ᠣᠷᠬᠢᠯ | | | | | | ︽ᠪᠡᠶ᠎ᠡ ᠪᠠᠨ ᠵᠠᠰᠠᠵᠦ ᠴᠢᠳᠠᠪᠠᠰᠣ ᠭᠡᠷ ᠢᠶᠠᠨ ᠵᠠᠰᠠᠵᠦ ᠴᠢᠳᠠᠮᠣᠢ᠂ ᠬᠡᠷ ᠢᠶᠠᠨ ᠵᠠᠰᠠᠵᠦ ᠴᠢᠳᠠᠪᠠᠰᠣ ᠣᠯᠣᠰ ᠢ | ᠵᠠᠰᠠᠵᠦ ᠴᠢᠳᠠᠮᠣᠢ︾ ᠭᠡᠳᠡᠭᠴᠢᠯᠠᠨ ᠬᠡᠷ ᠤᠨ ᠬᠦᠮᠦᠵᠢᠯ ᠨᠢ ᠣᠯᠣᠰ ᠣᠷᠣᠨ ᠤ ᠬᠦᠭᠵᠢᠯᠲᠠ ᠲᠠᠢ ᠴᠦ ᠰᠢᠭᠤᠳ | ᠬᠤᠯᠪᠣᠭ᠎ᠠ ᠲᠠᠢ ᠶᠤᠮ᠃ ᠮᠠᠨ ᠤ ᠦᠷ᠎ᠡ ᠬᠡᠣᠬᠡᠳ ᠪᠣᠯ ᠢᠷᠡᠭᠡᠳᠦᠢ ᠶᠢᠨ ᠣᠯᠣᠰ ᠣᠷᠣᠨ ᠤ ᠡᠵᠡᠨ᠂ | ᠢᠷᠡᠬᠡᠳᠦᠢ ᠶᠢᠨ ᠣᠯᠣᠰ ᠣᠷᠣᠨ ᠤ ᠬᠦᠭᠵᠢᠯᠲᠠ ᠲᠠᠪᠰᠢᠯᠲᠠ ᠶᠢ ᠠᠭᠢᠭᠤᠯᠬᠤ ᠢᠷᠭᠡᠳ ᠮᠦᠨ᠃ ᠬᠡᠣᠬᠡᠳ ᠤᠨ | ᠬᠦᠮᠦᠵᠢᠯ ᠳᠤ ᠭᠡᠷ ᠤᠨ ᠬᠦᠮᠦᠵᠢᠯ᠂ ᠰᠣᠷᠭᠠᠭᠤᠯᠢ ᠶᠢᠨ ᠬᠦᠮᠦᠵᠢᠯ᠂ ᠨᠡᠶᠢᠭᠡᠮ ᠤᠨ ᠬᠦᠮᠦᠵᠢᠯ ᠵᠡᠷᠭᠡ ᠪᠦᠷ | ᠬᠤᠯᠪᠣᠭᠳᠠᠵᠦ ᠪᠠᠶᠢᠳᠠᠭ ᠴᠦ ᠡᠭᠦᠨ ᠳᠤ ᠦᠨᠳᠦᠰᠦ ᠪᠣᠯᠳᠠᠭ ᠨᠢ ᠬᠠᠰᠢ ᠯᠠ ᠬᠡᠷ ᠤᠨ ᠬᠦᠮᠦᠵᠢᠯ ᠮᠦᠨ᠃ ᠬᠡᠷ ᠤᠨ | ᠬᠦᠮᠦᠵᠢᠯ ᠨᠢ ᠳᠣᠯᠢᠳᠠᠪᠠᠯ ᠬᠡᠣᠬᠡᠳ ᠤᠨ ᠬᠦᠮᠦᠵᠢᠯ ᠨᠢ ᠦᠨᠳᠦᠰᠦ ᠦᠭᠡᠢ ᠮᠣᠲᠣ ᠮᠡᠲᠦ ᠰᠠᠭᠤᠷᠢ ᠪᠠᠷ ᠢᠶᠠᠨ | ᠭᠤᠶᠢᠪᠢᠯᠵᠠᠳᠠᠭ ᠶᠤᠮ᠃ | ᠮᠤᠩᠭᠤᠯᠴᠤᠳ ᠣᠯᠠᠮᠵᠢᠯᠠᠯᠲᠦ ᠶᠣᠰᠣ ᠵᠠᠩᠰᠢᠯ ᠢᠶᠠᠷ ᠢᠶᠠᠨ ᠦᠷ᠎ᠡ ᠬᠡᠣᠬᠡᠳ ᠢᠶᠠᠨ ᠰᠠᠮᠪᠠᠭᠠᠯᠢᠭ ᠮᠦᠷᠳᠡᠭᠡᠨ | ᠴᠢᠩᠭ᠎ᠠ ᠴᠢᠮᠪᠠᠢ ᠰᠣᠷᠭᠠᠨ ᠬᠦᠮᠦᠵᠢᠭᠦᠯᠵᠦ ᠢᠷᠡᠭᠰᠡᠨ ᠪᠣᠯᠪᠠᠰᠣᠨ ᠦᠨᠳᠦᠰᠦᠲᠡᠨ ᠶᠤᠮ᠃ ᠬᠡᠣᠬᠡᠳ ᠬᠦᠮᠦᠵᠢᠭᠦᠯᠬᠦ | ᠣᠯᠠᠮᠵᠢᠯᠠᠯᠲᠦ ᠵᠣᠷ᠂ ᠬᠡᠣᠬᠡᠳ ᠰᠣᠷᠭᠠᠬᠤ ᠣᠯᠠᠮᠵᠢᠯᠠᠯᠲᠦ ᠵᠢᠷᠭᠤᠭᠠᠨ ᠬᠤᠷᠢᠭ᠎ᠠ᠂ ᠬᠡᠣᠬᠡᠳ ᠰᠣᠷᠭᠠᠬᠤ | ᠣᠯᠠᠮᠵᠢᠯᠠᠯᠲᠦ ᠠᠷᠪᠠᠨ ᠴᠡᠭᠡᠷᠯᠡᠯ᠂ ᠬᠡᠣᠬᠡᠳ ᠰᠣᠷᠭᠠᠬᠤ ᠣᠯᠠᠮᠵᠢᠯᠠᠯᠲᠦ ᠠᠷᠪᠠᠨ ᠡᠷᠳᠡᠮ᠂ ᠬᠦᠪᠡᠬᠦᠨ ᠥᠬᠢᠳ ᠢᠶᠠᠨ | ᠰᠣᠷᠭᠠᠬᠤ ᠣᠯᠠᠮᠵᠢᠯᠠᠯᠲᠦ ᠶᠣᠰᠣᠨ᠂ ᠬᠡᠣᠬᠡᠳ ᠬᠦᠮᠦᠵᠢᠬᠦᠯᠬᠦ ᠣᠯᠠᠮᠵᠢᠯᠠᠯᠲᠦ ᠡᠶᠡᠷᠬᠦ ᠰᠦᠭᠡᠷᠬᠦ ᠠᠷᠭ᠎ᠠ᠂ ᠡᠴᠢᠭᠡ | ᠡᠭᠡ ᠪᠠ ᠦᠷ᠎ᠡ ᠬᠡᠣᠬᠡᠳ ᠤᠨ ᠲᠠᠪᠣᠨ ᠡᠭᠦᠷᠭᠡ᠂ ᠡᠴᠢᠭᠡ ᠶᠢᠨ ᠲᠠᠪᠣᠨ ᠡᠷᠳᠡᠮ᠂ ᠨᠠᠢᠮᠠᠨ ᠪᠠᠷᠢᠮᠲᠠᠯᠠᠯ᠂ ᠡᠬᠡ ᠶᠢᠨ | ᠲᠠᠪᠣᠨ ᠬᠤᠷᠢᠭᠯᠠᠯ ᠪᠠ ᠶᠢᠰᠦᠨ ᠡᠷᠳᠡᠮ᠂ ᠡᠷᠬᠢᠮ ᠰᠠᠶᠢᠨ ᠬᠦᠪᠡᠬᠦᠨ ᠤ ᠶᠣᠰᠣ ᠪᠠ ᠢᠷᠠᠭᠤ ᠰᠠᠶᠢᠨ ᠥᠬᠢᠨ ᠤ | ᠶᠣᠰᠣ᠂ ᠡᠭᠦᠷᠢᠳᠡ ᠮᠠᠭᠤ ᠬᠦᠪᠡᠬᠦᠨ ᠪᠠ ᠠᠳᠠᠭ ᠮᠠᠭᠤ ᠥᠬᠢᠨ ᠤ ᠰᠢᠨᠵᠢ ᠵᠡᠷᠭᠡ ᠣᠯᠠᠨ ᠶᠣᠰᠣ ᠵᠦᠢ ᠠᠷᠭ᠎ᠠ | ᠣᠬᠠᠭᠠᠨ ᠪᠣᠢ᠃ | ᠡᠬᠦᠨ ᠠᠴᠠ ᠭᠠᠳᠠᠨ᠎ᠠ ᠪᠦᠪᠡᠢ ᠶᠢᠨ ᠳᠠᠭᠤᠣ᠂ ᠣᠨᠢᠰᠤᠭ᠎ᠠ᠂ ᠬᠡᠯᠡ ᠵᠦᠭᠰᠢᠷᠡᠬᠦᠯᠬᠦ ᠦᠭᠡ᠂ ᠴᠡᠭᠡᠷ ᠰᠣᠷᠭᠠᠯ᠂ | ᠵᠦᠢᠷ ᠰᠡᠴᠡᠨ ᠦᠭᠡ᠂ ᠶᠢᠷᠲᠢᠨᠴᠦ ᠶᠢᠨ ᠭᠤᠷᠪᠠ᠂ ᠬᠦᠨᠳᠦᠯᠡᠵᠦ ᠮᠡᠨᠳᠦᠯᠡᠬᠦ ᠶᠣᠰᠣᠨ ᠵᠡᠷᠭᠡ ᠣᠯᠠᠮᠵᠢᠯᠠᠯᠲᠦ | ᠰᠣᠶᠣᠯ᠂ ᠶᠣᠰᠣ ᠵᠠᠩᠰᠢᠯ ᠤᠨ ᠳᠣᠳᠣᠷ᠎ᠠ ᠣᠬᠠᠭᠠᠨᠳᠦ ᠠᠷᠠᠳ ᠲᠦᠮᠡᠨ ᠤ ᠦᠷ᠎ᠡ ᠬᠡᠣᠬᠡᠳ ᠢᠶᠠᠨ ᠰᠣᠷᠭᠠᠬᠤ ᠬᠦᠨ | ᠣᠬᠠᠭᠠᠨ ᠨᠢᠭᠤᠭᠳᠠᠵᠦ ᠪᠠᠶᠢᠳᠠᠭ ᠣᠴᠢᠷ ᠡᠩ ᠤᠨ ᠠᠮᠢᠳᠣᠷᠠᠯ ᠤᠨ ᠳᠣᠮᠳᠠ ᠡᠳᠡᠭᠡᠷ ᠢ ᠨᠡᠪᠴᠢᠭᠦᠯᠦᠨ ᠬᠡᠣᠬᠡᠳ ᠢᠶᠠᠨ | ᠰᠣᠷᠭᠠᠨ ᠬᠡᠯᠡᠬᠦ ᠨᠢ ᠬᠡᠣᠬᠡᠳ ᠤᠨ ᠶᠣᠰᠣ ᠨᠣᠮ ᠲᠠᠢ ᠪᠣᠯᠬᠤ ᠳᠤ ᠲᠣᠰᠠᠯᠠᠨ᠎ᠠ᠃ | ᠲᠡᠭᠡᠪᠡᠯ ᠲᠣᠣᠷ᠎ᠠ ᠭᠡᠷ ᠤᠨ ᠬᠦᠮᠦᠵᠢᠯ᠂ ᠬᠡᠷ ᠤᠨ ᠰᠣᠷᠭᠠᠯ ᠤᠨ ᠲᠣᠬᠠᠢ ᠪᠠᠷᠢᠮᠲᠠᠯᠠᠵᠦ᠂ ᠣᠯᠠᠮᠵᠢᠯᠠᠨ | ᠰᠣᠷᠭᠠᠳᠠᠭ ᠶᠣᠰᠣ ᠵᠠᠩᠰᠢᠯ᠂ ᠥᠯᠢᠭᠡᠷ ᠵᠢᠱᠢᠶᠠᠨ ᠠᠴᠠ ᠬᠡᠳᠦ ᠶᠢ ᠳᠣᠷᠠᠳᠪᠠᠯ᠄ | 1. ᠪᠡᠶ᠎ᠡ ᠪᠠᠷ ᠬᠡᠪ ᠳᠠᠭᠤᠷᠢᠶᠠᠯ ᠪᠣᠯᠬᠤ ᠭᠡᠷᠡᠭᠳᠠᠢ᠃ ᠳᠠᠭᠤᠷᠢᠶᠠᠯ ᠤᠨ ᠬᠦᠴᠦᠨ ᠢ ᠪᠣᠰᠣᠳ ᠶᠠᠭᠤ ᠪᠠᠷ ᠴᠦ | ᠣᠷᠣᠯᠠᠭᠤᠯᠵᠦ ᠲᠡᠶᠢᠯᠬᠦ ᠦᠭᠡᠢ᠃ ︽ᠬᠡᠭᠡᠷ᠎ᠡ ᠠᠯᠠᠭ ᠠᠴᠠ ᠰᠢᠭᠢᠷ᠎ᠡ ᠠᠯᠠᠭ᠂ ᠬᠡᠯᠲᠡᠩ ᠭᠡᠬᠦᠦ ᠠᠴᠠ ᠰᠢᠪᠳᠣᠩ | ᠣᠨᠠᠭ᠎ᠠ︾᠂ ︽ᠥᠬᠢᠨ ᠢ ᠨᠢ ᠠᠪᠬᠤ ᠬᠦᠮᠦᠨ ᠡᠵᠢ ᠶᠢ ᠨᠢ ᠦᠵᠡ︾ ᠭᠡᠳᠡᠭ᠃ ᠡᠴᠢᠭᠡ ᠡᠬᠡ ᠪᠣᠯᠣᠭᠰᠠᠳ ᠦᠷ᠎ᠡ | ᠬᠡᠣᠬᠡᠳ ᠢᠶᠠᠨ ᠦᠩᠭᠡ ᠲᠠᠢ ᠦᠭᠡᠳᠡ ᠲᠠᠢ ᠰᠠᠶᠢᠨ ᠰᠠᠶᠢᠬᠠᠨ ᠶᠠᠪᠣᠬᠤ ᠶᠢ ᠬᠦᠰᠡᠬᠦ ᠦᠭᠡᠢ ᠬᠦᠮᠦᠨ ᠭᠡᠵᠦ ᠪᠠᠶᠢᠬᠤ | ᠦᠭᠡᠢ᠂ ᠭᠡᠪᠡᠴᠦ ᠲᠠᠨ ᠤ ᠬᠡᠣᠬᠡᠳ ᠬᠦᠰᠡᠭᠰᠡᠨ ᠰᠢᠭ ᠴᠢᠨᠢ ᠪᠢᠰᠢ᠂ ᠬᠦᠮᠦᠵᠢᠭᠦᠯᠦᠭᠰᠡᠨ ᠰᠢᠭ ᠴᠢᠨᠢ ᠭᠦᠮᠦᠨ | ᠪᠣᠯᠣᠨ᠎ᠠ᠃ | 2. ᠬᠠᠶᠢᠷ᠎ᠡ ᠬᠠᠷᠢᠭᠤᠴᠠᠯᠭ᠎ᠠ ᠶᠢ ᠤᠶᠠᠯᠳᠤᠭᠤᠯᠬᠤ ᠭᠡᠷᠡᠭᠳᠠᠢ᠃ ︽ᠬᠠᠯᠠ ᠨᠢ ᠭᠠᠳᠠᠨ᠎ᠠ ᠪᠠᠨ ᠬᠠᠶᠢᠷ᠎ᠠ ᠨᠢ | ᠳᠣᠲᠣᠨ᠎ᠠ ᠪᠠᠨ︾ ᠭᠡᠳᠡᠭ ᠰᠢᠭ ᠬᠠᠶᠢᠷ᠎ᠠ ᠳᠤ ᠬᠡᠮ ᠬᠡᠮᠵᠢᠶ᠎ᠡ ᠪᠠᠶᠢᠬᠤ ᠬᠡᠷᠡᠭᠲᠠᠢ᠃ ᠬᠡᠣᠬᠡᠳ ᠤᠨ ᠶᠠᠭᠤ ᠬᠦᠰᠡᠭᠰᠡᠨ | ᠪᠦᠬᠦᠨ ᠢ ᠨᠢ ᠬᠦᠢᠴᠡᠳᠬᠡᠵᠦ ᠥᠭᠴᠦ ᠪᠣᠯᠬᠤ ᠦᠭᠡᠢ ᠬᠠᠷᠢᠨ ᠵᠣᠬᠢᠰᠲᠠᠢ ᠪᠣᠯ ᠵᠣᠷᠢᠬᠵᠢᠭᠤᠯᠵᠦ᠂ ᠶᠣᠰᠣ ᠪᠣᠰᠣ | ᠬᠦᠰᠡᠯ ᠱᠠᠭᠠᠷᠳᠠᠯᠭ᠎ᠠ ᠶᠢ ᠨᠢ ᠲᠠᠪᠴᠢᠭᠦ ᠬᠡᠷᠡᠭᠲᠠᠢ᠃ | 3. ᠨᠣᠮ ᠣᠩᠰᠢᠬᠤ ᠶᠢ ᠳᠡᠭᠡᠳᠦᠯᠡᠪᠠᠯ ᠵᠤᠬᠢᠨ᠎ᠠ᠂ ᠡᠴᠢᠭᠡ ᠡᠬᠡ ᠨᠢ ᠨᠣᠮ ᠣᠩᠰᠢᠳᠠᠭ ᠪᠣᠯ ᠬᠡᠣᠬᠡᠳ ᠴᠦ | ᠱᠠᠭᠠᠷᠳᠠᠯᠭ᠎ᠠ ᠦᠭᠡᠢ ᠪᠠᠷ ᠨᠣᠮ ᠣᠩᠰᠢᠵᠦ ᠰᠣᠷᠳᠠᠭ᠃ ᠲᠣᠷᠠᠲᠠᠢ ᠨᠣᠮ ᠢ ᠨᠢ ᠠᠪᠴᠦ ᠥᠭᠴᠦ ᠯᠡ ᠪᠠᠢ᠂ ᠮᠦᠨ | ᠬᠡᠣᠬᠡᠳ ᠤᠨ ᠣᠩᠰᠢᠬᠤ ᠳᠤ ᠲᠣᠬᠢᠷᠠᠮᠵᠢᠲᠠᠢ ᠨᠣᠮ ᠢ ᠥᠷᠦᠭᠡᠨ ᠤ ᠪᠠᠨ ᠡᠯ᠎ᠡ ᠭᠠᠵᠠᠷ ᠭᠠᠷ ᠬᠦᠷᠬᠦ ᠶᠢᠨ ᠴᠢᠨᠡᠭᠡ ᠪᠠᠷ | ᠲᠠᠯᠪᠢᠵᠦ ᠪᠠᠶᠢᠭᠠᠷᠠᠢ᠃ ᠬᠡᠣᠬᠡᠳ ᠴᠢᠨᠢ ᠲᠣᠷᠠᠲᠠᠢ ᠴᠠᠭ ᠲᠤ ᠪᠠᠨ ᠠᠪᠴᠦ ᠣᠩᠰᠢᠭᠠᠳ ᠪᠠᠭ᠋ᠠᠲᠠᠢ ᠪᠣᠯᠣᠨ᠎ᠠ᠃ | 4. ᠭᠡᠷ ᠪᠦᠯᠢ ᠡᠶ᠎ᠡ ᠨᠠᠶᠢᠷ ᠲᠠᠢ ᠪᠠᠶᠢᠬᠤ ᠶᠢ ᠡᠷᠬᠢᠮᠯᠡᠬᠦ ᠭᠡᠷᠡᠭᠳᠠᠢ᠃ ᠡᠴᠢᠭᠡ ᠡᠬᠡ ᠶᠢᠨ ᠠᠭᠤᠷ ᠬᠢᠯᠢᠩ ᠪᠣᠯ | ᠬᠡᠣᠬᠡᠳ ᠤᠨ ᠬᠦᠮᠦᠵᠢᠯ ᠤᠨ ᠬᠠᠮᠤᠭ ᠤᠨ ᠲᠣᠮᠣ ᠳᠠᠶᠢᠰᠣᠨ᠃ ᠡᠴᠢᠬᠡ ᠡᠬᠡ ᠪᠣᠯᠣᠭᠰᠠᠳ ᠦᠪᠡᠷ ᠤᠨ | ᠰᠡᠳᠬᠢᠯᠭᠡ ᠪᠠᠨ ᠡᠵᠡᠮᠳᠡᠵᠦ ᠴᠢᠳᠠᠬᠤ ᠬᠡᠷᠡᠭᠲᠠᠢ᠃ ᠡᠴᠢᠭᠡ ᠡᠬᠡ ᠨᠢ ᠬᠤᠭᠤᠷᠣᠨᠳᠦ ᠪᠠᠨ ᠬᠠᠶᠢᠷ᠎ᠠ ᠨᠠᠶᠢᠷ ᠲᠠᠢ᠂ | ᠬᠡᠷᠡᠬᠦᠯ ᠬᠡᠯᠡᠯᠴᠡᠭᠡ ᠦᠭᠡᠢ ᠣᠷᠴᠢᠨ ᠳᠤ ᠦᠰᠦᠭᠰᠡᠨ ᠬᠡᠣᠬᠡᠳ ᠪᠡᠶ᠎ᠡ ᠳᠤ ᠪᠠᠨ ᠢᠳᠡᠭᠡᠯ ᠲᠠᠢ᠂ ᠠᠮᠣᠷ ᠲᠠᠶᠢᠪᠣᠩ | ᠰᠡᠳᠬᠢᠯᠭᠡ ᠲᠠᠢ ᠪᠠᠶᠢᠳᠠᠭ᠃ ᠬᠠᠷᠢᠨ ᠡᠰᠡᠷᠬᠦ ᠪᠠᠷ ᠪᠣᠯ ᠬᠡᠣᠬᠡᠳ ᠬᠤᠳᠠᠯᠴᠢ᠂ ᠬᠡᠷᠡᠬᠦᠯᠴᠢ᠂ ᠣᠶᠢᠳᠠᠮᠠᠲᠠᠭᠠᠢ᠂ | ᠭᠤᠳᠣᠷᠠᠮᠠᠲᠠᠭᠠᠢ᠂ ᠪᠡᠶ᠎ᠡ ᠳᠤ ᠪᠠᠨ ᠢᠳᠡᠭᠡᠯ ᠦᠭᠡᠢ ᠪᠣᠶᠣ ᠲᠣᠭᠲᠠᠪᠣᠷᠢ ᠦᠭᠡᠢ ᠰᠡᠳᠬᠢᠯ ᠤᠨ ᠬᠡᠮ ᠲᠠᠢ | ᠪᠣᠯᠳᠠᠭ᠃ ᠲᠡᠭᠡᠪᠡᠯ ᠡᠴᠢᠭᠡ ᠡᠬᠡ ᠨᠢ ᠬᠡᠣᠬᠡᠳ ᠲᠠᠢ ᠪᠠᠨ ᠬᠠᠷᠢᠴᠠᠬᠤ ᠳᠤ ᠰᠠᠨᠠᠭ᠎ᠠ ᠪᠣᠳᠣᠯ ᠢᠶᠠᠨ ᠵᠣᠷᠢᠭᠲᠠᠢ | ᠢᠯᠡᠷᠬᠡᠶᠢᠯᠡᠬᠦ ᠨᠢ ᠮᠠᠰᠢ ᠴᠢᠬᠤᠯᠠ ᠭᠡᠭᠴᠢ ᠶᠢ ᠪᠠᠭ᠎ᠠ ᠠᠴᠠ ᠨᠢ ᠣᠶᠢᠯᠠᠭᠠᠭᠤᠯᠵᠦ᠂ ᠡᠴᠢᠭᠡ ᠡᠬᠡ ᠳᠤ ᠪᠠᠨ ᠨᠢᠭᠤᠯ | ᠦᠭᠡᠢ ᠬᠡᠯᠡᠬᠦ᠂ ᠬᠠᠷᠢᠴᠠᠬᠤ ᠪᠣᠯᠭᠠᠪᠠᠯ ᠢᠳᠡᠭᠡᠯ ᠲᠠᠢ ᠵᠣᠷᠢᠭᠲᠠᠢ ᠪᠣᠯᠳᠠᠭ᠃ ᠡᠴᠢᠭᠡ ᠡᠬᠡ ᠨᠢ ᠪᠣᠷᠣᠭᠤ ᠪᠣᠯᠪᠠᠯ | ᠮᠡᠳᠡᠭᠰᠡᠨ ᠳᠠᠷᠣᠢ ᠬᠡᠣᠬᠡᠳ ᠲᠤ ᠪᠠᠨ ᠪᠣᠷᠣᠭᠤ ᠮᠡᠳᠡᠬᠦ ᠨᠢ ᠬᠡᠣᠬᠡᠳ ᠤᠨ ᠰᠡᠳᠬᠢᠯ ᠤᠨ ᠶᠡᠭᠡ ᠲᠠᠶᠢᠪᠣᠰᠢᠷᠠᠯ | ᠪᠣᠯᠳᠠᠭ᠃ | 5. ᠠᠵᠢᠯ ᠬᠦᠳᠡᠯᠮᠦᠷᠢ ᠳᠤ ᠣᠷᠣᠯᠴᠠᠬᠤ ᠶᠢ ᠵᠤᠷᠢᠬᠵᠢᠭᠤᠯᠬᠤ ᠭᠡᠷᠡᠭᠳᠠᠢ᠃ ᠡᠩ ᠤᠨ ᠦᠭᠡᠨ ᠳᠤ ︽ᠵᠢᠭᠠᠵᠦ | ᠰᠣᠷᠭᠠᠬᠤ ᠪᠠᠷ ᠵᠠᠷᠣᠵᠦ ᠰᠣᠷᠭ᠎ᠠ︾᠂ ︽ᠳᠦᠷᠪᠡᠨ ᠬᠦᠯ ᠲᠠᠢ ᠰᠢᠷᠡᠭᠡᠨ ᠤ ᠬᠠᠵᠠᠭᠤᠳᠠ ᠦᠰᠬᠦ ᠬᠡᠣᠬᠡᠳ ᠢᠳᠡᠬᠦ ᠶᠢ | ᠰᠣᠷᠣᠨ᠎ᠠ᠂ ᠲᠦᠷᠪᠡᠨ ᠬᠦᠯ ᠲᠠᠢ ᠮᠠᠯ ᠤᠨ ᠬᠠᠵᠠᠭᠤᠳᠠ ᠦᠰᠬᠦ ᠬᠡᠣᠬᠡᠳ ᠠᠮᠢᠳᠣᠷᠠᠬᠤ ᠣᠬᠠᠭᠠᠨ | ᠰᠣᠷᠣᠨ᠎ᠠ︾ ᠭᠡᠳᠡᠭ᠃ ᠠᠮᠠᠷᠠᠯᠲᠠ ᠪᠣᠶᠣ ᠰᠣᠯᠠ ᠰᠡᠯᠡᠬᠦᠦ ᠴᠠᠭ ᠲᠤ ᠪᠠᠨ ᠬᠡᠣᠬᠡᠳ ᠢᠶᠠᠨ ᠬᠦᠳᠡᠭᠡ ᠭᠠᠳᠠᠭ᠎ᠠ | ᠶᠠᠪᠣᠭᠤᠯᠵᠦ᠂ ᠮᠠᠯ ᠠᠬᠤᠢ ᠲᠠᠢ ᠣᠶᠢᠷᠠᠲᠣᠭᠤᠯᠵᠦ᠂ ᠮᠠᠯ ᠠᠷᠠᠴᠢᠯᠠᠵᠦ ᠲᠣᠳᠣᠮᠳᠠᠬᠤ ᠣᠯᠠᠮᠵᠢᠯᠠᠯᠲᠦ ᠮᠠᠯᠵᠢᠬᠤ | ᠠᠮᠢᠳᠣᠷᠠᠯ ᠳᠤ ᠣᠷᠣᠯᠴᠠᠭᠤᠯᠣᠨ᠂ ᠮᠠᠯᠴᠢᠨ ᠬᠦᠮᠦᠨ ᠤ ᠮᠠᠯ ᠣᠨᠤᠭ᠎ᠠ ᠪᠠᠨ ᠬᠠᠶᠢᠷᠠᠯᠠᠳᠠᠭ᠂ ᠬᠦᠢᠲᠡᠨ ᠨᠦᠢᠲᠠᠨ ᠠᠴᠠ | ᠪᠡᠷᠬᠡᠰᠢᠶᠡᠯ ᠦᠭᠡᠢ ᠴᠢᠷᠮᠠᠶᠢᠨ ᠲᠡᠮᠡᠴᠡᠳᠡᠭ ᠬᠦᠴᠢᠷ ᠪᠡᠷᠭᠡ ᠶᠢ ᠢᠯᠠᠨ ᠳᠠᠪᠠᠭ᠋ᠣ ᠦᠨᠢ ᠶᠢᠨ ᠲᠡᠰᠪᠦᠷᠢ ᠲᠡᠪᠴᠢᠶᠡᠷᠢ ᠶᠢ | ᠰᠣᠷᠭᠠᠪᠠᠯ ᠬᠤᠵᠢᠮ ᠬᠤᠶᠢᠰᠢ ᠶᠢᠨ ᠡᠪ ᠲᠦᠢ ᠲᠠᠢ ᠠᠮᠢᠳᠣᠷᠠᠬᠤ ᠶᠢ ᠰᠣᠷᠭᠠᠭᠰᠠᠨ ᠶᠠᠪᠣᠳᠠᠯ ᠮᠦᠨ᠃ ᠬᠡᠣᠬᠡᠳ ᠲᠤ | ᠴᠢ ᠪᠣᠯ ᠡᠨᠡ ᠬᠡᠷ ᠪᠦᠯᠢ ᠶᠢᠨ ᠨᠢᠭᠡᠨ ᠭᠡᠰᠢᠬᠦᠨ ᠭᠡᠭᠴᠢ ᠶᠢᠨ ᠣᠶᠢᠯᠠᠭᠠᠭᠲᠠᠬᠤᠨ ᠲᠠᠢ ᠪᠣᠯᠭᠠᠵᠦ᠂ ᠭᠡᠷ ᠪᠦᠯᠢ ᠶᠢᠨ | ᠠᠵᠢᠯ ᠬᠦᠳᠡᠯᠮᠦᠷᠢ᠂ ᠬᠠᠶᠢᠷ᠎ᠠ ᠬᠠᠷᠢᠭᠤᠴᠠᠯᠭ᠎ᠠ ᠁ ᠠᠯᠢᠪᠠ ᠵᠦᠢᠯ ᠳᠤ ᠬᠡᠣᠬᠡᠳ ᠤᠨ ᠨᠢᠭᠡ ᠬᠤᠪᠢ ᠪᠠᠶᠢᠨ᠎ᠠ | ᠭᠡᠭᠴᠢ ᠶᠢ ᠲᠠᠨᠢᠭᠤᠯᠵᠦ᠂ ᠠᠳᠠᠭ ᠨᠢ ᠠᠶᠠᠭ᠎ᠠ ᠰᠠᠪᠬ᠎ᠠ ᠣᠬᠢᠶᠠᠵᠦ᠂ ᠭᠡᠷ ᠴᠡᠪᠡᠷᠯᠡᠵᠦ᠂ ᠦᠪᠡᠷ ᠤᠨ ᠬᠤᠪᠴᠠᠰᠦ | ᠬᠤᠨᠠᠷ ᠢᠶᠠᠨ ᠣᠬᠢᠶᠠᠵᠦ ᠰᠢᠯᠭᠡᠭᠡᠬᠦ ᠶᠢ ᠰᠣᠷᠭᠠᠬᠤ ᠬᠡᠷᠡᠭᠲᠠᠢ᠃ ᠢᠩᠬᠢᠵᠦ ᠰᠣᠷᠣᠭᠰᠠᠨ ᠬᠡᠣᠬᠡᠳ ᠡᠴᠢᠭᠡ | ᠡᠬᠡ ᠶᠢᠨ ᠢᠶᠠᠨ ᠬᠦᠴᠦ ᠬᠦᠳᠡᠯᠮᠦᠷᠢ ᠶᠢ ᠬᠦᠨᠳᠣᠳᠬᠡᠵᠦ᠂ ᠪᠣᠰᠣᠳ ᠤᠨ ᠬᠦᠴᠢᠷ ᠵᠣᠪᠠᠭᠤᠷᠢ ᠶᠢ ᠣᠶᠢᠯᠠᠭᠠᠬᠤ᠂ | ᠠᠵᠢᠯ ᠦᠢᠯᠡ ᠶᠢᠨ ᠶᠣᠰᠣ ᠳᠡᠮ ᠢ ᠣᠯᠳᠠᠭ ᠣᠯᠪᠠᠭ᠎ᠠ ᠲᠠᠢ ᠨᠢᠭᠡᠨ ᠪᠣᠯᠵᠦ ᠬᠦᠮᠦᠵᠢᠳᠡᠭ᠃ | 6. ᠬᠦᠴᠢᠷ ᠢ ᠳᠡᠰᠪᠦᠷᠢᠯᠡᠬᠦ᠂ ᠬᠦᠴᠢᠷ ᠢ ᠠᠮᠰᠠᠭᠤᠯᠬᠤ᠂ ᠬᠦᠴᠢᠷ ᠤᠨ ᠳᠣᠮᠳᠠ ᠠᠴᠠ ᠵᠣᠯ ᠵᠢᠷᠭᠠᠯ ᠢ | ᠮᠡᠳᠡᠷᠡᠬᠦᠯᠵᠦ ᠰᠣᠷᠭᠠᠬᠤ ᠬᠡᠷᠡᠭᠲᠠᠢ᠃ ᠣᠳᠣᠬᠢ ᠡᠪ ᠦᠭᠡᠢ ᠦᠵᠡᠭᠳᠡᠯ ᠪᠣᠯ ᠪᠢᠳᠡ ᠬᠡᠣᠬᠡᠳ ᠤᠨ ᠢᠶᠠᠨ | ᠡᠮᠦᠨ᠎ᠡ ᠠᠴᠠ ᠪᠠᠶᠢᠳᠠᠭ ᠢ ᠬᠢᠵᠦ ᠥᠭᠴᠢᠭᠡᠭᠡᠳ ᠬᠡᠣᠬᠡᠳ ᠴᠢᠨᠢ ᠬᠡᠳᠡᠷᠬᠦ ᠡ᠊ᠨᠡ ᠭᠦ ᠬᠦᠴᠢᠷ ᠢ ᠴᠢᠨᠢ ᠶᠠᠭ | ᠣᠶᠢᠯᠠᠭᠠᠳᠠᠭ ᠦᠭᠡᠢ ᠶᠠᠪᠣᠳᠠᠯ ᠮᠦᠨ᠃ ᠪᠠᠶᠠᠨ ᠬᠦᠮᠦᠨ ᠬᠡᠣᠬᠡᠳ ᠲᠤ ᠪᠠᠨ ᠬᠦᠴᠢᠷ ᠢ ᠠᠮᠰᠠᠭᠤᠯᠬᠤ ᠬᠦᠮᠦᠵᠢᠯ | ᠬᠢᠵᠦ ᠪᠠᠶᠢᠬᠤ ᠳᠤ᠂ ᠪᠢᠳᠡ ᠬᠠᠷᠢᠨ ᠶᠠᠳᠠᠭᠤ ᠬᠦᠴᠢᠷᠳᠠᠢ ᠪᠣᠶᠣ ᠲᠡᠳᠦᠢ ᠪᠠᠶᠠᠨ ᠲᠠᠷᠭᠤᠨ ᠪᠢᠰᠢ ᠪᠠᠶᠢᠭᠠᠳ | ᠬᠡᠣᠬᠡᠳ ᠢᠶᠠᠨ ᠬᠡᠳᠦ ᠪᠠᠶᠠᠨ ᠲᠠᠷᠭᠤᠨ ᠥᠶᠥᠭ ᠲᠠᠪᠠᠲᠠᠢ ᠨᠦᠬᠦᠴᠡᠯ ᠲᠠᠢ᠂ ᠰᠡᠳᠬᠢᠯᠭᠡ ᠲᠠᠢ ᠪᠣᠯᠭᠠᠨ ᠮᠠᠭᠤ | ᠰᠣᠷᠭᠠᠵᠦ ᠪᠠᠶᠢᠬᠤ ᠨᠢ ᠬᠠᠮᠤᠭ ᠤᠨ ᠬᠠᠷᠠᠮᠰᠠᠯᠲᠠᠢ ᠶᠠᠪᠣᠳᠠᠯ ᠮᠦᠨ᠃ ᠣᠯᠠᠩᠬᠢ ᠬᠡᠣᠬᠡᠳ ᠵᠣᠭᠤᠰ ᠮᠥᠩᠭᠦᠨ ᠤ | ᠲᠣᠬᠠᠢ ᠵᠦᠪ ᠦᠵᠡᠯᠲᠠ ᠲᠠᠨᠢᠯᠲᠠ ᠦᠭᠡᠢ᠂ ᠵᠣᠭᠤᠰ ᠮᠥᠩᠭᠦ ᠴᠢᠨᠢ ᠬᠦᠴᠦ ᠬᠦᠳᠡᠯᠮᠦᠷᠢ᠂ ᠬᠦᠯᠦᠰᠦ ᠴᠢᠰᠣ᠂ | ᠠᠷᠭ᠎ᠠ ᠣᠬᠠᠭᠠᠨ᠂ ᠡᠷᠳᠡᠮ ᠴᠢᠳᠠᠪᠣᠷᠢ ᠪᠠᠷ ᠰᠣᠯᠢᠵᠦ ᠢᠷᠡᠵᠠᠢ ᠭᠡᠭᠴᠢ ᠶᠢ ᠲᠠᠨᠢᠬᠤ ᠦᠭᠡᠢ ᠪᠠᠶᠢᠬᠤ ᠨᠢ ᠠᠷᠭ᠎ᠠ | ᠦᠭᠡᠢ ᠲᠡᠳᠡᠨ ᠤ ᠪᠣᠷᠣᠭᠤ ᠪᠢᠰᠢ᠂ ᠬᠠᠷᠢᠨ ᠡ᠊ᠨᠡ ᠭᠦ ᠦᠵᠡᠯᠲᠡ ᠲᠠᠨᠢᠯᠲᠠ ᠶᠢ ᠣᠯᠠᠮᠵᠢᠯᠠᠵᠦ᠂ ᠬᠡᠪ ᠳᠠᠭᠤᠷᠢᠶᠠᠯ | ᠪᠣᠯᠵᠦ ᠬᠡᠯᠡᠵᠦ ᠰᠣᠷᠭᠠᠭᠰᠠᠨ ᠬᠦᠮᠦᠨ ᠦᠭᠡᠢ ᠪᠠᠶᠢᠬᠤ ᠨᠢ ᠭᠡᠴᠡᠬᠦᠦ ᠶᠠᠪᠣᠳᠠᠯ᠃ | 7. ᠰᠣᠷᠣᠯᠭ᠎ᠠ ᠬᠢᠴᠢᠶᠡᠯ ᠪᠠᠨ ᠰᠣᠷᠴᠦ ᠡᠵᠡᠮᠰᠢᠬᠦ ᠳᠤ ᠨᠢ ᠴᠢᠳᠠᠯ ᠤᠨ ᠬᠢᠷᠢ ᠪᠠᠷ ᠢᠶᠠᠨ ᠨᠦᠬᠦᠴᠡᠯ | ᠪᠦᠷᠢᠯᠳᠣᠬᠦᠯᠵᠦ ᠥᠭᠬᠦᠭᠡᠷᠠᠢ᠃ ᠵᠢᠱᠢᠶᠡᠯᠡᠪᠡᠯ᠂ ᠨᠢᠭᠡ ᠲᠣᠰᠬᠠᠢ ᠨᠣᠮ ᠤᠨ ᠥᠷᠦᠭᠡ ᠭᠠᠷᠭᠠᠨ ᠪᠡᠶ᠎ᠡ ᠪᠠᠨ ᠳᠠᠭᠠᠭᠠᠨ | ᠲᠠᠪᠲᠠᠬᠤ᠂ ᠨᠣᠮ ᠦᠵᠡᠬᠦ ᠣᠷᠴᠢᠨ ᠲᠣᠭᠤᠷᠢᠨ ᠢ ᠪᠦᠷᠢᠯᠳᠦᠭᠦᠯᠵᠦ ᠥᠭᠬᠦ᠂ ᠳᠣᠷᠠᠲᠠᠢ ᠨᠣᠮ ᠢ ᠨᠢ ᠠᠪᠴᠦ ᠥᠭᠬᠦ᠂ | ᠡᠯ᠎ᠡ ᠵᠦᠢᠯ ᠤᠨ ᠪᠢᠴᠢᠭ ᠤᠨ ᠬᠡᠷᠡᠭᠰᠡᠯ ᠢ ᠨᠢ ᠴᠠᠭ ᠳᠠᠷᠣᠢ ᠬᠠᠩᠭᠠᠵᠦ ᠥᠭᠬᠦ ᠵᠡᠷᠭᠡ᠃ | 8. ᠠᠩᠬᠠᠷᠣᠯ ᠲᠦᠪᠯᠡᠷᠡᠬᠦᠯᠬᠦ ᠴᠢᠳᠠᠪᠣᠷᠢ ᠶᠢ ᠬᠠᠷ᠎ᠠ ᠪᠠᠭ᠎ᠠ ᠠᠴᠠ ᠨᠢ ᠪᠣᠯᠪᠠᠰᠣᠷᠠᠭᠤᠯᠵᠦ | ᠪᠣᠯᠣᠨ᠎ᠠ᠃ ᠠᠩᠬᠠᠷᠣᠯ ᠲᠦᠪᠯᠡᠷᠡᠵᠦ ᠴᠢᠳᠠᠳᠠᠭ ᠬᠡᠣᠬᠡᠳ ᠰᠠᠶᠢᠨ ᠰᠣᠷᠴᠦ ᠴᠢᠳᠠᠳᠠᠭ᠃ ᠬᠡᠣᠬᠡᠳ ᠤᠨ | ᠰᠣᠨᠢᠷᠬᠠᠯ ᠤᠨ ᠰᠡᠳᠬᠢᠯᠭᠡ ᠲᠣᠣᠷ᠎ᠠ ᠪᠠᠨ ᠪᠠᠭᠤᠷᠠᠳᠠᠭ ᠣᠨᠴᠠᠯᠢᠭ ᠲᠠᠢ ᠣᠴᠢᠷ ᠠᠷᠭ᠎ᠠ ᠰᠦᠪᠡᠭᠴᠢᠯᠠᠨ ᠪᠣᠯᠪᠠᠰᠣᠷᠠᠯ | ᠬᠢᠪᠡᠯ ᠬᠡᠣᠬᠡᠳ ᠴᠢᠨᠢ ᠣᠳᠠᠯ ᠦᠭᠡᠢ ᠴᠢᠨᠣ ᠰᠠᠨᠠᠭᠰᠠᠨ ᠢᠶᠠᠷ ᠨᠡᠯᠢᠶᠡᠳ ᠣᠷᠲᠦ ᠬᠤᠭᠤᠴᠠᠭᠠᠨ ᠳᠤ ᠠᠩᠬᠠᠷᠣᠯ | ᠲᠦᠪᠯᠡᠷᠡᠳᠡᠭ ᠨᠢᠭᠡᠨ ᠪᠣᠯᠵᠦ ᠬᠦᠮᠦᠵᠢᠳᠡᠭ᠃ ᠦᠪᠡᠷ ᠤᠨ ᠨᠢᠭᠡᠨ ᠬᠦᠮᠦᠵᠢᠯ ᠤᠨ ᠵᠢᠱᠢᠶᠠᠨ ᠠᠴᠠ ᠲᠣᠷᠠᠳᠪᠠᠯ᠂ | ᠮᠢᠨᠣ ᠥᠬᠢᠨ ᠲᠦᠭᠦᠭᠡ ᠣᠷᠣᠮᠠᠭᠴᠠ ᠬᠠᠮᠲᠦ ᠲᠣᠭᠯᠠᠵᠦ᠂ ᠠᠩᠬᠠᠷᠣᠯ ᠤᠨ ᠪᠣᠯᠪᠠᠰᠣᠷᠠᠯ ᠬᠢᠬᠦ ᠪᠣᠶᠣ ᠬᠤᠶᠠᠷ | ᠠᠳᠠᠯᠢᠬᠠᠨ ᠵᠢᠷᠤᠭ ᠤᠨ ᠢᠵᠢᠯ ᠪᠣᠰᠣ ᠲᠠᠯ᠎ᠠ ᠶᠢ ᠡᠷᠢᠬᠦ ᠲᠣᠭᠯᠠᠭᠠᠮ ᠲᠣᠭᠯᠠᠬᠤ᠂ ᠵᠢᠷᠤᠭ ᠵᠢᠷᠣᠬᠤ᠂ ᠦᠯᠢᠭᠡᠷ | ᠬᠡᠯᠡᠵᠦ ᠥᠭᠬᠦᠭᠡᠳ ᠳᠠᠬᠢᠨ ᠬᠡᠣᠬᠡᠳ ᠢᠶᠠᠷ ᠶᠠᠷᠢᠭᠤᠯᠬᠤ᠂ ᠦᠰᠦᠷᠬᠦ ᠰᠢᠲᠠᠷ᠎ᠠ ᠲᠣᠭᠯᠠᠬᠤ ᠵᠡᠷᠭᠡ ᠪᠠᠷ ᠰᠣᠷᠭᠠᠵᠦ᠂ | ᠰᠠᠶ᠋ᠢ ᠴᠡᠴᠡᠷᠯᠢᠭ ᠲᠤ ᠣᠷᠣᠭᠰᠠᠨ ᠴᠠᠭ ᠠᠴᠠ ᠡᠳᠦᠷ ᠪᠦᠷᠢ ᠬᠠᠷᠢᠵᠦ ᠢᠷᠡᠮᠡᠭᠴᠡ ᠬᠡᠨ ᠲᠠᠢ ᠲᠣᠭᠯᠠᠭᠰᠠᠨ︖ | ᠬᠡᠳᠦᠢ ᠨᠦᠬᠦᠳ ᠴᠢᠨᠢ ᠴᠡᠴᠡᠷᠯᠢᠭ ᠲᠤ ᠪᠠᠨ ᠢᠷᠡᠭᠰᠡᠨ︖ ᠬᠡᠨ ᠰᠠᠭᠠᠳᠣᠭᠰᠠᠨ︖ ᠶᠠᠮᠠᠷ ᠠᠮᠲᠠᠳᠦ ᠬᠤᠭᠤᠯᠠ | ᠢᠳᠡᠭᠰᠡᠨ︖ ᠪᠠᠭᠰᠢ ᠲᠠᠢ ᠪᠠᠨ ᠬᠡᠷᠬᠢᠨ ᠦᠩᠭᠡᠷᠡᠬᠦᠯᠦᠭᠰᠠᠨ︖ ᠪᠠᠭᠰᠢ ᠨᠢ ᠶᠠᠭᠤ ᠵᠢᠭᠠᠭᠰᠠᠨ᠂ ᠶᠠᠭᠤ ᠬᠡᠯᠡᠭᠰᠡᠨ︖ | ᠦᠨᠦᠳᠦᠷ ᠶᠠᠮᠠᠷ ᠪᠡᠷᠭᠡᠰᠢᠶᠡᠯ ᠲᠠᠢ ᠶᠠᠪᠣᠳᠠᠯ ᠪᠣᠶᠣ ᠪᠠᠶᠠᠷᠲᠦ ᠣᠴᠢᠷ ᠬᠠᠷᠭᠤᠭᠰᠠᠨ ᠪᠣᠢ︖ ᠰᠢᠨ᠎ᠡ ᠰᠣᠨᠢᠨ | ᠵᠦᠢᠯ ᠶᠠᠭᠤ ᠪᠠᠶᠢᠨ᠎ᠡ︖ ᠵᠡᠷᠭᠡ ᠣᠯᠠᠨ ᠣᠯᠠᠨ ᠠᠰᠠᠭᠤᠯᠲᠠ ᠲᠠᠯᠪᠢᠵᠦ ᠬᠠᠷᠢᠭᠤᠯᠲᠠ ᠬᠦᠰᠡᠬᠦ ᠳᠤ | ᠣᠳᠠᠭᠠᠨ ᠳᠤ ᠪᠠᠨ ᠰᠣᠷᠭᠠᠭᠤᠯᠢ ᠳᠤ ᠦᠩᠭᠡᠷᠡᠬᠦᠯᠦᠭᠰᠡᠨ ᠢᠶᠠᠨ ᠪᠦᠬᠦᠨ ᠢ ᠠᠩᠬᠠᠷᠣᠯ ᠲᠠᠯᠪᠢᠨ ᠴᠡᠭᠡᠵᠢᠯᠡᠭᠡᠳ | ᠢᠷᠡᠳᠡᠭ ᠪᠣᠯᠣᠭᠰᠠᠨ ᠪᠠᠶᠢᠨ᠎ᠠ᠃ ᠡᠬᠦᠨ ᠢ ᠨᠢ ᠦᠰᠦᠨ ᠪᠤᠶᠢᠵᠢᠯᠲᠠ ᠤᠨ ᠲᠡᠮᠳᠡᠭᠯᠡᠯ ᠬᠢᠵᠦ ᠴᠡᠴᠡᠷᠯᠢᠭ ᠳᠡᠭᠦᠰᠲᠡᠯᠡ | ᠪᠠᠷᠢᠮᠲᠠᠯᠠᠨ ᠪᠢᠴᠢᠭᠰᠡᠨ ᠠᠴᠠ ᠣᠳᠣ ᠴᠦ ᠬᠡᠰᠡᠨ ᠥᠬᠢᠨ ᠮᠢᠨᠢ ᠲᠡᠷᠡ ᠵᠣᠵᠠᠭᠠᠨ ᠲᠡᠮᠳᠡᠭᠯᠡᠯ ᠢ ᠪᠠᠶᠢᠨ ᠪᠠᠶᠢᠨ | ᠭᠠᠷᠭᠠᠨ ᠦᠵᠡᠵᠦ ᠪᠢ ᠪᠠᠭ᠎ᠠ ᠳᠤ ᠪᠠᠨ ᠡᠶᠢᠮᠦ ᠡᠶᠢᠮᠦ ᠪᠠᠶᠢᠭᠰᠠᠨ ᠭᠡᠵᠦ ᠲᠣᠷᠠᠰᠳᠠᠭ ᠶᠣᠮ᠃ | 9. ︽ᠪᠣᠷᠮ᠎ᠠ ᠪᠠᠷ ᠲᠡᠳᠬᠦᠬᠦ ᠪᠠᠷ ᠣᠷᠮ᠎ᠠ ᠪᠠᠷ ᠲᠡᠳᠬᠦ︾᠂ ︽ᠣᠷᠮ᠎ᠠ ᠶᠢ ᠨᠢ ᠬᠤᠭᠤᠯᠬᠤ ᠪᠠᠷ | ᠣᠭᠤᠴᠠ ᠶᠢ ᠨᠢ ᠬᠤᠭᠤᠯ︾ ᠭᠡᠳᠡᠭᠴᠢᠯᠠᠨ ᠣᠷᠮᠠᠰᠢᠭᠤᠯᠣᠯ ᠵᠣᠷᠢᠬᠵᠢᠭᠤᠯᠣᠯ ᠤᠨ ᠬᠦᠴᠦᠨ ᠪᠣᠯ ᠬᠡᠮᠵᠢᠶᠡᠯᠡᠰᠢ | ᠦᠭᠡᠢ ᠶᠤᠮ᠃ ᠲᠣᠮᠣ ᠬᠦᠮᠦᠰ ᠴᠦ ᠮᠠᠭᠳᠠᠵᠦ ᠰᠠᠶᠢᠰᠢᠶᠠᠪᠠᠯ ᠪᠠᠶᠠᠷᠯᠠᠵᠦ ᠠᠩᠰᠠᠶᠢᠳᠠᠭ ᠶᠣᠮ ᠴᠢᠨᠢ᠂ ᠨᠠᠩ | ᠬᠡᠣᠬᠡᠳ ᠢ ᠬᠡᠯᠡᠬᠦ ᠬᠡᠷᠡᠭ ᠪᠠᠶᠢᠨ᠎ᠠ ᠦᠦ︕ ᠣᠷᠮᠠᠰᠢᠭᠤᠯᠬᠤ ᠳᠤ ᠴᠦ ᠳᠡᠮ ᠬᠡᠷᠡᠭᠲᠠᠢ᠂ ᠣᠷᠮᠠᠰᠢᠭᠤᠯᠵᠦ | ᠵᠣᠷᠢᠬᠵᠢᠭᠤᠯᠬᠤ ᠳᠤ ᠪᠠᠨ ᠵᠦᠪᠬᠡᠨ ᠦᠷ᠎ᠡ ᠳ᠋ᠦᠩ ᠢ ᠨᠢ ᠮᠠᠭᠲᠠᠵᠦ ᠰᠠᠶᠢᠰᠢᠶᠠᠬᠤ ᠪᠢᠰᠢ᠂ ᠬᠠᠷᠢᠨ ᠶᠠᠪᠣᠴᠠ ᠶᠢ ᠨᠢ | ᠮᠠᠭᠲᠠᠵᠦ ᠣᠷᠮᠠᠰᠢᠭᠤᠯᠪᠠᠯ ᠦᠷ᠎ᠡ ᠳ᠋ᠦᠩ ᠨᠢ ᠢᠯᠡᠷᠬᠡᠢ ᠰᠠᠶᠢᠨ ᠶᠤᠮ᠃ ᠰᠢᠯᠭᠠᠯᠲᠠ ᠳᠤ ᠪᠠᠨ ᠰᠠᠶᠢᠨ ᠳ᠋ᠦᠩ | ᠠᠪᠣᠭᠰᠠᠨ ᠴᠦ᠄ ︽ᠣᠷᠴᠢᠮ ᠬᠢᠴᠢᠶᠡᠯ ᠢᠶᠠᠨ ᠠᠩᠬᠠᠷᠣᠨ ᠰᠣᠨᠣᠰᠴᠦ᠂ ᠣᠷᠢᠳᠴᠢᠯᠠᠨ ᠲᠠᠪᠳᠠᠵᠦ ᠮᠡᠷᠡᠶᠢᠨ | ᠴᠢᠷᠮᠠᠶᠢᠭᠰᠠᠨ ᠠᠴᠠ ᠪᠣᠯᠣᠯ᠎ᠠ︕︾ ᠭᠡᠪᠡᠯ ᠬᠡᠣᠬᠡᠳ ᠴᠢᠨᠢ ᠡ᠊ᠨᠡ ᠭᠦ ᠴᠢᠷᠮᠠᠶᠢᠯᠭ᠎ᠠ ᠶᠢᠨ ᠶᠠᠪᠣᠴᠠ ᠨᠢ ᠭᠡᠴᠢᠨᠡᠭᠡᠨ | ᠴᠢᠬᠤᠯᠠ ᠭᠡᠭᠴᠢ ᠶᠢ ᠣᠶᠢᠯᠠᠭᠠᠬᠤ ᠪᠣᠯᠣᠨ᠎ᠠ᠃ | 10. ᠪᠡᠶ᠎ᠡ ᠪᠠᠨ ᠳᠠᠭᠠᠭᠠᠬᠤ ᠴᠢᠳᠠᠪᠣᠷᠢ ᠶᠢ ᠬᠦᠮᠦᠵᠢᠬᠦᠯᠬᠦ ᠬᠡᠷᠡᠭᠲᠠᠢ᠃ ︽ᠠᠵᠢᠯ ᠬᠢᠪᠡᠯ ᠳᠠᠭᠤᠰᠲᠠᠯ᠎ᠠ᠂ | ᠳᠠᠪᠣᠰᠣ ᠬᠢᠪᠡᠯ ᠠᠭᠤᠰᠲᠠᠯ᠎ᠠ︾ ᠬᠡᠭᠴᠢ ᠪᠠᠷ ᠶᠠᠮᠠᠷ ᠨᠢᠭᠡᠨ ᠠᠵᠢᠯ ᠦᠢᠯᠡ ᠶᠢ ᠪᠡᠶ᠎ᠡ ᠳᠠᠭᠠᠭᠠᠨ ᠬᠢᠵᠦ | ᠳᠠᠭᠤᠰᠬᠠᠬᠤ ᠳᠤ ᠨᠢ ᠲᠣᠰᠠᠯᠠᠨ ᠵᠣᠷᠢᠬᠵᠢᠭᠤᠯᠵᠦ ᠪᠠᠶᠢᠪᠠᠯ ᠦᠪᠡᠷ ᠢᠶᠠᠨ ᠣᠯᠠᠮ ᠵᠣᠷᠢᠭᠲᠠᠢ ᠪᠣᠯᠵᠦ᠂ ᠣᠯᠠᠨ | ᠵᠦᠢᠯ ᠢ ᠬᠢᠵᠦ ᠡᠵᠡᠮᠰᠢᠬᠦ ᠶᠢ ᠬᠦᠰᠡᠳᠡᠭ ᠪᠣᠯᠳᠠᠭ᠃ ᠮᠦᠨ ᠬᠢᠴᠢᠶᠡᠯ ᠰᠣᠷᠣᠯᠭ᠎ᠠ ᠶᠢᠨ ᠳᠠᠰᠬᠠᠯ ᠳᠠᠭᠠᠭᠠᠯᠭᠠᠪᠣᠷᠢ | ᠬᠢᠵᠦ ᠬᠦᠢᠴᠡᠳᠬᠡᠬᠦ ᠳᠤ ᠨᠢ ᠴᠦ ᠠᠳᠠᠯᠢᠬᠠᠨ᠂ ᠳᠠᠭᠤᠰᠬᠠᠭᠰᠠᠨ ᠤ ᠳᠠᠷᠠᠭ᠎ᠠ ᠰᠠᠶ᠋ᠢ ᠬᠢᠨᠠᠵᠦ ᠦᠭᠬᠦ ᠪᠣᠶᠣ | ᠣᠶᠢᠯᠠᠭᠠᠬᠤ ᠦᠭᠡᠢ ᠶᠢ ᠨᠢ ᠬᠡᠯᠡᠵᠦ ᠵᠢᠯᠣᠭᠤᠳᠪᠠᠯ ᠰᠠᠶᠢᠨ᠃ ᠳᠡᠭᠡᠬᠦ ᠦᠭᠡᠢ ᠪᠣᠯ ᠪᠠᠭ᠋ᠠᠨ ᠬᠦᠴᠢᠷ | ᠲᠣᠬᠢᠶᠠᠯᠳᠣᠮᠠᠭᠴᠠ ᠬᠠᠰᠢᠷᠠᠳᠠᠭ ᠬᠡᠮ ᠲᠠᠢ ᠪᠣᠯᠵᠦ᠂ ᠪᠣᠰᠣᠳ ᠢ ᠬᠠᠷᠠᠵᠦ᠂ ᠪᠣᠰᠣᠳ ᠢ ᠲᠦᠰᠢᠳᠡᠭ ᠪᠣᠯᠳᠠᠭ᠃ | 11. ᠠᠮᠢᠳᠣᠷᠠᠯ ᠰᠣᠷᠣᠯᠭ᠎ᠠ ᠳᠤ ᠪᠠᠨ ᠲᠦᠰᠦᠪ ᠲᠦᠯᠦᠪᠯᠡᠭᠡ ᠲᠠᠢ ᠪᠠᠶᠢᠵᠦ᠂ ᠡᠬᠦᠨ ᠢᠶᠠᠨ ᠪᠠᠷᠢᠮᠲᠠᠯᠠᠬᠤ ᠶᠢ | ᠰᠣᠷᠭᠠᠬᠤ ᠭᠡᠷᠡᠭᠳᠠᠢ᠃ ᠠᠮᠢᠳᠣᠷᠠᠯ ᠰᠣᠷᠣᠯᠴᠠᠯᠭ᠎ᠠ ᠶᠢᠨ ᠳᠣᠮᠳᠠ ᠰᠣᠯᠠ ᠰᠡᠯᠡᠬᠦᠦ ᠴᠠᠭ ᠮᠣᠩ ᠦᠭᠡᠢ ᠣᠯᠳᠠᠳᠠᠭ᠂ | ᠠᠮᠵᠢᠯᠲᠠ ᠪᠦᠳᠦᠮᠵᠢ ᠭᠠᠷᠭᠠᠭᠰᠠᠨ ᠬᠦᠮᠦᠰ ᠤᠨ ᠣᠯᠠᠩᠭᠢ ᠨᠢ ᠶᠠᠭ ᠡ᠊ᠨᠡ ᠭᠦ ᠴᠠᠭ ᠢ ᠪᠦᠲᠦᠮᠵᠢᠲᠠᠢ | ᠠᠰᠢᠭᠯᠠᠭᠰᠠᠨ ᠳᠤ ᠪᠠᠶᠢᠳᠠᠭ᠃ ᠡᠶᠢᠮᠦᠷᠬᠦᠤ ᠴᠠᠭ ᠢ ᠡᠪᠲᠠᠢ᠂ ᠲᠦᠰᠦᠪ ᠲᠦᠯᠦᠪᠯᠡᠭᠡ ᠲᠠᠢ ᠠᠰᠢᠭᠯᠠᠬᠤ ᠨᠢ | ᠴᠢᠮ᠎ᠠ ᠶᠢ ᠠᠮᠵᠢᠯᠲᠠ ᠳᠤ ᠬᠦᠷᠭᠡᠳᠡᠭ᠃ ᠬᠡᠣᠬᠡᠳ ᠲᠤ ᠪᠠᠨ ᠲᠦᠰᠦᠪ ᠲᠦᠯᠦᠪᠯᠡᠭᠡ ᠲᠣᠭᠲᠠᠭᠠᠬᠤ ᠠᠷᠭ᠎ᠠ ᠶᠢ | ᠰᠣᠷᠭᠠᠵᠦ ᠬᠠᠮᠲᠦ ᠪᠠᠷ ᠴᠢᠷᠮᠠᠶᠢᠵᠦ ᠡᠬᠦᠨ ᠢᠶᠠᠨ ᠬᠦᠢᠴᠡᠳᠬᠡᠵᠦ ᠴᠢᠳᠠᠪᠠᠯ ᠬᠡᠣᠬᠡᠳ ᠴᠢᠨᠢ ᠪᠠᠭ᠎ᠠ ᠪᠣᠰᠣ ᠣᠯᠣᠯᠲᠠ | ᠢᠳᠡᠭᠡᠯ ᠲᠠᠢ ᠪᠣᠯᠬᠤ ᠪᠣᠯᠣᠨ᠎ᠠ᠃ | 12. ᠠᠴᠢ ᠲᠣᠰᠠ ᠶᠢ ᠮᠡᠳᠡᠷᠡᠬᠦ᠂ ᠲᠠᠯᠠᠷᠬᠠᠯ ᠤᠨ ᠰᠡᠳᠬᠢᠯᠭᠡ᠂ ᠠᠴᠢ ᠬᠠᠷᠢᠭᠤᠯᠠᠬᠤ ᠰᠡᠳᠬᠢᠯᠭᠡ ᠶᠢ | ᠬᠦᠮᠦᠵᠢᠬᠦᠯᠬᠦ ᠭᠡᠷᠡᠭᠳᠠᠢ᠃ ᠬᠤᠷᠠᠭ᠎ᠠ ᠢᠰᠢᠭᠡ ᠴᠦ ᠡᠬᠡ ᠪᠠᠨ ᠬᠦᠬᠦᠬᠦ ᠳᠤ ᠰᠦᠬᠦᠳᠴᠦ ᠪᠠᠶᠢᠭᠠᠳ ᠬᠦᠬᠦᠳᠡᠭ ᠰᠢᠭ | ᠬᠡᠣᠬᠡᠳ ᠲᠤ ᠲᠣᠰᠠ ᠬᠦᠷᠭᠡᠭᠰᠡᠨ ᠬᠦᠮᠦᠨ ᠤ ᠠᠴᠢ ᠶᠢ ᠰᠠᠨᠠᠵᠦ ᠶᠠᠪᠣᠬᠤ᠂ ᠬᠠᠷᠢᠭᠤᠯᠠᠬᠤ ᠲᠠᠯᠠᠷᠬᠠᠯ ᠤᠨ | ᠰᠡᠳᠬᠢᠯᠭᠡ ᠲᠠᠢ ᠪᠠᠶᠢᠬᠤ ᠶᠢ ᠰᠣᠷᠭᠠᠬᠤ ᠴᠢᠬᠤᠯᠠᠲᠠᠢ᠃ ᠬᠠᠷᠢᠨ ᠡᠰᠡᠷᠬᠦ ᠪᠠᠷ ᠪᠣᠯ ᠬᠡᠣᠬᠡᠳ ᠴᠢᠨᠢ ᠠᠴᠢ ᠲᠣᠰᠠ ᠶᠢ | ᠰᠡᠷᠡᠨ ᠣᠬᠠᠳᠠᠭ ᠦᠭᠡᠢ ᠬᠦᠢᠳᠡᠨ ᠴᠡᠪᠳᠡᠭ ᠰᠡᠳᠬᠢᠯ ᠲᠠᠢ ᠪᠣᠯᠵᠦ᠂ ᠣᠯᠠᠨ ᠳᠤ ᠭᠤᠯᠣᠭᠳᠠᠨ ᠵᠠᠶᠢᠳᠠᠵᠦ᠂ | ᠰᠡᠭᠦᠯ ᠠᠴᠠ ᠪᠠᠨ ᠦᠭᠡᠷ᠎ᠡ ᠲᠠᠰᠢᠭᠤᠷ ᠦᠭᠡᠢ᠂ ᠰᠡᠭᠦᠳᠡᠷ ᠠᠴᠠ ᠪᠠᠨ ᠦᠭᠡᠷ᠎ᠡ ᠨᠥᠬᠦᠷ ᠦᠭᠡᠢ ᠪᠣᠯᠬᠤ ᠳᠤ | ᠬᠦᠷᠦᠨ᠎ᠡ᠃ | 13. ᠨᠠᠶᠢᠷ ᠵᠢᠷᠣᠮ ᠢ ᠡᠷᠬᠢᠮᠯᠡᠵᠦ᠂ ᠪᠣᠰᠣᠳ ᠲᠠᠢ ᠡᠶ᠎ᠡ ᠨᠠᠶᠢᠷ ᠲᠠᠢ ᠶᠠᠪᠣᠵᠦ᠂ ᠬᠡᠷᠡᠭ ᠣᠴᠢᠷ | ᠲᠣᠬᠢᠶᠠᠯᠳᠣᠪᠠᠯ ᠯᠠᠪᠳᠠᠭᠤᠨ ᠰᠠᠭᠤᠷᠢ ᠲᠠᠢ ᠬᠠᠨᠳᠣᠵᠦ᠂ ᠠᠭᠤᠴᠢᠯᠠᠯ ᠢ ᠡᠷᠬᠢᠮᠯᠡᠬᠦ ᠭᠡᠷᠡᠭᠳᠠᠢ᠃ | 14. ᠦᠨᠡᠨᠴᠢ ᠪᠠᠶᠢᠬᠤ ᠶᠢ ᠡᠷᠬᠢᠮᠯᠡᠪᠡᠯ ᠵᠤᠬᠢᠨ᠎ᠠ᠂ ᠡᠨᠡ ᠳᠡᠯᠡᠭᠡᠢ ᠳᠡᠭᠡᠷ᠎ᠡ ᠶᠠᠮᠠᠷ ᠴᠦ ᠦᠶ᠎ᠡ ᠳᠤ ᠡᠴᠢᠭᠡ | ᠡᠭᠡ ᠠᠴᠠ ᠨᠢ ᠢᠯᠡᠭᠦᠦ ᠭᠤᠶᠢᠪᠢᠰᠢ ᠦᠭᠡᠢ ᠪᠠᠳᠣ ᠬᠠᠶᠢᠷᠠᠯᠠᠨ ᠰᠠᠨᠠᠬᠤ ᠬᠦᠮᠦᠨ ᠦᠭᠡᠷ᠎ᠡ ᠬᠤᠣᠰ ᠦᠭᠡᠢ ᠭᠡᠭᠴᠢ ᠶᠢ | ᠮᠡᠳᠡᠭᠦᠯᠵᠦ᠂ ᠶᠠᠮᠠᠷ ᠶᠠᠪᠣᠳᠠᠯ᠂ ᠬᠦᠴᠢᠷ ᠲᠦᠪᠡᠭ᠂ ᠰᠡᠳᠬᠢᠯ ᠤᠨ ᠴᠣᠬᠢᠯᠲᠠ᠂ ᠳᠠᠷᠣᠯᠠᠯ ᠲᠣᠷᠣᠮᠵᠢᠯᠠᠯ ᠠᠮᠰᠠᠵᠦ | ᠪᠠᠶᠢᠭᠰᠠᠨ ᠴᠦ ᠨᠢᠭᠤᠯ ᠦᠭᠡᠢ ᠡᠴᠢᠭᠡ ᠡᠭᠡ ᠶᠢᠨ ᠢᠶᠠᠨ ᠠᠯᠢ ᠨᠢᠭᠡᠨ ᠳᠤ ᠨᠢ ᠬᠡᠯᠡᠵᠦ ᠪᠠᠶᠢᠬᠤ ᠴᠢᠬᠤᠯᠠᠲᠠᠢ ᠶᠤᠮ | ᠭᠡᠭᠴᠢ ᠶᠢ ᠣᠬᠠᠭᠠᠷᠠᠭᠤᠯᠵᠦ ᠰᠡᠩᠭᠡᠷᠡᠬᠦᠯᠬᠦ ᠬᠡᠷᠡᠭᠲᠠᠢ᠃ | 15. ᠠᠮᠣᠷ ᠲᠦᠪᠰᠢᠨ ᠤ ᠬᠦᠮᠦᠵᠢᠯ ᠢ ᠪᠠᠶᠢᠩᠭᠤ ᠬᠢᠵᠦ ᠪᠠᠶᠢᠭᠠᠷᠠᠢ᠃ ᠠᠮᠣᠷ ᠲᠦᠪᠰᠢᠨ ᠤ ᠨᠢᠭᠤᠭᠳᠠᠮᠠᠯ | ᠬᠡᠮ ᠰᠣᠭᠤᠭ ᠬᠠᠮᠢᠭ᠎ᠠ ᠴᠦ ᠣᠷᠣᠰᠢᠵᠦ ᠪᠣᠢ᠃ ︽ᠪᠡᠶ᠎ᠡ ᠪᠠᠶᠢᠪᠠᠯ ᠪᠡᠭᠡᠵᠢᠩ︾ ᠭᠡᠳᠡᠭ ᠢᠶᠠᠷ ᠲᠡᠷᠭᠡ ᠣᠨᠤᠭ᠎ᠠ ᠵᠠᠮ | ᠬᠠᠷᠢᠯᠴᠠᠭᠠᠨ ᠤ ᠠᠶᠣᠯ᠂ ᠣᠰᠣ ᠴᠠᠬᠢᠯᠭᠠᠨ ᠤ ᠠᠶᠣᠯ᠂ ᠬᠡᠨᠡᠳᠲᠠ ᠶᠢᠨ ᠠᠶᠣᠯ ᠁ ᠭᠡᠳ ᠲᠦᠭᠡᠮᠡᠯ | ᠣᠷᠣᠰᠢᠵᠦ ᠪᠠᠶᠢᠬᠤ ᠠᠴᠠ ᠦᠷᠬᠦᠯᠵᠢ ᠪᠡᠶ᠎ᠡ ᠪᠠᠨ ᠬᠠᠮᠠᠭᠠᠯᠠᠬᠤ᠂ ᠠᠶᠣᠯ ᠢ ᠣᠷᠢᠳᠴᠢᠯᠠᠨ ᠰᠡᠷᠭᠡᠶᠢᠯᠡᠬᠦ ᠣᠬᠠᠭᠠᠨ ᠢ | ᠵᠢᠭᠠᠵᠦ ᠰᠣᠷᠭᠠᠬᠤ ᠨᠢ ᠦᠷ᠎ᠡ ᠬᠡᠣᠬᠡᠳ ᠢᠶᠠᠨ ᠰᠠᠷᠠᠭᠤᠯ ᠣᠬᠠᠭᠠᠨ ᠡᠷᠡᠬᠦᠯ ᠪᠡᠶ᠎ᠡ ᠲᠠᠢ ᠠᠮᠣᠷ ᠲᠠᠶᠢᠪᠣᠩ | ᠦᠰᠭᠡᠬᠦ ᠶᠢᠨ ᠲᠡᠷᠢᠬᠦᠨ ᠨᠦᠬᠦᠴᠡᠯ ᠮᠦᠨ᠃ | 16. ᠪᠠᠭᠰᠢ ᠠᠬᠠᠮᠠᠳ ᠢᠶᠠᠨ ᠬᠦᠨᠳᠦᠯᠡᠬᠦ ᠶᠢ ᠰᠣᠷᠭᠠᠬᠤ ᠭᠡᠷᠡᠭᠳᠠᠢ᠃ ︽ᠴᠢᠩᠭ᠎ᠠ ᠪᠠᠭᠰᠢ ᠠᠴᠠ ᠬᠠᠳᠠᠭᠤ | ᠱᠠᠪᠢ︾ ᠭᠡᠳᠡᠭ᠃ ᠬᠡᠣᠬᠡᠳ ᠤᠨ ᠢᠶᠠᠨ ᠵᠠᠬ᠎ᠠ ᠳᠤ ᠪᠠᠭᠰᠢ ᠶᠢ ᠨᠢ ᠮᠠᠭᠤᠯᠠᠵᠦ ᠪᠣᠯᠬᠤ ᠦᠭᠡᠢ᠂ ᠶᠠᠮᠠᠷ ᠮᠠᠭᠤ ᠲᠠᠢ | ᠪᠠᠶᠢᠭᠰᠠᠨ ᠴᠦ ᠬᠡᠰᠡᠨ ᠢᠡᠭᠬᠢᠵᠤ ᠬᠢᠭᠦ ᠨᠢ ᠪᠤᠷᠤᠭᠤ ᠶᠤᠮ᠃ ᠣᠴᠢᠷ ᠨᠢ ᠭᠡᠷ ᠤᠨ ᠠᠬᠠᠮᠠᠳ ᠨᠢ ᠬᠦᠷᠳᠡᠯ᠎ᠡ | ᠦᠭᠡᠶᠢᠰᠭᠡᠭᠰᠡᠨ ᠪᠠᠭᠰᠢ ᠠᠴᠠ ᠦᠷ᠎ᠡ ᠬᠡᠣᠬᠡᠳ ᠨᠢ ᠶᠠᠭᠤᠮ᠎ᠠ ᠰᠣᠷᠴᠦ ᠲᠡᠶᠢᠯᠦᠨ᠎ᠡ ᠭᠡᠵᠦ ᠪᠠᠶᠢᠵᠦ ᠪᠣᠯᠵᠣᠰᠢ | ᠦᠭᠡᠢ᠃ ᠪᠠᠭᠰᠢ ᠶᠢᠨ ᠬᠢᠨᠢ ᠲᠣᠬᠠᠢ ᠬᠦᠨᠳᠦᠳᠬᠡᠯ ᠪᠢᠰᠢᠷᠡᠯ ᠤᠨ ᠰᠡᠳᠬᠢᠯᠭᠡ ᠶᠢ ᠨᠢ ᠬᠡᠷ ᠤᠨ ᠠᠬᠠᠮᠠᠳ ᠨᠢ ᠡᠷᠬᠦᠵᠦ | ᠮᠠᠭᠳᠠᠵᠦ ᠳᠡᠭᠡᠭᠰᠢᠯᠡᠬᠦᠯᠵᠦ ᠶᠠᠪᠣᠪᠠᠯ ᠬᠡᠣᠬᠡᠳ ᠴᠢᠨᠢ ᠪᠠᠭᠰᠢ ᠳᠤ ᠪᠠᠨ ᠣᠯᠠᠮ ᠢᠳᠡᠭᠡᠯ ᠪᠢᠰᠢᠷᠡᠯ ᠲᠠᠢ ᠪᠣᠯᠵᠦ ᠣᠯᠠᠮ | ᠣᠷᠮᠠᠰᠢᠨ ᠬᠢᠴᠢᠶᠡᠨ ᠰᠣᠷᠴᠦ ᠰᠣᠨᠣᠰᠬᠤ ᠪᠣᠯᠣᠨ᠎ᠠ᠃ | 17. ᠡᠬᠡ ᠬᠡᠯᠡᠨ ᠤ ᠬᠦᠮᠦᠵᠢᠯ ᠢ ᠰᠠᠶᠢᠳᠣᠷ ᠬᠢᠵᠦ᠂ ᠡᠬᠡ ᠬᠡᠯᠡᠨ ᠤ ᠬᠡᠪ ᠪᠣᠯᠪᠠᠰᠣᠷᠠᠯ ᠤᠨ ᠰᠠᠭᠤᠷᠢ ᠶᠢ ᠨᠢ | ᠪᠠᠲᠦ ᠲᠠᠯᠪᠢᠵᠦ ᠥᠭᠬᠦᠭᠡᠷᠠᠢ᠃ ᠶᠠᠫᠣᠨ ᠤ ᠨᠣᠫᠧᠯ ᠤᠨ ᠱᠠᠩᠨᠠᠯᠲᠦ ᠹᠢᠽᠢᠺᠴᠢ ᠲᠣᠰᠢᠾᠢᠳᠧ ᠮᠠᠰᠺᠠᠸᠠ᠄ ︽ᠶᠠᠫᠣᠨ | ᠬᠡᠣᠬᠡᠳ ᠤᠳ ᠲᠤ ᠪᠠᠭ᠎ᠠ ᠨᠠᠰᠣᠨ ᠠᠴᠠ ᠨᠢ ᠡᠬᠢᠯᠡᠭᠡᠳ ᠪᠦᠬᠦ ᠮᠡᠳᠡᠯᠭᠡ ᠶᠢ ᠶᠠᠫᠣᠨ ᠬᠡᠯᠡ ᠪᠠᠷ ᠣᠯᠭᠤᠵᠦ | ᠪᠠᠶᠢᠨ᠎ᠠ᠃ ᠡᠬᠡ ᠬᠡᠯᠡ ᠪᠠᠷ ᠡᠬᠢᠯᠡᠵᠦ ᠣᠯᠵᠦ ᠠᠪᠣᠭᠰᠠᠨ ᠮᠡᠳᠡᠯᠭᠡ ᠬᠠᠮᠤᠭ ᠤᠨ ᠪᠠᠲᠣᠲᠠᠢ᠂ ᠴᠠᠭᠠᠰᠢ ᠬᠦᠭᠵᠢᠬᠦ | ᠪᠣᠯᠣᠯᠴᠠᠭ᠎ᠠ ᠢᠯᠡᠬᠦᠦ ᠪᠠᠶᠢᠳᠠᠭ︾ ᠬᠡᠵᠦ ᠬᠡᠯᠡᠰᠡᠨᠴᠢᠯᠠᠨ ᠡᠬᠡ ᠬᠡᠯᠡᠨ ᠤ ᠪᠣᠯᠪᠠᠰᠣᠷᠠᠯ ᠢ ᠬᠠᠮᠵᠢᠨ ᠰᠠᠶᠢᠳᠣᠷ ᠬᠢᠵᠦ | ᠪᠠᠳᠣ ᠰᠠᠭᠤᠷᠢ ᠶᠢ ᠨᠢ ᠲᠠᠯᠪᠢᠵᠦ ᠥᠭᠪᠡᠯ ᠬᠡᠣᠬᠡᠳ ᠴᠢᠨᠢ ᠪᠣᠰᠣᠳ ᠬᠡᠯᠡ ᠰᠣᠷᠣᠭᠰᠠᠨ ᠴᠦ ᠰᠠᠶᠢᠨ ᠰᠣᠷᠴᠦ | ᠲᠡᠶᠢᠯᠬᠦ ᠶᠤᠮ᠃ ᠣᠴᠢᠷ ᠨᠢ ᠡᠬᠡ ᠬᠡᠯᠡ ᠴᠢᠨᠢ ᠪᠣᠰᠣᠳ ᠮᠡᠳᠡᠯᠭᠡ ᠰᠣᠷᠬᠤ ᠳᠤ ᠬᠦᠭᠦᠷᠭᠡ ᠶᠢᠨ ᠣᠶᠢᠯᠡᠳᠦᠯ | ᠭᠠᠷᠭᠠᠵᠦ ᠲᠣᠯᠭᠠᠭᠤᠷᠢᠯᠠᠵᠦ ᠪᠠᠶᠢᠳᠠᠭ᠃ ᠡᠬᠦᠨ ᠳᠤ ᠬᠡᠷ ᠵᠠᠭᠤᠷ᠎ᠠ ᠪᠠᠨ ᠡᠬᠡ ᠬᠡᠯᠡ ᠪᠠᠷ ᠢᠶᠠᠨ ᠣᠷᠣᠰᠣᠮ᠎ᠠ ᠰᠠᠶᠢᠬᠠᠨ | ᠬᠠᠷᠢᠯᠴᠠᠵᠦ᠂ ᠬᠡᠣᠬᠡᠳ ᠲᠤ ᠪᠠᠨ ᠡᠳᠦᠷ ᠪᠦᠷᠢ ᠨᠣᠮ ᠰᠡᠳᠬᠦᠯ ᠣᠩᠰᠢᠵᠦ ᠥᠭᠬᠦ ᠨᠢ ᠡᠬᠡ ᠬᠡᠯᠡ ᠪᠠᠨ ᠰᠠᠶᠢᠨ | ᠰᠣᠷᠴᠦ ᠬᠡᠷᠡᠭᠯᠡᠬᠦ ᠪᠠ ᠬᠡᠯᠡ ᠰᠣᠶᠣᠯ ᠳᠤ ᠪᠠᠨ ᠬᠠᠶᠢᠷᠠᠲᠠᠢ ᠬᠠᠷᠢᠭᠤᠴᠠᠯᠭᠠᠲᠠᠢ ᠪᠣᠯᠵᠦ ᠬᠦᠮᠦᠵᠢᠬᠦ ᠳᠤ ᠨᠢ ᠲᠣᠰᠠ | ᠪᠣᠯᠳᠠᠭ᠃ ᠡᠰᠡᠷᠬᠦ ᠪᠠᠷ ᠨᠢᠭᠡ ᠬᠡᠣᠬᠡᠳ ᠢ ᠦᠭᠡᠢ ᠬᠢᠶ᠎ᠡ ᠭᠡᠪᠡᠯ ᠲᠡᠬᠦᠨ ᠳᠤ ᠭᠠᠷ ᠣᠳᠠᠰᠦ ᠥᠭᠬᠦᠭᠡᠳ | ᠲᠣᠷ᠎ᠠ ᠪᠠᠷ ᠨᠢ ᠲᠠᠯᠪᠢᠴᠢᠬ᠎ᠠ︕ | 18. ᠡᠴᠢᠭᠡ ᠡᠬᠡ ᠪᠣᠯᠣᠭᠰᠠᠳ ᠦᠷ᠎ᠡ ᠬᠡᠣᠬᠡᠳ ᠢᠶᠠᠨ ᠰᠣᠷᠭᠠᠨ ᠬᠦᠮᠦᠵᠢᠬᠦᠯᠬᠦ ᠳᠤ ᠣᠶᠣᠨ ᠣᠬᠠᠭᠠᠨ᠂ | ᠬᠦᠴᠦ ᠬᠦᠳᠡᠯᠮᠦᠷᠢ᠂ ᠠᠵᠣ ᠠᠬᠤᠢ ᠶᠢᠨ ᠪᠡᠯᠡ ᠣᠷᠣᠭᠤᠯᠬᠤ ᠪᠠᠷ ᠪᠠᠷᠠᠬᠤ ᠦᠭᠡᠢ ᠨᠡᠩ ᠴᠢᠬᠤᠯᠠ ᠨᠢ | ᠦᠪᠡᠷᠰᠡᠳ ᠲᠤ ᠪᠠᠨ ᠪᠡᠯᠡ ᠣᠷᠣᠭᠤᠯᠬᠤ ᠴᠢᠬᠤᠯᠠᠲᠠᠢ᠃ ᠣᠴᠢᠷ ᠨᠢ ᠦᠷ᠎ᠡ ᠬᠡᠣᠬᠡᠳ ᠲᠠᠢ ᠪᠣᠯᠣᠮᠠᠨᠵᠢᠨ ᠰᠠᠶ᠋ᠢ | ᠠᠩᠬᠠᠯᠠᠨ ᠡᠴᠢᠭᠡ ᠡᠬᠡ ᠪᠣᠯᠵᠦ ᠢᠳᠡᠭ ᠢᠳᠡᠭ ᠢᠶᠠᠷ ᠰᠣᠷᠭᠠᠵᠦ ᠬᠦᠮᠦᠵᠢᠬᠦᠯᠬᠦ ᠣᠬᠠᠭᠠᠨ ᠢ ᠰᠣᠷᠳᠠᠭ ᠣᠴᠢᠷ ᠬᠡᠨ | ᠪᠣᠯᠪᠠᠴᠦ ᠲᠣᠷᠰᠢᠯᠭ᠎ᠠ ᠮᠡᠬᠦᠰ ᠶᠣᠮ᠃ ᠡᠶᠢᠮᠦ ᠠᠴᠠ ᠬᠡᠣᠬᠡᠳ ᠤᠨ ᠬᠦᠮᠦᠵᠢᠯ ᠤᠨ ᠲᠣᠬᠠᠢ ᠨᠣᠮ ᠰᠡᠳᠬᠦᠯ ᠣᠩᠰᠢᠨ | ᠣᠷᠢᠳ ᠢᠶᠠᠷ ᠰᠢᠯᠢᠳᠡᠭ ᠡᠴᠢᠭᠡ ᠡᠭᠡ ᠪᠣᠯᠬᠤ ᠶᠢᠨ ᠶᠣᠰᠣ ᠵᠦᠢ᠂ ᠠᠷᠭ᠎ᠠ ᠣᠬᠠᠭᠠᠨ᠂ ᠡᠷᠳᠡᠮ ᠴᠢᠳᠠᠪᠣᠷᠢ᠂ ᠬᠡᠪ | ᠪᠣᠯᠪᠠᠰᠣᠷᠠᠯ᠂ ᠲᠣᠷᠰᠢᠯᠭ᠎ᠠ ᠰᠣᠷᠭᠠᠮᠵᠢ ᠶᠢ ᠬᠤᠷᠠᠮᠳᠣᠭᠤᠯᠣᠨ᠂ ᠳᠠᠭᠠᠣ ᠳᠤ ᠨᠢ ᠦᠢᠯᠡᠳᠦᠯᠭᠡᠵᠢᠭᠦᠯᠪᠡᠯ ᠦᠷ᠎ᠡ | ᠠᠰᠢᠭ ᠨᠢ ᠮᠡᠳᠡᠭᠳᠡᠮ᠎ᠡ ᠪᠣᠯᠳᠠᠭ᠃ ᠡᠬᠦᠨ ᠳᠤ ᠣᠯᠠᠮᠵᠢᠯᠠᠯᠲᠦ ᠶᠣᠰᠣ ᠵᠠᠩᠰᠢᠯ ᠤᠨ ᠲᠣᠬᠠᠢ᠂ ᠬᠡᠣᠬᠡᠳ ᠤᠨ | ᠬᠦᠮᠦᠵᠢᠯ ᠤᠨ ᠲᠣᠬᠠᠢ ᠣᠯᠠᠨ ᠰᠠᠶᠢᠬᠠᠨ ᠨᠣᠮ ᠰᠡᠳᠬᠦᠯ ᠭᠠᠷᠴᠦ ᠪᠣᠢ᠃ ᠴᠠᠭ ᠮᠥᠩᠬᠦ ᠪᠠᠨ ᠬᠠᠶᠢᠷᠠᠯᠠᠯ ᠦᠭᠡᠢ | ᠠᠪᠴᠦ ᠣᠶᠣᠨ ᠤ ᠪᠡᠯᠡ ᠣᠷᠣᠭᠤᠯᠵᠦ ᠪᠠᠶᠢᠭᠠᠷᠠᠢ᠃ ᠵᠢᠱᠢᠶᠡᠯᠡᠪᠡᠯ᠂ ︽ᠲᠣᠭᠲᠠᠮ ᠬᠦᠮᠦᠵᠢᠯ ᠬᠢᠭᠡᠳ ᠠᠪᠢᠶᠠᠰ | ᠪᠢᠯᠢᠭᠳᠡᠨ︾᠂ ︽ᠡᠵᠢ ᠬᠠᠮᠤᠭ ᠰᠠᠶᠢᠨ ᠪᠠᠭᠰᠢ︾᠂ ︽ᠬᠦᠪᠡᠭᠦᠳ ᠤᠨ ᠬᠦᠮᠦᠵᠢᠯ︾᠂ ︽ᠥᠬᠢᠳ ᠤᠨ | ᠬᠦᠮᠦᠵᠢᠯ︾ ᠁ ᠡᠬᠦᠨ ᠠᠴᠠ ᠭᠠᠳᠠᠨ᠎ᠠ ᠪᠤᠰᠤᠳ ᠬᠡᠪᠯᠡᠯ ᠤᠨ ᠣᠯᠠᠨ ᠰᠠᠶᠢᠬᠠᠨ ᠬᠡᠣᠬᠡᠳ ᠤᠨ ᠬᠦᠮᠦᠵᠢᠯ ᠤᠨ | ᠲᠣᠬᠠᠢ ᠨᠣᠮ ᠰᠡᠳᠬᠦᠯ ᠦᠯᠢᠭᠡᠷ ᠵᠢᠱᠢᠶ᠎ᠠ ᠪᠣᠢ᠃ | ᠬᠡᠣᠬᠡᠳ ᠢᠶᠠᠨ ᠪᠠᠭ᠎ᠠ ᠳᠤ ᠨᠢ ᠠᠮᠵᠢᠵᠦ ᠰᠠᠶᠢᠨ ᠰᠣᠷᠭ᠎ᠠ᠂ ᠲᠣᠮᠣ ᠪᠣᠯᠴᠢᠬᠠᠪᠠᠯ ᠴᠢᠨᠣ ᠦᠭᠡ ᠶᠢ ᠰᠣᠨᠣᠰᠬᠤ | ᠦᠭᠡᠢ ᠪᠣᠯᠴᠢᠬᠠᠬᠤ ᠣᠴᠢᠷ ᠰᠣᠷᠭᠠᠪᠠᠴᠦ ᠲᠠᠯᠠᠭᠠᠷ ᠪᠣᠯᠣᠨ᠎ᠠ᠂ ᠬᠡᠮᠰᠢᠪᠡᠴᠦ ᠣᠷᠦ᠋ᠢᠲᠠᠨᠠ᠃ ᠣᠴᠢᠷ ᠨᠢ ᠬᠡᠣᠬᠡᠳ | ᠨᠠᠰᠣ ᠨᠢ ᠮᠥᠨᠦᠭᠡᠨ ᠬᠡᠳᠦᠭᠡᠨ ᠵᠢᠯ ᠰᠢᠣ ᠳ᠋ᠠ᠂ ᠬᠡᠣᠬᠡᠳ ᠨᠠᠰᠣᠨ ᠳᠤ ᠨᠢ ᠬᠡᠣᠬᠡᠳ ᠲᠤ ᠪᠠᠨ ᠪᠡᠶ᠎ᠡ ᠪᠠᠷ ᠢᠶᠠᠨ ᠬᠡᠪ | ᠳᠠᠭᠤᠷᠢᠶᠠᠯ ᠪᠣᠯᠵᠦ᠂ ᠭᠠᠷ ᠣᠳᠠᠰᠦ ᠪᠠᠨ ᠲᠠᠯᠪᠢᠵᠦ᠂ ᠬᠡᠣᠬᠡᠳ ᠲᠠᠢ ᠪᠠᠨ ᠢᠯᠡᠬᠦᠬᠡᠨ ᠴᠠᠭ ᠵᠠᠢ ᠭᠠᠷᠭᠠᠨ | ᠵᠣᠭᠤᠭᠳᠠᠵᠦ᠂ ᠬᠠᠮᠲᠦ ᠪᠠᠶᠢᠯᠴᠠᠵᠦ᠂ ᠣᠶᠢᠯᠠᠭᠠᠯᠴᠠᠵᠦ᠂ ᠢᠯᠡᠬᠦᠬᠡᠨ ᠳᠡᠮᠵᠢᠵᠦ ᠵᠣᠷᠢᠬᠵᠢᠭᠤᠯᠵᠦ᠂ ᠴᠣᠭᠭᠠᠷ | ᠦᠰᠦᠨ ᠪᠤᠶᠢᠵᠢᠪᠠᠯ ᠲᠠᠨ ᠤ ᠬᠡᠣᠬᠡᠳ ᠴᠢᠨᠢ ᠡᠶᠢᠮᠦ ᠡᠨᠡᠷᠢᠯᠲᠦ ᠡᠴᠢᠭᠡ ᠡᠬᠡ ᠲᠠᠢ ᠪᠣᠯᠣᠭᠰᠠᠨ ᠳᠤ ᠪᠠᠨ | ᠨᠠᠰᠣ ᠪᠠᠷ ᠢᠶᠠᠨ ᠣᠮᠣᠭᠰᠢᠵᠦ ᠠᠴᠢᠯᠠᠬᠤ ᠶᠤᠮ᠃ | ᠬᠡᠣᠬᠡᠳ ᠤᠨ ᠴᠢᠨᠢ ᠢᠷᠡᠭᠡᠳᠦᠢ ᠳᠤ ᠴᠠᠭ ᠦᠶ᠎ᠡ᠂ ᠨᠡᠶᠢᠭᠡᠮ ᠲᠠᠢ ᠵᠣᠬᠢᠴᠠᠭᠰᠠᠨ ᠵᠦᠪ ᠦᠭᠡᠳᠡᠷᠭᠡᠭ ᠬᠦᠮᠦᠨ | ᠪᠣᠯᠬᠤ ᠶᠢᠨ ᠦᠨᠳᠦᠰᠦᠨ ᠬᠦᠮᠦᠵᠢᠯ ᠨᠢ ᠲᠠ ᠪᠢᠳᠡ ᠦᠢ ᠲᠦᠮᠡᠨ ᠡᠴᠢᠭᠡ ᠡᠬᠡ ᠶᠢᠨ ᠦᠪᠡᠷ ᠤᠨ ᠬᠢᠨᠢ ᠬᠡᠪ | ᠪᠣᠯᠪᠠᠰᠣᠷᠠᠯ᠂ ᠬᠠᠳᠠᠭᠤ ᠪᠠᠷᠢᠮᠲᠠᠯᠠᠯ᠂ ᠭᠡᠷ ᠪᠦᠯᠢ ᠶᠢᠨ ᠰᠣᠷᠲᠠᠯ ᠰᠣᠷᠭᠠᠯ᠂ ᠰᠣᠶᠣᠯ ᠬᠦᠮᠦᠵᠢᠯ ᠠᠴᠠ | ᠰᠢᠯᠲᠠᠭᠠᠯᠠᠭᠳᠠᠬᠤ ᠶᠢᠨ ᠣᠴᠢᠷ ᠡᠴᠢᠬᠡ ᠡᠬᠡ᠂ ᠭᠡᠷ ᠤᠨ ᠠᠬᠠᠮᠠᠳ ᠪᠣᠯᠣᠭᠰᠠᠳ ᠬᠡᠣᠬᠡᠳ ᠠᠴᠠ ᠪᠠᠨ ᠡᠮᠦᠨ᠎ᠡ | ᠦᠪᠡᠷ ᠢ ᠪᠠᠨ ᠰᠠᠶᠢᠨ ᠪᠡᠯᠡᠳᠬᠦ ᠬᠡᠷᠡᠭᠲᠠᠢ᠃ | ︽ᠬᠡᠣᠬᠡᠳ ᠢᠶᠠᠨ ᠬᠠᠶᠢᠷᠠᠯᠠᠪᠠᠰᠣ ᠬᠤᠷ ᠮᠢᠬᠠᠲᠦ ᠪᠣᠯᠭᠠᠭᠳᠣᠨ᠂ ᠬᠠᠶᠢᠷᠠᠯᠠᠪᠠᠴᠣ ᠬᠠᠯᠠᠳᠣᠨ | ᠰᠣᠷᠭᠠᠭᠳᠣᠨ︕︾ ᠭᠡᠰᠡᠨ ᠪᠢᠯᠢᠭ ᠰᠣᠶᠣᠷᠬᠠᠯ ᠢ ᠰᠠᠨᠠᠵᠦ ᠶᠠᠪᠣᠶ᠎ᠠ᠃ | ᠠᠵᠢᠯᠯᠠᠵᠤ ᠪᠠᠶᠢᠭ᠎ᠠ ᠪᠠᠶᠢᠭᠤᠯᠭ᠎ᠠ᠄ ᠳ᠋ᠠᠪᠠᠨ ᠤ ᠮᠣᠩᠭᠤᠯ ᠦᠨᠳᠦᠰᠦᠲᠡᠨ ᠤ | ᠳᠣᠮᠳᠠᠳᠦ ᠰᠣᠷᠭᠠᠭᠤᠯᠢ | ︵ᠮᠦᠡᠭᠭᠦᠨᠴᠢᠮᠡᠭ ᠨᠠᠶᠢᠷᠠᠭᠤᠯᠪᠠ︶ | |