5 ᠰᠠᠷ᠎ᠠ ᠶᠢᠨ 4 ᠤ ᠡᠳᠦᠷ᠂ ᠳᠤᠮᠳᠠᠳᠤ ᠤᠯᠤᠰ ᠤᠨ ᠰᠤᠷᠤᠭᠴᠢᠳ ᠤᠨ ᠪᠡᠶ᠎ᠡ ᠶᠢᠨ ᠲᠠᠮᠢᠷ ᠤᠨ | ᠬᠤᠯᠪᠣᠭᠠᠲᠤ ᠬᠤᠷᠠᠯ᠂ ᠳᠤᠮᠳᠠᠳᠤ ᠤᠯᠤᠰ ᠤᠨ ᠠᠯᠠᠭᠠᠳᠠᠬᠤ ᠪᠥᠮᠪᠦᠭᠡ ᠶᠢᠨ ᠨᠡᠶᠢᠭᠡᠮᠯᠢᠭ ᠠᠴᠠ ᠬᠠᠮᠲᠤᠷᠠᠨ | ᠡᠷᠬᠢᠯᠡᠭᠰᠡᠨ 2025 ᠣᠨ ᠤ ᠳᠤᠮᠳᠠᠳᠤ ᠤᠯᠤᠰ ᠤᠨ ᠳᠤᠮᠳᠠᠳᠤ ᠰᠤᠷᠭᠠᠭᠤᠯᠢ ᠶᠢᠨ ᠰᠤᠷᠤᠭᠴᠢᠳ ᠤᠨ | ᠠᠯᠠᠭᠠᠳᠠᠬᠤ ᠪᠥᠮᠪᠦᠭᠡ ᠶᠢᠨ ᠬᠤᠯᠪᠣᠭᠠᠲᠤ ᠤᠷᠤᠯᠳᠤᠭᠠᠨ ︵ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠶᠢᠨ | ᠳᠤᠭᠤᠶᠢᠯᠠᠩ︶ ᠾᠧᠪᠧᠢ ᠶᠢᠨ ᠴᠥᠩ ᠯᠢ ᠳᠤ ᠥᠨᠳᠦᠷᠯᠡᠵᠦ᠂ ᠪᠤᠭᠤᠲᠤ ᠬᠤᠲᠠ ᠶᠢᠨ ᠨᠢᠭᠡᠳᠦᠭᠡᠷ ᠳᠤᠮᠳᠠᠳᠤ | ᠰᠤᠷᠭᠠᠭᠤᠯᠢ ᠶᠢᠨ ᠡᠮᠡᠭᠲᠡᠢ ᠶᠢᠨ ᠠᠯᠠᠭᠠᠳᠠᠬᠤ ᠪᠥᠮᠪᠦᠭᠡ ᠶᠢᠨ ᠠᠩᠭᠢ ᠨᠤᠭᠤᠷᠠᠰᠢ ᠦᠭᠡᠢ ᠲᠡᠮᠡᠴᠡᠬᠦ ᠵᠣᠷᠢᠭ | ᠰᠠᠨᠠᠭ᠎ᠠ ᠪᠠᠷ ᠤᠷᠤᠯᠳᠤᠭᠠᠨ ᠳᠤ ᠭᠠᠪᠰᠢᠭᠠᠶᠢᠯᠠᠵᠤ ᠪᠦᠬᠦ ᠤᠯᠤᠰ ᠲᠤ ᠳᠡᠳ᠋ᠯᠡᠪᠡ᠃ | | | | | | | | ᠡᠨᠡ ᠤᠳᠠᠭᠠᠨ ᠤ ᠤᠷᠤᠯᠳᠤᠭᠠᠨ ᠳᠤ ᠪᠦᠬᠦ ᠤᠯᠤᠰ ᠤᠨ 55 ᠲᠥᠯᠥᠭᠡᠯᠡᠭᠴᠢᠳ ᠤᠨ ᠠᠩᠭᠢ ᠣᠷᠣᠯᠴᠠᠵᠤ᠂ | ᠡᠭᠦᠨ ᠳᠤ ᠡᠮᠡᠭᠲᠡᠢ ᠶᠢᠨ ᠳᠤᠭᠤᠶᠢᠯᠠᠩ 30᠂ ᠡᠷᠡᠭᠲᠡᠢ ᠶᠢᠨ ᠳᠤᠭᠤᠶᠢᠯᠠᠩ 25 ᠪᠤᠢ᠃ ᠮᠠᠨ ᠤ ᠣᠷᠣᠨ ᠠᠴᠠ 4 | ᠡᠮᠡᠭᠲᠡᠢ ᠶᠢᠨ ᠠᠩᠭᠢ᠂ 3 ᠡᠷᠡᠭᠲᠡᠢ ᠶᠢᠨ ᠠᠩᠭᠢ ᠤᠷᠤᠯᠳᠤᠭᠠᠨ ᠳᠤ ᠣᠷᠣᠯᠴᠠᠪᠠ᠃ | ᠳᠤᠭᠤᠶᠢᠯᠠᠩ ᠤᠨ ᠤᠷᠤᠯᠳᠤᠭᠠᠨ ᠳᠤ᠂ ᠪᠤᠭᠤᠲᠤ ᠶᠢᠨ ᠨᠢᠭᠡᠳᠦᠭᠡᠷ ᠳᠤᠮᠳᠠᠳᠤ ᠰᠤᠷᠭᠠᠭᠤᠯᠢ ᠶᠢᠨ | ᠡᠮᠡᠭᠲᠡᠢ ᠶᠢᠨ ᠠᠯᠠᠭᠠᠳᠠᠬᠤ ᠪᠥᠮᠪᠦᠭᠡ ᠶᠢᠨ ᠠᠩᠭᠢ ᠨᠠᠷᠢᠨ ᠨᠢᠭᠲᠠ ᠪᠥᠮᠪᠥᠭᠡᠨ ᠮᠡᠷᠭᠡᠵᠢᠯ ᠪᠠ ᠭᠠᠷᠮᠠᠭᠠᠢ ᠰᠠᠶᠢᠨ | ᠪᠦᠯᠬᠦᠮ ᠤᠨ ᠬᠠᠮᠵᠢᠯᠴᠠᠭ᠎ᠠ ᠳᠤ ᠲᠦᠰᠢᠭᠯᠡᠨ᠂ ᠳᠤᠭᠤᠶᠢᠯᠠᠩ ᠤᠨ ᠤᠷᠤᠯᠳᠤᠭᠠᠨ ᠳᠤ ᠲᠦᠷᠦᠭᠦᠯᠡᠨ ᠡᠮᠦᠨ᠎ᠡ | ᠨᠠᠢᠮᠠᠳᠤᠭᠠᠷ ᠲᠤ ᠣᠮᠤᠭ ᠲᠡᠭᠦᠯᠳᠡᠷ ᠳᠠᠪᠰᠢᠨ ᠣᠷᠣᠵᠠᠢ᠃ ᠳᠥᠷᠪᠡᠨ ᠤ ᠨᠢᠭᠡ ᠶᠢᠨ ᠰᠢᠢᠳᠪᠦᠷᠢᠲᠦ | ᠤᠷᠤᠯᠳᠤᠭᠠᠨ ᠳᠤ ᠲᠡᠳᠡ 3᠄ 0 ᠶᠢᠨ ᠬᠠᠷᠢᠴᠠᠯ ᠢᠶᠠᠷ ᠴᠦᠩᠴᠢᠩ ᠤᠨ ᠨᠠᠢᠮᠠᠳᠤᠭᠠᠷ ᠳᠤᠮᠳᠠᠳᠤ ᠰᠤᠷᠭᠠᠭᠤᠯᠢ ᠶᠢ | ᠠᠮᠵᠢᠯᠲᠠ ᠲᠠᠢ ᠢᠯᠠᠵᠤ᠂ ᠳᠥᠷᠪᠡᠨ ᠬᠦᠴᠦᠷᠬᠡᠭ ᠲᠤ ᠲᠣᠳᠤᠷᠠᠵᠠᠢ᠃ ᠬᠠᠭᠠᠰ ᠰᠢᠢᠳᠪᠦᠷᠢᠲᠦ ᠤᠷᠤᠯᠳᠤᠭᠠᠨ ᠳᠤ | ᠸᠧᠨᠵᠧᠦ ᠶᠢᠨ ᠬᠤᠶᠠᠳᠤᠭᠠᠷ ᠳᠤᠮᠳᠠᠳᠤ ᠰᠤᠷᠭᠠᠭᠤᠯᠢ ᠶᠢᠨ ᠡᠮᠡᠭᠲᠡᠢ ᠶᠢᠨ ᠠᠯᠠᠭᠠᠳᠠᠬᠤ ᠪᠥᠮᠪᠦᠭᠡ ᠶᠢᠨ ᠠᠩᠭᠢ ᠲᠠᠢ | ᠮᠥᠷᠦᠶᠢᠴᠡᠵᠦ᠂ ᠡᠮᠡᠭᠲᠡᠢ ᠶᠢᠨ ᠠᠯᠠᠭᠠᠳᠠᠬᠤ ᠪᠥᠮᠪᠦᠭᠡ ᠶᠢᠨ ᠠᠩᠭᠢ ᠶᠢᠨ ᠥᠬᠢᠳ ᠰᠢᠷᠭᠠᠭᠤ ᠬᠠᠲᠠᠭᠤᠵᠢᠯᠲᠠᠢ | ᠮᠥᠷᠦᠶᠢᠴᠡᠵᠦ᠂ 3᠄ 1 ᠶᠢᠨ ᠬᠠᠷᠢᠴᠠᠯ ᠢᠶᠠᠷ ᠡᠰᠡᠷᠭᠦ ᠡᠲᠡᠭᠡᠳ ᠢᠶᠠᠨ ᠢᠯᠠᠵᠤ᠂ ᠰᠢᠢᠳᠪᠦᠷᠢᠲᠦ ᠤᠷᠤᠯᠳᠤᠭᠠᠨ ᠳᠤ | ᠣᠷᠣᠵᠠᠢ᠃ ᠰᠢᠢᠳᠪᠦᠷᠢᠲᠦ ᠤᠷᠤᠯᠳᠤᠭᠠᠨ ᠳᠤ᠂ ᠪᠤᠭᠤᠲᠤ ᠶᠢᠨ ᠨᠢᠭᠡᠳᠦᠭᠡᠷ ᠳᠤᠮᠳᠠᠳᠤ ᠰᠤᠷᠭᠠᠭᠤᠯᠢ ᠶᠢᠨ | ᠡᠮᠡᠭᠲᠡᠢ ᠶᠢᠨ ᠠᠯᠠᠭᠠᠳᠠᠬᠤ ᠪᠥᠮᠪᠦᠭᠡ ᠶᠢᠨ ᠠᠩᠭᠢ ᠹᠦᠵᠧᠦ ᠶᠢᠨ ᠠᠷᠪᠠᠨ ᠵᠢᠷᠭᠤᠳᠤᠭᠠᠷ ᠳᠤᠮᠳᠠᠳᠤ ᠰᠤᠷᠭᠠᠭᠤᠯᠢ ᠲᠠᠢ | ᠬᠤᠷᠴᠠ ᠰᠢᠷᠦᠭᠦᠨ ᠮᠥᠷᠦᠶᠢᠴᠡᠵᠦ᠂ ᠡᠴᠦᠰ ᠲᠤ᠂ ᠪᠤᠭᠤᠲᠤ ᠶᠢᠨ ᠨᠢᠭᠡᠳᠦᠭᠡᠷ ᠳᠤᠮᠳᠠᠳᠤ ᠰᠤᠷᠭᠠᠭᠤᠯᠢ ᠶᠢᠨ | ᠡᠮᠡᠭᠲᠡᠢ ᠶᠢᠨ ᠠᠯᠠᠭᠠᠳᠠᠬᠤ ᠪᠥᠮᠪᠦᠭᠡ ᠶᠢᠨ ᠠᠩᠭᠢ ᠬᠤᠶᠠᠷ ᠬᠤᠪᠢ ᠶᠢᠨ ᠵᠥᠷᠢᠶ᠎ᠡ ᠪᠠᠷ ᠢᠯᠠᠭᠳᠠᠭᠰᠠᠨ ᠪᠣᠯᠪᠠᠴᠤ ᠨᠢᠭᠡ | ᠯᠡ ᠬᠥᠭ ᠢᠶᠠᠷ ᠨᠤᠭᠤᠷᠠᠰᠢ ᠦᠭᠡᠢ ᠲᠡᠮᠡᠴᠡᠵᠦ ᠤᠷᠤᠯᠳᠤᠭᠠᠨ ᠳᠤ ᠳᠡᠳ᠋ᠯᠡᠪᠡ᠃ | ᠡᠭᠦᠨ ᠠᠴᠠ ᠡᠮᠦᠨ᠎ᠡ᠂ 4 ᠰᠠᠷ᠎ᠠ ᠶᠢᠨ 24 ᠤ ᠡᠳᠦᠷ ᠥᠨᠳᠦᠷᠯᠡᠭᠰᠡᠨ ᠠᠷᠪᠠᠨ ᠲᠠᠪᠤᠳᠤᠭᠠᠷ ᠬᠤᠭᠤᠴᠠᠭᠠᠨ ᠤ | ᠪᠦᠬᠦ ᠤᠯᠤᠰ ᠤᠨ ᠪᠡᠶ᠎ᠡ ᠶᠢᠨ ᠲᠠᠮᠢᠷ ᠤᠨ ᠴᠤᠭᠯᠠᠭᠠᠨ ᠤ ᠠᠯᠠᠭᠠᠳᠠᠬᠤ ᠪᠥᠮᠪᠦᠭᠡ ᠶᠢᠨ ᠬᠢᠷᠢ ᠭᠡᠮ ᠤᠨ | ᠤᠷᠤᠯᠳᠤᠭᠠᠨ ᠳᠤ᠂ ᠪᠤᠭᠤᠲᠤ ᠶᠢᠨ ᠨᠢᠭᠡᠳᠦᠭᠡᠷ ᠳᠤᠮᠳᠠᠳᠤ ᠰᠤᠷᠭᠠᠭᠤᠯᠢ ᠶᠢᠨ ᠡᠮᠡᠭᠲᠡᠢ ᠶᠢᠨ ᠠᠯᠠᠭᠠᠳᠠᠬᠤ | ᠪᠥᠮᠪᠦᠭᠡ ᠶᠢᠨ ᠠᠩᠭᠢ ᠥᠪᠥᠷ ᠮᠣᠩᠭᠤᠯ ᠤᠨ ᠵᠠᠯᠠᠭᠤ ᠡᠮᠡᠭᠲᠡᠢ ᠶᠢᠨ ᠠᠯᠠᠭᠠᠳᠠᠬᠤ ᠪᠥᠮᠪᠦᠭᠡ ᠶᠢᠨ ᠠᠩᠭᠢ ᠶᠢ | ᠲᠥᠯᠥᠭᠡᠯᠡᠨ U20 ᠵᠢᠴᠢ U18 ᠳᠤᠭᠤᠶᠢᠯᠠᠩ ᠤᠨ ᠤᠷᠤᠯᠳᠤᠭᠠᠨ ᠳᠤ ᠲᠤᠰ ᠲᠤᠰ ᠭᠠᠷᠮᠠᠭᠠᠶᠢᠯᠠᠵᠤ᠂ ᠴᠥᠮ | ᠰᠢᠢᠳᠪᠦᠷᠢᠲᠦ ᠤᠷᠤᠯᠳᠤᠭᠠᠨ ᠳᠤ ᠳᠠᠪᠰᠢᠨ ᠣᠷᠣᠵᠤ᠂ ᠲᠡᠦᠬᠡᠲᠦ ᠴᠢᠨᠠᠷᠲᠠᠢ ᠰᠢᠪᠲᠤᠯᠤᠯᠲᠠ ᠲᠠᠢ ᠪᠣᠯᠵᠠᠢ᠃ | | | | | | | | ᠪᠤᠭᠤᠲᠤ ᠶᠢᠨ ᠨᠢᠭᠡᠳᠦᠭᠡᠷ ᠳᠤᠮᠳᠠᠳᠤ ᠰᠤᠷᠭᠠᠭᠤᠯᠢ ᠶᠢᠨ ᠡᠮᠡᠭᠲᠡᠢ ᠶᠢᠨ ᠠᠯᠠᠭᠠᠳᠠᠬᠤ ᠪᠥᠮᠪᠦᠭᠡ ᠶᠢᠨ | ᠠᠩᠭᠢ ᠶᠢᠨ ᠥᠬᠢᠳ ᠤᠨ ︽ᠤᠳᠠᠭᠠᠨ ᠡᠳᠦᠷ ᠵᠤᠵᠠᠭᠠᠨ ᠬᠤᠨᠤᠭ︾ ᠤᠨ ᠪᠠᠷᠢᠮᠲᠠᠯᠠᠯ ᠪᠠ ᠰᠢᠪᠲᠤᠯᠤᠯᠲᠠ ᠨᠢ | ᠪᠤᠭᠤᠲᠤ ᠶᠢᠨ ᠨᠢᠭᠡᠳᠦᠭᠡᠷ ᠳᠤᠮᠳᠠᠳᠤ ᠰᠤᠷᠭᠠᠭᠤᠯᠢ ᠶᠢᠨ ᠪᠡᠶ᠎ᠡ ᠶᠢᠨ ᠲᠠᠮᠢᠷ ᠢᠶᠠᠷ ᠬᠥᠮᠦᠨ ᠬᠥᠮᠥᠵᠢᠭᠦᠯᠬᠦ ᠡᠯᠪᠡᠭ | ᠪᠠᠶᠠᠯᠢᠭ ᠦᠷ᠎ᠡ ᠪᠦᠲᠦᠭᠡᠯ ᠢ ᠢᠯᠡᠷᠡᠭᠦᠯᠦᠭᠰᠡᠨ ᠢᠶᠠᠷ ᠪᠠᠷᠠᠬᠤ ᠦᠭᠡᠢ᠂ ᠨᠡᠩ ᠴᠤ ᠮᠠᠨ ᠤ ᠣᠷᠣᠨ ᠤ ᠵᠠᠯᠠᠭᠤᠴᠤᠳ | ᠪᠠᠭᠠᠴᠤᠳ ᠤᠨ ᠶᠣᠰᠣ ᠮᠣᠷᠠᠯ᠂ ᠣᠶᠤᠨ ᠤᠬᠠᠭᠠᠨ᠂ ᠪᠡᠶ᠎ᠡ ᠮᠠᠬᠠᠪᠣᠳ᠂ ᠭᠤᠸ᠎ᠠ ᠰᠠᠶᠢᠬᠠᠨ᠂ ᠬᠥᠳᠡᠯᠮᠦᠷᠢ ᠵᠡᠷᠭᠡ | ᠪᠦᠬᠦ ᠲᠠᠯ᠎ᠠ ᠪᠠᠷ ᠬᠥᠭᠵᠢᠭᠰᠡᠨ ᠰᠠᠶᠢᠨ ᠰᠠᠶᠢᠬᠠᠨ ᠳᠦᠷᠰᠦ ᠪᠠᠶᠢᠳᠠᠯ ᠢ ᠬᠠᠷᠠᠭᠤᠯᠵᠤ᠂ ᠮᠠᠨ ᠤ ᠣᠷᠣᠨ ᠤ | ᠰᠤᠷᠭᠠᠭᠤᠯᠢ ᠶᠢᠨ ᠪᠡᠶ᠎ᠡ ᠶᠢᠨ ᠲᠠᠮᠢᠷ ᠤᠨ ᠦᠢᠯᠡᠰ ᠤᠨ ᠥᠷᠨᠢᠭᠦᠨ ᠬᠥᠭᠵᠢᠯᠲᠡ ᠶᠢ ᠠᠬᠢᠭᠤᠯᠬᠤ ᠳᠤ ᠬᠦᠴᠦᠨ | ᠨᠡᠮᠡᠷᠢᠯᠡᠪᠡ᠃ | | | |