᠬᠦ ︽ᠪᠠᠭᠰᠢ ᠶᠢ ᠬᠦᠨᠳᠦᠳᠭᠡᠵᠦ ᠰᠤᠷᠭᠠᠨ ᠬᠦᠮᠦᠵᠢᠯ ᠢ ᠴᠢᠬᠤᠯᠠᠴᠢᠯᠠᠨ᠂ | ᠲᠤᠮᠳᠠᠳᠤ ᠶᠢᠨ ᠬᠦᠰᠡᠯ ᠢ ᠲᠡᠷᠭᠡᠯᠰᠢᠭᠦᠯᠬᠦ︾ ᠲᠤᠰᠬᠠᠢ ᠰᠡᠳᠦᠪᠳᠦ ᠲᠡᠯᠭᠡᠨ ᠦᠵᠡᠭᠦᠯᠭᠡ ᠶᠢᠨ ᠬᠤᠷᠠᠯ ᠲᠡᠭᠡᠷ᠎ᠡ | ᠶᠡᠷᠦᠩᠬᠢ ᠱᠦᠵᠢ ᠠᠴᠠ ︽ᠶᠤᠰᠤ ᠶᠢ ᠤᠯᠠᠮᠵᠢᠯᠠᠨ᠂ ᠮᠡᠳᠡᠯᠭᠡ ᠰᠤᠷᠭᠠᠵᠤ᠂ ᠰᠡᠵᠢᠭ ᠢ ᠲᠠᠶᠢᠯᠤᠮᠤᠢ︾ ᠭᠡᠰᠡᠨ | ᠡᠷᠳᠡᠨ ᠠᠴᠠ ᠤᠯᠠᠮᠵᠢᠯᠠᠭᠳᠠᠭᠰᠠᠨ ᠪᠠᠭᠰᠢ ᠶᠢᠨ ᠠᠵᠢᠯ ᠤᠨ ᠬᠠᠷᠢᠭᠤᠴᠠᠯᠭ᠎ᠠ ᠳᠠᠬᠢ ︽ᠶᠤᠰᠤ ᠶᠢ ᠤᠯᠠᠮᠵᠢᠯᠠᠬᠤ︾ ᠨᠢ | ᠬᠠᠷᠢᠭᠤᠴᠠᠯᠭ᠎ᠠ ᠶᠢᠨ ᠲᠡᠭᠡᠳᠦ ᠭᠡᠳᠡᠭ ᠲᠤ ᠲᠠᠬᠢᠨᠳᠠ ᠨᠤᠳᠠᠯᠯᠠᠳᠠ ᠬᠢᠭᠰᠡᠨ ᠶᠤᠮ᠃ ᠡᠭᠦᠨ ᠤ ᠲᠠᠭᠠᠤ ᠳᠤ ︽ᠰᠠᠶᠢᠨ | ᠪᠠᠭᠰᠢ︾ ᠪᠤᠯᠬᠤ ᠲᠤᠬᠠᠢ ᠲᠤᠤᠷᠠᠬᠢ ᠮᠡᠳᠦ ᠲᠦᠷᠪᠡᠨ ᠪᠠᠷᠢᠮᠵᠢᠶ᠎ᠠ ᠲᠤᠷᠠᠳᠤᠭᠰᠠᠨ ᠪᠠᠶᠢᠨ᠎ᠠ᠃ | 1. ᠰᠤᠷᠤᠭᠴᠢᠳ ᠲᠤ ᠪᠠᠨ ᠰᠠᠶᠢᠨ ᠰᠠᠶᠢᠬᠠᠨ ᠢᠷᠡᠭᠡᠳᠦᠢ ᠶᠢᠨ ᠬᠦᠰᠡᠯᠡᠩ ᠢ ᠤᠷᠭᠤᠭᠤᠯᠤᠨ᠂ ᠬᠦᠰᠡᠯ ᠢᠶᠠᠨ | ᠲᠡᠷᠭᠡᠯᠰᠢᠭᠦᠯᠬᠦ ᠳᠤ ᠨᠢ ᠵᠠᠮᠴᠢᠯᠠᠭᠰᠠᠨ ᠪᠠᠶᠢᠬᠤ ᠬᠡᠷᠡᠭᠳᠡᠢ︔ | 2. ᠶᠤᠰᠤ ᠡᠷᠳᠡᠮ ᠢᠶᠠᠷ ᠬᠦᠮᠦᠨ ᠢ ᠪᠢᠰᠢᠷᠠᠭᠦᠯᠵᠦ᠂ ᠪᠡᠶ᠎ᠡ ᠪᠠᠷ ᠢᠶᠠᠨ ᠬᠡᠪ ᠲᠦᠷᠢᠮ ᠪᠤᠯᠵᠤ ᠴᠢᠳᠠᠭᠰᠠᠨ | ᠪᠠᠶᠢᠬᠤ ᠬᠡᠷᠡᠭᠳᠡᠢ︔ | 3. ᠰᠤᠷᠤᠭᠴᠢ ᠳᠤ ᠪᠠᠨ ᠨᠢᠭᠡ ᠴᠤᠮᠤ ᠤᠰᠤ ᠬᠦᠷᠭᠡᠬᠦ ᠳᠤ ᠦᠪᠡᠰᠤᠪᠠᠨ ᠵᠠᠪᠠᠯ ᠨᠢᠭᠡ ᠰᠠᠭᠤᠯᠠᠭ᠎ᠠ ᠤᠰᠤ | ᠪᠡᠯᠡᠳᠭᠡᠭᠰᠡᠨ ᠪᠠᠶᠢᠬᠤ ᠭᠡᠷᠡᠭᠳᠠᠢ︔ | 4. ᠬᠠᠶᠢᠷ᠎ᠠ ᠪᠠᠷ ᠬᠠᠶᠢᠷ᠎ᠠ ᠶᠢ ᠬᠦᠮᠦᠵᠢᠭᠦᠯᠵᠦ᠂ ᠬᠠᠶᠢᠷ᠎ᠠ ᠶᠢ ᠬᠦᠭᠵᠢᠭᠡᠨ᠂ ᠬᠠᠶᠢᠷ᠎ᠠ ᠶᠢ ᠤᠯᠠᠮᠵᠢᠯᠠᠭᠰᠠᠨ | ᠪᠠᠶᠢᠬᠤ ᠭᠡᠷᠡᠭᠳᠠᠢ᠃ | ᠶᠡᠷᠦᠩᠬᠡᠢ ᠱᠦᠵᠢ ᠶᠢᠨ ᠲᠤᠷᠠᠳᠤᠭᠰᠠᠨ ᠰᠠᠶᠢᠨ ᠪᠠᠭᠰᠢ ᠪᠤᠯᠬᠤ ᠶᠢᠨ ᠪᠠᠷᠢᠮᠵᠢᠶ᠎ᠠ ᠨᠢ ᠮᠠᠨ ᠤ ᠠᠵᠢᠯ ᠤᠨ | ᠲᠦᠯᠬᠢᠴᠡ ᠬᠦᠴᠦᠨ ᠪᠤᠯ ᠬᠠᠶᠢᠷ᠎ᠠ ᠪᠠ ᠬᠠᠷᠢᠭᠤᠴᠠᠯᠭ᠎ᠠ ᠭᠡᠳᠡᠭ ᠢ ᠨᠤᠳᠠᠯᠠᠭᠰᠠᠨ ᠪᠠᠶᠢᠨ᠎ᠠ᠃ | ︽ᠰᠤᠷᠳᠠᠯ ᠲᠦᠪ ᠪᠤᠯᠪᠠᠰᠤ ᠲᠠᠭᠤᠷᠢᠶᠠᠯ᠂ ᠰᠤᠷᠤᠭᠰᠠᠨ ᠭᠦᠨ ᠪᠤᠯᠪᠠᠰᠤ ᠪᠠᠭᠰᠢ︾ ᠭᠡᠳᠡᠭ ᠢᠶᠠᠷ ᠪᠠᠭᠰᠢ | ᠬᠦᠮᠦᠨ ᠪᠤᠯ ᠰᠤᠷᠤᠭᠴᠢ ᠶᠢᠨ ᠠᠮᠢᠳᠤ ᠬᠡᠪ ᠲᠦᠷᠢᠮ ᠮᠦᠨ᠃ ᠶᠠᠭ ᠡᠶᠢᠮᠦ ᠠᠴᠠ ᠠᠰᠬᠠᠨ ᠤᠷᠭᠤᠭᠰᠠᠨ | ᠮᠤᠳᠤᠨ ᠠᠴᠠ ᠲᠡᠭᠰᠢᠬᠡᠨ ᠰᠡᠭᠦᠳᠡᠷ ᠲᠤᠰᠴᠤ ᠮᠤᠷᠤᠢ ᠤᠷᠭᠤᠭᠰᠠᠨ ᠮᠤᠳᠤᠨ ᠠᠴᠠ ᠬᠠᠵᠠᠭᠠᠢ ᠰᠡᠭᠦᠳᠡᠷ | ᠲᠤᠰᠳᠠᠭ ᠲᠠᠢ ᠠᠳᠠᠯᠢ ᠪᠠᠷ ᠰᠠᠶᠢᠨ ᠪᠠᠭᠰᠢ ᠠᠴᠠ ᠰᠢᠯᠢᠳᠡᠭ ᠱᠠᠪᠢ ᠬᠦᠮᠦᠵᠢᠭᠳᠡᠳᠡᠭ᠃ | ᠪᠠᠭ᠎ᠠ ᠰᠤᠷᠭᠠᠭᠤᠯᠢ ᠶᠢᠨ ᠲᠠᠪᠤᠳᠤᠭᠠᠷ ᠤᠨ ᠤ ᠲᠤᠤᠷᠠᠳᠤ ᠬᠤᠭᠤᠴᠠᠭᠠᠨ ᠤ ᠮᠤᠩᠭᠤᠯ ᠬᠡᠯᠡᠨ ᠤ ᠤᠩᠰᠢᠬᠤ | ᠪᠢᠴᠢᠭ ᠲᠠᠬᠢ ︽ᠬᠠᠶᠢᠷ᠎ᠠ ᠶᠢᠨ ᠬᠦᠮᠦᠵᠢᠯ︾ ᠭᠡᠬᠦ ᠵᠤᠬᠢᠶᠠᠯ ᠤᠨ ᠭᠤᠤᠯ ᠪᠠᠭᠠᠳᠤᠷ ᠪᠠᠷᠠᠩᠳᠢ ᠳ᠋ᠡᠸᠢ ᠬᠤᠶᠠᠷ | ᠬᠡᠤᠬᠡᠳ ᠪᠤᠯ ᠰᠤᠯᠠ ᠵᠠᠳᠠᠭᠠᠢ᠂ ᠶᠠᠭᠠᠬᠢᠬᠤ ᠶᠢᠨ ᠠᠷᠭ᠎ᠠ ᠦᠭᠡᠢ ᠠᠯᠢᠶ᠎ᠠ ᠲᠦᠢᠳᠭᠡᠷ ᠬᠡᠤᠬᠡᠳ ᠶᠤᠮ᠃ ᠵᠤᠬᠢᠶᠠᠭᠴᠢ | ︽ᠪᠢ︾ ᠶᠢ ᠨᠢᠭᠡ ᠤᠳᠠᠭ᠎ᠠ ᠲᠤᠭᠤᠢ ᠤᠨᠤᠵᠤ ᠶᠠᠪᠤᠬᠤ ᠳᠤ ᠨᠢ ᠲᠤᠭᠤᠢ ᠲᠠᠢ ᠨᠢ ᠬᠠᠮᠳᠤ ᠵᠠᠮ ᠤᠨ ᠭᠤᠤ ᠤᠷᠤᠭᠤ | ᠲᠦᠯᠬᠢᠨ ᠤᠨᠠᠭᠠᠵᠤ ᠦᠩᠭᠡᠷᠡᠪᠡ᠃ ︽ᠪᠢ︾ ᠬᠡᠳᠦ᠋ᠢᠪᠡᠷ ᠬᠦᠨᠳᠦ ᠰᠢᠷᠠᠭᠳᠤᠭᠰᠠᠨ ᠴᠦ ᠡᠵᠢ ᠳᠤ ᠪᠠᠨ ᠬᠡᠯᠡᠬᠦ | ᠵᠤᠷᠢᠭ ᠦᠭᠡᠢ᠂ ᠤᠴᠢᠷ ᠨᠢ ᠡᠵᠢ ᠶᠢᠨ ᠬᠢᠨᠢ ︽ᠪᠢ︾ ᠶᠢ ᠦᠮᠦᠭᠯᠡᠭᠰᠡᠨ ᠰᠢᠭᠦᠮᠵᠢᠯᠡᠯ ᠭᠡᠳᠡᠷᠭᠦ ᠲᠡᠭᠦᠨ ᠳᠤ | ᠦᠰᠢᠶ᠎ᠡ ᠠᠪᠬᠤ ᠦᠷ᠎ᠡ ᠳ᠋ᠦᠩ ᠢ ᠠᠪᠴᠢᠷᠠᠵᠤ ᠮᠡᠳᠡᠨ᠎ᠡ᠃ ᠭᠡᠪᠡᠴᠦ ︽ᠪᠢ︾ ᠶᠢᠨ ᠲᠤᠯᠤᠭᠠᠢ ᠲᠡᠭᠡᠷᠡᠬᠢ | ᠬᠠᠪᠤᠳᠠᠷ ᠠᠴᠠ ᠡᠵᠢ ᠨᠢ ᠤᠴᠢᠷ ᠤᠬᠠᠭᠠᠨ ᠢ ᠨᠢ ᠤᠶᠢᠯᠠᠭᠠᠭᠰᠠᠨ ᠤ ᠲᠠᠷᠠᠭ᠎ᠠ ᠲᠡᠷᠡ ᠬᠤᠶᠠᠷ ᠠᠴᠠ ᠬᠡᠷᠡᠭ ᠨᠡᠬᠡᠭᠰᠡᠨ | ᠦᠭᠡᠢ ᠬᠠᠷᠢᠨ ᠭᠠᠷᠠᠭ ᠤᠨ ᠴᠢᠯᠦᠭᠡᠨ ᠳᠤ ᠵᠤᠬᠢᠶᠠᠭᠴᠢ ᠲᠠᠢ ᠬᠠᠮᠳᠤ ᠺᠢᠨᠤ᠋ ᠦᠵᠡᠬᠦ ᠪᠠᠷ ᠶᠠᠪᠤᠬᠤ ᠵᠠᠮ ᠵᠠᠭᠤᠷ᠎ᠠ ᠲᠡᠷᠡ | ᠠᠬ᠎ᠠ ᠲᠡᠭᠦᠦ ᠬᠤᠶᠠᠭᠤᠯᠠ ︽ᠪᠢ︾ ᠳᠤ ᠪᠤᠷᠤᠭᠤ ᠬᠦᠯᠢᠶᠡᠭᠰᠡᠨ ᠪᠠᠶᠢᠨ᠎ᠠ᠃ ᠵᠤᠬᠢᠶᠠᠭᠴᠢ ︽ᠪᠢ︾ ᠶᠢᠨ ᠡᠵᠢ ᠨᠢ | ᠶᠠᠭ ᠮᠠᠨ ᠲᠠᠢ ᠠᠳᠠᠯᠢ ᠡᠭᠡᠯ ᠵᠢᠷ ᠤᠨ ᠠᠷᠠᠳ ᠤᠨ ᠪᠠᠭᠰᠢ᠂ ᠲᠡᠷᠡ ᠦᠪᠡᠷ ᠤᠨ ᠪᠤᠳᠠᠳᠤ ᠤᠶᠢᠯᠡ | ᠠᠵᠢᠯᠯᠠᠭ᠎ᠠ ᠪᠠᠷ ᠢᠶᠠᠨ ᠰᠤᠷᠤᠭᠴᠢ ᠳᠤ ᠪᠠᠨ ᠲᠦᠷᠢᠮ ᠪᠤᠯᠤᠭᠰᠠᠨ ᠠᠭᠤᠤ ᠶᠡᠭᠡ ᠬᠠᠶᠢᠷ᠎ᠠ ᠶᠢᠨ ᠰᠡᠳᠬᠢᠯ ᠢᠶᠠᠷ | ᠬᠠᠶᠢᠷ᠎ᠠ ᠶᠢᠨ ᠬᠦᠮᠦᠵᠢᠯ ᠢ ᠬᠢᠵᠦ ᠴᠢᠳᠠᠭᠰᠠᠨ ᠠᠴᠠ ᠵᠤᠵᠢᠭ ᠵᠡᠩ ᠲᠠᠢ ᠠᠬ᠎ᠠ ᠲᠡᠭᠦᠦ ᠬᠤᠶᠠᠭᠤᠯᠠ ᠶᠢ ᠵᠢᠷᠦᠮ ᠲᠠᠢ | ᠤᠬᠠᠭᠠᠨ ᠲᠠᠢ᠂ ᠪᠤᠷᠤᠭᠤ ᠪᠠᠨ ᠮᠡᠳᠡᠷᠡᠳᠡᠭ ᠬᠡᠤᠬᠡᠳ ᠪᠤᠯᠭᠠᠭᠰᠠᠨ ᠪᠠᠶᠢᠨ᠎ᠠ᠃ | ︽ᠬᠡᠤᠬᠡᠳ ᠢ ᠬᠠᠶᠢᠷᠠᠯᠠᠵᠤ ᠴᠢᠳᠠᠭᠰᠠᠨ ᠪᠠᠭᠰᠢ ᠰᠠᠶ᠋ᠢ ᠬᠡᠤᠬᠡᠳ ᠢ ᠬᠦᠮᠦᠵᠢᠭᠦᠯᠵᠦ ᠴᠢᠳᠠᠨ᠎ᠠ︾ ᠭᠡᠵᠦ | ᠠᠯᠳᠠᠷᠳᠤ ᠵᠤᠬᠢᠶᠠᠯᠴᠢ ᠭᠤᠷᠺᠢ ᠬᠡᠯᠡᠭᠰᠡᠨ᠃ ᠬᠦᠮᠦᠨ ᠢ ᠬᠦᠮᠦᠵᠢᠭᠦᠯᠬᠦ ᠠᠵᠢᠯ ᠨᠢ ᠬᠠᠶᠢᠷ᠎ᠠ ᠪᠠᠷ ᠬᠠᠶᠢᠷ᠎ᠠ ᠶᠢ | ᠲᠠᠷᠢᠵᠦ᠂ ᠬᠠᠷᠢᠭᠤᠴᠠᠯᠭ᠎ᠠ ᠲᠠᠢ ᠬᠦᠮᠦᠨ ᠢ ᠬᠦᠮᠦᠵᠢᠭᠦᠯᠬᠦ ᠠᠷᠢᠭᠤᠨ ᠲᠠᠷᠬᠠᠨ ᠠᠵᠢᠯ ᠮᠦᠨ᠃ ᠬᠦᠮᠦᠨ ᠠᠮᠢ | ᠨᠠᠰᠤ ᠶᠢ ᠤᠯᠬᠤ ᠳᠤ ᠬᠦᠴᠢᠷ᠂ ᠲᠡᠭᠡᠪᠡᠯ ᠬᠦᠮᠦᠨ ᠢ ᠬᠦᠮᠦᠵᠢᠭᠦᠯᠬᠦ ᠠᠵᠢᠯ ᠨᠢ ᠨᠢᠭᠡᠨᠳᠡ ᠤᠯᠤᠭᠰᠠᠨ ᠠᠮᠢ | ᠨᠠᠰᠤᠨ ᠳᠤ ᠭᠡᠷᠡᠯ ᠬᠢᠯᠪᠠᠭ᠎ᠠ ᠨᠡᠮᠡᠷᠢᠯᠡᠬᠦ ᠤᠴᠢᠷ ᠠᠴᠠ ᠨᠠᠷᠢᠨ ᠪᠤᠳᠤᠯᠢᠶᠠᠨᠳᠠᠢ ᠪᠠᠶᠢᠳᠠᠭ᠃ ᠭᠡᠪᠡᠴᠦ ᠪᠢᠳᠡ | ᠰᠡᠳᠬᠢᠯ ᠢᠶᠠᠷ ᠢᠶᠠᠨ ᠤᠴᠢᠵᠤ ᠠᠵᠢᠯ ᠢᠶᠠᠨ ᠮᠡᠳᠡᠷᠡᠨ᠂ ᠬᠠᠶᠢᠷ᠎ᠠ ᠪᠠᠷ ᠢᠷᠡᠵᠦ ᠰᠤᠷᠤᠭᠴᠢ ᠪᠠᠨ ᠤᠶᠢᠯᠠᠭᠠᠨ᠂ | ᠲᠡᠭᠡᠳᠦ ᠬᠡᠮᠵᠢᠶᠡᠨ ᠤ ᠬᠠᠷᠢᠭᠤᠴᠠᠯᠭ᠎ᠠ ᠪᠠᠷ ᠰᠤᠷᠤᠭᠴᠢ ᠪᠠᠨ ᠬᠦᠮᠦᠵᠢᠭᠦᠯᠳᠡᠭ ᠯᠠ ᠶᠤᠮ ᠪᠤᠯ ᠨᠡᠶᠢᠭᠡᠮ ᠳᠤ | ᠬᠦᠷᠢᠶᠡᠯᠡᠯ ᠲᠠᠢ᠂ ᠰᠤᠷᠤᠭᠴᠢ ᠳᠤ ᠪᠠᠨ ᠬᠦᠨᠳᠦᠳᠭᠡᠭᠳᠡᠭᠰᠡᠨ ᠪᠠᠭᠰᠢ ᠪᠤᠯᠳᠠᠬ᠃ ᠬᠠᠶᠢᠷ᠎ᠠ ᠪᠠ ᠬᠠᠷᠢᠭᠤᠴᠠᠯᠭ᠎ᠠ ᠶᠢᠨ | ᠬᠦᠴᠦ ᠳᠤ ᠠᠮᠵᠢᠯᠳᠠ ᠶᠢᠨ ᠬᠠᠭᠠᠯᠭ᠎ᠠ ᠬᠡᠵᠢᠶᠡᠳᠡ ᠨᠡᠭᠡᠭᠡᠯᠳᠡᠳᠡᠢ ᠪᠠᠶᠢᠳᠠᠭ᠃ | ᠠᠵᠢᠯᠯᠠᠵᠤ ᠪᠠᠶᠢᠭ᠎ᠠ ᠪᠠᠶᠢᠭᠤᠯᠭ᠎ᠠ᠄ ᠤᠡᠭᠨᠢᠭᠤᠳ ᠬᠤᠰᠢᠭᠤᠨ ᠤ ᠪᠤᠷᠤᠬᠤᠳᠠ | ᠮᠤᠩᠭᠤᠯ ᠪᠠᠭ᠎ᠠ ᠰᠤᠷᠭᠠᠭᠤᠯᠢ | ︵ᠠᠯᠳᠠᠨᠰᠦ᠋ᠭᠡ ᠨᠠᠶᠢᠷᠠᠭᠤᠯᠪᠠ︶ | |