ᠥᠷᠯᠥᠭᠡ ᠡᠷᠲᠡ᠂ ᠥᠪᠥᠷ ᠮᠣᠩᠭᠤᠯ ᠤᠨ ᠣᠷᠳᠣᠰ ᠬᠤᠲᠠ ᠶᠢᠨ ᠳ᠋ᠦᠩᠱᠧᠩ ᠲᠣᠭᠤᠷᠢᠭ ᠤᠨ ᠲᠡᠮᠦᠷ | ᠵᠠᠮ ᠤᠨ ᠰᠤᠷᠭᠠᠭᠤᠯᠢ ᠶᠢᠨ ᠬᠦᠷᠢᠶᠡᠨ ᠳᠤ ᠣᠷᠣᠬᠤ ᠳᠤ᠂ ᠰᠤᠷᠤᠭᠴᠢᠳ ᠪᠡᠶ᠎ᠡ ᠶᠢᠨ ᠲᠠᠮᠢᠷ ᠤᠨ ᠲᠠᠯᠠᠪᠠᠢ ᠳᠤ ᠡᠳᠦᠷ | ᠪᠦᠷᠢ ᠶᠢᠨ ᠵᠣᠷᠰᠢᠯ ᠶᠣᠰᠤᠭᠠᠷ 3000 ᠮᠧᠲᠷ ᠤᠨ ᠬᠤᠯᠠ ᠭᠦᠶᠦᠯᠲᠡ᠂ ᠷᠠᠳᠢᠣ᠋ ᠲᠠᠮᠢᠷ᠂ ᠪᠡᠶ᠎ᠡ ᠶᠢᠨ ᠲᠠᠮᠢᠷ ᠵᠡᠷᠭᠡ | ᠬᠥᠳᠡᠯᠭᠡᠭᠡᠨ ᠢ ᠬᠢᠵᠡᠭᠡᠵᠦ ᠪᠠᠶᠢᠪᠠ᠃ ︽ᠡᠶᠢᠮᠦᠷᠬᠦᠦ ᠪᠡᠶ᠎ᠡ ᠶᠢᠨ ᠲᠠᠮᠢᠷ ᠤᠨ ᠬᠥᠳᠡᠯᠭᠡᠭᠡᠨ ᠢ ᠰᠤᠷᠭᠠᠭᠤᠯᠢ 13 ᠵᠢᠯ | ᠪᠠᠷᠢᠮᠲᠠᠯᠠᠭᠰᠠᠭᠠᠷ ᠢᠷᠡᠭᠰᠡᠨ︾ ᠭᠡᠵᠦ ᠳ᠋ᠦᠩᠱᠧᠩ ᠲᠣᠭᠤᠷᠢᠭ ᠤᠨ ᠲᠡᠮᠦᠷ ᠵᠠᠮ ᠤᠨ ᠰᠤᠷᠭᠠᠭᠤᠯᠢ ᠶᠢᠨ ᠵᠠᠬᠢᠷᠤᠯ | ᠶᠠᠨ ᠯᠢ ᠿᠥᠩ ᠶᠠᠷᠢᠪᠠ᠃ | ᠲᠡᠮᠦᠷ ᠵᠠᠮ ᠤᠨ ᠰᠤᠷᠭᠠᠭᠤᠯᠢ 150 ᠮᠧᠲᠷ ᠤᠨ ᠭᠦᠶᠦᠯᠲᠡ ᠶᠢᠨ ᠵᠠᠮ ᠲᠠᠢ ᠪᠠᠭ᠎ᠠ ᠬᠡᠯᠪᠡᠷᠢ ᠶᠢᠨ ᠪᠡᠶ᠎ᠡ ᠶᠢᠨ | ᠲᠠᠮᠢᠷ ᠤᠨ ᠲᠠᠯᠠᠪᠠᠢ ᠲᠠᠢ᠃ ᠰᠤᠷᠭᠠᠭᠤᠯᠢ ︽ᠨᠠᠷᠢᠨ ᠨᠢᠮᠪᠠᠢ ᠲᠥᠯᠦᠪᠯᠡᠵᠦ︾ ᠢᠮᠠᠬᠤ ᠶᠢᠨ ᠴᠢᠨᠡᠭᠡᠨ ᠭᠠᠵᠠᠷ ᠢ ᠴᠤ | ᠰᠠᠶᠢᠲᠤᠷ ᠠᠰᠢᠭᠯᠠᠨ᠂ ᠬᠢᠵᠠᠭᠠᠷ ᠲᠠᠢ ᠭᠠᠵᠠᠷ ᠢ ᠬᠢᠵᠠᠭᠠᠯᠠᠰᠢ ᠦᠭᠡᠢ ᠦᠢᠯᠡᠳᠦᠯ ᠪᠥᠬᠦᠢ ᠲᠠᠯᠠᠪᠤᠷ ᠭᠠᠵᠠᠷ ᠪᠣᠯᠭᠠᠨ | ᠬᠤᠪᠢᠷᠠᠭᠤᠯᠵᠤ᠂ ᠬᠡᠦᠬᠡᠳ ᠨᠢᠭᠡ ᠪᠦᠷᠢ ︽ᠵᠢᠵᠢᠭᠬᠡᠨ ᠣᠷᠣᠨ ᠵᠠᠢ︾ ᠳᠤ ᠪᠡᠶ᠎ᠡ ᠮᠠᠬᠠᠪᠣᠳ ᠪᠠ ᠬᠡᠪ | ᠪᠣᠯᠪᠠᠰᠤᠷᠠᠯ ᠤᠨ ᠬᠤᠣᠰ ᠦᠰᠦᠷᠦᠯᠲᠡ ᠶᠢ ᠪᠡᠶᠡᠯᠡᠭᠦᠯᠪᠡ᠃ | | | | | | ᠰᠤᠷᠭᠠᠭᠤᠯᠢ ᠲᠣᠭᠯᠠᠭᠠᠮ ᠢ ᠪᠡᠶ᠎ᠡ ᠶᠢᠨ ᠲᠠᠮᠢᠷ ᠤᠨ ᠵᠢᠭᠠᠨ ᠰᠤᠷᠭᠠᠯᠲᠠ ᠳᠤ ᠣᠷᠣᠭᠤᠯᠵᠤ᠂ ᠰᠤᠷᠭᠠᠨ | ᠬᠥᠮᠥᠵᠢᠯ ᠤᠨ ᠬᠠᠷᠠᠯᠲᠠ ᠲᠠᠢ ᠵᠣᠬᠢᠴᠠᠭᠰᠠᠨ ᠲᠣᠭᠯᠠᠭᠠᠮ ᠶᠢ ᠲᠥᠯᠦᠪᠯᠡᠨ᠂ ᠲᠣᠭᠯᠠᠭᠠᠮ ᠤᠨ ᠤᠷᠤᠯᠳᠤᠭᠠᠨ ᠢᠶᠠᠷ | ᠳᠠᠮᠵᠢᠭᠤᠯᠤᠨ ᠪᠡᠶ᠎ᠡ ᠶᠢᠨ ᠲᠠᠮᠢᠷ ᠤᠨ ᠬᠢᠴᠢᠶᠡᠯ ᠤᠨ ᠲᠠᠲᠠᠬᠤ ᠬᠦᠴᠦᠨ ᠢ ᠴᠢᠩᠭᠠᠷᠠᠭᠤᠯᠵᠤ᠂ ᠰᠤᠷᠤᠭᠴᠢᠳ ᠤᠨ | ᠣᠷᠣᠯᠴᠠᠬᠤ ᠢᠳᠡᠪᠬᠢᠵᠢᠯ ᠢ ᠳᠡᠭᠡᠭᠰᠢᠯᠡᠭᠦᠯᠦᠨ᠂ ᠰᠤᠷᠤᠭᠴᠢᠳ ᠤᠨ ᠪᠡᠶ᠎ᠡ ᠮᠠᠬᠠᠪᠣᠳ ᠢ ᠪᠣᠯᠪᠠᠰᠤᠷᠠᠭᠤᠯᠵᠤ᠂ ᠤᠷ᠎ᠠ | ᠴᠢᠳᠠᠪᠤᠷᠢ ᠶᠢ ᠳᠡᠭᠡᠭᠰᠢᠯᠡᠭᠦᠯᠬᠦ ᠶᠢᠨ ᠬᠠᠮᠲᠤ᠂ ᠥᠪᠡᠷ ᠪᠡᠶ᠎ᠡ ᠲᠠᠢ ᠪᠠᠨ ᠦᠷᠢᠰᠦᠯᠳᠦᠵᠦ᠂ ᠴᠥᠬᠦᠷᠡᠯ ᠦᠭᠡᠢ | ᠲᠡᠮᠡᠴᠡᠬᠦ ᠣᠶᠤᠨ ᠰᠠᠨᠠᠭᠠᠨ ᠤ ᠰᠢᠨᠵᠢ ᠴᠢᠨᠠᠷ ᠢ ᠬᠥᠮᠥᠵᠢᠭᠦᠯᠪᠡ᠃ | ︽ᠰᠤᠷᠭᠠᠭᠤᠯᠢ ᠶᠢᠨ ᠬᠢᠨ ︿ᠰᠤᠷᠮᠠᠭᠠᠢ ᠨᠠᠭᠠᠳᠬᠤ᠂ ᠰᠢᠷᠭᠠᠭᠤ ᠪᠣᠯᠪᠠᠰᠤᠷᠠᠬᠤ᠂ ᠲᠠᠭᠠᠷᠠᠵᠤ ᠵᠣᠬᠢᠴᠠᠬᠤ᠂ | ᠭᠦᠨ ᠰᠡᠳᠬᠢᠬᠦ﹀ ᠰᠣᠨᠢᠷᠬᠠᠯᠲᠤ ᠪᠡᠶ᠎ᠡ ᠶᠢᠨ ᠲᠠᠮᠢᠷ ᠤᠨ ᠬᠢᠴᠢᠶᠡᠯ ᠢ ᠢᠳᠡᠪᠬᠢᠲᠡᠢ ᠨᠡᠭᠡᠭᠡᠵᠦ᠂ ᠰᠤᠷᠤᠭᠴᠢᠳ ᠤᠨ | ᠪᠡᠶ᠎ᠡ ᠶᠢᠨ ᠲᠠᠮᠢᠷ ᠤᠨ ᠳᠠᠯᠳᠠ ᠬᠦᠴᠦᠨ ᠢ ᠭᠦᠢᠴᠡᠳ ᠢᠯᠡᠷᠡᠭᠦᠯᠦᠨ᠂ ᠰᠤᠷᠤᠭᠴᠢᠳ ᠤᠨ ᠬᠤᠪᠢ ᠪᠡᠶ᠎ᠡ ᠶᠢᠨ | ᠵᠥᠷᠢᠶ᠎ᠡ ᠶᠢ ᠬᠦᠨᠳᠦᠳᠬᠡᠵᠦ᠂ ᠰᠤᠷᠤᠭᠴᠢᠳ ᠢ ᠬᠠᠪᠰᠤᠷᠤᠨ ᠪᠡᠶ᠎ᠡ ᠶᠢᠨ ᠲᠠᠮᠢᠷ ᠤᠨ ᠪᠣᠯᠪᠠᠰᠤᠷᠠᠯ ᠤᠨ ᠶᠠᠪᠤᠴᠠ ᠠᠴᠠ | ᠪᠠᠶᠠᠷ ᠪᠠᠭ᠋ᠠᠳᠤᠯ ᠢ ᠡᠳ᠋ᠯᠡᠭᠦᠯᠵᠦ᠂ ᠪᠡᠶ᠎ᠡ ᠮᠠᠬᠠᠪᠣᠳ ᠢ ᠪᠣᠯᠪᠠᠰᠤᠷᠠᠭᠤᠯᠤᠨ᠂ ᠵᠠᠩ ᠠᠷᠠᠨᠰᠢᠨ ᠢ ᠪᠦᠷᠢᠳᠦᠭᠦᠯᠵᠦ᠂ | ᠵᠣᠷᠢᠭ ᠰᠠᠨᠠᠭ᠎ᠠ ᠶᠢ ᠳᠠᠪᠲᠠᠨ ᠪᠣᠯᠪᠠᠰᠤᠷᠠᠭᠤᠯᠵᠤ᠂ ︿ᠪᠡᠶ᠎ᠡ ᠶᠢᠨ ᠲᠠᠮᠢᠷ ᠤᠨ ᠬᠥᠮᠦᠨ﹀ ᠢᠶᠠᠷ ᠰᠤᠷᠭᠠᠭᠤᠯᠢ ᠶᠢᠨ | ᠰᠢᠯᠢᠳᠡᠭ ᠰᠤᠷᠲᠠᠯ ᠢ ᠪᠣᠢ ᠪᠣᠯᠭᠠᠪᠠ︾ ᠭᠡᠵᠦ ᠶᠠᠨ ᠯᠢ ᠿᠥᠩ ᠶᠠᠷᠢᠪᠠ᠃ | ᠪᠡᠶ᠎ᠡ ᠶᠢᠨ ᠲᠠᠮᠢᠷ ᠤᠨ ᠬᠢᠴᠢᠶᠡᠯ ᠤᠨ ᠵᠢᠭᠠᠨ ᠰᠤᠷᠭᠠᠯᠲᠠ ᠶᠢᠨ ᠶᠠᠪᠤᠴᠠ ᠳᠤ᠂ ᠰᠤᠷᠭᠠᠭᠤᠯᠢ ᠰᠤᠷᠬᠤ᠂ | ᠪᠣᠯᠪᠠᠰᠤᠷᠠᠬᠤ᠂ ᠤᠷᠤᠯᠳᠤᠬᠤ᠂ ᠦᠨᠡᠯᠡᠬᠦ ᠶᠢ ᠨᠢᠭᠡ ᠴᠣᠭᠴᠠᠵᠢᠭᠤᠯᠬᠤ ᠵᠢᠭᠠᠨ ᠰᠤᠷᠭᠠᠯᠲᠠ ᠶᠢᠨ ᠰᠡᠳᠬᠢᠮᠵᠢ ᠶᠢ | ᠪᠦᠬᠦ ᠲᠠᠯ᠎ᠠ ᠪᠠᠷ ᠠᠳᠬᠤᠵᠤ᠂ ᠤᠷᠤᠯᠳᠤᠭᠠᠨ ᠢᠶᠠᠷ ᠰᠤᠷᠬᠤ ᠶᠢ ᠰᠢᠯᠢᠳᠡᠭᠵᠢᠭᠦᠯᠬᠦ ᠵᠢᠭᠠᠨ ᠰᠤᠷᠭᠠᠯᠲᠠ ᠶᠢᠨ ᠠᠷᠭ᠎ᠠ | ᠵᠠᠮ ᠢ ᠲᠣᠭᠲᠠᠭᠠᠪᠠ᠃ ᠰᠤᠷᠭᠠᠭᠤᠯᠢ ᠰᠠᠷ᠎ᠠ ᠪᠠᠷ ᠨᠢᠭᠡᠴᠢ ᠪᠣᠯᠭᠠᠨ ᠪᠡᠶ᠎ᠡ ᠶᠢᠨ ᠴᠢᠳᠠᠯ ᠢ ᠰᠢᠯᠭᠠᠬᠤ ᠤᠷᠤᠯᠳᠤᠭᠠᠨ ᠢ | ᠶᠠᠪᠤᠭᠳᠠᠭᠤᠯᠵᠤ᠂ ᠪᠥᠬᠦ ᠰᠤᠷᠤᠭᠴᠢ ᠪᠡᠶ᠎ᠡ ᠶᠢᠨ ᠲᠠᠮᠢᠷ ᠤᠨ ᠪᠣᠯᠪᠠᠰᠤᠷᠠᠯ ᠳᠤ ᠢᠳᠡᠪᠬᠢᠲᠡᠢ ᠣᠷᠣᠯᠴᠠᠬᠤ ᠶᠢ | ᠵᠣᠷᠢᠭᠵᠢᠭᠤᠯᠤᠨ᠂ ᠳ᠋ᠦᠩᠱᠧᠩ ᠲᠣᠭᠤᠷᠢᠭ ᠤᠨ ᠳᠤᠮᠳᠠᠳᠤ ᠪᠠᠭ᠎ᠠ ᠰᠤᠷᠭᠠᠭᠤᠯᠢ ᠶᠢᠨ ᠳᠡᠭᠡᠰᠦ ᠦᠰᠦᠷᠬᠦ | ᠤᠷᠤᠯᠳᠤᠭᠠᠨ᠂ ᠣᠷᠳᠣᠰ ᠬᠤᠲᠠ ᠶᠢᠨ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠬᠦᠨᠳᠦ ᠬᠥᠩᠭᠡᠨ | ᠪᠡᠶ᠎ᠡ ᠶᠢᠨ ᠲᠠᠮᠢᠷ ᠤᠨ ᠴᠤᠭᠯᠠᠭᠠᠨ᠂ ︽ᠬᠤᠲᠠ ᠶᠢᠨ ᠳᠠᠷᠤᠭ᠎ᠠ ᠬᠤᠨᠳᠠᠭᠠᠲᠤ︾ ᠰᠤᠷᠭᠠᠭᠤᠯᠢ ᠶᠢᠨ ᠬᠦᠷᠢᠶᠡᠨ ᠤ | ᠬᠥᠯ ᠪᠥᠮᠪᠦᠭᠡ ᠶᠢᠨ ᠬᠤᠯᠪᠣᠭᠠᠲᠤ ᠤᠷᠤᠯᠳᠤᠭᠠᠨ ᠵᠡᠷᠭᠡ ᠶᠢ ᠡᠷᠬᠢᠯᠡᠵᠦ᠂ ᠰᠤᠷᠤᠭᠴᠢᠳ ᠤᠨ ᠪᠡᠶ᠎ᠡ ᠶᠢᠨ ᠲᠠᠮᠢᠷ ᠤᠨ | ᠪᠣᠯᠪᠠᠰᠤᠷᠠᠯ ᠤᠨ ᠤᠷᠮ᠎ᠠ ᠪᠠᠬ᠎ᠠ ᠶᠢ ᠬᠥᠭᠵᠢᠭᠡᠪᠡ᠃ | | | | | | ᠰᠤᠷᠭᠠᠭᠤᠯᠢ ᠶᠢᠨ ᠪᠡᠶ᠎ᠡ ᠶᠢᠨ ᠲᠠᠮᠢᠷ ᠤᠨ ᠪᠠᠭᠰᠢ ᠯᠢ ᠬᠠᠢ ᠯᠦᠩ᠄ ︽ᠰᠤᠷᠭᠠᠭᠤᠯᠢ ᠣᠯᠠᠨ ᠵᠦᠢᠯ ᠤᠨ | ᠠᠷᠭ᠎ᠠ ᠠᠪᠴᠤ ᠤᠬᠠᠭᠠᠷᠠᠭᠤᠯᠤᠨ ︿ᠰᠤᠷᠤᠯᠴᠠᠬᠤ﹀᠂ ᠵᠢᠷᠤᠭ ᠲᠥᠯᠥᠪᠯᠡᠭᠡ ᠶᠢ ᠰᠢᠯᠢᠳᠡᠭᠵᠢᠭᠦᠯᠦᠨ ᠪᠠᠶᠢᠩᠭᠤ | ︿ᠪᠣᠯᠪᠠᠰᠤᠷᠠᠬᠤ﹀᠂ ᠣᠯᠠᠨ ᠲᠥᠷᠥᠯ ᠵᠦᠢᠯ ᠤᠨ ︿ᠤᠷᠤᠯᠳᠤᠭᠠᠨ﹀ ᠢ ᠬᠤᠪᠢᠶᠠᠯᠴᠠᠬᠤ ᠠᠴᠠ ᠭᠠᠷᠳᠠᠵᠤ᠂ | ᠰᠣᠨᠢᠷᠬᠠᠯᠲᠤ ᠪᠡᠶ᠎ᠡ ᠶᠢᠨ ᠲᠠᠮᠢᠷ ᠤᠨ ᠤᠷᠤᠯᠳᠤᠭᠠᠨ᠂ ᠪᠡᠶ᠎ᠡ ᠶᠢᠨ ᠴᠢᠳᠠᠮᠵᠢ ᠶᠢ ᠪᠠᠷᠢᠮᠵᠢᠶ᠎ᠠ ᠳᠤ ᠬᠦᠷᠭᠡᠬᠦ | ᠤᠷᠤᠯᠳᠤᠭᠠᠨ᠂ ᠰᠤᠷᠭᠠᠭᠤᠯᠢ ᠶᠢᠨ ᠬᠦᠷᠢᠶᠡᠨ ᠳᠤ ᠭᠢᠨᠢᠰ ᠢ ᠰᠢᠯᠭᠠᠷᠠᠭᠤᠯᠬᠤ ᠤᠷᠤᠯᠳᠤᠭᠠᠨ ᠵᠡᠷᠭᠡ ᠠᠵᠢᠯᠯᠠᠭ᠎ᠠ ᠶᠢ | ᠥᠷᠨᠢᠭᠦᠯᠬᠦ ᠪᠠᠷ ᠳᠠᠮᠵᠢᠭᠤᠯᠤᠨ᠂ ᠰᠤᠷᠤᠭᠴᠢᠳ ᠰᠤᠷᠭᠠᠭᠤᠯᠢ ᠶᠢᠨ ᠬᠦᠷᠢᠶ᠎ᠡ ᠭᠡᠬᠦ ᠡᠨᠡ ᠬᠦ ᠪᠠᠭ᠎ᠠ ᠣᠷᠣᠨ ᠵᠠᠢ ᠳᠤ | ︿ᠪᠠᠶᠠᠷ ᠲᠠᠢ ᠰᠤᠷᠴᠤ᠂ ᠤᠷᠮ᠎ᠠ ᠲᠠᠢ ᠰᠤᠷᠴᠤ᠂ ᠰᠤᠷᠴᠤ ᠴᠢᠳᠠᠪᠠ︾ ᠭᠡᠵᠡᠢ᠃ | ᠳ᠋ᠦᠩᠱᠧᠩ ᠲᠣᠭᠤᠷᠢᠭ ᠤᠨ ᠲᠡᠮᠦᠷ ᠵᠠᠮ ᠤᠨ ᠰᠤᠷᠭᠠᠭᠤᠯᠢ ᠪᠡᠶ᠎ᠡ ᠶᠢᠨ ᠲᠠᠮᠢᠷ ᠤᠨ ᠬᠢᠴᠢᠶᠡᠯ ᠲᠥᠷᠦᠯ ᠢ | ᠳᠤᠮᠳᠠᠳᠤ ᠶᠢᠨ ᠪᠡᠶ᠎ᠡ ᠶᠢᠨ ᠲᠠᠮᠢᠷ ᠤᠨ ᠵᠣᠷᠢᠭ ᠰᠠᠨᠠᠭ᠎ᠠ᠂ ᠳᠤᠮᠳᠠᠳᠤ ᠶᠢᠨ ᠰᠢᠯᠢᠳᠡᠭ ᠤᠯᠠᠮᠵᠢᠯᠠᠯᠲᠤ ᠰᠣᠶᠣᠯ ᠳᠤ | ᠠᠭᠤᠰᠬᠠᠵᠤ᠂ ᠪᠡᠶ᠎ᠡ ᠶᠢᠨ ᠲᠠᠮᠢᠷ ᠤᠨ ᠬᠢᠴᠢᠶᠡᠯ ᠢᠶᠠᠷ ︽ᠪᠡᠶ᠎ᠡ ᠮᠠᠬᠠᠪᠤᠳ ᠢ ᠪᠤᠶᠢᠵᠢᠭᠤᠯᠵᠤ᠂ ᠰᠡᠳᠬᠢᠯᠭᠡ ᠶᠢ | ᠬᠥᠮᠦᠵᠢᠭᠦᠯᠵᠦ᠂ ᠬᠥᠮᠦᠨ ᠬᠥᠮᠥᠵᠢᠭᠦᠯᠪᠡ︾᠃ ᠰᠤᠷᠭᠠᠭᠤᠯᠢ ᠳᠤ ︽ᠡᠬᠡ ᠤᠯᠤᠰ ᠤᠨ ᠠᠭᠤᠯᠠ ᠤᠰᠤ ᠶᠢ | ᠭᠦᠶᠦᠨ ᠵᠤᠭᠠᠴᠠᠬᠤ︾ ᠭᠡᠬᠦ ᠰᠤᠷᠭᠠᠭᠤᠯᠢ ᠶᠢᠨ ᠬᠢᠴᠢᠶᠡᠯ ᠢ ᠨᠡᠭᠡᠭᠡᠵᠦ᠂ ᠣᠨ ᠣᠨ ᠢᠶᠠᠷ ︽ᠣᠷᠳᠣᠰ ᠲᠠᠬᠢ | ᠠᠶᠠᠯᠠᠯ︾᠂ ︽ᠨᠡᠯᠦᠭᠡᠷ ᠠᠭᠤᠳᠠᠮ ᠪᠠᠷᠠᠭᠤᠨ ᠭᠠᠵᠠᠷ ᠢᠶᠠᠷ ᠠᠯᠬᠤᠯᠠᠬᠤ︾ ᠵᠡᠷᠭᠡ 6 ᠵᠤᠷᠪᠤᠰ ᠵᠠᠮ ᠢ | ᠲᠥᠯᠥᠪᠯᠡᠵᠡᠢ᠃ | | | | | | ︽ᠬᠢᠴᠢᠶᠡᠯ ᠳᠡᠭᠡᠷ᠎ᠡ᠂ ᠪᠢᠳᠡ ᠭᠦᠶᠦᠬᠦ ᠵᠠᠮ ᠳᠤ ᠪᠠᠨ ᠬᠤᠲᠠ ᠶᠢᠨ ︿ᠣᠨᠢᠰᠤ ᠶᠢ ᠨᠡᠭᠡᠭᠡᠨ﹀᠂ ᠵᠠᠮ | ᠳᠠᠭᠠᠤ ᠶᠢᠨ ᠪᠠᠶᠢᠭᠠᠯᠢ ᠶᠢᠨ ᠦᠵᠡᠮᠵᠢ᠂ ᠬᠥᠮᠦᠨ ᠨᠡᠶᠢᠭᠡᠮ ᠤᠨ ᠲᠡᠦᠬᠡ᠂ ᠨᠤᠲᠤᠭ ᠤᠰᠤ ᠬᠥᠮᠦᠨ ᠤ ᠰᠡᠳᠬᠢᠯ ᠢ | ᠣᠶᠢᠯᠠᠭᠠᠵᠤ᠂ ᠪᠡᠶ᠎ᠡ ᠮᠠᠬᠠᠪᠣᠳ ᠢᠶᠠᠨ ᠪᠣᠯᠪᠠᠰᠤᠷᠠᠭᠤᠯᠬᠤ ᠶᠢᠨ ᠬᠠᠮᠲᠤ ᠡᠬᠡ ᠣᠷᠣᠨᠴᠢ ᠰᠡᠳᠬᠢᠯᠭᠡ ᠶᠢᠨ ᠦᠷ᠎ᠡ ᠶᠢ | ᠦᠨᠳᠦᠰᠦᠯᠡᠭᠦᠯᠪᠡ︾ ᠭᠡᠵᠦ ᠲᠡᠮᠦᠷ ᠵᠠᠮ ᠤᠨ ᠰᠤᠷᠭᠠᠭᠤᠯᠢ ᠶᠢᠨ ᠵᠢᠷᠭᠤᠳᠤᠭᠠᠷ ᠣᠨ ᠤ ᠰᠤᠷᠤᠭᠴᠢ ᠦ᠋ ᠹᠦ᠋ ᠰᠢᠶᠠᠨ | ᠶᠠᠷᠢᠪᠠ᠃ | | | |