ᠡᠪᠦᠯ ᠪᠣᠯᠵᠤ ᠠᠭᠠᠷ ᠤᠨ ᠳᠤᠯᠠᠭᠠᠨ ᠮᠡᠳᠡᠭᠳᠡᠮ᠎ᠡ ᠳᠣᠷᠣᠭᠰᠢᠯᠠᠪᠠ᠃ ᠪᠢᠳᠡ ᠬᠡᠦᠬᠡᠳ ᠲᠠᠢ ᠪᠠᠨ ᠬᠦᠢᠲᠡᠨ ᠢ | ᠰᠡᠷᠭᠡᠶᠢᠯᠡᠵᠦ ᠳᠤᠯᠠᠭᠠᠨ ᠪᠠᠶᠢᠯᠭᠠᠬᠤ 10 ᠮᠡᠳᠡᠯᠭᠡ ᠶᠢ ᠰᠤᠷᠤᠯᠴᠠᠵᠤ᠂ ᠬᠡᠦᠬᠡᠳ ᠢ ᠬᠠᠪᠰᠤᠷᠤᠨ ᠡᠪᠦᠯ ᠢ | ᠳᠤᠯᠠᠭᠠᠬᠠᠨ ᠥᠩᠭᠡᠷᠡᠭᠦᠯᠦᠶ᠎ᠡ᠃ | 1. ︽ᠪᠥᠭᠡᠷᠡᠩᠬᠡᠢ ᠰᠣᠩᠭᠢᠨ᠎ᠠ ᠬᠤᠪᠴᠠᠰᠤ ᠡᠮᠦᠰᠬᠦ ᠠᠷᠭ᠎ᠠ︾ ᠶᠢ ᠬᠡᠷᠡᠭᠯᠡᠨ᠎ᠡ | ︽ᠪᠥᠭᠡᠷᠡᠩᠬᠡᠢ ᠰᠣᠩᠭᠢᠨ᠎ᠠ ᠬᠤᠪᠴᠠᠰᠤ ᠡᠮᠦᠰᠬᠦ ᠠᠷᠭ᠎ᠠ︾ ᠶᠢ ᠬᠡᠦᠬᠡᠳ ᠲᠤ ᠪᠠᠨ ᠵᠢᠭᠠᠵᠤ | ᠥᠭᠭᠦᠨ᠎ᠡ᠃ ︽ᠪᠥᠭᠡᠷᠡᠩᠬᠡᠢ ᠰᠣᠩᠭᠢᠨ᠎ᠠ ᠬᠤᠪᠴᠠᠰᠤ ᠡᠮᠦᠰᠬᠦ ᠠᠷᠭ᠎ᠠ︾ ᠪᠣᠯ ᠲᠤᠬᠠᠢ ᠶᠢᠨ ᠴᠠᠭ ᠤᠨ ᠳᠤᠯᠠᠭᠠᠨ ᠤ | ᠬᠡᠮᠵᠢᠶ᠎ᠡ ᠶᠢ ᠦᠨᠳᠦᠰᠦᠯᠡᠨ᠂ ᠪᠥᠭᠡᠷᠡᠩᠬᠡᠢ ᠰᠣᠩᠭᠢᠨ᠎ᠠ ᠲᠠᠢ ᠠᠳᠠᠯᠢ ᠪᠠᠷ ᠬᠤᠪᠴᠠᠰᠤ ᠪᠠᠨ ᠳᠠᠪᠬᠤᠷᠯᠠᠨ ᠡᠮᠦᠰᠬᠦ ᠪᠤᠶᠤ | ᠬᠤᠪᠴᠠᠰᠤ ᠪᠠᠨ ᠨᠢᠮᠭᠡᠯᠡᠵᠦ ᠡᠮᠦᠰᠦᠨ᠎ᠡ᠃ | ᠳᠡᠭᠡᠳᠦ ᠪᠡᠶ᠎ᠡ ᠶᠢ ᠬᠤᠪᠴᠠᠰᠤᠯᠠᠬᠤ ᠠᠷᠭ᠎ᠠ᠄ ᠬᠠᠮᠤᠭ ᠤᠨ ᠳᠣᠲᠣᠷ᠎ᠠ ᠲᠠᠯ᠎ᠠ ᠳᠤ ᠬᠠᠮᠤᠭ ᠤᠨ ᠰᠠᠶᠢᠨ ᠨᠢ | ᠵᠥᠭᠡᠯᠡᠬᠡᠨ᠂ ᠬᠥᠯᠥᠰᠦ ᠭᠠᠳᠠᠭᠰᠢᠯᠠᠭᠤᠯᠬᠤ ᠦᠢᠯᠡᠳᠦᠯ ᠢᠶᠠᠷ ᠰᠠᠶᠢᠨ ᠳᠣᠳᠣᠷ ᠬᠤᠪᠴᠠᠰᠤ ᠡᠮᠦᠰᠭᠡᠵᠦ᠂ ᠳᠡᠭᠡᠷ᠎ᠡ | ᠨᠢ ᠳᠤᠯᠠᠭᠠᠨ ᠢ ᠬᠠᠳᠠᠭᠠᠯᠠᠬᠤ ᠴᠢᠨᠠᠷ ᠲᠠᠢ ᠨᠡᠬᠡᠮᠡᠯ ᠨᠣᠣᠰᠣᠨ ᠬᠥᠷᠮ᠎ᠡ᠂ ᠨᠣᠣᠰᠣᠨ ᠬᠠᠨᠲᠠᠭᠠᠰᠤ᠂ ᠡᠯᠢᠭᠡᠪᠴᠢ | ᠵᠡᠷᠭᠡ ᠶᠢ ᠳᠠᠪᠬᠤᠷᠯᠠᠨ ᠡᠮᠦᠰᠭᠡᠵᠦ᠂ ᠬᠠᠮᠤᠭ ᠤᠨ ᠭᠠᠳᠠᠷ ᠲᠠᠯ᠎ᠠ ᠳᠤ ᠰᠠᠯᠬᠢᠨ ᠬᠠᠯᠬᠠᠯᠠᠵᠤ ᠤᠰᠤ ᠶᠢ ᠥᠯᠦ | ᠨᠡᠪᠴᠢᠭᠦᠯᠬᠦ ᠴᠢᠨᠠᠷ ᠲᠠᠢ ᠬᠤᠪᠴᠠᠰᠤ ᠪᠤᠶᠤ ᠬᠥᠪᠥᠩᠲᠡᠢ ᠬᠤᠪᠴᠠᠰᠤ ᠡᠮᠦᠰᠭᠡᠨ᠎ᠡ᠃ | ᠳᠣᠣᠷᠠᠲᠤ ᠪᠡᠶ᠎ᠡ ᠶᠢ ᠬᠤᠪᠴᠠᠰᠤᠯᠠᠬᠤ ᠠᠷᠭ᠎ᠠ᠄ ᠨᠠᠮᠤᠷ ᠤᠨ ᠥᠮᠥᠳᠥ + ᠬᠥᠪᠥᠩ ᠥᠮᠥᠳᠦ / ᠥᠲᠥᠨ | ᠥᠮᠥᠳᠥ ᠡᠮᠦᠰᠭᠡᠵᠦ᠂ ᠣᠨᠴᠠᠭᠠᠢ ᠬᠦᠢᠲᠡᠨ ᠦᠶ᠎ᠡ ᠪᠤᠶᠤ ᠣᠨᠴᠠᠭᠠᠢ ᠪᠡᠭᠡᠷᠡᠮᠡᠲᠡᠭᠡᠢ ᠬᠥᠮᠦᠨ᠂ ᠳᠡᠭᠡᠷ᠎ᠡ ᠨᠢ ᠨᠢᠭᠡ | ᠨᠣᠣᠰᠣᠨ ᠤᠲᠠᠰᠤᠨ ᠥᠮᠥᠳᠥ ᠨᠡᠮᠡᠵᠦ ᠪᠣᠯᠤᠨ᠎ᠠ᠃ | ᠡᠭᠦᠨ ᠤ ᠬᠠᠮᠲᠤ ᠲᠣᠬᠢᠷᠠᠮᠵᠢᠲᠠᠢ ᠬᠤᠪᠴᠠᠰᠤᠨ ᠤ ᠮᠠᠲ᠋ᠧᠷᠢᠶᠠᠯ ᠰᠣᠩᠭᠤᠬᠤ ᠶᠢ ᠠᠩᠬᠠᠷᠪᠠᠯ | ᠵᠣᠬᠢᠨ᠎ᠠ᠃ ᠵᠢᠱᠢᠶᠡᠯᠡᠪᠡᠯ᠂ ᠨᠣᠣᠰᠣ ᠪᠠ ᠨᠣᠣᠯᠣᠭᠤᠷ ᠤᠨ ᠬᠤᠪᠴᠠᠰᠤ ᠳᠤᠯᠠᠭᠠᠬᠠᠨ ᠮᠥᠷᠲᠡᠭᠡᠨ ᠵᠥᠭᠡᠯᠡᠬᠡᠨ ᠪᠠᠶᠢᠵᠤ᠂ | ᠡᠮᠦᠰᠬᠦ ᠳᠤ ᠮᠠᠰᠢ ᠲᠠᠭᠠᠯᠠᠮᠵᠢᠲᠠᠢ ᠪᠠᠶᠢᠳᠠᠭ᠃ ᠵᠠᠷᠢᠮ ᠰᠠᠯᠬᠢᠨ ᠬᠠᠯᠬᠠᠯᠠᠬᠤ ᠭᠠᠳᠠᠷ ᠬᠤᠪᠴᠠᠰᠤ ᠰᠠᠯᠬᠢᠨ ᠭᠠᠷᠬᠤ | ᠦᠶ᠎ᠡ ᠳᠤ ᠪᠢᠳᠡᠨ ᠢ ᠬᠠᠮᠠᠭᠠᠯᠠᠳᠠᠭ᠃ ᠬᠡᠦᠬᠡᠳ ᠲᠤ ᠠᠳᠠᠯᠢ ᠪᠤᠰᠤ ᠮᠠᠲ᠋ᠧᠷᠢᠶᠠᠯ ᠤᠨ ᠬᠤᠪᠴᠠᠰᠤ ᠶᠢ ᠡᠮᠦᠰᠭᠡᠵᠦ | ᠦᠵᠡᠭᠦᠯᠦᠨ᠂ ᠲᠡᠳᠡᠨ ᠢᠶᠠᠷ ᠳᠤᠯᠠᠭᠠᠬᠠᠨ ᠬᠤᠪᠴᠠᠰᠤ ᠶᠢ ᠰᠣᠩᠭᠤᠭᠤᠯᠤᠨ᠎ᠠ᠃ | 2. ᠮᠠᠯᠠᠭᠠᠢ᠂ ᠠᠯᠴᠢᠭᠤᠷ ᠪᠠ ᠪᠡᠭᠡᠯᠡᠢ ᠵᠡᠭᠦᠯᠭᠡᠨ᠎ᠡ | ᠲᠣᠯᠣᠭᠠᠢ᠂ ᠬᠦᠵᠦᠭᠦᠦ ᠪᠣᠯᠤᠨ ᠭᠠᠷ ᠤᠨ ᠬᠡᠰᠡᠭ ᠪᠣᠯ ᠬᠥᠮᠦᠨ ᠤ ᠪᠡᠶ᠎ᠡ ᠶᠢᠨ ᠢᠯᠴᠢ ᠶᠢ ᠠᠮᠠᠷᠬᠠᠨ | ᠲᠠᠷᠬᠠᠭᠠᠬᠤ ᠬᠡᠰᠡᠭ ᠪᠣᠯᠤᠨ᠎ᠠ᠂ ᠡᠪᠦᠯ ᠬᠡᠦᠬᠡᠳ ᠲᠤ ᠪᠠᠨ ᠮᠠᠯᠠᠭᠠᠢ᠂ ᠠᠯᠴᠢᠭᠤᠷ ᠪᠣᠯᠤᠨ ᠪᠡᠭᠡᠯᠡᠢ ᠵᠡᠭᠦᠯᠭᠡᠨ᠎ᠡ᠃ | 3. ᠵᠤᠵᠠᠭᠠᠨ ᠣᠶᠢᠮᠣᠰᠤ ᠪᠠ ᠱᠠᠬᠠᠢ ᠡᠮᠦᠰᠭᠡᠨ᠎ᠡ | ᠬᠥᠯ ᠪᠣᠯ ᠠᠮᠠᠷᠬᠠᠨ ᠳᠠᠭᠠᠷᠠᠳᠠᠭ ᠬᠡᠰᠡᠭ ᠪᠣᠯᠬᠤᠷ ᠬᠡᠦᠬᠡᠳ ᠲᠤ ᠵᠤᠵᠠᠭᠠᠨ ᠣᠶᠢᠮᠣᠰᠤ ᠡᠮᠦᠰᠭᠡᠨ᠂ | ᠳᠤᠯᠠᠭᠠᠯᠠᠮᠵᠢ ᠰᠠᠶᠢᠲᠠᠢ ᠱᠠᠬᠠᠢ ᠡᠮᠦᠰᠭᠡᠨ᠎ᠡ᠃ ᠵᠤᠵᠠᠭᠠᠨ ᠣᠶᠢᠮᠣᠰᠤ ᠬᠥᠯ ᠤᠨ ᠳᠤᠯᠠᠭᠠᠨ ᠢ ᠬᠠᠳᠠᠭᠠᠯᠠᠵᠤ᠂ | ᠤᠰᠤ ᠶᠢ ᠰᠡᠷᠭᠡᠶᠢᠯᠡᠬᠦ᠂ ᠬᠠᠯᠲᠤᠷᠢᠬᠤ ᠶᠢ ᠰᠡᠷᠭᠡᠶᠢᠯᠡᠬᠦ᠂ ᠳᠤᠯᠠᠭᠠᠯᠠᠬᠤ ᠴᠢᠨᠠᠷ ᠢᠶᠠᠷ ᠰᠠᠶᠢᠨ ᠭᠤᠲᠤᠯ ᠰᠣᠩᠭᠤᠬᠤ | ᠬᠡᠷᠡᠭᠲᠡᠢ᠃ | 4. ᠬᠠᠯᠠᠭᠤᠨ ᠤᠰᠤ ᠤᠤᠭᠤᠯᠭᠠᠨ᠎ᠠ | ᠡᠪᠦᠯ ᠬᠡᠦᠬᠡᠳ ᠲᠤ ᠪᠠᠨ ᠬᠠᠯᠠᠭᠤᠨ ᠤᠰᠤ ᠢᠯᠡᠭᠦᠦ ᠤᠤᠭᠤᠯᠭᠠᠵᠤ᠂ ᠪᠡᠶ᠎ᠡ ᠶᠢᠨ ᠳᠤᠯᠠᠭᠠᠨ ᠢ | ᠬᠠᠳᠠᠭᠠᠯᠠᠬᠤ ᠳᠤ ᠬᠠᠪᠰᠤᠷᠤᠮᠵᠢ ᠪᠣᠯᠭᠠᠨ᠎ᠠ᠃ ᠬᠡᠦᠬᠡᠳ ᠲᠤ ᠪᠠᠨ ᠳᠤᠯᠠᠭᠠᠨ ᠢ ᠬᠠᠳᠠᠭᠠᠯᠠᠬᠤ ᠴᠣᠮᠣ ᠪᠡᠯᠡᠳᠬᠡᠵᠦ᠂ | ᠬᠠᠯᠠᠭᠤᠨ ᠤᠰᠤ ᠤᠤᠭᠤᠬᠤ ᠶᠢ ᠪᠠᠲᠤᠯᠠᠨ᠎ᠠ᠃ | 5. ᠦᠷᠭᠦᠯᠵᠢ ᠬᠠᠯᠠᠭᠤᠨ ᠪᠦᠯᠢᠶᠡᠨ ᠢᠳᠡᠭᠡᠨ ᠢᠳᠡᠭᠦᠯᠦᠨ᠎ᠡ | ᠡᠪᠦᠯ᠂ ᠬᠡᠦᠬᠡᠳ ᠲᠤ ᠪᠠᠨ ᠬᠠᠯᠠᠭᠤᠨ ᠪᠦᠯᠢᠶᠡᠨ ᠢᠳᠡᠭᠡᠨ ᠢᠯᠡᠭᠦᠦ ᠢᠳᠡᠭᠦᠯᠵᠦ᠂ ᠪᠡᠶ᠎ᠡ ᠶᠢᠨ ᠢᠯᠴᠢ ᠶᠢ | ᠨᠡᠮᠡᠭᠳᠡᠭᠦᠯᠦᠨ᠎ᠡ᠃ ᠬᠡᠦᠬᠡᠳ ᠲᠤ ᠪᠠᠨ ᠬᠠᠯᠠᠭᠤᠨ ᠱᠥᠯᠥ᠂ ᠰᠢᠩᠭᠡᠨ ᠪᠤᠳᠠᠭ᠎ᠠ᠂ ᠬᠠᠯᠠᠭᠤᠨ ᠮᠢᠶᠠᠨᠲ᠋ᠢᠶᠣᠤᠷ | ᠵᠡᠷᠭᠡ ᠶᠢ ᠪᠡᠯᠡᠳᠬᠡᠵᠦ ᠥᠭᠭᠦᠨ᠎ᠡ᠃ | 6. ᠵᠣᠬᠢᠰᠲᠠᠢ ᠬᠥᠳᠡᠯᠭᠡᠭᠡᠨ ᠬᠢᠯᠭᠡᠨ᠎ᠡ | ᠵᠣᠬᠢᠰᠲᠠᠢ ᠬᠥᠳᠡᠯᠭᠡᠭᠡᠨ ᠪᠣᠯ ᠬᠡᠦᠬᠡᠳ ᠤᠨ ᠪᠡᠶ᠎ᠡ ᠶᠢᠨ ᠳᠤᠯᠠᠭᠠᠨ ᠢ ᠪᠠᠲᠤᠯᠠᠳᠠᠭ᠃ ᠠᠮᠠᠷᠠᠬᠤ ᠦᠶ᠎ᠡ ᠳᠤ᠂ | ᠬᠡᠦᠬᠡᠳ ᠢᠶᠠᠨ ᠳᠠᠭᠠᠭᠤᠯᠤᠨ ᠭᠠᠳᠠᠨ᠎ᠠ ᠭᠠᠷᠴᠤ᠂ ᠵᠠᠷᠢᠮ ᠳᠥᠭᠦᠮ ᠬᠥᠳᠡᠯᠭᠡᠭᠡᠨ ᠬᠢᠯᠭᠡᠨ᠎ᠡ᠂ ᠵᠢᠱᠢᠶᠡᠯᠡᠪᠡᠯ᠂ | ᠭᠦᠶᠦᠬᠦ᠂ ᠳᠡᠭᠡᠰᠦ ᠦᠰᠦᠷᠬᠦ᠂ ᠲᠡᠪᠡᠭ ᠢᠰᠬᠦᠯᠬᠦ ᠮᠡᠲᠦ᠃ | 7. ᠭᠡᠷ ᠤᠨ ᠳᠤᠯᠠᠭᠠᠨ ᠢ ᠠᠩᠬᠠᠷᠤᠨ᠎ᠠ | ᠥᠷᠥᠭᠡᠨ ᠳᠤ ᠪᠠᠶᠢᠬᠤ ᠦᠶ᠎ᠡ ᠳᠤ᠂ ᠥᠷᠥᠭᠡᠨ ᠤ ᠳᠤᠯᠠᠭᠠᠨ ᠢ ᠪᠠᠲᠤᠯᠠᠨ᠎ᠠ᠃ ᠳᠤᠯᠠᠭᠠᠮᠵᠢ᠂ ᠠᠭᠠᠷ | ᠲᠣᠬᠢᠷᠠᠭᠤᠯᠤᠭᠴᠢ ᠵᠡᠷᠭᠡ ᠲᠥᠬᠦᠭᠡᠷᠦᠮᠵᠢ ᠶᠢ ᠬᠡᠷᠡᠭᠯᠡᠵᠦ ᠪᠣᠯᠬᠤ ᠪᠥᠭᠡᠳ ᠪᠠᠰᠠ ᠬᠡᠦᠬᠡᠳ ᠲᠤ ᠬᠠᠯᠠᠭᠤᠨ ᠤᠰᠤᠨ ᠤ | ᠤᠭᠤᠲᠠ ᠠᠪᠴᠤ ᠥᠭᠴᠦ ᠪᠣᠯᠤᠨ᠎ᠠ᠃ | 8. ᠭᠡᠷ ᠲᠤ ᠪᠠᠨ ᠰᠠᠯᠬᠢ ᠨᠡᠪᠲᠡᠷᠡᠭᠦᠯᠬᠦ ᠶᠢ ᠠᠩᠬᠠᠷᠤᠨ᠎ᠠ | ᠭᠡᠷ ᠤᠨ ᠳᠤᠯᠠᠭᠠᠨ ᠢ ᠪᠠᠲᠤᠯᠠᠬᠤ ᠶᠢᠨ ᠬᠠᠮᠲᠤ ᠰᠠᠯᠬᠢ ᠨᠡᠪᠲᠡᠷᠡᠭᠦᠯᠬᠦ ᠶᠢ ᠠᠩᠬᠠᠷᠤᠨ᠎ᠠ᠃ ᠡᠳᠦᠷ ᠪᠣᠯᠭᠠᠨ | ᠴᠣᠩᠬᠤ ᠪᠠᠨ ᠨᠡᠭᠡᠭᠡᠵᠦ ᠰᠠᠯᠬᠢ ᠨᠡᠪᠲᠡᠷᠡᠭᠦᠯᠦᠨ᠎ᠡ᠃ | 9. ᠡᠷᠲᠡ ᠤᠨᠲᠠᠭᠤᠯᠵᠤ ᠡᠷᠲᠡ ᠪᠣᠰᠬᠠᠨ᠎ᠠ | ᠡᠪᠦᠯ ᠬᠡᠦᠬᠡᠳ ᠢ ᠡᠷᠲᠡ ᠤᠨᠲᠠᠭᠤᠯᠵᠤ᠂ ᠭᠦᠢᠴᠡᠳ ᠰᠠᠶᠢᠨ ᠤᠨᠲᠠᠭᠤᠯᠬᠤ ᠬᠡᠷᠡᠭᠲᠡᠢ᠃ ᠭᠦᠢᠴᠡᠳ | ᠤᠨᠲᠠᠬᠤ ᠨᠢ ᠬᠡᠦᠬᠡᠳ ᠤᠨ ᠪᠡᠶ᠎ᠡ ᠶᠢᠨ ᠡᠭᠡᠯᠢᠯᠡᠬᠦ ᠴᠢᠳᠠᠯ ᠢ ᠰᠠᠶᠢᠵᠢᠷᠠᠭᠤᠯᠵᠤ᠂ ᠲᠡᠳᠡᠨ ᠢ ᠬᠦᠢᠲᠡᠨ ᠳᠤ | ᠳᠡᠰᠪᠦᠷᠢᠲᠡᠢ ᠪᠣᠯᠭᠠᠨ᠎ᠠ᠃ | 10. ᠬᠤᠪᠢ ᠬᠥᠮᠦᠨ ᠤ ᠡᠷᠡᠭᠦᠯ ᠬᠠᠮᠠᠭᠠᠯᠠᠯ ᠢ ᠠᠩᠬᠠᠷᠤᠨ᠎ᠠ | ᠬᠡᠦᠬᠡᠳ ᠠᠷᠢᠭᠤᠨ ᠴᠡᠪᠡᠷ ᠢ ᠠᠩᠬᠠᠷᠴᠤ᠂ ᠭᠠᠷ ᠢᠶᠠᠨ ᠦᠷᠭᠦᠯᠵᠢ ᠤᠬᠢᠶᠠᠨ᠂ ᠬᠤᠪᠴᠠᠰᠤ ᠬᠤᠨᠠᠷ ᠢᠶᠠᠨ | ᠦᠷᠭᠦᠯᠵᠢ ᠰᠣᠯᠢᠨ᠎ᠠ᠃ ᠢᠩᠭᠢᠪᠡᠯ ᠡᠪᠡᠳᠴᠢᠨ ᠬᠠᠯᠳᠠᠪᠤᠷᠢᠯᠠᠬᠤ ᠶᠢ ᠰᠡᠷᠭᠡᠶᠢᠯᠡᠵᠦ᠂ ᠬᠡᠦᠬᠡᠳ ᠢ ᠡᠷᠡᠭᠦᠯ ᠰᠠᠷᠠᠭᠤᠯ | ᠪᠠᠶᠢᠯᠭᠠᠵᠤ ᠴᠢᠳᠠᠨ᠎ᠠ᠃ | | |