ᠰᠢᠨᠬᠤᠸᠠ ᠬᠤᠷᠢᠶ᠎ᠠ᠎ᠵᠢᠨ ᠪᠡᠭᠡᠵᠢᠩ᠎ᠦᠨ 7 ᠰᠠᠷ᠎ᠠ᠎ᠶᠢᠨ 24 ᠤ᠋ ᠴᠠᠬᠢᠯᠭᠠᠨ ᠮᠡᠳᠡᠭᠡ 7 ᠰᠠᠷ᠎ᠠ᠎ᠶᠢᠨ 24 ᠤ᠋ ᠦᠳᠡ᠎ᠶᠢᠨ ᠡᠮᠦᠨ᠎ᠡ᠂ ᠤᠯᠤᠰ᠎ᠤᠨ ᠲᠡᠷᠢᠭᠦᠯᠡᠭᠴᠢ ᠰᠢ ᠵᠢᠨ ᠫᠢᠩ ᠪᠡᠭᠡᠵᠢᠩ᠎ᠦᠨ ᠠᠷᠠᠳ᠎ᠤᠨ ᠶᠡᠬᠡ ᠬᠤᠷᠠᠯ᠎ᠤᠨ ᠲᠠᠩᠬᠢᠮ᠎ᠳᠤ ᠬᠣᠷᠢᠨ ᠲᠠᠪᠤᠳᠤᠭᠠᠷ ᠤᠳᠠᠭ᠎ᠠ᠎ᠶᠢᠨ ᠳᠤᠮᠳᠠᠳᠤ ᠤᠯᠤᠰ — ᠡᠸᠦ᠋ᠷᠦᠫᠡ ᠲᠢᠪ᠎ᠦᠨ ᠤᠯᠤᠰ᠎ᠤᠳ᠎ᠤᠨ ᠬᠤᠯᠪᠤᠭ᠎ᠠ᠎ᠵᠢᠨ ᠤᠳᠤᠷᠢᠳᠬᠤ ᠬᠥᠮᠥᠰ᠎ᠦᠨ ᠠᠭᠤᠯᠵᠠᠯᠲᠠ᠎ᠳᠤ ᠤᠷᠤᠯᠴᠠᠬᠤ ᠪᠡᠷ ᠳᠤᠮᠳᠠᠳᠤ ᠤᠯᠤᠰ᠎ᠲᠤ ᠢᠷᠡᠭᠰᠡᠨ ᠡᠸᠦ᠋ᠷᠦᠫᠡ ᠲᠢᠪ᠎ᠦᠨ ᠬᠡᠷᠡᠭ ᠡᠷᠬᠢᠯᠡᠭᠴᠢᠳ᠎ᠦᠨ ᠬᠤᠷᠠᠯ᠎ᠤᠨ ᠲᠡᠷᠢᠭᠦᠯᠡᠭᠴᠢ ᠺᠸᠰᠲ᠋ᠠ ᠪᠣᠯᠣᠨ ᠡᠸᠦ᠋ᠷᠦᠫᠡ ᠲᠢᠪ᠎ᠦᠨ ᠤᠯᠤᠰ᠎ᠤᠳ᠎ᠤᠨ ᠬᠤᠯᠪᠤᠭᠠᠨ᠎ᠤ ᠵᠥᠪᠯᠡᠯ᠎ᠦᠨ ᠲᠡᠷᠢᠭᠦᠯᠡᠭᠴᠢ ᠹᠸᠩᠳ᠋ᠸᠯᠠᠢ᠍ᠢ᠊ ᠊ ᠡᠸᠨ ᠲᠠᠢ ᠠᠭᠤᠯᠵᠠᠪᠠ᠃

7 ᠰᠠᠷ᠎ᠠ᠎ᠶᠢᠨ 24 ᠤ᠋ ᠦᠳᠡ᠎ᠶᠢᠨ ᠡᠮᠦᠨ᠎ᠡ᠂ ᠤᠯᠤᠰ᠎ᠤᠨ ᠲᠡᠷᠢᠭᠦᠯᠡᠭᠴᠢ ᠰᠢ ᠵᠢᠨ ᠫᠢᠩ ᠪᠡᠭᠡᠵᠢᠩ᠎ᠦᠨ ᠠᠷᠠᠳ᠎ᠤᠨ ᠶᠡᠬᠡ ᠬᠤᠷᠠᠯ᠎ᠤᠨ ᠲᠠᠩᠬᠢᠮ᠎ᠳᠤ ᠬᠣᠷᠢᠨ ᠲᠠᠪᠤᠳᠤᠭᠠᠷ ᠤᠳᠠᠭ᠎ᠠ᠎ᠶᠢᠨ ᠳᠤᠮᠳᠠᠳᠤ ᠤᠯᠤᠰ — ᠡᠸᠦ᠋ᠷᠦᠫᠡ ᠲᠢᠪ᠎ᠦᠨ ᠤᠯᠤᠰ᠎ᠤᠳ᠎ᠤᠨ ᠬᠤᠯᠪᠤᠭ᠎ᠠ᠎ᠵᠢᠨ ᠤᠳᠤᠷᠢᠳᠬᠤ ᠬᠥᠮᠥᠰ᠎ᠦᠨ ᠠᠭᠤᠯᠵᠠᠯᠲᠠ᠎ᠳᠤ ᠤᠷᠤᠯᠴᠠᠬᠤ ᠪᠡᠷ ᠳᠤᠮᠳᠠᠳᠤ ᠤᠯᠤᠰ᠎ᠲᠤ ᠢᠷᠡᠭᠰᠡᠨ ᠡᠸᠦ᠋ᠷᠦᠫᠡ ᠲᠢᠪ᠎ᠦᠨ ᠬᠡᠷᠡᠭ ᠡᠷᠬᠢᠯᠡᠭᠴᠢᠳ᠎ᠦᠨ ᠬᠤᠷᠠᠯ᠎ᠤᠨ ᠲᠡᠷᠢᠭᠦᠯᠡᠭᠴᠢ ᠺᠸᠰᠲ᠋ᠠ ᠪᠣᠯᠣᠨ ᠡᠸᠦ᠋ᠷᠦᠫᠡ ᠲᠢᠪ᠎ᠦᠨ ᠤᠯᠤᠰ᠎ᠤᠳ᠎ᠤᠨ ᠬᠤᠯᠪᠤᠭᠠᠨ᠎ᠤ ᠵᠥᠪᠯᠡᠯ᠎ᠦᠨ ᠲᠡᠷᠢᠭᠦᠯᠡᠭᠴᠢ ᠹᠸᠩᠳ᠋ᠸᠯᠠᠢ᠍ᠢ᠊ ᠊ ᠡᠸᠨ ᠲᠠᠢ ᠠᠭᠤᠯᠵᠠᠪᠠ᠃ ᠰᠢᠨᠬᠤᠸᠠ ᠬᠤᠷᠢᠶ᠎ᠠ᠎ᠵᠢᠨ ᠰᠤᠷᠪᠤᠯᠵᠢᠯᠠᠭ᠍ᠴᠢ ᠰᠢᠶᠸ ᠬᠤᠸᠠᠨᠤ᠋ᠤᠢ ᠰᠡᠭᠦᠳᠡᠷᠯᠡᠪᠡ
