ᠰᠢᠨ᠎ᠡ ᠰᠤᠷᠤᠯᠭ᠎ᠠ ᠶᠢᠨ ᠬᠤᠭᠤᠴᠠᠭ᠎ᠠ ᠶᠢ ᠰᠠᠶᠢᠬᠠᠨ ᠡᠬᠢᠯᠡᠭᠦᠯᠬᠦ ᠬᠠᠮᠤᠭ ᠤᠨ ᠪᠦᠷᠢᠨ ᠰᠤᠷᠭᠠᠭᠤᠯᠢ ᠡᠬᠢᠯᠡᠬᠦ ᠠᠴᠠ ᠡᠮᠦᠨᠡᠬᠢ ᠪᠡᠯᠡᠳᠬᠡᠯ ᠠᠵᠢᠯ ④
ᠨᠡᠶᠢᠲᠡᠯᠡᠭᠰᠡᠨ ᠴᠠᠭ᠄
2025/2/14
      ᠡᠪᠦᠯ ᠤᠨ ᠠᠮᠠᠷᠠᠯᠲᠠ ᠰᠡᠭᠦᠯ ᠰᠢᠪᠲᠤᠷᠠᠵᠤ᠂ ᠰᠤᠷᠭᠠᠭᠤᠯᠢ ᠡᠬᠢᠯᠡᠬᠦ ᠠᠴᠠ ᠡᠮᠦᠨᠡᠬᠢ ᠪᠡᠯᠡᠳᠬᠡᠯ ᠢ ᠰᠠᠶᠢᠲᠤᠷ ᠬᠢᠬᠦ ᠴᠠᠭ ᠬᠦᠷᠴᠦ ᠢᠷᠡᠪᠡ᠃ ᠡᠯ᠎ᠡ ᠲᠠᠯ᠎ᠠ ᠶᠢᠨ ᠪᠡᠯᠡᠳᠬᠡᠯ ᠢ ᠭᠦᠢᠴᠡᠳ ᠬᠢᠵᠦ᠂ ᠰᠢᠨ᠎ᠡ ᠰᠤᠷᠤᠯᠭ᠎ᠠ ᠶᠢᠨ ᠬᠤᠭᠤᠴᠠᠭ᠎ᠠ ᠶᠢ ᠰᠠᠶᠢᠬᠠᠨ ᠡᠬᠢᠯᠡᠭᠦᠯᠵᠦ᠂ ᠬᠡᠦᠬᠡᠳ ᠢ ᠬᠠᠪᠰᠤᠷᠤᠨ ᠨᠡᠩ ᠬᠤᠷᠳᠤᠨ ᠢᠶᠠᠷ ᠰᠤᠷᠤᠯᠴᠠᠬᠤ ᠣᠷᠴᠢᠨ ᠳᠤ ᠨᠢ ᠳᠠᠰᠬᠠᠬᠤ ᠬᠡᠷᠡᠭᠲᠡᠢ᠃ ᠲᠡᠭᠡᠪᠡᠯ ᠬᠡᠦᠬᠡᠳ ᠰᠤᠷᠭᠠᠭᠤᠯᠢ ᠡᠬᠢᠯᠡᠬᠦ ᠠᠴᠠ ᠡᠮᠦᠨ᠎ᠡ ᠶᠠᠮᠠᠷ ᠶᠠᠮᠠᠷ ᠪᠡᠯᠡᠳᠬᠡᠯ ᠢ ᠬᠢᠬᠦ ᠴᠢᠬᠤᠯᠠ ᠲᠠᠢ ᠪᠣᠢ︖ ᠬᠠᠮᠤᠭ ᠤᠨ ᠪᠦᠷᠢᠨ ᠰᠤᠷᠭᠠᠭᠤᠯᠢ ᠡᠬᠢᠯᠡᠬᠦ ᠪᠡᠯᠡᠳᠬᠡᠯ ᠢ ᠠᠳᠡ ᠲᠠᠨᠢᠯᠴᠠᠭᠤᠯᠤᠶ᠎ᠠ︕      ᠡᠳ᠋ ᠪᠣᠳᠠᠰ ᠤᠨ ᠪᠡᠯᠡᠳᠬᠡᠯ      ᠪᠢᠴᠢᠭ ᠤᠨ ᠪᠣᠭᠴᠣ᠃ A4 ᠴᠠᠭᠠᠰᠤ ᠶᠢ ᠪᠠᠭᠲᠠᠭᠠᠵᠤ ᠳᠡᠶᠢᠯᠬᠦ ᠪᠢᠴᠢᠭ ᠤᠨ ᠪᠣᠭᠴᠣ᠂ ᠪᠢᠴᠢᠭ ᠤᠨ ᠪᠣᠭᠴᠣ ᠶᠢ ᠰᠣᠩᠭᠤᠬᠤ ᠳᠤ ᠪᠠᠨ ᠪᠣᠭᠴᠤᠨ ᠤ ᠶᠡᠭᠡ ᠪᠠᠭ᠎ᠠ ᠠᠴᠠ ᠭᠠᠳᠠᠨ᠎ᠠ ᠪᠣᠭᠴᠤᠨ ᠤ ᠬᠦᠨᠳᠦ ᠶᠢ ᠪᠣᠳᠣᠯᠬᠢᠯᠠᠵᠤ᠂ ᠪᠣᠭᠴᠣ ᠳᠡᠩᠳᠡᠭᠦᠦ ᠬᠦᠨᠳᠦ ᠪᠣᠯᠪᠠᠯ ᠬᠡᠦᠬᠡᠳ ᠤᠨ ᠵᠣᠭᠰᠣᠬᠤ ᠬᠡᠯᠪᠡᠷᠢ ᠶᠢ ᠨᠥᠯᠥᠭᠡᠯᠡᠳᠡᠭ᠃      ᠠᠯᠢ ᠴᠢᠳᠠᠬᠤ ᠪᠠᠷ ᠡᠭᠦᠷᠬᠦ ᠳᠤ ᠲᠠᠭᠠᠲᠠᠢ᠂ ᠬᠡᠦᠬᠡᠳ ᠤᠨ ᠮᠥᠷᠥᠨ ᠤ ᠥᠷᠭᠡᠨ ᠳᠤ ᠲᠣᠬᠢᠷᠠᠬᠤ᠂ ᠮᠥᠷᠦᠪᠴᠢ ᠨᠢ ᠲᠣᠬᠢᠷᠠᠭᠤᠯᠵᠤ ᠪᠣᠯᠬᠤ ᠪᠢᠴᠢᠭ ᠤᠨ ᠪᠣᠭᠴᠣ ᠶᠢ ᠰᠣᠩᠭᠤᠨ᠎ᠠ᠃ ᠮᠠᠲ᠋ᠧᠷᠢᠶᠠᠯ ᠤᠨ ᠴᠢᠨᠠᠷ ᠬᠠᠲᠠᠭᠤᠪᠲᠤᠷ ᠢ ᠰᠣᠩᠭᠤᠪᠠᠯ ᠬᠢᠴᠢᠶᠡᠯ ᠤᠨ ᠨᠣᠮ ᠨᠤᠬᠤᠴᠢᠭᠳᠠᠬᠤ ᠶᠢ ᠰᠡᠷᠭᠡᠶᠢᠯᠡᠵᠦ ᠳᠡᠶᠢᠯᠦᠨ᠎ᠡ᠃      ᠬᠡᠲᠦ ᠬᠤᠷᠴᠠ ᠥᠩᠭᠡ ᠲᠠᠢ ᠶᠢ ᠰᠣᠩᠭᠤᠬᠤ ᠦᠭᠡᠢ᠂ ᠬᠡᠦᠬᠡᠳ ᠬᠢᠴᠢᠶᠡᠯ ᠳᠡᠭᠡᠷ᠎ᠡ ᠠᠩᠬᠠᠷᠤᠯ ᠲᠥᠪᠯᠡᠷᠡᠭᠦᠯᠦᠨ ᠰᠤᠨᠤᠰᠬᠤ ᠶᠢ ᠨᠥᠯᠦᠭᠡᠯᠡᠨ᠎ᠡ᠂ ᠳᠥᠭᠦᠮ ᠮᠥᠷᠲᠡᠭᠡᠨ ᠬᠠᠪᠤᠯᠢᠭ ᠪᠣᠯ ᠪᠣᠯᠴᠢᠬᠠᠨ᠎ᠠ᠃       ᠪᠢᠷ ᠤᠨ ᠤᠭᠤᠲᠠ᠃ ᠬᠡᠦᠬᠡᠳ ᠲᠤ ᠪᠦᠰ ᠪᠤᠶᠤ ᠵᠥᠭᠡᠯᠡᠨ ᠰᠦᠯᠢᠶᠣᠣ ᠪᠠᠷ ᠬᠢᠭᠰᠡᠨ ᠪᠢᠷ ᠤᠨ ᠤᠭᠤᠲᠠ ᠶᠢ ᠤᠷᠢᠳᠴᠢᠯᠠᠨ ᠪᠡᠯᠡᠳᠬᠡᠵᠦ᠂ ᠬᠡᠲᠦ ᠢᠯᠡ ᠥᠩᠭᠡ ᠲᠠᠢ ᠶᠢ ᠰᠣᠩᠭᠤᠬᠤ ᠦᠭᠡᠢ᠂ ᠬᠡᠯᠪᠡᠷᠢ ᠳᠥᠬᠦᠮ ᠮᠥᠷᠲᠡᠭᠡᠨ ᠬᠠᠪᠤᠯᠢᠭ ᠪᠠᠶᠢᠵᠤ᠂ ᠬᠡᠦᠬᠡᠳ ᠬᠢᠴᠢᠶᠡᠯ ᠳᠡᠭᠡᠷ᠎ᠡ ᠠᠩᠬᠠᠷᠤᠯ ᠲᠥᠪᠯᠡᠷᠡᠭᠦᠯᠦᠨ ᠰᠣᠨᠣᠰᠬᠤ ᠦᠭᠡᠢ ᠠᠴᠠ           ᠰᠡᠷᠭᠡᠶᠢᠯᠡᠨ᠎ᠡ᠃      ᠪᠢᠷ ᠤᠨ ᠤᠭᠤᠲᠠ ᠶᠢᠨ ᠶᠡᠭᠡ ᠪᠠᠭ᠎ᠠ ᠶᠢ ᠠᠩᠬᠠᠷᠴᠤ᠂ ᠬᠠᠮᠤᠭ ᠤᠨ ᠪᠠᠭ᠎ᠠ ᠳᠤ ᠪᠠᠨ 4 - 6 ᠬᠠᠷᠠᠨᠳᠠ᠂ ᠨᠢᠭᠡ ᠰᠢᠯᠤᠭᠤᠨ ᠱᠤᠭᠤᠮ᠂ ᠬᠤᠶᠠᠷ ᠬᠡᠰᠡᠭ ᠪᠠᠯᠠᠯᠤᠭᠤᠷ᠂ ᠡᠷᠭᠢᠭᠦᠯᠭᠡᠨ ᠵᠣᠷᠭᠤᠭᠤᠯ᠂ ᠬᠢᠴᠢᠶᠡᠯ ᠤᠨ ᠬᠦᠰᠦᠨᠦᠭᠲᠦ ᠵᠡᠷᠭᠡ ᠶᠢ ᠪᠠᠭᠲᠠᠭᠠᠬᠤ ᠬᠡᠷᠡᠭᠲᠡᠢ᠃      ᠬᠠᠷᠠᠨᠳᠠ᠃ HB ᠬᠠᠷᠠᠨᠳᠠ᠂ ᠡᠳᠦᠷ ᠪᠦᠷᠢ ᠬᠡᠲᠦ ᠶᠢ ᠵᠣᠷᠭᠠᠵᠤ ᠪᠡᠯᠡᠳᠭᠡᠨ᠎ᠡ᠃ ᠵᠢᠷᠭᠤᠭᠠᠨ ᠢᠷᠮᠡᠭᠲᠦ ᠪᠤᠶᠤ ᠭᠤᠷᠪᠠᠨ ᠥᠨᠴᠥᠭᠲᠦ ᠳ᠋ᠦᠩ ᠳ᠋ᠦᠩ ᠪᠢᠷ ᠢ ᠰᠣᠩᠭᠤᠵᠤ ᠪᠣᠯᠤᠨ᠎ᠠ᠂ ᠱᠠᠭᠠᠷᠳᠠᠯᠭ᠎ᠠ ᠲᠠᠢ ᠪᠣᠯ ᠪᠢᠷ ᠪᠠᠷᠢᠬᠤ ᠬᠡᠷᠡᠭᠰᠡᠯ ᠢ ᠠᠪᠴᠤ᠂ ᠬᠡᠦᠬᠡᠳ ᠢ ᠬᠠᠪᠰᠤᠷᠤᠨ ᠪᠢᠷ ᠪᠠᠷᠢᠬᠤ ᠶᠢ ᠡᠵᠡᠮᠰᠢᠭᠦᠯᠦᠨ᠎ᠡ᠃      ᠱᠤᠭᠤᠮ᠃ ᠠᠷᠪᠠᠨ ᠲᠠᠪᠤᠨ ᠰᠡᠨᠲ᠋ᠢᠮᠧᠲᠷ ᠤᠷᠲᠤ ᠪᠣᠯ ᠪᠣᠯᠴᠢᠬᠠᠨ᠎ᠠ᠂ ᠬᠡᠲᠦ ᠤᠷᠲᠤ ᠪᠣᠯ ᠬᠡᠦᠬᠡᠳ ᠰᠠᠶᠢᠬᠠᠨ ᠪᠠᠷᠢᠵᠤ ᠴᠢᠳᠠᠬᠤ ᠦᠭᠡᠢ᠂ ᠪᠢᠷ ᠤᠨ ᠤᠭᠤᠲᠠᠨ ᠳᠤ ᠭᠢᠯᠪᠡᠷ ᠪᠠᠭᠲᠠᠬᠤ ᠦᠭᠡᠢ᠃ ᠬᠤᠭᠤᠯᠬᠤ ᠠᠴᠠ ᠰᠡᠷᠭᠡᠶᠢᠯᠡᠬᠦ ᠶᠢᠨ ᠲᠥᠯᠥᠭᠡ᠂ ᠵᠥᠭᠡᠯᠡᠨ ᠱᠤᠭᠤᠮ᠂ ᠲᠤᠬᠠᠶᠢᠯᠠᠪᠠᠯ᠂ ᠶᠠᠭᠠᠬᠢᠵᠤ ᠨᠤᠭᠤᠯᠪᠠᠴᠤ ᠬᠤᠭᠤᠷᠠᠬᠤ ᠦᠭᠡᠢ  ᠶᠢ ᠰᠣᠩᠭᠤᠨ᠎ᠠ᠃      ᠪᠠᠯᠠᠯᠤᠭᠤᠷ᠃ ᠣᠯᠠᠩᠬᠢ ᠬᠡᠦᠬᠡᠳ ᠪᠠᠯᠠᠯᠤᠭᠤᠷ ᠢᠶᠠᠨ ᠠᠮᠠᠷᠬᠠᠨ ᠭᠡᠭᠡᠳᠡᠭ ᠪᠣᠯᠬᠤᠷ ᠵᠢᠵᠢᠭᠬᠡᠨ ᠪᠠᠯᠠᠯᠤᠭᠤᠷ ᠢ ᠢᠯᠡᠭᠦᠦ ᠬᠡᠳᠦᠨ ᠬᠡᠰᠡᠭ ᠬᠤᠳᠠᠯᠳᠤᠨ ᠠᠪᠴᠤ  ᠪᠡᠯᠡᠳᠭᠡᠬᠦ ᠶᠢ ᠰᠠᠨᠠᠭᠤᠯᠤᠶ᠎ᠠ᠃      ᠵᠣᠷᠭᠤᠭᠤᠯ᠃ ᠨᠢᠭᠡ ᠲᠣᠮᠣ ᠵᠣᠷᠭᠤᠭᠤᠯ ᠬᠤᠳᠠᠯᠳᠤᠨ ᠠᠪᠴᠤ᠂ ᠭᠡᠷ ᠲᠤ ᠪᠠᠨ ᠲᠠᠯᠪᠢᠨ᠎ᠠ᠂ ᠪᠠᠰᠠ ᠨᠢᠭᠡ ᠵᠢᠵᠢᠭ ᠵᠣᠷᠭᠤᠭᠤᠯ ᠬᠤᠳᠠᠯᠳᠤᠨ ᠠᠪᠴᠤ ᠪᠢᠷ ᠤᠨ ᠤᠭᠤᠲᠠᠨ ᠳᠤ ᠪᠠᠨ ᠠᠪᠴᠤ ᠶᠠᠪᠤᠨ᠎ᠠ᠃ ᠬᠡᠦᠬᠡᠳ ᠲᠤ ᠶᠠᠭᠠᠬᠢᠵᠤ ᠵᠣᠷᠭᠤᠬᠤ ᠶᠢ ᠵᠢᠭᠠᠬᠤ ᠶᠢᠨ ᠬᠠᠮᠲᠤ ᠡᠳᠦᠷ ᠪᠦᠷᠢ ᠬᠠᠷᠠᠨᠳᠠ ᠪᠠᠨ ᠪᠠᠶᠢᠴᠠᠭᠠᠵᠤ ᠦᠵᠡᠨ᠂ ᠳᠠᠷᠠᠭ᠎ᠠ ᠡᠳᠦᠷ ᠤᠨ ᠪᠡᠯᠡᠳᠬᠡᠯ ᠬᠢᠬᠦ ᠳᠠᠳᠬᠠᠯ ᠲᠠᠢ ᠪᠣᠯᠭᠠᠨ᠎ᠠ᠃      ᠤᠰᠤᠨ ᠴᠣᠮᠤ᠃ ᠤᠰᠤᠨ ᠴᠣᠮᠣ ᠶᠢ ᠪᠢᠲᠡᠭᠦᠮᠵᠢᠲᠦ ᠴᠢᠨᠠᠷ ᠰᠠᠶᠢᠨ᠂ ᠠᠮᠠᠰᠠᠷ ᠶᠡᠭᠡ ᠶᠢ ᠰᠣᠩᠭᠤᠪᠠᠯ᠂ ᠬᠡᠦᠬᠡᠳ ᠰᠤᠷᠭᠠᠭᠤᠯᠢ ᠳᠤ ᠪᠠᠨ ᠤᠰᠤ ᠬᠢᠵᠦ ᠠᠪᠬᠤ ᠳᠤ ᠳᠥᠭᠦᠮ ᠶᠤᠮ᠃ ᠰᠤᠷᠭᠠᠭᠤᠯᠢ ᠳᠤ ᠬᠡᠵᠢᠶᠡᠳᠡ ᠪᠡᠯᠡᠨ ᠤᠰᠤ ᠪᠠᠶᠢᠳᠠᠭ ᠪᠣᠯᠬᠤᠷ ᠲᠣᠮᠤ ᠤᠰᠤᠨ ᠴᠣᠮᠣ ᠬᠡᠷᠡᠭ ᠦᠭᠡᠢ᠂ 350 ml ᠤᠨ ᠬᠢ ᠪᠣᠯ ᠪᠣᠯᠴᠢᠬᠠᠨ᠎ᠠ᠃      ᠬᠡᠦᠬᠡᠳ ᠲᠤ ᠪᠠᠨ ᠤᠰᠤᠨ ᠴᠣᠮᠣᠨ ᠤ ᠠᠮᠠᠰᠠᠷ ᠢ ᠶᠠᠭᠠᠬᠢᠵᠤ ᠴᠢᠩᠭ᠎ᠠ ᠡᠷᠭᠢᠭᠦᠯᠬᠦ ᠶᠢ ᠵᠢᠭᠠᠵᠤ᠂ ᠭᠡᠷ ᠲᠤ ᠪᠠᠨ ᠤᠷᠢᠳ ᠢᠶᠠᠷ ᠪᠣᠯᠪᠠᠰᠤᠷᠠᠭᠤᠯᠤᠨ᠎ᠠ᠃      ᠳᠠᠰᠬᠠᠯ ᠤᠨ ᠳᠡᠪᠲᠡᠷ᠃ ᠰᠤᠷᠭᠠᠭᠤᠯᠢ ᠡᠬᠢᠯᠡᠭᠰᠡᠨ ᠤ ᠳᠠᠷᠠᠭ᠎ᠠ᠂ ᠪᠠᠭᠰᠢ ᠳᠠᠰᠬᠠᠯ ᠤᠨ ᠳᠡᠪᠲᠡᠷ ᠤᠨ ᠱᠠᠭᠠᠷᠳᠠᠯᠭ᠎ᠠ ᠪᠠ ᠲᠤᠭ᠎ᠠ ᠶᠢ ᠲᠣᠳᠤᠷᠬᠠᠢ ᠬᠡᠯᠡᠵᠦ ᠥᠭᠭᠦᠨ᠎ᠡ᠂ ᠱᠠᠭᠠᠷᠳᠠᠯᠭ᠎ᠠ ᠶᠣᠰᠣᠭᠠᠷ ᠬᠤᠳᠠᠯᠳᠤᠨ ᠠᠪᠤᠪᠠᠯ ᠪᠣᠯᠴᠢᠬᠠᠨ᠎ᠠ᠃ ᠰᠤᠷᠭᠠᠭᠤᠯᠢ ᠪᠠ ᠠᠩᠭᠢ ᠳᠤ ᠪᠡᠯᠡᠳᠭᠡᠭᠰᠡᠨ ᠪᠣᠯ ᠳᠠᠬᠢᠨ ᠢᠯᠡᠭᠦᠦ ᠬᠤᠳᠠᠯᠳᠤᠨ ᠠᠪᠬᠤ ᠴᠢᠬᠤᠯᠠ ᠦᠭᠡᠢ᠃      ᠪᠢᠴᠢᠭ ᠮᠠᠲ᠋ᠧᠷᠢᠶᠠᠯ ᠤᠨ ᠤᠭᠤᠲᠠ᠃ ᠠᠳᠠᠯᠢ ᠪᠤᠰᠤ ᠥᠩᠭᠡ ᠶᠢᠨ ᠪᠢᠴᠢᠭ ᠮᠠᠲ᠋ᠧᠷᠢᠶᠠᠯ ᠤᠨ ᠤᠭᠤᠲᠠ ᠪᠡᠯᠡᠳᠭᠡᠬᠦ ᠶᠢ ᠰᠠᠨᠠᠭᠤᠯᠤᠶ᠎ᠠ᠂ ᠤᠭᠤᠲᠠᠨ ᠳᠡᠭᠡᠷ᠎ᠡ ᠬᠢᠴᠢᠶᠡᠯ ᠲᠥᠷᠥᠯ ᠤᠨ ᠲᠡᠮᠳᠡᠭ ᠨᠠᠭᠠᠵᠤ᠂ ᠬᠡᠦᠬᠡᠳ ᠤᠨ ᠰᠢᠯᠭᠠᠯᠲᠠ ᠶᠢᠨ ᠬᠠᠭᠤᠳᠠᠰᠤ ᠪᠠ ᠪᠠᠭᠰᠢ ᠶᠢᠨ ᠶᠠᠪᠤᠭᠤᠯᠤᠭᠰᠠᠨ ᠡᠯ᠎ᠡ ᠵᠦᠢᠯ ᠤᠨ ᠮᠡᠳᠡᠭᠳᠡᠯ᠂ ᠭᠡᠷ ᠤᠨ ᠠᠬᠠᠮᠠᠳ ᠤᠨ ᠵᠠᠬᠢᠳᠠᠯ ᠢ ᠬᠢᠬᠦ ᠳᠤ ᠬᠡᠷᠡᠭᠯᠡᠨ᠎ᠡ᠃      ᠤᠷᠠᠨ ᠵᠢᠷᠤᠭ ᠤᠨ ᠬᠡᠷᠡᠭᠰᠡᠯ᠃ ᠪᠠᠭᠰᠢ ᠶᠢᠨ ᠱᠠᠭᠠᠷᠳᠠᠯᠭ᠎ᠠ ᠶᠣᠰᠣᠭᠠᠷ 12 ᠥᠩᠭᠡ ᠪᠤᠶᠤ 24 ᠥᠩᠭᠡ ᠶᠢᠨ ᠤᠰᠤᠨ ᠪᠤᠳᠤᠭ ᠤᠨ ᠪᠢᠷ ᠪᠤᠶᠤ ᠯᠠ ᠪᠢᠷ᠂ ᠵᠢᠷᠤᠭ ᠤᠨ ᠳᠡᠪᠲᠡᠷ᠂ ᠲᠣᠶᠢᠮᠤᠯᠠᠨ ᠵᠢᠷᠤᠬᠤ ᠪᠢᠷ ᠵᠡᠷᠭᠡ ᠤᠷᠠᠨ ᠵᠢᠷᠤᠭ ᠤᠨ ᠬᠡᠷᠡᠭᠰᠡᠯ ᠢ ᠬᠤᠳᠠᠯᠳᠤᠨ ᠠᠪᠤᠨ᠎ᠠ᠃
 
ᠢᠷᠡᠯᠲᠡ᠄ ᠥᠪᠥᠷ ᠮᠣᠩᠭᠤᠯ ‍ᠤᠨ‌ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号