ᠸᠠᠩ ᠲᠤᠶᠠᠭ᠎ᠠ | | | | | | ︽ᠰᠣᠳᠤᠨ ᠪᠦᠲᠦᠭᠡᠯ ᠤᠨ ᠣᠡᠭᠰᠢᠯᠭ᠎ᠠ︾ ᠨᠢ 2001 ᠣᠨ ᠤ ᠪᠦᠬᠦᠯᠢ ᠡᠳᠦᠷ ᠤᠨ ᠳᠦᠷᠢᠮᠲᠦ ᠠᠯᠪᠠᠨ | ᠵᠢᠷᠤᠮ ᠤᠨ ᠰᠤᠷᠭᠠᠨ ᠬᠥᠮᠦᠵᠢᠯ ᠤᠨ ︽ᠬᠡᠯᠡ ᠪᠢᠴᠢᠭ ᠤᠨ ᠬᠢᠴᠢᠶᠡᠯ ᠤᠨ ᠪᠠᠷᠢᠮᠵᠢᠶ᠎ᠠ︾ ᠳᠤ ᠵᠢᠭᠠᠨ | ᠰᠤᠷᠭᠠᠯᠲᠠ ᠶᠢᠨ ᠰᠠᠨᠠᠭᠤᠯᠭ᠎ᠠ ᠶᠢᠨ ᠬᠡᠯᠪᠡᠷᠢ ᠪᠠᠷ ᠪᠢᠴᠢᠭᠳᠡᠵᠦ ᠣᠷᠤᠭᠰᠠᠨ ᠤᠴᠢᠷ ᠠᠴᠠ ᠬᠢᠴᠢᠶᠡᠯᠯᠡᠭᠡ ᠶᠢᠨ | ᠥᠭᠡᠷᠡᠴᠢᠯᠡᠯᠲᠡ ᠶᠠᠪᠤᠭᠳᠠᠭᠠᠳ ᠬᠤᠷᠢᠨ ᠵᠢᠯ ᠦᠡᠭᠭᠡᠷᠡᠭᠰᠡᠨ ᠴᠦ ᠲᠡᠷᠡ ᠨᠢ ᠳᠤᠮᠳᠠᠳᠦ ᠪᠠᠭ᠎ᠠ ᠰᠤᠷᠭᠠᠭᠤᠯᠢ ᠶᠢᠨ | ᠬᠡᠯᠡ ᠪᠢᠴᠢᠭ ᠤᠨ ᠬᠢᠴᠢᠶᠡᠯ ᠤᠨ ᠵᠢᠭᠠᠨ ᠰᠤᠷᠭᠠᠯᠲᠠ ᠶᠢᠨ ᠵᠢᠩᠬᠢᠨᠢ ᠠᠭᠤᠯᠭ᠎ᠠ ᠪᠣᠯᠵᠦ ᠳᠡᠶᠢᠯᠦᠭᠡ ᠦᠭᠡᠢ | ᠪᠠᠶᠢᠭᠰᠠᠭᠠᠷ᠃ ︽ᠰᠣᠳᠤᠨ ᠪᠦᠲᠦᠭᠡᠯ ᠤᠨ ᠣᠡᠭᠰᠢᠯᠭ᠎ᠠ︾ ᠨᠢ ᠰᠤᠷᠬᠤ ᠪᠢᠴᠢᠭ ᠲᠤ ᠴᠦ ᠬᠠᠷᠠᠭᠳᠠᠬᠤ ᠦᠭᠡᠢ᠂ | ᠰᠤᠷᠬᠤ ᠪᠢᠴᠢᠭ ᠲᠤ ᠰᠣᠩᠭᠤᠭᠳᠠᠭᠰᠠᠨ ᠨᠢ ᠵᠥᠪᠬᠡᠨ ᠣᠬᠤᠷᠬᠠᠨ ᠬᠢᠴᠢᠶᠡᠯ ᠪᠣᠯᠬᠤ ᠮᠥᠷᠲᠡᠭᠡᠨ ᠬᠡᠯᠡ ᠪᠢᠴᠢᠭ ᠤᠨ | ᠪᠠᠭᠰᠢ ᠪᠣᠯᠭᠠᠨ ᠰᠣᠳᠤᠨ ᠪᠦᠲᠦᠭᠡᠯ ᠤᠨ ᠣᠡᠭᠰᠢᠯᠭ᠎ᠠ ᠶᠢᠨ ᠬᠢᠴᠢᠶᠡᠯ ᠢ ᠵᠢᠯᠤᠭᠤᠳᠬᠤ ᠴᠢᠳᠠᠪᠦᠷᠢ ᠶᠢ | ᠪᠦᠷᠢᠯᠳᠦᠭᠦᠯᠵᠦ ᠳᠡᠶᠢᠯᠦᠭᠡ ᠦᠭᠡᠢ ᠤᠴᠢᠷ ᠠᠴᠠ ᠬᠡᠯᠡ ᠪᠢᠴᠢᠭ ᠤᠨ ᠵᠢᠭᠠᠨ ᠰᠤᠷᠭᠠᠯᠲᠠ ᠨᠢ ᠮᠥᠨ ᠯᠠ | ︽ᠪᠠᠭᠠᠵᠢᠴᠢ ᠰᠢᠨᠵᠢ︾ ᠪᠠ ︽ᠬᠥᠮᠦᠨ ᠰᠣᠶᠤᠯ ᠤᠨ ᠰᠢᠨᠵᠢ︾ ᠶᠢᠨ ᠬᠤᠭᠤᠷᠤᠨᠳᠦ ᠬᠡᠯᠪᠡᠯᠵᠡᠭᠰᠡᠭᠡᠷ | ᠪᠠᠶᠢᠭ᠎ᠠ᠃ ︽ᠬᠢᠴᠢᠶᠡᠯ ᠤᠨ ᠪᠠᠷᠢᠮᠵᠢᠶ᠎ᠠ︾ ᠳᠤ ᠵᠢᠭᠰᠠᠭᠠᠭᠳᠠᠭᠰᠠᠨ ︽ᠰᠣᠳᠤᠨ ᠪᠦᠲᠦᠭᠡᠯ︾ ᠨᠢ ᠵᠥᠪᠬᠡᠨ | ᠬᠢᠴᠢᠶᠡᠯ ᠤᠨ ᠭᠠᠳᠠᠨᠠᠬᠢ ᠣᠡᠭᠰᠢᠯᠭ᠎ᠠ ᠳᠤ ᠲᠠᠨᠢᠯᠴᠠᠭᠤᠯᠤᠭᠰᠠᠨ ᠨᠣᠮ ᠪᠠᠶᠢᠳᠠᠬ᠃ ᠰᠤᠷᠬᠤ ᠪᠢᠴᠢᠭ ᠲᠤ ᠴᠤᠬᠤᠰ | ᠢᠯᠡᠷᠡᠳᠡᠭ ᠨᠢ ︽ᠲᠤᠰ ᠬᠢᠴᠢᠶᠡᠯ ᠢ ᠬᠡᠨ ᠤ ᠶᠠᠮᠠᠷ ᠨᠣᠮ ᠠᠴᠠ ᠬᠡᠰᠡᠭᠯᠡᠨ ᠰᠣᠩᠭᠤᠪᠠ︾ ᠭᠡᠭᠦ ᠠᠴᠠ ᠪᠢᠰᠢ᠂ | ᠲᠡᠷᠡ ᠨᠣᠮ ᠢ ᠣᠡᠭᠰᠢᠵᠦ ᠭᠦᠢᠴᠡᠳᠭᠡᠬᠦ ᠠᠯᠪᠠ ᠪᠠᠶᠢᠬᠤ ᠦᠭᠡᠢ᠂ ᠠᠳᠠᠭ ᠲᠤ ᠪᠠᠨ ᠲᠤᠰ ᠵᠣᠬᠢᠶᠠᠭᠴᠢ ᠶᠢᠨ | ᠪᠤᠰᠤᠳ ᠪᠦᠲᠦᠭᠡᠯ ᠢ ᠴᠦ ᠲᠠᠨᠢᠯᠴᠠᠭᠤᠯᠬᠤ ᠶᠤᠮ ᠦᠦ ᠬᠢᠴᠢᠶᠡᠯ ᠳᠤ ᠪᠠᠨ ᠠᠪᠴᠦ ᠢᠷᠡᠭᠡᠳ ᠣᠡᠭᠰᠢᠵᠦ ᠥᠭᠬᠦ | ᠳᠣᠬᠢᠶᠠᠯᠳᠤᠯ ᠴᠦ ᠪᠠᠶᠢᠬᠤ ᠦᠭᠡᠢ ᠶᠤᠮ᠃ ᠶᠠᠭ ᠡᠶᠢᠮᠦ ᠤᠴᠢᠷ ᠠᠴᠠ ᠮᠠᠨ ᠤ ᠪᠠᠭᠰᠢ ᠨᠠᠷ ︽ᠰᠣᠳᠤᠨ | ᠪᠦᠲᠦᠭᠡᠯ ᠤᠨ ᠲᠠᠨᠢᠯᠴᠠᠭᠤᠯᠭ᠎ᠠ︾᠂ ︽ᠰᠣᠳᠤᠨ ᠪᠦᠲᠦᠭᠡᠯ ᠤᠨ ᠤᠡᠭᠰᠢᠯᠭ᠎ᠠ︾ ᠬᠢᠬᠦ ᠱᠠᠭᠠᠷᠳᠠᠯᠭ᠎ᠠ ᠴᠦ ᠪᠠᠶᠢᠬᠤ | ᠦᠭᠡᠢ᠃ ᠭᠡᠪᠠᠴᠤ ᠮᠢᠨᠦ ᠪᠤᠳᠤᠬᠤ ᠪᠠᠷ ︽ᠰᠤᠳᠤᠨ ᠪᠦᠳᠦᠭᠡᠯ︾ ᠨᠢ ᠲᠡᠭᠦᠨ ᠤ ᠬᠢᠵᠠᠭᠠᠷᠯᠠᠰᠢ ᠦᠭᠡᠢ ᠦᠨ᠎ᠠ | ᠦᠷᠳᠡᠭ ᠲᠠᠢ ᠪᠠᠶᠢᠳᠠᠬ᠃ ᠪᠢᠳᠠ ᠲᠡᠭᠦᠨ ᠢ ᠰᠤᠷᠤᠭᠴᠢᠳ ᠲᠤ ᠪᠠᠨ ᠲᠠᠨᠢᠯᠴᠠᠭᠤᠯᠤᠨ ᠤᠡᠭᠰᠢᠭᠤᠯᠪᠠᠯ ᠲᠡᠳᠠᠨ ᠤ | ᠮᠠᠳᠠᠯᠭᠡ ᠶᠢᠨ ᠭᠦᠷᠢᠶ᠎ᠠ ᠭᠡᠪᠴᠢᠶ᠎ᠠ ᠶᠢ ᠦᠷᠭᠡᠳᠭᠡᠭᠦ ᠨᠢ ᠯᠠᠪᠳᠠᠢ ᠶᠤᠮ᠃ | ᠨᠢᠭᠡ᠂ ︽ᠰᠣᠳᠤᠨ ᠪᠦᠲᠦᠭᠡᠯ ᠤᠨ ᠣᠡᠭᠰᠢᠯᠭ᠎ᠠ︾ ᠶᠢᠨ ᠬᠢᠴᠢᠶᠡᠯ ᠢ ᠬᠡᠷᠬᠢᠨ ᠵᠢᠯᠤᠭᠤᠳᠬᠤ ᠪᠣᠢ | ᠰᠤᠷᠬᠤ ᠪᠢᠴᠢᠭ ᠲᠤ ᠰᠣᠩᠭᠤᠭᠳᠠᠨ ᠣᠷᠤᠭᠰᠠᠨ ᠣᠬᠤᠷ ᠵᠣᠬᠢᠶᠠᠯ ᠨᠢ ᠰᠣᠳᠤᠨ ᠪᠦᠲᠦᠭᠡᠯ ᠤᠨ ᠨᠢᠭᠡ | ᠬᠡᠰᠡᠭ ᠪᠣᠯᠤᠨ᠎ᠠ᠃ ᠪᠠᠭᠰᠢ ᠨᠠᠷ ᠵᠢᠭᠠᠨ ᠰᠤᠷᠭᠠᠯᠲᠠ ᠳᠤᠮᠳᠠ ᠪᠠᠨ ᠰᠤᠷᠤᠭᠴᠢᠳ ᠢ ᠲᠤᠰ ᠵᠣᠬᠢᠶᠠᠯ ᠤᠨ | ᠪᠢᠴᠢᠭᠳᠡᠭᠰᠡᠨ ᠣᠷᠴᠢᠨ ᠠᠬᠤᠢ ᠳᠤ ᠬᠥᠲᠦᠯᠦᠨ ᠣᠷᠤᠭᠤᠯᠵᠦ᠂ ᠪᠡᠶ᠎ᠡ ᠰᠡᠳᠭᠢᠯ ᠢᠶᠠᠷ ᠨᠢ ᠮᠡᠳᠡᠷᠡᠭᠦᠯᠵᠦ ᠵᠢᠭᠠᠵᠦ | ᠴᠢᠳᠠᠪᠠᠯ ᠰᠠᠶᠢᠨ᠃ ᠣᠬᠤᠷ ᠵᠣᠬᠢᠶᠠᠯ ᠪᠠ ᠰᠣᠳᠤᠨ ᠪᠦᠲᠦᠭᠡᠯ ᠤᠨ ᠬᠠᠷᠢᠴᠠᠭ᠎ᠠ ᠨᠢ ᠪᠦᠬᠦᠯᠢ ᠴᠣᠭᠴᠠ ᠪᠠ ᠬᠡᠰᠡᠭ | ᠪᠦᠯᠦᠭ ᠤᠨ ᠬᠠᠷᠢᠴᠠᠭ᠎ᠠ ᠮᠥᠨ᠃ ᠡᠶᠢᠮᠦ ᠠᠴᠠ ᠵᠢᠭᠠᠨ ᠰᠤᠷᠭᠠᠯᠲᠠ ᠳᠤᠮᠳᠠ ᠪᠠᠨ ᠬᠡᠰᠡᠭ ᠪᠦᠯᠦᠭ ᠠᠴᠠ ᠪᠦᠬᠦᠯᠢ | ᠴᠣᠭᠴᠠ ᠶᠢ ︽ᠰᠢᠨᠵᠢᠵᠦ︾᠂ ᠪᠦᠬᠦᠯᠢ ᠴᠣᠭᠴᠠ ᠠᠴᠠ ᠬᠡᠰᠡᠭ ᠪᠦᠯᠦᠭ ᠢ ︽ᠰᠢᠷᠪᠢᠵᠦ︾᠂ ᠬᠡᠰᠡᠭ ᠪᠦᠯᠦᠭ ᠪᠠ | ᠪᠦᠬᠦᠯᠢ ᠴᠣᠭᠴᠠ ᠶᠢᠨ ᠬᠤᠭᠤᠷᠤᠨᠳᠦ ᠰᠦᠯᠵᠢᠯᠳᠦᠨ ᠵᠢᠭᠠᠨ ᠰᠤᠷᠭᠠᠯᠲᠠ ᠪᠠᠨ ᠲᠥᠰᠦᠪᠯᠡᠪᠡᠯ᠂ ᠰᠤᠷᠤᠭᠴᠢᠳ ᠤᠨ | ︽ᠰᠣᠳᠤᠨ ᠪᠦᠲᠦᠭᠡᠯ ᠤᠨ ᠣᠡᠭᠰᠢᠯᠭ᠎ᠠ︾ ᠶᠢᠨ ᠤᠷᠮ᠎ᠠ ᠶᠢ ᠬᠥᠭᠵᠢᠭᠡᠵᠦ᠂ ᠰᠤᠷᠬᠤ ᠪᠢᠴᠢᠭ ᠲᠠᠬᠢ ᠵᠢᠱᠢᠶ᠎ᠡ | ᠵᠣᠬᠢᠶᠠᠯ ᠵᠢᠭᠠᠬᠤ ᠶᠢᠨ ᠶᠠᠰᠦ ᠴᠢᠨᠠᠷ ᠢ ᠳᠡᠭᠡᠭᠰᠢᠯᠡᠭᠦᠯᠵᠦ ᠪᠣᠯᠤᠨ᠎ᠠ᠃ | ᠡᠨᠡ ᠲᠠᠯ᠎ᠠ ᠪᠠᠷ ᠪᠦᠲᠦᠮᠵᠢᠲᠡᠢ ᠬᠢᠵᠦ ᠣᠷᠤᠯᠳᠤᠶ᠎ᠠ ᠭᠡᠪᠡᠯ ︽ᠣᠡᠭᠰᠢᠯᠭ᠎ᠠ ᠶᠢᠨ ᠬᠤᠯᠪᠤᠭᠠᠰᠦ︾ ᠪᠠᠷ ᠰᠤᠷᠬᠤ | ᠪᠢᠴᠢᠭ ᠲᠠᠬᠢ ᠵᠢᠱᠢᠶ᠎ᠡ ᠵᠣᠬᠢᠶᠠᠯ ᠪᠠ ᠰᠣᠳᠤᠨ ᠪᠦᠲᠦᠭᠡᠯ ᠲᠠᠢ ᠬᠤᠯᠪᠣᠭᠳᠠᠭᠤᠯᠵᠦ᠂ ᠵᠢᠭᠠᠨ ᠰᠤᠷᠭᠠᠯᠲᠠ ᠳᠤ ᠪᠠᠨ | ︽ᠰᠣᠳᠤᠨ ᠪᠦᠲᠦᠭᠡᠯ ᠤᠨ ᠣᠡᠭᠰᠢᠯᠭ᠎ᠠ︾ ᠬᠢᠯᠭᠡᠪᠡᠯ ᠦᠷ᠎ᠡ ᠪᠦᠲᠦᠮᠵᠢᠲᠡᠢ ᠪᠣᠯᠵᠦ ᠪᠣᠯᠤᠨ᠎ᠠ᠃ ︽ᠰᠣᠳᠤᠨ | ᠪᠦᠲᠦᠭᠡᠯ ᠤᠨ ᠣᠡᠭᠰᠢᠯᠭ᠎ᠠ︾ ᠬᠢᠬᠦ ᠳᠤ ᠳᠠᠷᠠᠭᠠᠴᠢ ᠶᠢᠨ ᠭᠤᠷᠪᠠᠨ ᠬᠡᠯᠪᠡᠷᠢ ᠶᠢᠨ ᠭᠢᠴᠢᠶᠡᠯᠯᠡᠭᠡ ᠪᠠᠷ ᠬᠢᠪᠡᠯ | ᠵᠣᠬᠢᠨ᠎ᠠ᠃ | 1. ︽ᠰᠣᠳᠤᠨ ᠪᠦᠲᠦᠭᠡᠯ ᠤᠨ ᠣᠡᠭᠰᠢᠯᠭ᠎ᠠ︾ ᠶᠢᠨ ᠨᠡᠭᠡᠭᠡᠯᠲᠡ ᠶᠢᠨ ᠭᠢᠴᠢᠶᠡᠯᠯᠡᠭᠡ ᠬᠢᠬᠦ᠃ | ᠲᠤᠰ ᠬᠢᠴᠢᠶᠡᠯ ᠳᠤ ᠪᠠᠭᠰᠢ ᠠᠴᠠ ᠬᠠᠮᠤᠭ ᠤᠨ ᠣᠬᠤᠷᠬᠠᠨ ᠴᠠᠭ ᠤᠨ ᠳᠣᠳᠤᠷ᠎ᠠ᠂ ᠲᠣᠪᠴᠢ | ᠠᠪᠰᠠᠷᠬᠠᠨ ᠢᠶᠠᠷ ᠨᠣᠮ ᠣᠡᠭᠰᠢᠯᠭ᠎ᠠ ᠶᠢᠨ ᠬᠢᠴᠢᠶᠡᠯ ᠤᠨ ᠠᠭᠤᠷ ᠠᠮᠢᠰᠬᠤᠯ ᠢ ᠪᠣᠢ ᠪᠣᠯᠭᠠᠵᠦ᠂ ᠰᠤᠷᠤᠭᠴᠢᠳ ᠤᠨ | ᠣᠡᠭᠰᠢᠯᠭ᠎ᠠ ᠶᠢᠨ ᠤᠷᠮ᠎ᠠ ᠪᠠᠬ᠎ᠠ ᠶᠢ ᠳᠠᠶᠢᠴᠢᠯᠠᠨ᠂ ᠨᠣᠮ ᠣᠡᠭᠰᠢᠯᠭ᠎ᠠ ᠶᠢᠨ ᠠᠮᠲᠠᠷᠬᠠᠯ ᠢ ᠪᠡᠶ᠎ᠡ ᠰᠡᠳᠭᠢᠯ ᠢᠶᠠᠷ ᠢᠶᠠᠨ | ᠮᠡᠳᠡᠷᠡᠭᠦᠯᠬᠦ ᠬᠡᠷᠡᠭᠲᠡᠢ᠃ | ︵1︶ ᠨᠡᠭᠡᠭᠡᠯᠲᠡ ᠶᠢᠨ ᠬᠢᠴᠢᠶᠡᠯ ᠤᠨ ᠨᠡᠭᠡᠭᠡᠯᠲᠡ ᠶᠢᠨ ᠶᠠᠷᠢᠶ᠎ᠠ ᠨᠢ ᠰᠤᠷᠤᠭᠴᠢ ᠶᠢᠨ ᠨᠣᠮ ᠤᠡᠭᠰᠢᠯᠭ᠎ᠠ ᠶᠢᠨ | ᠤᠷᠮᠠᠰ ᠢ ᠬᠥᠭᠵᠢᠭᠡᠬᠦ ᠰᠢᠯᠦᠭᠯᠢᠭ ᠢᠷᠠᠭᠤ ᠰᠣᠨᠣᠰᠬᠤᠯᠠᠩ᠂ ᠬᠡᠤᠬᠡᠳ ᠤᠨ ᠤᠷᠮ᠎ᠠ ᠶᠢ ᠳᠠᠶᠢᠴᠢᠯᠠᠭᠰᠠᠨ ᠶᠠᠷᠢᠶ᠎ᠠ | ᠪᠠᠶᠢᠬᠤ ᠬᠡᠷᠡᠭᠲᠠᠢ᠃ | ︵2︶ ᠬᠡᠤᠬᠡᠳ ᠲᠤ ᠦᠯᠢᠭᠡᠷ ᠶᠠᠷᠢᠵᠦ ᠥᠭᠬᠦ ᠬᠡᠷᠡᠭᠲᠡᠢ᠃ ᠲᠤᠰ ᠨᠣᠮ ᠤᠨ ᠳᠣᠲᠤᠷᠠᠬᠢ ᠪᠠᠭ᠋ᠠᠷᠬᠠᠯ ᠢ | ᠲᠠᠳᠠᠭᠰᠠᠨ ᠦᠯᠢᠭᠡᠷ ᠶᠤᠮ ᠦᠦ ᠡᠰᠡᠭᠦᠯ᠎ᠡ ᠲᠤᠰ ᠨᠣᠮ ᠢ ᠣᠡᠭᠰᠢᠵᠦ ᠦᠡᠭᠭᠡᠷᠡᠭᠰᠡᠨ ᠬᠥᠮᠦᠰ ᠤᠨ ᠨᠣᠮ ᠣᠡᠭᠰᠢᠭ᠌ᠰᠠᠨ | ᠲᠥᠷᠦᠭᠳᠡᠯ᠂ ᠲᠤᠰ ᠨᠣᠮ ᠳᠤ ᠨᠥᠯᠦᠭᠡᠯᠡᠭᠳᠡᠨ ᠠᠯᠳᠠᠷᠳᠦ ᠬᠥᠮᠦᠰ ᠪᠣᠯᠤᠭᠰᠠᠨ ᠵᠢᠱᠢᠶ᠎ᠡ ᠶᠢ ᠬᠡᠤᠬᠡᠳ ᠤᠨ | ᠨᠢᠳᠦᠨ ᠳᠤ ᠨᠢ ᠦᠵᠡᠭᠳᠡᠵᠦ᠂ ᠭᠠᠷ ᠲᠤ ᠨᠢ ᠪᠠᠷᠢᠭᠳᠠᠲᠠᠯᠠ ᠠᠮᠢᠳᠦ ᠳᠦᠷᠰᠦᠯᠢᠭ ᠶᠠᠷᠢᠵᠦ ᠥᠭᠭᠦᠭᠰᠡᠨ ᠪᠠᠶᠢᠬᠤ | ᠬᠡᠷᠡᠭᠲᠡᠢ᠃ | ︵3︶ ᠲᠤᠰ ᠨᠣᠮ ᠤᠨ ᠲᠣᠭᠤᠷᠢᠨ ᠳᠤ ᠠᠰᠠᠭᠤᠯᠲᠠ ᠲᠣᠬᠢᠷᠠᠭᠤᠯᠵᠦ ᠤᠡᠭᠰᠢᠭᠤᠯᠬᠤ ᠬᠡᠷᠡᠭᠲᠡᠢ᠃ | ᠠᠰᠠᠭᠤᠯᠲᠠ ᠶᠢ ᠨᠠᠷᠢᠨ ᠲᠥᠰᠦᠪᠯᠡᠵᠦ ᠨᠢᠭᠲᠠ ᠪᠠᠶᠢᠷᠢᠯᠠᠭᠤᠯᠵᠦ᠂ ᠵᠠᠪᠠᠯ ᠰᠤᠷᠤᠭᠴᠢᠳ ᠲᠤ ᠪᠣᠳᠤᠵᠦ ᠰᠡᠳᠭᠢᠭᠦ | ᠣᠷᠤᠨ ᠵᠠᠢ ᠶᠢ ᠭᠦᠢᠴᠡᠳ ᠬᠠᠨᠭ᠍ᠭᠠᠵᠦ ᠥᠭᠭᠦᠭᠰᠡᠨ ᠪᠠᠶᠢᠬᠤ ᠬᠡᠷᠡᠭᠲᠠᠢ᠃ | ︵4︶ ᠣᠡᠭᠰᠢᠯᠭ᠎ᠠ ᠶᠢᠨ ᠠᠷᠭ᠎ᠠ ᠪᠠ ᠤᠷ᠎ᠠ ᠮᠡᠷᠭᠡᠰᠢᠯ ᠢ ᠵᠢᠭᠠᠭᠰᠠᠨ ᠪᠠᠶᠢᠬᠤ ᠬᠡᠷᠡᠭᠲᠡᠢ᠃ ᠵᠢᠱᠢᠶᠠᠯᠠᠪᠠᠯ᠂ | ᠭᠦᠶᠦᠯᠭᠡᠨ ᠣᠡᠭᠰᠢᠬᠤ᠂ ᠦᠰᠦᠷᠴᠦ ᠣᠡᠭᠰᠢᠬᠤ᠂ ᠲᠦᠢᠮᠤᠴᠢᠯᠠᠨ ᠣᠡᠭᠰᠢᠬᠤ᠂ ᠬᠠᠶᠢᠨ ᠤᠡᠭᠰᠢᠬᠤ᠂ ᠲᠠᠭᠠᠮᠠᠭᠯᠠᠨ | ᠣᠡᠭᠰᠢᠬᠤ ᠭᠡᠭᠦ ᠮᠡᠲᠦ᠃ | 2. ᠮᠥᠷᠳᠡᠨ ᠳᠠᠭᠠᠬᠤ ᠬᠢᠴᠢᠶᠡᠯᠯᠡᠭᠡ ᠬᠢᠬᠦ᠃ | ︵1︶ ᠮᠦᠷᠳᠠᠨ ᠲᠠᠭᠠᠬᠤ ᠬᠢᠴᠢᠶᠡᠯᠯᠡᠭᠡ ᠬᠢᠭᠦ ᠳᠤ ᠲᠤᠤᠷᠠᠬᠢ ᠵᠦᠢᠯ ᠢ ᠠᠩᠬᠠᠷᠬᠤ ᠭᠡᠷᠡᠭᠳᠠᠢ᠃ ᠣᠡᠭᠰᠢᠬᠤ | ᠠᠷᠭ᠎ᠠ ᠶᠢ ᠶᠠᠷᠢᠵᠦ ᠥᠭᠭᠦᠭᠰᠡᠨ ᠪᠠᠶᠢᠬᠤ ᠬᠡᠷᠡᠭᠲᠡᠢ᠃ ᠵᠢᠱᠢᠶᠡᠯᠡᠪᠡᠯ᠂ ᠴᠣᠬᠤᠯᠲᠠ ᠬᠢᠬᠦ᠂ ᠲᠦᠷᠥᠭᠲᠡᠯ ᠪᠢᠴᠢᠬᠦ᠂ | ᠲᠣᠪᠴᠢᠯᠠᠵᠦ ᠪᠢᠴᠢᠬᠦ ᠭᠡᠬᠦ ᠮᠡᠲᠦ᠃ | ︵2︶ ᠤᠳᠬ᠎ᠠ ᠵᠣᠬᠢᠶᠠᠯ ᠤᠨ ᠶᠡᠷᠦ ᠶᠢᠨ ᠮᠡᠳᠡᠯᠭᠡ ᠶᠢ ᠶᠠᠷᠢᠵᠦ ᠥᠭᠭᠦᠭᠰᠡᠨ ᠪᠠᠶᠢᠬᠤ ᠬᠡᠷᠡᠭᠲᠡᠢ᠃ | ᠵᠢᠱᠢᠶᠡᠯᠡᠪᠡᠯ᠂ ᠳᠦᠷᠢ ᠪᠦᠲᠦᠭᠡᠬᠦ᠂ ᠣᠷᠴᠢᠨ ᠲᠣᠭᠤᠷᠢᠨ ᠤ ᠳᠦᠷᠰᠦᠯᠡᠯ᠂ ᠦᠢᠯᠡ ᠶᠠᠪᠤᠳᠠᠯ ᠤᠨ ᠡᠰᠭᠡᠯᠲᠡ᠂ | ᠵᠣᠬᠢᠶᠠᠮᠵᠢᠯᠠᠬᠤ᠂ ᠡᠬᠢᠯᠡᠯᠲᠡ ᠲᠡᠭᠦᠰᠭᠡᠯ ᠢ ᠠᠪᠴᠠᠯᠳᠤᠭᠤᠯᠬᠤ ᠭᠡᠬᠦ ᠮᠡᠲᠦ᠃ | ︵3︶ ᠣᠯᠠᠨ ᠠᠷᠪᠢᠨ ᠰᠡᠳᠭᠢᠨ ᠪᠣᠳᠤᠯᠬᠢᠯᠠᠬᠤ ᠰᠡᠳᠤᠪ ᠦᠯᠡᠳᠡᠭᠡᠵᠦ᠂ ᠰᠤᠷᠤᠭᠴᠢᠳ ᠤᠨ | ᠰᠡᠳᠭᠢᠬᠦᠢ ᠶᠢᠨ ᠣᠷᠤᠨ ᠵᠠᠢ ᠶᠢ ᠲᠡᠯᠡᠵᠦ ᠥᠷᠭᠡᠳᠭᠡᠵᠦ ᠴᠢᠳᠠᠭᠰᠠᠨ ᠪᠠᠶᠢᠬᠤ ᠬᠡᠷᠡᠭᠲᠡᠢ᠃ | ︵4︶ ᠷᠣᠮᠠᠨ ᠢ ᠺᠢᠨᠣ᠋ ᠤᠷᠠᠯᠢᠭ᠂ ᠲᠧᠯᠸᠢᠰ ᠵᠦᠴᠦᠭᠡ ᠪᠣᠯᠭᠠᠵᠦ ᠰᠢᠩᠭᠡᠭᠡᠨ ᠦᠢᠯᠡᠳᠦᠭᠰᠡᠨ ᠪᠢᠯᠢᠮ ᠲᠠᠢ | ᠠᠳᠠᠯᠢᠳᠬᠠᠨ ᠬᠠᠷᠢᠴᠠᠭᠤᠯᠤᠭᠰᠠᠨ ᠪᠠᠶᠢᠬᠤ ᠬᠡᠷᠡᠭᠲᠡᠢ᠃ | ︵5︶ ᠥᠪᠡᠷ ᠤᠨ ᠠᠬᠤᠢ ᠠᠮᠢᠳᠤᠷᠠᠯ ᠲᠠᠢ ᠪᠠᠨ ᠤᠶᠠᠯᠳᠤᠭᠤᠯᠤᠨ ᠪᠣᠳᠤᠯᠬᠢᠯᠠᠬᠤ ᠬᠡᠷᠡᠭᠲᠡᠢ᠃ | ︵6︶ ᠣᠡᠭᠰᠢᠯᠭ᠎ᠠ ᠶᠢᠨ ᠳᠤᠮᠳᠠ ᠰᠤᠷᠤᠭᠴᠢᠳ ᠤᠨ ᠰᠡᠵᠢᠭ ᠢ ᠠᠯᠳᠠᠷᠠᠭᠠᠵᠦ᠂ ᠡᠭᠡᠳᠡᠷᠡᠭᠡᠨ ᠮᠠᠳᠠᠭ ᠢ | ᠲᠠᠶᠢᠯᠪᠦᠷᠢᠯᠠᠵᠦ ᠠᠰᠠᠭᠤᠳᠠᠯ ᠢ ᠰᠢᠢᠳᠪᠦᠷᠢᠯᠡᠬᠦ ᠬᠡᠷᠡᠭᠲᠡᠢ᠃ | ︵7︶ ᠣᠶᠤᠨ ᠤ ᠮᠥᠷᠦ᠋ᠢᠴᠡᠭᠡᠨ ᠬᠢᠬᠦ᠃ ᠡᠨᠡ ᠨᠢ ᠰᠢᠨᠵᠢᠯᠡᠬᠦ ᠤᠬᠠᠭᠠᠨ ᠤ ᠮᠡᠳᠡᠯᠭᠡ ᠶᠢᠨ | ᠲᠦᠭᠡᠮᠡᠯᠵᠢᠯ ᠤᠨ ᠨᠣᠮ ᠳᠤ ᠵᠣᠬᠢᠴᠠᠨ᠎ᠠ᠃ | 3. ᠲᠥᠷᠦᠭᠳᠡᠯ ᠢᠶᠠᠨ ᠬᠤᠪᠢᠶᠠᠯᠴᠠᠬᠤ ᠬᠢᠴᠢᠶᠡᠯᠯᠡᠭᠡ ᠬᠢᠬᠦ᠃ | ᠦᠷ᠎ᠡ ᠪᠦᠲᠦᠮᠵᠢᠲᠦ ᠣᠡᠭᠰᠢᠯᠭ᠎ᠠ ᠭᠡᠵᠦ ᠶᠠᠷᠢᠪᠠᠯ ᠲᠡᠷᠡ ᠨᠢ ᠰᠤᠷᠤᠭᠴᠢᠳ ᠤᠨ ᠶᠡᠭᠡ ᠲᠠᠷᠢᠬᠢ ᠪᠠᠷ | ᠣᠡᠭᠰᠢᠵᠦ ᠪᠠᠶᠢᠭ᠎ᠠ ᠶᠠᠪᠤᠴᠠ ᠪᠣᠯᠬᠤ ᠠᠴᠠ ᠪᠢᠰᠢ᠂ ᠨᠢᠳᠦᠯᠡᠵᠦ ᠣᠡᠭᠰᠢᠵᠦ ᠪᠠᠶᠢᠭ᠎ᠠ ᠶᠠᠪᠤᠴᠠ | ᠪᠢᠰᠢ᠃ ᠰᠤᠷᠤᠭᠴᠢᠳ ᠲᠠᠰᠤᠷᠠᠯᠲᠠ ᠦᠭᠡᠢ ᠥᠪᠡᠷ ᠤᠨ ᠠᠮᠢᠳᠤᠷᠠᠯ ᠤᠨ ᠲᠤᠷᠰᠢᠯᠭ᠎ᠠ ᠲᠠᠢ ᠪᠠᠨ ᠬᠤᠯᠪᠤᠨ | ᠪᠣᠳᠤᠵᠦ᠂ ᠵᠣᠬᠢᠶᠠᠯ ᠤᠨ ᠭᠤᠣᠯ ᠪᠠᠭᠠᠲᠤᠷ ᠤᠨ ᠥᠪᠡᠷ ᠤᠨ ᠬᠢᠨᠢ ᠤᠳᠬ᠎ᠠ ᠠᠭᠤᠯᠭ᠎ᠠ ᠶᠢ ᠨᠢ ᠣᠯᠵᠦ ᠥᠭᠭᠦᠨ᠎ᠡ᠃ | ︽ᠮᠢᠩᠭᠠᠨ ᠤᠩᠰᠢᠬᠴᠢ ᠪᠠᠶᠢᠪᠠᠯ ᠮᠢᠩᠭᠠᠨ ︿ᠬᠠᠮᠯᠧᠲ﹀ ᠪᠠᠶᠢᠬᠤ ᠠᠳᠠᠯᠢ︾ ᠭᠡᠳᠡᠭᠴᠢᠯᠡᠨ ᠬᠡᠳᠦᠢ ᠣᠯᠠᠨ | ᠤᠩᠰᠢᠬᠴᠢ ᠪᠠᠶᠢᠪᠠᠯ ᠲᠡᠳᠦᠢ ᠣᠯᠠᠨ ᠲᠥᠷᠦᠭᠳᠡᠯ ᠭᠠᠷᠴᠦ ᠢᠷᠡᠳᠡᠭ᠃ ᠲᠥᠷᠦᠭᠳᠡᠯ ᠢᠶᠠᠨ ᠬᠤᠪᠢᠶᠠᠯᠴᠠᠬᠤ | ᠬᠢᠴᠢᠶᠡᠯᠯᠡᠭᠡ ᠨᠢ ᠬᠤᠪᠢ ᠬᠥᠮᠦᠨ ᠤ ᠣᠡᠭᠰᠢᠯᠭ᠎ᠠ ᠶᠢᠨ ᠣᠯᠤᠯᠲᠠ ᠶᠢ ᠬᠠᠮᠲᠦ ᠨᠡᠶᠢᠲᠡ ᠶᠢᠨ ᠡᠯᠪᠡᠭ ᠪᠠᠶᠠᠯᠢᠭ ᠣᠯᠠᠨ | ᠶᠠᠩᠵᠦ ᠶᠢᠨ ᠣᠡᠭᠰᠢᠯᠭ᠎ᠠ ᠶᠢᠨ ᠣᠢ ᠪᠢᠯᠢᠭ ᠪᠣᠯᠭᠠᠵᠦ ᠪᠠᠶᠢᠭ᠎ᠠ ᠶᠠᠪᠤᠴᠠ ᠮᠥᠨ᠃ ᠭᠤᠣᠯᠳᠠᠭᠤ ᠭᠤᠷᠪᠠᠨ ᠵᠦᠢᠯ | ᠤᠨ ᠬᠡᠯᠪᠡᠷᠢ ᠪᠠᠷ ᠢᠯᠡᠷᠡᠳᠡᠭ᠃ | ︵1︶ ᠶᠠᠷᠢᠶ᠎ᠠ ᠬᠠᠷᠢᠯᠴᠠᠭᠠᠨ ᠤ ᠬᠡᠯᠪᠡᠷᠢ ᠪᠠᠷ ᠢᠯᠡᠷᠡᠳᠡᠭ᠃ ᠪᠢᠳᠡᠨ ᠤ ᠶᠠᠷᠢᠶ᠎ᠠ ᠬᠠᠷᠢᠯᠴᠠᠭᠠᠨ ᠤ | ᠬᠢᠴᠢᠶᠡᠯᠯᠡᠭᠡ ᠲᠠᠢ ᠪᠠᠨ ᠨᠡᠶᠢᠳᠭᠡᠵᠦ᠂ ᠰᠠᠶᠢᠨ ᠨᠣᠮ ᠲᠠᠨᠢᠯᠴᠠᠭᠤᠯᠬᠤ᠂ ᠡᠰᠡᠭᠦᠯ᠎ᠡ ᠨᠣᠮ ᠳᠣᠲᠤᠷᠠᠬᠢ ᠪᠦᠷᠢᠨ | ᠪᠦᠲᠦᠨ ᠦᠢᠯᠡ ᠶᠠᠪᠤᠳᠠᠯᠲᠦ ᠦᠯᠢᠭᠡᠷ ᠢ ᠶᠠᠷᠢᠬᠤ᠂ ᠡᠰᠡᠭᠦᠯ᠎ᠡ ᠨᠣᠮ ᠳᠣᠲᠤᠷᠠᠬᠢ ᠦᠵᠡᠯᠲᠡ ᠳᠤ ᠰᠠᠭᠤᠷᠢᠯᠠᠵᠦ᠂ | ᠥᠪᠡᠷ ᠤᠨ ᠦᠵᠡᠯᠲᠡ ᠪᠠᠨ ᠳᠡᠯᠭᠡᠵᠦ᠂ ᠥᠷᠭᠡᠨ ᠢᠶᠠᠷ ᠶᠠᠷᠢᠯᠴᠠᠵᠦ ᠪᠣᠯᠤᠨ᠎ᠠ᠃ | ︵2︶ ᠪᠢᠴᠢᠵᠦ ᠢᠯᠡᠳᠭᠡᠬᠦ ᠬᠡᠯᠪᠡᠷᠢ ᠪᠠᠷ ᠢᠯᠡᠷᠡᠭᠦᠯᠵᠦ ᠪᠣᠯᠤᠨ᠎ᠠ᠃ ᠵᠢᠱᠢᠶᠡᠯᠡᠪᠡᠯ᠂ ᠴᠣᠬᠤᠯᠲᠠ ᠲᠠᠶᠢᠯᠪᠦᠷᠢ᠂ | ᠨᠣᠮ ᠤᠩᠰᠢᠭᠰᠠᠨ ᠤ ᠳᠠᠷᠠᠭᠠᠬᠢ ᠲᠥᠷᠦᠭᠳᠡᠯ᠂ ᠲᠣᠪᠴᠢᠯᠠᠵᠦ ᠪᠢᠴᠢᠬᠦ᠂ ᠪᠦᠳᠦᠭᠦᠪᠴᠢ ᠪᠢᠴᠢᠬᠦ᠂ ᠳᠥᠭᠦᠮ ᠳᠥᠲᠡ | ᠰᠤᠳᠤᠯᠭᠠᠨ ᠤ ᠮᠡᠳᠡᠭᠦᠯᠦᠯᠲᠡ᠂ ᠭᠠᠷ ᠪᠢᠴᠢᠮᠡᠯ ᠰᠣᠨᠢᠨ ᠭᠡᠬᠦ ᠮᠡᠲᠦ ᠪᠠᠷ ᠢᠯᠡᠷᠡᠭᠦᠯᠵᠦ ᠪᠣᠯᠤᠨ᠎ᠠ᠃ ᠢᠡᠭᠬᠢᠵᠦ ᠪᠢᠴᠢᠵᠦ | ᠢᠯᠡᠳᠭᠡᠭᠰᠡᠨ ᠣᠡᠭᠰᠢᠯᠭ᠎ᠠ ᠶᠢᠨ ᠦᠷ᠎ᠡ ᠪᠦᠲᠦᠮᠵᠢ ᠨᠢ ᠨᠡᠩ ᠨᠠᠨᠳᠢᠩᠨᠠᠭᠤᠰᠢᠲᠠᠢ᠃ ᠰᠤᠷᠤᠭᠴᠢ ᠶᠢᠨ ᠤᠳᠠᠭ᠎ᠠ | ᠪᠣᠯᠭᠠᠨ ᠤ ᠨᠣᠮ ᠤᠩᠰᠢᠭᠰᠠᠨ ᠤ ᠳᠠᠷᠠᠭᠠᠬᠢ ᠲᠥᠷᠦᠭᠳᠡᠯ ᠢ ᠪᠠᠭᠰᠢ ᠠᠴᠠ ᠬᠤᠷᠢᠶᠠᠩᠭᠤᠢᠢᠯᠠᠨ ᠡᠮᠬᠢᠳᠭᠡᠵᠦ | ᠳᠡᠪᠲᠡᠷᠯᠡᠨ᠂ ᠨᠣᠮ ᠤᠨ ᠰᠠᠩ ᠳᠤ ᠳᠡᠯᠭᠡᠨ ᠦᠵᠡᠭᠦᠯᠵᠦ᠂ ᠰᠤᠷᠤᠭᠴᠢᠳ ᠤᠨ ᠳᠠᠭᠤᠷᠢᠶᠠᠯ ᠪᠣᠯᠭᠠᠪᠠᠯ᠂ ᠲᠡᠷᠡ ᠨᠢ | ᠳᠠᠮ ᠢᠶᠠᠷ ᠨᠣᠮ ᠵᠣᠬᠢᠶᠠᠯ ᠤᠨ ᠡᠬᠢ ᠰᠤᠷᠪᠤᠯᠵᠢ ᠪᠣᠯᠬᠤ ᠮᠥᠷᠲᠡᠭᠡᠨ ᠣᠡᠭᠰᠢᠭᠠᠳᠦᠢ ᠬᠥᠮᠦᠨ ᠳᠤ ᠰᠢᠨ᠎ᠡ ᠨᠣᠮ ᠤᠨ | ᠲᠠᠨᠢᠯᠴᠠᠭᠤᠯᠭ᠎ᠠ ᠪᠣᠯᠵᠦ ᠪᠣᠯᠤᠨ᠎ᠠ᠃ | ︵3︶ ᠶᠡᠷᠥᠩᠬᠡᠶᠢᠯᠡᠭᠰᠡᠨ ᠰᠤᠷᠤᠯᠴᠠᠯᠭ᠎ᠠ ᠶᠢᠨ ᠬᠥᠳᠡᠯᠭᠡᠭᠡᠨ ᠢᠶᠠᠷ ᠢᠯᠡᠷᠡᠵᠦ ᠪᠣᠯᠤᠨ᠎ᠠ᠃ ᠵᠢᠱᠢᠶᠡᠯᠡᠪᠡᠯ᠂ | ᠰᠤᠷᠭᠠᠭᠤᠯᠢ ᠶᠢᠨ ᠬᠦᠷᠢᠶᠡᠨ ᠤ ᠨᠣᠮ ᠣᠡᠭᠰᠢᠯᠭ᠎ᠠ ᠶᠢᠨ ᠡᠳᠦᠷ᠂ ᠰᠤᠷᠬᠤ ᠪᠢᠴᠢᠭ ᠤᠨ ᠵᠤᠬᠢᠶᠠᠯ ᠢ ᠵᠦᠴᠦᠭᠡᠯᠡᠨ | ᠲᠤᠭᠯᠠᠵᠤ᠂ ᠪᠢᠴᠢᠬᠠᠨ ᠰᠤᠷᠪᠤᠯᠵᠢᠯᠠᠭᠴᠢ ᠪᠣᠯᠵᠦ ᠨᠣᠮ ᠳᠤᠳᠤᠷᠠᠬᠢ ᠭᠤᠣᠯ ᠪᠠᠭᠠᠲᠤᠷ ᠢ ᠰᠤᠷᠪᠤᠯᠵᠢᠯᠠᠬᠤ᠂ | ᠦᠯᠢᠭᠡᠷ ᠦᠢᠯᠡ ᠶᠠᠪᠤᠳᠠᠯ ᠢ ᠬᠤᠪᠢᠷᠠᠭᠤᠯᠵᠦ ᠪᠢᠴᠢᠬᠦ᠂ ᠨᠠᠶᠢᠵᠠ ᠨᠦᠭᠦᠳ ᠲᠤ ᠪᠠᠨ ᠨᠣᠮ ᠲᠠᠨᠢᠯᠴᠠᠭᠤᠯᠬᠤ᠂ ᠨᠣᠮ | ᠳᠤ ᠳᠠᠬᠢᠨ ᠵᠢᠷᠤᠭ ᠲᠠᠶᠢᠯᠪᠦᠷᠢ ᠬᠠᠳᠠᠵᠦ ᠥᠭᠬᠦ ᠭᠡᠬᠦ ᠮᠡᠲᠦ᠃ | ᠬᠤᠶᠠᠷ᠂ ︽ᠰᠣᠳᠤᠨ ᠪᠦᠲᠦᠭᠡᠯ ᠤᠨ ᠣᠡᠭᠰᠢᠯᠭ᠎ᠠ︾ ᠶᠢᠨ ᠬᠢᠴᠢᠶᠡᠯ ᠢ ᠬᠡᠷᠬᠢᠨ ᠦᠨᠡᠯᠡᠨ ᠰᠢᠯᠭᠠᠷᠠᠭᠤᠯᠬᠤ ᠪᠣᠢ | ︽ᠰᠣᠳᠤᠨ ᠪᠦᠲᠦᠭᠡᠯ ᠤᠨ ᠣᠡᠭᠰᠢᠯᠭ᠎ᠠ︾ ᠶᠢᠨ ᠬᠢᠴᠢᠶᠡᠯ ᠨᠢ ᠮᠥᠨ ᠴᠦ ᠡᠩ ᠤᠨ ᠰᠢᠯᠭᠠᠯᠲᠠ ᠲᠠᠢ | ᠠᠳᠠᠯᠢ ᠪᠠᠷ ᠶᠠᠪᠤᠴᠠ ᠶᠢᠨ ᠦᠨᠡᠯᠡᠯᠲᠡ ᠪᠠ ᠦᠷ᠎ᠡ ᠳ᠋ᠦᠡᠭ ᠤᠨ ᠦᠨᠡᠯᠡᠯᠲᠡ ᠭᠡᠵᠦ ᠪᠠᠶᠢᠳᠠᠬ᠃ | 1. ᠶᠠᠪᠤᠴᠠ ᠶᠢᠨ ᠦᠨᠡᠯᠡᠯᠲᠡ ᠳᠤ ᠬᠡᠯᠡ ᠪᠢᠴᠢᠭ ᠤᠨ ᠪᠠᠭᠰᠢ ᠭᠤᠣᠯ ᠬᠠᠷᠢᠭᠤᠴᠠᠯᠭᠠᠲᠠᠨ | ᠪᠣᠯᠳᠠᠭ᠃ ᠰᠤᠷᠤᠭᠴᠢᠳ ᠣᠡᠭᠰᠢᠯᠭ᠎ᠠ ᠬᠢᠬᠦ ᠪᠦᠬᠦ ᠶᠠᠪᠤᠴᠠ ᠳᠤ ᠵᠢᠯᠤᠭᠤᠳᠤᠯᠭ᠎ᠠ ᠬᠢᠵᠦ ᠮᠥᠷᠳᠡᠨ ᠳᠠᠭᠠᠵᠦ᠂ | ᠪᠠᠭᠰᠢ ᠰᠤᠷᠤᠭᠴᠢ ᠬᠠᠮᠲᠦ ᠪᠠᠷ ᠣᠡᠭᠰᠢᠬᠤ ᠶᠠᠪᠤᠴᠠ ᠶᠢ ᠪᠡᠶᠡᠯᠡᠭᠦᠯᠦᠨ᠎ᠡ᠃ ᠵᠢᠱᠢᠶᠡᠯᠡᠪᠡᠯ᠂ ᠨ᠊ · ᠦᠯᠵᠡᠶᠢᠪᠠᠲᠦ ᠶᠢᠨ | ︽ᠠᠪᠤ ᠨᠤᠲᠤᠭ ᠬᠤᠶᠠᠷ︾ ᠭᠡᠬᠦ ᠨᠠᠶᠢᠷᠠᠭᠤᠯᠤᠯ ᠤᠨ ᠲᠡᠭᠦᠪᠦᠷᠢ ᠶᠢ ᠤᠩᠰᠢᠭᠤᠯᠬᠤ ᠳᠤ ᠪᠠᠭᠰᠢ ᠠᠴᠠ | ᠵᠣᠬᠢᠶᠠᠭᠴᠢ ᠶᠢ ᠨᠠᠷᠢᠨ ᠨᠢᠭᠲᠠ ᠲᠠᠨᠢᠯᠴᠠᠭᠤᠯᠬᠤ ᠬᠡᠷᠡᠭᠲᠡᠢ ᠪᠥᠭᠡᠳ ᠲᠤᠰ ᠨᠠᠶᠢᠷᠠᠭᠤᠯᠤᠯ ᠪᠢᠴᠢᠭᠳᠡᠭᠰᠡᠨ ᠴᠠᠭ ᠦᠶ᠎ᠡ᠂ | ᠣᠷᠴᠢᠨ ᠠᠬᠤᠢ ᠶᠢ ᠴᠦ ᠮᠡᠳᠡᠭᠦᠯᠬᠦ ᠨᠢ ᠵᠠᠩᠭᠢᠯᠠᠭ᠎ᠠ ᠪᠣᠯᠤᠨ᠎ᠠ᠃ ︽ᠬᠤᠯᠠ ᠶᠢᠨ ᠴᠡᠩᠭᠡᠷ ᠲᠤᠤᠺᠢᠣ᠋︾ ᠭᠡᠬᠦ | ᠡᠮᠬᠢᠳᠭᠡᠯ ᠨᠢ ᠲᠡᠭᠦᠨ ᠤ ᠬᠠᠷᠢ ᠤᠯᠤᠰ ᠶᠠᠫᠤᠨ ᠳᠤ ᠰᠤᠷᠤᠯᠴᠠᠵᠦ ᠪᠠᠶᠢᠭ᠎ᠠ ᠦᠶ᠎ᠡ ᠶᠢᠨ ᠰᠤᠷᠤᠯᠭ᠎ᠠ ᠠᠮᠢᠳᠤᠷᠠᠯ ᠢᠶᠠᠨ | ᠲᠠᠨᠢᠯᠴᠠᠭᠤᠯᠤᠭᠰᠠᠨ ᠪᠥᠭᠡᠳ ᠬᠠᠷᠢ ᠭᠠᠵᠠᠷ ᠤᠨ ᠬᠥᠮᠦᠨ ᠵᠤᠨ᠂ ᠲᠤᠰ ᠭᠠᠵᠠᠷ ᠤᠨ ᠵᠠᠩ ᠦᠢᠯᠡ᠂ ᠲᠡᠤᠬᠡ | ᠰᠣᠶᠤᠯ ᠢ ᠴᠦ ᠤᠩᠰᠢᠬᠴᠢ ᠳᠤ ᠲᠠᠨᠢᠯᠴᠠᠭᠤᠯᠤᠨ ᠣᠢᠢᠯᠠᠭᠠᠭᠤᠯᠤᠭᠰᠠᠨ ᠪᠠᠶᠢᠨ᠎ᠠ᠃ | ︵1︶ ᠶᠠᠪᠤᠴᠠ ᠶᠢᠨ ᠦᠨᠡᠯᠡᠯᠲᠡ ᠳᠤ ᠪᠠᠭᠰᠢ ᠰᠤᠷᠤᠭᠴᠢᠳ ᠬᠠᠮᠲᠦ ᠪᠠᠷ ᠢᠶᠠᠨ ᠤᠩᠰᠢᠭᠰᠠᠨ | ᠨᠣᠮ ᠤᠨ ᠢᠶᠠᠨ ᠲᠣᠭᠤᠷᠢᠨ ᠳᠤ ᠠᠰᠠᠭᠤᠯᠲᠠ ᠳᠤᠷᠠᠳᠴᠦ ᠤᠩᠰᠢᠭᠰᠠᠨ ᠣᠯᠤᠯᠲᠠ ᠪᠠᠨ ᠬᠤᠪᠢᠶᠠᠯᠴᠠᠵᠦ | ᠪᠣᠯᠤᠨ᠎ᠠ᠃ ᠶᠠᠪᠤᠴᠠ ᠶᠢᠨ ᠦᠨᠡᠯᠡᠯᠲᠡ ᠳᠤ ᠰᠤᠷᠤᠭᠴᠢᠳ ᠤᠨ ︽ᠰᠣᠳᠤᠨ ᠪᠦᠲᠦᠭᠡᠯ ᠤᠨ ᠣᠡᠭᠰᠢᠯᠭ᠎ᠠ︾ ᠳᠤ | ᠣᠷᠤᠯᠴᠠᠭᠰᠠᠨ ᠢᠳᠡᠪᠬᠢᠲᠡᠢ ᠣᠪᠤᠷ᠂ ᠦᠷ᠎ᠡ ᠪᠦᠲᠦᠮᠵᠢ ᠶᠢᠨ ᠴᠢᠨᠠᠷᠯᠢᠭ ᠡᠰᠡᠬᠦ ᠪᠠᠷ ᠪᠠᠷᠢᠮᠵᠢᠶᠠᠯᠠᠵᠦ ᠬᠤᠪᠢ | ᠣᠯᠭᠤᠵᠦ ᠪᠣᠯᠤᠨ᠎ᠠ᠃ | ① ᠶᠠᠷᠢᠶᠠᠨ ᠤ ᠤᠷᠤᠯᠳᠤᠭᠠᠨ ᠢᠶᠠᠷ ᠶᠠᠪᠤᠴᠠ ᠶᠢᠨ ᠦᠨᠡᠯᠡᠯᠲᠡ ᠳᠤ ᠬᠤᠪᠢ ᠣᠯᠭᠤᠵᠦ ᠪᠠᠷᠢᠮᠵᠢᠶᠠᠯᠠᠵᠦ | ᠪᠣᠯᠤᠨ᠎ᠠ᠃ ᠰᠤᠷᠤᠭᠴᠢᠳ ᠤᠨ ᠤᠩᠰᠢᠯᠭ᠎ᠠ ᠵᠣᠬᠢᠬᠤ ᠬᠤᠭᠤᠴᠠᠭ᠎ᠠ ᠥᠩᠭᠡᠷᠡᠭᠰᠡᠨ ᠤ ᠳᠠᠷᠠᠭ᠎ᠠ ᠪᠠᠭᠰᠢ ᠠᠴᠠ | ᠰᠤᠷᠤᠭᠴᠢᠳ ᠤᠨ ᠤᠩᠰᠢᠭᠰᠠᠨ ᠨᠣᠮ ᠠᠴᠠ ᠰᠡᠳᠤᠪ ᠠᠪᠴᠦ᠂ ᠶᠠᠷᠢᠶᠠᠨ ᠤ ᠤᠷᠤᠯᠳᠤᠭᠠᠨ ᠢ ᠵᠣᠬᠢᠶᠠᠨ ᠪᠠᠶᠢᠭᠤᠯᠵᠦ᠂ | ᠬᠢᠨᠠᠭᠴᠢ ᠶᠢᠨ ᠪᠦᠯᠬᠦᠮ᠂ ᠰᠣᠨᠤᠰᠤᠭᠴᠢᠳ ᠤᠨ ᠪᠦᠯᠬᠦᠮ ᠢ ᠤᠷᠢᠨ ᠵᠠᠯᠠᠵᠦ᠂ ᠣᠯᠠᠨ ᠤ ᠡᠮᠦᠨ᠎ᠡ ᠬᠤᠪᠢ | ᠨᠡᠶᠢᠳᠡᠯᠡᠵᠦ᠂ ᠲᠥᠪ ᠭᠤᠣᠯᠴᠢ ᠪᠠᠷ ᠬᠢᠵᠦ ᠪᠣᠯᠤᠨ᠎ᠠ᠃ ᠤᠷᠤᠯᠳᠤᠭᠠᠨ ᠢᠶᠠᠷ ᠰᠤᠷᠤᠭᠴᠢᠳ ᠤᠨ ᠦᠨᠡᠨ ᠬᠦ | ᠤᠩᠰᠢᠭᠰᠠᠨ ᠡᠰᠡᠬᠦ ᠪᠠ ᠬᠠᠮᠢᠭ᠎ᠠ ᠬᠦᠷᠲᠡᠯ᠎ᠡ ᠤᠩᠰᠢᠭᠰᠠᠨ ᠢ ᠴᠦ ᠪᠠᠶᠢᠴᠠᠭᠠᠵᠦ ᠪᠣᠯᠤᠨ᠎ᠠ᠃ ᠮᠥᠨ ᠴᠦ | ᠤᠷᠤᠯᠳᠤᠭᠠᠨ ᠢᠶᠠᠷ ᠳᠠᠮᠵᠢᠨ ᠰᠤᠷᠤᠭᠴᠢᠳ ᠤᠨ ᠬᠤᠷᠢᠶᠠᠩᠭᠤᠢᠢᠯᠠᠬᠤ ᠴᠢᠳᠠᠪᠦᠷᠢ᠂ ᠰᠡᠳᠭᠢᠬᠦ ᠴᠢᠳᠠᠪᠦᠷᠢ᠂ ᠬᠡᠯᠡᠨ ᠤ | ᠢᠯᠡᠳᠭᠡᠬᠦ ᠴᠢᠳᠠᠪᠤᠷᠢ ᠶᠢ ᠴᠦ ᠳᠡᠭᠡᠭᠰᠢᠯᠡᠭᠦᠯᠵᠦ᠂ ᠣᠯᠠᠨ ᠤ ᠡᠮᠦᠨ᠎ᠡ ᠵᠣᠷᠢᠭᠲᠠᠢ ᠥᠪᠡᠷ ᠢ ᠪᠠᠨ ᠢᠯᠡᠷᠡᠭᠦᠯᠬᠦ | ᠲᠣᠬᠢᠶᠠᠯ ᠣᠯᠭᠤᠵᠦ᠂ ᠥᠪᠡᠷ ᠢ ᠪᠠᠨ ᠳᠠᠪᠲᠠᠨ ᠪᠣᠯᠪᠠᠰᠤᠷᠠᠭᠤᠯᠵᠦ ᠪᠣᠯᠤᠨ᠎ᠠ᠃ | ② ᠮᠠᠷᠭᠤᠯᠳᠤᠭᠠᠨ ᠤ ᠬᠤᠷᠠᠯ ᠢ ᠵᠣᠬᠢᠶᠠᠨ ᠪᠠᠶᠢᠭᠤᠯᠵᠦ᠂ ᠶᠠᠪᠤᠴᠠ ᠶᠢᠨ ᠦᠨᠡᠯᠡᠯᠲᠡ ᠳᠤ ᠬᠤᠪᠢ ᠣᠯᠭᠤᠵᠦ | ᠪᠠᠷᠢᠮᠵᠢᠶᠠᠯᠠᠵᠦ ᠪᠣᠯᠤᠨ᠎ᠠ᠃ ᠤᠩᠰᠢᠯᠭ᠎ᠠ ᠪᠣᠯ ᠬᠤᠪᠢ ᠬᠥᠮᠦᠨ ᠤ ᠠᠵᠢᠯᠯᠠᠭ᠎ᠠ ᠮᠥᠨ᠃ ᠰᠤᠷᠤᠭᠴᠢ ᠪᠣᠯᠭᠠᠨ ᠤ | ᠤᠩᠰᠢᠬᠤ ᠶᠠᠪᠤᠴᠠ ᠳᠤ ᠣᠯᠤᠭᠰᠠᠨ ᠣᠯᠤᠯᠲᠠ ᠲᠥᠷᠦᠭᠳᠡᠯ ᠮᠡᠳᠡᠷᠡᠮᠵᠢ ᠨᠢ ᠥᠪᠡᠷᠮᠢᠴᠡ ᠣᠨᠴᠠᠯᠢᠭ ᠲᠠᠢ | ᠪᠠᠶᠢᠳᠠᠬ᠃ ᠪᠠᠭᠰᠢ ᠠᠴᠠ ᠤᠩᠰᠢᠭᠰᠠᠨ ᠨᠣᠮ ᠳᠣᠲᠤᠷ᠎ᠠ ᠠᠴᠠ ᠮᠠᠷᠭᠤᠭᠠᠨ ᠲᠠᠢ ᠰᠡᠳᠤᠪ ᠢ ᠰᠣᠩᠭᠤᠵᠦ᠂ ᠲᠤᠰ | ᠰᠡᠳᠤᠪ ᠤᠨ ᠲᠣᠭᠤᠷᠢᠨ ᠳᠤ ᠰᠤᠷᠤᠭᠴᠢᠳ ᠢ ᠲᠤᠭᠤᠢᠢᠯᠠᠩ ᠬᠤᠪᠢᠶᠠᠵᠦ᠂ ᠮᠠᠷᠭᠤᠯᠳᠤᠭᠤᠯᠵᠦ ᠪᠣᠯᠤᠨ᠎ᠠ᠃ ᠲᠤᠰ | ᠮᠠᠷᠭᠤᠯᠳᠤᠭᠠᠨ ᠨᠢ ᠰᠤᠷᠤᠭᠴᠢᠳ ᠤᠨ ᠨᠤᠮ ᠤᠩᠰᠢᠭᠰᠠᠨ ᠤ ᠳᠠᠷᠠᠭ᠎ᠠ ᠰᠣᠯᠢᠯᠴᠠᠬᠤ ᠶᠢ ᠬᠦᠰᠡᠭᠰᠡᠨ ᠬᠦᠰᠡᠯ | ᠱᠠᠭᠠᠷᠳᠠᠯᠭ᠎ᠠ ᠶᠢ ᠬᠠᠩᠭᠠᠵᠤ ᠴᠢᠳᠠᠬᠤ ᠮᠥᠷᠲᠡᠭᠡᠨ ᠰᠤᠷᠤᠭᠴᠢᠳ ᠲᠤ ᠨᠤᠮ ᠤᠩᠰᠢᠭᠰᠠᠨ ᠦᠷ᠎ᠡ ᠪᠦᠲᠦᠭᠡᠯ ᠢᠶᠠᠨ | ᠣᠯᠠᠨ ᠤ ᠡᠮᠦᠨ᠎ᠡ ᠵᠣᠷᠢᠭᠲᠠᠢ ᠪᠠᠷ ᠢᠯᠡᠷᠡᠭᠦᠯᠬᠦ ᠳᠣᠬᠢᠶᠠᠯ ᠢ ᠣᠯᠭᠤᠵᠦ ᠴᠢᠳᠠᠨ᠎ᠠ᠃ ᠮᠥᠨ ᠴᠦ ᠪᠠᠭᠰᠢ ᠠᠴᠠ | ᠵᠣᠬᠢᠬᠤ ᠬᠤᠭᠤᠴᠠᠭᠠᠨ ᠤ ᠨᠣᠮ ᠤᠩᠰᠢᠭᠰᠠᠨ ᠶᠠᠪᠤᠴᠠ ᠶᠢᠨ ᠦᠨᠡᠯᠡᠯᠲᠡ ᠳᠤ ᠠᠮᠢᠲᠦ ᠰᠣᠷᠭᠤᠭ ᠮᠠᠲ᠋ᠧᠷᠢᠶᠠᠯ ᠢ | ᠬᠠᠩᠭᠠᠵᠤ᠂ ᠰᠤᠷᠤᠭᠴᠢᠳ ᠤᠨ ᠰᠡᠳᠭᠢᠬᠦᠢ ᠶᠢᠨ ᠭᠦᠨᠴᠡ ᠶᠢ ᠴᠦ ᠣᠢᠢᠯᠠᠭᠠᠵᠦ᠂ ᠶᠠᠪᠤᠴᠠ ᠶᠢᠨ ᠦᠨᠡᠯᠡᠯᠲᠡ ᠶᠢᠨ | ᠲᠥᠪ ᠭᠤᠣᠯᠴᠢ ᠶᠢ ᠪᠠᠲᠤᠯᠠᠵᠦ ᠴᠢᠳᠠᠨ᠎ᠠ᠃ | ③ ᠱᠠᠲᠤᠴᠢ ᠴᠢᠨᠠᠷᠲᠠᠢ ᠦᠷ᠎ᠡ ᠪᠦᠲᠦᠭᠡᠯ ᠤᠨ ᠳᠡᠯᠭᠡᠨ ᠦᠵᠡᠭᠦᠯᠭᠡ ᠪᠠᠷ ᠬᠤᠪᠢ ᠣᠯᠭᠤᠵᠦ | ᠪᠠᠷᠢᠮᠵᠢᠶᠠᠯᠠᠵᠦ ᠪᠣᠯᠤᠨ᠎ᠠ᠃ ᠲᠣᠭᠲᠠᠭᠰᠠᠨ ᠨᠢᠭᠡ ᠬᠤᠭᠤᠴᠠᠭᠠᠨ ᠤ ᠳᠣᠲᠤᠷ᠎ᠠ᠂ ᠰᠤᠷᠤᠭᠴᠢᠳ ᠤᠨ ᠨᠤᠮ | ᠤᠩᠰᠢᠭᠰᠠᠨ ᠦᠷ᠎ᠡ ᠪᠦᠲᠦᠭᠡᠯ ᠢ ᠠᠩᠭᠢ ᠶᠢᠨ ᠭᠡᠷ ᠪᠣᠶᠦ ᠠᠰᠠᠷ ᠤᠨ ᠬᠤᠩᠭᠢᠯ ᠳᠤ ᠳᠡᠯᠭᠡᠨ ᠦᠵᠡᠭᠦᠯᠵᠦ᠂ | ᠳᠡᠳᠡᠨ ᠤ ᠲᠤᠰ ᠬᠤᠭᠤᠴᠠᠭᠠᠨ ᠤ ᠳᠣᠲᠤᠷ᠎ᠠ ᠶᠠᠮᠠᠷ ᠵᠤᠬᠢᠶᠠᠯ ᠢ ᠴᠣᠬᠤᠮ ᠬᠠᠮᠢᠭ᠎ᠠ ᠬᠦᠷᠲᠡᠯ᠎ᠡ᠂ ᠬᠢᠷᠢ ᠵᠡᠷᠭᠡ | ᠤᠩᠰᠢᠭᠰᠠᠨ ᠢ ᠪᠠᠶᠢᠴᠠᠭᠠᠵᠦ ᠪᠣᠯᠤᠨ᠎ᠠ᠃ ᠭᠡᠬᠦ ᠳᠤ ᠪᠠᠨ ᠶᠠᠮᠠᠷ ᠰᠡᠳᠤᠪᠲᠦ ᠬᠡᠳᠦᠨ ᠨᠣᠮ ᠤᠩᠰᠢᠭᠰᠠᠨ᠂ | ᠤᠩᠰᠢᠯᠭ᠎ᠠ ᠶᠢᠨ ᠳᠤᠮᠳᠠ ᠪᠠᠨ ᠤᠷᠠᠨ ᠭᠤᠶᠢᠲᠠ ᠰᠣᠩᠭᠤᠳᠠᠭ ᠬᠡᠯᠡ ᠬᠡᠯᠡᠯᠭᠡ ᠶᠢ ᠬᠡᠳᠦᠢ ᠲᠡᠮᠳᠡᠭᠯᠡᠭᠰᠡᠨ᠂ ᠬᠡᠳᠦᠢ | ᠪᠠᠳᠠᠭ ᠰᠢᠯᠦᠭ ᠣᠯᠵᠦ ᠴᠡᠭᠡᠵᠢᠯᠡᠭᠰᠡᠨ᠂ ᠨᠣᠮ ᠤᠩᠰᠢᠭᠰᠠᠨ ᠲᠥᠷᠦᠭᠳᠡᠯ ᠬᠡᠳᠦᠢ ᠪᠢᠴᠢᠭᠰᠡᠨ ᠭᠡᠬᠦ ᠵᠡᠷᠭᠡ ᠪᠠᠷ | ᠪᠠᠷᠢᠮᠵᠢᠶᠠᠯᠠᠵᠦ᠂ ᠶᠠᠪᠤᠴᠠ ᠶᠢᠨ ᠦᠨᠡᠯᠡᠯᠲᠡ ᠶᠢᠨ ᠴᠢᠨᠠᠷᠯᠢᠭ ᠪᠠᠶᠢᠬᠤ ᠡᠰᠡᠬᠦ ᠪᠠᠷ ᠬᠤᠪᠢ ᠣᠯᠭᠤᠵᠦ | ᠪᠣᠯᠤᠨ᠎ᠠ᠃ ᠮᠥᠨ ᠦᠷ᠎ᠡ ᠪᠦᠲᠦᠭᠡᠯ ᠢ ᠪᠠᠭᠰᠢ ᠠᠴᠠ ᠦᠨᠡᠯᠡᠵᠦ ᠪᠣᠯᠤᠨ᠎ᠠ᠃ ᠰᠤᠷᠤᠭᠴᠢ ᠬᠤᠭᠤᠷᠤᠨᠳᠦ ᠪᠠᠨ ᠴᠦ | ᠦᠨᠡᠯᠡᠵᠦ ᠪᠣᠯᠤᠨ᠎ᠠ᠃ ᠢᠩᠭᠢᠵᠦ ᠬᠢᠬᠦ ᠨᠢ ᠳᠡᠳᠡᠨ ᠤ ᠲᠤᠰ ᠨᠣᠮ ᠤᠨ ᠲᠤᠬᠠᠢ ᠰᠠᠭᠤᠭᠳᠠᠯ ᠢ ᠭᠦᠨᠵᠡᠭᠡᠶᠢᠷᠡᠭᠦᠯᠵᠦ᠂ | ᠨᠣᠮ ᠤᠩᠰᠢᠬᠤ ᠪᠠᠶᠠᠷ ᠪᠠᠶᠠᠰᠤᠯ ᠢ ᠣᠯᠭᠤᠨ᠎ᠠ᠃ | ︵2︶ ᠭᠡᠷ ᠤᠨ ᠠᠬᠠᠮᠠᠳ᠂ ᠳᠡᠳ᠋ᠯᠡᠪᠡᠯ ᠰᠤᠷᠤᠯᠭ᠎ᠠ ᠶᠢᠨ ᠬᠠᠨᠢᠲᠠᠨ᠂ ᠨᠠᠶᠢᠵᠠ ᠨᠦᠭᠦᠳ ᠤᠨ | ᠬᠤᠭᠤᠷᠤᠨᠳᠦ ᠪᠠᠨ ᠬᠠᠷᠢᠯᠴᠠᠨ ᠰᠤᠷᠤᠯᠴᠠᠨ᠂ ᠬᠠᠷᠢᠯᠴᠠᠨ ᠰᠡᠩᠭᠡᠷᠡᠭᠦᠯᠵᠦ᠂ ᠬᠠᠷᠢᠯᠴᠠᠨ ᠬᠢᠨᠠᠯᠲᠠ ᠲᠠᠯᠪᠢᠵᠦ᠂ | ︽ᠰᠣᠳᠤᠨ ᠪᠦᠲᠦᠭᠡᠯ ᠤᠨ ᠣᠡᠭᠰᠢᠯᠭ᠎ᠠ ᠶᠢᠨ ᠬᠠᠮᠲᠦ ᠶᠢᠨ ᠴᠣᠭᠴᠠ︾ ᠪᠦᠷᠢᠯᠳᠦᠵᠦ᠂ ᠬᠤᠯᠪᠤᠭᠠᠨ ᠳᠣᠲᠤᠷ᠎ᠠ ᠪᠠᠨ | ᠲᠤᠰ ᠨᠣᠮ ᠤᠨ ᠲᠤᠬᠠᠢ ᠦᠵᠡᠯᠲᠡ ᠲᠡᠨᠢᠯᠲᠡ ᠪᠠᠨ ᠰᠣᠯᠢᠯᠴᠠᠵᠦ ᠪᠣᠯᠤᠨ᠎ᠠ᠃ | ① ᠪᠢᠴᠢᠯ ᠭᠢᠴᠢᠶᠡᠯᠯᠡᠭᠡ ᠪᠠᠷ ᠰᠤᠷᠤᠭᠴᠢ ᠪᠣᠯᠤᠨ ᠭᠡᠷ ᠤᠨ ᠠᠬᠠᠮᠠᠳ ᠤᠨ ᠨᠣᠮ ᠤᠩᠰᠢᠬᠤ ᠤᠷᠮ᠎ᠠ ᠶᠢ | ᠳᠠᠶᠢᠴᠢᠯᠠᠵᠦ ᠪᠣᠯᠤᠨ᠎ᠠ᠃ ᠠᠳᠠᠯᠢ ᠪᠣᠰᠦ ᠶᠢᠨ ᠰᠡᠳᠤᠪᠲᠦ ᠨᠣᠮ ᠢ ᠤᠩᠰᠢᠬᠤ ᠦᠶ᠎ᠡ ᠳᠤ ᠠᠳᠠᠯᠢ ᠪᠣᠰᠦ ᠠᠷᠭ᠎ᠠ ᠪᠠᠷ | ᠤᠩᠰᠢᠳᠠᠭ᠃ ᠨᠣᠮ ᠢ ᠤᠩᠰᠢᠬᠤ ᠶᠢᠨ ᠲᠡᠳᠦᠢ ᠤᠩᠰᠢᠬᠤ ᠠᠴᠠ ᠵᠠᠶᠢᠯᠠᠰᠬᠢᠬᠤ ᠶᠢᠨ ᠲᠥᠯᠦᠭᠡ᠂ ᠪᠠᠭᠰᠢ ᠠᠴᠠ | ᠪᠢᠴᠢᠯ ᠬᠢᠴᠢᠶᠡᠯᠯᠡᠭᠡ ᠪᠠᠷ ᠤᠩᠰᠢᠬᠤ ᠭᠡᠵᠦ ᠪᠠᠶᠢᠭ᠎ᠠ ᠨᠣᠮ ᠤᠨ ᠢᠶᠠᠨ ᠲᠠᠨᠢᠯᠴᠠᠭᠤᠯᠭ᠎ᠠ ᠶᠢ ᠬᠤᠯᠪᠤᠭᠠᠨ | ᠳᠣᠲᠤᠷ᠎ᠠ ᠪᠠᠨ ᠬᠤᠪᠢᠶᠠᠯᠴᠠᠨ᠂ ᠭᠡᠷ ᠤᠨ ᠠᠬᠠᠮᠠᠳ ᠤᠨ ᠲᠤᠰ ᠨᠣᠮ ᠢ ᠡᠬᠢᠯᠡᠨ ᠤᠩᠰᠢᠬᠤ ᠤᠷᠮ᠎ᠠ ᠵᠣᠷᠢᠭ ᠢ | ᠬᠥᠪᠴᠢᠯᠡᠵᠦ ᠪᠣᠯᠤᠨ᠎ᠠ᠃ | ② ᠵᠥᠭᠡᠯᠡᠨ ᠲᠣᠨᠤᠭ ᠳ᠋ᠢᠩ ᠳ᠋ᠢᠩ ᠤᠭᠰᠠᠷᠠᠵᠦ᠂ ᠭᠡᠷ ᠤᠨ ᠠᠬᠠᠮᠠᠳ ᠪᠣᠯᠤᠨ ᠬᠡᠤᠬᠡᠳ ᠤᠨ ᠨᠣᠮ | ᠤᠩᠰᠢᠯᠭ᠎ᠠ ᠶᠢᠨ ᠤᠷᠮ᠎ᠠ ᠶᠢ ᠳᠠᠶᠢᠴᠢᠯᠠᠵᠦ ᠪᠣᠯᠤᠨ᠎ᠠ᠃ ᠤᠩᠰᠢᠯᠭ᠎ᠠ ᠶᠢᠨ ᠪᠠᠶᠠᠷ ᠪᠠᠶᠠᠰᠤᠯ ᠨᠢ ᠵᠥᠪᠬᠡᠨ ᠮᠡᠳᠡᠯᠭᠡ | ᠣᠯᠬᠤ ᠳᠤ ᠪᠠᠶᠢᠬᠤ ᠪᠢᠰᠢ᠂ ᠨᠡᠩ ᠴᠢᠬᠤᠯᠠ ᠨᠢ ᠬᠥᠮᠦᠨ ᠲᠥᠷᠦᠯᠭᠢᠲᠡᠨ ᠤ ᠣᠶᠤᠨ ᠤᠬᠠᠭᠠᠨ ᠤ ᠣᠬᠢ | ᠱᠦᠯᠲᠦ ᠪᠠᠷ ᠣᠶᠤᠨ ᠰᠠᠨᠠᠭ᠎ᠠ ᠪᠠᠨ ᠠᠷᠢᠭᠤᠰᠬᠠᠵᠦ ᠳᠡᠭᠡᠳᠦ ᠬᠡᠮᠵᠢᠶᠡᠨ ᠤ ᠣᠶᠤᠨ ᠤ ᠬᠦᠷᠲᠡᠭᠡᠯ ᠣᠯᠬᠤ ᠳᠤ | ᠪᠣᠢ᠃ ᠬᠥᠮᠦᠨ ᠪᠦᠷᠢ ᠶᠢᠨ ᠨᠣᠮ ᠤᠩᠰᠢᠬᠤ ᠠᠷᠭ᠎ᠠ ᠠᠪᠴᠠᠯ᠂ ᠬᠤᠷᠳᠤᠴᠠ ᠨᠢ ᠠᠳᠠᠯᠢ ᠦᠭᠡᠢ ᠪᠠᠶᠢᠳᠠᠬ᠃ ᠭᠡᠷ | ᠪᠦᠯᠢ ᠴᠦ ᠡᠭᠦᠨ ᠲᠠᠢ ᠠᠳᠠᠯᠢᠬᠠᠨ ᠪᠠᠶᠢᠳᠠᠬ᠃ ᠡᠶᠢᠮᠦ ᠠᠴᠠ ᠪᠠᠭᠰᠢ ᠠᠴᠠ ᠰᠦᠯᠵᠢᠶ᠎ᠡ᠂ ᠰᠢᠨ᠎ᠡ ᠬᠡᠯᠪᠡᠷᠢ ᠶᠢᠨ | ᠵᠠᠭᠤᠴᠢᠯᠠᠭᠤᠷ ᠢ ᠠᠰᠢᠭᠯᠠᠨ᠂ ᠤᠩᠰᠢᠯᠭ᠎ᠠ ᠶᠢᠨ ᠦᠷ᠎ᠡ ᠪᠦᠲᠦᠭᠡᠯ ᠢ ᠰᠣᠯᠢᠯᠴᠠᠬᠤ ᠬᠤᠷᠠᠯ ᠡᠷᠬᠢᠯᠡᠨ ᠠᠳᠠᠯᠢ | ᠪᠣᠰᠦ ᠶᠢᠨ ᠨᠣᠮ ᠤᠩᠰᠢᠯᠭ᠎ᠠ ᠶᠢᠨ ᠠᠷᠭ᠎ᠠ᠂ ᠠᠳᠠᠯᠢ ᠪᠣᠰᠦ ᠥᠨᠴᠦᠭ ᠬᠠᠷᠠᠭᠠᠰᠦ ᠠᠴᠠ ᠣᠯᠤᠭᠰᠠᠨ ᠠᠳᠠᠯᠢ | ᠪᠣᠰᠦ ᠶᠢᠨ ᠣᠯᠤᠯᠲᠠ ᠶᠢ ᠬᠤᠪᠢᠶᠠᠯᠴᠠᠭᠤᠯᠵᠦ᠂ ᠬᠠᠮᠲᠦ ᠪᠠᠷ ᠰᠤᠷᠤᠯᠴᠠᠨ᠂ ᠬᠠᠮᠲᠦ ᠪᠠᠷ ᠳᠡᠭᠡᠭᠰᠢᠯᠡᠬᠦ ᠵᠣᠷᠢᠯᠭ᠎ᠠ ᠳᠤ | ᠬᠦᠷᠴᠦ ᠪᠣᠯᠤᠨ᠎ᠠ᠃ | 2. ᠦᠷ᠎ᠡ ᠪᠦᠲᠦᠮᠵᠢ ᠶᠢᠨ ᠦᠨᠡᠯᠡᠯᠲᠡ ᠳᠤ ᠰᠤᠷᠤᠭᠴᠢᠳ ᠤᠨ ︽ᠰᠣᠳᠤᠨ ᠪᠦᠲᠦᠭᠡᠯ︾ ᠢ ᠣᠡᠭᠰᠢᠵᠦ | ᠣᠢᠢᠯᠠᠭᠠᠭᠰᠠᠨ ᠡᠰᠡᠬᠦ ᠶᠢ ᠰᠢᠯᠭᠠᠵᠦ᠂ ᠰᠢᠯᠭᠠᠯᠲᠠ ᠶᠢᠨ ᠰᠡᠳᠤᠪ ᠨᠢ ᠰᠢᠨᠵᠢᠯᠡᠬᠦ ᠤᠬᠠᠭᠠᠨᠴᠢ᠂ ᠰᠤᠷᠤᠭᠴᠢ ᠶᠢᠨ | ᠪᠣᠳᠠᠳᠠᠢ ᠳᠤ ᠲᠣᠬᠢᠷᠠᠭᠰᠠᠨ ᠪᠠᠶᠢᠬᠤ ᠬᠡᠷᠡᠭᠳᠡᠢ᠃ ᠡᠰᠡ ᠲᠡᠶᠢᠮᠦ ᠪᠣᠯ ︽ᠰᠣᠳᠤᠨ ᠪᠦᠲᠦᠭᠡᠯ︾ ᠤᠨ ᠣᠡᠭᠰᠢᠯᠭ᠎ᠠ ᠶᠢ | ᠨᠥᠯᠦᠭᠡᠯᠡᠵᠦ ᠮᠡᠳᠡᠨ᠎ᠡ᠃ ᠵᠢᠱᠢᠶᠡᠯᠡᠪᠡᠯ᠂ ᠨ᠊ · ᠦᠯᠵᠡᠶᠢᠪᠠᠲᠦ ᠶᠢᠨ ︽ᠠᠪᠤ ᠨᠤᠲᠤᠭ ᠬᠤᠶᠠᠷ︾ ᠤᠨ ᠬᠠᠮᠲᠦ ᠶᠢᠨ | ᠤᠩᠰᠢᠯᠭ᠎ᠠ ᠳᠤ ᠪᠠᠭᠰᠢ ᠠᠴᠠ ᠬᠠᠭᠠᠯᠲᠠ ᠲᠠᠭᠯᠠᠬᠤ ᠰᠡᠳᠤᠪ᠂ ᠬᠥᠳᠡᠯᠪᠦᠷᠢ ᠪᠠᠷ ᠬᠥᠲᠦᠯᠬᠦ᠂ ᠬᠠᠶᠢᠨ | ᠰᠦᠪᠡᠭᠴᠢᠯᠡᠵᠦ ᠰᠡᠳᠭᠢᠨ ᠪᠣᠳᠤᠯᠬᠢᠯᠠᠬᠤ᠂ ᠥᠪᠡᠷᠮᠢᠴᠡ ᠣᠯᠤᠯᠲᠠ ᠪᠠᠨ ᠬᠤᠪᠢᠶᠠᠯᠴᠠᠬᠤ᠂ ᠠᠮᠲᠠᠷᠬᠠᠨ ᠰᠣᠨᠢᠷᠬᠠᠬᠤ᠂ | ᠬᠦᠰᠦᠨᠦᠭᠵᠢᠭᠦᠯᠵᠦ ᠢᠯᠡᠷᠡᠭᠦᠯᠬᠦ ᠭᠡᠬᠦ ᠮᠡᠲᠦ ᠶᠢᠨ ᠳᠠᠷᠠᠭᠠᠯᠠᠯ ᠢᠶᠠᠷ ᠰᠡᠳᠤᠪ ᠲᠣᠬᠢᠷᠠᠭᠤᠯᠵᠦ ᠤᠩᠰᠢᠭᠰᠠᠨ | ᠨᠣᠮ ᠤᠨ ᠢᠶᠠᠨ ᠣᠯᠤᠯᠲᠠ ᠲᠠᠨᠢᠯᠲᠠ ᠶᠢ ᠭᠦᠨᠵᠡᠭᠡᠶᠢᠷᠡᠭᠦᠯᠦᠨ᠎ᠡ᠃ | ︵1︶ ᠬᠠᠭᠠᠯᠲᠠ ᠲᠠᠭᠯᠠᠬᠤ ᠰᠡᠳᠤᠪ | ︵2︶ ᠬᠥᠳᠡᠯᠪᠦᠷᠢ ᠵᠣᠬᠢᠶᠠᠨ ᠪᠠᠶᠢᠭᠤᠯᠬᠤ | ① ︽ᠠᠪᠤ ᠨᠤᠲᠤᠭ ᠬᠤᠶᠠᠷ︾ ᠭᠡᠬᠦ ᠡᠮᠬᠢᠳᠭᠡᠯ ᠳᠤ ᠠᠪᠤ ᠶᠢᠨ ᠢᠶᠠᠨ ᠵᠠᠯᠠᠭᠤ ᠨᠠᠰᠦ ᠶᠢ ᠳᠤᠷᠠᠳᠬᠠᠯ ᠤᠨ | ᠬᠡᠯᠪᠡᠷᠢ ᠪᠠᠷ ᠡᠷᠭᠢᠴᠡᠭᠦᠯᠦᠭᠰᠡᠨ ᠪᠠᠶᠢᠨ᠎ᠠ᠃ ᠡᠭᠦᠨ ᠳᠤ ︽ᠪᠢ︾ ᠶᠢᠨ ᠠᠪᠤ ᠳᠤ ᠠᠪᠴᠦ ᠬᠡᠯᠡᠪᠡᠯ᠂ ᠴᠡᠷᠢᠭ ᠤᠨ | ᠠᠮᠢᠳᠤᠷᠠᠯ ᠪᠣᠯ ᠬᠠᠮᠤᠭ ᠤᠨ ᠤᠳᠬ᠎ᠠ ᠠᠭᠤᠯᠭ᠎ᠠ ᠲᠠᠢ ᠰᠠᠨᠠᠭᠳᠠᠭᠰᠠᠨ᠃ ᠲᠡᠭᠡᠪᠡᠯ ᠮᠣᠷᠢᠲᠦ ᠴᠡᠷᠢᠭ ᠤᠨ | ᠪᠠᠶᠢᠯᠳᠤᠭᠴᠢ ᠪᠠᠶᠢᠭᠰᠠᠨ ᠥᠩᠭᠡᠷᠡᠯᠲᠡ ᠳᠤ ᠰᠠᠭᠤᠷᠢᠯᠠᠨ᠂ ᠥᠪᠦᠷ ᠮᠣᠩᠭᠤᠯ ᠤᠨ ᠮᠣᠷᠢᠲᠦ ᠴᠡᠷᠢᠭ ᠤᠨ ᠬᠠᠮᠢᠶ᠎ᠠ | ᠪᠦᠬᠦᠢ ᠮᠠᠲ᠋ᠧᠷᠢᠶᠠᠯ ᠢ ᠲᠡᠤᠬᠡ ᠶᠢᠨ ᠨᠣᠮ ᠪᠣᠶᠦ ᠰᠦᠯᠵᠢᠶ᠎ᠡ ᠠᠴᠠ ᠡᠷᠢᠵᠦ ᠴᠤᠭᠯᠠᠭᠤᠯᠤᠨ ᠡᠮᠬᠢᠳᠭᠡᠬᠦ ᠬᠥᠳᠡᠯᠪᠦᠷᠢ | ᠵᠣᠬᠢᠶᠠᠨ ᠪᠠᠶᠢᠭᠤᠯᠵᠦ᠂ ᠬᠦᠲᠡᠯᠪᠦᠷᠢ ᠶᠢ ᠭᠠᠷᠲᠠᠨ ᠬᠢᠬᠦ ᠳᠤᠮᠳᠠ ᠪᠠᠨ ᠣᠯᠠᠨ ᠠᠷᠪᠢᠨ ᠲᠡᠤᠬᠡ ᠶᠢᠨ ᠮᠡᠳᠡᠯᠭᠡ ᠶᠢ | ᠮᠡᠳᠡᠭᠦᠯᠵᠦ᠂ ᠴᠢᠯᠦᠭᠡᠯᠡᠬᠦ ᠳᠠᠶᠢᠨ ᠳᠤ ᠦᠵᠡᠭᠦᠯᠦᠭᠰᠡᠨ ᠮᠠᠨ ᠤ ᠥᠪᠦᠷ ᠮᠣᠩᠭᠤᠯ ᠤᠨ ᠮᠣᠷᠢᠲᠦ ᠴᠡᠷᠢᠭ ᠤᠨ ᠭᠠᠪᠢᠶ᠎ᠠ | ᠵᠢᠳᠭᠦᠯ ᠢ ᠪᠡᠶᠡᠴᠢᠯᠡᠨ ᠤᠢᠢᠯᠠᠭᠠᠭᠤᠯᠵᠤ᠂ ᠡᠭᠦᠨ ᠤ ᠤᠯᠠᠮ ᠠᠴᠠ ᠦᠨᠳᠦᠰᠦᠲᠡᠨ ᠢᠶᠠᠷ ᠢᠶᠠᠨ ᠪᠠᠭ᠋ᠠᠷᠬᠠᠬᠤ᠂ | ᠲᠡᠤᠬᠡ ᠪᠠᠷ ᠢᠶᠠᠨ ᠪᠠᠭ᠋ᠠᠷᠬᠠᠬᠤ ᠰᠡᠳᠭᠢᠯᠭᠡ ᠶᠢ ᠨᠡᠮᠡᠭᠳᠡᠭᠦᠯᠵᠦ᠂ ᠡᠬᠡ ᠣᠷᠤᠨ ᠢᠶᠠᠨ ᠬᠠᠶᠢᠷᠠᠯᠠᠬᠤ᠂ | ᠦᠨᠳᠦᠰᠦᠲᠡᠨ ᠢᠶᠠᠨ ᠬᠠᠶᠢᠷᠠᠯᠠᠬᠤ᠂ ᠡᠬᠡ ᠨᠤᠲᠤᠭ ᠢᠶᠠᠨ ᠬᠠᠶᠢᠷᠠᠯᠠᠬᠤ ᠬᠥᠮᠦᠵᠢᠯ ᠢ ᠬᠢᠵᠦ ᠪᠣᠯᠤᠨ᠎ᠠ᠃ | ② ︽ᠬᠤᠯᠠ ᠶᠢᠨ ᠴᠡᠩᠭᠡᠷ ᠲᠤᠤᠺᠢᠣ᠋︾ ᠭᠡᠬᠦ ᠡᠮᠬᠢᠳᠭᠡᠯ ᠳᠤ ︽ᠪᠢ︾ ᠶᠢᠨ ᠬᠠᠷᠢ ᠭᠠᠵᠠᠷ ᠶᠠᠫᠣᠨ | ᠤᠯᠤᠰ ᠲᠤ ᠠᠮᠢᠳᠤᠷᠠᠵᠦ ᠰᠤᠷᠤᠯᠴᠠᠭᠰᠠᠨ ᠠᠬᠤᠢ ᠠᠮᠢᠳᠤᠷᠠᠯ ᠳᠤ ᠰᠠᠭᠤᠷᠢᠯᠠᠨ᠂ ᠬᠠᠷᠢ ᠶᠢᠨ ᠲᠡᠤᠬᠡ ᠰᠣᠶᠤᠯ ᠢ | ᠣᠢᠢᠯᠠᠭᠠᠬᠤ ᠬᠦᠲᠡᠯᠪᠦᠷᠢ ᠵᠣᠬᠢᠶᠠᠨ ᠪᠠᠶᠢᠭᠤᠯᠵᠦ᠂ ᠡ᠊ᠨᠡ ᠭᠦ ᠬᠥᠳᠡᠯᠪᠦᠷᠢ ᠶᠢ ᠭᠠᠷᠳᠠᠨ ᠬᠢᠬᠦ ᠳᠤᠮᠳᠠ ᠪᠠᠨ ᠶᠠᠫᠣᠨ ᠢ | ᠲᠠᠨᠢᠯᠴᠠᠭᠤᠯᠤᠭᠰᠠᠨ ᠬᠢᠳᠡᠳ ᠮᠣᠩᠭᠤᠯ ᠣᠯᠠᠨ ᠨᠣᠮ ᠰᠡᠳᠭᠦᠯ᠂ ᠺᠢᠨᠣ᠋ ᠲᠧᠯᠸᠢᠰ᠂ ᠰᠦᠯᠵᠢᠶ᠎ᠡ ᠠᠴᠠ ᠶᠠᠮᠠᠲ᠋ᠣᠣ᠋ | ᠦᠨᠳᠦᠰᠦᠲᠡᠨ ᠤ ᠰᠣᠶᠤᠯ ᠲᠡᠤᠬᠡ ᠶᠢ ᠣᠢᠢᠯᠠᠭᠠᠬᠤ ᠶᠢᠨ ᠤᠯᠠᠮ ᠠᠴᠠ ᠪᠤᠰᠤᠳ ᠦᠨᠳᠦᠰᠦᠲᠡᠨ ᠤ ᠳᠠᠪᠠᠭᠤᠯᠢᠭ | ᠲᠠᠯ᠎ᠠ ᠠᠴᠠ ᠰᠤᠷᠤᠯᠴᠠᠨ᠂ ᠥᠪᠡᠷ ᠢ ᠪᠠᠨ ᠲᠤᠳᠠᠭᠳᠠᠯ ᠲᠠᠢ ᠲᠠᠯ᠎ᠠ ᠪᠠᠨ ᠢᠯᠠᠨ ᠳᠠᠪᠠᠵᠦ᠂ ᠤᠯᠤᠰ ᠣᠷᠤᠨ ᠤ | ᠪᠦᠲᠦᠭᠡᠨ ᠪᠠᠶᠢᠭᠤᠯᠤᠯᠲᠠ ᠳᠤ ᠥᠪᠡᠷ ᠤᠨ ᠬᠦᠴᠦᠨ ᠴᠢᠳᠠᠯ ᠢᠶᠠᠨ ᠵᠣᠷᠢᠭᠤᠯᠬᠤ᠂ ᠤᠯᠠᠮ ᠰᠠᠶᠢᠨ ᠢᠶᠠᠷ | ᠦᠨᠳᠦᠰᠦᠲᠡᠨ ᠳᠤ ᠪᠠᠨ ᠦᠢᠯᠡᠴᠢᠯᠡᠬᠦ ᠬᠦᠴᠦᠨ ᠵᠣᠷᠢᠭ᠂ ᠬᠠᠷᠢᠭᠤᠴᠠᠬᠤ ᠰᠡᠳᠭᠢᠯᠭᠡ ᠶᠢ ᠨᠡᠮᠡᠭᠳᠡᠭᠦᠯᠵᠦ᠂ ᠣᠷᠤᠨ | ᠨᠤᠲᠤᠭ ᠢᠶᠠᠨ ᠪᠦᠲᠦᠭᠡᠨ ᠪᠠᠶᠢᠭᠤᠯᠬᠤ ᠦᠢᠯᠡᠰ ᠲᠤ ᠠᠯᠢᠪᠠ ᠪᠠᠨ ᠵᠣᠷᠢᠭᠤᠯᠬᠤ ᠬᠥᠮᠦᠵᠢᠯ ᠢ ᠬᠢᠵᠦ ᠪᠣᠯᠤᠨ᠎ᠠ᠃ | ③ ︽ᠮᠦᠭᠡᠷᠥᠦ ᠮᠦᠭᠡᠷᠥᠦ ᠱᠣᠷᠤᠩ ᠬᠠᠳᠠ︾ ᠭᠡᠬᠦ ᠡᠮᠬᠢᠳᠭᠡᠯ ᠳᠤ ᠵᠣᠬᠢᠶᠠᠭᠴᠢ ︽ᠪᠢ︾ ᠶᠢᠨ | ᠲᠣᠭᠯᠠᠵᠦ ᠥᠰᠦᠭᠰᠡᠨ ᠥᠯᠦᠭᠡᠢ ᠨᠤᠲᠤᠭ ᠤᠨ ᠲᠤᠬᠠᠢ ᠶᠢᠨ ᠦᠶ᠎ᠡ ᠶᠢᠨ ᠪᠠᠶᠢᠭᠠᠯᠢ ᠳᠡᠯᠡᠬᠡᠢ᠂ ᠬᠥᠮᠦᠨ ᠠᠷᠠᠳ ᠤᠨ | ᠰᠣᠶᠤᠯ ᠠᠷᠠᠨᠰᠢᠨ ᠢ ᠨᠢᠳᠦᠨ ᠳᠤ ᠦᠵᠡᠭᠳᠡᠵᠦ ᠭᠠᠷ ᠲᠤ ᠪᠠᠷᠢᠭᠳᠠᠲᠠᠯᠠ ᠠᠮᠢᠳᠦ ᠳᠦᠷᠰᠦᠯᠢᠭ ᠢᠯᠡᠳᠭᠡᠭᠰᠡᠨ | ᠪᠠᠶᠢᠨ᠎ᠠ᠃ ᠡᠭᠦᠨ ᠳᠤ ᠰᠠᠭᠤᠷᠢᠯᠠᠨ ᠰᠤᠷᠤᠭᠴᠢᠳ ᠢᠶᠠᠷ ᠥᠪᠡᠷ ᠤᠨ ᠥᠯᠦᠭᠡᠢ ᠨᠤᠲᠤᠭ ᠤᠨ ᠢᠶᠠᠨ ᠬᠥᠮᠦᠨ | ᠪᠠᠶᠢᠭᠠᠯᠢ ᠶᠢ ᠳᠤᠷᠠᠰᠤᠨ ᠲᠡᠮᠳᠡᠭᠯᠡᠬᠦ ᠬᠥᠳᠡᠯᠪᠦᠷᠢ ᠵᠣᠬᠢᠶᠠᠨ ᠪᠠᠶᠢᠭᠤᠯᠵᠦ᠂ ᠡ᠊ᠨᠡ ᠭᠦ ᠬᠥᠳᠡᠯᠪᠦᠷᠢ ᠶᠢ ᠬᠢᠬᠦ ᠪᠠᠷ | ᠳᠠᠮᠵᠢᠨ᠂ ᠥᠪᠡᠷ ᠤᠨ ᠥᠯᠦᠭᠡᠢ ᠨᠤᠲᠤᠭ ᠢᠶᠠᠨ ᠬᠠᠶᠢᠷᠠᠯᠠᠬᠤ᠂ ᠤᠯᠤᠰ ᠢᠶᠠᠨ ᠬᠠᠶᠢᠷᠠᠯᠠᠬᠤ ᠬᠥᠮᠦᠵᠢᠯ ᠢ | ᠬᠦᠷᠲᠡᠭᠡᠵᠦ ᠪᠣᠯᠤᠨ᠎ᠠ᠃ | ︵3︶ ᠬᠠᠶᠢᠨ ᠰᠦᠪᠡᠭᠴᠢᠯᠡᠵᠦ ᠰᠡᠳᠭᠢᠨ ᠪᠣᠳᠤᠯᠬᠢᠯᠠᠬᠤ | ① ︽ᠬᠤᠯᠠ ᠶᠢᠨ ᠴᠡᠩᠭᠡᠷ ᠲᠤᠤᠺᠢᠣ᠋︾ ᠳᠤ ᠡᠶᠢᠮᠦ ᠨᠢᠭᠡᠨ ᠬᠡᠰᠡᠭᠯᠡᠯ ᠪᠠᠶᠢᠳᠠᠬ᠃ ︽ᠡᠨᠡ ᠬᠤᠶᠠᠷ ᠵᠢᠯ | ᠪᠢ ᠮᠠᠨ ᠤ ᠥᠪᠦᠷ ᠮᠣᠩᠭᠤᠯ ᠤᠨ ᠵᠢᠨᠢᠩ ᠠᠴᠠ ᠲᠦᠩᠯᠢᠶᠣᠤ ᠬᠦᠷᠬᠦ ᠲᠡᠮᠦᠷ ᠵᠠᠮ ᠢᠶᠠᠷ ᠣᠯᠠᠨ ᠴᠦ ᠤᠳᠠᠭ᠎ᠠ | ᠠᠶᠠᠯᠠᠯ᠎ᠠ᠃ ᠵᠢᠨᠢᠩ ᠠᠴᠠ ᠳ᠋ᠠᠪᠠᠨ ᠬᠦᠷᠬᠦ ᠳᠤ 630 ᠺᠢᠯᠣᠮᠧᠲᠷ ᠵᠠᠶᠢᠳᠠᠢ᠂ ᠪᠦᠲᠦᠨ ᠬᠤᠷᠢᠨ ᠨᠢᠭᠡᠨ ᠴᠠᠭ | ᠶᠠᠪᠤᠳᠠᠭ᠃ ᠡᠨᠡ ᠴᠢᠨᠢ ᠰᠢᠨᠺᠠᠨᠰᠢᠶᠠᠨ ᠤ ᠬᠤᠷᠳᠤᠨ ᠲᠡᠷᠭᠡᠨ ᠤ ᠬᠤᠶᠠᠷ ᠴᠠᠭ ᠭᠠᠷᠥᠢ ᠶᠢᠨ ᠵᠠᠮ ᠪᠣᠶᠦ ᠰᠢᠨ᠎ᠡ ᠪᠠᠷ | ᠲᠤᠷᠰᠢᠵᠦ ᠪᠠᠶᠢᠭ᠎ᠠ ᠣᠨᠴᠠ ᠬᠤᠷᠳᠤᠨ ᠲᠡᠷᠭᠡᠨ ᠤ ᠴᠠᠭ ᠢᠯᠡᠭᠦᠬᠡᠨ ᠯᠠ ᠶᠠᠪᠤᠬᠤ ᠭᠠᠵᠠᠷ ᠠᠵᠢ᠃ ᠡᠨᠡ ᠪᠣᠯ | ᠵᠥᠪᠬᠡᠨ ᠬᠤᠶᠠᠷ ᠭᠠᠵᠠᠷ ᠤᠨ ᠲᠡᠷᠭᠡᠨ ᠤ ᠬᠤᠷᠳᠤᠨ ᠤ ᠵᠥᠷᠢᠶ᠎ᠡ ᠲᠡᠳᠦᠢ ᠪᠢᠰᠢ᠂ ᠰᠢᠨᠵᠢᠯᠡᠬᠦ ᠤᠬᠠᠭᠠᠨ᠂ ᠰᠣᠶᠤᠯ᠂ | ᠠᠵᠦ ᠠᠬᠤᠢ ᠶᠢᠨ ᠬᠥᠭᠵᠢᠯᠲᠡ ᠶᠢᠨ ᠵᠥᠷᠢᠶ᠎ᠡ ᠶᠤᠮ᠃ ᠡ᠊ᠨᠡ ᠭᠦ ᠰᠢᠨᠵᠢᠯᠡᠬᠦ ᠤᠬᠠᠭᠠᠨ ᠰᠣᠶᠤᠯ ᠤᠨ | ᠬᠥᠭᠵᠢᠯᠲᠡ ᠶᠢᠨ ᠵᠥᠷᠢᠶ᠎ᠡ ᠠᠴᠠ ᠪᠣᠯᠵᠦ᠂ ᠬᠥᠮᠦᠨ ᠤ ᠤᠬᠠᠮᠰᠠᠷ᠂ ᠪᠣᠳᠤᠯ ᠰᠡᠳᠭᠢᠬᠦᠢ᠂ ᠴᠠᠭ ᠤᠨ ᠲᠤᠬᠠᠢ | ᠦᠵᠡᠯᠲᠡ ᠶᠢᠨ ᠵᠥᠷᠢᠶ᠎ᠡ ᠭᠠᠷᠬᠤ ᠨᠢ ᠵᠠᠶᠢᠯᠠᠰᠢ ᠦᠭᠡᠢ᠃︾ ᠭᠡᠬᠦ ᠬᠡᠰᠡᠭᠯᠡᠯ ᠠᠴᠠ ᠮᠠᠨ ᠤ ᠦᠨᠳᠦᠰᠦᠲᠡᠨ᠂ ᠤᠯᠤᠰ | ᠣᠷᠤᠨ᠂ ᠨᠡᠶᠢᠭᠡᠮ ᠤᠨ ᠬᠥᠭᠵᠢᠯᠲᠡ ᠶᠢᠨ ᠳᠤᠲᠠᠭᠳᠠᠯ ᠢᠶᠠᠨ ᠰᠡᠷᠡᠵᠦ᠂ ᠶᠠᠫᠣᠨ ᠤᠯᠤᠰ ᠶᠠᠭᠠᠬᠢᠭᠠᠳ ᠮᠠᠨ ᠠᠴᠠ | ᠢᠯᠠᠭᠦᠦ ᠭᠦᠭᠵᠢᠭᠰᠡᠨ ᠪᠣᠢ ᠭᠡᠬᠦ ᠠᠰᠠᠭᠤᠯᠲᠠ ᠶᠢ ᠰᠤᠷᠤᠭᠴᠢᠳ ᠢᠶᠠᠷ ᠰᠡᠳᠭᠢᠨ ᠪᠣᠳᠤᠯᠬᠢᠯᠠᠭᠤᠯᠵᠦ᠂ ᠬᠠᠶᠢᠨ | ᠰᠦᠪᠡᠭᠴᠢᠯᠡᠭᠦᠯᠵᠦ ᠪᠣᠯᠤᠨ᠎ᠠ᠃ | ② ︽ᠶᠠᠫᠣᠨ ᠤ ᠬᠤᠪᠢ ᠶᠢᠨ ᠬᠤᠭᠤᠯᠠᠨ ᠭᠡᠷ ᠤᠨ ᠡᠵᠡᠳ ᠮᠠᠨ ᠤ ᠬᠢᠨ ᠤ ᠰᠢᠭ ᠬᠥᠮᠦᠨ ᠵᠠᠷᠤᠭᠠᠳ ᠬᠥᠯ | ᠰᠣᠯᠪᠢᠵᠦ ᠰᠠᠭᠤᠬᠤ ᠦᠭᠡᠢ᠂ ᠪᠦᠬᠦ ᠠᠵᠢᠯ ᠢ ᠥᠪᠡᠷ ᠢᠶᠠᠨ ᠭᠤᠣᠯᠳᠠᠵᠦ ᠭᠦᠢᠴᠡᠳᠭᠡᠨ᠎ᠡ᠃ ᠰᠠᠰᠠᠺᠢ ᠠᠪᠤᠭᠠᠢ | ᠬᠠᠭᠤᠷᠤᠯᠭ᠎ᠠ ᠬᠠᠭᠠᠷᠢᠯᠭ᠎ᠠ ᠶᠢ ᠥᠪᠡᠷ ᠢᠶᠠᠨ ᠭᠤᠣᠯᠯᠠᠨ ᠬᠢᠵᠦ᠂ ᠶᠠᠭᠠᠷᠠᠭᠰᠠᠨ ᠦᠶ᠎ᠡ ᠳᠤ ᠬᠤᠶᠠᠷ ᠭᠤᠷᠪᠠᠨ | ᠲᠣᠭᠤᠭ᠎ᠠ ᠶᠢ ᠵᠡᠷᠭᠡ ᠪᠠᠷ ᠬᠥᠳᠡᠯᠭᠡᠵᠦ᠂ ᠳᠤᠮᠳᠠ ᠨᠢ ᠪᠥᠵᠢᠭᠯᠡᠵᠦ ᠪᠠᠶᠢᠬᠤ ᠰᠢᠬ ᠦᠰᠦᠷᠬᠢᠯᠡᠵᠦ᠂ ᠲᠣᠭᠤᠭ᠎ᠠ | ᠰᠢᠨᠠᠭ᠎ᠠ ᠶᠢ ᠫᠠᠷᠴᠢᠭᠢᠨᠠᠭᠤᠯᠵᠦ ᠢᠷᠡᠬᠦ ᠨᠢ ᠦᠨᠡᠬᠡᠷ ᠭᠠᠶᠢᠬᠠᠵᠦ ᠪᠢᠰᠢᠷᠡᠮᠡᠷ ᠶᠤᠮᠰᠠᠨ᠃︾ ᠭᠡᠬᠦ ᠬᠡᠰᠡᠭᠯᠡᠯ ᠠᠴᠠ | ᠰᠤᠷᠤᠭᠴᠢᠳ ᠲᠤ ᠬᠤᠭᠤᠯᠠᠨ ᠭᠡᠷ ᠡᠷᠬᠢᠯᠡᠵᠦ᠂ ᠠᠵᠢᠯ ᠦᠢᠯᠡᠰ ᠪᠣᠰᠬᠠᠬᠤ ᠳᠤ ᠶᠠᠮᠠᠷ ᠰᠢᠦ ᠪᠠᠶᠢᠪᠠᠯ ᠲᠠᠭᠠᠷᠠᠬᠤ ᠪᠣᠢ | ᠭᠡᠵᠦ ᠰᠡᠳᠭᠢᠨ ᠪᠣᠳᠤᠯᠬᠢᠯᠠᠭᠤᠯᠵᠦ ᠬᠠᠶᠢᠨ ᠰᠦᠪᠡᠭᠴᠢᠯᠡᠭᠦᠯᠵᠦ ᠪᠣᠯᠤᠨ᠎ᠠ᠃ ᠭᠠᠳᠠᠭᠠᠳᠦ ᠶᠢᠨ ᠬᠤᠭᠤᠯᠠᠨ ᠭᠡᠷ | ᠡᠷᠬᠢᠯᠡᠬᠦ ᠨᠢ ᠮᠠᠶᠢᠮᠠᠢ ᠬᠢᠵᠦ ᠠᠰᠢᠭ ᠬᠤᠨᠵᠢᠶ᠎ᠠ ᠣᠯᠬᠤ ᠳᠤ ᠪᠠᠶᠢᠬᠤ ᠪᠢᠰᠢ᠂ ᠬᠠᠷᠢᠨ ᠥᠪᠡᠷ ᠤᠨ ᠳᠤᠷ᠎ᠠ ᠪᠠᠬ᠎ᠠ ᠲᠠᠢ | ᠦᠢᠯᠡᠰ ᠢᠶᠠᠨ ᠡᠷᠬᠢᠯᠡᠵᠦ᠂ ᠣᠶᠤᠨ ᠰᠠᠨᠠᠭᠠᠨ ᠤ ᠪᠠᠶᠠᠰᠤᠯ ᠣᠯᠬᠤ ᠶᠢᠨ ᠲᠥᠯᠦᠭᠡ ᠪᠠᠶᠢᠳᠠᠬ᠃ ᠡᠭᠦᠨ ᠠᠴᠠ ᠠᠵᠦ | ᠠᠬᠤᠢ᠂ ᠰᠣᠶᠤᠯ᠂ ᠰᠢᠨᠵᠢᠯᠡᠬᠦ ᠤᠬᠠᠭᠠᠨ ᠬᠥᠭᠵᠢᠭᠰᠡᠨ ᠤᠯᠤᠰ ᠣᠷᠤᠨ ᠤ ᠬᠥᠮᠦᠰ ᠤᠨ ᠦᠵᠡᠯ ᠤᠬᠠᠮᠰᠠᠷ᠂ | ᠪᠣᠳᠤᠯ ᠰᠡᠳᠭᠢᠬᠦᠢ ᠨᠢ ᠴᠦ ᠳᠠᠭᠠᠯᠳᠤᠨ ᠬᠢᠷᠢ ᠵᠡᠷᠭᠡ ᠬᠥᠭᠵᠢᠭᠰᠡᠨ ᠭᠡᠳᠡᠭ ᠢ ᠮᠡᠳᠡᠵᠦ ᠪᠣᠯᠤᠨ᠎ᠠ᠃ ᠡᠭᠦᠨ ᠢ | ᠮᠡᠳᠡᠬᠦ ᠶᠢᠨ ᠤᠯᠠᠮ ᠢᠶᠠᠷ ᠰᠣᠶᠤᠯ ᠬᠥᠮᠦᠨ ᠵᠦᠢ ᠶᠢᠨ ᠬᠠᠷᠠᠭᠠᠰᠦ ᠠᠴᠠ ᠬᠠᠶᠢᠨ ᠰᠦᠪᠡᠭᠴᠢᠯᠡᠯ ᠬᠢᠵᠦ᠂ ᠰᠡᠳᠭᠢᠨ | ᠪᠣᠳᠤᠯᠬᠢᠯᠠᠭᠤᠯᠵᠦ ᠪᠣᠯᠤᠨ᠎ᠠ᠃ | ︵4︶ ᠥᠪᠡᠷᠮᠢᠴᠡ ᠣᠯᠤᠯᠲᠠ ᠪᠠᠨ ᠬᠤᠪᠢᠶᠠᠯᠴᠠᠬᠤ | ᠵᠣᠬᠢᠶᠠᠯ ᠠᠴᠠ ᠠᠯᠢ ᠨᠢᠭᠡ ᠬᠡᠰᠡᠭ ᠪᠦᠯᠦᠭ ᠪᠣᠶᠦ ᠡᠮᠬᠢᠳᠭᠡᠯ ᠢ ᠤᠩᠰᠢᠭᠠᠳ ᠣᠯᠤᠭᠰᠠᠨ ᠲᠥᠷᠦᠭᠳᠡᠯ ᠢᠶᠠᠨ | ᠲᠤᠭᠤᠢᠢᠯᠠᠩ ᠳᠤ ᠪᠠᠨ ᠬᠤᠪᠢᠶᠠᠯᠴᠠᠬᠤ᠂ ᠡᠰᠡᠭᠦᠯ᠎ᠡ ᠬᠥᠳᠡᠯᠪᠦᠷᠢ ᠠᠴᠠ ᠰᠡᠳᠭᠢᠭᠳᠡᠭᠰᠡᠨ ᠥᠪᠡᠷᠮᠢᠴᠡ ᠣᠯᠤᠯᠲᠠ ᠪᠠᠨ | ᠠᠩᠭᠢ ᠶᠢᠨ ᠨᠦᠭᠦᠳ ᠲᠠᠢ ᠪᠠᠨ ᠬᠤᠪᠢᠶᠠᠯᠴᠠᠵᠦ ᠪᠣᠯᠤᠨ᠎ᠠ᠃ ᠢᠩᠭᠢᠪᠡᠯ ᠰᠤᠷᠤᠭᠴᠢᠳ ᠤᠨ ᠭᠠᠭᠴᠠᠭᠠᠷ ᠢᠶᠠᠨ ᠨᠢᠭᠡ | ᠪᠦᠲᠦᠨ ᠨᠣᠮ ᠢ ᠦᠵᠡᠭᠰᠡᠨ ᠠᠴᠠ ᠬᠤᠯᠠ ᠢᠯᠡᠭᠦᠦ ᠠᠰᠢᠭ ᠬᠦᠷᠲᠡᠵᠦ ᠪᠣᠯᠤᠨ᠎ᠠ᠃ ᠲᠥᠷᠦᠭᠳᠡᠯ | ᠬᠤᠪᠢᠶᠠᠯᠴᠠᠬᠤ ᠳᠤ ᠵᠥᠪ ᠡᠨᠧᠷᠭᠢ ᠲᠠᠢ᠂ ᠨᠦᠭᠦᠳ ᠤᠨ ᠰᠤᠷᠤᠯᠭ᠎ᠠ ᠠᠮᠢᠳᠤᠷᠠᠯ ᠳᠤ ᠬᠦᠴᠦᠨ ᠴᠢᠳᠠᠯ ᠣᠯᠭᠤᠵᠦ | ᠴᠢᠳᠠᠬᠤ ᠣᠯᠤᠯᠲᠠ ᠪᠠᠶᠢᠬᠤ ᠬᠡᠷᠡᠭᠳᠡᠢ᠃ ᠬᠠᠷᠢᠨ ᠭᠠᠵᠢᠭᠤ ᠲᠡᠶᠢᠰᠢ ᠪᠠᠨ ᠬᠥᠲᠦᠯᠦᠭᠰᠡᠨ ᠰᠥᠭᠡᠷᠭᠦ ᠡᠨᠧᠷᠭᠢ ᠲᠠᠢ | ᠵᠦᠢᠯ ᠪᠠᠶᠢᠵᠦ ᠪᠣᠯᠬᠤ ᠦᠭᠡᠢ᠃ | ︵5︶ ᠠᠮᠲᠠᠷᠬᠠᠨ ᠰᠣᠨᠢᠷᠬᠠᠬᠤ | ︽ᠬᠤᠯᠠ ᠶᠢᠨ ᠴᠡᠩᠭᠡᠷ ᠲᠤᠤᠺᠢᠣ᠋︾ ᠳᠤ ᠡᠶᠢᠮᠦ ᠨᠢᠭᠡᠨ ᠬᠡᠰᠡᠭᠯᠡᠯ ᠪᠠᠶᠢᠳᠠᠬ᠃ | ① ︽ᠶᠠᠭ ᠦᠨᠡᠨ ᠳᠤ ᠪᠠᠨ ᠲᠤᠤᠺᠢᠣ᠋ ᠰᠠᠶᠢᠬᠠᠨ ᠳ᠋ᠠ᠂ ᠮᠠᠨ ᠤ ᠬᠥᠬᠡᠬᠤᠲᠠ ᠲᠠᠢ ᠬᠠᠷᠢᠴᠠᠭᠤᠯᠬᠤ ᠶᠢᠨ | ᠠᠷᠭ᠎ᠠ ᠦᠭᠡᠢ ᠰᠠᠶᠢᠬᠠᠨ ᠭᠡᠵᠦ ᠬᠡᠯᠡᠵᠦ ᠪᠣᠯᠤᠨ᠎ᠠ᠃ ᠭᠡᠶ᠎ᠡ ᠬᠥᠮᠦᠨ ᠤ ᠨᠤᠲᠤᠭ ᠰᠠᠶᠢᠬᠠᠨ ᠪᠠᠶᠢᠭᠰᠠᠨ ᠴᠦ ᠳᠤᠯᠠᠭᠠᠨ | ᠦᠭᠡᠢ᠃ ᠪᠣᠷᠤᠯᠵᠢ ᠲᠠᠢ ᠴᠠᠶᠢᠳᠠᠮ ᠪᠦᠷᠢᠲᠦ ᠲᠠᠢ ᠪᠠᠯᠠᠷ ᠲᠤ ᠨᠢ ᠲᠠᠪᠠᠭ᠋ᠠᠢ ᠶᠢᠨ ᠣᠷᠤᠮ ᠢᠶᠠᠨ ᠲᠠᠮᠠᠭᠠᠯᠠᠵᠦ᠂ | ᠪᠤᠷᠵᠠᠩᠲᠠᠢ ᠭᠤᠣᠯ ᠳᠤ ᠨᠢ ᠱᠠᠯᠳᠠᠩ ᠨᠠᠭᠠᠳᠴᠦ᠂ ᠪᠣᠲᠠᠩᠲᠠᠢ ᠠᠭᠤᠯᠠᠨ ᠳᠤ ᠨᠢ ᠵᠢᠮᠢᠰ ᠲᠡᠭᠦᠵᠦ ᠶᠠᠪᠤᠭᠰᠠᠨ | ᠬᠥᠳᠡᠭᠡ ᠶᠢᠨ ᠨᠢᠭᠡ ᠭᠦᠲᠦᠰᠦᠨ ᠤ ᠲᠠᠰᠤᠷᠬᠠᠢ ᠨᠠᠳᠠ ᠳᠤ ᠪᠣᠯ ᠥᠷᠪᠦᠭᠡᠷ ᠪᠠᠶᠢᠭᠰᠠᠨ ᠴᠦ ᠡᠵᠢ ᠮᠢᠨᠢ᠂ ᠡᠯᠡᠰᠦ | ᠪᠠᠶᠢᠭᠰᠠᠨ ᠴᠦ ᠨᠤᠲᠤᠭ ᠮᠢᠨᠢ ᠶᠤᠮ ᠳ᠋ᠠ᠃ ᠮᠢᠨᠦ ᠡᠬᠡ ᠣᠷᠤᠨ᠂ ᠮᠢᠨᠦ ᠡᠯᠢᠭᠡᠨ ᠰᠠᠳᠤᠨ ᠨᠠᠶᠢᠵᠠ ᠨᠦᠭᠦᠳ᠂ ᠮᠢᠨᠦ | ᠠᠷᠢᠭᠤᠨ ᠳᠠᠷᠬᠠᠨ ᠠᠵᠢᠯ ᠦᠢᠯᠡᠰ ᠮᠢᠨᠢ ᠡ᠊ᠨᠳᠡ ᠬᠦᠯᠢᠶᠡᠵᠦ ᠪᠠᠶᠢᠨ᠎ᠠ᠃ ᠠᠭᠤᠤ ᠶᠡᠭᠡ ᠡᠷᠡᠯᠬᠡᠭ ᠪᠠᠭᠠᠲᠤᠷᠯᠢᠭ | ᠮᠥᠷᠲᠡᠭᠡᠨ ᠠᠯᠵᠠᠭᠤ ᠵᠠᠯᠬᠠᠭᠤ ᠳᠣᠷᠤᠢ ᠪᠠᠭᠤᠷᠠᠢ ᠡᠨᠡ ᠡᠪᠦᠭᠡᠨ ᠪᠤᠭᠤᠷᠤᠯ ᠦᠨᠳᠦᠰᠦᠲᠡᠨ ᠠᠴᠠ ᠠᠪᠤᠭᠠᠳ ᠪᠠᠷᠠᠰᠢ | ᠦᠭᠡᠢ ᠠᠪᠴᠠᠭ᠎ᠠ ᠲᠠᠢ ᠥᠭᠭᠦᠭᠡᠳ ᠳᠠᠭᠤᠰᠤᠰᠢ ᠦᠭᠡᠢ ᠥᠭᠴᠡᠭᠡ ᠲᠠᠢ ᠪᠠᠷᠢᠯᠳᠤᠯᠭ᠎ᠠ ᠵᠠᠶᠠᠭ᠎ᠠ ᠲᠠᠢ ᠲᠥᠷᠦᠭᠰᠡᠨ ᠤ | ᠬᠤᠪᠢ ᠳᠤ ᠠᠮᠢᠳᠦ ᠳᠤ ᠪᠠᠨ ᠬᠦᠴᠦ ᠪᠠᠨ ᠡᠷᠭᠦᠬᠦ ᠡᠬᠡ ᠣᠷᠤᠨ ᠡᠨᠡ᠂ ᠦᠬᠦᠬᠦ ᠳᠤ ᠪᠠᠨ ᠶᠠᠰᠦ ᠪᠠᠨ ᠲᠠᠯᠪᠢᠬᠤ | ᠭᠠᠵᠠᠷ ᠮᠢᠨᠢ ᠴᠦ ᠡᠨᠡ ᠡ᠃ ᠪᠢ ᠶᠠᠭᠤᠨ ᠳᠤ ᠪᠠᠨ ᠬᠥᠮᠦᠨ ᠤ ᠨᠤᠲᠤᠭ ᠲᠤ ᠬᠤᠷᠭᠤᠳᠠᠭᠠᠳ ᠪᠠᠶᠢᠬᠤ | ᠪᠣᠢ︖︾᠃ | ︽ᠬᠠᠩᠰᠢᠨ ᠡᠳᠦᠷ︾ ᠲᠤ ᠡᠶᠢᠮᠦ ᠨᠢᠭᠡᠨ ᠬᠡᠰᠡᠭᠯᠡᠯ ᠪᠠᠶᠢᠳᠠᠬ᠃ | ② ︽ᠬᠠᠶᠢᠷᠠᠲᠦ ᠠᠪᠤ ᠮᠢᠨᠢ ᠮᠠᠨ ᠠᠴᠠ ᠰᠠᠯᠤᠭᠠᠳ ᠬᠡᠳᠦᠨ ᠵᠢᠯ ᠪᠣᠯᠴᠢᠬᠠᠵᠠᠢ᠃ ᠠᠢ᠂ ᠣᠨ ᠰᠠᠷ᠎ᠠ | ᠭᠡᠭᠴᠢ ᠦᠨᠡᠬᠡᠷ ᠬᠥᠪᠦᠨ ᠨᠡᠭᠦᠬᠦ ᠡᠭᠦᠯᠡᠨ ᠤ ᠰᠡᠭᠦᠳᠡᠷ ᠰᠢᠭ ᠶᠤᠮ ᠳ᠋ᠠ᠃ ᠪᠢ ᠬᠤᠯᠠ ᠶᠢᠨ ᠬᠤᠯᠠ ᠳᠤ ᠨᠡᠭᠦᠵᠦ | ᠶᠠᠪᠤᠭ᠎ᠠ ᠬᠤᠷᠠᠭᠠᠨ ᠴᠠᠭᠠᠨ ᠡᠭᠦᠯᠡᠰ ᠢ ᠰᠢᠷᠲᠡᠬᠦ ᠳᠤ ᠠᠪᠤ ᠶᠢᠨ ᠮᠢᠨᠢ ᠨᠢᠭᠡ ᠨᠠᠰᠤᠨ ᠤ ᠬᠥᠷᠦᠭ ᠵᠢᠷᠤᠭ | ᠡᠷᠭᠢᠴᠡᠭᠦᠯᠦᠯ ᠤᠨ ᠬᠥᠰᠢᠭᠡᠨ ᠳᠤ ᠢᠯᠡᠷᠡᠬᠦ ᠰᠢᠭ ᠪᠣᠯᠤᠨ᠎ᠠ᠃ ᠠᠪᠤ ᠳᠤ ᠪᠠᠨ ᠲᠦᠩ ᠲᠦᠯᠡᠰᠢ ᠰᠢᠲᠠᠭᠠᠨ᠂ ᠡᠷᠭᠦᠯ | ᠲᠠᠬᠢᠯᠭ᠎ᠠ ᠡᠷᠭᠦᠵᠦ᠂ ᠡᠷᠢᠵᠦ ᠮᠥᠷᠦᠭᠡᠳᠴᠦ ᠪᠠᠶᠢᠭ᠎ᠠ ᠰᠡᠳᠭᠢᠯ ᠬᠠᠶᠢᠷ᠎ᠠ ᠪᠠᠨ ᠢᠯᠡᠳᠭᠡᠬᠦ ᠶᠢ ᠬᠦᠰᠡᠨ᠎ᠡ᠃ ᠭᠡᠲᠡᠯ᠎ᠡ | ᠡᠨᠡ ᠬᠤᠲᠠ ᠭᠠᠵᠠᠷ ᠪᠢᠳᠡ ᠪᠠᠰᠠ ᠲᠣᠭᠤᠨᠤᠯᠵᠢᠨ ᠵᠠᠮ ᠤᠨ ᠥᠨᠴᠦᠭ ᠲᠤ ᠣᠴᠢᠵᠦ ᠳᠡᠪᠢᠰᠦᠭᠰᠡᠨ | ᠲᠣᠭᠤᠰᠭ᠎ᠠ ᠶᠢ ᠨᠢ ᠬᠠᠷᠠᠯᠠᠲᠠᠯ᠎ᠠ ᠬᠠᠷᠠᠯᠠᠲᠠᠯ᠎ᠠ ᠲᠦᠯᠡᠵᠦ᠂ ᠭᠠᠵᠠᠷ ᠳᠦᠭᠦᠷᠡᠩ ᠬᠤᠭ ᠨᠣᠪᠰᠢ ᠭᠠᠷᠭᠠᠯᠲᠠᠢ ᠴᠦ | ᠪᠢᠰᠢ᠃ ᠪᠢ ᠠᠷᠭ᠎ᠠ ᠪᠣᠰᠦ ᠺᠣᠮᠫᠢᠦ᠋ᠲ᠋ᠧᠷ ᠤᠨ ᠢᠶᠠᠨ ᠡᠮᠦᠨ᠎ᠡ ᠢᠷᠡᠵᠦ᠂ ᠥᠪᠡᠷ ᠤᠨ ᠬᠡᠯᠪᠡᠷᠢ ᠪᠠᠷ ᠢᠶᠠᠨ ᠬᠠᠩᠰᠢᠨ | ᠡᠳᠦᠷ ᠤᠨ ᠦᠢᠯᠡ ᠬᠡᠷᠡᠭ ᠲᠤ ᠣᠷᠤᠯᠴᠠᠬᠤ ᠪᠣᠯᠤᠯ᠎ᠠ᠃ ᠬᠠᠶᠢᠷᠠᠲᠦ ᠠᠪᠤ ᠮᠢᠨᠢ ᠡ᠂ ᠬᠦᠦ ᠴᠢᠨᠢ ᠶᠠᠳᠠᠮᠠᠭ | ᠳᠤᠷᠠᠳᠬᠠᠯ ᠢᠶᠠᠨ ᠬᠠᠩᠰᠢᠨ ᠡᠳᠦᠷ ᠤᠨ ᠲᠠᠬᠢᠯᠭ᠎ᠠ ᠪᠣᠯᠭᠠᠨ ᠲᠠᠨ ᠳᠤ ᠪᠠᠨ ᠡᠷᠭᠦᠶ᠎ᠡ᠃ ᠮᠥᠨ ᠴᠦ ᠠᠪᠤ ᠲᠠᠢ ᠠᠳᠠᠯᠢ | ᠠᠪᠤ ᠨᠠᠷ ᠲᠤ ᠬᠦᠨᠳᠦᠳᠭᠡᠯ ᠪᠣᠯᠭᠠᠨ ᠳᠡᠪᠰᠢᠭᠦᠯᠦᠶ᠎ᠡ︾᠃ | ᠡᠶᠢᠮᠦᠷᠬᠦᠦ ᠬᠡᠰᠡᠭᠯᠡᠯ ᠤᠳ ᠢ ᠰᠣᠨᠢᠷᠬᠠᠨ ᠤᠩᠰᠢᠭᠠᠳ᠂ ᠬᠥᠮᠦᠨ ᠨᠡᠶᠢᠭᠡᠮ᠂ ᠰᠣᠶᠤᠯ ᠲᠡᠤᠬᠡ᠂ ᠵᠠᠩ | ᠦᠢᠯᠡ᠂ ᠦᠨᠳᠦᠰᠦᠲᠡᠨ ᠤᠭᠰᠠᠭᠠᠲᠠᠨ᠂ ᠰᠢᠲᠦᠯᠭᠡ ᠪᠢᠰᠢᠷᠡᠯ᠂ ᠥᠯᠦᠭᠡᠢ ᠨᠤᠲᠤᠭ ᠤᠨ ᠲᠤᠬᠠᠢ ᠪᠣᠳᠤᠯᠬᠢᠯᠠᠨ᠂ | ᠵᠣᠬᠢᠶᠠᠭᠴᠢ ᠶᠢᠨ ᠪᠢᠷ ᠤᠨ ᠦᠵᠦᠭᠦᠷ ᠠᠴᠠ ᠴᠤᠬᠤᠯᠵᠠᠭᠰᠠᠨ ᠬᠠᠶᠢᠷ᠎ᠠ ᠰᠡᠳᠭᠢᠯᠭᠡ ᠶᠢ ᠪᠡᠶᠡᠴᠢᠯᠡᠨ ᠮᠡᠳᠡᠷᠡᠵᠦ | ᠠᠮᠲᠠᠷᠬᠠᠨ ᠤᠩᠰᠢᠵᠦ ᠪᠣᠯᠤᠨ᠎ᠠ᠃ | ︵6︶ ᠬᠦᠰᠦᠨᠦᠭᠵᠢᠭᠦᠯᠵᠦ ᠢᠯᠡᠷᠡᠭᠦᠯᠬᠦ | ᠦᠨᠡᠯᠡᠯᠲᠡ ᠶᠢᠨ ᠲᠤᠭ᠎ᠠ ᠬᠡᠮᠵᠢᠶ᠎ᠡ | ᠦᠨᠡᠯᠡᠯᠲᠡ ᠶᠢᠨ ᠪᠠᠷᠢᠮᠵᠢᠶ᠎ᠠ ︵100 ᠬᠤᠪᠢ︶ | A. 100%-85% | B. 84%-75% | C. 74%-60% | D. 60% ᠠᠴᠠ ᠳᠣᠣᠷ᠎ᠠ | ᠬᠥᠳᠡᠯᠦᠩᠭᠦᠢ ᠶᠢᠨ ᠬᠡᠮᠵᠢᠶ᠎ᠡ | ᠥᠪᠡᠷ ᠤᠨ ᠳᠤᠷᠠᠰᠢᠯ ᠠᠴᠠ ᠪᠠᠨ ᠤᠩᠰᠢᠭᠰᠠᠨ ᠡᠰᠡᠬᠦ ︵10 ᠬᠤᠪᠢ︶ ᠥᠪᠡᠷ ᠤᠨ ᠳᠤᠷᠠᠰᠢᠯ ᠠᠴᠠ ᠪᠠᠨ | ᠤᠩᠰᠢᠵᠦ᠂ ᠤᠩᠰᠢᠯᠭ᠎ᠠ ᠶᠢᠨ ᠤᠷᠮ᠎ᠠ ᠪᠠᠬ᠎ᠠ ᠥᠨᠳᠦᠷ᠂ ᠬᠥᠳᠡᠯᠦᠩᠭᠦᠢ ᠪᠠᠷ ᠤᠩᠰᠢᠯᠭ᠎ᠠ ᠳᠤ ᠣᠷᠤᠯᠴᠠᠬᠤ︔ | ᠤᠩᠰᠢᠯᠭ᠎ᠠ ᠳᠤ ᠣᠷᠤᠯᠴᠠᠬᠤ ᠦᠭᠡᠢ︔ ᠠᠯᠪᠠᠳᠠᠯᠭ᠎ᠠ ᠶᠢᠨ ᠳᠣᠣᠷ᠎ᠠ ᠤᠩᠰᠢᠯᠭ᠎ᠠ ᠬᠢᠬᠦ᠃ | ᠮᠡᠳᠡᠯᠭᠡ ᠶᠢ ᠬᠦᠯᠢᠶᠡᠨ ᠠᠪᠬᠤ ᠴᠢᠳᠠᠪᠦᠷᠢ ︵20 ᠬᠤᠪᠢ︶ ᠤᠩᠰᠢᠯᠭ᠎ᠠ ᠠᠴᠠ ᠮᠡᠳᠡᠯᠭᠡ ᠶᠢ ᠬᠦᠯᠢᠶᠡᠨ | ᠠᠪᠴᠦ ᠴᠢᠳᠠᠬᠤ ᠡᠰᠡᠬᠦ᠃ | ᠵᠢᠱᠢᠶᠡᠯᠡᠪᠡᠯ᠂ ᠤᠴᠢᠷ ᠶᠠᠪᠤᠳᠠᠯ ᠤᠨ ᠰᠢᠯᠲᠠᠭᠠᠨ᠂ ᠦᠡᠭᠭᠡᠷᠡᠯᠳᠠ᠂ ᠦᠷ᠎ᠡ ᠳ᠋ᠦᠩ ᠵᠡᠷᠭᠡ︔ | ᠤᠩᠰᠢᠯᠭ᠎ᠠ ᠶᠢᠨ ᠶᠠᠪᠤᠴᠠ ᠳᠤ ᠠᠶᠠᠨᠳᠠᠭᠠᠨ ᠮᠡᠳᠡᠭᠡ ᠵᠠᠩᠭᠢ ᠶᠢ ᠡᠮᠬᠢᠳᠭᠡᠨ ᠲᠡᠮᠳᠡᠭᠯᠡᠯ ᠬᠢᠵᠦ ᠴᠢᠳᠠᠬᠤ︔ | ᠤᠩᠰᠢᠯᠭ᠎ᠠ ᠶᠢᠨ ᠶᠠᠪᠤᠴᠠ ᠳᠤ ᠠᠶᠠᠨᠳᠠᠭᠠᠨ ᠮᠡᠳᠡᠭᠡ ᠵᠠᠩᠭᠢ ᠶᠢ ᠡᠮᠬᠢᠳᠭᠡᠨ ᠲᠡᠮᠳᠡᠭᠯᠡᠯ ᠬᠢᠵᠦ ᠴᠢᠳᠠᠬᠤ ᠦᠭᠡᠢ︔ | ᠤᠩᠰᠢᠯᠭ᠎ᠠ ᠶᠢᠨ ᠶᠠᠪᠤᠴᠠ ᠳᠤ ᠵᠥᠪᠬᠡᠨ ᠴᠣᠬᠤᠯᠲᠠ ᠬᠢᠵᠦ᠂ ᠲᠡᠮᠳᠡᠭᠯᠡᠯ ᠬᠢᠬᠦ ᠦᠭᠡᠢ︔ ᠤᠩᠰᠢᠯᠭ᠎ᠠ ᠶᠢᠨ | ᠶᠠᠪᠤᠴᠠ ᠳᠤ ᠵᠠᠯᠬᠠᠭᠤᠷᠠᠵᠦ ᠴᠣᠬᠤᠯᠲᠠ ᠲᠡᠮᠳᠡᠭᠯᠡᠯ ᠬᠢᠬᠦ ᠦᠭᠡᠢ᠃ | ᠰᠡᠳᠭᠢᠬᠦᠢ ᠶᠢᠨ ᠴᠢᠳᠠᠪᠦᠷᠢ | ᠤᠩᠰᠢᠯᠭ᠎ᠠ ᠠᠴᠠ ᠠᠰᠠᠭᠤᠳᠠᠯ ᠳᠤᠷᠠᠳᠴᠦ᠂ ᠠᠰᠠᠭᠤᠳᠠᠯ ᠢᠶᠠᠨ ᠰᠢᠢᠳᠪᠦᠷᠢᠯᠡᠵᠦ ᠴᠢᠳᠠᠬᠤ ᠡᠰᠡᠬᠦ︔ | ᠤᠩᠰᠢᠯᠭ᠎ᠠ ᠳᠤ ᠢᠳᠡᠪᠬᠢᠲᠡᠢ ᠠᠰᠠᠭᠤᠳᠠᠯ ᠢ ᠵᠠᠳᠠᠯᠤᠨ᠂ ᠠᠰᠠᠭᠤᠳᠠᠯ ᠢ ᠰᠢᠢᠳᠪᠦᠷᠢᠯᠡᠵᠦ ᠴᠢᠳᠠᠬᠤ ᠡᠰᠡᠬᠦ︔ | ᠤᠩᠰᠢᠯᠭ᠎ᠠ ᠳᠤ ᠢᠳᠡᠪᠬᠢᠲᠡᠢ ᠠᠰᠠᠭᠤᠳᠠᠯ ᠢ ᠵᠠᠳᠠᠯᠤᠨ᠂ ᠠᠰᠠᠭᠤᠳᠠᠯ ᠢ ᠰᠢᠢᠳᠪᠦᠷᠢᠯᠡᠵᠦ ᠴᠢᠳᠠᠬᠤ ᠡᠰᠡᠬᠦ︔ | ᠤᠩᠰᠢᠯᠭ᠎ᠠ ᠳᠤ ᠣᠷᠤᠯᠴᠠᠨ ᠪᠠᠭ᠎ᠠ ᠬᠡᠮᠵᠢᠶᠡᠨ ᠤ ᠠᠰᠠᠭᠤᠳᠠᠯ ᠢ ᠳᠤᠷᠠᠳᠴᠦ ᠳᠡᠶᠢᠯᠦᠨ᠎ᠡ︔ ᠤᠩᠰᠢᠯᠭ᠎ᠠ ᠳᠤ | ᠣᠷᠤᠯᠴᠠᠭᠰᠠᠨ ᠴᠦ ᠠᠰᠠᠭᠤᠳᠠᠯ ᠳᠤᠷᠠᠳᠴᠦ ᠳᠡᠶᠢᠯᠬᠦ ᠦᠭᠡᠢ᠃ ︵10 ᠬᠤᠪᠢ︶ | ᠣᠢᠢᠯᠠᠭᠠᠬᠤ ᠴᠢᠳᠠᠪᠦᠷᠢ | ᠰᠡᠳᠭᠢᠯᠭᠡ ᠶᠢ ᠪᠡᠶᠡᠴᠢᠯᠡᠨ ᠮᠡᠳᠡᠷᠡᠵᠦ᠂ ᠬᠡᠯᠡ ᠬᠡᠯᠡᠯᠭᠡ ᠶᠢᠨ ᠣᠨᠴᠠᠯᠢᠭ ᠢ ᠠᠳᠬᠤᠵᠤ ᠴᠢᠳᠠᠬᠤ ᠡᠰᠡᠬᠦ︔ | ᠤᠩᠰᠢᠯᠭ᠎ᠠ ᠶᠢᠨ ᠳᠤᠮᠳᠠ ᠵᠣᠬᠢᠶᠠᠯ ᠤᠨ ᠠᠭᠤᠯᠭ᠎ᠠ ᠶᠢ ᠣᠢᠢᠯᠠᠭᠠᠵᠦ᠂ ᠰᠡᠳᠭᠢᠯᠭᠡ ᠶᠢ ᠮᠡᠳᠡᠷᠡᠵᠦ ᠳᠡᠶᠢᠯᠬᠦ︔ ᠬᠡᠯᠡ | ᠬᠡᠯᠡᠯᠭᠡ ᠶᠢᠨ ᠣᠨᠴᠠᠯᠢᠭ ᠢ ᠤᠬᠠᠵᠦ᠂ ᠨᠣᠮ ᠤᠨ ᠷᠢᠳᠢ ᠰᠢᠳᠢ ᠶᠢ ᠪᠡᠶᠡᠴᠢᠯᠡᠨ ᠮᠡᠳᠡᠷᠡᠵᠦ᠂ ᠨᠣᠮ ᠳᠤ ᠤᠷᠮ᠎ᠠ | ᠪᠠᠬ᠎ᠠ ᠲᠠᠢ ᠪᠤᠯᠬᠤ︔ ᠤᠩᠰᠢᠯᠭ᠎ᠠ ᠶᠢᠨ ᠳᠤᠮᠳᠠ ᠪᠠᠨ ᠵᠣᠬᠢᠶᠠᠯ ᠤᠨ ᠠᠭᠤᠯᠭ᠎ᠠ ᠶᠢ ᠪᠦᠳᠦᠭᠦᠪᠴᠢ ᠣᠢᠢᠯᠠᠭᠠᠭᠰᠠᠨ | ᠴᠦ ᠨᠣᠮ ᠤᠩᠰᠢᠯᠭ᠎ᠠ ᠶᠢᠨ ᠪᠠᠶᠠᠷ ᠪᠠᠶᠠᠰᠤᠯ ᠢ ᠣᠯᠵᠦ ᠳᠡᠶᠢᠯᠬᠦ ᠦᠭᠡᠢ︔ ᠤᠩᠰᠢᠯᠭ᠎ᠠ ᠶᠢᠨ ᠳᠤᠮᠳᠠ ᠪᠠᠨ | ᠵᠣᠬᠢᠶᠠᠯ ᠤᠨ ᠠᠭᠤᠯᠭ᠎ᠠ ᠶᠢ ᠣᠢᠢᠯᠠᠭᠠᠵᠦ ᠳᠡᠶᠢᠯᠬᠦ ᠦᠭᠡᠢ᠂ ᠨᠣᠮ ᠤᠩᠰᠢᠬᠤ ᠳᠤᠷ᠎ᠠ ᠦᠭᠡᠢ᠃ ︵20 ᠬᠤᠪᠢ︶ | ᠮᠠᠲ᠋ᠧᠷᠢᠶᠠᠯ ᠢ ᠡᠮᠬᠢᠳᠭᠡᠬᠦ ᠴᠢᠳᠠᠪᠦᠷᠢ | ᠥᠪᠡᠷᠮᠢᠴᠡ ᠣᠨᠴᠠᠯᠢᠭ ᠲᠠᠢ ᠮᠠᠲ᠋ᠧᠷᠢᠶᠠᠯ ᠢ ᠡᠮᠬᠢᠳᠭᠡᠵᠦ ᠴᠢᠳᠠᠬᠤ ᠡᠰᠡᠬᠦ᠃ ᠵᠢᠱᠢᠶᠡᠯᠡᠪᠡᠯ᠂ ᠰᠡᠳᠭᠢᠬᠦᠢ ᠶᠢᠨ | ᠬᠥᠲᠦᠯᠦᠮᠵᠢ ᠶᠢᠨ ᠵᠢᠷᠤᠭ᠂ ᠭᠠᠷ ᠪᠢᠴᠢᠮᠡᠯ ᠰᠣᠨᠢᠨ᠂ ᠭᠤᠶᠢᠲᠠ ᠰᠠᠶᠢᠬᠠᠨ ᠦᠭᠡᠰ ᠤᠨ ᠲᠡᠭᠦᠪᠦᠷᠢ᠂ ᠨᠣᠮ | ᠤᠩᠰᠢᠭᠰᠠᠨ ᠲᠦᠷᠥᠭᠳᠡᠯ ᠪᠢᠴᠢᠵᠦ ᠴᠢᠳᠠᠬᠤ ᠡᠰᠡᠬᠦ᠃ ︵20 ᠬᠤᠪᠢ︶ | ᠰᠣᠯᠢᠯᠴᠠᠬᠤ ᠴᠢᠳᠠᠪᠦᠷᠢ ᠪᠣᠯᠤᠨ ᠬᠤᠪᠢᠶᠠᠯᠴᠠᠬᠤ ᠴᠢᠳᠠᠪᠦᠷᠢ | ᠨᠠᠶᠢᠵᠠ ᠨᠦᠭᠦᠳ ᠲᠠᠢ ᠪᠠᠨ ᠨᠣᠮ ᠤᠩᠰᠢᠭᠰᠠᠨ ᠲᠥᠷᠦᠭᠳᠡᠯ ᠢᠶᠠᠨ ᠬᠤᠪᠢᠶᠠᠯᠴᠠᠵᠦ ᠴᠢᠳᠠᠬᠤ ᠡᠰᠡᠬᠦ︔ | ᠤᠩᠰᠢᠯᠭ᠎ᠠ ᠶᠢᠨ ᠶᠠᠪᠤᠴᠠ ᠳᠤ ᠢᠳᠡᠪᠬᠢᠲᠡᠢ ᠪᠠᠷ᠂ ᠦᠭᠡ ᠬᠡᠯᠡᠯᠭᠡ ᠲᠤᠪᠴᠢ ᠲᠤᠳᠤᠷᠬᠠᠢ ᠪᠠᠷ ᠪᠤᠰᠤᠳ ᠲᠤ | ᠤᠩᠰᠢᠯᠭ᠎ᠠ ᠶᠢᠨ ᠤᠯᠤᠯᠳᠠ ᠪᠠᠨ ᠶᠠᠷᠢᠨ ᠦᠭᠴᠦ ᠴᠢᠳᠠᠬᠤ︔ ᠤᠩᠰᠢᠯᠭ᠎ᠠ ᠶᠢᠨ ᠶᠠᠪᠤᠴᠠ ᠳᠤ ᠦᠭᠡ ᠬᠡᠯᠡᠯᠭᠡ | ᠲᠤᠪᠴᠢ ᠲᠤᠳᠤᠷᠬᠠᠢ ᠪᠠᠷ ᠤᠩᠰᠢᠯᠭ᠎ᠠ ᠶᠢᠨ ᠠᠮᠵᠢᠯᠲᠠ ᠪᠠᠨ ᠶᠠᠷᠢᠵᠤ ᠢᠯᠡᠳᠭᠡᠵᠦ ᠴᠢᠳᠠᠬᠤ ᠦᠭᠡᠢ︔ | ᠤᠩᠰᠢᠯᠭ᠎ᠠ ᠶᠢᠨ ᠶᠠᠪᠤᠴᠠ ᠳᠤ ᠦᠵᠡᠯᠲᠡ ᠲᠠᠨᠢᠯᠲᠠ ᠪᠠᠨ ᠪᠤᠰᠤᠳ ᠲᠠᠢ ᠬᠤᠪᠢᠶᠠᠯᠴᠠᠬᠤ ᠦᠭᠡᠢ᠃ | ᠳᠤᠮᠳᠠᠳᠦ ᠪᠠᠭ᠎ᠠ ᠰᠤᠷᠭᠠᠭᠤᠯᠢ ᠶᠢᠨ ᠰᠤᠷᠤᠭᠴᠢ ᠶᠢᠨ ︽ᠰᠣᠳᠤᠨ ᠪᠦᠲᠦᠭᠡᠯ ᠤᠨ ᠣᠡᠭᠰᠢᠯᠭ᠎ᠠ︾ ᠳᠤ | ᠲᠣᠬᠢᠷᠠᠭᠰᠠᠨ ᠰᠢᠯᠭᠠᠯᠲᠠ ᠶᠢᠨ ᠰᠡᠳᠤᠪ ᠭᠠᠷᠭᠠᠬᠤ ᠨᠢ ᠮᠠᠨᠤᠰ ᠤᠨ ᠤᠷᠲᠦ ᠬᠤᠭᠤᠴᠠᠭᠠᠨ ᠤ ᠰᠤᠳᠤᠯᠭᠠᠨ ᠤ | ᠶᠠᠪᠤᠴᠠ ᠮᠥᠨ᠃ ᠶᠠᠭ ᠡᠶᠢᠮᠦᠷᠬᠦᠦ ᠬᠠᠷᠠᠯᠲᠠ ᠲᠠᠢ᠂ ᠠᠷᠭ᠎ᠠ ᠠᠪᠴᠠᠯ ᠲᠠᠢ᠂ ᠵᠣᠬᠢᠶᠠᠨ ᠪᠠᠶᠢᠭᠤᠯᠤᠯᠲᠠ ᠲᠠᠢ᠂ | ᠰᠢᠨᠵᠢᠯᠡᠬᠦ ᠤᠬᠠᠭᠠᠨᠴᠢ ᠵᠢᠯᠤᠭᠤᠳᠤᠯᠭ᠎ᠠ ᠲᠠᠢ᠂ ᠦᠨᠡᠯᠡᠯᠲᠡ ᠶᠢᠨ ᠰᠢᠰᠲ᠋ᠧᠮ ᠲᠣᠭᠲᠠᠯᠴᠠᠭ᠎ᠠ ᠲᠠᠢ ︽ᠰᠣᠳᠤᠨ | ᠪᠦᠲᠦᠭᠡᠯ ᠤᠨ ᠣᠡᠭᠰᠢᠯᠭ᠎ᠠ︾ ᠶᠢᠨ ᠬᠢᠴᠢᠶᠡᠯᠯᠡᠭᠡ ᠶᠢᠨ ᠰᠡᠳᠤᠪ ᠰᠤᠳᠤᠯᠭᠠᠨ ᠬᠢᠬᠦ ᠨᠢ ᠮᠠᠨ ᠤ ᠬᠡᠯᠡ ᠪᠢᠴᠢᠭ ᠤᠨ | ᠪᠠᠭᠰᠢ ᠨᠠᠷ ᠤᠨ ︽ᠵᠢᠭᠠᠬᠤ︾ ᠨᠢ ︽ᠵᠢᠭᠠᠬᠤ ᠦᠭᠡᠢ︾ ᠶᠢᠨ ᠲᠥᠯᠦᠭᠡ ᠳᠤ ᠦᠢᠯᠡᠴᠢᠯᠡᠬᠦ ᠰᠤᠳᠤᠯᠭᠠᠨ | ᠮᠥᠨ᠃ ᠮᠥᠨ ᠴᠦ ᠰᠤᠷᠤᠭᠴᠢᠳ ᠤᠨ ᠨᠠᠰᠤᠨ ᠲᠤᠷᠰᠢᠲᠠ ᠶᠢᠨ ᠰᠤᠷᠤᠯᠴᠠᠬᠤ ᠴᠢᠳᠠᠪᠦᠷᠢ ᠶᠢ ᠬᠥᠮᠦᠵᠢᠭᠦᠯᠵᠦ | ᠳᠡᠶᠢᠯᠬᠦ ᠪᠤᠶᠠᠨᠰᠠᠭ ᠠᠵᠢᠯᠯᠠᠭ᠎ᠠ ᠮᠥᠨ᠃ | ᠠᠵᠢᠯᠯᠠᠵᠤ ᠪᠠᠶᠢᠭ᠎ᠠ ᠪᠠᠶᠢᠭᠤᠯᠭ᠎ᠠ᠄ ᠲᠦᠡᠭᠯᠢᠶᠤᠤ ᠬᠤᠳᠠ ᠶᠢᠨ ᠮᠤᠩᠭᠤᠯ | ᠦᠨᠳᠤᠰᠤᠳᠠᠨ ᠤ ᠰᠤᠷᠭᠠᠭᠤᠯᠢ | ︵ᠠᠯᠳᠠᠨᠰᠦ᠋ᠭᠡ ᠨᠠᠶᠢᠷᠠᠭᠤᠯᠪᠠ︶ | |