ᠲᠤᠷᠤᠨ᠎ᠠ | | | | | | ᠪᠠᠭ᠎ᠠ ᠰᠤᠷᠭᠠᠭᠤᠯᠢ ᠶᠢᠨ ᠨᠢᠬᠡ ᠬᠤᠶᠠᠳᠤᠭᠠᠷ ᠤᠨ ᠪᠤᠯ ᠬᠡᠤᠬᠡᠳ ᠴᠡᠴᠡᠷᠯᠢᠭ ᠠᠴᠠ ᠪᠠᠨ ᠪᠠᠭ᠎ᠠ | ᠰᠤᠷᠭᠠᠭᠤᠯᠢ ᠳᠤ ᠤᠷᠤᠭᠰᠠᠨ ᠴᠢᠬᠤᠯᠠ ᠰᠢᠯᠵᠢᠯᠳᠡ ᠶᠢᠨ ᠦᠶ᠎ᠠ ᠪᠤᠯᠤᠨ᠎ᠠ᠃ ᠰᠤᠷᠭᠠᠭᠤᠯᠢ ᠪᠤᠯ ᠴᠡᠴᠡᠷᠯᠢᠭ ᠠᠴᠠ | ᠢᠯᠭᠠᠭᠳᠠᠬᠤ ᠢᠯᠡ ᠲᠤᠳᠤ ᠤᠨᠴᠠᠯᠢᠭ ᠲᠠᠢ ᠪᠠᠶᠢᠳᠠᠬ᠃ ᠪᠠᠭ᠎ᠠ ᠰᠤᠷᠭᠠᠭᠤᠯᠢ ᠳᠤ ᠤᠷᠤᠮᠠᠭᠴᠠ ᠬᠢᠴᠢᠶᠡᠯ ᠲᠦᠷᠦᠯ᠂ | ᠲᠠᠰᠬᠠᠯ ᠲᠠᠭᠠᠭᠠᠯᠭᠠᠪᠤᠷᠢ᠂ ᠪᠤᠯᠪᠠᠰᠤᠷᠠᠯ ᠦᠢᠯᠡᠳᠦᠯᠬᠡ ᠠᠷᠪᠢᠳᠤᠵᠤ ᠡᠬᠢᠯᠠᠨ᠎ᠠ᠃ ᠲᠡᠬᠡᠪᠡᠯ ︽ᠶᠤᠰᠤ | ᠰᠤᠷᠳᠠᠬᠤᠨ ᠬᠢᠬᠡᠳ ᠬᠠᠤᠯᠢ ᠪᠠᠷ ᠵᠠᠰᠠᠬᠤᠢ︾ ᠶᠢᠨ ᠬᠢᠴᠢᠶᠡᠯ ᠢ ᠲᠤᠤᠷᠠᠳᠤ ᠤᠨ ᠳᠤ ᠭᠡᠷᠬᠢᠨ ᠵᠢᠭᠠᠨ ᠰᠤᠷᠭᠠᠬᠤ | ᠪᠤᠢ︖ ᠲᠤᠤᠷ᠎ᠠ ᠵᠢᠭᠠᠨ ᠰᠤᠷᠭᠠᠯᠳᠠ ᠲᠤᠮᠳᠠ ᠲᠤᠬᠢᠶᠠᠯᠳᠤᠬᠤ ᠵᠠᠷᠢᠮ ᠦᠬᠡᠰ ᠤᠨ ᠤᠳᠬ᠎ᠠ ᠶᠢ ᠬᠡᠷᠬᠢᠨ ᠲᠡᠳᠡᠨ ᠤ | ᠨᠠᠰᠤᠨ ᠤ ᠤᠨᠴᠠᠯᠢᠭ᠂ ᠮᠡᠳᠡᠯᠬᠡ ᠮᠡᠳᠡᠴᠡ ᠶᠢᠨ ᠬᠡᠮᠵᠢᠶ᠎ᠡ᠂ ᠤᠶᠢᠯᠠᠭᠠᠬᠤ ᠴᠢᠳᠠᠪᠤᠷᠢ᠂ ᠰᠡᠳᠬᠢᠴᠡ ᠶᠢᠨ ᠱᠠᠳᠤ | ᠦᠶ᠎ᠡ ᠵᠡᠷᠬᠡ ᠳᠤ ᠨᠢ ᠲᠤᠬᠢᠷᠠᠭᠤᠯᠤᠨ᠂ ᠬᠡᠳᠦ ᠭᠦᠢᠬᠡᠨ ᠪᠢᠰᠢ ᠮᠦᠷᠳᠡᠬᠡᠨ ᠬᠡᠳᠦ ᠭᠦᠨ ᠪᠤᠯᠬᠤ ᠠᠴᠠ ᠵᠠᠶᠢᠯᠠᠰᠬᠢᠵᠥ᠂ | ᠤᠨᠤᠪᠴᠢᠳᠠᠢ᠂ ᠲᠤᠬᠢᠷᠠᠮᠵᠢᠳᠠᠢ ᠤᠶᠢᠯᠠᠭᠠᠭᠤᠯᠬᠤ ᠪᠠᠷ ᠵᠤᠷᠢᠯᠭ᠎ᠠ ᠪᠤᠯᠭᠠᠵᠥ᠂ ᠡᠭᠦᠨ ᠤ ᠤᠯᠠᠮ ᠠᠴᠠ ᠬᠢᠴᠢᠶᠡᠯ ᠤᠨ | ᠠᠭᠤᠯᠭ᠎ᠠ ᠶᠢ ᠨᠡᠩ ᠰᠠᠶᠢᠨ ᠢᠶᠠᠷ ᠰᠤᠷᠤᠯᠴᠠᠨ ᠡᠵᠡᠮᠰᠢᠭᠦᠯᠭᠦ ᠲᠤᠬᠠᠢ ᠵᠢᠱᠢᠶ᠎ᠡ ᠲᠠᠳᠠᠨ ᠶᠠᠷᠢᠶ᠎ᠠ᠃ | ᠨᠢᠬᠡ᠂ ︽ᠰᠤᠷᠭᠠᠭᠤᠯᠢ ᠳᠤ ᠶᠠᠪᠤᠬᠤ ᠵᠠᠮ ᠲᠡᠬᠡᠷ᠎ᠡ︾᠂ ︽ᠪᠢ ᠪᠤᠯ ᠠᠩᠬᠢ ᠶᠢᠨ ᠨᠢᠬᠡᠨ | ᠵᠢᠵᠢᠭᠦᠷᠯᠡᠭᠴᠢ︾᠂ ︽ᠠᠮᠤᠷ ᠲᠦᠪᠰᠢᠨ ᠨᠠᠭᠠᠳᠤᠶ᠎ᠠ︾᠂ ︽ᠪᠡᠶ᠎ᠡ ᠪᠠᠨ ᠪᠢᠳᠡᠬᠡᠢ ᠰᠢᠷᠬᠠᠳᠤᠭᠤᠯᠤᠶᠠ︾ ᠵᠡᠷᠬᠡ | ᠬᠢᠴᠢᠶᠡᠯ ᠳᠤ ᠬᠤᠯᠪᠤᠭᠳᠠᠭᠰᠠᠨ ᠠᠮᠤᠷ ᠲᠦᠪᠰᠢᠨ ᠬᠡᠭᠦ ᠦᠬᠡᠰ ᠤᠨ ᠤᠳᠬ᠎ᠠ ᠶᠢᠨ ᠲᠤᠬᠠᠢ | ᠠᠮᠤᠷ ᠲᠦᠪᠰᠢᠨ ᠪᠤᠯ ᠤᠳᠬ᠎ᠠ ᠶᠢᠨ ᠬᠤᠪᠢ ᠳᠤ ᠠᠶᠤᠯ ᠦᠬᠡᠢ ᠪᠠᠶᠢᠬᠤ ᠶᠢ ᠵᠢᠭᠠᠳᠠᠭ᠂ ᠬᠡᠳᠡᠯ᠎ᠡ | ᠰᠤᠷᠤᠭᠴᠢᠳ ᠲᠤ ᠡᠨᠡ ᠨᠢ ᠠᠮᠤᠷ ᠲᠦᠪᠰᠢᠨ ᠪᠢᠰᠢ᠂ ᠲᠡᠷᠡ ᠨᠢ ᠠᠶᠤᠯ ᠲᠠᠢ᠂ ᠢᠩᠬᠢᠵᠥ ᠬᠢᠪᠡᠯ ᠡ᠊ᠨᠳᠠᠯ ᠲᠠᠢ | ᠬᠡᠵᠥ ᠬᠡᠯᠡᠭᠦ ᠨᠢ ᠲᠤᠩ ᠬᠡᠶᠢᠰᠪᠤᠷᠢ ᠪᠤᠯᠬᠤ ᠨᠢ ᠲᠠᠮᠵᠢᠭ ᠦᠬᠡᠢ᠂ ᠬᠡᠤᠬᠡᠳ ᠪᠠᠭᠠᠴᠤᠳ ᠢ ᠪᠠᠭ᠎ᠠ ᠠᠴᠠ ᠨᠢ ᠬᠡᠷ ᠤᠨ | ᠭᠦᠮᠦᠰ ᠨᠢ ᠭᠠᠯ ᠳᠤ ᠤᠶᠢᠷᠠᠳᠪᠠᠯ ᠬᠠᠯᠠᠵᠥ ᠰᠢᠳᠠᠬᠤ᠂ ᠤᠰᠤᠨ ᠳᠤ ᠤᠷᠤᠪᠠᠯ ᠬᠠᠭ᠋ᠠᠬᠤ ᠴᠠᠴᠠᠬᠤ᠂ ᠤᠶᠢᠴᠢᠵᠥ | ᠲᠤᠰᠪᠠᠯ ᠶᠠᠰᠤ ᠬᠤᠭᠤᠷᠬᠤ᠂ ᠠᠷᠠᠰᠤ ᠰᠢᠯᠪᠤᠷᠠᠬᠤ ᠵᠡᠷᠬᠡ ᠪᠠᠷ ᠠᠶᠤᠯᠭᠠᠨ ᠭᠦᠮᠦᠵᠢᠭᠦᠯᠵᠥ ᠪᠠᠶᠢᠳᠠᠭ᠃ ᠲᠠᠬᠢᠪᠠᠯ | ᠬᠢᠴᠢᠶᠡᠯ ᠤᠨ ᠪᠢᠴᠢᠭ ᠲᠤ ᠴᠦ ᠤᠯᠠᠨ ᠠᠷᠪᠢᠨ ᠵᠢᠷᠤᠭ᠂ ᠵᠢᠱᠢᠶ᠎ᠡ ᠲᠠᠳᠠᠵᠥ᠂ ᠠᠮᠤᠷ ᠲᠦᠪᠰᠢᠨ ᠦᠬᠡᠢ᠂ | ᠠᠶᠤᠯ ᠲᠠᠢ᠂ ᠡ᠊ᠨᠳᠡᠯ ᠡᠭᠦᠰᠭᠦ ᠪᠠᠶᠢᠳᠠᠯ ᠢ ᠰᠤᠷᠤᠭᠴᠢᠳ ᠲᠤ ᠲᠠᠨᠢᠭᠤᠯᠵᠥ ᠪᠠᠶᠢᠨ᠎ᠠ᠃ ᠢᠩᠬᠢᠭᠦ ᠳᠤ ᠡᠳᠡᠬᠡᠷ ᠨᠢ | ᠵᠦᠪᠬᠡᠨ ᠢᠩᠬᠢᠪᠡᠯ ᠠᠶᠤᠯ ᠲᠠᠢ ᠰᠢᠤ᠂ ᠡ᠊ᠨᠳᠡᠯ ᠲᠠᠢ ᠰᠢᠤ᠂ ᠠᠮᠤᠷ ᠲᠦᠪᠰᠢᠨ ᠪᠢᠰᠢ ᠬᠡᠵᠥ ᠬᠡᠯᠡᠬᠡᠳ᠂ | ᠰᠤᠷᠤᠭᠴᠢᠳ ᠤᠨ ᠪᠤᠳᠤᠯ ᠲᠠᠷᠢᠬᠢᠨ ᠳᠤ ᠵᠦᠪᠬᠡᠨ ᠢᠩᠬᠢᠪᠡᠯ ᠪᠤᠯᠬᠤ ᠦᠬᠡᠢ ᠬᠡᠰᠡᠨ ᠦᠵᠡᠯ ᠪᠤᠳᠤᠯ ᠤᠷᠤᠰᠢᠵᠥ | ᠲᠡᠶᠢᠯᠭᠦ ᠠᠴᠠ ᠪᠢᠰᠢ᠂ ᠠᠮᠤᠷ ᠲᠦᠪᠰᠢᠨ ᠵᠢᠴᠢ ᠲᠡᠭᠦᠨ ᠤ ᠡᠰᠡᠷᠭᠦ ᠠᠶᠤᠯ ᠲᠠᠢ᠂ ᠲᠡᠷᠡᠴᠢᠯᠡᠨ ᠢᠩᠬᠢᠪᠡᠯ ᠶᠠᠮᠠᠷ | ᠦᠷ᠎ᠡ ᠳ᠋ᠦᠩ ᠭᠠᠷᠬᠤ᠂ ᠶᠠᠮᠠᠷ ᠬᠤᠬᠢᠷᠠᠯ ᠭᠠᠷᠬᠤ᠂ ᠶᠠᠮᠠᠷ ᠦᠷᠡᠭᠳᠡᠯ ᠭᠠᠷᠬᠤ ᠲᠠᠯ᠎ᠠ ᠠᠴᠠ ᠨᠢ ᠶᠠᠷᠢᠵᠥ ᠦᠭᠭᠦ | ᠦᠬᠡᠢ ᠪᠤᠯ ᠤᠶᠢᠯᠠᠭᠠᠯᠳᠠ ᠨᠢ ᠭᠦᠢᠴᠡᠳ ᠦᠬᠡᠢ ᠪᠤᠯᠵᠥ᠂ ᠲᠤᠳᠠᠭᠤ ᠶᠠᠷᠢᠭᠰᠠᠨ ᠭᠡᠷᠡᠭ ᠪᠤᠯᠤᠨ᠎ᠠ᠃ ᠤᠴᠢᠷ ᠨᠢ᠂ | ᠡᠨᠡ ᠨᠠᠰᠤᠨ ᠤ ᠬᠡᠤᠬᠡᠳ ᠪᠤᠯ ᠢᠯᠭᠠᠨ ᠲᠠᠨᠢᠬᠤ᠂ ᠮᠠᠭᠠᠳᠯᠠᠨ ᠰᠢᠨᠵᠢᠯᠡᠭᠦ ᠴᠢᠳᠠᠪᠤᠷᠢ ᠲᠤᠩ ᠠᠨᠠᠢ᠂ ᠦᠷ᠎ᠡ ᠳ᠋ᠦᠩ᠂ | ᠬᠤᠤᠷ ᠭᠦᠨᠦᠬᠡᠯ᠂ ᠠᠶᠤᠯ ᠲᠦᠭᠰᠢᠭᠦᠷᠢ ᠶᠢ ᠦᠪᠡᠷ ᠤᠨ ᠪᠡᠶ᠎ᠡ ᠪᠠᠷ ᠦᠩᠬᠡᠷᠡᠭᠦᠯᠵᠥ᠂ ᠪᠤᠳᠠᠳᠠᠢ ᠦᠢᠯᠡᠳᠦᠯᠬᠡ | ᠲᠠᠮᠵᠢᠭᠰᠠᠨ ᠦᠬᠡᠢ᠂ ᠭᠦᠬᠡᠷᠦᠨ ᠭᠦᠭᠰᠡᠪᠡᠯ ᠪᠠᠶᠢᠳᠠᠭ ᠢᠶᠠᠨ ᠮᠠᠷᠳᠡᠬᠤ ᠵᠠᠩ ᠲᠠᠢ ᠪᠠᠶᠢᠳᠠᠭ᠃ ᠢᠩᠬᠢᠭᠦᠯᠡᠷ᠂ ᠡᠨᠡ | ᠬᠤᠶᠠᠷ ᠲᠠᠯ᠎ᠠ ᠠᠴᠠ ᠨᠢ ᠬᠠᠮᠳᠤᠷᠠᠭᠤᠯᠵᠥ᠂ ᠠᠮᠤᠷ ᠲᠦᠪᠰᠢᠨ ᠬᠡᠭᠦ ᠦᠬᠡ ᠶᠢᠨ ᠤᠳᠬ᠎ᠠ ᠤᠴᠢᠷ ᠢ ᠰᠠᠶᠢᠳᠤᠷ | ᠤᠶᠢᠯᠠᠭᠠᠭᠤᠯᠪᠠᠯ᠂ ᠰᠤᠷᠤᠭᠴᠢᠳ ᠲᠤ ᠨᠡᠩ ᠢᠯᠡᠭᠦᠤ ᠰᠠᠭᠤᠭᠳᠠᠯ ᠲᠠᠢ ᠪᠤᠯᠤᠨ᠎ᠠ᠃ | ᠬᠤᠶᠠᠷ᠂ ︽ᠪᠢ ᠠᠩᠬᠢ ᠨᠠᠶᠢᠳᠡ ᠳᠤ ᠪᠠᠨ ᠬᠠᠶᠢᠷᠠᠳᠠᠢ︾᠂ ︽ᠪᠢ ᠪᠤᠯ ᠠᠩᠬᠢ ᠶᠢᠨ ᠨᠢᠬᠡᠨ | ᠵᠢᠵᠢᠭᠦᠷᠯᠡᠭᠴᠢ︾᠂ ︽ᠠᠩᠬᠢ ᠶᠢᠨ ᠬᠡᠷ ᠢᠶᠠᠨ ᠴᠢᠮᠡᠭᠯᠡᠶ᠎ᠡ︾ ᠵᠡᠷᠬᠡ ᠬᠢᠴᠢᠶᠡᠯ ᠳᠠᠬᠢ ᠨᠡᠶᠢᠳᠡᠴᠢ ᠦᠵᠡᠯ ᠤᠨ ᠲᠤᠬᠠᠢ | ᠰᠤᠷᠤᠭᠴᠢᠳ ᠨᠢ ᠲᠤᠭᠤᠶᠢᠯᠠᠩ᠂ ᠠᠩᠬᠢ᠂ ᠰᠤᠷᠭᠠᠭᠤᠯᠢ ᠬᠡᠭᠦ ᠮᠡᠳᠦ ᠪᠠᠷ ᠨᠢᠬᠡᠨ ᠬᠠᠮᠳᠤ ᠨᠡᠶᠢᠳᠡ ᠳᠤ | ᠪᠠᠭᠳᠠᠳᠠᠭ᠃ ᠠᠩᠬᠢ ᠬᠡᠳᠡᠭ ᠪᠤᠯ ᠰᠤᠷᠤᠭᠴᠢᠳ ᠠᠴᠠ ᠪᠦᠳᠦᠵᠥ ᠪᠦᠷᠢᠯᠳᠦᠭᠰᠡᠨ ᠬᠠᠮᠳᠤᠷᠠᠯ᠂ ᠡ᠊ᠨᠡ ᠭᠦ | ᠬᠠᠮᠳᠤᠷᠠᠯ ᠤᠨ ᠰᠠᠶᠢᠨ ᠰᠠᠶᠢᠬᠠᠨ ᠤ ᠲᠦᠯᠦᠬᠡ᠂ ᠪᠦᠷᠢᠯᠳᠦᠭᠦᠨ ᠬᠡᠰᠢᠭᠦᠨ ᠪᠤᠯᠤᠭᠰᠠᠨ ᠰᠤᠷᠤᠭᠴᠢ ᠨᠢᠬᠡᠪᠤᠷᠢ ᠨᠢ | ᠶᠠᠮᠠᠷ ᠪᠠᠶᠢᠪᠠᠯ ᠵᠤᠬᠢᠬᠤ᠂ ᠶᠠᠭᠠᠬᠢᠵᠥ ᠬᠢᠪᠡᠯ ᠵᠤᠬᠢᠬᠤ ᠲᠤᠬᠠᠢ ᠡᠳᠡᠬᠡᠷ ᠬᠢᠴᠢᠶᠡᠯ ᠤᠳ ᠲᠤ ᠶᠡᠭᠡ ᠰᠠᠶᠢᠬᠠᠨ ᠦᠯᠢᠬᠡᠷ | ᠵᠢᠱᠢᠶ᠎ᠡ ᠲᠠᠢ ᠪᠠᠷ ᠲᠠᠶᠢᠯᠪᠤᠷᠢᠯᠠᠭᠰᠠᠨ ᠪᠠᠶᠢᠨ᠎ᠠ᠃ ᠰᠤᠷᠤᠭᠴᠢᠳ ᠴᠦ ᠰᠠᠨᠠᠭᠠᠴᠢᠯᠠᠭ᠎ᠠ ᠲᠠᠢ᠂ ᠰᠠᠨᠠᠭᠠᠴᠢᠯᠠᠭ᠎ᠠ | ᠦᠬᠡᠢ ᠪᠠᠷ ᠠᠩᠬᠢ ᠶᠢᠨ ᠲᠦᠯᠦᠬᠡ ᠬᠡᠵᠥ ᠶᠡᠭᠡ ᠬᠢᠴᠢᠶᠡᠵᠥ᠂ ᠠᠩᠬᠢ ᠪᠠᠨ ᠪᠤᠰᠤᠳ ᠠᠴᠠ ᠲᠤᠤᠷ᠎ᠠ ᠤᠷᠤᠭᠤᠯᠬᠤ | ᠦᠬᠡᠢ ᠬᠡᠵᠥ᠂ ᠶᠡᠭᠡ ᠴᠢᠷᠮᠠᠶᠢᠳᠠᠭ᠂ ᠬᠡᠪᠡᠴᠦ ᠲᠡᠳᠡ ᠠᠩᠬᠢ ᠬᠡᠭᠦ ᠦᠬᠡ ᠪᠤᠶᠤ ᠴᠢᠨᠠᠭᠰᠢᠯᠠᠨ ᠡᠭᠦᠨ ᠠᠴᠠ ᠨᠡᠩ | ᠶᠡᠭᠡ ᠬᠠᠮᠳᠤ ᠨᠡᠶᠢᠳᠡ ᠶᠢᠨ ᠬᠡᠭᠦ ᠨᠡᠷᠡᠰ᠂ ᠦᠬᠡ ᠤᠬᠠᠭᠳᠠᠬᠤᠨ ᠤ ᠲᠤᠬᠠᠢ ᠤᠶᠢᠯᠠᠭᠠᠵᠥ ᠪᠠᠶᠢᠨ᠎ᠠ ᠤᠤ︖ ᠦᠬᠡᠢ | ᠤᠤ︖ ᠡᠶᠢᠮᠤ ᠠᠴᠠ ᠪᠠᠭᠰᠢ ᠠᠴᠠ ᠵᠠᠪᠠᠯ ᠰᠤᠷᠤᠭᠴᠢᠳ ᠲᠤ ᠲᠤᠭᠤᠶᠢᠯᠠᠩ᠂ ᠠᠩᠬᠢ ᠠᠴᠠ ᠡᠬᠢᠯᠡᠬᠡᠳ᠂ ᠤᠷᠤᠨ | ᠨᠤᠳᠤᠭ᠂ ᠤᠯᠤᠰ ᠬᠡᠷ ᠬᠡᠭᠦ ᠮᠡᠳᠦ ᠬᠠᠮᠳᠤ ᠨᠡᠶᠢᠳᠡ ᠳᠤ ᠬᠤᠯᠪᠤᠭᠳᠠᠬᠤ ᠦᠬᠡᠰ ᠤᠨ ᠤᠳᠬ᠎ᠠ ᠶᠢ ᠲᠦᠭᠦᠮ ᠴᠦ | ᠬᠡᠰᠡᠨ ᠤᠶᠢᠯᠠᠭᠠᠭᠤᠯᠵᠥ᠂ ᠬᠠᠮᠳᠤ ᠨᠡᠶᠢᠳᠡ ᠶᠢᠨ ᠲᠤᠳᠤᠷ᠎ᠠ ᠪᠠᠨ ᠬᠠᠷᠢᠯᠴᠠᠨ ᠬᠠᠪᠰᠤᠷᠤᠯᠴᠠᠵᠥ᠂ ᠡᠶ᠎ᠡ ᠨᠠᠶᠢᠷ ᠲᠠᠢ | ᠪᠠᠶᠢᠬᠤ᠂ ᠪᠤᠰᠤᠳ ᠢ ᠭᠦᠨᠳᠦᠯᠡᠭᠦ᠂ ᠡᠪ ᠵᠤᠬᠢᠴᠠᠯ ᠲᠠᠢ ᠬᠠᠮᠳᠤᠷᠠᠯᠴᠠᠨ ᠠᠵᠢᠯᠯᠠᠬᠤ᠂ ᠢᠷᠠᠭᠤ ᠠᠯᠳᠠᠷ᠂ ᠦᠩᠬᠡ | ᠬᠡᠷᠡᠯ ᠢ ᠡᠷᠬᠢᠮᠯᠡᠭᠦ ᠨᠡᠶᠢᠳᠡᠴᠢ ᠦᠵᠡᠯ ᠤᠨ ᠭᠦᠮᠦᠵᠢᠯ ᠢ ᠰᠠᠶᠢᠳᠤᠷ ᠬᠢᠭᠦ ᠬᠡᠷᠡᠭᠳᠠᠢ᠃ | ᠭᠤᠷᠪᠠ᠂ ︽ᠬᠤᠪᠢᠶᠠᠯᠴᠠᠬᠤ ᠶᠢᠨ ᠪᠠᠶᠠᠰᠤᠯ︾ ᠬᠢᠴᠢᠶᠡᠯ ᠤᠨ ᠬᠤᠪᠢᠶᠠᠯᠴᠠᠬᠤ ᠬᠡᠰᠡᠨ ᠦᠬᠡᠰ ᠤᠨ ᠲᠤᠬᠠᠢ | ᠡᠨᠡ ᠨᠢᠬᠡ ᠦᠶ᠎ᠡ ᠶᠢᠨ ᠬᠡᠤᠬᠡᠳ ᠪᠤᠯ ᠤᠯᠠᠩᠬᠢ ᠨᠢ ᠬᠡᠷ ᠲᠤ ᠪᠠᠨ ᠠᠬ᠎ᠠ ᠡᠬᠡᠴᠢ ᠪᠤᠶᠤ ᠲᠡᠭᠦᠤᠨᠠᠷ ᠲᠠᠢ | ᠪᠤᠯᠤᠭᠰᠠᠨ ᠬᠤᠶᠠᠷ ᠠᠴᠠ ᠭᠤᠷᠪᠠᠨ ᠬᠡᠤᠬᠡᠳ ᠲᠠᠢ ᠬᠡᠷ ᠪᠦᠯᠢ ᠶᠢᠨ ᠪᠦᠷᠢᠯᠳᠦᠭᠦᠨ ᠶᠤᠮ᠂ ᠢᠩᠬᠢᠭᠦᠯᠡᠷ ᠭᠠᠭᠴᠠ | ᠬᠡᠤᠬᠡᠳ ᠲᠠᠢ ᠬᠡᠷ ᠪᠦᠯᠢ ᠶᠢᠨ ᠬᠡᠤᠬᠡᠳ ᠢ ᠪᠤᠳᠤᠪᠠᠯ᠂ ᠠᠭᠠᠰᠢ ᠵᠠᠩ᠂ ᠠᠬᠠᠰ ᠵᠠᠬᠠᠰ ᠢᠶᠠᠨ ᠬᠠᠶᠢᠷᠠᠯᠠᠵᠥ | ᠭᠦᠨᠳᠦᠯᠡᠭᠦ ᠲᠤᠬᠠᠢ᠂ ᠬᠠᠷᠢᠯᠴᠠᠨ ᠬᠠᠪᠰᠤᠷᠤᠯᠴᠠᠬᠤ᠂ ᠡᠶ᠎ᠡ ᠨᠠᠶᠢᠷ ᠢ ᠡᠷᠬᠢᠮᠨᠡᠭᠦ ᠲᠠᠯ᠎ᠠ ᠪᠠᠷ ᠨᠡᠯᠢᠶᠡᠳ ᠵᠦᠬᠡᠷ ᠪᠤᠯᠵᠥ᠂ | ᠠᠮᠢᠨᠴᠢᠷ ᠬᠤᠪᠢᠨᠴᠢᠷ ᠵᠠᠩ ᠨᠢ ᠪᠠᠭᠠᠰᠴᠦ᠂ ᠬᠤᠪᠢᠶᠠᠯᠴᠠᠬᠤ ᠶᠢᠨ ᠤᠬᠠᠮᠰᠠᠷᠠᠯ ᠲᠠᠢ ᠪᠤᠯᠤᠭᠰᠠᠨ ᠨᠢᠬᠡ ᠦᠶ᠎ᠡ | ᠶᠤᠮ᠃ ᠬᠤᠪᠢᠶᠠᠯᠴᠠᠬᠤ ᠪᠤᠯ ᠬᠠᠷᠠᠨᠳᠠ᠂ ᠪᠠᠯᠠᠯᠤᠭᠤᠷ ᠪᠤᠶᠤ ᠰᠢᠬᠢᠷ ᠪᠤᠤᠪᠤ ᠵᠡᠷᠬᠡ ᠬᠡᠷ ᠠᠴᠠ ᠪᠠᠨ ᠠᠪᠴᠢᠷᠠᠭᠰᠠᠨ | ᠶᠠᠭᠤᠮ᠎ᠠ ᠪᠦᠭᠦᠨ ᠢᠶᠠᠨ ᠰᠤᠷᠭᠠᠭᠤᠯᠢ ᠳᠤ ᠪᠠᠨ ᠤᠴᠢᠪᠠᠯ ᠪᠦᠭᠦᠳᠡ ᠶᠢ ᠪᠤᠰᠤᠳ ᠲᠤ ᠬᠤᠪᠢᠶᠠᠵᠥ ᠦᠭ ᠬᠡᠰᠡᠨ | ᠤᠴᠢᠷ ᠪᠢᠰᠢ᠂ ᠬᠠᠷᠢᠨ ᠴᠢᠳᠠᠯ ᠤᠨ ᠬᠢᠷᠢ ᠪᠠᠷ ᠢᠶᠠᠨ ᠪᠤᠰᠤᠳ ᠢ ᠬᠠᠪᠰᠤᠷᠴᠦ ᠪᠠᠶᠢᠬᠤ᠂ ᠭᠦᠴᠢᠷᠳᠡᠯ ᠲᠠᠢ | ᠦᠶ᠎ᠡ ᠳᠤ ᠪᠠᠨ ᠪᠤᠰᠤᠳ ᠤᠨ ᠬᠠᠪᠰᠤᠷᠤᠯᠭ᠎ᠠ ᠶᠢ ᠭᠦᠷᠳᠡᠭᠦ᠂ ᠡᠳ᠋ ᠪᠤᠳᠠᠰ ᠤᠨ ᠲᠠᠯ᠎ᠠ ᠠᠴᠠ ᠠᠬᠢᠭᠤᠯᠤᠭᠠᠳ᠂ | ᠪᠠᠶᠠᠷ ᠪᠠᠶᠠᠰᠤᠯ᠂ ᠵᠤᠯ ᠵᠢᠷᠭᠠᠯ᠂ ᠦᠩᠬᠡ ᠬᠡᠷᠡᠯ᠂ ᠢᠷᠠᠭᠤ ᠠᠯᠳᠠᠷ᠂ ᠱᠠᠩᠨᠠᠯ ᠭᠦᠬᠢᠭᠦᠯᠦᠯ᠂ ᠤᠶᠢᠳᠬᠠᠷ ᠭᠤᠨᠢᠭ᠂ | ᠵᠤᠪᠠᠯ ᠵᠦᠳᠡᠭᠦᠷᠢ ᠵᠡᠷᠬᠡ ᠰᠡᠳᠬᠢᠯ ᠤᠨ ᠭᠦᠳᠡᠯᠬᠡᠬᠡᠨ ᠢ ᠬᠤᠪᠢᠶᠠᠯᠴᠠᠬᠤ ᠶᠢ ᠴᠦ ᠵᠢᠭᠠᠵᠥ ᠪᠠᠶᠢᠨ᠎ᠠ᠃ ᠡᠷᠳᠡᠨ ᠠᠴᠠ | ᠤᠯᠠᠮᠵᠢᠯᠠᠭᠳᠠᠭᠰᠠᠨ ᠠᠶᠢᠮᠠᠭ ᠤᠭᠰᠠᠭᠠᠳᠠᠨ ᠤ ᠠᠩ ᠤᠨ ᠤᠯᠵᠠ ᠪᠠᠨ ᠬᠤᠪᠢᠶᠠᠯᠴᠠᠬᠤ ᠵᠠᠩ ᠦᠢᠯᠡ᠂ | ︽ᠨᠠᠶᠢᠷ ᠤᠨ ᠤᠯᠵᠠ ᠪᠠᠨ ᠤᠯᠠᠭᠤᠯᠠ ᠪᠠᠨ︾ ᠬᠡᠭᠦ ᠮᠡᠳᠦ ᠶᠢᠨ ᠵᠢᠱᠢᠶ᠎ᠡ ᠨᠢ ᠬᠤᠪᠢᠶᠠᠯᠴᠠᠬᠤ ᠪᠤᠯ ᠭᠦᠮᠦᠨ | ᠲᠦᠷᠦᠯᠬᠢᠳᠡᠨ ᠤ ᠨᠡᠶᠢᠬᠡᠮ ᠠᠮᠢᠳᠤᠷᠠᠯ ᠤᠨ ᠭᠦᠭᠵᠢᠯ ᠤᠨ ᠶᠠᠪᠤᠴᠠ ᠳᠤ᠂ ᠡᠷᠳᠡ ᠠᠴᠠ ᠪᠤᠢ ᠪᠤᠯᠵᠥ᠂ | ᠤᠯᠠᠮᠵᠢᠯᠠᠭᠳᠠᠵᠥ ᠢᠷᠡᠭᠰᠡᠨ᠂ ᠪᠤᠯᠪᠠᠰᠤᠨ ᠰᠠᠶᠢᠬᠠᠨ ᠶᠤᠰᠤ ᠮᠤᠷᠠᠯ ᠲᠠᠢ ᠭᠦᠮᠦᠨ ᠢ ᠪᠤᠶᠢᠵᠢᠭᠤᠯᠬᠤ ᠡᠷᠬᠢᠮ ᠨᠠᠨᠳᠢᠨ | ᠶᠤᠰᠤ ᠵᠠᠩᠰᠢᠯ ᠪᠢᠯᠡ᠃ ᠬᠤᠪᠢᠶᠠᠯᠴᠠᠬᠤ ᠪᠤᠯ ᠭᠦᠮᠦᠨ ᠲᠦᠷᠦᠯᠬᠢᠳᠡᠨ ᠤ ᠪᠤᠯᠪᠠᠰᠤᠨ ᠤ ᠲᠠᠪᠰᠢᠯᠳᠠ ᠶᠢᠨ | ᠴᠢᠬᠤᠯᠠ ᠨᠢᠬᠡ ᠰᠠᠭᠤᠷᠢ ᠮᠦᠨ᠃ ᠲᠡᠷᠡ ᠨᠢ ᠭᠦᠮᠦᠰ ᠤᠨ ᠬᠤᠭᠤᠷᠤᠨᠳᠤᠬᠢ ᠬᠠᠷᠢᠯᠴᠠᠭ᠎ᠠ ᠶᠠᠪᠤᠯᠴᠠᠭ᠎ᠠ ᠶᠢ | ᠠᠬᠢᠭᠤᠯᠳᠠᠭ᠃ ᠪᠢᠳᠡ ᠦᠪᠡᠷ ᠤᠨ ᠮᠡᠳᠡᠯᠬᠡ ᠲᠤᠷᠰᠢᠯᠭ᠎ᠠ ᠪᠠᠨ ᠰᠤᠯᠢᠯᠴᠠᠵᠥ ᠪᠤᠯᠬᠤ ᠪᠠᠷ ᠪᠠᠷᠠᠬᠤ ᠦᠬᠡᠢ ᠪᠠᠰᠠ | ᠪᠤᠰᠤᠳ ᠠᠴᠠ ᠰᠢᠨ᠎ᠡ ᠦᠵᠡᠯ ᠰᠠᠨᠠᠭ᠎ᠠ ᠶᠢ ᠰᠤᠷᠴᠦ᠂ ᠨᠡᠩ ᠰᠠᠶᠢᠨ ᠢᠶᠠᠷ ᠠᠰᠠᠭᠤᠳᠠᠯ ᠢ ᠰᠢᠢᠳᠪᠦᠷᠢᠯᠡᠵᠥ ᠪᠤᠯᠬᠤ | ᠶᠤᠮ᠃ ᠬᠤᠪᠢᠶᠠᠯᠴᠠᠬᠤ ᠨᠢ ᠵᠠᠶᠢᠯᠠᠰᠢ ᠦᠬᠡᠢ ᠨᠢᠬᠡ ᠵᠦᠢᠯ ᠤᠨ ᠢᠳᠡᠪᠬᠢ ᠠᠵᠢᠯᠯᠠᠭ᠎ᠠ ᠮᠦᠨ᠃ ᠲᠡᠷᠡ ᠨᠢ | ᠬᠢᠵᠠᠭᠠᠷᠯᠠᠰᠢ ᠦᠬᠡᠢ ᠶᠡᠭᠡ ᠠᠴᠢ ᠲᠤᠰᠠ ᠶᠢ ᠠᠪᠴᠢᠷᠠᠵᠥ ᠦᠭᠭᠦᠨ᠎ᠡ᠃ ᠦᠬᠡᠷ᠎ᠡ ᠪᠠᠷ ᠬᠡᠯᠡᠪᠡᠯ ᠬᠤᠪᠢᠶᠠᠯᠴᠠᠬᠤ | ᠪᠤᠯ ᠦᠪᠡᠷ ᠤᠨ ᠤᠯᠤᠭᠰᠠᠨ ᠶᠠᠭᠤᠮ᠎ᠠ ᠠᠴᠠ ᠬᠡᠳᠦ ᠲᠠᠬᠢᠨ ᠢᠯᠡᠭᠦᠤ ᠶᠠᠭᠤᠮ᠎ᠠ ᠶᠢ ᠤᠯᠬᠤ ᠠᠵᠢᠯᠯᠠᠭ᠎ᠠ᠂ | ᠪᠤᠰᠤᠳ ᠲᠤ ᠰᠠᠶᠢᠬᠠᠨ ᠵᠦᠪᠰᠢᠶᠡᠷᠡᠭᠳᠡᠵᠥ ᠲᠠᠭᠠᠯᠠᠭᠳᠠᠬᠤ ᠠᠵᠢᠯᠯᠠᠭ᠎ᠠ ᠮᠦᠨ᠂ ᠬᠤᠪᠢᠶᠠᠯᠴᠠᠬᠤ ᠨᠢ ᠢᠯᠡᠭᠦᠤ ᠨᠢᠬᠡ | ᠭᠦᠮᠦᠨ ᠢ ᠪᠠᠶᠠᠷᠯᠠᠭᠤᠯᠵᠥ᠂ ᠭᠤᠨᠢᠭ ᠵᠤᠪᠠᠭᠤᠷᠢ ᠶᠢ ᠨᠢᠮᠬᠡᠯᠡᠳᠡᠭ᠂ ᠬᠠᠶᠢᠷ᠎ᠠ ᠰᠡᠳᠬᠢᠯᠬᠡ ᠶᠢᠨ ᠲᠠᠮᠵᠢᠭᠤᠯᠭ᠎ᠠ | ᠮᠦᠨ᠃ ᠬᠤᠪᠢᠶᠠᠯᠴᠠᠬᠤ ᠪᠤᠯ ᠬᠤᠶᠠᠷ ᠲᠠᠯ᠎ᠠ ᠶᠢᠨ ᠬᠠᠷᠢᠯᠴᠠᠨ ᠦᠢᠯᠡᠳᠦᠯᠴᠡᠭᠦ ᠠᠵᠢᠯᠯᠠᠭ᠎ᠠ ᠮᠦᠨ᠃ | ᠬᠤᠪᠢᠶᠠᠯᠴᠠᠭᠰᠠᠨ ᠭᠦᠮᠦᠨ ᠤ ᠠᠵᠢᠯᠯᠠᠭ᠎ᠠ ᠶᠢᠨ ᠡᠰᠡᠷᠭᠦ ᠨᠦᠭᠦᠬᠡ ᠲᠠᠯ᠎ᠠ ᠨᠢ ᠴᠦ ᠬᠠᠷᠢᠭᠤ ᠲᠤᠰᠬᠠᠯ ᠲᠠᠢ ᠪᠠᠶᠢᠬᠤ | ᠬᠡᠷᠡᠭᠳᠠᠢ᠃ ᠭᠦᠮᠦᠨ ᠪᠦᠭᠦᠨ ᠬᠤᠪᠢᠶᠠᠯᠴᠠᠬᠤ ᠶᠢᠨ ᠤᠬᠠᠮᠰᠠᠷᠠᠯ ᠲᠠᠢ ᠪᠤᠯᠪᠠᠯ ᠰᠠᠶ᠋ᠢ ᠬᠤᠪᠢᠶᠠᠯᠴᠠᠬᠤ ᠶᠠᠪᠤᠴᠠ ᠨᠢ | ᠦᠷᠭᠦᠯᠵᠢᠯᠡᠵᠥ ᠴᠢᠳᠠᠳᠠᠭ᠂ ᠢᠩᠬᠢᠭᠦᠯᠡᠷ ᠰᠤᠷᠤᠭᠴᠢᠳ ᠲᠤ ᠶᠠᠭᠤ ᠶᠢ ᠬᠤᠪᠢᠶᠠᠯᠴᠠᠬᠤ ᠬᠡᠳᠡᠭ᠂ ᠶᠠᠭᠤᠨ ᠤ | ᠤᠴᠢᠷ ᠠᠴᠠ ᠬᠤᠪᠢᠶᠠᠯᠴᠠᠬᠤ ᠪᠤᠢ︖ ᠶᠠᠭᠠᠬᠢᠵᠥ ᠬᠤᠪᠢᠶᠠᠯᠴᠠᠬᠤ ᠪᠤᠢ︖ ᠬᠤᠪᠢᠶᠠᠯᠴᠠᠪᠠᠯ ᠶᠠᠮᠠᠷ ᠪᠤᠯᠬᠤ | ᠪᠤᠢ︖ ᠬᠡᠭᠦ ᠵᠡᠷᠬᠡ ᠪᠠᠷ ᠲᠦᠭᠦᠮ ᠤᠶᠢᠯᠠᠭᠠᠭᠤᠯᠵᠥ᠂ ᠶᠤᠰᠤ ᠮᠤᠷᠠᠯ ᠲᠠᠢ᠂ ᠰᠠᠶᠢᠨ ᠰᠠᠶᠢᠬᠠᠨ ᠵᠠᠩ ᠠᠷᠠᠨᠰᠢᠨ ᠲᠠᠢ | ᠭᠦᠮᠦᠨ ᠪᠤᠯᠭᠠᠬᠤ ᠪᠠᠷ ᠭᠦᠮᠦᠵᠢᠭᠦᠯᠭᠦ ᠬᠡᠷᠡᠭᠳᠠᠢ᠃ | ᠲᠦᠷᠪᠡ᠂ ︽ᠪᠠᠶᠠᠷ ᠭᠦᠷ ᠲᠠᠢ ᠰᠢᠨ᠎ᠡ ᠵᠢᠯ ᠢᠶᠠᠨ ᠲᠡᠮᠳᠡᠭᠯᠡᠶ᠎ᠡ︾᠂ ︽ᠬᠡᠷ ᠬᠤᠳᠠᠯᠠᠭᠠᠷ ᠢᠶᠠᠨ ᠨᠠᠮᠤᠷ ᠤᠨ | ᠲᠡᠷᠬᠡᠯ ᠡᠳᠤᠷ ᠢ ᠲᠡᠮᠳᠡᠭᠯᠡᠶ᠎ᠡ︾ ᠵᠡᠷᠬᠡ ᠬᠢᠴᠢᠶᠡᠯ ᠳᠤ ᠭᠠᠷᠬᠤ ᠦᠨᠳᠦᠰᠦᠳᠡᠨ ᠬᠡᠭᠦ ᠦᠬᠡ ᠶᠢᠨ ᠲᠤᠬᠠᠢ | ᠰᠤᠷᠤᠭᠴᠢᠳ ᠲᠤ ᠦᠨᠳᠦᠰᠦᠳᠡᠨ ᠬᠡᠳᠡᠭ ᠦᠬᠡ ᠶᠢᠨ ᠤᠳᠬ᠎ᠠ ᠶᠢ ᠤᠬᠠᠭᠳᠠᠬᠤᠨ ᠤ ᠲᠤᠮᠢᠶᠠᠯᠠᠯ ᠢᠶᠠᠷ | ᠲᠠᠶᠢᠯᠪᠤᠷᠢᠯᠠᠬᠤ ᠪᠢᠰᠢ᠂ ᠬᠠᠷᠢᠨ ᠲᠦᠭᠦᠮ ᠵᠢᠱᠢᠶ᠎ᠡ ᠲᠠᠳᠡᠵᠥ᠂ ᠵᠢᠷᠤᠭ ᠪᠢᠴᠢᠯᠬᠡ ᠵᠡᠷᠬᠡ ᠵᠠᠭᠤᠴᠢ ᠮᠠᠲ᠋ᠧᠷᠢᠶᠠᠯ ᠢ | ᠠᠰᠢᠭᠯᠠᠨ᠂ ᠲᠤᠳᠤᠷ ᠵᠠᠭᠤᠷ᠎ᠠ ᠪᠠᠨ ᠨᠢᠬᠡ ᠢᠵᠢᠯ ᠬᠡᠯᠡ ᠪᠠᠷ ᠬᠡᠯᠡᠯᠴᠡᠳᠡᠭ᠂ ᠬᠤᠪᠴᠠᠰᠤ ᠬᠤᠨᠠᠷ ᠤᠨ ᠶᠠᠩᠵᠥ | ᠬᠡᠯᠪᠡᠷᠢ ᠨᠢ ᠶᠡᠭᠡ ᠲᠦᠯᠦᠪ ᠠᠳᠠᠯᠢ᠂ ᠦᠢᠯᠡᠳᠪᠦᠷᠢᠯᠡᠯ ᠠᠮᠢᠳᠤᠷᠠᠯ ᠨᠢ ᠪᠤᠰᠤᠳ ᠦᠨᠳᠦᠰᠦᠳᠡᠨ ᠠᠴᠠ ᠤᠨᠳᠤᠤ᠂ | ᠵᠠᠩ ᠵᠠᠩᠰᠢᠯ ᠨᠢ ᠮᠡᠳᠡᠭᠳᠡᠮ᠎ᠡ ᠢᠯᠭᠠᠭ᠎ᠠ ᠲᠠᠢ ᠭᠦᠮᠦᠰ ᠢ ᠬᠡᠯᠡᠳᠡᠭ ᠬᠡᠭᠦ ᠮᠡᠳᠦ ᠪᠠᠷ ᠲᠦᠭᠦᠮ ᠤᠶᠢᠯᠠᠭᠠᠭᠤᠯᠵᠥ᠂ | ᠦᠪᠡᠷ ᠢᠶᠠᠨ ᠶᠠᠮᠠᠷ ᠦᠨᠳᠦᠰᠦᠳᠡᠨ ᠪᠤᠯᠬᠤ᠂ ᠲᠤᠰ ᠦᠨᠳᠦᠰᠦᠳᠡᠨ ᠨᠢ ᠶᠠᠮᠠᠷ ᠤᠨᠴᠠᠯᠢᠭ ᠲᠠᠢ ᠪᠠᠶᠢᠬᠤ᠂ ᠬᠠᠮᠳᠤ | ᠰᠤᠷᠤᠭᠴᠢᠳ ᠨᠢ ᠶᠠᠮᠠᠷ ᠦᠨᠳᠦᠰᠦᠳᠡᠨ ᠨᠦᠭᠦᠳ ᠪᠤᠯᠬᠤ᠂ ᠲᠡᠳᠡᠨ ᠤ ᠦᠨᠳᠦᠰᠦᠳᠡᠨ ᠤ ᠤᠨᠴᠠᠯᠢᠭ ᠨᠢ ᠶᠠᠮᠠᠷ | ᠪᠠᠶᠢᠬᠤ ᠶᠢ ᠮᠡᠳᠡᠭᠦᠯᠵᠥ᠂ ᠦᠨᠳᠦᠰᠦᠳᠡᠨ ᠤᠯᠠᠨ ᠪᠠᠶᠢᠳᠠᠭ ᠤᠨ ᠲᠤᠬᠠᠢ ᠲᠠᠨᠢᠯᠳᠠ ᠲᠠᠢ ᠪᠤᠯᠭᠠᠨ ᠦᠷᠭᠦᠯᠵᠢ | ᠲᠤᠬᠢᠶᠠᠯᠳᠤᠬᠤ ᠬᠤᠪᠴᠠᠰᠤ ᠵᠠᠰᠠᠯ᠂ ᠦᠬᠡ ᠬᠡᠯᠡᠯᠬᠡ ᠪᠠᠷ ᠢᠯᠭᠠᠭᠳᠠᠬᠤ ᠦᠨᠳᠦᠰᠦᠳᠡᠨ ᠢ ᠵᠦᠪ ᠲᠠᠨᠢᠭᠤᠯᠵᠥ᠂ | ᠲᠡᠳᠡᠨ ᠤ ᠵᠠᠩ ᠵᠠᠩᠰᠢᠯ ᠤᠨ ᠲᠠᠯ᠎ᠠ ᠪᠠᠷ ᠵᠤᠬᠢᠬᠤ ᠤᠶᠢᠯᠠᠭᠠᠯᠳᠠ ᠲᠠᠢ ᠪᠤᠯᠭᠠᠵᠥ᠂ ᠪᠤᠰᠤᠳ ᠦᠨᠳᠦᠰᠦᠳᠡᠨ ᠤ ᠵᠠᠩ | ᠵᠠᠩᠰᠢᠯ ᠢ ᠭᠦᠨᠳᠦᠳᠬᠡᠵᠤ᠂ ᠪᠢᠳᠡ ᠪᠤᠯ ᠤᠯᠠᠨ ᠦᠨᠳᠦᠰᠦᠳᠡᠨ ᠢᠶᠠᠷ ᠪᠦᠷᠢᠯᠳᠦᠭᠰᠡᠨ ᠤᠯᠤᠰ ᠲᠤ ᠠᠮᠢᠳᠤᠷᠠᠵᠥ᠂ | ᠡᠯ᠎ᠡ ᠦᠨᠳᠦᠰᠦᠳᠡᠨ ᠤ ᠠᠷᠠᠳ ᠲᠦᠮᠡᠨ ᠴᠦᠮ ᠪᠠᠶᠠᠷ ᠪᠠᠶ᠋ᠰᠤᠯ ᠲᠠᠢ᠂ ᠡᠷᠬᠡ ᠲᠡᠭᠰᠢ᠂ ᠡᠷᠬᠡ ᠴᠢᠯᠦᠬᠡᠳᠠᠢ᠂ ᠡᠶ᠎ᠡ | ᠨᠠᠶᠢᠷ ᠲᠠᠢ ᠬᠠᠮᠳᠤ ᠪᠠᠷ ᠠᠮᠢᠳᠤᠷᠠᠵᠥ ᠪᠠᠶᠢᠭ᠎ᠠ ᠬᠡᠳᠡᠭ ᠢ ᠤᠶᠢᠯᠠᠭᠠᠭᠤᠯᠪᠠᠯ ᠵᠤᠬᠢᠨ᠎ᠠ᠃ | ᠲᠠᠪᠤ᠂ ︽ᠮᠢᠨᠤ ᠬᠡᠷ ᠪᠦᠯᠢ︾ ᠭᠡᠭᠦ ᠬᠢᠴᠢᠶᠡᠯ ᠠᠴᠠ ᠰᠤᠷᠤᠭᠴᠢᠳ ᠲᠤ ᠭᠡᠷ ᠪᠦᠯᠢ ᠶᠢᠨ ᠭᠦᠮᠦᠵᠢᠯ ᠬᠢᠭᠦ | ᠲᠤᠬᠠᠢ | ᠭᠡᠷ ᠪᠦᠯᠢ ᠳᠤ ᠠᠪᠤ ᠡᠵᠢ᠂ ᠠᠬ᠎ᠠ ᠡᠬᠡᠴᠢ ᠲᠡᠭᠦᠤ ᠵᠡᠷᠬᠡ ᠪᠦᠷᠢᠯᠳᠦᠭᠦᠨ ᠪᠠᠶᠢᠳᠠᠭ ᠠᠴᠠ ᠭᠠᠳᠠᠨ᠎ᠠ᠂ | ᠠᠪᠤ ᠶᠢᠨ ᠲᠠᠯ᠎ᠠ ᠶᠢᠨ᠂ ᠡᠵᠢ ᠶᠢᠨ ᠲᠠᠯ᠎ᠠ ᠶᠢᠨ ᠰᠠᠳᠤᠨ ᠠᠴᠠ᠂ ᠦᠷᠭᠦᠯᠵᠢ ᠬᠠᠮᠳᠤ ᠪᠠᠶᠢᠳᠠᠭ ᠡᠪᠦᠭᠡ᠂ ᠡᠮᠡᠭᠡ᠂ | ᠨᠠᠭᠠᠴᠦ ᠠᠪᠤ᠂ ᠨᠠᠭᠠᠴᠤ ᠡᠵᠢ᠂ ᠠᠪᠠᠭ᠎ᠠ᠂ ᠠᠪᠠᠭ᠎ᠠ ᠡᠵᠢ᠂ ᠨᠠᠭᠠᠴᠦ᠂ ᠨᠠᠭᠠᠴᠦ ᠡᠬᠡᠴᠢ ᠬᠡᠭᠦ ᠮᠡᠳᠦ ᠪᠠᠷ ᠤᠯᠠᠨ | ᠪᠦᠷᠢᠯᠳᠦᠭᠦᠨ ᠪᠠᠶᠢᠳᠠᠭ᠂ ᠦᠶ᠎ᠡ ᠵᠠᠯᠭᠠᠮᠵᠢ ᠨᠢ ᠶᠠᠮᠠᠷ ᠪᠠᠶᠢᠳᠠᠭ᠂ ᠲᠠᠭᠤᠳᠠᠯᠭ᠎ᠠ ᠨᠢ ᠲᠤᠰ ᠲᠤᠰ ᠶᠠᠮᠠᠷ ᠪᠠᠶᠢᠳᠠᠭ᠂ | ᠶᠠᠮᠠᠷ ᠭᠦᠮᠦᠰ ᠨᠢ ᠴᠤᠭ ᠠᠮᠢᠳᠤᠷᠠᠵᠥ ᠪᠠᠶᠢᠬᠤ ᠬᠡᠭᠦ ᠵᠡᠷᠬᠡ ᠲᠠᠯ᠎ᠠ ᠠᠴᠠ ᠬᠡᠷ ᠪᠦᠯᠢ ᠬᠡᠭᠦ ᠦᠬᠡ ᠶᠢᠨ ᠤᠳᠬ᠎ᠠ ᠶᠢ | ᠰᠤᠷᠤᠭᠴᠢᠳ ᠲᠤ ᠲᠦᠭᠦᠮ ᠤᠶᠢᠯᠠᠭᠠᠭᠤᠯᠵᠥ ᠪᠤᠯᠤᠨ᠎ᠠ᠃ ᠬᠠᠮᠳᠤ ᠳᠤ ᠨᠢ᠂ ᠭᠦᠨᠳᠦᠳᠬᠡᠭᠰᠡᠨ᠂ ᠴᠡᠬᠡᠷᠯᠡᠭᠰᠡᠨ᠂ | ᠵᠠᠩᠰᠢᠭᠰᠠᠨ᠂ ᠠᠪᠤᠭᠠᠶᠢᠯᠠᠭᠰᠠᠨ᠂ ᠦᠭᠦᠬᠡᠷᠳᠡᠭᠰᠡᠨ᠂ ᠲᠦᠭᠦᠮᠴᠢᠯᠡᠭᠰᠡᠨ᠂ ᠲᠠᠭᠤᠳᠠᠯᠭ᠎ᠠ ᠲᠠᠢ ᠭᠦᠮᠦᠰ ᠤᠨ ᠰᠠᠳᠤᠨ | ᠲᠦᠷᠦᠯ ᠤᠨ ᠬᠠᠷᠢᠴᠠᠭ᠎ᠠ ᠬᠤᠯᠪᠤᠭ᠎ᠠ ᠶᠢᠨ ᠲᠤᠬᠠᠢ ᠴᠤᠬᠤᠰ ᠲᠤᠷᠠᠳᠴᠦ᠂ ᠬᠡᠨ ᠨᠢ ᠬᠡᠨ ᠪᠤᠯᠬᠤ ᠶᠢ ᠮᠡᠳᠡᠭᠦᠯᠵᠥ | ᠪᠤᠯᠤᠨ᠎ᠠ᠃ ᠬᠠᠷᠢᠨ ᠴᠢᠰᠤᠨ ᠲᠦᠷᠦᠯ ᠤᠨ ᠬᠠᠷᠢᠴᠠᠭ᠎ᠠ᠂ ᠲᠡᠬᠡᠭᠰᠢ ᠲᠤᠷᠤᠭᠰᠢ ᠭᠤᠷᠪᠠᠨ ᠦᠶ᠎ᠡ ᠬᠡᠭᠦ ᠮᠡᠳᠦ ᠪᠠᠷ | ᠶᠠᠷᠢᠪᠠᠯ ᠰᠤᠷᠤᠭᠴᠢᠳ ᠤᠶᠢᠯᠠᠭᠠᠬᠤ ᠳᠤ ᠭᠦᠴᠢᠷ ᠪᠤᠯᠬᠤ ᠶᠤᠮ ᠰᠢᠬ᠃ | ᠵᠢᠷᠭᠤᠭ᠎ᠠ᠂ ︽ᠡᠬᠡ ᠪᠠᠶᠢᠭᠠᠯᠢ ᠳᠤ ᠪᠠᠨ ᠲᠠᠯᠠᠷᠬᠠᠶ᠎ᠠ︾ ᠬᠡᠭᠦ ᠬᠢᠴᠢᠶᠡᠯ ᠳᠤ ᠡᠬᠡ ᠪᠠᠶᠢᠭᠠᠯᠢ ᠶᠢᠨ ᠪᠡᠯᠡᠭ᠂ | ᠡᠬᠡ ᠪᠠᠶᠢᠭᠠᠯᠢ ᠶᠢᠨ ᠦᠬᠡ ᠬᠡᠯᠡ᠂ ᠡᠬᠡ ᠪᠠᠶᠢᠭᠠᠯᠢ ᠳᠠᠬᠢ ᠪᠠᠶᠠᠷ ᠵᠢᠷᠭᠠᠯ ᠵᠡᠷᠬᠡ ᠠᠭᠤᠯᠭ᠎ᠠ ᠶᠢᠨ ᠲᠤᠬᠠᠢ | ᠡᠬᠡ ᠪᠠᠶᠢᠭᠠᠯᠢ ᠬᠡᠳᠡᠭ ᠨᠢ ᠶᠠᠭᠤ ᠶᠢ ᠬᠡᠯᠡᠵᠥ ᠪᠠᠶᠢᠬᠤ ᠪᠤᠢ︖ ᠬᠡᠵᠥ ᠠᠰᠠᠭᠤᠪᠠᠯ ᠰᠤᠷᠤᠭᠴᠢᠳ ᠤᠨ | ᠬᠠᠷᠢᠭᠤᠯᠳᠠ ᠴᠦ ᠶᠠᠩᠵᠥ ᠶᠠᠩᠵᠥ ᠶᠢᠨ ᠪᠤᠯᠬᠤ ᠨᠢ ᠲᠠᠮᠵᠢᠭ ᠦᠬᠡᠢ ᠶᠤᠮ᠃ ᠡᠭᠦᠨ ᠳᠤ ᠪᠠᠭᠰᠢ ᠠᠴᠠ ᠤᠨᠤᠯ ᠤᠨ | ᠲᠠᠯ᠎ᠠ ᠠᠴᠠ ᠡᠨᠡ ᠨᠢ ᠲᠠᠰᠤᠷᠠᠯᠳᠠ ᠦᠬᠡᠢ ᠤᠯᠠᠷᠢᠨ ᠬᠤᠪᠢᠰᠬᠤ ᠤᠷᠴᠢᠯᠠᠩ ᠤᠨ ᠲᠦᠮᠡᠨ ᠪᠤᠳᠠᠰ᠂ ᠠᠮᠢᠳᠤ | ᠪᠤᠳᠠᠰ ᠤᠨ ᠭᠦᠷᠢᠶ᠎ᠡ ᠪᠠ ᠠᠮᠢᠳᠤ ᠪᠤᠳᠠᠰ ᠪᠤᠰᠤ ᠶᠢᠷᠳᠢᠨᠴᠦ ᠶᠢᠨ ᠬᠠᠷᠢᠯᠴᠠᠨ ᠨᠦᠭᠦᠴᠡᠯᠳᠦᠭᠦ ᠬᠤᠶᠠᠷ ᠰᠢᠰᠲ᠋ᠧᠮ ᠢ | ᠵᠢᠭᠠᠵᠥ ᠪᠠᠶᠢᠨ᠎ᠠ ᠬᠡᠪᠡᠯ ᠲᠠᠳᠡ ᠶᠠᠭᠤᠨ ᠤ ᠤᠶᠢᠯᠠᠭᠠᠬᠤ ᠪᠤᠢ᠃ ᠲᠡᠬᠡᠭᠦᠯᠡᠷ ᠡᠬᠡ ᠪᠠᠶᠢᠭᠠᠯᠢ ᠬᠡᠳᠡᠭ ᠪᠤᠯ ᠪᠢᠳᠡᠨ ᠤ | ᠠᠮᠢᠳᠤᠷᠠᠵᠥ ᠪᠠᠶᠢᠭ᠎ᠠ ᠤᠷᠴᠢᠨ ᠠᠬᠤᠢ᠂ ᠨᠠᠷᠠ ᠰᠠᠷ᠎ᠠ᠂ ᠰᠠᠯᠬᠢᠨ ᠪᠤᠷᠤᠭᠠᠨ᠂ ᠭᠠᠵᠠᠷ ᠰᠢᠷᠤᠢ᠂ ᠤᠢ ᠰᠢᠭᠤᠢ᠂ | ᠲᠠᠯᠠᠢ ᠲᠠᠩᠬᠢᠰ᠂ ᠡᠯᠡᠰᠦ ᠮᠠᠩᠬ᠎ᠠ᠂ ᠠᠭᠤᠯᠠ ᠬᠠᠳᠠ᠂ ᠲᠡᠭᠷᠢ᠂ ᠤᠭᠳᠠᠷᠭᠤᠢ᠂ ᠠᠭᠠᠷ ᠤᠰᠤ ᠵᠡᠷᠬᠡ ᠪᠠᠶᠢᠭᠠᠯᠢ ᠶᠢᠨ | ᠶᠠᠭᠤᠮ᠎ᠠ ᠪᠤᠳᠠᠰ᠂ ᠦᠵᠡᠭᠳᠡᠯ᠂ ᠬᠡᠷᠡᠭ ᠪᠤᠳᠠᠰ ᠢ ᠬᠠᠮᠤᠷᠤᠭᠰᠠᠨ ᠤᠭ ᠦᠬᠡ ᠶᠢᠨ ᠰᠢᠯᠵᠢᠭᠰᠡᠨ ᠤᠳᠬ᠎ᠠ ᠪᠠᠷ ᠨᠢ | ᠲᠦᠭᠦᠮ ᠤᠶᠢᠯᠠᠭᠠᠭᠤᠯᠪᠠᠯ ᠵᠦᠬᠡᠷ ᠰᠢᠭ᠃ | ᠲᠤᠯᠤᠭ᠎ᠠ᠂ ︽ᠤᠯᠤᠰ ᠤᠨ ᠪᠠᠶᠠᠷ ᠢᠶᠠᠨ ᠪᠠᠶᠠᠷ ᠭᠦᠷ ᠲᠠᠢ ᠪᠠᠷ ᠲᠡᠮᠳᠡᠭᠯᠡᠶ᠎ᠡ︾ ᠵᠡᠷᠬᠡ ᠬᠢᠴᠢᠶᠡᠯ ᠳᠠᠬᠢ ᠡᠬᠡ | ᠤᠯᠤᠰ ᠬᠡᠭᠦ ᠦᠬᠡ ᠶᠢᠨ ᠲᠤᠬᠠᠢ | ᠰᠤᠷᠤᠭᠴᠢᠳ ᠨᠢ ᠴᠡᠴᠡᠷᠯᠢᠭ ᠲᠤ ᠪᠠᠶᠢᠬᠤ ᠠᠴᠠ ᠡᠬᠢᠯᠡᠨ᠂ ᠺᠢᠨᠤ᠋᠂ ᠲᠧᠯᠸᠢᠰ ᠵᠡᠷᠬᠡ ᠵᠠᠭᠤᠴᠢ ᠮᠠᠲ᠋ᠧᠷᠢᠶᠠᠯ | ᠪᠤᠶᠤ ᠠᠮᠢᠳᠤᠷᠠᠯ ᠲᠤᠮᠳᠠ ᠪᠠᠨ ᠡᠬᠡ ᠤᠯᠤᠰ ᠭᠡᠭᠦ ᠦᠬᠡ ᠶᠢ ᠤᠯᠠᠨᠳᠠ ᠰᠤᠨᠤᠰᠴᠦ᠂ ᠲᠠᠭᠤᠤ ᠤᠷᠠᠯᠢᠭ ᠤᠨ | ᠪᠦᠳᠦᠬᠡᠯ ᠳᠤ ᠴᠦ ᠲᠠᠭᠤᠯᠠᠵᠥ ᠦᠩᠬᠡᠷᠡᠭᠰᠡᠨ᠂ ᠬᠡᠪᠡᠴᠦ ᠤᠳᠬ᠎ᠠ ᠨᠢ ᠶᠠᠭᠤ ᠪᠤᠯᠬᠤ᠂ ᠶᠠᠭᠤ ᠶᠢ ᠵᠢᠭᠠᠵᠥ | ᠪᠠᠶᠢᠬᠤ ᠶᠢ ᠤᠶᠢᠯᠠᠭᠠᠭᠤᠯᠬᠤ ᠳᠤ᠂ ᠵᠦᠪᠬᠡᠨ ᠴᠢ ᠪᠤᠯ ᠠᠯᠢ ᠤᠯᠤᠰ ᠤᠨ ᠭᠦᠮᠦᠨ ᠮᠦᠨ ᠬᠡᠵᠥ ᠬᠡᠯᠡᠬᠡᠳ᠂ | ᠲᠡᠭᠦᠨ ᠤ ᠲᠠᠷᠢᠬᠢᠨ ᠳᠠᠬᠢ ᠬᠡᠶᠢᠰᠪᠤᠷᠢ ᠤᠶᠢᠯᠠᠭᠠᠯᠳᠠ ᠶᠢ ᠪᠦᠷᠢᠮᠤᠰᠤᠨ ᠵᠦᠪ ᠪᠤᠯᠭᠠᠵᠥ ᠴᠢᠳᠠᠬᠤ ᠦᠬᠡᠢ᠂ | ᠲᠡᠷᠡᠴᠢᠯᠡᠨ ᠲᠡᠳᠡᠨ ᠢ ᠡᠬᠡ ᠤᠯᠤᠰ ᠢᠶᠠᠨ ᠬᠠᠶᠢᠷᠠᠯᠠᠬᠤ ᠦᠵᠡᠯ ᠰᠠᠨᠠᠭ᠎ᠠ ᠲᠠᠢ ᠪᠤᠯᠭᠠᠨ ᠭᠦᠮᠦᠵᠢᠭᠦᠯᠭᠦ ᠪᠠᠷ ᠵᠤᠷᠢᠵᠥ | ᠪᠠᠶᠢᠬᠤ ᠲᠤᠯᠠ᠂ ᠡᠬᠡ ᠤᠯᠤᠰ ᠬᠡᠳᠡᠭ ᠨᠢ ᠲᠠᠷᠤᠢ ᠦᠪᠡᠷ ᠤᠨ ᠤᠯᠤᠰ ᠬᠡᠷ᠂ ᠲᠦᠭᠦᠮ ᠢᠶᠠᠷ ᠬᠡᠯᠡᠪᠡᠯ᠂ ᠡᠪᠦᠭᠡ | ᠲᠡᠬᠡᠳᠤᠰ ᠤᠨ ᠦᠶ᠎ᠡ ᠠᠴᠠ ᠤᠷᠤᠰᠢᠨ ᠲᠤᠭᠳᠠᠨᠢᠵᠥ ᠠᠮᠢᠳᠤᠷᠠᠵᠥ ᠢᠷᠡᠭᠰᠡᠨ ᠭᠠᠵᠠᠷ ᠰᠢᠷᠤᠢ᠂ ᠪᠢᠳᠡ ᠴᠦ ᠤᠳᠤ | ᠡ᠊ᠨᠳᠠ ᠠᠮᠢᠳᠤᠷᠠᠵᠥ ᠰᠤᠷᠤᠯᠴᠠᠵᠥ ᠪᠠᠶᠢᠨ᠎ᠠ᠂ ᠵᠠᠯᠭᠠᠭᠠᠳ ᠮᠠᠨ ᠤ ᠲᠠᠷᠠᠭᠠᠴᠢ ᠶᠢᠨ ᠦᠶ᠎ᠡ ᠶᠢᠨ ᠭᠦᠮᠦᠰ ᠴᠦ | ᠦᠶ᠎ᠡ ᠶᠢᠨ ᠦᠶ᠎ᠡ ᠳᠤ ᠪᠠᠨ ᠵᠠᠯᠭᠠᠵᠥ ᠠᠮᠢᠳᠤᠷᠠᠵᠥ ᠰᠠᠭᠤᠬᠤ ᠭᠠᠵᠠᠷ᠂ ᠡᠶᠢᠮᠤ ᠠᠴᠠ ᠬᠠᠶᠢᠷᠠᠯᠠᠬᠤ ᠬᠡᠷᠡᠭᠳᠠᠢ᠂ | ᠬᠠᠮᠠᠭᠠᠯᠠᠬᠤ ᠬᠡᠷᠡᠭᠳᠠᠢ᠃ ᠮᠠᠨ ᠤ ᠤᠯᠤᠰ ᠪᠤᠯ ᠶᠠᠮᠠᠷ ᠤᠯᠤᠰ ᠬᠡᠳᠡᠭ᠂ ᠠᠯᠢ ᠤᠨ ᠳᠤ ᠪᠠᠶᠢᠭᠤᠯᠤᠭᠳᠠᠭᠰᠠᠨ ᠬᠡᠭᠦ | ᠮᠡᠳᠦ ᠪᠠᠷ ᠲᠦᠭᠦᠮ ᠭᠦᠢᠬᠡᠨ ᠢᠶᠠᠷ ᠲᠠᠶᠢᠯᠪᠤᠷᠢᠯᠠᠪᠠᠯ ᠤᠶᠢᠯᠠᠭᠠᠬᠤ ᠳᠤ ᠠᠰᠢᠭ ᠲᠠᠢ ᠰᠢᠬ᠃ | ᠨᠠᠢᠮᠠ᠂ ︽ᠪᠢᠳᠡ ᠪᠤᠯ ᠬᠤᠰᠢᠭᠤᠴᠢ ᠠᠩᠬᠢ ᠶᠢᠨ ᠬᠡᠰᠢᠭᠦᠨ︾᠂ ︽ᠤᠯᠤᠰ ᠤᠨ ᠪᠠᠶᠠᠷ ᠢᠶᠠᠨ ᠪᠠᠶᠠᠷ | ᠭᠦᠷ ᠲᠠᠢ ᠲᠡᠮᠳᠡᠭᠯᠡᠶ᠎ᠡ︾ ᠵᠡᠷᠬᠡ ᠬᠢᠴᠢᠶᠡᠯ ᠳᠤ ᠬᠤᠰᠢᠭᠤᠴᠢ ᠠᠩᠬᠢ᠂ ᠤᠯᠠᠭᠠᠨ ᠲᠤᠭ᠂ ᠤᠯᠤᠰ ᠤᠨ ᠲᠤᠭ᠂ | ᠤᠯᠠᠭᠠᠨ ᠪᠦᠴᠡ᠂ ᠤᠯᠤᠰ ᠤᠨ ᠰᠦᠯᠳᠡ᠂ ᠰᠦᠯᠳᠡ ᠲᠠᠭᠤᠤ᠂ ᠰᠢᠨ᠎ᠡ ᠲᠤᠮᠳᠠᠳᠤ ᠤᠯᠤᠰ᠂ ᠰᠢᠨ᠎ᠡ ᠦᠶ᠎ᠡ ᠶᠢᠨ | ᠰᠢᠯᠢᠳᠡᠭ ᠪᠠᠭᠠᠴᠤᠳ᠂ ᠡᠪ ᠬᠠᠮᠳᠤ ᠶᠤᠰᠤᠨ ᠤ ᠵᠠᠯᠭᠠᠮᠵᠢᠯᠠᠭᠴᠢ ᠬᠡᠭᠦ ᠮᠡᠳᠦ ᠦᠬᠡᠰ ᠤᠳ ᠤᠨ ᠲᠤᠬᠠᠢ | ᠪᠢᠳᠡᠨ ᠤ ᠠᠮᠢᠳᠤᠷᠠᠵᠥ ᠰᠤᠷᠤᠯᠴᠠᠵᠥ ᠪᠠᠶᠢᠭ᠎ᠠ ᠤᠯᠤᠰ ᠤᠨ ᠨᠡᠷ᠎ᠡ ᠪᠤᠯ ︽ᠪᠦᠭᠦᠳᠡ ᠨᠠᠶᠢᠷᠠᠮᠳᠠᠬᠤ ᠲᠤᠮᠳᠠᠳᠤ | ᠠᠷᠠᠳ ᠤᠯᠤᠰ︾᠂ ᠲᠦᠭᠦᠮᠴᠢᠯᠡᠬᠡᠳ ︽ᠲᠤᠮᠳᠠᠳᠤ ᠤᠯᠤᠰ︾ ᠬᠡᠳᠡᠭ᠃ 1949 ᠤᠨ ᠤ 10 ᠰᠠᠷ᠎ᠠ ᠶᠢᠨ | 1 ᠳᠤ ᠪᠠᠶᠢᠭᠤᠯᠤᠭᠳᠠᠭᠰᠠᠨ᠃ ᠡ᠊ᠨᠡ ᠭᠦ ᠤᠯᠤᠰ ᠢ ᠪᠠᠶᠢᠭᠤᠯᠬᠤ ᠳᠤ ᠲᠤᠩ ᠤᠯᠠᠨ ᠬᠤᠪᠢᠰᠬᠠᠯᠴᠢᠳ ᠠᠮᠢ | ᠨᠠᠰᠤ ᠪᠠᠨ ᠦᠷᠡᠭᠳᠡᠭᠦᠯᠵᠥ᠂ ᠠᠷᠢᠭᠤᠨ ᠴᠢᠰᠤ ᠪᠠᠨ ᠤᠷᠤᠰᠬᠠᠭᠰᠠᠨ᠂ ᠲᠡᠳᠡᠬᠡᠷ ᠭᠦᠮᠦᠰ ᠢ ︽ᠬᠤᠪᠢᠰᠬᠠᠯᠳᠤ | ᠦᠷᠡᠭᠳᠡᠭᠰᠡᠨ ᠪᠠᠭᠠᠳᠤᠷᠴᠤᠳ︾ ᠬᠡᠳᠡᠭ᠃ ᠲᠡᠳᠡ ᠪᠢᠳᠡᠨ ᠳᠤ ᠤᠳᠤ ᠶᠢᠨ ᠡ᠊ᠨᠡ ᠭᠦ ᠪᠠᠶᠠᠷ ᠵᠢᠷᠭᠠᠯ ᠲᠠᠢ | ᠠᠮᠢᠳᠤᠷᠠᠯ ᠢ ᠠᠪᠴᠢᠷᠠᠵᠥ ᠦᠭᠭᠦᠭᠰᠡᠨ᠂ ᠪᠢᠳᠡ ᠲᠡᠳᠡᠨ ᠢ ᠬᠠᠶᠢᠷᠠᠯᠠᠨ ᠭᠦᠨᠳᠦᠳᠬᠡᠭᠦ ᠬᠡᠷᠡᠭᠳᠠᠢ᠃ ᠤᠯᠤᠰ ᠤᠨ | ᠲᠤᠭ ᠪᠤᠯ ᠤᠯᠤᠰ ᠪᠤᠯᠭᠠᠨ ᠤ ᠪᠡᠯᠬᠡ ᠲᠡᠮᠳᠡᠭ᠂ ᠲᠤᠭ ᠢ ᠨᠢ ᠦᠵᠡᠪᠡᠯ ᠲᠠᠷᠤᠢ ᠠᠯᠢ ᠤᠯᠤᠰ ᠪᠤᠯᠬᠤ ᠶᠢ ᠨᠢ | ᠮᠡᠳᠡᠵᠥ ᠪᠤᠯᠳᠠᠭ᠂ ᠮᠠᠨ ᠤ ᠤᠯᠤᠰ ᠤᠨ ᠤᠯᠤᠰ ᠤᠨ ᠲᠤᠭ ᠨᠢ ᠶᠠᠮᠠᠷ ᠪᠠᠶᠢᠳᠠᠭ᠂ ᠰᠦᠯᠳᠡ ᠲᠠᠭᠤᠤ ᠨᠢ ᠶᠠᠮᠠᠷ | ᠪᠠᠶᠢᠳᠠᠭ᠂ ᠲᠤᠭ ᠮᠠᠨᠳᠤᠭᠤᠯᠬᠤ ᠶᠤᠰᠤᠯᠠᠯ ᠶᠠᠮᠠᠷ ᠪᠠᠶᠢᠳᠠᠭ᠃ ᠬᠤᠰᠢᠭᠤᠴᠢ ᠠᠩᠬᠢ ᠬᠡᠳᠡᠭ ᠪᠤᠯ ᠬᠡᠤᠬᠡᠳ | ᠪᠠᠭᠠᠴᠤᠳ ᠤᠨ ᠲᠤᠳᠤᠷᠠᠬᠢ ᠲᠡᠷᠢᠭᠦᠨ ᠤ ᠵᠢᠱᠢᠶᠡᠴᠢ ᠰᠢᠯᠢᠳᠡᠭ ᠬᠡᠤᠬᠡᠳ ᠢᠶᠠᠷ ᠪᠦᠷᠢᠯᠳᠦᠭᠰᠡᠨ ᠵᠤᠬᠢᠶᠠᠨ | ᠪᠠᠶᠢᠭᠤᠯᠤᠯᠳᠠ᠂ ᠪᠢᠳᠡᠨ ᠤ ᠭᠦᠵᠦᠭᠦᠨ ᠳᠤ ᠪᠠᠨ ᠵᠡᠭᠦᠳᠡᠭ ᠤᠯᠠᠭᠠᠨ ᠪᠦᠴᠡ ᠪᠤᠯ ᠤᠯᠠᠭᠠᠨ ᠲᠤᠭ ᠤᠨ ᠨᠢᠬᠡ | ᠦᠨᠴᠦᠭ ᠬᠡᠵᠥ ᠪᠡᠯᠬᠡᠳᠡᠳᠡᠭ᠃ ᠰᠢᠨ᠎ᠡ ᠦᠶ᠎ᠡ ᠶᠢᠨ ᠰᠢᠯᠢᠳᠡᠭ ᠪᠠᠭᠠᠴᠤᠳ ᠪᠤᠯ ᠰᠠᠶ᠋ᠢ ᠡ᠊ᠨᠡ ᠭᠦ ᠢᠷᠠᠭᠤ ᠠᠯᠳᠠᠷ᠂ | ᠦᠩᠬᠡ ᠬᠡᠷᠡᠯ ᠢ ᠤᠯᠳᠠᠭ᠃ ᠲᠤᠮᠤ ᠪᠤᠯᠪᠠᠯ ᠪᠢᠳᠡ ᠠᠬᠠᠮᠠᠳ ᠨᠢᠬᠡ ᠦᠶ᠎ᠡ ᠶᠢᠨ ᠬᠢᠨ ᠤ ᠠᠵᠢᠯ ᠦᠢᠯᠡᠰ ᠢ | ᠵᠠᠯᠭᠠᠮᠵᠢᠯᠠᠵᠥ ᠠᠪᠳᠠᠭ ᠬᠡᠵᠥ ᠲᠦᠷᠰᠦ ᠰᠢᠩᠬᠡᠬᠡᠯᠳᠡ᠂ ᠲᠠᠭᠤᠤ ᠭᠦᠭᠵᠢᠮ᠂ ᠪᠤᠳᠠᠳᠤ ᠪᠤᠳᠠᠰ ᠵᠡᠷᠬᠡ ᠪᠠᠷ | ᠲᠠᠮᠵᠢᠭᠤᠯᠤᠨ ᠤᠶᠢᠯᠠᠭᠠᠭᠤᠯᠵᠥ᠂ ᠡᠭᠦᠨ ᠤ ᠤᠯᠠᠮ ᠠᠴᠠ ᠬᠤᠰᠢᠭᠤᠴᠢ ᠠᠩᠬᠢ ᠶᠢᠨ ᠬᠡᠰᠢᠭᠦᠨ ᠨᠢ ᠡᠩ ᠤᠨ | ᠴᠠᠭ ᠲᠤ ᠶᠠᠮᠠᠷ ᠪᠠᠶᠢᠪᠠᠯ ᠲᠠᠭᠠᠷᠠᠬᠤ᠂ ᠶᠠᠭᠠᠬᠢᠵᠥ ᠬᠢᠪᠡᠯ ᠲᠠᠭᠠᠷᠠᠬᠤ᠂ ᠠᠩᠬᠢ ᠶᠢᠨ ᠲᠦᠷᠢᠮ ᠢ ᠰᠠᠶᠢᠳᠤᠷ ᠰᠠᠬᠢᠬᠤ | ᠶᠤᠰᠤᠳᠠᠢ ᠭᠡᠭᠦ ᠮᠠᠳᠤ ᠪᠠᠷ ᠭᠦᠮᠦᠵᠢᠯ ᠬᠢᠪᠡᠯ ᠬᠢᠴᠢᠶᠡᠯ ᠤᠨ ᠠᠭᠤᠯᠭ᠎ᠠ ᠶᠢ ᠭᠦᠢᠴᠡᠳ ᠤᠶᠢᠯᠠᠭᠠᠭᠤᠯᠬᠤ ᠳᠤ | ᠲᠤᠬᠢᠷᠠᠬᠤ ᠪᠤᠯᠪᠠᠤ᠃ ᠡᠳᠡᠬᠡᠷ ᠦᠬᠡᠰ ᠨᠢ ᠲᠤᠤᠷᠠᠳᠤ ᠤᠨ ᠤ ᠬᠡᠤᠬᠡᠳ ᠲᠤ ᠠᠪᠴᠦ ᠬᠡᠯᠡᠪᠡᠯ᠂ ᠤᠶᠢᠯᠠᠭᠠᠬᠤ ᠳᠤ | ᠵᠢᠭᠠᠬᠠᠨ ᠭᠦᠴᠢᠷ ᠰᠢᠭ᠂ ᠡᠨᠡ ᠨᠠᠰᠤᠨ ᠤ ᠬᠡᠤᠬᠡᠳ ᠤᠨ ᠰᠤᠨᠢᠭᠤᠴᠢ ᠰᠡᠳᠬᠢᠯ ᠨᠢ ᠲᠤᠩ ᠶᠡᠭᠡ᠂ ᠬᠡᠪᠡᠴᠦ | ᠤᠶᠢᠯᠠᠭᠠᠬᠤ ᠴᠢᠳᠠᠪᠤᠷᠢ᠂ ᠬᠡᠶᠢᠰᠪᠤᠷᠢᠯᠠᠨ ᠪᠤᠳᠤᠬᠤ ᠴᠢᠳᠠᠪᠤᠷᠢ ᠨᠢ ᠲᠡᠶᠢᠮᠤ ᠰᠠᠶᠢᠨ ᠪᠢᠰᠢ᠃ ᠵᠢᠱᠢᠶᠡᠯᠡᠭᠦ ᠳᠤ᠂ | ᠬᠠᠩᠰᠢ ᠶᠢᠨ ᠡᠳᠤᠷ ᠦᠷᠡᠭᠳᠡᠭᠰᠡᠨ ᠪᠠᠭᠠᠳᠤᠷᠴᠤᠳ ᠢᠶᠠᠨ ᠲᠤᠷᠠᠰᠤᠨ ᠰᠠᠨᠠᠭᠠᠯᠵᠠᠳᠠᠭ ᠬᠡᠵᠥ ᠪᠠᠶᠢᠨ᠎ᠠ᠃ ᠲᠡᠬᠡᠪᠡᠯ | ᠶᠠᠭᠤ ᠶᠢ ᠦᠷᠡᠭᠳᠡᠭᠰᠡᠨ ᠬᠡᠭᠦ ᠪᠤᠢ︖ ᠶᠠᠭᠤ ᠬᠡᠵᠥ ᠦᠷᠡᠭᠳᠡᠭᠰᠡᠨ ᠪᠤᠢ︖ ᠦᠷᠡᠭᠳᠡᠭᠦ ᠦᠬᠡᠢ ᠪᠤᠯ ᠪᠤᠯᠬᠤ ᠦᠬᠡᠢ | ᠶᠤᠮ ᠤᠤ︖ ᠬᠡᠨ ᠲᠠᠢ ᠲᠡᠮᠡᠴᠡᠭᠰᠡᠨ ᠪᠤᠢ︖ ᠲᠡᠳᠡ ᠬᠠᠮᠢᠭ᠎ᠠ ᠪᠠᠶᠢᠬᠤ ᠪᠤᠢ︖ ᠬᠡᠭᠦ ᠮᠡᠳᠦ ᠶᠢᠨ ᠤᠯᠠᠨ ᠤᠯᠠᠨ | ᠰᠤᠨᠢᠨ ᠠᠰᠠᠭᠤᠳᠠᠯ ᠢ ᠲᠤᠷᠠᠳᠴᠦ ᠪᠠᠶᠢᠳᠠᠭ᠃ | ᠪᠠᠭ᠎ᠠ ᠰᠤᠷᠭᠠᠭᠤᠯᠢ ᠶᠢᠨ ᠲᠤᠤᠷᠠᠳᠤ ᠤᠨ ᠤ ᠰᠤᠷᠤᠭᠴᠢᠳ ᠪᠤᠯ ᠴᠡᠴᠡᠷᠯᠢᠭ ᠤᠨ ᠱᠠᠳᠤᠨ ᠳᠠᠬᠢ | ︽ᠨᠠᠭᠠᠳᠬᠤ︾ ᠠᠴᠠ ᠰᠤᠷᠭᠠᠭᠤᠯᠢ ᠶᠢᠨ ᠱᠠᠳᠤᠨ ᠳᠠᠬᠢ ︽ᠰᠤᠷᠬᠤ︾ ᠶᠠᠪᠤᠴᠠ ᠵᠦᠭ ᠰᠢᠯᠵᠢᠵᠥ ᠪᠠᠶᠢᠭ᠎ᠠ᠂ | ᠰᠡᠳᠬᠢᠴᠡ ᠶᠢᠨ ᠬᠤᠪᠢ ᠳᠤ ᠲᠡᠳᠡᠨ ᠤ ᠬᠡᠶᠢᠰᠪᠤᠷᠢᠯᠡᠨ ᠪᠤᠳᠤᠬᠤ᠂ ᠲᠦᠰᠦᠬᠡᠯᠡᠨ ᠪᠤᠳᠤᠬᠤ᠂ ᠬᠤᠯᠪᠤᠨ ᠪᠤᠳᠤᠬᠤ᠂ | ᠬᠤᠷᠢᠶᠠᠩᠭᠤᠶᠢᠯᠠᠬᠤ᠂ ᠮᠠᠭᠠᠳᠯᠠᠬᠤ᠂ ᠲᠤᠮᠢᠶᠠᠴᠢᠯᠠᠬᠤ ᠵᠢᠴᠢ ᠤᠶᠢᠯᠠᠭᠠᠬᠤ ᠴᠢᠳᠠᠪᠤᠷᠢ ᠨᠢ ᠴᠦᠮ ᠠᠩᠬᠠᠨ ᠤ | ᠱᠠᠳᠤᠨ ᠳᠤ ᠪᠠᠨ ᠪᠠᠶᠢᠵᠥ᠂ ᠪᠤᠢ ᠪᠤᠯᠵᠥ ᠪᠦᠷᠢᠯᠳᠦᠨ ᠲᠡᠭᠦᠯᠳᠡᠷᠵᠢᠭᠦ ᠶᠢᠨ ᠡᠬᠢᠨ ᠤ ᠦᠶ᠎ᠡ ᠳᠤ ᠪᠠᠶᠢᠭ᠎ᠠ ᠲᠤᠯᠠ | ᠪᠠᠭᠰᠢ ᠶᠢᠨ ᠵᠢᠭᠠᠨ ᠵᠢᠯᠤᠭᠤᠳᠤᠯᠭ᠎ᠠ ᠪᠤᠯ ᠲᠤᠩ ᠴᠢᠬᠤᠯᠠ ᠪᠠᠶᠢᠳᠠᠭ᠃ ᠲᠡᠬᠡᠷᠡᠬᠢ ᠵᠢᠱᠢᠶ᠎ᠡ ᠨᠦᠭᠦᠳ ᠲᠤ | ᠲᠤᠷᠠᠳᠤᠭᠰᠠᠨ ᠦᠬᠡᠰ ᠢ ᠲᠡᠳᠡᠨ ᠳᠤ ᠲᠠᠶᠢᠯᠪᠤᠷᠢᠯᠠᠬᠤ ᠦᠬᠡᠢ ᠪᠠᠷ ᠲᠤᠭᠤᠷᠢᠵᠥ ᠭᠠᠷᠬᠤ᠂ ᠠᠯᠢ ᠡᠰᠡᠭᠦᠯ᠎ᠡ ᠬᠡᠳᠦ | ᠭᠦᠨ ᠶᠠᠷᠢᠵᠥ ᠤᠨᠤᠯᠵᠢᠭᠤᠯᠬᠤ ᠨᠢ ᠴᠦᠮ ᠲᠡᠳᠡᠨ ᠤ ᠬᠢᠴᠢᠶᠡᠯ ᠤᠨ ᠪᠢᠴᠢᠭ ᠤᠨ ᠠᠭᠤᠯᠭ᠎ᠠ ᠪᠠᠨ ᠰᠠᠶᠢᠳᠤᠷ | ᠤᠶᠢᠯᠠᠭᠠᠬᠤ ᠳᠤ ᠬᠠᠷᠰᠢ ᠲᠠᠢ ᠶᠠᠪᠤᠳᠠᠯ ᠪᠤᠯᠬᠤ ᠶᠤᠮ᠃ ᠡᠭᠦᠨ ᠳᠤ ᠠᠩᠬᠠᠷᠬᠤ ᠴᠢᠬᠤᠯᠠ ᠲᠠᠢ ᠨᠢᠬᠡᠨ ᠠᠰᠠᠭᠤᠳᠠᠯ | ᠪᠤᠯ ᠲᠠᠷᠤᠢ ᠰᠤᠷᠤᠭᠴᠢᠳ ᠤᠨ ᠨᠠᠰᠤᠨ ᠤ ᠤᠨᠴᠠᠯᠢᠭ᠂ ᠰᠡᠳᠬᠢᠴᠡ ᠶᠢᠨ ᠤᠨᠴᠠᠯᠢᠭ᠂ ᠤᠶᠢᠯᠠᠭᠠᠬᠤ ᠴᠢᠳᠠᠪᠤᠷᠢ ᠳᠤ | ᠲᠤᠬᠢᠷᠠᠭᠤᠯᠬᠤ ᠬᠡᠷᠡᠭᠳᠠᠢ᠃ ᠠᠷᠭ᠎ᠠ ᠠᠪᠴᠠᠯ ᠤᠨ ᠬᠤᠪᠢ ᠳᠤ᠂ ᠭᠠᠭᠴᠠ ᠬᠡᠯᠡ ᠪᠢᠴᠢᠭ ᠤᠨ ᠬᠢᠴᠢᠶᠡᠯ ᠳᠤ | ᠨᠠᠶᠢᠳᠠᠭᠠᠳ ᠪᠤᠯᠬᠤ ᠦᠬᠡᠢ ᠪᠠᠰᠠ ᠬᠢᠴᠢᠶᠡᠯ ᠲᠦᠷᠦᠯ ᠤᠨ ᠪᠤᠳᠠᠳᠠᠢ ᠲᠠᠢ ᠪᠠᠨ ᠤᠶᠠᠯᠳᠤᠭᠤᠯᠵᠤ᠂ ᠺᠠᠷᠲ᠋ᠤᠨ | ᠵᠦᠴᠦᠬᠡ᠂ ᠬᠡᠤᠬᠡᠯᠳᠠᠢ ᠺᠢᠨᠤ᠋᠂ ᠲᠦᠷᠰᠦ ᠪᠢᠴᠢᠯᠬᠡ᠂ ᠲᠠᠭᠤᠤ ᠤᠷᠠᠯᠢᠭ ᠵᠡᠷᠬᠡ ᠵᠠᠭᠤᠴᠢ ᠮᠠᠲ᠋ᠧᠷᠢᠶᠠᠯ ᠢ | ᠬᠠᠪᠰᠤᠷᠭᠠᠬᠤ᠂ ᠲᠦᠷᠢ ᠳᠤ ᠲᠤᠭᠯᠠᠭᠤᠯᠬᠤ᠂ ᠪᠠᠶᠠᠴᠢᠯᠡᠨ ᠲᠤᠷᠰᠢᠬᠤ᠂ ᠲᠤᠭᠤᠷᠢᠨ ᠦᠵᠡᠭᠦᠯᠭᠦ᠂ ᠶᠠᠷᠢᠯᠴᠠᠭ᠎ᠠ ᠬᠢᠭᠦ | ᠵᠡᠷᠬᠡ ᠠᠯᠢ ᠤᠯᠠᠨ ᠠᠷᠭ᠎ᠠ ᠬᠡᠮᠵᠢᠶ᠎ᠡ ᠶᠢ ᠠᠪᠴᠦ᠂ ᠡᠳᠡᠬᠡᠷ ᠠᠵᠢᠯᠯᠠᠭᠠᠨ ᠲᠤᠮᠳᠠ ᠪᠠᠨ ᠠᠭᠤᠰᠬᠠᠨ ᠰᠢᠩᠬᠡᠬᠡᠵᠥ | ᠨᠠᠪᠴᠢᠭᠦᠯᠦᠨ ᠰᠢᠭᠤᠳ ᠪᠤᠶᠤ ᠲᠠᠮ ᠢᠶᠠᠷ ᠢᠳᠡᠭ ᠢᠳᠡᠭ ᠢᠶᠠᠷ᠂ ᠪᠠᠭ᠎ᠠ ᠪᠠᠭ᠎ᠠ ᠪᠠᠷ᠂ ᠠᠵᠢᠯ ᠤᠨ ᠠᠬᠢᠴᠠ ᠳᠤ ᠪᠠᠨ | ᠵᠤᠬᠢᠴᠠᠭᠤᠯᠵᠥ᠂ ᠫᠷᠤᠭ᠍ᠷᠤᠮ ᠶᠤᠰᠤᠭᠠᠷ ᠦᠬᠡᠰ ᠤᠨ ᠤᠳᠬ᠎ᠠ ᠶᠢ ᠲᠠᠶᠢᠯᠪᠤᠷᠢᠯᠠᠵᠥ᠂ ᠬᠢᠴᠢᠶᠡᠯ ᠤᠨ ᠠᠭᠤᠯᠭ᠎ᠠ ᠪᠠᠨ | ᠰᠠᠶᠢᠳᠤᠷ ᠤᠶᠢᠯᠠᠭᠠᠭᠤᠯᠪᠠᠯ ᠲᠠᠭᠠᠷᠠᠨ᠎ᠠ᠃ ᠡᠨᠡ ᠨᠢ ᠬᠢᠴᠢᠶᠡᠯ ᠤᠨ ᠲᠠᠷᠤᠭᠠᠰᠤ ᠶᠢ ᠭᠦᠨᠳᠦᠷᠡᠭᠦᠯᠵᠥ ᠪᠠᠶᠢᠭ᠎ᠠ | ᠠᠰᠠᠭᠤᠳᠠᠯ ᠪᠢᠰᠢ᠂ ᠬᠠᠷᠢᠨ ᠶᠠᠭᠤ ᠶᠠᠷᠢᠵᠥ ᠶᠠᠭᠤ ᠵᠢᠭᠠᠵᠥ ᠪᠠᠶᠢᠬᠤ ᠬᠡᠳᠡᠭ ᠢᠶᠠᠨ ᠮᠡᠳᠡᠭᠦᠯᠵᠥ᠂ ᠬᠢᠴᠢᠶᠡᠯ ᠤᠨ | ᠠᠭᠤᠯᠭ᠎ᠠ ᠶᠢ ᠨᠡᠩ ᠰᠠᠶᠢᠨ ᠨᠡᠩ ᠭᠦᠢᠴᠡᠳ᠂ ᠨᠡᠩ ᠢᠯᠡᠭᠦᠤ ᠪᠦᠳᠦᠮᠵᠢ ᠲᠠᠢ ᠤᠶᠢᠯᠠᠭᠠᠭᠤᠯᠬᠤ ᠳᠤ ᠦᠢᠯᠡᠴᠢᠯᠡᠵᠥ | ᠪᠠᠶᠢᠭ᠎ᠠ ᠬᠡᠷᠡᠭ ᠶᠤᠮ᠃ ᠲᠡᠬᠡᠷ᠎ᠡ ᠶᠠᠷᠢᠭᠰᠠᠨ ᠨᠢ ᠮᠢᠨᠤ ᠬᠤᠪᠢ ᠭᠦᠮᠦᠨ ᠤ ᠦᠵᠡᠯᠳᠡ ᠪᠤᠳᠤᠯ ᠲᠡᠳᠦᠢ᠂ ᠪᠠᠭᠰᠢ ᠨᠠᠷ | ᠲᠤᠩᠭᠠᠭᠠᠨ ᠰᠢᠭᠦᠵᠥ᠂ ᠵᠠᠰᠠᠨ ᠵᠠᠯᠠᠷᠠᠭᠤᠯᠬᠤ ᠪᠤᠯᠪᠠᠤ︕ | | | | ᠠᠰᠢᠭᠯᠠᠭᠰᠠᠨ ᠮᠠᠲ᠋ᠧᠷᠢᠶᠠᠯ |
|
| [1]ᠪᠠᠭᠠᠳᠤᠷ᠂ ︽ᠮᠤᠩᠭᠤᠯ ᠦᠬᠡᠰ ᠤᠨ ᠰᠠᠩ ᠤᠨ ᠰᠢᠨᠵᠢᠯᠡᠭᠡ︾᠂ ᠦᠨᠳᠦᠰᠦᠳᠡᠨ ᠤ ᠬᠡᠪᠯᠡᠯ ᠤᠨ | ᠬᠤᠷᠢᠶ᠎ᠠ᠂ 1988 ᠤᠨ | [2]ᠠᠯᠪᠠᠨ ᠵᠢᠷᠤᠮ ᠤᠨ ᠰᠤᠷᠭᠠᠨ ᠭᠦᠮᠦᠵᠢᠯ ᠤᠨ ᠪᠠᠭ᠎ᠠ ᠰᠤᠷᠭᠠᠭᠤᠯᠢ ᠶᠢᠨ ᠬᠢᠴᠢᠶᠡᠯ ᠤᠨ ᠪᠢᠴᠢᠭ | ︽ᠶᠤᠰᠤ ᠰᠤᠷᠳᠠᠬᠤᠨ ᠬᠢᠬᠡᠳ ᠬᠠᠤᠯᠢ ᠪᠠᠷ ᠵᠠᠰᠠᠬᠤᠢ︾ ︵ᠨᠢᠬᠡᠳᠦᠬᠡᠷ᠂ ᠬᠤᠶᠠᠳᠤᠭᠠᠷ ᠤᠨ ᠤ ᠲᠡᠬᠡᠳᠦ ᠲᠤᠤᠷᠠᠳᠤ | ᠲᠠᠪᠳᠡᠷ︶᠂ ᠠᠷᠠᠳ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ᠂ 2019 ᠤᠨ | [3]︽ᠰᠡᠳᠬᠢᠴᠡ ᠶᠢᠨ ᠵᠦᠢ︾᠂ ᠦᠪᠤᠷ ᠮᠤᠩᠭᠤᠯ ᠤᠨ ᠰᠤᠷᠭᠠᠨ ᠭᠦᠮᠦᠵᠢᠯ ᠤᠨ ᠬᠡᠪᠯᠡᠯ ᠤᠨ | ᠬᠤᠷᠢᠶ᠎ᠠ᠂ 1999 ᠤᠨ | [4]ᠲᠦᠮᠡᠨᠵᠢᠷᠭᠠᠯ᠂ ︽ᠤᠳᠤ ᠦᠶ᠎ᠡ ᠶᠢᠨ ᠮᠤᠩᠭᠤᠯ ᠬᠡᠯᠡ︾᠂ ᠦᠪᠤᠷ ᠮᠤᠩᠭᠤᠯ ᠤᠨ ᠶᠡᠭᠡ | ᠰᠤᠷᠭᠠᠭᠤᠯᠢ ᠶᠢᠨ ᠬᠡᠪᠯᠡᠯ ᠤᠨ ᠬᠤᠷᠢᠶ᠎ᠠ᠂ 2009 ᠤᠨ | [5]︽ᠮᠤᠩᠭᠤᠯ ᠬᠡᠯᠡ︾ ︵ᠲᠡᠬᠡᠳᠦ᠂ ᠲᠤᠮᠳᠠᠳᠤ᠂ ᠲᠤᠤᠷᠠᠳᠤ︶᠂ ᠦᠪᠤᠷ ᠮᠤᠩᠭᠤᠯ ᠤᠨ ᠰᠤᠷᠭᠠᠨ | ᠭᠦᠮᠦᠵᠢᠯ ᠤᠨ ᠬᠡᠪᠯᠡᠯ ᠤᠨ ᠬᠤᠷᠢᠶ᠎ᠠ᠂ 1989 ᠤᠨ | [6]ᠴᠡᠩᠬᠡᠯᠳᠠᠢ᠂ ︽ᠤᠳᠤ ᠦᠶ᠎ᠡ ᠶᠢᠨ ᠮᠤᠩᠭᠤᠯ ᠬᠡᠯᠡᠨ ᠵᠦᠢ︾᠂ ᠦᠪᠤᠷ ᠮᠤᠩᠭᠤᠯ ᠤᠨ ᠠᠷᠠᠳ ᠤᠨ | ᠬᠡᠪᠯᠡᠯ ᠤᠨ ᠬᠤᠷᠢᠶ᠎ᠠ᠂ 1979 ᠤᠨ ︵ᠰᠦᠯᠵᠢᠶ᠎ᠡ︶ | | ᠠᠵᠢᠯᠯᠠᠵᠤ ᠪᠠᠶᠢᠭ᠎ᠠ ᠪᠠᠶᠢᠭᠤᠯᠭ᠎ᠠ᠄ ᠪᠠᠷᠠᠭᠤᠨ ᠦᠵᠦᠮᠦᠴᠢᠨ ᠬᠤᠰᠢᠭᠤᠨ ᠤ ᠠᠩᠬ᠎ᠠ | ᠵᠡᠷᠬᠡ ᠶᠢᠨ ᠨᠢᠬᠡᠳᠦᠬᠡᠷ ᠲᠤᠮᠳᠠᠳᠤ ᠰᠤᠷᠭᠠᠭᠤᠯᠢ | ︵ᠠᠯᠳᠠᠨᠰᠦ᠋ᠭᠡ ᠨᠠᠶᠢᠷᠠᠭᠤᠯᠪᠠ︶ | | | |