ᠡᠷᠳᠡᠨᠢᠲᠤᠩᠭᠠᠯᠠᠭ | | | | | | ᠤᠳᠤᠬᠠᠨ ᠤ ᠵᠠᠯᠠᠭᠤ ᠡᠴᠢᠭᠡ ᠡᠬᠡᠴᠤᠣᠯ ᠬᠡᠥᠬᠡᠳ ᠤᠨ ᠰᠤᠷᠭᠠᠨ ᠬᠦᠮᠦᠵᠢᠯ ᠤᠨ ᠲᠤᠬᠠᠢ ᠶᠡᠬᠡᠬᠡᠨ | ᠰᠠᠨᠠᠭᠠᠰᠢᠷᠠᠬᠤ ᠪᠤᠯᠤᠭᠰᠠᠨ ᠪᠠᠶᠢᠨ᠎ᠠ᠃ ᠭᠡᠪᠡᠴᠤ ᠬᠡᠥᠬᠡᠳ ᠤᠨ ᠬᠦᠮᠦᠵᠢᠯ ᠤᠨ ᠴᠢᠬᠤᠯᠠ ᠴᠢᠨᠠᠷ ᠢ ᠮᠡᠳᠡᠭᠰᠡᠨ | ᠪᠤᠯᠪᠠᠴᠤ ︽ᠬᠡᠷᠬᠢᠨ ᠰᠤᠷᠭᠠᠨ ᠬᠦᠮᠦᠵᠢᠭᠦᠯᠪᠡᠯ ᠵᠤᠬᠢᠬᠤ ᠲᠤᠬᠠᠢ︾ ᠲᠠᠨᠢᠯᠲᠠ ᠬᠢᠭᠡᠳ ᠠᠷᠭ᠎ᠠ ᠠᠪᠴᠠᠯ ᠬᠠᠷᠠᠬᠠᠨ | ᠭᠦᠢᠴᠡᠳ ᠦᠭᠡᠢ ᠪᠠᠶᠢᠭᠰᠠᠭᠠᠷ᠃ | ᠨᠢᠭᠡ᠂ ᠤᠳᠤᠬᠠᠨ ᠤ ᠬᠡᠥᠬᠡᠳ ᠤᠨ ᠦᠰᠦᠨ ᠪᠤᠶᠢᠵᠢᠯᠲᠠ ᠶᠢᠨ ᠤᠷᠴᠢᠨ ᠨᠦᠬᠦᠴᠡᠯ ᠢ ᠵᠠᠳᠠᠯᠤᠨ | ᠰᠢᠨᠵᠢᠯᠡᠬᠦ ᠴᠢᠬᠤᠯᠠ ᠲᠠᠢ᠂ ᠨᠡᠶᠢᠭᠡᠮ ᠤᠨ ᠬᠦᠭᠵᠢᠯᠲᠡ ᠶᠢᠨ ᠤᠯᠠᠨ ᠲᠠᠯ᠎ᠠ ᠶᠢᠨ ᠰᠢᠯᠳᠠᠭᠠᠨ ᠠᠴᠠ ᠨᠦᠯᠦᠭᠡᠯᠡᠭᠳᠡᠵᠦ᠂ | ᠤᠳᠤᠬᠠᠨ ᠤ ᠬᠡᠥᠬᠡᠳ ᠤᠨ ᠦᠰᠦᠨ ᠪᠤᠶᠢᠵᠢᠯᠲᠠ ᠶᠢᠨ ᠤᠷᠴᠢᠨ ᠨᠦᠬᠦᠴᠡᠯ ᠶᠡᠬᠡᠬᠡᠨ ᠰᠠᠶᠢᠵᠢᠷᠠᠭᠰᠠᠨ | ᠪᠠᠶᠢᠨ᠎ᠠ᠃ ᠲᠤᠬᠠᠶᠢᠯᠠᠪᠠᠯ᠂ ᠡᠳ᠋ᠯᠡᠯ ᠬᠡᠷᠡᠭᠯᠡᠬᠦᠨ ᠮᠠᠰᠢ ᠡᠯᠪᠡᠭ ᠪᠠᠶᠠᠯᠢᠭ ᠪᠠᠶᠢᠵᠤ᠂ ᠬᠡᠥᠬᠡᠳ ᠪᠠᠭᠠᠴᠤᠣᠯ ᠤᠨ ᠡᠳ᠋ | ᠪᠤᠳᠠᠰ ᠤᠨ ᠲᠠᠯ᠎ᠠ ᠶᠢᠨ ᠬᠡᠷᠡᠭᠴᠡᠭᠡ ᠱᠠᠭᠠᠷᠳᠠᠯᠭ᠎ᠠ ᠦᠨᠳᠦᠰᠦᠨ ᠳᠤ ᠪᠠᠨ ᠲᠤᠳᠠᠬᠤ ᠵᠦᠢᠯ ᠦᠭᠡᠢ ᠪᠦᠭᠡᠳ᠂ ᠡᠨᠡ | ᠲᠠᠯ᠎ᠠ ᠪᠠᠷ ᠬᠡᠥᠬᠡᠳ ᠨᠢᠳᠤ ᠪᠠᠶᠠᠨ ᠰᠡᠳᠬᠢᠯ ᠪᠠᠶᠠᠨ ᠪᠤᠯᠤᠭᠰᠠᠨ ᠪᠠᠶᠢᠨ᠎ᠠ᠃ ᠬᠡᠥᠬᠡᠳ ᠬᠦᠰᠡᠭᠰᠡᠨ ᠰᠠᠨᠠᠭᠰᠠᠨ | ᠵᠦᠢᠯ ᠢᠶᠠᠨ ᠠᠪᠬᠤ ᠭᠡᠪᠡᠯ᠂ ᠤᠯᠠᠩᠬᠢ ᠭᠡᠷ ᠤᠨ ᠠᠬᠠᠮᠠᠳ ᠬᠦᠰᠡᠯ ᠰᠠᠨᠠᠯ ᠢ ᠨᠢ ᠰᠢᠭᠤᠳ ᠪᠡᠶᠡᠯᠡᠭᠦᠯᠳᠡᠭ | ᠤᠴᠢᠷ ᠠᠴᠠ᠂ ᠬᠡᠥᠬᠡᠳ ᠰᠡᠳᠬᠢᠯ ᠳᠤ ᠪᠠᠨ ︽ᠠᠩᠭᠠᠶᠢᠵᠤ ᠢᠳᠡᠭᠡᠳ ᠲᠠᠩᠭᠠᠶᠢᠵᠤ ᠬᠡᠪᠳᠡᠵᠦ︾ ᠪᠠᠶᠢᠭᠰᠠᠨ ᠴᠤ | ᠶᠠᠭᠤ ᠪᠦᠬᠦᠨ ᠬᠢᠯᠪᠠᠷ ᠤᠯᠳᠠᠭ ᠲᠦᠷᠦᠭᠳᠡᠯ ᠲᠠᠢ ᠪᠤᠯᠤᠭᠰᠠᠨ ᠪᠠᠶᠢᠨ᠎ᠠ᠃ ᠦᠩᠭᠡᠷᠡᠭᠰᠡᠨ ᠳᠤ ︽ᠶᠠᠳᠠᠭᠤ ᠠᠶᠢᠯ ᠤᠨ | ᠬᠡᠥᠬᠡᠳ ᠡᠷᠲᠡ ᠲᠤᠮᠤᠭᠠᠵᠢᠳᠠᠭ︾ ᠭᠡᠵᠦ ᠶᠠᠷᠢᠳᠠᠭ᠃ ᠤᠳᠤ ᠶᠢᠨ ᠬᠡᠥᠬᠡᠳ ᠲᠤ ︽ᠶᠠᠳᠠᠭᠤ︾ ᠶᠢᠨ ᠤᠬᠠᠭᠳᠠᠬᠤᠨ | ᠦᠨᠳᠦᠰᠦᠨ ᠳᠤ ᠪᠠᠨ ᠪᠠᠶᠢᠬᠤ ᠦᠭᠡᠢ ᠪᠦᠭᠡᠳ ᠰᠢᠨ᠎ᠡ ᠬᠤᠪᠴᠠᠰᠤ ᠡᠮᠦᠰᠦᠭᠰᠡᠨ ᠪᠠᠭ᠋ᠠᠷᠬᠠᠯ᠂ ᠠᠮᠳᠠᠳᠤ ᠢᠳᠡᠭᠡᠨ | ᠢᠳᠡᠭᠰᠡᠨ ᠵᠢᠷᠭᠠᠯ᠂ ᠠᠪᠤ ᠡᠵᠢ ᠳᠤ ᠪᠠᠨ ᠮᠠᠭᠳᠠᠭᠳᠠᠬᠤ ᠲᠤᠭᠳᠤᠯᠤᠯ ᠬᠢᠭᠡᠳ ᠵᠢᠮᠡᠯᠡᠭᠳᠡᠬᠦ ᠵᠤᠪᠠᠨᠢᠯ ᠁ | ᠴᠦᠬᠡᠷᠡᠵᠡᠢ᠃ | ᠬᠤᠶᠠᠷ᠂ ᠬᠡᠥᠬᠡᠳ ᠤᠨ ᠦᠰᠦᠨ ᠪᠤᠶᠢᠵᠢᠯᠲᠠ ᠳᠤ ᠪᠡᠶ᠎ᠡ ᠪᠠᠨ ᠲᠠᠭᠠᠭᠠᠬᠤ ᠬᠦᠮᠦᠵᠢᠯ ᠲᠤᠳᠠᠭᠳᠠᠵᠤ ᠪᠤᠯᠤᠰᠢ | ᠦᠭᠡᠢ ᠶᠤᠮ᠃ ᠤᠳᠤ ᠶᠢᠨ ᠭᠡᠷ ᠪᠦᠯᠢ ᠳᠤ ᠤᠯᠠᠩᠬᠢ ᠨᠢ ᠭᠠᠭᠴᠠ ᠬᠤᠶᠠᠷ ᠬᠡᠥᠬᠡᠳ ᠪᠠᠶᠢᠵᠤ᠂ ᠲᠤᠮᠤᠴᠤᠣᠯ ᠠᠴᠠ | ᠬᠡᠥᠬᠡᠳ ᠢ ᠬᠡᠳᠦ ᠡᠩᠬᠦᠷᠡᠢ ᠦᠰᠭᠡᠬᠦ ᠪᠤᠯᠤᠭᠰᠠᠨ ᠠᠴᠠ ᠦᠪᠡᠷ ᠤᠨ ᠬᠦᠭᠵᠢᠯᠲᠡ ᠤᠷᠤᠨ ᠵᠠᠢ ᠪᠠᠨ ᠤᠯᠬᠤ ᠦᠭᠡᠢ | ᠪᠤᠯᠵᠤ᠂ ︽ᠤᠬᠢᠯᠠᠨ ᠪᠠᠶᠢᠵᠤ ᠬᠦᠮᠦᠨ ᠪᠤᠯᠵᠤ᠂ ᠮᠠᠶᠢᠯᠠᠨ ᠪᠠᠶᠢᠵᠤ ᠮᠠᠯ ᠪᠤᠯᠳᠠᠭ︾ ᠤᠨ ᠵᠢᠮ᠎ᠡ ᠶᠤᠰᠤ ᠡᠪᠳᠡᠭᠳᠡᠵᠦ᠂ | ᠬᠡᠥᠬᠡᠳ ᠢᠶᠠᠨ ᠤᠬᠢᠯᠠᠬᠤ ᠠᠴᠠ ᠬᠡᠳᠦ ᠠᠶᠤᠬᠤ᠂ ᠤᠶᠢᠴᠢᠬᠤ ᠠᠴᠠ ᠬᠡᠳᠦ ᠰᠡᠷᠭᠡᠶᠢᠯᠡᠬᠦ᠂ ᠪᠤᠷᠤᠭᠤ ᠵᠦᠢᠯ | ᠬᠢᠬᠦ ᠠᠴᠠ ᠬᠡᠳᠦ ᠬᠡᠷᠰᠡᠥᠯᠡᠬᠦ ᠁ ᠵᠡᠷᠭᠡ ᠤᠯᠠᠨ ᠲᠠᠯ᠎ᠠ ᠶᠢᠨ ᠪᠤᠯᠭᠤᠮᠵᠢᠯᠠᠯ ᠠᠬᠠᠳᠠᠭᠰᠠᠨ ᠠᠴᠠ᠂ ᠬᠡᠥᠬᠡᠳ ᠤᠨ | ᠴᠢᠯᠦᠭᠡᠳᠦ ᠬᠦᠭᠵᠢᠯᠲᠡ ᠶᠢᠨ ᠤᠷᠤᠨ ᠵᠠᠢ ᠢᠪᠴᠤᠣᠷᠠᠵᠠᠢ᠃ ᠡᠨᠡᠬᠦ ᠬᠡᠳᠦᠷᠬᠡᠢ ᠬᠠᠶᠢᠷ᠎ᠠ ᠨᠢ ᠬᠡᠥᠬᠡᠳ ᠤᠨ | ᠴᠢᠯᠦᠭᠡᠳᠦ ᠬᠦᠭᠵᠢᠯᠲᠡ ᠶᠢ ᠢᠳᠡᠭ ᠢᠳᠡᠭ ᠢᠶᠠᠷ ᠬᠦᠯᠢᠶᠡᠰᠦᠯᠡᠵᠦ᠂ ᠬᠡᠥᠬᠡᠳ ᠠᠶᠠᠨᠳᠠᠭᠠᠨ ᠦᠪᠡᠷ ᠤᠨ ᠤᠯᠠᠨ | ᠲᠠᠯ᠎ᠠ ᠶᠢᠨ ᠴᠢᠳᠠᠪᠬᠢ ᠪᠠᠨ ᠠᠯᠳᠠᠵᠤ ᠡᠬᠢᠯᠡᠳᠡᠭ᠃ ᠦᠨᠡᠨᠳᠡᠭᠡᠨ ᠬᠡᠥᠬᠡᠳ ᠤᠨ 0-5 ᠨᠠᠰᠤᠨ ᠤ ᠦᠰᠦᠯᠳᠡ ᠶᠢᠨ | ᠬᠤᠭᠤᠴᠠᠭᠠᠨ ᠳᠤ ᠤᠷᠤᠰᠢᠨ ᠲᠤᠭᠳᠠᠨᠢᠯ ᠤᠨ ᠮᠠᠰᠢ ᠤᠯᠠᠨ ᠲᠦᠷᠦᠯᠬᠢ ᠠᠪᠢᠶᠠᠰ ᠨᠢ ᠬᠦᠭᠵᠢᠭᠰᠡᠨ ᠪᠠᠶᠢᠪᠠᠯ | ᠵᠤᠬᠢᠬᠤ ᠠᠳᠠᠯ᠎ᠠ᠂ ᠶᠠᠭ ᠡᠨᠡᠬᠦ ᠬᠤᠭᠤᠴᠠᠭᠠᠨ ᠳᠤ ᠨᠢ ᠬᠡᠥᠬᠡᠳ ᠤᠨ ᠦᠪᠡᠷ ᠢᠶᠠᠨ ᠬᠢᠬᠦ ᠶᠤᠰᠤᠲᠠᠢ ᠠᠵᠢᠯ ᠢ ᠨᠢ | ᠲᠤᠮᠤᠴᠤᠣᠯ ᠨᠢ ᠤᠷᠤᠯᠠᠨ ᠬᠢᠭᠰᠡᠨ ᠠᠴᠠ ᠬᠡᠥᠬᠡᠳ ᠤᠨ ᠠᠶᠠᠨᠳᠠᠭᠠᠨ ᠤ ᠬᠦᠭᠵᠢᠯᠲᠡ ᠬᠠᠷᠰᠢᠯᠠᠭᠳᠠᠵᠤ᠂ | ᠰᠤᠷᠭᠠᠭᠤᠯᠢ ᠳᠤ ᠡᠬᠢᠯᠡᠵᠦ ᠤᠷᠤᠭᠰᠠᠨ ᠤ ᠲᠠᠷᠠᠭ᠎ᠠ ᠪᠡᠶ᠎ᠡ ᠪᠠᠨ ᠲᠠᠭᠠᠭᠠᠵᠤ ᠴᠢᠳᠠᠬᠤ ᠦᠭᠡᠢ ᠦᠵᠡᠭᠳᠡᠯ ᠤᠯᠠᠨ | ᠤᠷᠤᠰᠢᠵᠤ ᠪᠤᠢ᠃ ᠲᠠᠷᠤᠢ᠂ ᠬᠤᠪᠴᠠᠰᠤ ᠬᠤᠨᠠᠷ ᠢᠶᠠᠨ ᠲᠡᠷᠢ ᠲᠡᠭᠰᠢ ᠡᠮᠦᠰᠴᠤ ᠴᠢᠳᠠᠬᠤ ᠦᠭᠡᠢ᠂ ᠪᠢᠷ ᠲᠠᠰᠬᠠᠯ | ᠮᠡᠳᠦ ᠶᠢᠨ ᠡᠳ᠋ ᠪᠤᠳᠠᠰ ᠢᠶᠠᠨ ᠬᠢᠮᠠᠭᠠᠳᠠᠵᠤ ᠴᠢᠳᠠᠬᠤ ᠦᠭᠡᠢ᠂ ᠨᠢᠭᠡᠳᠦᠯᠲᠡᠢ ᠵᠢᠯᠤᠭᠤᠳᠤᠯᠭ᠎ᠠ ᠶᠢ ᠲᠠᠭᠠᠵᠤ ᠴᠢᠳᠠᠬᠤ | ᠦᠭᠡᠢ ᠁ ᠵᠡᠷᠭᠡ ᠤᠯᠠᠨ ᠠᠰᠠᠭᠤᠳᠠᠯ ᠢᠯᠡᠷᠡᠵᠦ ᠪᠤᠢ᠃ | ᠭᠤᠷᠪᠠ᠂ ᠬᠡᠥᠬᠡᠳ ᠤᠨ ᠬᠦᠰᠡᠯ ᠮᠦᠷᠦᠭᠡᠳᠦᠯ ᠮᠠᠰᠢ ᠬᠡᠶᠢᠰᠪᠦᠷᠢ ᠪᠠᠶᠢᠵᠤ᠂ ᠪᠤᠳᠠᠳᠤ ᠬᠦᠭᠡᠭᠡᠴᠡᠯᠳᠦᠯ | ᠲᠤᠳᠠᠮᠠᠭ ᠪᠤᠯᠪᠠ᠃ ᠤᠳᠤᠬᠠᠨ ᠤ ᠭᠡᠷ ᠤᠨ ᠠᠬᠠᠮᠠᠳ ᠬᠡᠥᠬᠡᠳ ᠤᠨ ᠶᠠᠭᠤ ᠪᠦᠬᠦᠨ ᠢ ᠤᠷᠤᠯᠠᠨ ᠭᠦᠢᠴᠡᠳᠬᠡᠬᠦ | ᠪᠤᠯᠤᠭᠰᠠᠨ ᠠᠴᠠ ᠬᠡᠥᠬᠡᠳ ᠤᠨ ᠰᠡᠳᠬᠢᠯ ᠳᠤ ᠲᠤᠯᠭᠠᠮ ᠪᠦᠭᠡᠳ ᠪᠤᠳᠠᠳᠤ ᠬᠦᠰᠡᠯ ᠬᠦᠭᠡᠭᠡᠴᠡᠯᠳᠦᠯ ᠱᠠᠭᠠᠷᠳᠠᠭᠳᠠᠬᠤ | ᠦᠭᠡᠢ ᠪᠤᠯᠵᠤ᠂ ᠢᠷᠡᠭᠡᠳᠦᠢ ᠳᠤ ᠶᠠᠭᠤ ᠬᠢᠬᠦ ᠲᠤᠬᠠᠢ ᠲᠡᠮᠡᠢ ᠪᠤᠳᠤᠯᠬᠢᠯᠠᠬᠤ ᠦᠭᠡᠢ ᠪᠤᠯᠵᠠᠢ᠃ ᠲᠡᠳᠡᠨ ᠤ ᠶᠠᠭᠤ | ᠪᠦᠬᠦᠨ ᠢ ᠪᠡᠯᠡᠳᠬᠡᠵᠦ ᠬᠢᠵᠤ ᠦᠭᠬᠦ ᠬᠦᠮᠦᠨ ᠪᠠᠶᠢᠬᠤ ᠤᠴᠢᠷ ᠠᠴᠠ ᠲᠡᠳᠡ ᠢᠷᠡᠭᠡᠳᠦᠢ ᠶᠢᠨ ᠲᠤᠬᠠᠢ ᠲᠡᠳᠦᠢ | ᠰᠠᠨᠠᠭᠠᠰᠢᠷᠠᠬᠤ ᠦᠭᠡᠢ ᠪᠤᠯᠳᠠᠭ᠃ ᠨᠡᠩ ᠴᠢᠨᠠᠭᠰᠢᠯᠠᠪᠠᠯ ᠪᠤᠰᠤᠳ ᠤᠨ ᠰᠠᠶᠢᠨ ᠰᠠᠶᠢᠬᠠᠨ ᠰᠢᠯᠢᠳᠡᠭ ᠵᠦᠢᠯ ᠢ | ᠪᠠᠭ᠋ᠠᠷᠬᠠᠵᠤ ᠬᠦᠭᠡᠭᠡᠴᠡᠯᠳᠦᠭᠦ ᠤᠷᠮ᠎ᠠ ᠰᠡᠳᠬᠢᠯᠭᠡ ᠴᠤ ᠲᠦᠷᠦᠭᠳᠡᠬᠦ ᠦᠭᠡᠢ ᠪᠤᠯᠵᠤ᠂ ᠬᠤᠵᠢᠮ ᠤᠨ ᠬᠦᠭᠵᠢᠯᠲᠡ ᠶᠢᠨ | ᠲᠠᠯ᠎ᠠ ᠶᠢᠨ ᠰᠡᠳᠬᠢᠴᠡ ᠶᠢᠨ ᠬᠦᠳᠡᠯᠭᠡᠭᠴᠢ ᠬᠦᠴᠦᠨ ᠲᠤᠳᠠᠭᠳᠠᠬᠤ ᠪᠤᠯᠤᠭᠰᠠᠨ ᠪᠠᠶᠢᠨ᠎ᠠ᠃ | ᠲᠦᠷᠪᠡ᠂ ᠤᠳᠤᠬᠠᠨ ᠳᠤ ᠬᠡᠥᠬᠡᠳ ᠤᠳ ᠤᠨ ᠠᠳᠠᠭᠠᠷᠬᠠᠯ ᠠᠴᠠ ᠢᠯᠡᠭᠦᠤ᠂ ᠭᠡᠷ ᠤᠨ ᠠᠬᠠᠮᠠᠳ ᠤᠨ | ᠬᠠᠷᠢᠴᠠᠭᠤᠯᠤᠨ ᠠᠳᠠᠯᠢᠳᠬᠠᠬᠤ ᠦᠵᠡᠯᠲᠡ ᠲᠠᠪᠠᠮᠠᠭᠠᠢ ᠪᠤᠯᠵᠤ ᠪᠤᠢ᠃ ᠲᠡᠳᠡ ᠬᠡᠥᠬᠡᠳ ᠢᠶᠠᠨ ᠰᠠᠶᠢᠨ | ᠬᠦᠮᠦᠵᠢᠭᠦᠯᠬᠦ ᠶᠢᠨ ᠬᠦᠰᠡᠯ ᠱᠠᠭᠠᠷᠳᠠᠯᠭ᠎ᠠ ᠶᠢ ᠡᠪᠦᠷᠯᠡᠳᠡᠭ ᠴᠤ᠂ ᠬᠡᠷᠬᠢᠨ ᠬᠦᠮᠦᠵᠢᠭᠦᠯᠬᠦ ᠲᠤᠬᠠᠢ ᠲᠤᠳᠤᠷᠬᠠᠢ | ᠦᠵᠡᠯᠳᠡ ᠪᠠᠶᠢᠳᠠᠭ ᠦᠭᠡᠢ᠃ ᠬᠡᠥᠬᠡᠳ ᠬᠦᠮᠦᠵᠢᠭᠦᠯᠬᠦ ᠡᠭᠦᠷᠭᠡ ᠶᠢ ᠰᠤᠷᠭᠠᠭᠤᠯᠢ ᠪᠤᠶᠤ ᠪᠠᠭᠰᠢ ᠳᠤ ᠨᠠᠶᠢᠳᠠᠬᠤ | ᠮᠡᠳᠦ ᠪᠠᠷ ᠦᠷᠦᠭᠡᠯ ᠪᠤᠰᠤᠳ ᠲᠤ ᠨᠠᠶᠢᠳᠠᠬᠤ ᠨᠢ ᠲᠡᠶᠢᠯᠦᠩᠭᠦᠢ ᠪᠤᠯᠵᠤ ︽ᠭᠡᠷ ᠪᠦᠯᠢ ᠪᠤᠯ ᠬᠡᠥᠬᠡᠳ ᠤᠨ ᠰᠤᠷᠭᠠᠨ | ᠬᠦᠮᠦᠵᠢᠯ ᠤᠨ ᠴᠢᠬᠤᠯᠠ ᠰᠠᠭᠤᠷᠢᠨ ᠭᠠᠵᠠᠷ︾ ᠪᠤᠯᠬᠤ ᠶᠢ ᠤᠮᠳᠤᠭᠠᠶᠢᠯᠠᠵᠤ ᠪᠤᠢ᠃ ᠲᠡᠳᠡ ᠪᠤᠰᠤᠳᠴᠢ | ᠨᠦᠬᠦᠴᠡᠯ ᠢ ᠬᠠᠷᠢᠴᠠᠭᠤᠯᠤᠨ ᠠᠳᠠᠯᠢᠳᠬᠠᠵᠤ᠂ ᠪᠤᠰᠤᠳ ᠠᠶᠢᠯ ᠤᠨ ᠬᠡᠥᠬᠡᠳ ᠶᠠᠭᠤ ᠡᠳ᠋ᠯᠡᠵᠦ ᠪᠠᠶᠢᠪᠠᠯ᠂ | ᠲᠡᠭᠦᠨ ᠢ ᠨᠢ ᠬᠡᠥᠬᠡᠳ ᠲᠤ ᠪᠠᠨ ᠠᠳᠠᠯᠢᠬᠠᠨ ᠤᠯᠭᠤᠬᠤ᠂ ᠪᠤᠰᠤᠳ ᠠᠶᠢᠯ ᠤᠨ ᠬᠡᠥᠬᠡᠳ ᠶᠠᠮᠠᠷ ᠪᠤᠯᠪᠠᠰᠤᠷᠠᠯ ᠤᠨ | ᠠᠩᠬᠢ ᠳᠤ ᠤᠴᠢᠵᠤ ᠪᠠᠶᠢᠪᠠᠯ ᠬᠡᠥᠬᠡᠳ ᠢᠶᠠᠨ ᠠᠳᠠᠯᠢᠬᠠᠨ ᠤᠴᠢᠭᠤᠯᠬᠤ᠂ ᠪᠤᠰᠤᠳ ᠠᠶᠢᠯ ᠤᠨ ᠬᠡᠥᠬᠡᠳ ᠢᠶᠠᠨ | ᠶᠠᠭᠠᠬᠢᠵᠤ ᠱᠠᠭᠠᠷᠳᠠᠵᠤ ᠪᠠᠶᠢᠪᠠᠯ᠂ ᠦᠪᠡᠷ ᠤᠨ ᠬᠡᠥᠬᠡᠳ ᠨᠢ ᠲᠡᠭᠦᠨ ᠠᠴᠠ ᠬᠤᠵᠢᠮᠳᠠᠬᠤ ᠠᠴᠠ ᠠᠶᠤᠵᠤ᠂ | ᠠᠳᠠᠯᠢᠬᠠᠨ ᠱᠠᠭᠠᠷᠳᠠᠬᠤ ᠵᠡᠷᠭᠡ ᠰᠤᠬᠤᠷ ᠪᠠᠯᠠᠢ ᠲᠠᠭᠤᠷᠢᠶᠠᠮᠠᠯ ᠠᠷᠭ᠎ᠠ ᠪᠠᠷ ᠬᠡᠥᠬᠡᠳ ᠢᠶᠠᠨ ᠬᠦᠮᠦᠵᠢᠭᠦᠯᠬᠦ ᠶᠢ | ᠤᠷᠤᠯᠳᠤᠳᠠᠭ᠃ ᠡᠨᠡ ᠨᠢ ᠬᠡᠥᠬᠡᠳ ᠪᠤᠯᠭᠠᠨ ᠢ ᠨᠢᠭᠡᠯᠡ ᠠᠳᠠᠯᠢ ᠴᠤᠭᠴᠠ ᠪᠠᠷ ᠦᠵᠡᠵᠦ᠂ ᠬᠡᠥᠬᠡᠳ ᠪᠤᠯᠭᠠᠨ ᠤ | ᠦᠪᠡᠷ ᠤᠨ ᠤᠨᠴᠠᠯᠢᠭᠲᠤ ᠬᠦᠭᠵᠢᠯᠲᠡ ᠪᠠᠶᠢᠪᠠᠯ ᠵᠤᠬᠢᠬᠤ ᠶᠢ ᠤᠮᠳᠤᠭᠠᠶᠢᠯᠠᠵᠤ ᠪᠤᠢ᠃ ᠬᠡᠥᠬᠡᠳ ᠪᠤᠯᠭᠠᠨ ᠤ | ᠤᠨᠴᠠᠯᠢᠭ ᠠᠳᠠᠯᠢ ᠦᠭᠡᠢ ᠠᠴᠠ ᠪᠤᠯᠵᠤ᠂ ᠭᠡᠷ ᠤᠨ ᠠᠬᠠᠮᠠᠳ ᠤᠨ ᠡᠨᠡᠬᠦ ᠬᠦᠭᠡᠭᠡᠴᠡᠯᠳᠦᠯ ᠨᠢ ᠵᠠᠷᠢᠮ ᠦᠶ᠎ᠡ ᠳᠤ | ᠬᠡᠥᠬᠡᠳ ᠤᠨ ᠡᠷᠡᠭᠦᠯ ᠦᠰᠦᠨ ᠪᠤᠶᠢᠵᠢᠯᠳᠠ ᠳᠤ ᠮᠠᠭᠤ ᠨᠦᠯᠦᠭᠡ ᠦᠵᠡᠭᠦᠯᠵᠦ᠂ ᠬᠡᠥᠬᠡᠳ ᠢ ᠰᠤᠷᠬᠤ ᠠᠴᠠ | ᠬᠠᠯᠠᠰᠢᠷᠠᠬᠤ᠂ ᠲᠤᠷ᠎ᠠ ᠦᠭᠡᠶᠢᠴᠡᠬᠦ᠂ ᠠᠷᠭ᠎ᠠ ᠪᠠᠷᠠᠭᠳᠠᠬᠤ ᠁ ᠮᠡᠳᠦ ᠶᠢᠨ ᠰᠦᠷᠭᠡᠦ ᠰᠡᠳᠬᠢᠴᠡ ᠶᠢᠨ | ᠦᠵᠡᠭᠳᠡᠯ ᠲᠠᠢ ᠪᠤᠯᠭᠠᠳᠠᠭ᠃ | ᠲᠠᠪᠤ᠂ ᠤᠳᠤᠬᠠᠨ ᠤ ᠬᠡᠥᠬᠡᠳ ᠤᠨ ᠬᠦᠴᠢᠷ ᠢ ᠲᠡᠰᠪᠦᠷᠢᠯᠡᠬᠦ᠂ ᠬᠠᠯᠠ ᠲᠠᠭᠠᠭᠠᠬᠤ ᠰᠦᠰᠦ ᠵᠤᠷᠢᠭ | ᠲᠤᠳᠠᠮᠠᠭ ᠪᠤᠯᠤᠭᠰᠠᠨ ᠪᠠᠶᠢᠨ᠎ᠠ᠃ ᠡᠨᠡ ᠨᠢ ᠮᠦᠨ ᠴᠤ ᠭᠡᠷ ᠪᠦᠯᠢ ᠶᠢᠨ ᠰᠤᠷᠭᠠᠨ ᠬᠦᠮᠦᠵᠢᠯ ᠲᠠᠢ ᠰᠢᠭᠤᠳ | ᠬᠤᠯᠪᠤᠭᠳᠠᠨ᠎ᠠ᠃ ᠬᠡᠥᠬᠡᠳ ᠢ ᠬᠡᠳᠦ ᠡᠩᠬᠦᠷᠡᠶᠢᠯᠡᠵᠦ ᠬᠠᠶᠢᠷᠠᠯᠠᠭᠰᠠᠨ ᠠᠴᠠ ᠵᠢᠭᠠᠬᠠᠨ ᠬᠦᠴᠢᠷ ᠢ ᠴᠤ ᠲᠡᠰᠪᠦᠷᠢᠯᠡᠵᠦ | ᠰᠢᠢᠳᠪᠦᠷᠢᠯᠡᠵᠦ ᠴᠢᠳᠠᠬᠤ ᠦᠭᠡᠢ ᠪᠤᠯᠵᠤ᠂ ᠲᠤᠮᠤ ᠪᠤᠯᠤᠭᠰᠠᠨ ᠴᠤ ᠶᠠᠷᠰᠢᠭᠲᠠᠢ ᠤᠴᠢᠷ ᠲᠤᠯᠭᠠᠷᠠᠭᠰᠠᠭᠠᠷ | ᠰᠢᠢᠳᠪᠦᠷᠢᠯᠡᠬᠦ ᠠᠷᠭ᠎ᠠ ᠤᠯᠬᠤ ᠦᠭᠡᠢ᠂ ᠪᠠᠴᠢᠮᠳᠠᠵᠤ ᠵᠤᠪᠠᠭ᠋ᠤ ᠨᠢ ᠠᠬᠠᠳᠠᠳᠠᠭ᠃ ᠠᠰᠠᠭᠤᠳᠠᠯ ᠢ ᠪᠤᠰᠤᠳᠴᠢ | ᠲᠠᠯ᠎ᠠ ᠠᠴᠠ ᠵᠠᠳᠠᠯᠬᠤ ᠠᠷᠭ᠎ᠠ ᠤᠬᠠᠭᠠᠨ ᠬᠤᠮᠰᠠᠳᠠᠵᠤ᠂ ᠦᠪᠡᠷ ᠢ ᠪᠠᠨ ᠲᠠᠶᠢᠳᠬᠤᠷᠠᠭᠤᠯᠬᠤ᠂ ᠦᠪᠡᠷ ᠢ ᠪᠠᠨ | ᠲᠠᠪᠳᠠᠨ ᠪᠤᠯᠪᠠᠰᠤᠷᠠᠭᠤᠯᠬᠤ᠂ ᠦᠪᠡᠷ ᠢ ᠪᠠᠨ ᠬᠦᠮᠦᠵᠢᠭᠦᠯᠬᠦ ᠲᠠᠨᠢᠯᠲᠠ ᠦᠭᠡᠢ ᠪᠠᠶᠢᠳᠠᠭ᠃ ᠲᠤᠬᠠᠶᠢᠯᠠᠪᠠᠯ᠂ | ᠪᠠᠭ᠎ᠠ ᠰᠤᠷᠭᠠᠭᠤᠯᠢ ᠶᠢᠨ ᠱᠠᠳᠤᠨ ᠳᠤ ᠪᠤᠰᠤᠳ ᠲᠤ ᠲᠤᠭᠤᠬᠢᠯᠠᠭᠳᠠᠬᠤ ᠶᠢ ᠲᠡᠰᠴᠤ ᠶᠠᠳᠠᠬᠤ᠂ ᠦᠭᠡᠨ ᠳᠤ | ᠵᠢᠭᠠᠬᠠᠨ ᠬᠤᠨᠵᠢᠭᠳᠠᠬᠤ ᠪᠤᠶᠤ ᠲᠦᠯᠬᠢᠯᠴᠡᠵᠦ ᠲᠠᠳᠠᠯᠴᠠᠭᠰᠠᠨ ᠠᠴᠠ ᠪᠤᠯᠤᠭᠰᠠᠨ ᠵᠢᠵᠢᠭ ᠰᠠᠵᠢᠭ ᠶᠠᠪᠤᠳᠠᠯ ᠳᠤ | ᠤᠶᠢᠳᠬᠠᠷᠯᠠᠵᠤ ᠪᠤᠬᠢᠨᠢᠳᠤᠬᠤ ᠠᠴᠠ ᠦᠭᠡᠷ᠎ᠡ ᠠᠷᠭ᠎ᠠ ᠦᠭᠡᠢ ᠪᠤᠶᠤ ᠡᠰᠡᠭᠦᠯ᠎ᠡ ᠪᠠᠭᠰᠢ ᠪᠠ ᠭᠡᠷ ᠤᠨ ᠠᠬᠠᠮᠠᠳ | ᠲᠤ ᠪᠠᠨ ᠵᠠᠭᠠᠯᠳᠤᠯᠭ᠎ᠠ ᠬᠢᠬᠦ ᠪᠠᠷ ᠠᠷᠭ᠎ᠠ ᠠᠪᠴᠠᠯ ᠪᠤᠯᠭᠠᠳᠠᠭ᠃ ᠭᠡᠷ ᠤᠨ ᠠᠬᠠᠮᠠᠳ ᠨᠢ ᠴᠤ ᠰᠤᠷᠭᠠᠭᠤᠯᠢ | ᠪᠠᠭᠰᠢ ᠶᠢ ᠡᠷᠢᠵᠤ ᠰᠢᠢᠳᠪᠦᠷᠢᠯᠡᠬᠦ ᠶᠢ ᠱᠠᠭᠠᠷᠳᠠᠬᠤ ᠦᠵᠡᠭᠳᠡᠯ ᠵᠦᠩᠳᠡᠭᠡᠨ ᠬᠠᠷᠠᠭᠳᠠᠬᠤ ᠪᠤᠯᠵᠠᠢ᠃ ᠵᠢᠭᠠᠬᠠᠨ ᠲᠤᠮᠤ | ᠪᠤᠯᠤᠭᠠᠳ ᠲᠤᠮᠳᠠᠳᠤ ᠰᠤᠷᠭᠠᠭᠤᠯᠢ ᠳᠤ ᠤᠷᠤᠭᠰᠠᠨ ᠤ ᠲᠠᠷᠠᠭ᠎ᠠ ᠴᠤ ᠴᠦᠬᠡᠨ ᠪᠤᠰᠤ ᠬᠡᠥᠬᠡᠳ ᠪᠠᠭᠰᠢ ᠳᠤ ᠪᠠᠨ | ᠵᠢᠮᠡᠯᠡᠭᠳᠡᠬᠦ᠂ ᠨᠦᠬᠦᠳ ᠲᠠᠢ ᠪᠠᠨ ᠵᠦᠷᠢᠴᠡᠯᠳᠦᠬᠦ ᠁ ᠮᠡᠳᠦ ᠶᠢᠨ ᠤᠴᠢᠷ ᠶᠠᠪᠤᠳᠠᠯ ᠢ ᠰᠢᠢᠳᠪᠦᠷᠢᠯᠡᠬᠦ ᠠᠷᠭ᠎ᠠ | ᠤᠬᠠᠭᠠᠨ ᠤᠯᠬᠤ ᠦᠭᠡᠢ ᠪᠠᠶᠢᠵᠤ᠂ ᠪᠤᠬᠢᠨᠢᠳᠤᠬᠤ ᠳᠤ ᠪᠠᠨ ᠭᠡᠳᠡᠷᠭᠦ ᠬᠠᠷᠢᠨ ᠦᠪᠡᠷ ᠤᠨ ᠪᠡᠶ᠎ᠡ ᠳᠤ ᠠᠭᠤᠷ | ᠭᠠᠷᠭᠠᠬᠤ᠂ ᠦᠪᠡᠷ ᠢ ᠪᠠᠨ ᠶᠠᠯᠠᠯᠠᠨ ᠰᠢᠢᠳᠬᠡᠬᠦ᠂ ᠴᠢᠨᠠᠭᠰᠢᠯᠠᠪᠠᠯ ᠠᠮᠢ ᠪᠠᠨ ᠬᠤᠣᠷᠯᠠᠬᠤ ᠮᠡᠳᠦ ᠪᠠᠷ ᠪᠤᠬᠢᠨᠢᠳᠤᠯ ᠢᠶᠠᠨ | ᠲᠠᠶᠢᠯᠬᠤ ᠶᠢ ᠤᠷᠤᠯᠳᠤᠬᠤ ᠪᠤᠯᠵᠠᠢ᠃ ᠡᠨᠡ ᠪᠤᠯ ᠮᠠᠰᠢ ᠠᠶᠤᠮᠰᠢᠭᠲᠠᠢ ᠦᠵᠡᠭᠳᠡᠯ ᠪᠤᠯᠤᠨ᠎ᠠ᠃ ᠡᠳᠡᠭᠡᠷ | ᠦᠵᠡᠭᠳᠡᠯ ᠤᠨ ᠤᠯᠠᠩᠬᠢ ᠨᠢ ᠬᠡᠥᠬᠡᠳ ᠬᠠᠷᠠᠬᠠᠨ ᠪᠠᠭ᠎ᠠ ᠠᠴᠠ ᠪᠠᠨ ᠬᠦᠴᠢᠷ ᠲᠤᠯᠭᠠᠷᠠᠭᠰᠠᠨ ᠦᠭᠡᠢ᠂ ᠬᠠᠯᠠ | ᠠᠮᠰᠠᠭᠰᠠᠨ ᠦᠭᠡᠢ ᠲᠠᠢ ᠬᠤᠯᠪᠤᠭᠳᠠᠯ ᠲᠠᠢ ᠶᠤᠮ᠃ | ᠡᠶᠢᠮᠤ ᠠᠴᠠ ᠭᠡᠷ ᠤᠨ ᠠᠬᠠᠮᠠᠳ ᠪᠤᠯᠤᠭᠰᠠᠳ ᠬᠡᠥᠬᠡᠳ ᠤᠨ ᠬᠦᠮᠦᠵᠢᠯ ᠤᠨ ᠲᠠᠯ᠎ᠠ ᠳᠤ᠂ ᠵᠦᠪ ᠵᠠᠳᠠᠯᠤᠯᠳᠠ | ᠬᠢᠵᠤ᠂ ᠦᠪᠡᠷ ᠤᠨ ᠦᠵᠡᠯᠳᠡ ᠲᠠᠨᠢᠯᠲᠠ ᠪᠠᠨ ᠲᠠᠰᠤᠷᠠᠯᠳᠠ ᠦᠭᠡᠢ ᠰᠢᠨᠡᠴᠢᠯᠡᠨ ᠲᠡᠭᠡᠭᠰᠢᠯᠡᠭᠦᠯᠵᠦ᠂ ᠬᠡᠥᠬᠡᠳ ᠲᠠᠢ | ᠬᠠᠮᠲᠤ ᠪᠠᠷ ᠦᠰᠦᠨ ᠪᠤᠶᠢᠵᠢᠬᠤ ᠶᠢ ᠠᠩᠬᠠᠷᠬᠤ ᠬᠡᠷᠡᠭᠲᠡᠢ᠃ ᠤᠴᠢᠷ ᠨᠢ ᠬᠡᠨ ᠳᠤ ᠴᠤ ᠭᠡᠳ ᠠᠪᠤ ᠡᠵᠢ ᠪᠤᠯᠵᠤ | ᠪᠠᠶᠢᠭᠰᠠᠨ ᠦᠩᠭᠡᠷᠡᠯᠳᠡ ᠲᠤᠷᠰᠢᠯᠭ᠎ᠠ ᠪᠠᠶᠢᠬᠤ ᠦᠭᠡᠢ ᠪᠦᠭᠡᠳ ᠬᠡᠥᠬᠡᠳ ᠢᠶᠠᠨ ᠦᠰᠭᠡᠬᠦ ᠶᠠᠪᠤᠴᠠ ᠳᠤ ᠲᠠᠰᠤᠷᠠᠯᠳᠠ | ᠦᠭᠡᠢ ᠰᠤᠷᠤᠯᠴᠠᠵᠤ ᠰᠤᠳᠤᠯᠤᠨ᠂ ᠬᠡᠥᠬᠡᠳ ᠤᠨ ᠬᠦᠮᠦᠵᠢᠯ ᠤᠨ ᠵᠦᠪ ᠲᠠᠨᠢᠯᠲᠠ᠂ ᠵᠦᠪ ᠠᠷᠭ᠎ᠠ ᠶᠢ ᠬᠠᠶᠢᠨ | ᠰᠦᠪᠡᠭᠴᠢᠯᠡᠬᠦ ᠬᠡᠷᠡᠭᠲᠡᠢ᠃ | ᠠᠵᠢᠯᠯᠠᠵᠤ ᠪᠠᠶᠢᠭ᠎ᠠ ᠪᠠᠶᠢᠭᠤᠯᠭ᠎ᠠ᠄ ᠪᠠᠭᠠᠷᠢᠨ ᠵᠡᠭᠦᠨ ᠬᠤᠰᠢᠭᠤᠨ ᠤ ᠯᠢᠨᠳᠥ᠋ᠩ ᠤᠨ | ᠮᠤᠩᠭᠤᠯ ᠦᠨᠳᠦᠰᠦᠲᠡᠨ ᠤ ᠲᠤᠮᠳᠠᠳᠤ ᠰᠤᠷᠭᠠᠭᠤᠯᠢ | ︵ᠮᠦᠡᠭᠭᠦᠨᠴᠢᠮᠡᠭ ᠨᠠᠶᠢᠷᠠᠭᠤᠯᠪᠠ︶ | | | |