ᠳᠠᠪᠰᠢᠯᠲᠦ | | | | | | ᠡᠨᠡᠷᠢᠯ ᠤᠨ ᠳᠡᠭᠷᠢ ᠡᠵᠢ ᠬᠦᠮᠦᠨ ᠲᠠᠢ ᠡᠩ ᠵᠡᠷᠭᠡᠴᠡᠬᠦ ᠨᠢ ᠪᠠᠭᠰᠢ ᠬᠦᠮᠦᠨ | ᠡᠨᠡᠬᠡᠨ ᠨᠠᠰᠣᠨ ᠤ ᠠᠮᠢᠳᠣᠷᠠᠯ ᠤᠨ ᠵᠢᠯᠣᠭᠤ ᠶᠢ ᠵᠢᠭᠠᠵᠦ ᠳᠣᠬᠢᠳᠠᠭ ᠨᠢ ᠪᠠᠭᠰᠢ ᠬᠦᠮᠦᠨ | ᠦᠷᠦᠭᠡᠯ ᠤᠨ ᠬᠡᠦᠬᠡᠳ ᠲᠤ ᠵᠢᠷᠦᠬᠡ ᠦᠨᠳᠡᠯᠵᠡᠳᠡᠭ ᠨᠢ ᠪᠠᠭᠰᠢ ᠬᠦᠮᠦᠨ | ᠦᠰᠪᠦᠷᠢ ᠶᠢᠨ ᠬᠡᠦᠬᠡᠳ ᠲᠤ ᠬᠠᠶᠢᠷ᠎ᠠ ᠪᠠᠨ ᠶᠡᠭᠦᠯᠡᠳᠡᠭ ᠨᠢ ᠪᠠᠭᠰᠢ ᠬᠦᠮᠦᠨ | ᠡ᠊ᠨᠡ ᠭᠦ ᠪᠠᠳᠠᠭ ᠦᠭᠡᠨ ᠠᠴᠠ ᠪᠠᠭᠰᠢ ᠬᠦᠮᠦᠨ ᠪᠤᠯ ᠠᠭᠤᠣ ᠶᠡᠭᠡ ᠮᠦᠷᠲᠡᠯ᠎ᠡ ᠪᠠᠨ ᠪᠠᠭᠰᠢ ᠬᠦᠮᠦᠨ ᠤ | ᠮᠦᠷᠦᠨ ᠳᠤ ᠳᠠᠯᠪᠢᠬᠳᠠᠵᠦ ᠪᠠᠶᠢᠭ᠎ᠠ ᠡᠭᠦᠷᠭᠡ ᠪᠤᠯ ᠦᠩᠭᠡ ᠭᠡᠷᠡᠯ ᠲᠠᠢ ᠬᠦᠨᠳᠦ ᠴᠢᠬᠤᠯᠠ ᠭᠡᠳᠡᠭ ᠢ ᠦᠵᠡᠵᠦ | ᠭᠠᠷᠣᠨ᠎ᠠ᠃ ᠪᠠᠭᠰᠢ ᠬᠦᠮᠦᠨ ᠶᠠᠭ ᠡᠶᠢᠮᠦᠷᠬᠦᠤ ᠠᠭᠤᠤ ᠶᠡᠭᠡ ᠡᠭᠦᠷᠭᠡ ᠶᠢ ᠡᠭᠦᠷᠭᠡᠯᠡᠵᠦ ᠪᠠᠶᠢᠭ᠎ᠠ ᠶᠢᠨ ᠣᠴᠢᠷ᠂ | ᠪᠠᠭᠰᠢ ᠶᠢᠨ ᠠᠵᠢᠯ ᠳᠤ ᠪᠠᠭᠰᠢ ᠶᠢᠨ ᠶᠣᠰᠣ ᠰᠣᠷᠳᠠᠬᠤᠨ ᠴᠢᠬᠤᠯᠠ ᠱᠠᠭᠠᠷᠳᠠᠭᠳᠠᠨ᠎ᠠ᠃ ᠳᠠᠷᠠᠭ᠎ᠠ ᠨᠢ ᠪᠢ | ᠪᠠᠭᠰᠢ ᠶᠢᠨ ᠶᠣᠰᠣ ᠰᠣᠷᠳᠠᠬᠤᠨ ᠤ ᠳᠣᠬᠠᠢ ᠦᠪᠡᠷ ᠤᠨ ᠦᠴᠦᠬᠡᠨ ᠣᠢᠢᠯᠠᠭᠠᠯᠲᠠ ᠪᠠᠨ ᠲᠠ ᠪᠦᠬᠦᠨ ᠲᠠᠢ ᠪᠠᠨ | ᠬᠤᠪᠢᠶᠠᠯᠴᠠᠶ᠎ᠠ᠃ | ᠪᠠᠭᠰᠢ ᠬᠦᠮᠦᠨ ᠪᠤᠯ ᠬᠦᠮᠦᠨ ᠲᠦᠷᠦᠯᠬᠢᠳᠡᠨ ᠤ ᠣᠶᠣᠨ ᠤ ᠢᠨᠵᠧᠨᠧᠷ᠂ ᠪᠠᠭᠰᠢ ᠬᠦᠮᠦᠨ ᠪᠤᠯ ᠪᠢᠷ | ᠪᠡᠬᠡᠰ ᠢᠶᠠᠷ ᠪᠠᠭᠠᠴᠣᠳ ᠬᠡᠦᠬᠡᠳ ᠤᠨ ᠣᠶᠣᠨ ᠢ ᠨᠡᠭᠡᠭᠡᠬᠦ ᠪᠠᠷ ᠠᠵᠢᠯ ᠤᠨ ᠡᠭᠦᠷᠭᠡ ᠪᠠᠨ ᠪᠤᠯᠭᠠᠬᠰᠠᠭᠠᠷ ᠢᠷᠡᠭᠰᠡᠨ | ᠡᠭᠡᠯ ᠶᠡᠷᠦᠮᠳᠡᠭ ᠮᠦᠷᠳᠡᠯ᠎ᠡ ᠪᠠᠨ ᠡᠷᠬᠢᠮ ᠳᠡᠭᠡᠳᠦ ᠬᠦᠮᠦᠨ ᠶᠣᠮ᠃ ᠪᠠᠭᠰᠢ ᠬᠦᠮᠦᠨ ᠪᠤᠯ ᠠᠭᠤᠳᠠᠯᠤᠭᠠᠳ ᠪᠠᠷᠠᠰᠢ | ᠦᠭᠡᠢ ᠮᠡᠳᠡᠯᠭᠡ᠂ ᠣᠨᠳᠣᠷᠣᠭᠠᠳ ᠳᠠᠭᠤᠰᠣᠰᠢ ᠦᠭᠡᠢ ᠡᠯᠢᠭᠡᠨ ᠬᠠᠶᠢᠷ᠎ᠠ ᠪᠠᠷ ᠢᠶᠠᠨ ᠦᠶ᠎ᠡ ᠶᠢᠨ ᠦᠶ᠎ᠡ ᠶᠢᠨ | ᠦᠰᠪᠦᠷᠢ ᠶᠢᠨ ᠬᠡᠦᠬᠡᠳ ᠢᠶᠠᠨ ᠬᠠᠶᠢᠷᠠᠯᠠᠨ ᠬᠦᠮᠦᠵᠢᠭᠦᠯᠦᠭᠰᠡᠭᠡᠷ ᠢᠷᠡᠭᠰᠡᠨ ᠠᠴᠢᠳᠦ ᠬᠦᠮᠦᠨ ᠶᠤᠮ᠃ ᠶᠠᠭ ᠡ᠊ᠨᠡ ᠭᠦ | ᠠᠭᠤᠣ ᠶᠡᠭᠡ ᠦᠢᠯᠡ ᠪᠠᠨ ᠣᠷᠳᠦ ᠬᠤᠭᠤᠴᠠᠭ᠎ᠠ ᠪᠠᠷ ᠪᠠᠷᠢᠮᠳᠠᠯᠠᠬᠰᠠᠭᠠᠷ ᠢᠷᠡᠭᠰᠡᠨ ᠵᠤᠷᠢᠭ ᠰᠬᠠᠭ᠎ᠠ ᠨᠢ ᠳᠦᠢᠯ ᠤᠨ | ᠶᠡᠭᠡ ᠰᠣᠷᠣᠯᠴᠠᠭᠤᠰᠢᠳᠠᠢ ᠶᠤᠮ᠃ ᠡ᠊ᠨᠡ ᠭᠦ ᠠᠭᠤᠣ ᠶᠡᠭᠡ ᠵᠤᠷᠢᠭ ᠰᠠᠨᠠᠭ᠎ᠠ ᠶᠢ ᠳᠣᠯᠭᠠᠭᠤᠷᠢᠯᠠᠵᠦ ᠪᠠᠶᠢᠭ᠎ᠠ ᠬᠦᠴᠦᠨ | ᠪᠤᠯ ᠳᠠᠷᠤᠢ ᠪᠠᠭᠰᠢ ᠬᠦᠮᠦᠨ ᠤ ᠡᠷᠬᠢᠮ ᠳᠡᠭᠡᠳᠦ ᠶᠣᠰᠣ ᠮᠣᠷᠠᠯ ᠪᠤᠯᠤᠨ ᠬᠡᠪ ᠰᠣᠷᠳᠠᠯ᠂ ᠳᠠᠷᠣᠢ ᠪᠠᠭᠰᠢ ᠶᠢᠨ ᠶᠣᠰᠣ | ᠰᠣᠷᠳᠠᠬᠤᠨ ᠭᠡᠵᠦ ᠪᠢ ᠦᠵᠡᠨ᠎ᠡ᠃ ᠪᠠᠭᠰᠢ ᠶᠢᠨ ᠶᠤᠰᠣ ᠰᠣᠷᠳᠠᠬᠤᠨ ᠪᠤᠯ ᠪᠠᠭᠰᠢ ᠪᠤᠯᠤᠬᠰᠠᠳ ᠤᠨ | ᠪᠦᠷᠢᠯᠳᠦᠭᠦᠯᠪᠡᠰᠦ ᠵᠤᠬᠢᠬᠤ ᠬᠠᠮᠤᠭ ᠤᠨ ᠨᠠᠭᠠᠳᠦ ᠵᠠᠬ᠎ᠠ ᠶᠢᠨ᠂ ᠬᠠᠮᠤᠭ ᠤᠨ ᠦᠨᠳᠦᠰᠦᠨ ᠶᠣᠰᠣ ᠰᠣᠷᠳᠠᠬᠤᠨ ᠤ | ᠬᠡᠪ ᠴᠢᠨ᠋ᠨᠷ ᠢ ᠬᠡᠯᠡᠵᠦ ᠪᠤᠢ᠃ ᠳᠡᠭᠡᠪᠡᠯ ᠮᠠᠨ ᠤ ᠦᠷᠭᠦᠯᠵᠢ ᠶᠠᠷᠢᠳᠠᠭ ᠪᠠᠭᠰᠢ ᠶᠢᠨ ᠶᠣᠰᠣ ᠰᠣᠷᠳᠠᠬᠤᠨ ᠭᠡᠳᠡᠭ ᠨᠢ | ᠭᠤᠣᠯᠳᠠᠭᠤ ᠪᠠᠭᠰᠢ ᠶᠢᠨ ᠳᠣᠬᠠᠢᠢᠯᠠᠬᠰᠠᠨ ᠠᠵᠢᠯ ᠤᠨ ᠶᠤᠰᠣ ᠰᠣᠷᠳᠠᠬᠤᠨ ᠢ ᠵᠢᠭᠠᠵᠦ ᠪᠠᠶᠢᠭ᠎ᠠ ᠶᠤᠮ᠃ ᠳᠠᠷᠣᠢ | ᠪᠠᠭᠰᠢ ᠪᠤᠯᠤᠨ ᠠᠯᠢᠪᠠ ᠰᠣᠷᠭᠠᠨ ᠬᠦᠮᠦᠵᠢᠯ ᠤᠨ ᠠᠵᠢᠯᠳᠠᠨ ᠤ ᠵᠢᠭᠠᠨ ᠰᠣᠷᠭᠠᠯᠳᠠ ᠶᠢᠨ ᠠᠵᠢᠯ ᠤᠨ ᠳᠣᠮᠳᠠ | ᠪᠠᠨ ᠡᠷᠬᠡᠪᠰᠢ ᠵᠢᠷᠣᠮᠯᠠᠬᠤ ᠴᠢᠬᠤᠯᠠᠳᠠᠢ ᠶᠣᠰᠣ ᠰᠣᠷᠳᠠᠬᠤᠨ ᠪᠤᠯᠤᠨ ᠦᠢᠯᠡ ᠠᠵᠢᠯᠯᠠᠭᠠᠨ ᠤ ᠳᠦᠷᠢᠮᠵᠢᠯ | ᠪᠤᠯᠤᠨ᠎ᠠ᠃ ᠪᠠᠭᠰᠢ ᠶᠢᠨ ᠳᠣᠬᠠᠢᠢᠯᠠᠬᠰᠠᠨ ᠠᠵᠢᠯ ᠤᠨ ᠶᠣᠰᠦ ᠰᠣᠷᠳᠠᠬᠤᠨ ᠳᠤ ᠣᠯᠣᠰ ᠢᠶᠠᠨ ᠬᠠᠶᠢᠷᠠᠯᠠᠬᠤ᠂ ᠡᠪ | ᠬᠠᠮᠳᠦ ᠨᠠᠮ ᠢᠶᠠᠨ ᠬᠦᠷᠢᠶᠡᠯᠡᠬᠦ᠂ ᠰᠣᠷᠣᠬᠴᠢ ᠪᠠᠨ ᠬᠠᠶᠢᠷᠠᠯᠠᠬᠤ᠂ ᠪᠤᠰᠣᠳ ᠲᠤ ᠬᠡᠪ ᠳᠠᠭᠤᠷᠢᠶᠠᠯ ᠪᠤᠯᠬᠤ᠂ ᠪᠢᠴᠢᠭ | ᠵᠢᠭᠠᠵᠤ ᠬᠦᠮᠦᠨ ᠢ ᠬᠦᠮᠦᠵᠢᠭᠦᠯᠬᠦ᠂ ᠨᠠᠰᠣᠨ ᠳᠣᠷᠰᠢᠳᠠ ᠰᠣᠷᠣᠯᠴᠠᠬᠤ ᠵᠡᠷᠭᠡ ᠣᠯᠠᠨ ᠳᠠᠯ᠎ᠠ ᠶᠢᠨ ᠦᠷᠭᠡᠨ ᠳᠡᠯᠭᠡᠷ | ᠠᠭᠤᠯᠭ᠎ᠠ ᠶᠢ ᠪᠠᠭᠳᠠᠭᠠᠨ᠎ᠠ᠃ | ᠮᠢᠨᠤ ᠳᠡᠭᠡᠷ᠎ᠡ ᠶᠠᠷᠢᠬᠰᠠᠨ ᠪᠤᠯ ᠪᠠᠭᠰᠢ ᠶᠢᠨ ᠳᠣᠬᠠᠢᠢᠯᠠᠬᠰᠠᠨ ᠠᠵᠢᠯ ᠲᠠᠢ ᠬᠤᠯᠪᠤᠬᠳᠠᠬᠰᠠᠨ ᠶᠣᠰᠣ | ᠰᠣᠷᠳᠠᠬᠤᠨ ᠤ ᠠᠭᠤᠯᠭ᠎ᠠ ᠪᠤᠯᠤᠨ᠎ᠠ᠃ ᠳᠡᠭᠡᠪᠡᠯ ᠪᠢᠳᠡ ᠦᠪᠡᠷ ᠤᠨ ᠬᠡᠦᠬᠡᠳ᠂ ᠦᠪᠡᠷ ᠤᠨ ᠰᠣᠷᠣᠬᠴᠢᠳ ᠲᠤ ᠪᠠᠨ | ᠡᠨᠡ ᠳᠣᠬᠠᠢ ᠮᠤᠷᠠᠯ ᠤᠨ ᠬᠦᠮᠦᠵᠢᠯ ᠬᠢᠬᠦ ᠦᠶ᠎ᠡ ᠳᠤ᠂ ᠶᠠᠭᠤᠨ ᠤ ᠡᠮᠦᠨ᠎ᠡ ᠠᠪᠤ ᠡᠵᠢ ᠪᠠᠨ ᠬᠠᠶᠢᠷᠠᠯᠠᠬᠤ ᠳᠣᠬᠠᠢ | ᠬᠦᠮᠦᠵᠢᠯ ᠢ ᠣᠯᠭᠤᠪᠠᠯ ᠵᠤᠬᠢᠨ᠎ᠠ᠃ ᠣᠴᠢᠷ ᠨᠢ ᠠᠪᠤ ᠡᠵᠢ ᠬᠤᠶᠠᠷ ᠪᠤᠯ ᠬᠦᠮᠦᠨ ᠪᠦᠬᠦᠨ ᠤ ᠬᠠᠮᠤᠭ ᠤᠨ ᠳᠡᠭᠡᠳᠦ | ᠠᠮᠢᠳᠦ ᠶᠢᠨ ᠪᠤᠷᠬᠠᠨ ᠶᠣᠮ᠃ ᠠᠪᠤ ᠡᠵᠢ ᠶᠢᠨ ᠬᠠᠶᠢᠷ᠎ᠠ ᠪᠤᠯ ᠠᠯᠢᠪᠠ ᠬᠠᠶᠢᠷ᠎ᠠ ᠶᠢᠨ ᠳᠡᠭᠡᠳᠦ᠂ ᠠᠯᠢᠪᠠ | ᠬᠠᠶᠢᠷ᠎ᠠ ᠶᠢᠨ ᠡᠬᠢ ᠡᠭᠦᠰᠦᠯ ᠮᠦᠷᠳᠡᠭᠡᠨ ᠪᠠᠳᠦ ᠰᠠᠭᠤᠷᠢ ᠨᠢ ᠮᠦᠨ᠃ ᠡᠶᠢᠮᠦ ᠠᠴᠠ ᠦᠪᠡᠷ ᠤᠨ ᠠᠪᠤ ᠡᠵᠢ ᠪᠠᠨ | ᠬᠠᠶᠢᠷᠠᠯᠠᠬᠤ ᠦᠭᠡᠢ᠂ ᠨᠡᠩ ᠴᠠᠭᠠᠰᠢᠯᠠᠨ ᠠᠪᠤ ᠡᠵᠢ ᠪᠠᠨ ᠠᠴᠢᠯᠠᠨ ᠳᠡᠭᠡᠳᠦᠯᠡᠬᠦ ᠶᠢ ᠮᠡᠳᠡᠳᠡᠭ ᠦᠭᠡᠢ ᠬᠦᠮᠦᠨ | ᠪᠤᠰᠣᠳ ᠵᠦᠢᠯ ᠳᠤ ᠬᠠᠶᠢᠷᠠᠳᠠᠢ ᠪᠤᠯᠬᠤ ᠪᠤᠯᠤᠯᠴᠠᠭ᠎ᠠ ᠶᠠᠭ ᠪᠠᠶᠢᠬᠤ ᠦᠭᠡᠢ᠃ ᠠᠪᠤ ᠡᠵᠢ ᠶᠢᠨ ᠬᠠᠶᠢᠷ᠎ᠠ ᠶᠢ | ᠮᠡᠳᠡᠷᠡᠵᠦ ᠴᠢᠳᠠᠪᠠᠯ ᠰᠠᠶ᠋ᠢ ︽ᠬᠠᠶᠢᠷ᠎ᠠ︾ ᠭᠡᠳᠡᠭ ᠦᠭᠡ ᠶᠢᠨ ᠣᠬᠠᠭᠠᠨ ᠢ ᠡᠬᠢᠯᠡᠵᠦ ᠣᠢᠢᠯᠠᠭᠠᠨ᠎ᠠ᠃ | ᠳᠡᠭᠡᠪᠠᠯ ᠶᠠᠭᠠᠬᠢᠭᠠᠳ ᠪᠠᠭᠰᠢ ᠶᠢᠨ ᠶᠣᠰᠦ ᠰᠣᠷᠳᠠᠬᠤᠨ ᠤ ᠪᠦᠳᠦᠭᠡᠨ ᠪᠠᠶᠢᠭᠤᠯᠣᠯᠳᠠ ᠡᠶᠢᠮᠦᠷᠬᠦᠤ ᠴᠢᠬᠤᠯᠠ | ᠪᠠᠶᠢᠷᠢᠨ ᠳᠤ ᠪᠠᠶᠢᠭ᠎ᠠ ᠪᠤᠢ ᠭᠡᠪᠡᠯ᠂ ᠡᠨᠡ ᠪᠤᠯ ᠪᠠᠭᠰᠢ ᠶᠢᠨ ᠬᠤᠪᠢ ᠬᠦᠮᠦᠨ ᠤ ᠬᠦᠭᠵᠢᠯᠳᠡ ᠶᠢᠨ ᠵᠠᠶᠢᠯᠠᠰᠢ | ᠦᠭᠡᠢ ᠣᠷᠢᠳᠠᠯ ᠨᠦᠬᠦᠴᠡᠯ ᠪᠤᠯᠬᠤ ᠪᠠᠷ ᠪᠠᠷᠠᠬᠤ ᠦᠭᠡᠢ ᠵᠢᠭᠠᠨ ᠰᠣᠷᠭᠠᠬᠤ ᠠᠵᠢᠯ ᠤᠨ ᠬᠢᠨᠢ ᠭᠤᠣᠯᠳᠠᠯᠭ᠎ᠠ | ᠪᠤᠯᠤᠨ᠎ᠠ᠃ ᠶᠠᠭᠠᠬᠢᠭᠠᠳ ᠢᠩᠬᠢᠵᠦ ᠶᠠᠷᠢᠵᠦ ᠪᠠᠶᠢᠨ᠎ᠠ ᠪᠤᠢ ᠭᠡᠬᠦ ᠪᠠᠷ᠂ ᠪᠠᠭᠰᠢ ᠬᠦᠮᠦᠨ ᠤ ᠬᠠᠮᠤᠭ ᠤᠨ ᠭᠤᠣᠯ | ᠠᠵᠢᠯ ᠪᠤᠯ ᠪᠢᠴᠢᠭ ᠵᠢᠭᠠᠵᠦ ᠬᠦᠮᠦᠨ ᠢ ᠬᠦᠮᠦᠵᠢᠭᠦᠯᠬᠦ ᠠᠵᠢᠯ ᠪᠤᠯᠤᠨ᠎ᠠ᠃ ᠳᠠᠷᠣᠢ ᠪᠢᠴᠢᠭ ᠡᠷᠳᠡᠮ ᠢ ᠵᠢᠭᠠᠬᠤ ᠪᠠᠷ | ᠳᠠᠮᠵᠢᠭᠤᠯᠤᠨ ᠰᠤᠷᠤᠭᠴᠢᠳ ᠢᠶᠠᠨ ᠬᠦᠮᠦᠨ ᠪᠤᠯᠭᠠᠨ ᠬᠦᠮᠦᠵᠢᠭᠦᠯᠦᠨ᠎ᠡ᠃ ᠪᠢᠴᠢᠭ ᠡᠷᠳᠡᠮ ᠵᠢᠭᠠᠵᠦ ᠪᠠᠶᠢᠭ᠎ᠠ ᠶᠢᠨ | ᠬᠠᠮᠤᠭ ᠤᠨ ᠡᠴᠦᠰ ᠤᠨ ᠵᠤᠷᠢᠯᠭ᠎ᠠ ᠨᠢ ᠵᠢᠭᠠᠬᠤ ᠪᠢᠴᠢᠭ ᠲᠤ ᠳᠣᠬᠢᠷᠠᠭᠤᠯᠣᠬᠰᠠᠨ ᠬᠢᠴᠢᠶᠡᠯ ᠪᠦᠬᠦᠨ ᠢ ᠣᠷᠣᠰᠣᠮ᠎ᠠ | ᠳᠣᠳᠣ ᠤᠩᠰᠢᠭᠤᠯᠣᠭᠠᠳ᠂ ᠰᠡᠳᠦᠪ ᠪᠦᠬᠦᠨ ᠢ ᠵᠦᠪ ᠣᠨᠣᠪᠴᠢᠳᠠᠢ ᠪᠤᠳᠣᠵᠦ ᠴᠢᠳᠠᠭᠤᠯᠣᠭᠠᠳ ᠯᠠ ᠪᠤᠯᠴᠢᠬᠠᠬᠤ | ᠪᠢᠰᠢ᠂ ᠬᠠᠷᠢᠨ ᠡᠭᠦᠨ ᠢᠶᠠᠷ ᠳᠠᠮᠵᠢᠨ ᠬᠡᠦᠬᠡᠳ ᠢᠶᠠᠨ ᠬᠦᠮᠦᠨ ᠪᠤᠯᠭᠠᠨ ᠬᠦᠮᠦᠵᠢᠭᠦᠯᠦᠨ᠎ᠡ᠂ ᠳᠡᠳᠡ ᠨᠠᠷ ᠲᠤ | ᠠᠮᠢᠳᠣᠷᠠᠬᠤ ᠶᠢᠨ ᠠᠷᠭ᠎ᠠ ᠣᠬᠠᠭᠠᠨ ᠢ ᠵᠢᠭᠠᠨ᠎ᠠ᠂ ᠣᠷᠣᠰᠢᠨ ᠲᠤᠭᠳᠠᠨᠢᠬᠤ ᠶᠢᠨ ᠣᠷ᠎ᠠ ᠮᠡᠷᠭᠡᠰᠢᠯ ᠢ ᠰᠣᠶᠣᠷᠬᠠᠬᠤ ᠨᠢ | ᠴᠢᠬᠤᠯᠠ ᠠᠴᠠ ᠴᠢᠬᠤᠯᠠ ᠶᠤᠮ᠃ ᠦᠩᠭᠡᠷᠡᠭᠰᠡᠨ ᠳᠤ ᠮᠠᠨ ᠤ ᠡᠪᠦᠭᠡᠨ ᠪᠤᠭᠤᠷᠤᠯᠴᠣᠳ ᠳᠠᠩᠳᠠ ︽ᠰᠣᠷᠭᠠᠭᠤᠯᠢ | ᠰᠣᠶᠣᠯ ᠤᠨ ᠮᠦᠷ ᠢᠶᠠᠨ ᠳᠣᠳᠠᠭᠤ ᠳᠣᠷᠭᠤᠨ ᠵᠤᠬᠰᠣᠵᠦ ᠪᠤᠯᠬᠤ ᠦᠭᠡᠢ᠂ ᠨᠤᠮ ᠢ ᠨᠢ ᠰᠣᠷᠬᠤ ᠦᠭᠡᠢ ᠳᠤ | ᠨᠤᠮᠤᠬᠠᠨ ᠢ ᠨᠢ ᠰᠣᠷᠬᠤ ᠦᠭᠡᠢ ᠦᠦ ᠳ᠋ᠠ︾ ᠭᠡᠵᠦ ᠬᠠᠭᠤᠴᠢᠯᠠᠳᠠᠭ ᠪᠠᠶᠢᠬᠰᠠᠨ᠃ ᠡ᠊ᠨᠳᠡ ᠶᠠᠷᠢᠵᠦ ᠪᠠᠶᠢᠭ᠎ᠠ | ︽ᠨᠣᠮᠣᠬᠠᠨ︾ ᠭᠡᠳᠡᠭ ᠳᠠᠷᠣᠢ ᠶᠤᠰᠣ ᠮᠣᠷᠠᠯ᠂ ᠬᠡᠪ ᠰᠣᠷᠳᠠᠯ ᠢ ᠶᠠᠷᠢᠵᠦ ᠪᠠᠶᠢᠨ᠎ᠠ᠃ ᠲᠡᠭᠡᠪᠡᠯ ᠮᠢᠨᠦ ᠦᠵᠡᠬᠦ ᠪᠠᠷ ᠨᠢᠭᠡᠨ | ᠪᠣᠯᠪᠠᠰᠤᠨ ᠮᠤᠷᠠᠯ ᠲᠠᠢ ᠪᠠᠭᠰᠢ ᠪᠤᠯᠵᠦ ᠬᠥᠮᠦᠵᠢᠭᠳᠡᠬᠦ ᠳᠤ ᠡᠩ ᠲᠡᠷᠢᠭᠦᠨ ᠳᠤ ᠳᠠᠷᠠᠭᠠᠬᠢ ᠬᠤᠶᠠᠷ ᠲᠠᠯ᠎ᠠ ᠶᠢ | ᠠᠩᠬᠠᠷᠬᠤ ᠴᠢᠬᠤᠯᠠᠲᠠᠢ ᠪᠠᠶᠢᠨ᠎ᠠ᠃ | ᠨᠢᠭᠡ᠂ ᠰᠣᠷᠣᠬᠴᠢᠳ ᠲᠤ ᠪᠠᠨ ᠳᠠᠭᠠᠯᠠᠬᠳᠠᠬᠰᠠᠨ ᠪᠠᠭᠰᠢ ᠪᠤᠯᠬᠤ | ᠦᠪᠡᠷ ᠤᠨ ᠬᠦᠭᠡᠷᠦᠬᠦᠨ ᠴᠣᠪᠣᠭᠤᠯᠢᠭ ᠬᠡᠦᠬᠡᠳ ᠲᠤ ᠪᠠᠨ ᠳᠠᠭᠠᠯᠠᠬᠳᠠᠬᠰᠠᠨ᠂ ᠪᠢᠰᠢᠷᠡᠭᠳᠡᠭᠰᠡᠨ᠂ | ᠬᠦᠨᠳᠦᠳᠭᠡᠭᠳᠡᠭᠰᠡᠨ ᠪᠠᠭᠰᠢ ᠪᠤᠯᠤᠨ᠎ᠠ ᠭᠡᠳᠡᠭ ᠪᠤᠯ ᠪᠠᠭᠰᠢ ᠪᠤᠯᠤᠬᠰᠠᠨ ᠬᠦᠮᠦᠨ ᠪᠦᠬᠦᠳᠡ ᠶᠢᠨ ᠬᠠᠷᠠᠯᠳᠠ ᠪᠠᠶᠢᠵᠦ | ᠳᠠᠭᠠᠷᠠᠨ᠎ᠠ᠃ ᠳᠠᠷᠣᠢ ᠰᠣᠷᠣᠬᠴᠢ ᠶᠢᠨ ᠢᠶᠠᠨ ᠠᠩᠬᠠᠷᠣᠯ ᠢ ᠳᠠᠳᠠᠬᠰᠠᠨ᠂ ᠰᠣᠷᠣᠬᠴᠢᠳ ᠲᠤ ᠪᠠᠨ ᠰᠣᠷᠢᠨᠵᠢᠨ ᠲᠡᠮᠦᠷ | ᠮᠡᠳᠦ ᠰᠣᠷᠣᠬᠳᠠᠬᠰᠠᠨ ᠪᠠᠭᠰᠢ ᠪᠤᠯᠬᠤ ᠬᠡᠷᠡᠭᠳᠡᠢ᠃ ᠳᠡᠭᠡᠪᠡᠯ ᠶᠠᠭᠤ ᠪᠠᠷ ᠢᠶᠠᠨ ᠳᠠᠳᠠᠬᠳᠠᠬᠤ ᠪᠤᠢ︖ ᠶᠠᠭᠤ ᠪᠠᠷ ᠢᠶᠠᠨ | ᠰᠣᠷᠣᠬᠳᠠᠬᠤ ᠪᠤᠢ︖ ᠭᠠᠩᠭᠠᠩ ᠭᠡᠭᠡᠨᠴᠢᠷ ᠭᠠᠳᠠᠷ ᠳᠦᠷᠬᠦ ᠪᠠᠷ ᠢᠶᠠᠨ ᠦᠦ︖ ᠪᠢᠰᠢ᠂ ᠬᠠᠷᠢᠨ ᠪᠠᠭᠰᠢ ᠦᠪᠡᠷ ᠤᠨ | ᠰᠢᠯᠢᠳᠡᠭ ᠰᠠᠶᠢᠨ ᠬᠡᠪ ᠪᠤᠯᠪᠠᠰᠣᠷᠠᠯ ᠢᠶᠠᠷ ᠢᠶᠠᠨ ᠪᠣᠰᠣᠳ ᠢ ᠨᠦᠯᠦᠭᠡᠯᠡᠬᠦ ᠳᠤ ᠣᠷᠣᠰᠢᠨ᠎ᠠ᠃ ᠰᠢᠯᠢᠳᠡᠭ ᠰᠠᠶᠢᠨ ᠬᠡᠪ | ᠪᠤᠯᠪᠠᠰᠣᠷᠠᠯ ᠬᠡᠬᠦ ᠠᠴᠠ ᠪᠠᠭᠰᠢ ᠶᠢᠨ ᠦᠭᠡ ᠶᠠᠷᠢᠶ᠎ᠠ᠂ ᠦᠢᠯᠡ ᠬᠦᠳᠡᠯᠦᠯ᠂ ᠵᠠᠩ ᠠᠷᠠᠨᠰᠢᠨ ᠴᠦᠮ ᠡᠭᠦᠨ ᠳᠤ | ᠪᠠᠭᠳᠠᠵᠦ ᠪᠤᠯᠤᠨ᠎ᠠ᠃ ᠲᠡᠭᠡᠭᠦ ᠮᠦᠷᠳᠡᠭᠡᠨ ᠪᠠᠭᠰᠢ ᠬᠦᠮᠦᠨ ᠤ ᠡᠳᠦᠷ ᠳᠣᠳᠣᠮ ᠤᠨ ᠵᠢᠵᠢᠭ ᠰᠠᠵᠢᠭ ᠬᠦᠳᠡᠯᠦᠯ ᠪᠠᠷᠢᠯ᠂ | ᠦᠢᠯᠡ ᠠᠵᠢᠯᠯᠠᠭ᠎ᠠ᠂ ᠦᠭᠡ ᠶᠠᠷᠢᠶ᠎ᠠ ᠵᠢᠴᠢ ᠬᠢᠴᠢᠶᠡᠯ ᠤᠨ ᠳᠠᠩᠬᠢᠮ ᠠᠵᠢᠯᠯᠠᠭ᠎ᠠ ᠪᠦᠬᠦᠨ ᠳᠤ ᠴᠦᠮ ᠰᠣᠷᠭᠠᠨ | ᠬᠦᠮᠦᠵᠢᠯ ᠤᠨ ᠣᠬᠠᠭᠠᠨ ᠬᠦᠨ ᠠᠴᠠ ᠬᠦᠨ ᠳᠣᠳᠣ ᠠᠴᠠ ᠳᠣᠳᠣ ᠨᠡᠪᠴᠢᠵᠦ ᠪᠠᠶᠢᠳᠠᠭ ᠪᠢᠯᠡ᠃ ᠡᠶᠢᠮᠦ ᠠᠴᠠ | ᠪᠠᠭᠰᠢ ᠪᠤᠯᠤᠬᠰᠠᠨ ᠪᠢᠳᠡ ᠨᠠᠷ ᠡᠩ ᠤᠨ ᠴᠠᠭ ᠤᠨ ᠠᠵᠢᠯ ᠰᠣᠷᠣᠯᠴᠠᠯᠭ᠎ᠠ ᠳᠣᠮᠳᠠ ᠪᠠᠨ ᠦᠪᠡᠷ ᠤᠨ ᠦᠢᠯᠡ | ᠠᠵᠢᠯᠯᠠᠭ᠎ᠠ᠂ ᠦᠭᠡ ᠶᠠᠷᠢᠶ᠎ᠠ ᠪᠠᠨ ᠳᠦᠷᠢᠮᠵᠢᠭᠦᠯᠦᠨ ᠡᠷᠭᠢᠨ ᠳᠣᠭᠤᠷᠢᠨ ᠳᠠᠬᠢ ᠬᠦᠮᠦᠰ ᠲᠤ ᠪᠠᠨ ᠬᠡᠪ ᠳᠠᠭᠤᠷᠢᠶᠠᠯ | ᠪᠣᠯᠬᠤ ᠭᠡᠷᠡᠭᠳᠡᠢ᠃ ᠳᠡᠭᠡᠪᠡᠯ ᠵᠢᠩᠬᠢᠨᠢ ᠪᠣᠰᠣᠳ ᠤᠨ ᠬᠦᠷᠢᠶᠡᠯᠡᠯ ᠢ ᠣᠯᠣᠬᠰᠠᠨ ᠰᠠᠶᠢᠨ ᠪᠠᠭᠰᠢ ᠪᠤᠯᠤᠶ᠎ᠠ ᠭᠡᠪᠡᠯ᠂ | ᠳᠡᠭᠡᠷᠡᠬᠢ ᠬᠡᠳᠦᠨ ᠵᠦᠢᠯ ᠢ ᠠᠩᠬᠠᠷᠣᠭᠠᠳ ᠯᠠ ᠭᠦᠢᠴᠡᠬᠦ ᠪᠢᠰᠢ᠂ ᠬᠠᠷᠢᠨ ᠳᠡᠳᠡᠭᠡᠷ ᠬᠦᠮᠦᠨ ᠤ ᠰᠡᠳᠬᠢᠯ ᠢ ᠣᠯᠬᠤ | ᠬᠡᠷᠡᠭᠳᠡᠢ᠂ ᠳᠡᠳᠡᠭᠡᠷ ᠬᠦᠮᠦᠨ ᠲᠠᠢ ᠰᠡᠳᠬᠢᠯ ᠢᠶᠠᠷ ᠢᠶᠠᠨ ᠨᠠᠶᠢᠵᠢᠯᠠᠬᠤ ᠬᠡᠷᠡᠭᠳᠡᠢ᠂ ᠳᠡᠳᠡᠭᠡᠷ ᠬᠦᠮᠦᠨ ᠢ ᠬᠦᠮᠦᠨ | ᠴᠢᠨᠠᠷ ᠢᠶᠠᠷ ᠢᠶᠠᠨ ᠨᠦᠯᠦᠭᠡᠯᠡᠬᠦ ᠬᠡᠷᠡᠭᠳᠡᠢ᠃ ᠢᠩᠭᠢᠪᠡᠯ ᠰᠠᠶ᠋ᠢ ᠨᠢᠭᠡᠨ ᠵᠢᠩᠬᠢᠨᠢ ᠪᠤᠰᠣᠳ ᠲᠤ ᠬᠦᠨᠳᠦᠯᠡᠭᠳᠡᠭᠰᠡᠨ᠂ | ᠪᠢᠰᠢᠷᠡᠭᠳᠡᠭᠰᠡᠨ ᠰᠠᠶᠢᠨ ᠪᠠᠭᠰᠢ ᠪᠤᠯᠵᠦ ᠴᠢᠳᠠᠨ᠎ᠠ᠃ ᠢᠩᠬᠢᠭᠡᠳ ᠪᠢᠳᠡ ᠨᠠᠷ ᠬᠡᠷᠪᠡ ᠦᠨᠡᠬᠡᠷ ᠰᠣᠷᠣᠬᠴᠢ | ᠪᠦᠬᠦᠨ ᠤ ᠪᠠᠨ ᠰᠡᠳᠬᠢᠯ ᠳᠤ ᠳᠠᠭᠠᠯᠠᠬᠳᠠᠬᠰᠠᠨ᠂ ᠰᠣᠷᠣᠬᠴᠢ ᠪᠦᠬᠦᠨ ᠳᠤ ᠪᠠᠨ ᠪᠢᠰᠢᠷᠡᠭᠳᠡᠭᠰᠡᠨ᠂ ᠬᠦᠨᠳᠦᠯᠡᠭᠳᠡᠭᠰᠡᠨ | ᠪᠠᠭᠰᠢ ᠪᠤᠯᠴᠢᠬᠠᠪᠠᠯ ᠮᠠᠨ ᠤ ᠰᠣᠷᠭᠠᠨ ᠬᠦᠮᠦᠵᠢᠯ ᠤᠨ ᠠᠵᠢᠯ ᠨᠢ ᠠᠩᠬᠠᠨ ᠤ ᠠᠯᠬᠤᠮ ᠢᠶᠠᠨ ᠠᠮᠵᠢᠯᠳᠠ ᠲᠠᠢ | ᠠᠯᠬᠤᠬᠰᠠᠨ ᠶᠠᠪᠤᠳᠠᠯ ᠪᠤᠯᠤᠨ᠎ᠠ᠃ ᠡ᠊ᠨᠡ ᠭᠦ ᠠᠩᠬᠠᠨ ᠤ ᠠᠯᠬᠤᠮ ᠢ ᠠᠮᠵᠢᠯᠳᠠ ᠲᠠᠢ ᠠᠯᠬᠤᠭᠠᠳ ᠴᠢᠳᠠᠴᠢᠬᠠᠪᠠᠯ | ᠬᠤᠶᠢᠰᠢᠳᠡ ᠶᠢᠨ ᠵᠢᠭᠠᠨ ᠰᠣᠷᠭᠠᠯᠳᠠ ᠶᠢᠨ ᠠᠯᠢᠪᠠ ᠠᠵᠢᠯ ᠬᠢᠳᠡᠯ ᠲᠠᠨᠢ ᠢᠯᠭᠤᠮ ᠣᠷᠣᠬᠰᠢᠳᠠᠢ ᠪᠤᠯᠬᠤ ᠪᠠᠷ ᠪᠠᠷᠠᠬᠤ | ᠦᠭᠡᠢ ᠦᠶ᠎ᠡ ᠶᠢᠨ ᠦᠶ᠎ᠡ ᠬᠦᠮᠦᠵᠢᠭᠦᠯᠦᠨ ᠰᠣᠷᠭᠠᠬᠰᠠᠨ ᠦᠷ᠎ᠡ ᠬᠤᠶᠢᠴᠢᠰ᠂ ᠰᠣᠷᠣᠬᠴᠢᠳ ᠴᠢᠨᠢ ᠲᠠᠨ ᠤ ᠠᠴᠢ | ᠡᠨᠡᠷᠢᠯ ᠢ ᠴᠢᠨᠢ ᠦᠨᠢᠳᠡ ᠳᠤᠷᠠᠰᠬᠤ ᠨᠢ ᠯᠠᠪᠳᠠᠢ ᠶᠤᠮ᠃ | ᠬᠤᠶᠠᠷ᠂ ᠠᠭᠤᠳᠠᠮ ᠪᠠᠭᠳᠠᠭᠠᠮᠵᠢᠳᠠᠢ ᠪᠠᠭᠰᠢ ᠪᠤᠯᠬᠤ | ᠠᠯᠳᠠᠨ ᠨᠠᠷᠠᠨ ᠤ ᠡᠶᠡᠪᠡᠷᠬᠦᠦ ᠳᠣᠶᠠᠭ᠎ᠠ ᠶᠢᠷᠳᠢᠨᠴᠦ ᠶᠢᠨ ᠠᠮᠢᠳᠠᠨ ᠪᠤᠳᠠᠰ ᠪᠦᠬᠦᠨ ᠢ ᠬᠡᠷᠡᠯᠳᠦᠭᠦᠯᠦᠨ | ᠬᠡᠶᠢᠭᠦᠯᠬᠦ ᠲᠠᠢ ᠠᠳᠠᠯᠢ ᠪᠠᠷ ᠬᠦᠮᠦᠨ ᠳᠦᠷᠦᠯᠬᠢᠳᠡᠨ ᠤ ᠣᠶᠣᠨ ᠤ ᠢᠨᠵᠧᠨᠧᠷ ᠪᠤᠯᠤᠬᠰᠠᠨ ᠪᠠᠭᠰᠢ ᠨᠠᠷ ᠪᠢᠳᠡ | ᠬᠠᠶᠢᠷ᠎ᠠ ᠡᠨᠡᠷᠢᠯ ᠢᠶᠠᠨ ᠰᠣᠷᠣᠬᠴᠢ ᠪᠦᠬᠦᠨ ᠳᠤ ᠪᠠᠨ ᠠᠳᠠᠯᠢ ᠳᠡᠭᠰᠢ ᠪᠠᠷ ᠢᠪᠡᠭᠡᠬᠦ ᠬᠡᠷᠡᠭᠳᠡᠢ᠃ ᠨᠡᠩ ᠢᠯᠠᠩᠭᠤᠶ᠎ᠠ | ᠳᠡᠳᠡᠭᠡᠷ ᠣᠨᠴᠠᠭᠠᠢ ᠰᠣᠷᠣᠬᠴᠢ ︵ᠰᠣᠷᠤᠯᠭ᠎ᠠ ᠳᠤ ᠪᠠᠨ ᠬᠦᠴᠢᠷᠳᠡᠬᠦ ᠰᠣᠷᠣᠬᠴᠢ᠂ ᠬᠡᠷ ᠪᠦᠯᠢ ᠨᠢ ᠠᠰᠠᠭᠤᠳᠠᠯ ᠲᠠᠢ | ᠰᠣᠷᠣᠬᠴᠢ᠂ ᠦᠨᠦᠴᠢᠨ ᠦᠷᠦᠭᠡᠰᠦᠨ ᠬᠡᠦᠬᠡᠳ᠂ ᠣᠶᠣᠨ ᠤ ᠠᠷᠬᠠᠭ ᠲᠠᠢ ᠬᠡᠦᠬᠡᠳ ᠵᠡᠷᠭᠡ︶ ᠪᠠᠨ ᠪᠤᠰᠣᠳ | ᠰᠣᠷᠣᠬᠴᠢ ᠲᠠᠢ ᠪᠠᠨ ᠠᠳᠠᠯᠢ ᠪᠠᠷ ᠬᠠᠶᠢᠷᠠᠯᠠᠬᠤ ᠶᠢ ᠣᠨᠴᠠ ᠠᠩᠬᠠᠷᠬᠤ ᠬᠡᠷᠡᠭᠳᠡᠢ᠃ ︽ᠠᠳᠣᠭᠤᠨ ᠤ ᠠᠯᠠᠭ | ᠰᠠᠶᠢᠬᠠᠨ᠂ ᠠᠶᠠᠭᠠᠨ ᠤ ᠠᠯᠠᠭ ᠮᠠᠭᠤᠬᠠᠢ︾ ᠭᠡᠳᠡᠭᠴᠢᠯᠡᠨ ᠰᠣᠷᠣᠬᠴᠢ ᠪᠦᠬᠦᠨ ᠳᠤ ᠪᠠᠨ ᠠᠳᠠᠯᠢ ᠳᠡᠭᠰᠢ ᠪᠠᠷ | ᠬᠠᠨᠳᠣᠬᠤ ᠪᠤᠯ ᠪᠠᠭᠰᠢ ᠬᠦᠮᠦᠨ ᠤ ᠵᠢᠷᠣᠮᠯᠠᠪᠠᠰᠦ ᠵᠤᠬᠢᠬᠤ ᠬᠡᠪ ᠰᠣᠷᠳᠠᠯ ᠪᠤᠯᠤᠨ᠎ᠠ᠃ | ᠳᠡᠭᠡᠷ᠎ᠡ ᠶᠠᠷᠢᠭᠰᠠᠨ ᠠᠴᠠ ᠪᠢᠳᠡ ᠰᠣᠷᠭᠠᠨ ᠬᠦᠮᠦᠵᠢᠯ ᠭᠡᠳᠡᠭ ᠪᠤᠯ ᠪᠢᠴᠢᠭ ᠵᠢᠭᠠᠵᠦ ᠬᠦᠮᠦᠨ ᠢ | ᠬᠦᠮᠦᠵᠢᠭᠦᠯᠬᠦ ᠪᠠᠷ ᠠᠵᠢᠯ ᠤᠨ ᠢᠶᠠᠨ ᠭᠤᠣᠯᠳᠠᠯᠭ᠎ᠠ ᠪᠠᠨ ᠪᠤᠯᠭᠠᠵᠦ ᠰᠣᠷᠣᠬᠴᠢᠳ ᠲᠤ ᠡᠷᠳᠡᠮ ᠮᠡᠳᠡᠯᠭᠡ ᠶᠢ ᠪᠠᠳᠣᠳᠠᠢ | ᠡᠵᠡᠮᠰᠢᠭᠦᠯᠦᠨ ᠬᠥᠮᠦᠨ ᠪᠣᠯᠬᠤ ᠳᠤ ᠨᠢ ᠪᠠᠳᠦ ᠪᠠᠬᠢ ᠰᠠᠭᠤᠷᠢ ᠶᠢ ᠳᠠᠯᠪᠢᠬᠤ ᠪᠠᠷ ᠠᠵᠢᠯ ᠤᠨ ᠢᠶᠠᠨ ᠴᠢᠭᠯᠡᠭᠦᠷ | ᠪᠤᠯᠭᠠᠬᠤ ᠬᠡᠷᠡᠭᠳᠡᠢ ᠭᠡᠳᠡᠭ ᠢ ᠣᠯᠠᠮ ᠨᠢᠭᠡ ᠠᠯᠬᠤᠮ ᠭᠦᠨᠵᠡᠭᠡᠢ ᠣᠢᠢᠯᠠᠭᠠᠵᠦ ᠮᠡᠳᠡᠵᠤ ᠪᠤᠯᠤᠨ᠎ᠠ᠃ | ᠰᠣᠷᠭᠠᠭᠤᠯᠢ ᠳᠤ ᠥᠨᠳᠦᠷ ᠰᠦᠷᠯᠢᠭ ᠠᠰᠠᠷ ᠳᠠᠬᠳᠦ ᠴᠢᠬᠤᠯᠠ ᠪᠢᠰᠢ᠂ ᠬᠠᠷᠢᠨ ᠳᠦᠢᠯ ᠤᠨ ᠡᠭᠡᠯ | ᠪᠤᠷᠤᠬᠵᠢᠭᠤᠨ ᠪᠠᠷᠢᠯᠭ᠎ᠠ᠂ ᠡᠶᠡᠪᠡᠷᠭᠦᠦ ᠨᠠᠮᠵᠢᠭᠤᠨ ᠰᠣᠷᠣᠯᠭ᠎ᠠ ᠶᠢᠨ ᠣᠷᠴᠢᠨ᠂ ᠦᠨᠳᠦᠷ ᠳᠦᠪᠰᠢᠨ ᠪᠦᠬᠦᠢ | ᠡᠷᠳᠡᠮᠳᠡᠨ ᠪᠠᠭᠰᠢ ᠨᠠᠷ ᠴᠢᠬᠤᠯᠠ ᠠᠴᠠ ᠴᠢᠬᠤᠯᠠ᠂ ᠡᠷᠬᠢᠮ ᠠᠴᠠ ᠡᠷᠬᠢᠮ ᠦᠨᠠᠳᠤ ᠨᠠᠨᠳᠢᠨ ᠦᠪ ᠬᠦᠷᠦᠩᠭᠡ | ᠮᠦᠨ᠃ ᠰᠣᠷᠭᠠᠭᠤᠯᠢ ᠳᠤ ᠪᠠᠭᠰᠢ ᠶᠢᠨ ᠰᠣᠷᠣᠯᠭ᠎ᠠ ᠶᠢᠨ ᠨᠠᠮᠳᠠᠷ᠂ ᠪᠠᠭᠰᠢᠷᠠᠬᠰᠠᠨ ᠣᠯᠠᠨ ᠦᠨᠡᠮᠯᠡᠯ ᠤᠨ ᠳᠡᠪᠳᠡᠷ | ᠳᠡᠶᠢᠮᠦ ᠴᠢᠬᠤᠯᠠ ᠪᠢᠰᠢ᠂ ᠬᠠᠷᠢᠨ ᠪᠠᠭᠰᠢ ᠶᠢᠨ ᠬᠢᠷᠢ ᠬᠡᠮ᠂ ᠬᠡᠪ ᠪᠤᠯᠪᠠᠰᠣᠷᠠᠯ ᠴᠢᠬᠤᠯᠠ᠂ ᠠᠵᠢᠯ ᠢᠶᠠᠨ ᠭᠡᠰᠡᠨ | ᠬᠠᠯᠠᠭᠤᠨ ᠰᠡᠳᠬᠢᠯᠭᠡ᠂ ᠦᠢᠯᠡᠰ ᠢᠶᠠᠨ ᠭᠡᠰᠡᠨ ᠬᠠᠷᠢᠭᠤᠴᠠᠯᠭᠠᠳᠦ ᠤᠪᠣᠷ ᠬᠠᠮᠤᠭ ᠠᠴᠠ ᠴᠢᠬᠤᠯᠠ ᠶᠤᠮ᠃ | ᠨᠢᠭᠡ ᠬᠦᠮᠦᠨ ᠰᠠᠶᠢᠨ ᠪᠠᠭᠰᠢ ᠲᠠᠢ ᠳᠣᠬᠢᠶᠠᠯᠳᠣᠪᠠᠯ ᠨᠢᠭᠡ ᠨᠠᠰᠣᠨ ᠤ ᠠᠵᠠ ᠵᠢᠷᠭᠠᠯ᠂ ᠵᠤᠯ | ᠵᠠᠪᠰᠢᠶᠠᠨ᠃ ᠨᠢᠭᠡ ᠰᠣᠷᠭᠠᠭᠤᠯᠢ ᠨᠢ ᠰᠢᠯᠢᠳᠡᠭ ᠪᠠᠭᠰᠢ ᠲᠠᠢ ᠪᠤᠯ ᠰᠣᠷᠭᠠᠭᠤᠯᠢ ᠶᠢᠨ ᠦᠩᠭᠡ ᠭᠡᠷᠡᠯ᠂ ᠢᠷᠠᠭᠤ | ᠠᠯᠳᠠᠷ᠃ ᠨᠢᠭᠡ ᠦᠨᠳᠦᠰᠦᠳᠡᠨ ᠣᠯᠠᠨ ᠣᠯᠠᠨ ᠰᠢᠯᠢᠳᠡᠭ ᠪᠠᠭᠰᠢ ᠲᠠᠢ ᠪᠤᠯ ᠦᠨᠳᠦᠰᠦᠳᠡᠨ ᠤ ᠢᠷᠡᠭᠡᠳᠦᠢ ᠭᠡᠭᠡᠨ | ᠰᠠᠷᠠᠭᠤᠯ ᠪᠤᠯᠤᠨ᠎ᠠ᠃ | ︽ᠰᠤᠷᠭᠠᠨ ᠬᠥᠮᠦᠵᠢᠯ︾ ᠬᠡᠮᠡᠬᠦ ᠲᠣᠮᠤᠬᠠᠨ ᠡᠩᠨᠡᠭᠡᠨ ᠳᠤ ᠨᠢᠷᠤᠭᠤ ᠭᠡᠳᠠᠶᠢᠨ ᠵᠤᠬᠰᠣᠵᠦ ᠪᠠᠶᠢᠭ᠎ᠠ ᠪᠠᠭᠰᠢ | ᠨᠠᠷ ᠪᠢᠳᠡ᠂ ᠡᠷᠬᠢᠮ ᠦᠢᠯᠡᠰ ᠢᠶᠠᠨ ᠳᠡᠭᠡᠳᠦᠯᠡᠵᠦ ᠶᠠᠪᠤᠶ᠎ᠠ᠂ ᠡᠪᠡᠢ ᠬᠡᠦᠬᠡᠳ ᠢᠶᠠᠨ ᠬᠠᠶᠢᠷᠠᠯᠠᠵᠦ ᠶᠠᠪᠤᠶ᠎ᠠ᠂ ᠠᠷᠠᠯ ᠤᠨ | ᠱᠠᠷ ᠰᠢᠬ ᠵᠢᠳᠭᠦᠵᠦ ᠶᠠᠪᠤᠶ᠎ᠠ᠂ ᠠᠯᠠᠭ ᠦᠭᠡᠢ ᠰᠡᠳᠭᠢᠯ ᠢᠶᠠᠷ ᠴᠢᠷᠮᠠᠶᠢᠨ ᠠᠵᠢᠯᠯᠠᠵᠠᠭᠠᠶ᠎ᠠ᠃ | ᠠᠵᠢᠯᠯᠠᠵᠤ ᠪᠠᠶᠢᠭ᠎ᠠ ᠪᠠᠶᠢᠭᠤᠯᠭ᠎ᠠ᠄ ᠪᠠᠭᠠᠷᠢᠨ ᠵᠡᠭᠦᠨ ᠬᠤᠰᠢᠭᠤᠨ ᠤ | ᠵᠢᠭᠠᠬᠤ ᠶᠢ ᠰᠤᠳᠤᠯᠬᠤ ᠲᠥᠪ | ︵ᠠᠯᠳᠠᠨᠰᠦ᠋ᠭᠡ ᠨᠠᠶᠢᠷᠠᠭᠤᠯᠪᠠ︶ | | | |