2025 ᠣᠨ ᠤ ᠡᠪᠦᠯ ᠤᠨ ᠠᠮᠠᠷᠠᠯᠲᠠ ᠶᠢᠨ ᠣᠶᠢᠷ᠎ᠠ ᠬᠠᠷᠠᠭ᠎ᠠ ᠶᠢ ᠰᠡᠷᠭᠡᠶᠢᠯᠡᠨ ᠡᠵᠡᠮᠳᠡᠬᠦ 20 ᠠᠰᠠᠭᠤᠯᠲᠠ ᠬᠠᠷᠢᠭᠤᠯᠲᠠ ᠶᠢ ᠪᠠᠭᠰᠢ ᠰᠤᠷᠤᠭᠴᠢ ᠭᠡᠷ ᠤᠨ ᠠᠬᠠᠮᠠᠳ ᠲᠤ ᠳᠠᠮᠵᠢᠭᠤᠯᠬᠤ ᠨᠢ ⑥
ᠨᠡᠶᠢᠲᠡᠯᠡᠭᠰᠡᠨ ᠴᠠᠭ᠄
2025/2/5
      ᠥᠷᠭᠡᠨ ᠣᠯᠠᠨ ᠬᠡᠦᠬᠡᠳ ᠵᠠᠯᠠᠭᠤᠴᠤᠳ ᠪᠠᠭᠠᠴᠤᠳ ᠢ ᠬᠥᠲᠥᠯᠥᠨ ᠵᠢᠯᠣᠭᠤᠳᠴᠤ᠂ ᠡᠨᠡ ᠵᠢᠯ ᠤᠨ ᠡᠪᠦᠯ ᠤᠨ ᠠᠮᠠᠷᠠᠯᠲᠠ ᠶᠢᠨ ᠬᠤᠭᠤᠴᠠᠭᠠᠨ ᠳᠤ ᠰᠢᠨᠵᠢᠯᠡᠬᠦ ᠤᠬᠠᠭᠠᠨᠴᠢ ᠪᠠᠷ ᠨᠢᠳᠦ  ᠪᠠᠨ ᠬᠡᠷᠡᠭᠯᠡᠵᠦ᠂ ᠵᠢᠮ᠎ᠡ ᠶᠣᠰᠣ  ᠲᠠᠢ ᠠᠮᠠᠷᠠᠵᠤ᠂ ᠣᠶᠢᠷ᠎ᠠ ᠬᠠᠷᠠᠭ᠎ᠠ ᠶᠢ ᠰᠠᠨᠠᠭᠠᠴᠢᠯᠠᠭ᠎ᠠ ᠠᠴᠠ ᠪᠠᠨ ᠤᠷᠢᠳᠴᠢᠯᠠᠨ ᠰᠡᠷᠭᠡᠶᠢᠯᠡᠬᠦ ᠶᠢᠨ ᠲᠥᠯᠥᠭᠡ᠂ ᠪᠦᠬᠦ ᠤᠯᠤᠰ ᠤᠨ ᠬᠡᠦᠬᠡᠳ ᠵᠠᠯᠠᠭᠤᠴᠤᠳ ᠪᠠᠭᠠᠴᠤᠳ ᠤᠨ ᠣᠶᠢᠷ᠎ᠠ ᠬᠠᠷᠠᠭ᠎ᠠ ᠶᠢ ᠶᠡᠷᠦᠩᠬᠡᠶᠢᠯᠡᠨ ᠰᠡᠷᠭᠡᠶᠢᠯᠡᠨ ᠡᠵᠡᠮᠳᠡᠬᠦ ᠶᠢ ᠤᠬᠠᠭᠤᠯᠤᠨ ᠲᠠᠶᠢᠯᠪᠤᠷᠢᠯᠠᠬᠤ ᠪᠦᠯᠬᠦᠮ ᠡᠮᠦᠨᠡᠬᠢ ᠬᠤᠭᠤᠴᠠᠭᠠᠨ ᠤ ᠠᠵᠢᠯ ᠤᠨ ᠰᠠᠭᠤᠷᠢᠨ ᠳᠡᠭᠡᠷ᠎ᠡ᠂ 2025 ᠣᠨ ᠤ ᠡᠪᠦᠯ ᠤᠨ ᠠᠮᠠᠷᠠᠯᠲᠠ ᠶᠢᠨ ᠣᠶᠢᠷ᠎ᠠ ᠬᠠᠷᠠᠭ᠎ᠠ ᠶᠢ ᠰᠡᠷᠭᠡᠶᠢᠯᠡᠨ ᠡᠵᠡᠮᠳᠡᠬᠦ 20 ᠠᠰᠠᠭᠤᠯᠲᠠ ᠬᠠᠷᠢᠭᠤᠯᠲᠠ ᠳᠤ ᠵᠠᠰᠠᠪᠤᠷᠢ ᠣᠷᠣᠭᠤᠯᠵᠤ᠂ ᠥᠷᠭᠡᠨ ᠣᠯᠠᠨ ᠬᠡᠦᠬᠡᠳ ᠵᠠᠯᠠᠭᠤᠴᠤᠳ ᠪᠠᠭᠠᠴᠤᠳ ᠪᠠ ᠭᠡᠷ ᠤᠨ ᠠᠬᠠᠮᠠᠳ ᠤᠨ ᠮᠠᠳᠠᠭ ᠢ ᠲᠠᠶᠢᠯᠵᠤ᠂ ᠰᠢᠨᠵᠢᠯᠡᠬᠦ ᠤᠬᠠᠭᠠᠨᠴᠢ ᠪᠠᠷ ᠬᠥᠲᠥᠯᠦᠨ ᠵᠢᠯᠣᠭᠤᠳᠪᠠ᠃      06 ᠨᠢᠳᠦ ᠶᠢ ᠰᠢᠨᠵᠢᠯᠡᠬᠦ ᠤᠬᠠᠭᠠᠨᠴᠢ ᠪᠠᠷ ᠬᠠᠮᠠᠭᠠᠯᠠᠬᠤ᠄ ᠡᠷᠡᠭᠦᠯ ᠮᠡᠨᠳᠦ ᠶᠢ ᠴᠢᠬᠤᠯᠠᠴᠢᠯᠠᠵᠤ᠂ ᠨᠢᠳᠦ ᠴᠢᠯᠡᠬᠦ ᠶᠢ ᠰᠡᠷᠭᠡᠶᠢᠯᠡᠬᠦ      15. ᠨᠢᠳᠦ ᠬᠠᠭᠤᠷᠠᠶᠢᠳᠠᠵᠤ᠂ ᠴᠢᠯᠡᠬᠦ ᠲᠥᠷᠦᠭᠳᠡᠯ ᠲᠠᠢ ᠪᠣᠯ ᠶᠠᠭᠠᠬᠢᠬᠤ ᠪᠤᠢ︖      ᠬᠠᠷᠢᠭᠤᠯᠲᠠ᠄ ᠦᠷᠭᠦᠯᠵᠢᠯᠡᠨ ᠬᠡᠲᠦ ᠤᠷᠲᠤ ᠴᠠᠭ ᠡᠯᠧᠺᠲᠷᠣᠨ ᠦᠢᠯᠡᠳᠬᠦᠨ ᠢ ᠬᠡᠷᠡᠭᠯᠡᠪᠡᠯ ᠨᠢᠳᠦ ᠬᠠᠭᠤᠷᠠᠶᠢᠳᠠᠵᠤ ᠴᠢᠯᠡᠳᠡᠭ᠃ ᠨᠢᠳᠦ ᠪᠠᠨ ᠠᠨᠢᠨ ᠠᠮᠠᠷᠠᠬᠤ ᠪᠤᠶᠤ ᠠᠯᠤᠰ ᠢ ᠪᠠᠷᠠᠯᠠᠵᠤ᠂ ᠭᠡᠷ ᠤᠨ ᠳᠤᠯᠠᠭᠠᠨ ᠪᠣᠯᠤᠨ ᠴᠢᠭᠢᠭᠳᠦᠴᠡ ᠲᠣᠬᠢᠷᠠᠮᠵᠢᠲᠠᠢ ᠪᠠᠶᠢᠬᠤ ᠶᠢ ᠪᠠᠲᠤᠯᠠᠨ᠂ ᠢᠯᠡᠭᠦᠬᠡᠨ ᠨᠢᠳᠦ ᠪᠠᠨ ᠴᠠᠪᠴᠢᠨ ᠨᠢᠯᠪᠤᠰᠤ ᠪᠠᠷ ᠨᠢᠳᠦ ᠪᠠᠨ ᠭᠦᠢᠴᠡᠳ ᠴᠢᠭᠢᠭᠯᠡᠭᠦᠯᠵᠦ ᠪᠣᠯᠤᠨ᠎ᠠ᠃ ᠬᠠᠯᠠᠭᠤᠨ ᠵᠢᠩ ᠲᠠᠯᠪᠢᠬᠤ ᠪᠣᠯ ᠨᠢᠳᠦ ᠬᠠᠭᠤᠷᠠᠶᠢᠳᠠᠵᠤ ᠴᠢᠯᠡᠬᠦ ᠶᠢ ᠨᠠᠮᠳᠠᠭᠤᠯᠬᠤ ᠪᠦᠲᠦᠮᠵᠢᠲᠡᠢ ᠠᠷᠭ᠎ᠠ ᠶᠢᠨ ᠨᠢᠭᠡ ᠪᠣᠯᠤᠨ᠎ᠠ᠃ ᠬᠡᠷᠪᠡ ᠨᠢᠳᠦ ᠬᠡᠲᠦᠷᠬᠡᠢ ᠬᠠᠭᠤᠷᠠᠶᠢᠳᠠᠪᠠᠯ᠂ ᠵᠣᠬᠢᠶᠠᠮᠠᠯ ᠨᠢᠯᠪᠤᠰᠤ ᠪᠠᠷ ᠡᠪᠡᠳᠴᠢᠨ ᠤ ᠢᠯᠡᠷᠡᠯ ᠢ ᠨᠠᠮᠬᠠᠷᠠᠭᠤᠯᠵᠤ ᠪᠣᠯᠳᠠᠭ᠃ ᠴᠢᠬᠤᠯᠠ ᠲᠠᠢ ᠦᠶ᠎ᠡ ᠳᠤ ᠵᠢᠩᠬᠢᠨᠢ ᠡᠮ ᠡᠮᠨᠡᠯᠭᠡ ᠡᠷᠡᠭᠦᠯ ᠬᠠᠮᠠᠭᠠᠯᠠᠯ ᠤᠨ ᠪᠠᠶᠢᠭᠤᠯᠤᠮᠵᠢ ᠳᠤ ᠣᠴᠢᠵᠤ ᠨᠢᠳᠦᠨ ᠬᠠᠷᠠᠭᠠᠨ ᠤ ᠴᠢᠳᠠᠮᠵᠢ ᠳᠤ ᠵᠠᠳᠠᠯᠤᠯᠲᠠ ᠬᠢᠯᠭᠡᠨ᠂ ᠰᠢᠯᠲᠠᠭᠠᠨ ᠢ ᠪᠠᠶᠢᠴᠠᠭᠠᠨ ᠲᠣᠳᠣᠯᠠᠵᠤ᠂ ᠡᠪᠡᠳᠴᠢᠨ ᠳᠤ  ᠢᠶᠠᠨ ᠲᠠᠭᠠᠷᠠᠭᠤᠯᠤᠨ ᠡᠮᠨᠡᠨ᠎ᠡ᠃ ᠰᠠᠶᠢᠨ ᠵᠠᠰᠠᠭᠰᠠᠨ ᠦᠭᠡᠢ ᠭᠡᠷᠡᠯ ᠤᠨ ᠨᠤᠭᠤᠷᠠᠯᠲᠠ ᠲᠡᠭᠰᠢ ᠪᠤᠰᠤ ᠠᠴᠠ ᠰᠢᠯᠲᠠᠭᠠᠯᠠᠵᠤ ᠬᠠᠷᠠᠭ᠎ᠠ ᠠᠮᠠᠷᠬᠠᠨ ᠴᠢᠯᠡᠳᠡᠭ᠂ ᠵᠢᠩᠬᠢᠨᠢ ᠡᠮ ᠡᠮᠨᠡᠯᠭᠡ ᠡᠷᠡᠭᠦᠯ ᠬᠠᠮᠠᠭᠠᠯᠠᠯ ᠤᠨ ᠪᠠᠶᠢᠭᠤᠯᠤᠮᠵᠢ ᠳᠤ ᠬᠠᠷᠠᠭ᠎ᠠ᠂ ᠭᠡᠷᠡᠯ ᠤᠨ ᠨᠤᠭᠤᠷᠠᠯᠲᠠ ᠶᠢ ᠪᠠᠶᠢᠴᠠᠭᠠᠯᠭᠠᠬᠤ ᠶᠢᠨ ᠬᠠᠮᠲᠤ ᠭᠡᠷᠡᠯ ᠤᠨ ᠨᠤᠭᠤᠷᠠᠯᠲᠠ ᠲᠡᠭᠰᠢ ᠪᠣᠰᠤ ᠶᠢ ᠵᠠᠰᠠᠭᠤᠯᠤᠨ᠎ᠠ᠃      16. ᠨᠢᠳᠦ ᠬᠠᠮᠠᠭᠠᠯᠠᠬᠤ ᠲᠠᠮᠢᠷ ᠨᠢ ᠣᠶᠢᠷ᠎ᠠ ᠬᠠᠷᠠᠭ᠎ᠠ ᠶᠢ ᠰᠡᠷᠭᠡᠶᠢᠯᠡᠨ ᠡᠵᠡᠮᠳᠡᠬᠦ ᠳᠤ ᠶᠠᠮᠠᠷ ᠦᠢᠯᠡᠳᠦᠯ ᠲᠠᠢ ᠪᠤᠢ︖      ᠬᠠᠷᠢᠭᠤᠯᠲᠠ᠄ ᠤᠯᠠᠮᠵᠢᠯᠠᠯᠲᠤ ᠪᠡᠯᠴᠢᠷ ᠤᠨ ᠨᠢᠳᠦ ᠬᠠᠮᠠᠭᠠᠯᠠᠬᠤ ᠲᠠᠮᠢᠷ ᠪᠣᠯ ᠬᠢᠲᠠᠳ ᠡᠮ ᠡᠮᠨᠡᠯᠭᠡ ᠶᠢᠨ ᠢᠯᠢᠵᠦ ᠪᠠᠷᠢᠬᠤ᠂ ᠪᠠᠯᠴᠢᠷᠳᠠᠬᠤ ᠶᠢ ᠦᠨᠳᠦᠰᠦᠯᠡᠨ᠂ ᠪᠡᠶ᠎ᠡ ᠶᠢᠨ ᠲᠠᠮᠢᠷ ᠪᠠ ᠡᠮᠴᠢᠯᠡᠭᠡ ᠶᠢ ᠤᠶᠠᠯᠳᠤᠭᠤᠯᠵᠤ ᠪᠣᠢ ᠪᠣᠯᠤᠭᠰᠠᠨ ᠨᠢᠭᠡ ᠵᠦᠢᠯ ᠤᠨ ᠢᠯᠢᠬᠦ ᠵᠠᠰᠠᠯᠭ᠎ᠠ ᠪᠣᠯᠤᠨ᠎ᠠ᠃ ᠨᠢᠳᠦᠨ ᠤ ᠬᠡᠰᠡᠭ ᠤᠨ ᠪᠠᠯᠴᠢᠷ ᠪᠣᠯᠤᠨ ᠠᠷᠠᠰᠤᠨ ᠤ ᠪᠤᠯᠴᠢᠩ ᠢ ᠢᠯᠢᠬᠦ ᠪᠠᠷ ᠳᠠᠮᠵᠢᠭᠤᠯᠤᠨ ᠮᠡᠳᠡᠷᠡᠯ ᠳᠤ ᠰᠡᠳᠡᠯᠲᠡ ᠥᠭᠴᠦ᠂ ᠨᠢᠳᠦᠨ ᠤ ᠬᠡᠰᠡᠭ ᠤᠨ ᠴᠢᠰᠤᠨ ᠤ ᠡᠷᠭᠢᠯᠲᠡ ᠶᠢ ᠠᠬᠢᠭᠤᠯᠤᠨ᠂ ᠨᠢᠳᠦᠨ ᠪᠤᠯᠴᠢᠩ ᠢ ᠰᠤᠯᠠᠷᠠᠭᠤᠯᠵᠤ᠂ ᠨᠢᠳᠦᠨ ᠤ ᠴᠢᠯᠡᠭᠡ ᠶᠢ ᠨᠠᠮᠳᠠᠭᠤᠯᠤᠨ᠎ᠠ᠃ ᠨᠢᠳᠦ ᠬᠠᠮᠠᠭᠠᠯᠠᠬᠤ ᠲᠠᠮᠢᠷ ᠬᠢᠬᠦ ᠦᠶ᠎ᠡ ᠳᠤ᠂ ᠭᠠᠷ ᠢᠶᠠᠨ ᠤᠭᠢᠶᠠᠬᠤ ᠶᠢ ᠠᠩᠬᠠᠷᠴᠤ᠂ ᠪᠡᠯᠴᠢᠷ ᠢ ᠰᠠᠶᠢᠨ ᠣᠯᠵᠤ᠂ ᠳᠤᠰᠤᠴᠠ ᠶᠢ ᠪᠠᠲᠤᠯᠠᠪᠠᠯ᠂ ᠴᠢᠨᠡᠷᠡᠵᠦ ᠱᠠᠷᠬᠢᠷᠠᠨ ᠳᠤᠰᠠ ᠪᠣᠯᠳᠠᠭ᠃ ᠡᠮᠴᠢᠯᠡᠭᠡᠨ ᠤ ᠰᠣᠳᠤᠯᠭᠠᠨ ᠠᠴᠠ ᠦᠵᠡᠪᠡᠯ᠂ ᠨᠢᠳᠦ ᠬᠠᠮᠠᠭᠠᠯᠠᠬᠤ ᠲᠠᠮᠢᠷ ᠬᠢᠬᠦ ᠦᠭᠡᠢ ᠲᠠᠢ ᠬᠠᠷᠢᠴᠠᠭᠤᠯᠪᠠᠯ᠂ ᠨᠢᠳᠦ ᠬᠠᠮᠠᠭᠠᠯᠠᠬᠤ ᠲᠠᠮᠢᠷ ᠬᠢᠬᠦ ᠨᠢ ᠬᠠᠷᠠᠭ᠎ᠠ ᠴᠢᠯᠡᠬᠦ ᠢᠯᠡᠷᠡᠯ ᠢ ᠵᠠᠰᠠᠨ ᠰᠠᠶᠢᠵᠢᠷᠠᠭᠤᠯᠵᠤ᠂ ᠣᠶᠢᠷ᠎ᠠ ᠬᠠᠷᠠᠭᠠᠨ ᠤ ᠡᠭᠦᠰᠦᠯ ᠬᠥᠭᠵᠢᠯ ᠢ ᠤᠳᠠᠭᠠᠰᠢᠷᠠᠭᠤᠯᠳᠠᠭ᠃ ᠪᠢᠳᠡ ᠥᠷᠭᠡᠨ ᠣᠯᠠᠨ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢ ᠡᠪᠦᠯ ᠤᠨ ᠠᠮᠠᠷᠠᠯᠲᠠ ᠳᠤ ᠡᠳᠦᠷ ᠪᠦᠷᠢ ᠶᠢᠨ ᠦᠳᠡ ᠶᠢᠨ ᠬᠤᠶᠢᠨ᠎ᠠ ᠲᠤᠰ ᠪᠦᠷᠢ ᠨᠢᠭᠡ ᠤᠳᠠᠭ᠎ᠠ ᠨᠢᠳᠦ ᠬᠠᠮᠠᠭᠠᠯᠠᠬᠤ ᠲᠠᠮᠢᠷ ᠬᠢᠬᠦ  ᠶᠢ ᠰᠠᠨᠠᠭᠤᠯᠤᠶ᠎ᠠ᠃   

1.png

   

   

 

 
ᠢᠷᠡᠯᠲᠡ᠄ ᠥᠪᠥᠷ ᠮᠣᠩᠭᠤᠯ ‍ᠤᠨ‌ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号