ᠪᠤᠤ ᠢᠤᠢ ᠯᠠᠨ | | | | | | ︽ᠣᠷᠮ᠎ᠠ ᠪᠠᠬ᠎ᠠ ᠪᠣᠯ ᠬᠠᠮᠤᠭ ᠤᠨ ᠰᠠᠶᠢᠨ ᠪᠠᠭᠰᠢ︾ ᠬᠡᠳᠡᠭ ᠢᠶᠠᠷ ᠰᠣᠷᠣᠭᠴᠢᠳ ᠢᠶᠠᠨ ᠣᠷᠮᠠᠰᠢᠭᠤᠯᠣᠨ | ᠵᠣᠷᠢᠬᠵᠢᠭᠤᠯᠬᠤ ᠨᠢ ᠲᠠᠳᠠᠨ ᠤ ᠰᠣᠷᠣᠯᠴᠠᠬᠤ ᠢᠳᠡᠪᠬᠢᠵᠢᠯ ᠢ ᠲᠠᠶᠢᠴᠢᠯᠠᠬᠤ ᠴᠢᠬᠤᠯᠡ ᠠᠷᠭ᠎ᠠ ᠮᠦᠨ᠃ ᠡᠬᠦᠨ ᠳᠤ | ᠠᠩᠬᠢ ᠶᠢᠨ ᠡᠷᠬᠢᠯᠡᠭᠴᠢ ᠭᠤᠤᠯᠯᠠᠭᠴᠢ ᠬᠦᠴᠦᠨ ᠪᠤᠯᠤᠨ᠎ᠠ᠃ ᠤᠴᠢᠷ ᠨᠢ ᠠᠩᠬᠢ ᠶᠢᠨ ᠡᠷᠬᠢᠯᠡᠭᠴᠢ ᠪᠤᠯ | ᠰᠤᠷᠤᠭᠴᠢᠳ ᠲᠠᠢ ᠬᠠᠮᠤᠭ ᠤᠨ ᠠᠷᠪᠢᠨ ᠬᠠᠮᠳᠤ ᠪᠠᠶᠢᠳᠠᠭ ᠬᠦᠮᠦᠨ᠃ ᠪᠤᠰᠤᠳ ᠬᠢᠴᠢᠶᠡᠯ ᠤᠨ ᠪᠠᠭᠰᠢ ᠲᠠᠢ | ᠨᠠᠪᠳᠠᠷᠠᠯᠴᠠᠭᠦ ᠭᠦᠭᠦᠷᠭᠡ᠂ ᠰᠤᠷᠤᠭᠴᠢᠳ ᠤᠨ ᠮᠡᠳᠡᠯᠬᠡ ᠶᠢᠨ ᠶᠡᠷᠤᠩᠬᠡᠢ ᠣᠯᠠᠮᠵᠢᠯᠠᠭᠴᠢ᠂ ᠰᠤᠷᠤᠭᠴᠢᠳ ᠤᠨ ᠬᠦᠮᠦᠨ | ᠪᠣᠯᠬᠤ᠂ ᠠᠮᠢᠳᠤᠷᠠᠬᠤᠢ ᠶᠢᠨ ᠣᠬᠠᠭᠠᠨ ᠢ ᠠᠩᠬ᠎ᠠ ᠮᠡᠳᠡᠬᠦᠯᠦᠭᠴᠢ᠂ ᠰᠤᠷᠤᠭᠴᠢᠳ ᠤᠨ ᠪᠡᠶ᠎ᠡ ᠰᠡᠳᠬᠢᠴᠡ ᠶᠢᠨ ᠡᠷᠡᠭᠦᠯ | ᠮᠠᠨᠳᠤ ᠶᠢᠨ ᠨᠠᠨᠳᠢᠨ ᠵᠦᠪᠯᠡᠭᠴᠢ ᠵᠡᠷᠭᠡ ᠣᠯᠠᠨ ᠲᠠᠯ᠎ᠠ ᠶᠢᠨ ᠡᠬᠦᠷᠬᠡ ᠶᠢ ᠡᠬᠦᠷᠬᠡᠯᠡᠵᠤ ᠪᠤᠢ᠃ | ᠰᠤᠷᠤᠭᠴᠢᠳ ᠠᠩᠬ᠎ᠠ ᠰᠤᠷᠭᠠᠭᠤᠯᠢ ᠳᠤ ᠰᠠᠭᠤᠮᠠᠭᠴᠠ ᠪᠠᠭᠰᠢ ᠰᠣᠷᠣᠭᠴᠢ ᠶᠢᠨ ᠬᠠᠷᠢᠯᠴᠠᠨ | ᠮᠠᠨᠳᠦᠴᠢᠯᠡᠭᠡ ᠠᠴᠠ ᠡᠬᠢᠯᠡᠵᠦ᠂ ᠬᠤᠪᠴᠠᠰᠤ ᠬᠤᠨᠠᠷ ᠢᠶᠠᠨ ᠡᠮᠦᠰᠬᠦ᠂ ᠰᠠᠭᠤᠳᠡᠯ ᠳᠤ ᠲᠦᠪ ᠰᠠᠭᠤᠬᠤ᠂ | ᠬᠠᠷᠡᠨᠳᠡ ᠪᠠᠨ ᠵᠦᠪ ᠠᠳᠬᠤᠬᠤ᠂ ᠲᠡᠪᠳᠡᠷ ᠢᠶᠠᠨ ᠬᠡᠷᠬᠢᠨ ᠪᠣᠭᠴᠣᠯᠠᠬᠤ᠂ ᠰᠢᠷᠡᠭᠡ ᠰᠠᠨᠳᠠᠯᠢ ᠪᠠᠨ ᠲᠡᠭᠰᠢᠯᠡᠬᠦ᠂ | ᠣᠰᠣᠨ ᠴᠣᠮᠣ ᠪᠠᠨ ᠡᠪᠳᠡᠶᠢᠬᠡᠨ ᠲᠠᠯᠪᠢᠬᠤ᠂ ᠬᠢᠴᠢᠶᠡᠯ ᠢ ᠰᠠᠶᠢᠳᠤᠷ ᠰᠤᠨᠤᠰᠬᠤ᠂ ᠲᠠᠰᠬᠠᠯ ᠢ ᠬᠢᠨᠠᠮᠠᠭᠠᠢ ᠬᠢᠬᠦ᠂ | ᠪᠠᠭᠰᠢ ᠶᠢᠨ ᠠᠰᠠᠭᠤᠯᠳᠠ ᠶᠢ ᠵᠣᠷᠢᠭᠳᠠᠢ ᠲᠣᠳᠣ ᠬᠠᠷᠢᠭᠤᠯᠬᠤ ᠵᠡᠷᠬᠡ ᠠᠵᠢᠯᠯᠠᠭ᠎ᠠ ᠨᠢ ᠭᠤᠤᠯᠳᠠᠭᠤ ᠠᠩᠬᠢ ᠶᠢᠨ | ᠡᠷᠬᠢᠯᠡᠭᠴᠢ ᠳᠤ ᠲᠦᠰᠢᠭᠯᠡᠵᠤ ᠪᠠᠶᠠᠯᠡᠭᠳᠡᠳᠡᠭ᠃ ᠠᠩᠬᠢ ᠶᠢᠨ ᠡᠷᠬᠢᠯᠡᠭᠴᠢ ᠪᠤᠯ ᠰᠤᠷᠤᠭᠴᠢᠳ ᠤᠨ ᠨᠢᠳᠤ᠂ | ᠪᠤᠳᠤᠯ ᠳᠠᠬᠢ ︽ᠡᠷᠬᠡ ᠰᠦᠷᠳᠡᠨ︾ ᠮᠦᠷᠳᠡᠬᠡᠨ ︽ᠲᠡᠭᠦᠰ ᠴᠢᠳᠠᠪᠦᠷᠢᠳᠡᠨ︾ ᠮᠦᠨ᠃ ᠠᠩᠬᠢ ᠶᠢᠨ | ᠡᠷᠬᠢᠯᠡᠭᠴᠢ ᠶᠢᠨ ᠦᠢᠯᠡ ᠬᠦᠳᠡᠯᠦᠯ ᠨᠢ ᠰᠤᠷᠤᠭᠴᠢᠳ ᠢ ᠰᠢᠭᠤᠳ ᠨᠦᠯᠦᠬᠡᠯᠡᠳᠡᠭ ᠤᠴᠢᠷ ᠠᠴᠠ ᠠᠩᠬᠢ ᠶᠢᠨ | ᠡᠷᠬᠢᠯᠡᠭᠴᠢ ᠡᠷᠭᠡᠪᠰᠢ ᠲᠡᠯᠬᠡᠷ ᠮᠡᠳᠡᠯᠬᠡ᠂ ᠦᠨᠳᠤᠷ ᠬᠡᠪ ᠪᠣᠯᠪᠠᠰᠣᠷᠠᠯ᠂ ᠬᠦᠯᠢᠴᠡᠩᠬᠦᠢ ᠣᠪᠣᠷ᠂ ᠬᠠᠶᠢᠷ᠎ᠠ | ᠬᠠᠷᠢᠭᠤᠴᠠᠯᠭ᠎ᠠ ᠵᠡᠷᠬᠡ ᠤᠯᠠᠨ ᠲᠠᠯ᠎ᠠ ᠪᠠᠷ ᠪᠡᠶ᠎ᠠ ᠪᠠᠨ ᠴᠢᠩᠭ᠎ᠠ ᠱᠠᠭᠠᠷᠳᠠᠬᠤ ᠭᠡᠷᠡᠭᠳᠠᠢ ᠶᠤᠮ᠃ | ᠠᠩᠬᠢ ᠶᠢᠨ ᠡᠷᠬᠢᠯᠡᠭᠴᠢ ᠡᠷᠬᠡᠪᠰᠢ ᠰᠣᠷᠣᠭᠴᠢᠳ ᠤᠨ ᠰᠡᠳᠬᠢᠯ ᠤᠨ ᠨᠠᠶᠢᠵᠠ ᠪᠣᠯᠬᠤ ᠬᠡᠷᠡᠭᠳᠡᠢ᠃ | ᠰᠤᠷᠤᠭᠴᠢᠳ ᠢ ᠢᠯᠡᠬᠦᠤ ᠦᠵᠡᠬᠦ᠂ ᠬᠡᠳᠡᠷ ᠲᠤᠭᠰᠢᠨ ᠬᠠᠨᠳᠤᠬᠤ ᠦᠭᠡᠢ ᠪᠠᠶᠢᠪᠠᠯ ᠵᠤᠬᠢᠨ᠎ᠠ᠃ ᠢᠡᠭᠬᠢᠪᠠᠯ ᠰᠠᠶ᠋ᠢ | ᠰᠤᠷᠤᠭᠴᠢᠳ ᠴᠢᠮ᠎ᠠ ᠲᠠᠢ ᠣᠶᠢᠷᠠᠳᠴᠣ᠂ ᠦᠪᠡᠷ ᠤᠨ ᠲᠤᠬᠠᠢ ᠪᠠᠨ ᠡᠷᠢᠶᠡᠯᠡᠯ ᠦᠬᠡᠢ ᠶᠠᠷᠢᠳᠠᠬ ᠪᠤᠯᠤᠨ᠎ᠠ᠂ ᠡᠬᠦᠨ ᠤ | ᠤᠯᠠᠮ ᠠᠴᠠ ᠠᠩᠬᠢ ᠶᠢᠨ ᠡᠷᠬᠢᠯᠡᠭᠴᠢ ᠨᠢ ᠰᠤᠷᠤᠭᠴᠢᠳ ᠤᠨ ᠲᠣᠳᠣᠭᠠᠳᠣ ᠶᠢᠷᠳᠢᠨᠴᠣ ᠶᠢ ᠤᠶᠢᠯᠠᠭᠠᠨ᠂ | ᠪᠤᠳᠠᠳᠠᠢ ᠳᠤ ᠨᠢ ᠴᠢᠭᠯᠡᠬᠦᠯᠵᠤ ᠵᠢᠭᠠᠨ ᠵᠢᠯᠦᠭᠤᠳᠬᠤ ᠨᠢ ᠰᠤᠷᠤᠭᠴᠢᠳ ᠤᠨ ᠪᠡᠶ᠎ᠡ ᠰᠡᠳᠬᠢᠴᠡ ᠶᠢᠨ ᠬᠦᠭᠵᠢᠯᠳᠡ ᠳᠤ | ᠠᠰᠢᠭᠳᠠᠢ ᠪᠠᠶᠢᠳᠠᠭ᠃ ᠰᠤᠷᠤᠭᠴᠢ × × ᠨᠠᠳᠡ ᠳᠤ ᠠᠪᠤ ᠡᠵᠢ ᠶᠢᠨ ᠢᠶᠠᠨ ᠬᠡᠷᠡᠬᠦᠯ ᠢ ᠦᠷᠬᠦᠯᠵᠢ ᠶᠠᠷᠢᠳᠠᠭ᠂ ᠪᠢ | ᠲᠡᠭᠦᠨ ᠳᠤ ᠪᠤᠯᠬᠢ ᠪᠦᠳᠦᠬᠦᠯᠢᠭ ᠦᠬᠡ ᠶᠠᠷᠢᠶ᠎ᠠ ᠶᠢ ᠲᠡᠪᠴᠢᠬᠦ᠂ ᠠᠪᠤ ᠡᠵᠢ ᠪᠠᠨ ᠬᠦᠨᠳᠤᠯᠡᠬᠦ᠂ ᠤᠶᠢᠯᠠᠭᠠᠬᠤ | ᠶᠤᠰᠤᠨ ᠢ ᠰᠠᠶᠢᠳᠤᠷ ᠬᠡᠯᠡᠭᠰᠡᠨ ᠠᠴᠠ ᠲᠡᠷᠡ ᠮᠠᠰᠢ ᠲᠤᠮᠤᠭᠠᠳᠠᠢ ᠬᠡᠤᠬᠡᠳ ᠪᠤᠯᠤᠨ ᠬᠦᠮᠦᠵᠢᠭᠰᠡᠨ ᠪᠠᠶᠢᠯ᠎ᠠ᠃ ᠨᠢᠬᠡ | ᠤᠳᠠᠭ᠎ᠠ ᠡᠵᠢ ᠨᠢ ᠤᠳᠠᠰᠤ ᠢᠷᠡᠵᠤ᠄ ︽ᠪᠤᠤ ᠪᠠᠭᠰᠢ ᠡ᠂ ᠲᠠᠨ ᠤ ᠵᠢᠭᠠᠨ ᠵᠢᠯᠤᠭᠤᠳᠤᠯᠭ᠎ᠠ ᠲᠤᠤᠷ᠎ᠡ ᠮᠢᠨᠤ | ᠬᠡᠤᠬᠡᠨ ᠪᠢᠳᠡᠨ ᠤ ᠬᠡᠷᠡᠬᠦᠯ ᠮᠠᠷᠭᠤᠯᠳᠤᠭᠠᠨ ᠤ ᠭᠤᠤᠯ ᠲᠠᠰᠣᠯᠣᠭᠴᠢ ᠪᠤᠯᠵᠠᠢ᠂ ᠲᠡᠷᠡ ᠪᠢᠳᠡᠨ ᠢ ᠪᠤᠯᠪᠡᠰᠤᠨ | ᠶᠠᠷᠢᠬᠤ ᠶᠢ ᠱᠠᠭᠠᠷᠳᠠᠭᠰᠡᠨ ᠠᠴᠠ ᠪᠢᠳᠠ ᠪᠤᠯᠬᠢ ᠪᠦᠳᠦᠬᠦᠯᠢᠭ ᠦᠬᠡ ᠵᠠᠷᠤᠬᠤ ᠪᠠᠨ ᠢᠴᠢᠬᠦ ᠪᠤᠯᠤᠭᠰᠡᠨ ᠮᠦᠷᠳᠡᠬᠡᠨ | ᠬᠡᠷᠡᠯᠳᠦᠬᠦ ᠴᠤ ᠪᠠᠭᠠᠰᠤᠯᠠ ᠰᠢᠤ︕︾ ᠬᠡᠵᠡᠢ᠃ ᠡᠨᠡ ᠪᠤᠯ ᠮᠢᠨᠤ ᠰᠤᠷᠤᠭᠴᠢᠳ ᠤᠨ ᠢᠶᠠᠨ ᠰᠡᠳᠬᠢᠯ ᠤᠨ | ᠲᠠᠭᠠᠯᠠᠯ ᠢ ᠤᠯᠵᠤ ᠨᠠᠶᠢᠵᠠᠯᠠᠭᠰᠡᠨ ᠤ ᠨᠢᠭᠡᠨ ᠵᠢᠱᠢᠶ᠎ᠡ ᠮᠦᠨ᠃ | ᠠᠩᠬᠢ ᠶᠢᠨ ᠡᠷᠬᠢᠯᠡᠭᠴᠢ ᠡᠷᠬᠡᠪᠰᠢ ᠰᠣᠷᠣᠭᠴᠢᠳ ᠢᠶᠠᠨ ᠰᠠᠶᠢᠳᠤᠷ ᠤᠶᠢᠯᠠᠭᠠᠬᠤ ᠬᠡᠷᠡᠭᠳᠡᠢ᠃ ᠠᠩᠬᠢ ᠶᠢᠨ | ᠡᠷᠬᠢᠯᠡᠭᠴᠢ ᠶᠢᠨ ᠲᠣᠯᠠᠭᠠᠬᠠᠨ ᠬᠠᠷᠠᠴᠠ᠂ ᠡᠶᠡᠯᠳᠡᠭ ᠶᠠᠷᠢᠶ᠎ᠠ᠂ ᠢᠨᠢᠶᠡᠮᠰᠦᠭ ᠴᠢᠷᠠᠢ ᠨᠢ ᠰᠣᠷᠣᠭᠴᠢᠳ ᠲᠤ ᠬᠡᠴᠢᠨᠡᠬᠡᠨ | ᠶᠡᠭᠡ ᠵᠣᠷᠢᠬᠵᠢᠭᠤᠯᠣᠯ ᠪᠠ ᠢᠳᠡᠬᠡᠯ ᠤᠯᠭᠤᠬᠤ ᠠᠵᠢ᠃ ᠰᠤᠷᠤᠭᠴᠢ × × ᠪᠤᠯ ᠰᠤᠷᠤᠯᠭ᠎ᠠ ᠠᠨᠠᠢ ᠬᠦᠤ ᠶᠤᠮ᠂ | ᠨᠢᠬᠡ ᠤᠳᠠᠭ᠎ᠠ ᠲᠡᠷᠡ ᠰᠠᠮᠪᠠᠷ᠎ᠡ ᠶᠢ ᠴᠡᠪᠡᠷ ᠰᠠᠶᠢᠬᠠᠨ ᠵᠦᠯᠬᠦᠭᠰᠡᠨ ᠳᠤ ᠪᠢ ᠲᠡᠭᠦᠨ ᠤ ᠲᠤᠯᠤᠭᠠᠢ ᠶᠢ ᠨᠢ ᠢᠯᠪᠢᠵᠤ᠄ | ︽ᠮᠢᠨᠤ ᠰᠤᠷᠤᠭᠴᠢ ᠬᠦᠳᠡᠯᠮᠦᠷᠢ ᠶᠢᠨ ᠢᠳᠡᠪᠬᠢᠳᠡᠨ᠂ ᠴᠡᠪᠡᠷᠴᠢ ᠬᠡᠤᠬᠡᠳ ᠪᠠᠶᠢᠨ᠎ᠠ︕︾ ᠬᠡᠰᠡᠨ ᠠᠴᠠ ᠰᠡᠬᠦᠯᠡᠷ | ᠲᠡᠭᠦᠨ ᠤ ᠰᠤᠷᠤᠯᠭ᠎ᠠ ᠨᠢ ᠮᠡᠳᠡᠭᠳᠡᠬᠦ᠋ᠢᠴᠡ ᠲᠡᠭᠡᠭᠰᠢᠯᠡᠵᠡᠢ᠃ ᠲᠡᠬᠦᠨ ᠢ ᠬᠦᠳᠡᠯᠮᠦᠷᠢ ᠶᠢᠨ ᠬᠡᠰᠢᠬᠦᠨ ᠪᠤᠯᠭᠠᠭᠰᠡᠨ ᠳᠤ | ᠬᠤᠭᠤᠴᠠᠭᠠᠨ ᠡᠴᠤᠰ ᠤᠨ ᠰᠤᠷᠤᠯᠭ᠎ᠠ ᠶᠢᠨ ᠬᠢᠷᠢ ᠪᠦᠳᠤᠮᠵᠢ ᠨᠢ ᠠᠩᠬᠢ ᠶᠢᠨ ᠡᠮᠤᠨ᠎ᠠ ᠬᠤᠷᠢ ᠳᠤ ᠤᠷᠤᠭᠰᠠᠨ | ᠪᠠᠶᠢᠨ᠎ᠠ᠃ ᠡᠨᠡ ᠨᠢ ᠲᠠᠷᠤᠢ ᠰᠤᠷᠤᠭᠴᠢ × × ᠶᠢᠨ ᠲᠠᠪᠰᠢᠬᠤ ᠵᠤᠷᠢᠭ ᠢ ᠪᠢ ᠰᠠᠶᠢᠳᠤᠷ ᠤᠶᠢᠯᠠᠭᠠᠭᠰᠡᠨ ᠳᠤ | ᠪᠠᠶᠢᠭ᠎ᠠ ᠶᠤᠮ᠃ | ᠤᠳᠤ ᠪᠢ ᠠᠩᠬᠢ ᠶᠢᠨ ᠡᠷᠬᠢᠯᠡᠭᠴᠢ ᠪᠤᠯᠤᠭᠴᠢ ᠬᠡᠷᠬᠢᠨ ᠰᠣᠷᠣᠭᠴᠢᠳ ᠢᠶᠠᠨ ᠣᠷᠮᠠᠰᠢᠭᠤᠯᠣᠨ | ᠢᠳᠡᠪᠬᠢᠵᠢᠯ ᠢ ᠨᠢ ᠲᠠᠶᠢᠴᠢᠯᠠᠬᠤ ᠲᠣᠬᠠᠢ ᠦᠪᠡᠷ ᠤᠨ ᠦᠵᠡᠯᠳᠡ ᠪᠠᠨ ᠮᠦᠴᠢᠳᠬᠡᠨ ᠲᠣᠷᠠᠳᠣᠶ᠎ᠠ᠃ | ᠨᠢᠬᠡ᠂ ᠦᠬᠡ ᠶᠠᠷᠢᠶ᠎ᠠ᠂ ᠦᠢᠯᠡ ᠬᠦᠳᠡᠯᠦᠯ ᠢᠶᠠᠷ ᠢᠶᠠᠨ ᠰᠣᠷᠣᠭᠴᠢᠳ ᠲᠤ ᠪᠠᠨ ᠲᠠᠭᠤᠷᠢᠶᠠᠯ ᠦᠵᠡᠬᠦᠯᠬᠦ | ᠠᠩᠬᠢ ᠶᠢᠨ ᠡᠷᠬᠢᠯᠡᠭᠴᠢ ᠠᠩᠬᠢ ᠶᠢᠨ ᠠᠯᠢ ᠣᠯᠠᠨ ᠣᠴᠢᠷ ᠢ ᠭᠠᠷᠳᠠᠨ ᠰᠢᠢᠳᠪᠦᠷᠢᠯᠡᠬᠦ ᠬᠡᠷᠡᠭᠳᠡᠢ᠃ ᠲᠠᠷᠤᠢ | ᠰᠤᠷᠤᠭᠴᠢᠳ ᠤᠨ ᠡᠳᠤᠷ ᠲᠤᠳᠤᠮ ᠤᠨ ᠮᠠᠰᠢ ᠤᠯᠠᠨ ᠬᠡᠷᠡᠭ ᠶᠠᠪᠤᠳᠡᠯ ᠢ ᠡᠮᠬᠢ ᠲᠠᠷᠠᠭ᠎ᠠ ᠲᠠᠢ᠂ ᠴᠢᠨᠠᠷᠯᠢᠭ ᠦᠷ᠎ᠡ | ᠳ᠋ᠦᠩ ᠲᠠᠢ᠂ ᠨᠠᠷᠢᠨ ᠨᠢᠮᠪᠠᠢ ᠬᠢᠬᠦ ᠴᠢᠬᠤᠯᠠᠲᠠᠢ ᠪᠠᠶᠢᠳᠠᠭ᠃ | ᠨᠢᠬᠡᠳᠦᠬᠡᠷ ᠣᠨ ᠤ ᠰᠤᠷᠤᠭᠴᠢᠳ ᠢᠶᠠᠷ ᠵᠢᠱᠢᠶᠡᠯᠡᠭᠰᠡᠨ ᠴᠤ᠂ ᠠᠩᠬᠢ ᠶᠢᠨ ᠡᠷᠬᠢᠯᠡᠭᠴᠢ ᠪᠠᠶᠡᠴᠢᠯᠠᠨ | ᠣᠷᠣᠯᠴᠠᠵᠣ᠂ ᠲᠦᠷᠢᠮᠴᠢᠯᠡᠨ ᠦᠵᠡᠬᠦᠯᠵᠦ ᠬᠢᠬᠦ ᠨᠢ ᠦᠷ᠎ᠡ ᠠᠰᠢᠭ ᠦᠨᠳᠤᠷ ᠪᠠᠶᠢᠳᠠᠭ᠃ ᠱᠠᠯᠠ ᠱᠦᠬᠦᠷᠳᠡᠬᠦ ᠳᠤ | ᠱᠦᠬᠦᠷ ᠢᠶᠠᠨ ᠶᠠᠭᠠᠬᠢᠵᠤ ᠠᠳᠬᠤᠪᠡᠯ ᠭᠠᠷ ᠤᠨ ᠬᠦᠴᠦᠨ ᠳᠤ ᠲᠤᠬᠢᠷᠠᠮᠵᠢᠳᠠᠢ᠂ ᠲᠠᠷᠣᠰᠬᠢᠨ ᠱᠦᠬᠦᠷᠳᠡᠬᠦ ᠨᠢ | ᠲᠣᠭᠤᠰᠣ ᠪᠣᠳᠠᠷᠠᠬᠤ ᠨᠢ ᠪᠠᠭ᠎ᠠ᠂ ᠰᠠᠮᠪᠠᠷ᠎ᠠ ᠶᠢ ᠠᠯᠴᠢᠭᠤᠷ ᠢᠶᠠᠨ ᠨᠣᠷᠠᠭᠠᠭᠠᠳ ᠵᠦᠯᠬᠦᠪᠡᠯ ᠣ ᠶᠢᠨ ᠪᠢᠷ ᠤᠨ | ᠦᠷᠦᠪᠳᠡᠰᠦ ᠪᠣᠳᠠᠷᠠᠬᠤ ᠦᠬᠡᠢ᠂ ᠠᠯᠴᠢᠭᠤᠷ ᠢᠶᠠᠨ ᠲᠡᠯᠬᠡᠨ ᠰᠠᠮᠪᠠᠷ᠎ᠡ ᠰᠢᠷᠡᠭᠡ ᠠᠷᠴᠢᠬᠤ ᠨᠢ ᠵᠦᠯᠬᠦᠬᠦ ᠲᠠᠯᠠᠪᠠᠢ ᠨᠢ | ᠶᠡᠭᠡ᠂ ᠬᠡᠷᠡᠭᠰᠡᠬᠦ ᠴᠠᠭ ᠪᠠᠭ᠎ᠠ᠂ ᠰᠠᠨᠳᠠᠯᠢ ᠲᠡᠭᠡᠷ᠎ᠡ ᠬᠡᠷᠬᠢᠨ ᠯᠠᠪᠳᠠᠭᠤᠨ ᠵᠤᠭᠰᠤᠬᠤ ᠬᠡᠬᠦ ᠮᠡᠳᠤ ᠪᠠᠷ ᠰᠤᠷᠤᠭᠴᠢᠳ ᠲᠤ | ᠬᠦᠳᠡᠯᠮᠦᠷᠢ ᠶᠢᠨ ᠠᠷᠭ᠎ᠠ ᠲᠡᠮ ᠢ ᠮᠡᠳᠡᠬᠦᠯᠵᠤ᠂ ᠠᠮᠤᠷ ᠲᠦᠪᠰᠢᠨ ᠢ ᠠᠩᠬᠠᠷᠤᠭᠤᠯᠬᠤ ᠵᠡᠷᠭᠡ ᠪᠠᠷ ᠠᠩᠬᠢ ᠶᠢᠨ | ᠡᠷᠬᠢᠯᠡᠭᠴᠢ ᠪᠤᠯ ᠭᠠᠭᠴᠠ ᠮᠡᠳᠡᠯᠬᠡ ᠤᠯᠠᠮᠵᠢᠯᠠᠭᠴᠢ ᠪᠢᠰᠢ᠂ ᠪᠠᠰᠠ ᠴᠢᠳᠠᠪᠦᠷᠢ ᠶᠢ ᠤᠯᠠᠮᠵᠢᠯᠠᠭᠴᠢ ᠬᠡᠰᠡᠨ ᠢ | ᠮᠡᠳᠡᠬᠦᠯᠦᠨ᠎ᠡ᠃ ᠬᠡᠬᠦ ᠳᠤ ᠪᠠᠨ ᠪᠠᠭᠰᠢ ᠨᠠᠷ ᠦᠪᠠᠷ ᠤᠨ ᠶᠠᠪᠤᠵᠤ ᠰᠠᠭᠤᠬᠤ᠂ ᠭᠦᠳᠠᠯᠵᠤ ᠪᠠᠷᠢᠬᠤ ᠵᠢᠴᠢ ᠠᠵᠢᠯᠯᠠᠬᠤ | ᠰᠢᠷᠡᠬᠡᠨ ᠤ ᠬᠤᠷᠭᠤ ᠪᠠᠨ ᠡᠮᠬᠢᠯᠡᠬᠦ᠂ ᠲᠡᠪᠳᠡᠷ ᠨᠣᠮ ᠢᠶᠠᠨ ᠲᠡᠭᠰᠢᠯᠡᠬᠦ᠂ ᠤ ᠶᠢᠨ ᠪᠢᠷ ᠢᠶᠠᠨ ᠬᠠᠶᠢᠷᠠᠯᠠᠬᠤ᠂ ᠫᠧᠩᠰᠡ ᠲᠠᠢ | ᠴᠡᠴᠡᠭ ᠢ ᠨᠠᠷᠢᠨ ᠬᠢᠨᠠᠮᠠᠭᠠᠢ ᠤᠰᠤᠯᠠᠨ ᠠᠷᠠᠴᠢᠯᠠᠬᠤ ᠨᠢ ᠴᠤ ᠰᠤᠷᠤᠭᠴᠢᠳ ᠲᠤ ᠠᠵᠢᠯᠴᠢ ᠪᠤᠷᠤᠭᠵᠢᠭᠤᠨ ᠬᠢᠬᠡᠳ | ᠭᠤᠸ᠎ᠠ ᠰᠠᠶᠢᠬᠠᠨ ᠤ ᠬᠦᠮᠦᠵᠢᠯ ᠢ ᠲᠠᠮ ᠢᠶᠠᠷ ᠬᠦᠷᠳᠡᠭᠡᠭᠰᠡᠨ ᠶᠠᠪᠤᠳᠠᠯ ᠪᠤᠯᠤᠨ᠎ᠠ᠃ ᠠᠩᠬᠢ ᠶᠢᠨ ᠬᠡᠷ ᠤᠨ ᠴᠡᠪᠡᠷ | ᠲᠡᠭᠰᠢ ᠶᠢ ᠱᠠᠭᠠᠷᠳᠠᠬᠤ ᠨᠢ ᠰᠣᠷᠣᠭᠴᠢᠳ ᠲᠤ ᠪᠠᠨ ᠦᠪᠡᠷ ᠤᠨ ᠠᠮᠢᠳᠣᠷᠠᠬᠤ᠂ ᠰᠣᠷᠣᠯᠴᠠᠬᠤ ᠣᠷᠴᠢᠨ ᠢᠶᠠᠨ | ᠠᠷᠢᠭᠤᠨ ᠴᠡᠪᠡᠷ ᠪᠠᠶᠢᠯᠭᠠᠬᠤ ᠶᠢ ᠮᠡᠳᠡᠬᠦᠯᠦᠭᠰᠡᠨ ᠬᠡᠷᠡᠭ ᠪᠤᠯᠬᠤ ᠪᠦᠬᠡᠳ ᠠᠷᠢᠭᠤᠨ ᠴᠡᠪᠡᠷ ᠢ ᠡᠷᠬᠢᠮᠯᠡᠬᠦ ᠶᠢᠨ | ᠴᠢᠬᠤᠯᠠ ᠴᠢᠨᠡᠷ ᠢ ᠤᠶᠢᠯᠠᠭᠠᠭᠤᠯᠤᠭᠰᠡᠨ ᠶᠠᠪᠤᠳᠡᠯ ᠪᠤᠯᠬᠤ ᠶᠤᠮ᠃ | ᠪᠠᠭᠰᠢ ᠶᠢᠨ ᠲᠠᠭᠤᠨ ᠤ ᠡᠷᠬᠦᠯᠳᠡ ᠲᠠᠷᠣᠯᠳᠠ ᠵᠢᠴᠢ ᠦᠩᠬᠡ ᠶᠢᠨ ᠬᠤᠪᠢᠷᠡᠯ ᠨᠢ ᠰᠣᠷᠣᠭᠴᠢ ᠶᠢᠨ | ᠠᠰᠠᠭᠤᠯᠳᠠ ᠬᠠᠷᠢᠭᠤᠯᠬᠤ ᠦᠷ᠎ᠡ ᠳ᠋ᠦᠩ ᠢ ᠰᠢᠭᠤᠳ ᠨᠦᠯᠦᠬᠡᠯᠡᠳᠡᠭ᠃ ᠪᠠᠭᠰᠢ ᠶᠢᠨ ᠨᠠᠮᠤᠭᠤᠬᠠᠨ ᠵᠦᠬᠡᠯᠡᠨ | ᠬᠡᠯᠡᠬᠦ ᠨᠢ ᠰᠤᠷᠤᠭᠴᠢᠳ ᠢ ᠵᠣᠷᠢᠭᠳᠠᠢ ᠪᠤᠯᠭᠠᠵᠤ᠂ ᠵᠠᠩᠳᠤᠷᠴᠤ ᠲᠤᠭᠳᠤᠷᠬᠤ᠂ ᠰᠢᠬᠠᠮᠳᠠᠭᠤᠯᠤᠨ ᠪᠠᠷᠬᠢᠷᠠᠬᠤ ᠨᠢ | ᠠᠶᠤᠩᠭᠤᠷᠢ ᠲᠦᠷᠦᠭᠳᠡᠬᠦᠯᠵᠤ᠂ ᠡᠷᠴᠢ ᠵᠤᠷᠢᠭ ᠤᠨ ᠡᠷᠴᠢᠮ ᠢ ᠠᠯᠳᠠᠷᠠᠭᠠᠬᠤ ᠳᠤ ᠭᠦᠷᠦᠭᠦᠯᠳᠡᠭ᠃ ᠪᠠᠭᠰᠢ ᠶᠢᠨ | ᠡᠶᠡᠯᠳᠡᠭ ᠬᠠᠷᠠᠴᠠ᠂ ᠵᠦᠬᠡᠯᠡᠨ ᠠᠶᠠᠯᠭᠤ ᠨᠢ ᠰᠤᠷᠤᠭᠴᠢᠳ ᠤᠨ ᠣᠷᠮ᠎ᠠ ᠢᠳᠡᠬᠡᠯ ᠢ ᠲᠠᠶᠢᠴᠢᠯᠠᠵᠣ | ᠴᠢᠳᠠᠳᠠᠬ᠃ ᠡᠶᠢᠮᠦ ᠠᠴᠠ ᠠᠩᠬᠢ ᠶᠢᠨ ᠡᠷᠬᠢᠯᠡᠭᠴᠢ ᠪᠡᠶ᠎ᠡ ᠳᠤ ᠪᠠᠨ ᠦᠨᠳᠤᠷ ᠱᠠᠭᠠᠷᠳᠠᠯᠭ᠎ᠠ ᠲᠠᠯᠪᠢᠵᠤ ᠪᠠᠶᠢᠬᠤ | ᠬᠡᠷᠡᠭᠳᠡᠢ᠃ × × ᠪᠤᠯ ᠲᠤᠭᠠᠨ ᠤ ᠬᠢᠷᠢ ᠪᠦᠳᠦᠮᠵᠢ ᠠᠨᠠᠶᠢᠬᠠᠨ ᠰᠤᠷᠤᠭᠴᠢ ᠴᠤ ᠮᠠᠰᠢ ᠴᠤᠪᠤᠭᠤᠯᠢᠭ ᠬᠡᠤᠬᠡᠳ | ᠶᠤᠮ᠂ ᠪᠢ ᠨᠢᠬᠡ ᠤᠳᠠᠭ᠎ᠠ ᠲᠡᠭᠦᠨ ᠳᠤ ᠨᠢᠬᠡᠨᠳᠡ ᠰᠤᠷᠤᠭᠰᠡᠨ ᠲᠤᠭᠠᠨ ᠤ ᠬᠢᠴᠢᠶᠡᠯ ᠢ ᠨᠢ ᠵᠢᠯᠦᠭᠤᠳᠤᠭᠰᠡᠨ ᠤ | ᠲᠠᠷᠠᠭ᠎ᠠ ᠲᠡᠭᠦᠨ ᠢᠶᠠᠷ ᠪᠤᠯᠪᠡᠰᠤᠷᠡᠯ ᠬᠢᠯᠬᠡᠭᠰᠡᠨ ᠳᠤ ᠪᠦᠷ ᠴᠢᠳᠠᠭᠰᠡᠨ ᠪᠠᠶᠢᠯ᠎ᠠ᠃ ᠪᠢ ᠭᠠᠶᠢᠬᠠᠵᠤ᠄ ︽ᠲᠠ | ᠡᠶᠢᠮᠦ ᠬᠤᠷᠴᠡ ᠰᠡᠷᠬᠡᠢ ᠪᠠᠶᠢᠳᠠᠯ᠎ᠠ ᠶᠠᠭᠠᠬᠢᠭᠠᠳ ᠲᠤᠭᠠᠨ ᠤ ᠬᠢᠷᠢ ᠪᠦᠳᠦᠮᠵᠢ ᠴᠢᠨᠢ ᠠᠨᠠᠶᠢᠬᠠᠨ ᠪᠠᠶᠢᠭ᠎ᠠ | ᠪᠤᠢ︖︾ ᠬᠡᠰᠡᠨ ᠳᠤ ᠲᠡᠷᠡ ᠬᠡᠰᠡᠭ ᠤᠳᠠᠭᠠᠳ᠄ ︽ᠪᠠᠭᠰᠢ ᠠᠴᠠ ᠠᠶᠤᠭᠠᠳ ᠬᠢᠴᠢᠶᠡᠯᠯᠡᠭᠡ ᠳᠤ ᠠᠩᠬᠠᠷᠤᠯ | ᠲᠦᠪᠯᠡᠷᠡᠵᠤ ᠦᠭᠬᠦ ᠦᠬᠡᠢ︕︾ ᠬᠡᠵᠡᠢ᠃ ᠪᠢ᠄ ︽ᠬᠡᠷᠪᠡ ᠪᠢ ᠲᠠ ᠪᠤᠯᠤᠭᠰᠡᠨ ᠪᠤᠯ ᠲᠤᠭᠠᠨ ᠤ ᠬᠢᠴᠢᠶᠡᠯ ᠳᠤ | ᠢᠩᠬᠢᠵᠤ ᠰᠤᠨᠤᠰᠤᠨ᠎ᠠ᠂ ᠪᠤᠯᠪᠡᠰᠤᠷᠡᠯ ᠢᠶᠠᠨ ᠢᠩᠬᠢᠵᠤ ᠬᠢᠨ᠎ᠡ ᠁︾ ᠬᠡᠬᠦ ᠮᠡᠳᠤ ᠲᠦᠷᠰᠦᠯᠡᠨ ᠶᠠᠷᠢᠬᠤ ᠶᠢᠨ | ᠬᠠᠮᠳᠤ ᠵᠤᠷᠢᠭ ᠢ ᠨᠢ ᠬᠦᠪᠴᠢᠯᠡᠵᠤ᠂ ᠲᠤᠭᠠᠨ ᠤ ᠪᠠᠭᠰᠢ ᠲᠠᠢ ᠨᠢ ᠰᠠᠨᠠᠯ ᠢᠶᠠᠨ ᠰᠤᠯᠢᠯᠴᠠᠭᠰᠡᠨ ᠤ ᠰᠡᠬᠦᠯᠡᠷ × | × ᠤᠨ ᠲᠤᠭᠠᠨ ᠤ ᠬᠢᠷᠢ ᠪᠦᠳᠤᠮᠵᠢ ᠮᠡᠳᠡᠭᠳᠡᠮ᠎ᠡ ᠲᠦᠷᠬᠡᠨ ᠲᠡᠭᠡᠭᠰᠢᠯᠡᠵᠡᠢ᠃ | ᠬᠤᠶᠠᠷ᠂ ᠰᠣᠷᠣᠭᠴᠢᠳ ᠢᠶᠠᠨ ᠴᠠᠭ ᠲᠣᠬᠠᠢ ᠳᠤ ᠨᠢ ᠣᠷᠮᠠᠰᠢᠭᠤᠯᠣᠨ ᠵᠣᠷᠢᠬᠵᠢᠭᠤᠯᠬᠤ | ᠠᠩᠬᠢ ᠶᠢᠨ ᠡᠷᠬᠢᠯᠡᠭᠴᠢ ᠪᠣᠯᠣᠭᠰᠠᠳ ᠰᠣᠷᠣᠭᠴᠢᠳ ᠤᠨ ᠢᠶᠠᠨ ᠨᠠᠷᠠᠨ ᠲᠠᠯ᠎ᠠ — ᠲᠠᠪᠠᠭᠤᠯᠢᠭ ᠵᠦᠢᠯ ᠢ | ᠠᠵᠢᠨ ᠰᠡᠷᠡᠵᠦ ᠴᠠᠭ ᠢᠮᠠᠭᠳᠠ ᠣᠷᠮᠠᠰᠢᠭᠤᠯᠣᠨ ᠵᠣᠷᠢᠬᠵᠢᠭᠤᠯᠵᠣ ᠪᠠᠶᠢᠪᠠᠯ ᠰᠤᠷᠤᠭᠴᠢᠳ ᠰᠠᠶ᠋ᠢ ᠪᠠᠶ᠎ᠠ ᠳᠤ ᠪᠠᠨ | ᠢᠳᠡᠬᠡᠯ ᠲᠠᠢ᠂ ᠦᠬᠡᠳᠡᠷᠬᠡᠭ ᠪᠣᠳᠣᠯ ᠲᠠᠢ᠂ ᠴᠢᠯᠦᠬᠡᠳᠡᠢ ᠰᠡᠳᠬᠢᠵᠦ᠂ ᠵᠣᠷᠢᠭᠳᠠᠢ ᠶᠠᠷᠢᠬᠤ᠂ ᠪᠠᠶᠠᠰᠤᠩᠭᠤᠢ | ᠢᠳᠡᠪᠬᠢᠳᠡᠨ ᠪᠣᠯᠵᠣ ᠬᠦᠮᠦᠵᠢᠭᠳᠡᠳᠡᠭ᠃ | ᠴᠦᠬᠡᠨ ᠲᠣᠭᠠᠨ ᠤ ᠪᠠᠭᠰᠢ ᠰᠢᠬᠦᠭᠴᠢ ᠶᠢᠨ ᠣᠪᠣᠷ ᠢᠶᠠᠷ ᠰᠤᠷᠤᠭᠴᠢᠳ ᠲᠤ ᠪᠠᠨ ᠬᠠᠨᠳᠣᠵᠣ᠂ ᠲᠡᠳᠡᠨ ᠢ | ᠶᠠᠭᠤ ᠶᠠᠭᠠᠬᠢᠬᠤ ᠪᠠᠨ ᠮᠡᠳᠡᠬᠦ ᠦᠬᠡᠢ ᠪᠣᠯᠭᠠᠳᠠᠭ᠂ ᠰᠤᠷᠤᠭᠴᠢᠳ ᠢᠶᠠᠨ ᠠᠶᠠᠨᠳᠠᠭᠠᠨ ᠪᠡᠶ᠎ᠠ ᠠᠴᠠ ᠬᠦᠨᠳᠡᠶᠢᠷᠡᠬᠦᠯᠵᠤ | ᠤᠷᠬᠢᠳᠠᠭ᠃ ᠰᠤᠷᠤᠭᠴᠢᠳ ᠲᠠᠢ ᠪᠠᠨ ᠢᠯᠡᠬᠦᠦ ᠬᠠᠷᠢᠴᠠᠵᠣ᠂ ᠲᠣᠳᠣᠭᠠᠳᠣ ᠰᠡᠳᠬᠢᠯ ᠢ ᠨᠢ ᠢᠯᠡᠬᠦᠦ ᠠᠩᠬᠠᠷᠣᠨ᠂ | ᠰᠠᠨᠠᠯ ᠪᠣᠳᠣᠯ ᠢᠶᠠᠨ ᠴᠢᠯᠦᠬᠡᠳᠡᠢ ᠶᠠᠷᠢᠯᠴᠠᠬᠤ ᠨᠢ ᠰᠤᠷᠤᠭᠴᠢᠳ ᠤᠨ ᠡᠷᠡᠬᠦᠯ ᠮᠡᠨᠳᠤ ᠪᠠᠷ ᠦᠰᠦᠨ ᠪᠤᠶᠢᠵᠢᠬᠤ ᠳᠤ | ᠮᠠᠰᠢ ᠴᠢᠬᠤᠯᠠ᠃ ᠬᠡᠷ ᠤᠨ ᠠᠬᠠᠮᠡᠳ ᠪᠤᠶᠤ ᠪᠠᠭᠰᠢ ᠦᠷᠦᠬᠡᠰᠦᠯ ᠢᠶᠠᠷ ᠱᠠᠭᠠᠷᠳᠠᠬᠤ᠂ ᠦᠪᠡᠷ ᠤᠨ ᠵᠠᠭᠪᠣᠷ ᠢᠶᠠᠷ | ᠬᠡᠦᠬᠡᠳ ᠢᠶᠠᠨ ᠲᠤᠮᠢᠶᠠᠯᠠᠬᠤ ᠨᠢ ᠴᠦᠮ ᠭᠡᠳᠡᠷᠭᠦ ᠦᠢᠯᠡᠳᠦᠯ ᠭᠠᠷᠭᠠᠵᠣ ᠮᠡᠳᠡᠨ᠎ᠡ᠃ ᠰᠤᠷᠤᠭᠴᠢᠳ ᠢᠶᠠᠨ | ᠣᠶᠢᠯᠠᠭᠠᠵᠣ᠂ ᠴᠠᠭ ᠲᠤᠬᠠᠢ ᠳᠤ ᠨᠢ ᠤᠷᠮᠠᠰᠢᠭᠤᠯᠤᠨ ᠵᠣᠷᠢᠬᠵᠢᠭᠤᠯᠬᠤ ᠨᠢ ᠠᠮᠵᠢᠯᠳᠠ ᠳᠤ ᠬᠦᠷᠬᠦ ᠶᠢᠨ ᠤᠷᠢᠳᠡᠯ | ᠮᠦᠨ᠃ | ︽ᠴᠡᠴᠡᠭ ᠨᠢᠬᠡ ᠪᠦᠷᠢ ᠲᠡᠯᠬᠡᠷᠡᠬᠦ ᠴᠠᠭ ᠨᠢ ᠠᠳᠠᠯᠢ ᠦᠬᠡᠢ᠂ ᠴᠠᠭ ᠨᠢ ᠲᠤᠯᠪᠠᠰᠤ ᠴᠡᠴᠡᠭ ᠪᠦᠬᠦᠨ | ᠠᠶᠠᠨᠳᠠᠭᠠᠨ ᠲᠡᠯᠬᠡᠷᠡᠮᠤᠢ︾ ᠬᠡᠳᠡᠭᠴᠢᠯᠠᠨ ᠪᠠᠭᠰᠢ ᠪᠤᠯᠤᠭᠰᠡᠳ ᠰᠤᠷᠤᠭᠴᠢ ᠪᠤᠯᠭᠠᠨ ᠤ ᠬᠦᠯᠢᠶᠡᠨ ᠠᠪᠬᠤ | ᠴᠢᠳᠠᠪᠦᠷᠢ ᠨᠢ ᠠᠳᠠᠯᠢ ᠪᠣᠰᠣ᠂ ᠴᠡᠬᠡᠵᠢᠯᠡᠨ ᠲᠤᠭᠳᠠᠭᠠᠬᠤ ᠬᠤᠷᠳᠤᠴᠡ ᠨᠢ ᠠᠳᠠᠯᠢ ᠪᠣᠰᠣ᠂ ᠪᠡᠶᠡᠯᠡᠬᠦᠯᠬᠦ | ᠬᠤᠭᠤᠴᠠᠭ᠎ᠠ ᠨᠢ ᠠᠳᠠᠯᠢ ᠪᠣᠰᠣ ᠪᠤᠯᠬᠤᠷ ᠨᠢᠬᠡᠯᠡᠬᠡᠨ ᠬᠡᠮᠵᠢᠬᠦᠷ ᠢᠶᠠᠷ ᠬᠡᠮᠵᠢᠬᠦ ᠨᠢ ᠰᠤᠷᠤᠭᠴᠢᠳ ᠤᠨ ᠦᠪᠡᠷᠮᠢᠴᠡ | ᠣᠨᠴᠠᠯᠢᠭ ᠢ ᠪᠠᠳᠠᠷᠠᠭᠤᠯᠬᠤ ᠳᠤ ᠵᠣᠬᠢᠰ ᠦᠬᠡᠢ ᠬᠡᠳᠡᠭ ᠢ ᠮᠡᠳᠡᠵᠤ᠂ ᠠᠳᠠᠯᠢ ᠪᠣᠰᠣ ᠰᠣᠷᠣᠭᠴᠢ ᠳᠤ ᠠᠳᠠᠯᠢ | ᠪᠣᠰᠣ ᠱᠠᠭᠠᠷᠳᠠᠯᠭ᠎ᠠ ᠲᠠᠯᠪᠢᠵᠣ ᠰᠤᠷᠤᠭᠴᠢ ᠪᠣᠯᠭᠠᠨ ᠣᠯᠣᠯᠳᠠ ᠲᠠᠢ᠂ ᠲᠠᠪᠰᠢᠯᠳᠠ ᠲᠠᠢ ᠪᠠᠶᠢᠬᠤ ᠶᠢ | ᠬᠦᠨᠳᠤᠳᠬᠡᠨᠡ᠃ ᠬᠡᠦᠬᠡᠳ ᠤᠨ ᠵᠣᠷᠢᠭ ᠮᠣᠬᠤᠬᠤ᠂ ᠪᠠᠶ᠎ᠠ ᠪᠠᠨ ᠭᠤᠯᠤᠬᠤ᠂ ᠢᠳᠡᠪᠬᠢᠵᠢᠯ ᠮᠠᠭᠤᠳᠠᠬᠤ | ᠦᠵᠡᠭᠳᠡᠯ ᠠᠴᠠ ᠵᠠᠶᠢᠯᠠᠰᠬᠢᠬᠤ ᠬᠡᠷᠡᠭᠳᠡᠢ᠃ ᠵᠢᠱᠢᠶᠡᠯᠡᠪᠡᠯ᠂ ᠪᠢᠳᠡ ᠠᠳᠠᠯᠢ ᠪᠣᠰᠣ ᠰᠤᠷᠤᠭᠴᠢ ᠳᠤ ᠠᠳᠠᠯᠢ ᠪᠣᠰᠣ | ᠲᠡᠭᠳᠡᠷᠯᠢᠭ ᠴᠢᠨᠠᠷᠳᠤ ᠲᠠᠰᠬᠠᠯ ᠲᠣᠬᠢᠷᠠᠭᠤᠯᠵᠣ᠂ ᠲᠠᠪᠰᠢᠯᠳᠠ ᠲᠠᠢ ᠳᠤ ᠨᠢ ᠴᠡᠴᠡᠭ ᠵᠡᠬᠦᠯᠬᠡᠬᠦ ᠪᠣᠶᠣ ᠣᠳᠣᠨ | ᠱᠠᠩᠨᠠᠬᠤ ᠬᠡᠯᠪᠡᠷᠢ ᠪᠠᠷ ᠤᠷᠮᠠᠰᠢᠭᠤᠯᠤᠨ᠎ᠠ᠃ ᠲᠣᠮᠳᠠ ᠶᠢᠨ ᠰᠣᠷᠣᠭᠴᠢ ᠪᠣᠶᠣ ᠰᠢᠯᠢᠳᠡᠭ ᠰᠣᠷᠣᠭᠴᠢ ᠳᠤ ᠪᠦᠷᠢᠨ | ᠵᠦᠪ ᠲᠦᠷᠢᠮᠵᠢᠬᠦᠨ ᠬᠢᠬᠦ ᠶᠢ ᠴᠢᠬᠤᠯᠠᠴᠢᠯᠠᠵᠣ᠂ ᠣᠷᠣᠯᠳᠣᠭᠠᠨ ᠵᠠᠷᠯᠠᠬᠤ ᠬᠡᠯᠪᠡᠷᠢ ᠪᠠᠷ ᠢᠳᠡᠪᠬᠢᠵᠢᠯ ᠢ ᠨᠢ | ᠬᠦᠭᠵᠢᠬᠡᠨ᠎ᠡ᠃ ᠵᠦᠪ᠂ ᠲᠦᠷᠬᠡᠨ᠂ ᠲᠦᠷᠢᠮᠵᠢᠬᠦᠨ᠂ ᠪᠠᠷᠢᠮᠵᠢᠶ᠎ᠠ ᠬᠢᠭᠰᠡᠳ ᠢ ᠰᠠᠶᠢᠰᠢᠶᠠᠵᠤ᠂ ᠪᠤᠰᠤᠳ ᠢ ᠨᠢ | ᠵᠢᠭᠠᠬᠠᠨ ᠤᠯᠤᠯᠳᠡ ᠲᠠᠢ ᠪᠤᠯ ᠵᠤᠷᠢᠬᠵᠢᠭᠤᠯᠤᠨ᠎ᠠ᠃ | ᠰᠤᠷᠤᠭᠴᠢ × × ᠪᠤᠯ ᠰᠢᠯᠢᠳᠡᠭ ᠰᠤᠷᠤᠯᠭᠠᠳᠡᠨ ᠮᠦᠨ᠂ ᠬᠡᠪᠡᠴᠤ ᠨᠢᠬᠡ ᠤᠳᠠᠭᠠᠨ ᠤ ᠮᠤᠩᠭᠤᠯ ᠬᠡᠯᠡᠨ ᠤ | ᠰᠢᠯᠭᠠᠯᠳᠡ ᠳᠤ ᠬᠠᠨᠣᠮᠵᠢ ᠦᠬᠡᠢ ᠰᠢᠯᠭᠠᠵᠤ ᠶᠡᠬᠡᠬᠡᠨ ᠲᠤᠷ᠎ᠡ ᠭᠤᠳᠤᠭᠰᠡᠨ ᠪᠠᠶᠢᠯ᠎ᠠ᠃ ᠪᠢ ᠲᠡᠭᠦᠨ ᠳᠤ᠄ ︽ᠲᠠᠨ ᠤ | ᠡᠮᠡᠭᠡ ᠦᠩᠬᠡᠷᠡᠭᠡᠳ ᠬᠡᠳᠤᠨ ᠡᠳᠤᠷ ᠰᠠᠭᠠᠳᠠᠭᠰᠡᠨ ᠪᠤᠯᠬᠤᠷ ᠬᠡᠳᠤᠨ ᠡᠳᠤᠷ ᠤᠨ ᠬᠢᠴᠢᠶᠡᠯ ᠬᠤᠴᠤᠷᠤᠭᠰᠡᠨ ᠲᠡᠳᠤᠢ᠂ | ᠪᠠᠭᠰᠢ ᠨᠢ ᠴᠢᠮ᠎ᠠ ᠳᠤ ᠨᠦᠬᠦᠵᠤ ᠦᠭᠬᠦᠶ᠎ᠡ᠂ ᠲᠠ ᠴᠢᠷᠮᠠᠶᠢᠪᠡᠯ ᠪᠠᠰᠠ ᠯᠡ ᠰᠢᠯᠢᠳᠡᠭ ᠰᠤᠷᠤᠯᠭᠠᠳᠡᠨ ᠪᠤᠯᠵᠤ | ᠪᠤᠯᠤᠨ᠎ᠡ ᠰᠢᠤ︕︾ ᠬᠡᠵᠤ ᠬᠠᠪᠰᠤᠷᠤᠭᠰᠡᠨ ᠠᠴᠠ ᠲᠡᠷᠡ ᠰᠤᠷᠤᠯᠭ᠎ᠠ ᠳᠤ ᠪᠠᠨ ᠬᠤᠰᠢᠭᠤᠷᠡᠵᠤ ᠭᠠᠷᠣᠭᠰᠠᠨ | ᠪᠠᠶᠢᠯ᠎ᠠ᠃ ᠡᠨᠡ ᠪᠤᠯ ᠰᠤᠷᠤᠭᠴᠢ ᠶᠢ ᠴᠠᠭ ᠲᠤᠬᠠᠢ ᠳᠤ ᠨᠢ ᠠᠵᠢᠵᠤ᠂ ᠪᠠᠶᠢᠳᠡᠯ ᠳᠤ ᠨᠢ ᠲᠤᠬᠢᠷᠠᠭᠤᠯᠤᠨ | ᠵᠤᠷᠢᠬᠵᠢᠭᠤᠯᠤᠭᠰᠡᠨ ᠠᠴᠠ ᠪᠤᠯᠤᠭᠰᠡᠨ ᠶᠤᠮ᠃ | ᠠᠩᠬᠢ ᠶᠢᠨ ᠡᠷᠬᠢᠯᠡᠭᠴᠢ ᠪᠤᠯᠤᠭᠰᠠᠳ ᠰᠤᠷᠤᠭᠴᠢ ᠨᠢᠭᠡ ᠪᠦᠷᠢ ᠶᠢᠨ ᠲᠠᠪᠠᠭᠤᠯᠢᠭ ᠲᠠᠯ᠎ᠠ ᠶᠢ ᠤᠯᠵᠤ ᠬᠠᠷᠠᠬᠤ | ᠮᠦᠷᠳᠡᠬᠡᠨ ᠪᠠᠳᠠᠷᠠᠭᠤᠯᠵᠤ᠂ ᠰᠤᠷᠤᠯᠴᠠᠬᠤ ᠢᠳᠡᠪᠬᠢᠵᠢᠯ ᠢ ᠨᠢ ᠲᠠᠶᠢᠴᠢᠯᠡᠵᠦ ᠴᠢᠳᠠᠪᠡᠯ ᠰᠠᠶ᠋ᠢ ᠲᠠᠳᠠᠨ ᠢ ᠵᠤᠷᠢᠬᠳᠡᠢ᠂ | ᠢᠳᠡᠬᠡᠯ ᠲᠠᠢ᠂ ᠴᠢᠯᠦᠬᠡᠳᠡᠢ ᠰᠡᠳᠬᠢᠬᠦ ᠲᠠᠳᠬᠠᠯ ᠲᠠᠢ ᠪᠤᠯᠭᠠᠵᠤ ᠲᠡᠶᠢᠯᠦᠨ᠎ᠡ᠃ | ᠭᠤᠷᠪᠠ᠂ ᠰᠣᠷᠣᠭᠴᠢᠳ ᠢᠶᠠᠨ ᠲᠠᠭᠠᠭᠤᠯᠣᠨ ᠠᠵᠢᠯ ᠬᠦᠳᠡᠯᠮᠦᠷᠢ ᠳᠤ ᠪᠡᠶᠡᠴᠢᠯᠠᠨ ᠣᠷᠣᠯᠴᠠᠬᠤ | ᠬᠦᠳᠡᠯᠮᠦᠷᠢ ᠶᠢᠨ ᠪᠠᠶᠠᠷ ᠪᠠᠭ᠋ᠠᠳᠣᠯ ᠢ ᠡᠳ᠋ᠯᠡᠭᠦᠯᠵᠦ᠂ ᠬᠦᠳᠡᠯᠮᠦᠷᠢ ᠶᠢ ᠬᠦᠨᠳᠦᠳᠬᠡᠬᠦ ᠶᠣᠰᠣ ᠣᠴᠢᠷ ᠢ | ᠪᠠᠭᠰᠢ ᠠᠴᠠ ᠪᠠᠶᠡᠴᠢᠯᠠᠨ ᠮᠡᠳᠡᠬᠦᠯᠬᠦ ᠨᠢ ᠰᠣᠷᠣᠭᠴᠢᠳ ᠢ ᠤᠷᠮᠠᠰᠢᠭᠤᠯᠵᠤ᠂ ᠰᠤᠷᠤᠯᠴᠠᠬᠤ ᠢᠳᠡᠪᠬᠢᠵᠢᠯ ᠢ ᠨᠢ | ᠲᠠᠶᠢᠴᠢᠯᠠᠬᠤ ᠦᠷ᠎ᠡ ᠠᠰᠢᠭ ᠦᠨᠳᠣᠷ ᠠᠷᠭ᠎ᠠ ᠵᠠᠮ ᠪᠤᠯᠤᠨ᠎ᠠ᠃ | ᠵᠢᠵᠢᠬᠦᠷ ᠬᠢᠬᠦ ᠳᠤ ᠪᠠᠭᠰᠢ ᠠᠴᠠ ᠲᠦᠷᠢᠮ ᠦᠵᠡᠬᠦᠯᠬᠦ ᠨᠢ ᠰᠢᠭᠤᠳ ᠢᠩᠬᠢᠵᠦ ᠬᠢ᠂ ᠲᠡᠬᠡᠵᠦ ᠬᠢ | ᠬᠡᠬᠦ ᠠᠴᠠ ᠲᠡᠬᠡᠷ᠎ᠡ᠃ ᠣᠳᠣᠬᠢ ᠰᠤᠷᠤᠭᠴᠢᠳ ᠬᠢᠬᠦ ᠲᠣᠷ᠎ᠠ ᠦᠬᠡᠢ ᠪᠣᠶᠣ ᠬᠢᠬᠦ ᠵᠠᠪᠰᠢᠶᠠᠨ ᠦᠬᠡᠢ ᠪᠠᠶᠢᠳᠠᠭ᠂ | ᠵᠠᠷᠢᠮ ᠬᠡᠷ ᠤᠨ ᠠᠬᠠᠮᠠᠳ ᠨᠢ ᠬᠡᠦᠬᠡᠳ ᠤᠨ ᠪᠠᠶ᠎ᠠ ᠪᠠᠨ ᠲᠠᠭᠠᠭᠠᠨ ᠬᠢᠬᠦ ᠶᠢ ᠣᠮᠳᠣᠭᠠᠶᠢᠯᠠᠭᠰᠠᠨ ᠠᠴᠠ ᠰᠣᠷᠣᠭᠴᠢ | ᠪᠣᠭᠴᠣ ᠪᠠᠨ ᠬᠦᠷᠳᠡᠯ᠎ᠡ ᠦᠪᠡᠷ ᠢᠶᠠᠨ ᠡᠬᠦᠷᠬᠦ ᠦᠬᠡᠢ᠂ ᠣᠰᠣᠨ ᠴᠣᠮᠣ ᠪᠠᠨ ᠬᠦᠷᠳᠡᠯ᠎ᠡ ᠠᠳᠬᠤᠬᠤ ᠦᠬᠡᠢ ᠪᠠᠶᠢᠳᠠᠯ | ᠨᠡᠶᠢᠳᠡᠮ ᠤᠨ ᠦᠵᠡᠭᠳᠡᠯ ᠪᠤᠯᠵᠠᠢ᠃ ᠡᠶᠢᠮᠦ ᠠᠴᠠ ᠠᠩᠬᠢ ᠶᠢᠨ ᠡᠷᠬᠢᠯᠡᠭᠴᠢ ᠰᠤᠷᠤᠭᠴᠢᠳ ᠢ ᠠᠵᠢᠯ ᠬᠦᠳᠡᠯᠮᠦᠷᠢ ᠳᠤ | ᠣᠷᠣᠯᠴᠠᠭᠤᠯᠬᠤ ᠨᠢ ᠮᠠᠰᠢ ᠵᠦᠢᠳᠡᠢ ᠪᠠᠶᠢᠳᠠᠭ᠃ ᠵᠢᠱᠢᠶᠡᠯᠡᠪᠠᠯ᠂ ᠵᠠᠪᠰᠠᠷᠯᠠᠭ᠎ᠠ ᠶᠢᠨ ᠲᠠᠮᠢᠷ ᠠᠴᠠ ᠢᠷᠡᠪᠡᠯ ᠮᠢᠶᠠᠨᠪᠣᠣ | ᠢᠳᠡᠵᠦ ᠰᠦ ᠤᠤᠭᠤᠭᠰᠡᠨ ᠣᠭᠤᠳᠠ ᠬᠠᠶᠢᠷᠴᠠᠭ ᠢᠶᠠᠨ ᠬᠤᠭ ᠤᠨ ᠰᠠᠪᠠᠨ ᠳᠤ ᠶᠠᠭᠠᠬᠢᠵᠤ ᠠᠪᠠᠴᠢᠨ ᠬᠠᠶᠠᠬᠤ᠂ | ᠪᠠᠭ᠎ᠠ ᠰᠤᠷᠭᠠᠭᠤᠯᠢ ᠶᠢᠨ ᠲᠤᠤᠷ᠎ᠡ ᠤᠨ ᠤ ᠰᠤᠷᠤᠭᠴᠢᠳ ᠲᠤ ᠡᠩ ᠤᠨ ᠪᠤᠰᠤ ᠡᠨᠡ ᠭᠦ ᠠᠵᠢᠯᠯᠠᠭ᠎ᠠ ᠶᠢ ᠪᠠᠭᠰᠢ ᠠᠴᠠ | ᠨᠢᠬᠡ ᠤᠳᠠᠭ᠎ᠠ ᠲᠦᠷᠢᠮᠴᠢᠯᠠᠨ ᠬᠢᠵᠤ᠂ ᠬᠤᠭ ᠤᠨ ᠰᠠᠪᠠ ᠶᠢ ᠬᠡᠷᠬᠢᠨ ᠨᠡᠬᠡᠬᠡᠬᠦ᠂ ᠬᠤᠭ ᠢᠶᠠᠨ ᠬᠡᠷᠬᠢᠨ ᠠᠰᠬᠠᠵᠤ | ᠴᠢᠳᠬᠤᠬᠤ ᠦᠬᠡᠢ ᠬᠢᠬᠦ᠂ ᠬᠤᠭ ᠤᠨ ᠰᠠᠪᠠᠨ ᠤ ᠠᠮᠠᠰᠡᠷ ᠢ ᠬᠡᠷᠬᠢᠨ ᠬᠠᠭᠠᠬᠤ᠂ ᠭᠠᠷ ᠢᠶᠠᠨ ᠭᠡᠷᠬᠢᠨ ᠤᠬᠢᠶᠠᠬᠤ | ᠵᠡᠷᠬᠡ ᠨᠢ ᠪᠦᠷ ᠰᠤᠷᠤᠭᠴᠢᠳ ᠲᠤ ᠬᠦᠳᠡᠯᠮᠦᠷᠢ ᠳᠤ ᠤᠷᠤᠯᠴᠠᠬᠤ ᠶᠠᠪᠤᠴᠠ᠂ ᠠᠷᠢᠭᠤᠨ ᠴᠡᠪᠡᠷ ᠤᠨ ᠬᠦᠮᠦᠵᠢᠯ | ᠪᠤᠯᠬᠤ ᠶᠤᠮ᠃ | ᠵᠢᠱᠢᠶᠡᠯᠡᠪᠡᠯ᠂ ᠡᠪᠤᠯ ᠣᠯᠣᠨᠳᠠᠢ ᠪᠠᠨ ᠬᠤᠷᠢᠶᠠᠬᠤ ᠳᠤ ᠪᠠᠭᠰᠢ ᠠᠴᠠ᠄ ︽ᠤᠷᠢᠳ ᠢᠶᠠᠷ ᠬᠠᠮᠤᠭ ᠤᠨ | ᠲᠤᠤᠷᠠᠬᠢ ᠲᠣᠪᠴᠢ ᠶᠢ ᠨᠢ ᠲᠣᠪᠴᠢᠯᠠᠪᠠᠯ ᠬᠤᠪᠴᠠᠰᠤᠨ ᠬᠤᠷᠮᠣᠢ ᠭᠠᠳᠠᠭᠰᠢ ᠪᠠᠨ ᠲᠡᠯᠡᠬᠦ ᠦᠬᠡᠢ᠂ ᠮᠠᠯᠠᠭᠠᠢ ᠶᠢ ᠨᠢ | ᠬᠤᠮᠢᠵᠤ᠂ ᠬᠤᠶᠠᠷ ᠬᠠᠨᠴᠣᠢ ᠪᠠᠷ ᠨᠢ ᠡᠪᠬᠡᠨ ᠲᠠᠷᠤᠵᠤ᠂ ᠪᠡᠶ᠎ᠡ ᠶᠢ ᠨᠢ ᠨᠤᠭᠤᠯᠤᠨ ᠤᠷᠢᠶᠠᠪᠡᠯ ᠬᠤᠪᠴᠠᠰᠤ ᠬᠤᠶᠡᠷ | ᠲᠡᠶᠢᠰᠢ ᠦᠷᠬᠡᠵᠢᠬᠦ ᠦᠬᠡᠢ ᠤᠷᠤ ᠡᠵᠡᠯᠡᠬᠦ ᠨᠢ ᠪᠠᠭ᠎ᠠ︕︾ ᠬᠡᠮᠡᠨ ᠨᠠᠷᠢᠨ ᠬᠢᠨᠠᠮᠠᠭᠠᠢ ᠬᠦᠯᠢᠴᠡᠩᠬᠦᠢ ᠦᠵᠡᠬᠦᠯᠦᠨ | ᠬᠢᠨ᠎ᠡ᠃ ᠲᠠᠬᠢᠨ ᠤᠯᠤᠨᠳᠠᠢ ᠪᠠᠨ ᠡᠪᠭᠡᠵᠦ ᠴᠢᠳᠠᠭᠰᠡᠨ ᠰᠤᠷᠤᠭᠴᠢ ᠪᠠᠷ ᠲᠤᠷᠰᠢᠭᠤᠯᠤᠨ ᠬᠢᠯᠬᠡᠨ᠎ᠡ᠃ ᠵᠤᠨ ᠴᠤᠩᠬᠤ | ᠡᠬᠦᠳᠡ ᠪᠠᠨ ᠨᠡᠬᠡᠬᠡᠵᠤ ᠬᠠᠭᠠᠬᠤ ᠳᠤ ᠬᠤᠷᠤᠭᠤ ᠭᠠᠷ ᠢᠶᠠᠨ ᠬᠠᠪᠴᠢᠭᠤᠯᠬᠤ ᠠᠴᠠ ᠵᠠᠶᠢᠯᠠᠰᠬᠢᠬᠤ᠂ ᠪᠠᠶᠢᠷᠢ ᠶᠢᠨ | ᠰᠣᠷᠣᠭᠴᠢᠳ ᠣᠷᠣ ᠪᠠᠨ ᠬᠤᠷᠢᠶᠠᠬᠤ᠂ ᠴᠢᠷᠦᠬᠦᠯ ᠱᠠᠬᠠᠢ᠂ ᠨᠢᠭᠤᠷ ᠤᠨ ᠭᠠᠳᠤᠷ᠎ᠠ ᠪᠠᠨ ᠬᠠᠮᠢᠭ᠎ᠠ ᠲᠠᠯᠪᠢᠬᠤ᠂ | ᠬᠤᠷᠭᠤᠨ ᠳᠠᠬᠢ ᠶᠠᠭᠤᠮ᠎ᠠ ᠬᠡᠦᠮ᠎ᠡ ᠪᠠᠨ ᠬᠡᠷᠬᠢᠨ ᠲᠢᠭᠯᠡᠬᠦ᠂ ᠰᠢᠷᠡᠬᠡᠨ ᠰᠢᠷᠭᠤᠣᠯ ᠳᠤ ᠦᠵᠡᠬᠦ ᠨᠣᠮ᠂ ᠪᠢᠴᠢᠬᠦ | ᠲᠡᠪᠳᠡᠷ᠂ ᠪᠢᠷ ᠤᠨ ᠬᠠᠶᠢᠷᠴᠠᠭ ᠢᠶᠠᠨ ᠬᠡᠷᠬᠢᠨ ᠠᠩᠬᠢᠯᠡᠨ ᠲᠠᠯᠪᠢᠬᠤ ᠵᠡᠷᠬᠡ ᠶᠢ ᠬᠢᠵᠤ ᠦᠵᠡᠬᠦᠯᠦᠨ᠂ ᠬᠦᠳᠡᠯᠮᠦᠷᠢ ᠶᠢᠨ | ᠲᠤᠮᠳᠡ ᠠᠮᠤᠷ ᠲᠦᠪᠰᠢᠨ ᠤ ᠬᠦᠮᠦᠵᠢᠯ ᠬᠢᠵᠤ᠂ ᠬᠦᠳᠡᠯᠮᠦᠷᠢᠯᠡᠬᠦ ᠲᠡᠮ᠂ ᠠᠮᠢᠳᠤᠷᠠᠬᠤᠢ ᠶᠢᠨ ᠦᠵᠡᠯᠳᠡ ᠶᠢ | ᠠᠩᠬᠢ ᠶᠢᠨ ᠡᠷᠬᠢᠯᠡᠭᠴᠢ ᠪᠡᠶᠡᠴᠢᠯᠡᠨ ᠵᠢᠯᠦᠭᠤᠳᠤᠨ᠎ᠠ᠃ ᠭᠠᠷᠠᠭ ᠤᠨ ᠠᠮᠠᠷᠡᠯᠳᠡ ᠳᠤ ᠠᠷᠤ ᠬᠡᠷ᠂ ᠠᠪᠤ ᠡᠵᠢ ᠳᠤ ᠪᠠᠨ | ᠬᠠᠪᠰᠤᠷᠤᠨ ᠦᠪᠡᠷ ᠤᠨ ᠬᠢᠷᠢ ᠲᠤᠳᠤᠷ᠎ᠡ ᠬᠦᠳᠡᠯᠮᠦᠷᠢᠯᠡᠬᠦ ᠶᠢ ᠰᠠᠶᠢᠰᠢᠶᠠᠨ ᠮᠠᠭᠳᠠᠨ᠎ᠠ᠃ ᠡᠬᠦᠨ ᠤ ᠤᠯᠠᠮ ᠠᠴᠠ | ᠰᠤᠷᠤᠭᠴᠢᠳ ᠠᠵᠢᠯᠯᠠᠬᠤ ᠠᠷᠭ᠎ᠠ ᠲᠠᠮ ᠲᠠᠢ ᠪᠤᠯᠵᠤ᠂ ᠡᠳᠤᠷ ᠲᠤᠳᠤᠮ ᠤᠨ ᠠᠮᠢᠳᠤᠷᠡᠯ ᠢᠶᠠᠨ ᠲᠤᠳᠤᠮᠳᠠᠵᠤ | ᠲᠡᠶᠢᠯᠦᠨ᠂ ᠣᠳᠠᠭᠠᠨ ᠠᠴᠠ ᠪᠠᠨ ᠬᠤᠷᠳᠣᠨ᠂ ᠣᠯᠳᠣᠢ ᠠᠴᠠ ᠪᠠᠨ ᠣᠷᠠᠨ ᠪᠣᠯᠵᠣ ᠴᠠᠭᠠᠷᠠᠳᠠᠭ᠃ ︽ᠠᠵᠢᠯ ᠬᠢᠵᠦ | ᠬᠦᠮᠦᠨ ᠪᠣᠯᠳᠠᠭ᠂ ᠠᠷᠣ ᠲᠠᠪᠠᠵᠣ ᠬᠦᠯᠦᠭ ᠪᠣᠯᠳᠠᠭ︾ ᠭᠡᠳᠡᠭ ᠤᠨ ᠶᠣᠰᠣ ᠡᠶᠢᠮᠦ ᠪᠠᠶᠢᠵᠤ᠂ ᠬᠦᠳᠡᠯᠮᠦᠷᠢ ᠠᠴᠠ | ᠤᠷᠮᠠᠰᠢᠨ᠂ ᠰᠤᠷᠤᠯᠴᠠᠬᠤ ᠢᠳᠡᠪᠬᠢᠵᠢᠯ ᠨᠢ ᠢᠯᠡᠳᠳᠡ ᠲᠡᠭᠡᠭᠰᠢᠯᠡᠬᠦ ᠶᠤᠮ᠃ | ᠲᠦᠷᠪᠡ᠂ ᠰᠣᠷᠣᠭᠴᠢᠳ ᠲᠤ ᠪᠠᠨ ᠴᠠᠭ ᠢ ᠪᠠᠷᠢᠮᠳᠠᠯᠠᠬᠤ ᠶᠢ ᠮᠡᠳᠡᠬᠦᠯᠬᠦ | ︽ᠪᠠᠷᠰ ᠴᠠᠭ ᠲᠤ ᠪᠣᠰᠬᠤ ᠦᠬᠡᠢ ᠪᠣᠯ ᠡᠳᠦᠷ ᠤᠨ ᠶᠠᠪᠣᠳᠠᠯ ᠬᠤᠴᠣᠷᠣᠨ᠎ᠠ᠂ ᠪᠠᠭ᠎ᠠ ᠨᠠᠰᠤᠨ ᠳᠤ ᠪᠠᠨ | ᠰᠣᠷᠬᠤ ᠦᠬᠡᠢ ᠪᠣᠯ ᠨᠠᠰᠣᠨ ᠤ ᠶᠠᠪᠣᠳᠠᠯ ᠬᠤᠴᠣᠷᠣᠨ᠎ᠠ︾ ᠭᠡᠳᠡᠭ᠃ ᠰᠤᠷᠤᠭᠴᠢᠳ ᠲᠤ ᠴᠠᠭ ᠢ ᠪᠠᠷᠢᠮᠳᠠᠯᠠᠬᠤ ᠶᠢᠨ | ᠣᠬᠠᠭᠠᠨ ᠢ ᠬᠠᠷᠠᠬᠠᠨ ᠪᠠᠭ᠎ᠠ ᠠᠴᠠ ᠨᠢ ᠲᠠᠳᠬᠠᠯᠵᠢᠭᠤᠯᠬᠤ ᠪᠤᠯ ᠪᠠᠭ᠎ᠠ ᠰᠤᠷᠭᠠᠭᠤᠯᠢ ᠶᠢᠨ ᠠᠩᠬᠢ ᠶᠢᠨ | ᠡᠷᠬᠢᠯᠡᠭᠴᠢ ᠶᠢᠨ ᠪᠠᠰᠠ ᠨᠢᠬᠡ ᠡᠬᠦᠷᠬᠡ ᠬᠠᠷᠢᠭᠤᠴᠠᠯᠭ᠎ᠠ ᠪᠤᠯᠤᠨ᠎ᠠ᠃ ᠲᠣᠭᠳᠠᠭᠰᠠᠨ ᠴᠠᠭ ᠲᠤ ᠣᠨᠳᠠᠬᠤ᠂ | ᠲᠣᠭᠳᠠᠭᠰᠠᠨ ᠴᠠᠭ ᠲᠤ ᠪᠣᠰᠬᠤ᠂ ᠲᠣᠭᠳᠠᠭᠰᠠᠨ ᠴᠠᠭ ᠲᠤ ᠲᠠᠰᠬᠠᠯ ᠲᠠᠭᠠᠭᠠᠯᠭᠠᠪᠦᠷᠢ ᠪᠠᠨ ᠲᠣᠰᠢᠶᠠᠬᠤ᠂ | ᠲᠤᠭᠳᠠᠭᠰᠡᠨ ᠴᠠᠭ ᠲᠤ ᠡᠬᠦᠷᠬᠡ ᠬᠠᠷᠡᠯᠳᠡ ᠳᠤ ᠪᠠᠨ ᠬᠦᠷᠬᠦ ᠶᠢᠨ ᠴᠢᠬᠤᠯᠠ ᠴᠢᠨᠠᠷ ᠢ ᠰᠤᠷᠤᠭᠴᠢᠳ ᠲᠤ ᠮᠡᠳᠡᠬᠦᠯᠬᠦ | ᠬᠡᠷᠡᠭᠳᠡᠢ ᠪᠦᠬᠡᠳ ᠲᠠᠳᠬᠠᠯᠵᠢᠭᠤᠯᠬᠤ ᠬᠡᠷᠡᠭᠳᠡᠢ᠃ | ᠪᠠᠭᠰᠢ ᠠᠴᠠ ᠲᠦᠴᠢᠨ ᠮᠢᠨᠦ᠋ᠲ ᠢ ᠬᠦᠢᠴᠡᠳ ᠠᠰᠢᠭᠯᠠᠬᠤ᠂ ᠦᠷ᠎ᠡ ᠠᠰᠢᠭᠳᠣ ᠬᠢᠴᠢᠶᠡᠯᠯᠡᠭᠡ ᠶᠢ | ᠪᠠᠳᠣᠯᠠᠬᠤ ᠨᠢ ᠲᠠᠮ ᠢᠶᠠᠷ ᠰᠣᠷᠣᠭᠴᠢᠳ ᠲᠤ ᠴᠠᠭ ᠢ ᠪᠠᠷᠢᠮᠳᠠᠯᠠᠬᠤ ᠶᠢ ᠮᠡᠳᠡᠬᠦᠯᠬᠦ ᠵᠠᠩᠬᠢᠯᠠᠭ᠎ᠠ ᠮᠦᠨ᠃ ᠪᠢ | ᠬᠤᠩᠬᠤᠨ ᠲᠠᠭᠤᠨ ᠠᠴᠠ ᠡᠮᠤᠨ᠎ᠡ ᠠᠩᠬᠢ ᠳᠤ ᠪᠠᠨ ᠬᠦᠷᠴᠤ᠂ ᠬᠤᠩᠬᠤᠨ ᠲᠠᠭᠤᠨ ᠢᠶᠠᠷ ᠬᠢᠴᠢᠶᠡᠯ ᠪᠠᠭᠤᠵᠤ᠂ | ᠰᠤᠷᠤᠭᠴᠢᠳ ᠤᠨ ᠲᠦᠴᠢᠨ ᠮᠢᠨᠦ᠋ᠲ ᠢ ᠲᠣᠷ᠎ᠠ ᠪᠠᠷ ᠡᠵᠡᠯᠡᠳᠡᠭ ᠦᠬᠡᠢ᠃ ᠰᠤᠷᠤᠭᠴᠢᠳ ᠲᠤ ᠴᠠᠭ ᠢ | ᠪᠠᠷᠢᠮᠳᠠᠯᠠᠬᠤ ᠶᠢ ᠮᠡᠳᠡᠬᠦᠯᠬᠦ ᠳᠤ ᠪᠠᠭᠰᠢ ᠤᠷᠢᠳ ᠢᠶᠠᠷ ᠴᠠᠭ ᠢ ᠪᠠᠷᠢᠮᠳᠠᠯᠠᠬᠤ ᠵᠢᠱᠢᠶᠡᠴᠢ ᠪᠤᠯᠬᠤ ᠬᠡᠷᠡᠭᠳᠡᠢ᠃ | ᠪᠢ ᠰᠤᠷᠤᠭᠴᠢᠳ ᠲᠤ ᠴᠠᠭ ᠢ ᠪᠠᠷᠢᠮᠳᠠᠯᠠᠬᠤ ᠲᠤᠬᠠᠢ ᠮᠡᠳᠡᠬᠦᠯᠬᠦ ᠳᠤ ᠪᠠᠨ ᠡᠶᠢᠮᠦᠷᠬᠦᠤ ᠠᠷᠭ᠎ᠠ ᠠᠪᠴᠠᠯ | ᠠᠪᠤᠭᠰᠡᠨ ᠪᠠᠶᠢᠨ᠎ᠠ᠃ | ᠨᠢᠬᠡᠳᠦᠬᠡᠷ ᠲᠤ᠂ ︽ᠬᠤᠶᠡᠷ ᠮᠢᠨᠦ᠋ᠲ︾ ᠤᠨ ᠲᠤᠭᠯᠠᠭᠠᠮ᠄ ᠰᠤᠷᠤᠭᠴᠢᠳ ᠲᠤ ᠬᠤᠶᠠᠷ ᠮᠢᠨᠦ᠋ᠲ ᠲᠤ | ᠬᠡᠶᠢᠳᠦ ᠪᠦᠮᠪᠦᠭᠡ ᠶᠢ ᠬᠠᠮᠤᠭ ᠤᠨ ᠡᠮᠤᠨᠡᠬᠢ ᠮᠦᠷ ᠠᠴᠠ ᠬᠠᠮᠤᠭ ᠤᠨ ᠬᠤᠶᠢᠨᠠᠬᠢ ᠮᠦᠷ ᠲᠤ ᠬᠡᠳᠤᠨᠳᠡ ᠵᠦᠬᠡᠬᠡᠵᠦ | ᠲᠡᠶᠢᠯᠬᠦ᠂ ᠬᠤᠶᠠᠷ ᠮᠢᠨᠦ᠋ᠲ ᠲᠤ ᠬᠡᠳᠦᠨ ᠬᠡᠯᠡᠴᠡ ᠬᠡᠯᠡᠬᠦ᠂ ᠬᠤᠶᠠᠷ ᠮᠢᠨᠦ᠋ᠲ ᠲᠤ ᠬᠡᠳᠦᠨ ᠰᠡᠳᠦᠪ ᠬᠢᠬᠦ᠂ ᠬᠤᠶᠠᠷ | ᠮᠢᠨᠦ᠋ᠲ ᠲᠤ ᠬᠡᠳᠦᠨ ᠲᠠᠩ ᠦᠬᠡ ᠴᠡᠬᠡᠵᠢᠯᠡᠬᠦ᠂ ᠬᠤᠶᠠᠷ ᠮᠢᠨᠦ᠋ᠲ ᠲᠤ ᠬᠡᠳᠦᠨ ᠬᠤᠯᠪᠣᠭ᠎ᠠ ᠦᠬᠡ ᠣᠩᠰᠢᠬᠤ | ᠵᠡᠷᠬᠡ ᠲᠤᠭᠯᠠᠭᠠᠮ ᠢᠶᠠᠷ 2 ᠮᠢᠨᠦ᠋ᠲ ᠢ ᠴᠤ ᠬᠢᠮᠠᠭᠠᠳᠠᠢ ᠭᠡᠷᠡᠭᠯᠡᠭᠦ ᠶᠢ ᠰᠤᠷᠤᠭᠴᠢᠳ ᠲᠤ ᠮᠠᠳᠠᠭᠦᠯᠪᠠ᠃ | ᠬᠤᠶᠠᠳᠤᠭᠠᠷ ᠲᠤ᠂ ︽ᠭᠤᠷᠪᠡᠨ ᠮᠢᠨᠦ᠋ᠲ︾ ᠤᠨ ᠠᠪᠤᠷᠡᠯᠳᠡ᠄ ᠭᠤᠷᠪᠠᠨ ᠮᠢᠨᠦ᠋ᠲ ᠲᠤᠳᠤᠷ᠎ᠡ ᠠᠩᠬᠢ ᠠᠴᠠ | ᠡᠮᠬᠢ ᠲᠢᠭᠯᠢᠮ ᠲᠠᠢ᠂ ᠬᠠᠮᠤᠭ ᠤᠨ ᠲᠦᠷᠬᠡᠨ ᠢᠶᠠᠷ ᠭᠠᠷᠴᠤ᠂ ᠪᠤᠰᠤᠳ ᠢ ᠰᠢᠷᠠᠭᠳᠤᠭᠤᠯᠬᠤ ᠦᠬᠡᠢ᠂ ᠠᠮᠤᠷ | ᠲᠦᠪᠰᠢᠨ ᠭᠠᠵᠠᠷ ᠲᠤ ᠬᠦᠷᠴᠤ ᠲᠡᠶᠢᠯᠬᠦ ᠬᠡᠷᠡᠭᠳᠡᠢ᠃ ᠡᠨᠡ ᠪᠤᠯ ᠭᠠᠵᠠᠷ ᠬᠦᠳᠡᠯᠦᠯᠳᠡ ᠪᠤᠶᠤ ᠭᠠᠯ ᠤᠨ ᠠᠶᠤᠯ ᠠᠴᠠ | ᠮᠤᠯᠳᠤᠷᠠᠬᠤ ᠰᠤᠷᠢᠯᠳᠡ ᠮᠦᠨ᠂ ᠭᠤᠷᠪᠠᠨ ᠮᠢᠨᠦ᠋ᠲ ᠲᠤ ᠶᠠᠭᠤ ᠬᠢᠵᠤ ᠴᠢᠳᠠᠳᠠᠭ ᠢ ᠮᠡᠳᠡᠬᠦᠯᠦᠭᠰᠡᠨ ᠪᠤᠯᠪᠡᠰᠤᠷᠡᠯ | ᠪᠤᠯᠤᠨ᠎ᠠ᠂ ᠬᠡᠳᠤ ᠤᠳᠠᠭᠠᠰᠢᠷᠠᠬᠤ ᠨᠢ ᠠᠮᠢᠨ ᠳᠤ ᠠᠶᠤᠯ ᠲᠠᠢ᠂ ᠴᠠᠭ ᠪᠤᠯ ᠠᠮᠢ ᠨᠠᠰᠤ ᠬᠡᠳᠡᠭ ᠢ ᠮᠡᠳᠡᠬᠦᠯᠬᠦ | ᠲᠠᠳᠤᠯᠭ᠎ᠠ ᠶᠤᠮ᠃ | ᠡᠶᠢᠮᠦᠷᠬᠦᠤ ᠠᠷᠭ᠎ᠠ ᠪᠠᠷ ᠰᠤᠷᠤᠭᠴᠢᠳ ᠢ ᠴᠠᠭ ᠢ ᠨᠠᠨᠳᠢᠩᠨᠠᠬᠤ᠂ ᠴᠠᠭ ᠢ ᠠᠷᠪᠢᠯᠠᠬᠤ᠂ ᠴᠠᠭ ᠢ ᠪᠠᠷᠢᠮᠳᠠᠯᠠᠬᠤ | ᠦᠵᠡᠯᠳᠡ ᠤᠬᠠᠮᠰᠡᠷᠲᠠᠢ ᠪᠤᠯᠭᠠᠵᠤ᠂ ᠪᠠᠭ᠎ᠠ ᠠᠴᠠ ᠣᠯᠠᠨ ᠪᠣᠯᠳᠠᠭ᠂ ᠴᠦᠬᠡᠨ ᠠᠴᠠ ᠪᠠᠨ ᠠᠷᠪᠢᠨ ᠪᠤᠯᠳᠠᠭ᠂ | ᠲᠣᠭᠠᠨ ᠤ ᠬᠤᠷᠠᠮᠳᠣᠯ ᠠᠴᠠ ᠴᠢᠨᠠᠷ ᠤᠨ ᠬᠤᠪᠢᠷᠠᠯᠳᠠ ᠭᠠᠷᠳᠠᠭ ᠤᠨ ᠶᠤᠰᠤᠨ ᠢ ᠠᠩᠬ᠎ᠠ ᠠᠯᠬᠤᠮ ᠲᠠᠨᠢᠭᠤᠯᠵᠤ᠂ | ᠨᠠᠭᠠᠳᠤᠮ ᠰᠤᠨᠢᠷᠬᠠᠯ᠂ ᠰᠤᠷᠢᠯᠳᠡ ᠪᠤᠯᠪᠡᠰᠤᠷᠡᠯ ᠤᠨ ᠲᠤᠮᠳᠡ ᠴᠠᠭ ᠢ ᠪᠠᠷᠢᠮᠳᠠᠯᠠᠬᠤ ᠶᠢᠨ ᠶᠤᠰᠤ ᠤᠴᠢᠷ ᠢ | ᠤᠬᠠᠭᠤᠯᠵᠤ᠂ ᠪᠠᠭ᠎ᠠ ᠳᠤ ᠪᠠᠨ ᠰᠤᠷᠬᠤ ᠦᠬᠡᠢ ᠪᠤᠯ ᠨᠠᠰᠤᠨ ᠤ ᠬᠡᠮᠰᠢᠯ ᠪᠤᠯᠤᠨ᠎ᠠ ᠬᠡᠰᠡᠨ ᠢ ᠤᠶᠢᠯᠠᠭᠠᠭᠤᠯᠪᠠ᠃ | ᠲᠠᠪᠤ᠂ ᠰᠤᠷᠤᠭᠴᠢᠳ ᠢᠶᠠᠨ ᠪᠣᠰᠣᠳ ᠢ ᠪᠠᠭ᠋ᠠᠷᠬᠠᠵᠣ ᠴᠢᠳᠠᠬᠤ ᠪᠤᠯᠭᠠᠬᠤ | ᠶᠡᠷᠤᠳᠡ ︽ᠨᠢᠬᠡ ᠪᠠᠶᠠᠷ ᠢ ᠬᠤᠶᠠᠷ ᠬᠦᠮᠦᠨ ᠬᠤᠪᠢᠶᠠᠯᠴᠠᠪᠠᠯ ᠬᠤᠶᠠᠷ ᠪᠠᠶᠠᠷ ᠪᠤᠯᠤᠨ᠂ ᠨᠢᠬᠡ ᠵᠣᠪᠠᠯᠠᠩ ᠢ | ᠬᠤᠶᠠᠷ ᠬᠦᠮᠦᠨ ᠬᠤᠪᠢᠶᠠᠯᠴᠠᠪᠠᠯ ᠬᠠᠭᠠᠰ ᠵᠣᠪᠠᠯᠠᠩ ᠪᠠᠭᠤᠷᠠᠳᠠᠭ︾ ᠬᠡᠳᠡᠭ᠃ ᠰᠤᠷᠤᠭᠴᠢᠳ ᠤᠨ ᠪᠠᠶᠠᠷ | ᠪᠠᠭ᠋ᠠᠳᠣᠯ ᠨᠢ ᠰᠤᠷᠤᠯᠭ᠎ᠠ ᠶᠢᠨ ᠢᠳᠡᠪᠬᠢᠵᠢᠯ ᠢ ᠨᠢ ᠰᠠᠶᠢᠵᠢᠷᠠᠭᠤᠯᠬᠤ ᠳᠤ ᠮᠠᠰᠢ ᠴᠢᠬᠤᠯᠡ ᠪᠠᠶᠢᠳᠠᠭ᠃ ᠪᠣᠰᠣᠳ ᠤᠨ | ᠪᠠᠶᠠᠷ ᠪᠠᠭ᠋ᠠᠳᠣᠯ ᠢ ᠪᠠᠭ᠋ᠠᠷᠬᠠᠬᠤ ᠨᠢ ᠴᠤ ᠲᠣᠩ ᠴᠢᠬᠤᠯᠠ ᠪᠠᠶᠢᠳᠠᠭ᠃ | ᠠᠩᠬᠢ ᠶᠢᠨ ᠡᠷᠬᠢᠯᠡᠭᠴᠢ ᠪᠤᠯᠤᠭᠰᠠᠳ ᠴᠠᠭ ᠢ ᠠᠰᠢᠭᠯᠠᠨ ᠬᠦᠴᠢᠷ ᠪᠠᠷᠬᠡ ᠶᠢ ᠲᠣᠭᠤᠯᠵᠣ ᠠᠮᠵᠢᠯᠳᠠ ᠳᠤ | ᠬᠦᠷᠦᠭᠰᠡᠨ ᠨᠡᠷᠡᠳᠤ ᠬᠦᠮᠦᠰ ᠤᠨ ᠦᠯᠢᠬᠡᠷ ᠢ ᠰᠤᠷᠤᠭᠴᠢᠳ ᠲᠤ ᠪᠠᠨ ᠶᠠᠷᠢᠵᠣ ᠦᠭᠪᠡᠯ ᠵᠤᠬᠢᠨ᠎ᠠ᠃ | ᠪᠢ ᠠᠩᠬᠢ ᠠᠪᠬᠤ ᠪᠦᠷᠢ ᠰᠤᠷᠤᠭᠴᠢᠳ ᠲᠤ ᠪᠠᠨ ᠲᠤᠤᠷᠡᠬᠢ ᠬᠡᠳᠤᠨ ᠦᠯᠢᠬᠡᠷ ᠢ ᠶᠠᠷᠢᠵᠤ ᠦᠭᠳᠡᠭ᠃ | ① ᠲᠡᠯᠡᠬᠡᠢ ᠶᠢᠨ ᠫᠢᠩᠫᠠᠩ ᠪᠦᠮᠪᠦᠭᠡ ᠶᠢᠨ ᠲᠠᠦᠬᠡᠨ ᠳᠤ ᠬᠦᠮᠦᠨ ᠢ ᠰᠣᠴᠢᠭᠠᠮ᠎ᠠ ᠠᠮᠵᠢᠯᠳᠠ ᠳᠤ | ᠬᠦᠷᠦᠭᠰᠡᠨ ᠳ᠋ᠧᠩ ᠶᠠ ᠫᠢᠩ 14 ᠵᠢᠯ ᠳᠤ ᠬᠠᠮᠤᠭ ᠤᠨ ᠲᠡᠭᠡᠳᠤ ᠲᠡᠰ ᠤᠨ 18 ᠠᠯᠳᠠᠨ ᠮᠧᠳᠠᠯ ᠲᠣᠰᠴᠣ | ᠲᠡᠯᠡᠬᠡᠢ ᠶᠢ ᠲᠣᠩᠰᠣᠯᠭᠠᠵᠠᠢ᠂ ᠲᠡᠷᠡ ᠨᠠᠮᠬᠠᠨ ᠪᠠᠶ᠎ᠠ ᠪᠠᠨ ᠦᠪᠡᠷ ᠤᠨ ᠢᠶᠠᠨ ︽ᠲᠠᠪᠠᠭᠤᠯᠢᠭ︾ ᠲᠠᠯ᠎ᠠ ᠪᠣᠯᠭᠠᠨ᠂ | ᠬᠤᠷᠳᠤᠴᠠ ᠪᠠᠨ ᠲᠠᠰᠤᠷᠡᠯᠳᠡ ᠦᠬᠡᠢ ᠲᠡᠭᠡᠭᠰᠢᠯᠡᠬᠦᠯᠵᠤ᠂ ᠨᠦᠬᠦᠬᠡ ᠡᠳᠡᠬᠡᠳ ᠤᠨ ᠪᠦᠮᠪᠦᠭᠡ ᠲᠤᠰᠬᠤ ᠤᠷᠤᠨ | ᠪᠠᠶᠢᠷᠢ ᠶᠢ ᠲᠦᠷᠬᠡᠨ ᠠᠵᠢᠨ ᠮᠡᠳᠡᠵᠤ᠂ ᠪᠦᠮᠪᠦᠭᠡ ᠦᠰᠦᠷᠬᠦ ᠠᠴᠠ ᠡᠮᠤᠨ᠎ᠡ ᠵᠠᠪᠳᠤᠨ ᠬᠠᠷᠢᠭᠤ ᠴᠤᠬᠢᠳᠠᠭ ᠠᠴᠠ | ᠡᠰᠡᠷᠬᠦ ᠡᠳᠡᠬᠡᠳ ᠢᠶᠠᠨ ᠢᠯᠡᠵᠤ ᠭᠠᠷᠳᠠᠭ᠃ ᠲᠡᠷᠡ ᠡᠨᠡ ᠭᠦ ᠮᠡᠷᠬᠡᠰᠢᠯ ᠳᠤ ᠬᠦᠷᠬᠦ ᠶᠢᠨ ᠲᠦᠯᠦᠬᠡ ᠬᠡᠳᠦ᠋ᠢᠴᠢᠨᠡᠭᠡᠨ | ᠰᠢᠷᠭᠠᠭᠤ ᠴᠢᠷᠮᠡᠶᠢᠯᠭ᠎ᠠ᠂ ᠬᠠᠳᠠᠭᠤᠵᠢᠯᠳᠠᠢ ᠪᠣᠯᠪᠠᠰᠣᠷᠠᠯ᠂ ᠬᠦᠴᠦ ᠬᠦᠯᠦᠰᠦ ᠤᠷᠤᠰᠬᠠᠭᠰᠡᠨ ᠢ ᠪᠤᠤ ᠮᠡᠳᠡ︕ | ᠪᠢᠳᠡ ᠳ᠋ᠧᠩ ᠶᠠ ᠫᠢᠩ ᠤᠨ ᠰᠦᠰᠦ ᠵᠤᠷᠢᠭ ᠢ ᠪᠠᠭ᠋ᠠᠷᠬᠠᠬᠤ ᠶᠤᠰᠤᠳᠠᠢ᠃ | ② ᠨᠠᠷᠡᠳᠤ ᠵᠣᠬᠢᠶᠠᠯᠴᠢ ᠵᠠᠩ ᠬᠠᠢ ᠳ᠋ᠢ ᠲᠡᠪᠦᠨ ᠨᠠᠰᠣᠨ ᠳᠤ ᠪᠠᠨ ᠨᠣᠭᠤᠰᠣᠨ ᠤ ᠬᠤᠣᠷᠳᠣ ᠬᠠᠪᠣᠳᠠᠷ ᠲᠤ | ᠨᠡᠷᠪᠡᠭᠳᠡᠭᠡᠳ ᠲᠣᠣᠷᠠᠳᠣ ᠮᠦᠴᠢ ᠶᠢᠨ ᠮᠠᠰᠠ ᠵᠠᠰᠠᠯ ᠬᠢᠵᠤ᠂ ᠨᠠᠰᠤ ᠪᠠᠷ ᠢᠶᠠᠨ ᠬᠦᠷᠳᠦᠳᠦ ᠰᠠᠨᠳᠠᠯᠢ ᠳᠤ ᠰᠠᠭᠤᠬᠤ | ᠪᠣᠯᠣᠭᠰᠠᠨ ᠴᠣ᠋ ᠵᠣᠷᠢᠭ ᠮᠣᠬᠤᠭᠰᠠᠨ ᠦᠬᠡᠢ ᠠᠯᠢᠪᠠ ᠬᠦᠴᠢᠷ ᠢ ᠲᠠᠰᠪᠦᠷᠢᠯᠡᠵᠦ ᠦᠪᠡᠰᠦᠪᠡᠨ ᠪᠠᠭ᠎ᠠ ᠰᠣᠷᠭᠠᠭᠤᠯᠢ᠂ | ᠲᠣᠮᠳᠠᠳᠣ ᠰᠣᠷᠭᠠᠭᠤᠯᠢ ᠶᠢᠨ ᠬᠢᠴᠢᠶᠡᠯ ᠤᠨ ᠠᠭᠤᠯᠭ᠎ᠠ ᠶᠢ ᠪᠦᠬᠦᠨ ᠢ ᠰᠣᠷᠴᠣ᠂ ᠶᠡᠭᠡ ᠰᠣᠷᠭᠠᠭᠤᠯᠢ᠂ ᠰᠣᠳᠣᠯᠬᠤ | ᠰᠣᠷᠣᠭᠴᠢ ᠶᠢᠨ ᠬᠢᠷᠢ ᠬᠡᠮ ᠢ ᠣᠯᠣᠭᠰᠠᠨ ᠮᠦᠷᠳᠡᠬᠡᠨ ᠵᠡᠬᠦᠦ ᠲᠦᠬᠡᠨᠡᠯᠬᠡ ᠶᠢᠨ ᠡᠷᠳᠡᠮ ᠰᠣᠷᠴᠣ ᠬᠦᠮᠦᠨ ᠳᠤ | ᠡᠪᠡᠳᠴᠢᠨ ᠵᠠᠰᠡᠨ᠂ ᠪᠣᠰᠣᠳ ᠢ ᠬᠠᠪᠰᠣᠷᠬᠤ ᠪᠠᠷ ᠪᠠᠶᠠᠷ ᠪᠠᠭ᠋ᠠᠳᠣᠯ ᠢᠶᠠᠨ ᠪᠣᠯᠭᠠᠵᠣ᠂ ᠠᠩᠭ᠍ᠯᠢ᠂ ᠶᠠᠫᠣᠨ᠂ ᠭᠧᠷᠮᠠᠨ | ᠬᠡᠯᠡ ᠪᠠᠷ ᠮᠠᠰᠢ ᠣᠯᠠᠨ ᠣᠷᠴᠢᠭᠤᠯᠭ᠎ᠠ ᠶᠢᠨ ᠪᠦᠳᠦᠬᠡᠯ ᠭᠠᠷᠭᠠᠭᠰᠡᠨ ᠢᠶᠠᠨ ︽ᠡᠷᠡᠮᠳᠡᠭ ᠬᠡᠦᠬᠡᠨ ᠤ ᠡᠷᠡᠬᠦᠯᠬᠡᠨ | ᠵᠡᠬᠦᠳᠦ︾ ᠬᠡᠬᠦ ᠨᠤᠮ ᠳᠤ ᠪᠠᠨ ᠪᠢᠴᠢᠭᠰᠡᠨ ᠪᠠᠶᠢᠯ᠎ᠠ᠃ ᠵᠠᠩ ᠬᠠᠢ ᠳ᠋ᠢ ᠪᠠᠶ᠎ᠠ ᠵᠡᠮᠳᠡᠭ ᠴᠣ᠋ ᠰᠠᠨᠠᠭ᠎ᠠ ᠰᠠᠷᠠᠭᠤᠯᠬᠠᠨ᠂ | ᠠᠮᠢᠳᠤᠷᠡᠯ ᠳᠤ ᠵᠤᠷᠢᠭ ᠮᠤᠬᠤᠭᠰᠡᠨ ᠦᠬᠡᠢ᠂ ᠣᠢ ᠭᠤᠳᠤᠭᠰᠡᠨ ᠦᠬᠡᠢ ᠨᠡᠷᠡᠳᠤ ᠵᠤᠬᠢᠶᠠᠯᠴᠢ ᠪᠤᠯᠤᠭᠰᠡᠨ ᠢ ᠪᠢᠳᠡ | ᠡᠷᠬᠡᠪᠰᠢ ᠪᠠᠭ᠋ᠠᠷᠬᠠᠬᠤ ᠬᠡᠷᠡᠭᠳᠡᠢ᠃ ᠲᠡᠭᠦᠨ ᠲᠠᠢ ᠬᠠᠷᠢᠴᠠᠭᠤᠯᠪᠡᠯ ᠪᠢᠳᠡᠨ ᠡᠷᠡᠬᠦᠯ ᠰᠠᠷᠠᠭᠤᠯᠬᠠᠨ ᠪᠡᠶ᠎ᠡ ᠮᠠᠬᠠᠪᠤᠳ ᠲᠠᠢ | ᠶᠠᠭᠤᠨ ᠳᠤ ᠪᠠᠶᠡᠷ ᠪᠠᠶᠠᠰᠤᠯ ᠲᠠᠢ ᠴᠢᠷᠮᠠᠶᠢᠨ ᠰᠤᠷᠤᠯᠴᠠᠬᠤ ᠦᠬᠡᠢ ᠪᠤᠢ︕ | ᠲᠡᠳᠡᠬᠡᠷ ᠨᠠᠷᠡᠳᠦ ᠬᠦᠮᠦᠨ ᠤ ᠠᠮᠵᠢᠯᠳᠡ ᠤᠯᠤᠭᠰᠡᠨ ᠨᠢ ᠲᠠᠩ ᠭᠠᠭᠴᠠ ᠦᠪᠡᠷ ᠤᠨ ᠠᠪᠢᠶᠠᠰ | ᠪᠢᠯᠢᠭ ᠲᠤ ᠪᠠᠨ ᠲᠦᠰᠢᠭᠯᠡᠭᠰᠡᠨ ᠪᠢᠰᠢ᠂ ᠨᠡᠩ ᠴᠢᠬᠤᠯᠠ ᠨᠢ ᠪᠤᠰᠤᠳ ᠤᠨ ᠠᠮᠵᠢᠯᠳᠡ ᠤᠯᠤᠭᠰᠡᠨ ᠪᠠᠶᠡᠷ | ᠪᠠᠭ᠋ᠠᠳᠤᠯ ᠢ ᠬᠤᠪᠢᠶᠠᠯᠴᠠᠭᠰᠡᠨ ᠳᠤ ᠪᠠᠶᠢᠭ᠎ᠠ ᠶᠤᠮ᠃ ᠲᠡᠳᠡ ᠪᠤᠰᠤᠳ ᠤᠨ ᠪᠡᠶ᠎ᠡ ᠠᠴᠠ ᠡᠷᠡᠯᠬᠡᠭ ᠵᠣᠷᠢᠭ ᠨᠢ | ᠬᠦᠪᠴᠢᠯᠡᠭᠳᠡᠵᠤ᠂ ᠠᠤᠭ᠎ᠠ ᠬᠦᠰᠡᠯ ᠢ ᠡᠪᠦᠷᠯᠡᠨ᠂ ᠲᠠᠰᠤᠷᠡᠯᠳᠡ ᠦᠬᠡᠢ ᠣᠷᠣᠭᠰᠢᠯᠠᠨ ᠲᠠᠪᠰᠢᠬᠰᠡᠨ ᠠᠴᠠ ᠰᠠᠶ᠋ᠢ | ᠦᠨᠦᠳᠦᠷ ᠤᠨ ᠬᠡᠮᠵᠢᠶᠡᠨ ᠳᠤ ᠬᠦᠷᠦᠭᠰᠡᠨ ᠪᠠᠶᠢᠯ᠎ᠠ᠃ | ᠪᠢ ᠦᠷᠬᠦᠯᠵᠢ ᠰᠤᠷᠤᠭᠴᠢᠳ ᠲᠤ ᠪᠠᠨ ᠪᠣᠰᠣᠳ ᠤᠨ ᠰᠠᠶᠢᠬᠠᠨ ᠢ ᠪᠠᠭ᠋ᠠᠷᠬᠠᠵᠣ᠂ ᠦᠪᠡᠷ ᠲᠤ ᠪᠠᠨ | ᠲᠦᠯᠬᠢᠴᠡ ᠬᠦᠴᠦᠨ ᠪᠤᠯᠭᠠᠬᠤ ᠨᠢ ᠨᠢᠬᠡ ᠬᠦᠮᠦᠨ ᠤ ᠠᠮᠵᠢᠯᠳᠡ ᠳᠤ ᠬᠦᠷᠬᠦ ᠶᠢᠨ ᠵᠠᠩᠬᠢᠯᠠᠭ᠎ᠠ ᠪᠤᠯᠤᠨ᠎ᠠ ᠬᠡᠵᠤ | ᠬᠡᠯᠡᠳᠡᠭ᠂ ᠪᠢᠳᠡᠨ ᠤ ᠲᠡᠷᠬᠡᠳᠡ ᠲᠠᠨ ᠤ ᠪᠠᠭ᠋ᠠᠷᠬᠠᠬᠤ ᠨᠦᠭᠦᠳ ᠪᠠᠭ᠎ᠠ ᠪᠤᠰᠤ ᠪᠠᠶᠢᠳᠠᠭ᠂ ᠬᠡᠷᠪᠡ ᠲᠠ | ᠦᠪᠡᠷ ᠤᠨ ᠢᠶᠠᠨ ᠤᠮᠤᠷᠬᠠᠭ ᠰᠠᠭᠰᠠᠭᠤ ᠶᠢ ᠲᠡᠪᠴᠢᠵᠤ ᠴᠢᠳᠠᠳᠠᠭ ᠯᠡ ᠶᠤᠮ ᠪᠤᠯ ᠯᠠᠪ ᠪᠤᠰᠤᠳ ᠤᠨ ᠪᠡᠶ᠎ᠡ | ᠲᠡᠭᠡᠷᠡᠬᠢ ᠪᠠᠭ᠋ᠠᠷᠤᠭᠤᠰᠢᠳᠠᠢ ᠲᠠᠯ᠎ᠠ ᠶᠢ ᠤᠯᠵᠤ ᠬᠠᠷᠠᠬᠤ ᠪᠤᠯᠤᠨ᠎ᠠ᠂ ᠢᠩᠬᠢᠬᠦ ᠨᠢ ᠰᠤᠷᠤᠯᠴᠠᠯᠭ᠎ᠠ ᠳᠤ ᠲᠤᠰᠠᠳᠠᠢ | ᠭᠡᠵᠦ ᠰᠤᠷᠭᠠᠳᠠᠬ᠃ | ᠵᠢᠷᠭᠤᠭ᠎ᠠ᠂ ᠰᠤᠷᠤᠭᠴᠢᠳ ᠢᠶᠠᠨ ᠪᠣᠰᠣᠳ ᠲᠤ ᠲᠠᠯᠠᠷᠬᠠᠵᠣ ᠰᠣᠷᠬᠤ ᠪᠤᠯᠭᠠᠬᠤ | ᠶᠤᠰᠤᠷᠬᠠᠭ ᠪᠤᠯ ᠰᠢᠯᠢᠳᠡᠭ ᠬᠦᠮᠦᠨ ᠤ ᠰᠢᠨᠵᠢ᠃ ᠮᠡᠳᠡᠯᠬᠡ ᠲᠠᠢ ᠴᠤ ᠴᠢᠳᠠᠪᠦᠷᠢ ᠦᠬᠡᠢ᠂ ᠰᠤᠷᠤᠭᠰᠡᠨ ᠨᠢ | ᠲᠡᠯᠬᠡᠷ ᠴᠤ ᠶᠤᠰᠤ ᠦᠬᠡᠢ ᠪᠤᠯ ᠲᠡᠷᠡ ᠬᠦᠮᠦᠨ ᠤ ᠰᠣᠷᠣᠯᠭ᠎ᠠ ᠶᠢᠨ ᠨᠠᠮᠳᠠᠷ ᠬᠡᠳᠦ᠋ᠢᠴᠢᠨᠡᠭᠡᠨ ᠦᠨᠳᠤᠷ᠂ ᠡᠷᠬᠡ | ᠲᠤᠰᠢᠶᠡᠯ ᠨᠢ ᠬᠡᠳᠤᠢ ᠶᠡᠭᠡ᠂ ᠮᠤᠨᠳᠠᠭ ᠠᠷᠪᠢᠨ ᠵᠤᠭᠤᠰ ᠲᠠᠢ ᠪᠤᠯᠤᠭᠰᠡᠨ ᠴᠤ ᠬᠤᠪᠢ ᠶᠢᠨ ᠵᠢᠩ ᠨᠢ ᠠᠨᠠᠶᠢᠬᠠᠨ | ᠪᠠᠶᠢᠳᠠᠭ᠃ ᠬᠤᠪᠢ ᠶᠢᠨ ᠵᠢᠩ ᠨᠢ ᠠᠨᠠᠶᠢᠬᠠᠨ ᠬᠦᠮᠦᠨ ᠶᠡᠷᠤ ᠨᠢ ᠬᠦᠮᠦᠰ ᠲᠤ ᠬᠦᠨᠳᠤᠳᠬᠡᠭᠳᠡᠬᠦ ᠦᠬᠡᠢ ᠪᠤᠯᠳᠠᠭ᠃ | ᠠᠩᠬᠢ ᠶᠢᠨ ᠡᠷᠬᠢᠯᠡᠭᠴᠢ ᠪᠤᠯᠤᠭᠰᠠᠳ ᠰᠤᠷᠤᠭᠴᠢᠳ ᠲᠤ ᠪᠠᠨ ᠲᠤᠤᠷᠠᠬᠢ ᠰᠤᠷᠭᠠᠯ ᠢ ᠬᠢᠬᠦ ᠬᠡᠷᠡᠭᠳᠡᠢ᠄ | ① ᠠᠮᠢ ᠨᠠᠰᠣ ᠶᠢ ᠣᠯᠭᠤᠭᠰᠠᠨ ᠡᠵᠢ ᠠᠪᠤ ᠠᠬᠠᠮᠡᠳ ᠲᠤ ᠪᠠᠨ ᠲᠠᠯᠠᠷᠬᠠᠬᠤ ᠬᠡᠷᠡᠭᠳᠡᠢ᠃ | ② ᠡᠷᠳᠡᠮ ᠮᠡᠳᠡᠯᠬᠡ ᠣᠯᠠᠮᠵᠢᠯᠠᠭᠰᠠᠨ ᠪᠠᠭᠰᠢ ᠨᠠᠷ ᠲᠤ ᠪᠠᠨ ᠲᠠᠯᠠᠷᠬᠠᠬᠤ ᠬᠡᠷᠡᠭᠳᠡᠢ᠃ | ③ ᠠᠮᠢᠳᠣᠷᠠᠯ ᠰᠣᠷᠣᠯᠭ᠎ᠠ ᠳᠤ ᠲᠣᠰᠠᠯᠠᠭᠰᠠᠨ ᠬᠦᠮᠦᠨ ᠨᠢᠬᠡ ᠪᠦᠷᠢ ᠳᠤ ᠲᠠᠯᠠᠷᠬᠠᠬᠤ ᠬᠡᠷᠡᠭᠳᠡᠢ᠃ | ④ ᠲᠤᠰᠡ ᠲᠡᠮ ᠦᠵᠡᠬᠦᠯᠦᠭᠰᠡᠨ ᠨᠦᠭᠦᠳ ᠲᠤ ᠪᠠᠨ ᠲᠠᠯᠠᠷᠬᠠᠬᠤ ᠬᠡᠷᠡᠭᠳᠡᠢ᠃ | ⑤ ᠠᠮᠤᠷ ᠲᠦᠪᠰᠢᠨ ᠢ ᠬᠠᠩᠭᠠᠭᠰᠡᠨ ᠡᠬᠡ ᠤᠯᠤᠰ ᠲᠤ ᠪᠠᠨ ᠲᠠᠯᠠᠷᠬᠠᠬᠤ ᠬᠡᠷᠡᠭᠳᠡᠢ᠃ | ᠣᠳᠣᠬᠢ ᠬᠡᠷ ᠤᠨ ᠠᠬᠠᠮᠡᠳ ᠬᠡᠤᠬᠡᠳ ᠢᠶᠠᠨ ︽ᠠᠮᠠᠨ ᠳᠤ ᠪᠠᠨ ᠬᠢᠪᠡᠯ ᠬᠠᠶᠢᠯᠣᠮᠠᠷ ᠠᠯᠠᠭᠠᠨ ᠳᠤ ᠪᠠᠨ | ᠲᠠᠯᠪᠢᠪᠠᠯ ᠪᠦᠮᠪᠦᠷᠢᠮᠡᠷ︾ ᠬᠡᠳᠤ ᠦᠷᠦᠬᠡᠰᠦᠭᠡᠯ ᠢᠶᠠᠷ ᠬᠠᠶᠢᠷᠠᠯᠠᠳᠠᠭ ᠠᠴᠠ ᠬᠡᠤᠬᠡᠳ ᠨᠢ ︽ᠬᠡᠯᠡᠪᠡᠯ ᠲᠡᠳᠡᠨ ᠤ | ᠲᠤᠷ᠎ᠡ᠂ ᠬᠡᠶᠢᠰᠬᠡᠪᠡᠯ ᠲᠩᠷᠢ ᠶᠢᠨ ᠰᠠᠨᠠᠭ᠎ᠠ︾ ᠪᠤᠯᠵᠤ᠂ ᠠᠪᠤ ᠡᠵᠢ ᠶᠢᠨ ᠢᠶᠠᠨ ᠬᠦᠴᠢᠷ ᠵᠤᠪᠠᠯᠠᠩ ᠢ ᠮᠡᠳᠡᠬᠦ | ᠦᠬᠡᠢ᠂ ᠢᠳᠡᠵᠤ ᠡᠮᠦᠰᠬᠦ ᠨᠢ ᠶᠠᠭᠠᠬᠢᠵᠤ ᠢᠷᠡᠵᠤ ᠪᠠᠶᠢᠬᠤ ᠶᠢ ᠤᠬᠠᠬᠤ ᠦᠬᠡᠢ᠂ ᠪᠦᠷ ︽ᠪᠢᠴᠢᠬᠠᠨ | ᠬᠦᠩᠵᠦ︾᠂ ︽ᠪᠢᠴᠢᠬᠠᠨ ᠡᠭᠡ︾ ᠬᠤᠪᠢᠷᠠᠭᠠᠳ ᠬᠦᠰᠡᠯ ᠬᠦᠬᠡᠬᠡᠴᠡᠯᠳᠤᠯ ᠢᠶᠠᠨ ᠠᠯᠳᠠᠵᠤ᠂ ᠪᠤᠰᠤᠳ ᠲᠤ | ᠲᠠᠯᠠᠷᠬᠠᠬᠤ ᠶᠢ ᠤᠮᠠᠷᠳᠠᠵᠤ ᠡᠬᠢᠯᠡᠵᠡᠢ᠃ ᠡᠶᠢᠮᠦ ᠠᠴᠠ ᠪᠠᠭᠰᠢ ᠠᠴᠠ ᠰᠣᠷᠣᠭᠴᠢᠳ ᠲᠤ ᠪᠠᠨ ᠬᠦᠮᠦᠨ ᠳᠤ | ᠲᠠᠯᠠᠷᠬᠠᠬᠤ ᠨᠢ ᠬᠦᠮᠦᠨ ᠪᠣᠯᠵᠣ ᠬᠦᠮᠦᠵᠢᠭᠳᠡᠬᠦ ᠶᠢᠨ ᠴᠢᠬᠤᠯᠠ ᠵᠠᠩᠬᠢᠯᠠᠭ᠎ᠠ ᠶᠢᠨ ᠶᠠᠪᠣᠴᠠ ᠭᠡᠳᠡᠭ ᠢ ᠲᠣᠳᠣᠷᠬᠠᠢ | ᠲᠠᠨᠢᠭᠤᠯᠬᠤ ᠨᠢ ᠵᠦᠷᠢᠴᠡᠯ ᠮᠦᠷᠬᠦᠯᠳᠦᠬᠡᠨ ᠢ ᠪᠠᠭᠠᠰᠬᠠᠵᠤ᠂ ᠡᠪ ᠨᠠᠶᠢᠷᠡᠮᠳᠡᠯ ᠲᠠᠢ ᠤᠷᠴᠢᠨ ᠲᠤᠭᠤᠷᠢᠨ ᠢ ᠡᠬᠦᠳᠬᠦ | ᠶᠠᠪᠤᠴᠠ ᠪᠤᠯᠬᠤ ᠶᠢ ᠮᠡᠳᠡᠬᠦᠯᠬᠦ ᠬᠡᠷᠡᠭᠳᠡᠢ᠃ | ᠡᠪ ᠨᠠᠶᠢᠷᠡᠮᠳᠡᠯ ᠲᠠᠢ ᠤᠷᠴᠢᠨ ᠳᠤ ᠰᠠᠶ᠋ᠢ ᠰᠤᠷᠤᠭᠴᠢᠳ ᠪᠠᠶᠡᠷ ᠪᠠᠶᠠᠰᠤᠯ ᠲᠠᠢ ᠰᠤᠷᠤᠯᠴᠠᠵᠤ ᠴᠢᠳᠠᠨ᠎ᠠ᠂ | ᠢᠳᠡᠪᠬᠢᠳᠡᠢ ᠴᠢᠷᠮᠠᠶᠢᠵᠤ ᠲᠡᠶᠢᠯᠦᠨ᠎ᠡ᠃ ᠡᠳᠦᠷ ᠲᠣᠳᠣᠮ ᠤᠨ ᠠᠮᠢᠳᠣᠷᠠᠯ᠂ ᠠᠷᠰᠡᠷ ᠤᠴᠢᠷ ᠶᠠᠪᠤᠳᠡᠯ ᠠᠴᠠ ᠭᠠᠷᠳᠠᠨ | ᠠᠩᠬᠢ ᠶᠢᠨ ᠡᠷᠬᠢᠯᠡᠭᠴᠢ ᠤᠨᠠᠭᠰᠡᠨ ᠪᠢᠷ ᠢ ᠨᠢ ᠠᠪᠴᠤ ᠦᠭᠬᠦᠭᠰᠡᠨ ᠰᠣᠷᠣᠭᠴᠢ ᠳᠤ ᠪᠠᠨ ︽ᠲᠠᠯᠠᠷᠬᠠᠵᠣ | ᠪᠠᠶᠢᠨ᠎ᠠ︕︾ ᠬᠡᠵᠦ ᠶᠠᠷᠢᠨ᠂ ᠲᠡᠭᠦᠨ ᠢ ᠲᠤᠰᠠᠯᠠᠭᠰᠡᠨ ᠬᠦᠮᠦᠨ ᠳᠤ ︽ᠲᠠᠯᠠᠷᠬᠠᠵᠣ ᠪᠠᠶᠢᠨ᠎ᠠ︕︾ ᠬᠡᠵᠦ | ᠬᠡᠯᠡᠬᠦᠯᠵᠤ ᠪᠠᠶᠢᠬᠤ ᠬᠡᠷᠡᠭᠳᠡᠢ᠃ ᠢᠩᠬᠢᠪᠡᠯ ᠰᠤᠷᠤᠭᠴᠢᠳ ᠠᠩᠬᠢ ᠪᠤᠶᠤ ᠵᠠᠮ ᠵᠠᠭᠤᠷ᠎ᠡ ᠬᠠᠷᠢᠯᠴᠡᠨ ᠲᠤᠰᠠᠯᠠᠬᠤ᠂ | ᠬᠠᠷᠢᠯᠴᠡᠨ ᠬᠠᠮᠵᠢᠬᠤ ᠰᠠᠶᠢᠨ ᠰᠠᠶᠢᠬᠠᠨ ᠵᠠᠩ ᠰᠤᠷᠳᠡᠯ ᠲᠠᠢ ᠪᠤᠯᠵᠤ ᠬᠦᠮᠦᠵᠢᠭᠳᠡᠨ᠂ ᠡᠬᠦᠨ ᠤ ᠤᠯᠠᠮ ᠠᠴᠠ ᠠᠪᠤ | ᠡᠵᠢ ᠪᠠᠨ ᠬᠦᠨᠳᠤᠯᠡᠬᠦ᠂ ᠪᠠᠭᠰᠢ ᠠᠬᠠᠮᠡᠳ ᠢᠶᠠᠨ ᠬᠦᠨᠳᠤᠯᠡᠬᠦ᠂ ᠠᠩᠭ᠎ᠠ ᠲᠡᠭᠦᠤ ᠨᠠᠷ ᠢᠶᠠᠨ ᠬᠠᠶᠢᠷᠠᠯᠠᠬᠤ ᠰᠠᠶᠢᠬᠠᠨ | ᠰᠤᠷᠳᠡᠯ ᠲᠠᠢ ᠭᠦᠮᠦᠵᠢᠭᠦ ᠪᠤᠯᠤᠨ᠎ᠠ᠃ ᠡᠶᠢᠮᠦ ᠰᠠᠶᠢᠬᠠᠨ ᠰᠤᠷᠳᠡᠯ ᠲᠠᠢ ᠤᠷᠴᠢᠨ ᠳᠤ ᠰᠤᠷᠤᠭᠴᠢᠳ ᠤᠨ | ᠰᠤᠷᠤᠯᠴᠠᠬᠤ ᠢᠳᠡᠪᠬᠢᠵᠢᠯ ᠤᠯᠠᠮ ᠴᠢᠩᠭᠠᠷᠠᠬᠤ ᠨᠢ ᠲᠠᠮᠵᠢᠭ ᠦᠬᠡᠢ᠃ ︽ᠪᠣᠰᠣᠳ ᠲᠤ ᠰᠠᠷᠭᠠᠢ ᠴᠡᠴᠡᠭ | ᠬᠦᠷᠬᠡᠬᠦ ᠳᠤ ᠭᠠᠷ ᠲᠤ ᠨᠢ ᠠᠩᠬᠢᠯᠦᠮ᠎ᠡ ᠦᠨᠦᠷ ᠨᠢ ᠦᠯᠡᠳᠡᠳᠡᠭ︾ ᠤᠨ ᠶᠣᠰᠣ ᠡᠨᠡ ᠪᠢᠯᠡ᠃ | ᠬᠤᠷᠢᠶᠠᠩᠭᠤᠶᠢᠯᠡᠪᠡᠯ᠂ ᠠᠩᠬᠢ ᠶᠢᠨ ᠡᠷᠬᠢᠯᠡᠭᠴᠢ ᠪᠤᠯᠤᠭᠰᠠᠳ ᠵᠠᠪᠡᠯ ᠦᠪᠡᠷ ᠤᠨ ᠦᠬᠡ ᠶᠠᠷᠢᠶ᠎ᠠ᠂ ᠦᠢᠯᠡ | ᠬᠦᠳᠡᠯᠦᠯ ᠢᠶᠠᠷ ᠢᠶᠠᠨ ᠰᠣᠷᠣᠭᠴᠢᠳ ᠲᠤ ᠪᠠᠨ ᠲᠠᠭᠤᠷᠢᠶᠠᠯ ᠦᠵᠡᠬᠦᠯᠦᠨ᠂ ᠰᠣᠷᠣᠭᠴᠢᠳ ᠢᠶᠠᠨ ᠴᠠᠭ ᠲᠣᠬᠠᠢ ᠳᠤ ᠨᠢ | ᠣᠷᠮᠠᠰᠢᠭᠤᠯᠵᠤ ᠵᠤᠷᠢᠬᠵᠢᠭᠤᠯᠤᠨ᠂ ᠰᠣᠷᠣᠭᠴᠢᠳ ᠢᠶᠠᠨ ᠲᠠᠭᠠᠭᠤᠯᠣᠨ ᠠᠵᠢᠯ ᠬᠦᠳᠡᠯᠮᠦᠷᠢ ᠳᠤ ᠪᠡᠶᠡᠴᠢᠯᠠᠨ | ᠤᠷᠤᠯᠴᠡᠨ᠂ ᠰᠣᠷᠣᠭᠴᠢᠳ ᠲᠤ ᠪᠠᠨ ᠴᠠᠭ ᠢ ᠪᠠᠷᠢᠮᠳᠠᠯᠠᠬᠤ ᠶᠢ ᠮᠡᠳᠡᠬᠦᠯᠵᠤ᠂ ᠪᠣᠰᠣᠳ ᠢ ᠪᠠᠭ᠋ᠠᠷᠬᠠᠵᠣ ᠴᠢᠳᠠᠬᠤ | ᠪᠤᠯᠭᠠᠬᠤ᠂ ᠪᠣᠰᠣᠳ ᠲᠤ ᠲᠠᠯᠠᠷᠬᠠᠵᠣ ᠰᠣᠷᠬᠤ ᠪᠤᠯᠭᠠᠬᠤ ᠵᠡᠷᠬᠡ ᠲᠠᠯ᠎ᠠ ᠪᠠᠷ ᠠᠩᠬᠠᠷᠪᠡᠯ ᠰᠠᠶ᠋ᠢ ᠰᠤᠷᠤᠭᠴᠢᠳ ᠢ | ᠤᠷᠮᠠᠰᠢᠭᠤᠯᠵᠤ᠂ ᠰᠤᠷᠤᠯᠴᠠᠬᠤ ᠢᠳᠡᠪᠬᠢᠵᠢᠯ ᠢ ᠨᠢ ᠲᠠᠶᠢᠴᠢᠯᠠᠵᠤ ᠲᠡᠶᠢᠯᠦᠨ᠎ᠡ᠃ ᠡᠷᠡᠬᠦᠯ ᠪᠠᠶ᠎ᠠ ᠲᠠᠢ᠂ ᠰᠠᠷᠠᠭᠤᠯ | ᠣᠬᠠᠭᠠᠨ ᠲᠠᠢ᠂ ᠦᠬᠡᠳᠡᠷᠬᠡᠭ ᠪᠣᠳᠣᠯ ᠲᠠᠢ᠂ ᠣᠷᠣᠭᠰᠢ ᠲᠠᠪᠰᠢᠬᠤ ᠬᠦᠰᠡᠯ ᠲᠠᠮᠡᠣᠯᠡᠯ ᠲᠠᠢ ᠬᠦᠮᠦᠨ ᠪᠤᠯᠬᠤ | ᠰᠠᠭᠤᠷᠢ ᠶᠢ ᠨᠢ ᠲᠠᠯᠪᠢᠵᠤ ᠴᠢᠳᠠᠨ᠎ᠠ︕ | ᠠᠵᠢᠯᠯᠠᠵᠤ ᠪᠠᠶᠢᠭ᠎ᠠ ᠪᠠᠶᠢᠭᠤᠯᠭ᠎ᠠ᠄ ᠬᠤᠷᠴᠢᠨ ᠵᠠᠭᠦᠨ ᠭᠠᠷᠤᠨ ᠲᠤᠮᠳᠠᠳᠤ ᠬᠤᠰᠢᠭᠤᠨ ᠤ | ᠵᠢᠷᠤᠭᠡ ᠭᠤᠤᠯ ᠪᠠᠭ᠎ᠠ ᠰᠤᠷᠭᠠᠭᠤᠯᠢ | ︵ᠠᠯᠳᠠᠨᠰᠦ᠋ᠭᠡ ᠨᠠᠶᠢᠷᠠᠭᠤᠯᠪᠠ︶ | |