| | 8 ᠰᠠᠷ᠎ᠠ ᠶᠢᠨ 15 ᠤ ᠡᠳᠦᠷ᠂ ᠣᠷᠳᠣᠰ ᠬᠤᠳᠠ ᠰᠣᠨᠢᠨ ᠮᠡᠳᠡᠭᠡ ᠨᠡᠶᠢᠲᠡᠯᠡᠬᠦ ᠬᠤᠷᠠᠯ ᠬᠤᠷᠠᠯᠳᠤᠭᠤᠯᠵᠤ᠂ | ᠪᠦᠬᠦ ᠬᠤᠲᠠ ᠶᠢᠨ ᠥᠷᠭᠡᠨ ᠣᠯᠠᠨ ᠪᠠᠭᠰᠢ ᠨᠠᠷ ᠲᠤ ᠳᠣᠭᠢᠷᠬᠠᠰᠠᠨ ᠰᠢᠨ᠎ᠡ ᠶᠢ ᠡᠭᠦᠳᠬᠦ ᠬᠡᠯᠪᠡᠷᠢ ᠶᠢᠨ ᠠᠭᠠᠷ ᠤᠨ | ᠠᠶᠠᠯᠠᠯ ᠤᠨ ᠦᠢᠯᠡᠳᠭᠦᠨ ᠢ ᠨᠡᠶᠢᠲᠡᠯᠡᠪᠡ᠃ ᠨᠢᠭᠡ ᠳᠤ᠂ ︽ᠣᠷᠳᠣᠰ ᠬᠤᠲᠠ ᠶᠢᠨ ᠪᠠᠭᠰᠢ ᠳᠤ ᠬᠦᠷᠭᠡᠬᠦ | ᠪᠡᠯᠡᠭ︾ ᠭᠡᠬᠦ ᠲᠥᠷᠥᠯ ᠵᠦᠢᠯ᠃ ᠲᠤᠰ ᠲᠥᠷᠥᠯ ᠵᠦᠢᠯ ᠨᠢ ᠪᠠᠭᠰᠢ ᠨᠢᠰᠬᠡᠯ ᠳᠤ ᠰᠠᠭᠤᠬᠤ ᠶᠢ ᠪᠡᠶᠡᠴᠢᠯᠡᠨ | ᠣᠶᠢᠯᠠᠭᠠᠬᠤ ᠶᠢ ᠳᠡᠭᠡᠭᠰᠢᠯᠡᠭᠦᠯᠬᠦ ᠪᠠᠷ ᠭᠤᠣᠯ ᠪᠣᠯᠭᠠᠵᠤ᠂ ︽ᠭᠤᠷᠪᠠᠨ ᠲᠤᠰᠬᠠᠢ ᠲᠠᠪᠤᠨ ᠰᠢᠯᠢᠳᠡᠭ ᠨᠢᠭᠡ ᠶᠢ | ᠬᠤᠪᠢᠶᠠᠯᠴᠠᠬᠤ︾ ᠦᠢᠯᠡᠴᠢᠯᠡᠭᠡ ︵ᠲᠤᠰᠬᠠᠢ ᠯᠠᠩᠭᠦᠢ᠂ ᠲᠤᠰᠬᠠᠢ ᠵᠠᠮ᠂ ᠲᠤᠰᠬᠠᠢ ᠢᠯᠡᠷᠬᠡᠶᠢᠯᠡᠯ᠂ ᠤᠷᠢᠳ ᠢᠶᠠᠷ | ᠰᠠᠭᠤᠳᠠᠯ ᠰᠣᠩᠭᠤᠬᠤ᠂ ᠤᠷᠢᠳ ᠢᠶᠠᠷ ᠭᠠᠷ ᠬᠦᠢᠴᠡᠳᠭᠡᠯ ᠬᠢᠬᠦ᠂ ᠤᠷᠢᠳ ᠢᠶᠠᠷ ᠠᠮᠤᠷ ᠲᠦᠪᠰᠢᠨ ᠤ ᠪᠠᠶᠢᠴᠠᠭᠠᠯᠲᠠ | ᠬᠢᠬᠦ᠂ ᠤᠷᠢᠳ ᠢᠶᠠᠷ ᠨᠢᠰᠬᠡᠯ ᠳᠤ ᠭᠠᠷᠬᠤ᠂ ᠤᠷᠢᠳ ᠢᠶᠠᠷ ᠪᠠᠲᠤᠯᠠᠬᠤ᠂ ᠶᠠᠭᠤᠮ᠎ᠠ ᠬᠤᠳᠠᠯᠳᠤᠨ ᠠᠪᠬᠤ ᠳᠤ | ᠨᠤᠭᠤᠯᠤᠨ ᠪᠣᠳᠤᠬᠤ ᠶᠢ ᠳᠤᠰᠬᠠᠢ ᠭᠦᠷᠲᠡᠬᠦ︶ ᠪᠠᠷ ᠳᠠᠮᠵᠢᠭᠤᠯᠤᠨ᠂ ᠪᠠᠭᠰᠢ ᠨᠠᠷ ᠨᠡᠩ ᠳᠥᠭᠦᠮ ᠳᠥᠲᠡ᠂ ᠨᠡᠩ | ᠲᠠᠭᠠᠯᠠᠮᠵᠢᠲᠠᠢ ᠶᠠᠪᠤᠵᠤ ᠰᠠᠭᠤᠬᠤ ᠶᠢ ᠪᠡᠶᠡᠴᠢᠯᠡᠨ ᠣᠶᠢᠯᠠᠭᠠᠪᠠ᠃ ᠬᠤᠶᠠᠷ ᠲᠤ᠂ ︽ᠬᠦᠰᠡᠯ ᠢᠶᠠᠨ ᠲᠡᠷᠭᠡᠯᠰᠢᠭᠦᠯᠬᠦ | ᠠᠶᠠᠯᠠᠯ·ᠲᠠᠨ ᠲᠠᠢ ᠬᠠᠮᠲᠤ︾ ᠭᠡᠬᠦ ᠬᠠᠮᠠᠭᠠᠯᠠᠬᠤ ᠲᠥᠯᠥᠪᠯᠡᠭᠡ᠃ ᠲᠤᠰ ᠲᠥᠯᠥᠪᠯᠡᠭᠡ ᠶᠢ ᠬᠤᠶᠠᠷ ᠬᠤᠲᠠ ᠶᠢᠨ | ᠬᠤᠭᠤᠷᠤᠨᠳᠤ ᠣᠴᠢᠵᠤ ᠢᠷᠡᠬᠦ ᠬᠡᠷᠡᠭᠴᠡᠭᠡ ᠪᠦᠬᠦᠢ ᠣᠶᠤᠲᠠᠨ ᠵᠢᠴᠢ ᠪᠠᠭᠰᠢ ᠨᠠᠷ ᠲᠤ ᠴᠢᠭᠯᠡᠭᠦᠯᠦᠨ᠂ ᠡᠷᠬᠡ ᠢᠶᠠᠨ | ᠠᠮᠢᠯᠠᠭᠤᠯᠤᠭᠰᠠᠨ ᠤ ᠳᠠᠷᠠᠭ᠎ᠠ ᠨᠡᠶᠢᠲᠡᠯᠡᠭᠰᠡᠨ ᠲᠡᠭᠡᠭᠡᠪᠦᠷᠢ ᠶᠢᠨ ᠦᠨ᠎ᠡ ᠶᠢ 2.5 ᠪᠠᠷ ᠨᠤᠭᠤᠯᠤᠨ ᠪᠣᠳᠣᠭᠰᠠᠨ | ᠣᠴᠢᠵᠤ ᠢᠷᠡᠬᠦ ᠪᠢᠯᠧᠲ ᠢ 8 ᠤᠳᠠᠭ᠎ᠠ᠂ ᠨᠡᠶᠢᠲᠡᠯᠡᠭᠰᠡᠨ ᠲᠡᠭᠡᠭᠡᠪᠦᠷᠢ ᠶᠢᠨ ᠦᠨ᠎ᠡ ᠶᠢ 5 ᠪᠠᠷ ᠨᠤᠭᠤᠯᠤᠨ | ᠪᠣᠳᠣᠭᠰᠠᠨ ᠣᠴᠢᠵᠤ ᠢᠷᠡᠬᠦ ᠪᠢᠯᠧᠲ ᠢ 2 ᠤᠳᠠᠭ᠎ᠠ ᠬᠦᠷᠲᠡᠵᠦ ᠪᠣᠯᠤᠨ᠎ᠠ᠃ ᠣᠶᠤᠲᠠᠨ ᠬᠡᠷᠡᠭᠯᠡᠭᠴᠢᠳ ᠺᠣᠳ᠋ ᠢ | ᠰᠢᠷᠪᠢᠵᠦ ᠳᠠᠩᠰᠠᠯᠠᠭᠤᠯᠪᠠᠯ ᠳᠤᠮᠳᠠᠳᠤ ᠤᠯᠤᠰ ᠤᠨ ᠬᠤᠯᠪᠣᠭᠠᠲᠤ ᠠᠶᠠᠯᠠᠯ ᠤᠨ ᠺᠣᠮᠫᠠᠨᠢ ᠶᠢᠨ ᠬᠡᠰᠢᠭᠦᠨ ᠢᠶᠠᠷ | ᠭᠡᠷᠡᠴᠢᠯᠡᠭᠦᠯᠵᠦ᠂ 7 ᠡᠳᠦᠷ ᠤᠨ ᠳᠣᠲᠣᠷ᠎ᠠ ᠣᠷᠳᠣᠰ ᠤᠨ ᠣᠷᠣᠵᠤ ᠭᠠᠷᠬᠤ ᠠᠶᠠᠯᠠᠯ ᠤᠨ ᠱᠤᠭᠤᠮ ᠤᠨ 5 ᠪᠠᠷ | ᠨᠤᠭᠤᠯᠤᠨ ᠪᠣᠳᠣᠬᠤ ᠨᠢᠰᠬᠡᠯ ᠤᠨ ᠪᠢᠯᠧᠲ ᠢ ᠣᠯᠵᠤ ᠪᠣᠯᠤᠨ᠎ᠠ᠃ |