ᠭᠠᠯ ᠰᠡᠷᠭᠡᠶᠢᠯᠡᠬᠦ ᠠᠮᠤᠷ ᠲᠦᠪᠰᠢᠨ | 1. ᠬᠡᠦᠬᠡᠳ ᠲᠤ ᠭᠠᠯ ᠤᠨ ᠠᠶᠤᠯ ᠤᠨ ᠳᠠᠯᠳᠠ ᠭᠡᠮ ᠢ ᠲᠣᠳᠣᠷᠬᠠᠢ ᠶᠠᠷᠢᠵᠤ᠂ ᠬᠡᠦᠬᠡᠳ ᠢᠶᠠᠨ ᠭᠠᠯ ᠢᠶᠠᠷ | ᠨᠠᠭᠠᠳᠴᠤ ᠪᠣᠯᠬᠤ ᠦᠭᠡᠢ᠂ ᠭᠡᠷ ᠲᠤ ᠪᠠᠨ ᠭᠠᠭᠴᠠᠭᠠᠷ ᠢᠶᠠᠨ ᠪᠠᠶᠢᠬᠤ ᠳᠤ ᠪᠠᠨ ᠴᠦᠳᠡᠩ᠂ ᠨᠣᠴᠣᠭᠠᠭᠤᠷ ᠵᠡᠷᠭᠡ | ᠪᠣᠳᠠᠰ ᠲᠠᠢ ᠣᠶᠢᠷᠠᠳᠴᠤ ᠪᠣᠯᠬᠤ ᠦᠭᠡᠢ ᠭᠡᠵᠦ ᠰᠤᠷᠭᠠᠨ᠎ᠠ︔ | 2. ᠴᠠᠬᠢᠯᠭᠠᠨ ᠬᠥᠳᠡᠯᠭᠡᠭᠦᠷᠲᠦ ᠲᠡᠷᠭᠡᠨ ᠤ ᠭᠠᠯ ᠤᠨ ᠠᠶᠤᠯ ᠢ ᠴᠢᠩᠭ᠎ᠠ ᠰᠡᠷᠭᠡᠶᠢᠯᠡᠵᠦ᠂ ᠭᠡᠷ ᠤᠨ ᠠᠬᠠᠮᠠᠳ | ᠣᠯᠠᠨ ᠨᠡᠶᠢᠲᠡ ᠶᠢᠨ ᠡᠭᠦᠳᠡᠨ ᠲᠢᠩᠬᠢᠮ᠂ ᠵᠠᠶᠢᠯᠠᠭᠤᠯᠤᠨ ᠲᠠᠷᠬᠠᠭᠠᠬᠤ ᠵᠠᠮ᠂ ᠠᠰᠠᠷ ᠤᠨ ᠱᠠᠲᠤᠨ ᠤ ᠬᠤᠭᠤᠷᠤᠨᠳᠤ᠂ | ᠳᠡᠭᠦᠵᠢᠯᠡᠭᠦᠷ ᠳᠠᠪᠬᠤᠷᠭ᠎ᠠ᠂ ᠠᠮᠤᠷ ᠲᠦᠪᠰᠢᠨ ᠭᠠᠷᠤᠴᠠ ᠵᠡᠷᠭᠡ ᠣᠯᠠᠨ ᠨᠡᠶᠢᠲᠡ ᠶᠢᠨ ᠣᠷᠣᠨ ᠪᠦᠰᠡ ᠳᠤ | ᠴᠠᠬᠢᠯᠭᠠᠨ ᠴᠡᠨᠡᠭᠯᠡᠬᠦ ᠦᠭᠡᠢ ᠪᠠᠶᠢᠬᠤ ᠶᠢ ᠠᠩᠬᠠᠷᠴᠤ᠂ ᠳ᠋ᠢᠶᠠᠨ ᡂᠢ ᠶᠢ ᠭᠡᠷ ᠲᠤ ᠪᠠᠨ ᠠᠪᠠᠴᠢᠵᠤ ᠴᠠᠬᠢᠯᠭᠠᠨ | ᠴᠡᠨᠡᠭᠯᠡᠵᠦ ᠪᠣᠯᠬᠤ ᠦᠭᠡᠢ︔ | 3. ᠬᠤᠪᠢ ᠪᠠᠷ ᠢᠶᠠᠨ ᠴᠠᠬᠢᠯᠭᠠᠨ ᠤᠲᠠᠰᠤ ᠲᠠᠲᠠᠬᠤ᠂ ᠳᠤᠷ᠎ᠠ ᠪᠠᠷ ᠢᠶᠠᠨ ᠤᠭᠯᠠᠭᠤᠷᠭ᠎ᠠ ᠤᠭᠰᠠᠷᠠᠬᠤ ᠵᠡᠷᠭᠡ | ᠭᠠᠯ ᠰᠡᠷᠭᠡᠶᠢᠯᠡᠬᠦ ᠮᠡᠷᠭᠡᠵᠢᠯ ᠤᠨ ᠪᠠᠷᠢᠮᠵᠢᠶ᠎ᠠ ᠪᠠ ᠬᠠᠮᠢᠶᠠᠷᠤᠯᠲᠠ ᠶᠢᠨ ᠲᠣᠭᠲᠠᠭᠠᠯ ᠳᠤ ᠨᠡᠶᠢᠴᠡᠬᠦ ᠦᠭᠡᠢ ᠠᠷᠭ᠎ᠠ | ᠮᠠᠶ᠋ᠢᠭ ᠢᠶᠠᠷ ᠴᠠᠬᠢᠯᠭᠠᠨ ᠬᠥᠳᠡᠯᠭᠡᠭᠦᠷᠲᠦ ᠳᠤᠭᠤᠢ ᠲᠡᠷᠭᠡᠨ ᠳᠤ ᠪᠠᠨ ᠴᠠᠬᠢᠯᠭᠠᠨ ᠴᠡᠨᠡᠭᠯᠡᠬᠦ ᠶᠢ ᠴᠢᠩᠭ᠎ᠠ | ᠬᠤᠷᠢᠭᠯᠠᠨ᠎ᠠ︔ | 4. ᠬᠡᠦᠬᠡᠳ ᠢ ᠬᠠᠪᠰᠤᠷᠤᠨ ᠭᠠᠯ ᠰᠡᠷᠭᠡᠶᠢᠯᠡᠬᠦ ᠠᠮᠤᠷ ᠲᠦᠪᠰᠢᠨ ᠤ ᠴᠢᠬᠤᠯᠠ ᠪᠦᠬᠦᠢ ᠮᠡᠳᠡᠯᠭᠡ ᠶᠢ | ᠣᠶᠢᠯᠠᠭᠠᠭᠤᠯᠵᠤ᠂ ᠬᠡᠦᠬᠡᠳ ᠲᠤ ᠪᠠᠨ ᠭᠠᠯ ᠭᠠᠷᠤᠭᠰᠠᠨ ᠢ ᠣᠯᠵᠤ ᠮᠡᠳᠡᠪᠡᠯ᠂ ᠡᠩ ᠲᠡᠷᠢᠭᠦᠨ ᠳᠤ ᠥᠪᠡᠷ ᠪᠡᠶ᠎ᠡ ᠶᠢᠨ | ᠠᠮᠤᠷ ᠲᠦᠪᠰᠢᠨ ᠢ ᠪᠠᠲᠤᠯᠠᠭᠰᠠᠨ ᠤ ᠳᠠᠷᠠᠭ᠎ᠠ᠂ 119 ᠳᠤ ᠤᠲᠠᠰᠤᠳᠠᠨ ᠮᠡᠳᠡᠭᠦᠯᠬᠦ ᠬᠡᠷᠡᠭᠲᠡᠢ ᠭᠡᠵᠦ | ᠰᠠᠨᠠᠭᠤᠯᠤᠨ᠎ᠠ︔ | 5. ᠭᠠᠳᠠᠭᠰᠢ ᠭᠠᠷᠴᠤ ᠵᠤᠭᠠᠴᠠᠨ ᠨᠠᠭᠠᠳᠬᠤ ᠦᠶ᠎ᠡ ᠳᠤ᠂ ᠭᠡᠷ ᠤᠨ ᠢᠶᠠᠨ ᠤᠰᠤ᠂ ᠴᠠᠬᠢᠯᠭᠠᠨ᠂ ᠬᠡᠢ ᠶᠢᠨ | ᠶᠡᠷᠦᠩᠬᠡᠢ ᠬᠠᠭᠠᠯᠲᠠ ᠶᠢ ᠬᠠᠭᠠᠵᠤ᠂ ᠨᠠᠷᠠᠪᠴᠢ᠂ ᠠᠰᠠᠷ ᠤᠨ ᠬᠤᠩᠬᠢᠯ ᠳᠤ ᠲᠠᠯᠪᠢᠭᠰᠠᠨ ᠡᠯᠳᠡᠪ ᠪᠣᠳᠠᠰ ᠢ ᠴᠠᠭ | ᠲᠤᠬᠠᠢ ᠳᠤ ᠨᠢ ᠴᠡᠪᠡᠷᠯᠡᠨ᠂ ᠭᠠᠯ ᠰᠡᠷᠭᠡᠶᠢᠯᠡᠬᠦ ᠠᠮᠤᠷ ᠲᠦᠪᠰᠢᠨ ᠤ ᠠᠵᠢᠯ ᠢ ᠰᠠᠶᠢᠲᠤᠷ ᠬᠢᠨ᠎ᠡ︔ | 6᠂ ᠭᠡᠷ ᠤᠨ ᠠᠬᠠᠮᠠᠳ ᠬᠡᠦᠬᠡᠳ ᠲᠠᠢ ᠪᠠᠨ ᠬᠠᠪᠤᠷ ᠬᠥᠳᠡᠭᠡ ᠪᠠᠷ ᠵᠤᠭᠠᠴᠠᠬᠤ ᠣᠢᠶ᠎ᠠ ᠳᠤ ᠭᠠᠯ ᠬᠡᠷᠡᠭᠯᠡᠬᠦ | ᠠᠮᠤᠷ ᠲᠦᠪᠰᠢᠨ ᠢ ᠠᠩᠬᠠᠷᠬᠤ ᠬᠡᠷᠡᠭᠲᠡᠢ᠂ ᠣᠶᠢᠲᠤ ᠣᠷᠣᠨ ᠳᠤ ᠬᠡᠭᠡᠷ᠎ᠡ ᠲᠣᠭᠤᠭᠠᠯᠠᠬᠤ ᠦᠭᠡᠢ᠂ ᠮᠢᠬ᠎ᠠ ᠰᠢᠷᠠᠬᠤ | ᠦᠭᠡᠢ︔ ᠬᠡᠭᠡᠷ᠎ᠡ ᠲᠣᠭᠤᠭᠠᠯᠠᠵᠤ ᠳᠠᠭᠤᠰᠤᠭᠰᠠᠨ ᠤ ᠳᠠᠷᠠᠭ᠎ᠠ ᠦᠯᠡᠳᠡᠪᠦᠷᠢ ᠭᠠᠯ ᠢᠶᠠᠨ ᠪᠦᠷᠢᠮᠦᠰᠦᠨ ᠤᠨᠲᠠᠷᠠᠭᠠᠵᠤ᠂ | ᠡᠷᠭᠢᠨ ᠲᠣᠭᠤᠷᠢᠨ ᠤ ᠡᠯᠳᠡᠪ ᠶᠠᠭᠤᠮ᠎ᠠ ᠶᠢ ᠰᠠᠶᠢᠲᠤᠷ ᠴᠡᠪᠡᠷᠯᠡᠭᠰᠡᠨ ᠤ ᠳᠠᠷᠠᠭ᠎ᠠ ᠰᠠᠯᠵᠤ᠂ ᠳᠠᠬᠢᠨ ᠨᠣᠴᠣᠬᠤ ᠶᠢ | ᠰᠡᠷᠭᠡᠶᠢᠯᠡᠨ᠎ᠡ︔ | 7. ᠠᠭᠤᠯᠠᠨ ᠣᠢ ᠶᠢᠨ ᠲᠦᠢᠮᠡᠷ ᠢ ᠣᠯᠵᠤ ᠮᠡᠳᠡᠪᠡᠯ᠂ ᠣᠢ ᠶᠢᠨ ᠭᠠᠯ ᠰᠡᠷᠭᠡᠶᠢᠯᠡᠵᠦ ᠲᠦᠭᠰᠢᠭᠦᠷᠢ | ᠮᠡᠳᠡᠭᠦᠯᠬᠦ ᠤᠲᠠᠰᠤ 12119 ᠳᠤ ᠴᠠᠭ ᠲᠤᠬᠠᠢ ᠳᠤ ᠨᠢ ᠤᠲᠠᠰᠤᠳᠠᠵᠤ᠂ ᠲᠦᠢᠮᠡᠷ ᠭᠠᠷᠤᠭᠰᠠᠨ ᠭᠠᠵᠠᠷ ᠢ | ᠲᠣᠳᠣᠷᠬᠠᠢ ᠬᠡᠯᠡᠬᠦ ᠶᠢᠨ ᠬᠠᠮᠲᠤ ᠥᠪᠡᠷ ᠪᠡᠶ᠎ᠡ ᠶᠢᠨ ᠬᠠᠮᠠᠭᠠᠯᠠᠯᠲᠠ ᠶᠢ ᠰᠠᠶᠢᠲᠤᠷ ᠬᠢᠵᠦ᠂ ᠠᠮᠤᠷ ᠲᠦᠪᠰᠢᠨ | ᠭᠠᠵᠠᠷ ᠲᠤ ᠲᠦᠷᠭᠡᠨ ᠵᠠᠶᠢᠯᠠᠨ᠎ᠠ᠃ |