ᠰᠢ ᠵᠢᠨ ᠫᠢᠩ᠂ ᠳᠤᠮᠳᠠᠳᠤ ᠡᠸᠦ᠋ᠷᠦᠫᠡ ᠭᠠᠳᠠᠭᠠᠳᠤ ᠬᠠᠷᠢᠯᠴᠠᠭ᠎ᠠ ᠪᠠᠢᠭᠤᠯᠤᠭᠰᠠᠨ 50 ᠵᠢᠯ᠎ᠦᠨ ᠲᠤᠷᠰᠢ᠂ ᠰᠣᠯᠢᠯᠴᠠᠭ᠎ᠠ ᠬᠠᠮᠲᠤᠷᠠᠯᠴᠠᠭ᠎ᠠ ᠪᠠᠶᠠᠯᠢᠭ᠋ ᠦᠷ᠎ᠡ ᠪᠦᠲᠦᠭᠡᠯ ᠣᠯᠵᠤ᠂ ᠬᠤᠶᠠᠷ ᠲᠠᠯ᠎ᠠ ᠪᠠᠷ ᠵᠢᠡᠨ ᠠᠮᠵᠢᠯᠲᠠ ᠣᠯᠣᠭᠰᠠᠨ ᠪᠥᠭᠡᠳ ᠪᠠᠰᠠ ᠳᠡᠯᠡᠬᠡᠢ ᠳ᠋ᠠᠬᠢᠨ᠎ᠳᠤ ᠠᠰᠢᠭ᠋ ᠬᠦᠷᠲᠡᠭᠡᠪᠡ᠂ ᠡᠭᠦᠨ᠎ᠳᠤ ᠴᠢᠬᠤᠯᠠ ᠲᠤᠷᠰᠢᠯᠭ᠎ᠠ ᠪᠣᠯᠣᠨ ᠰᠡᠩᠬᠡᠷᠡᠭᠦᠯᠦᠯ ᠬᠡᠪᠡᠯ ᠬᠠᠷᠢᠯᠴᠠᠨ ᠬᠦᠨᠳᠦᠳᠬᠡᠵᠦ᠂ ᠠᠳᠠᠯᠢ ᠲᠠᠯ᠎ᠠ᠎ᠪᠠᠨ ᠡᠷᠢᠵᠦ ᠵᠥᠷᠢᠶ᠎ᠡ᠎ᠪᠡᠨ ᠦᠯᠡᠳᠡᠭᠡᠵᠦ᠂ ᠨᠡᠭᠡᠭᠡᠯᠲᠡ ᠬᠢᠵᠦ ᠬᠠᠮᠲᠤᠷᠠᠯᠴᠠᠵᠤ᠂ ᠬᠠᠷᠢᠯᠴᠠᠨ ᠠᠰᠢᠭ᠍ᠲᠠᠢ ᠬᠠᠮᠲᠤ᠎ᠪᠠᠷ ᠠᠰᠢᠭ᠋ ᠬᠦᠷᠳᠡᠭᠰᠡᠨ ᠶᠠᠪᠤᠳᠠᠯ ᠪᠣᠯᠣᠨ᠎ᠠ᠃ ᠡᠨᠡ ᠨᠢ ᠮᠥᠨ ᠴᠦ᠍ ᠳᠤᠮᠳᠠᠳᠤ ᠡᠸᠦ᠋ᠷᠦᠫᠡ᠎ᠶᠢᠨ ᠬᠠᠷᠢᠯᠴᠠᠭᠠᠨ᠎ᠤ ᠢᠷᠡᠭᠡᠳᠦᠢ᠎ᠶᠢᠨ ᠬᠥᠭᠵᠢᠯᠲᠡ᠎ᠶᠢᠨ ᠪᠠᠷᠢᠮᠲᠠᠯᠠᠪᠠᠰᠤ ᠵᠣᠬᠢᠬᠤ ᠴᠢᠬᠤᠯᠠ ᠵᠠᠷᠴᠢᠮ ᠪᠠ ᠴᠢᠷᠮᠠᠢᠬᠤ ᠴᠢᠭᠯᠡᠯ ᠪᠣᠯᠣᠨ᠎ᠠ᠃ ᠡᠨᠡ ᠵᠢᠯ ᠪᠣᠯ ᠳᠤᠮᠳᠠᠳᠤ ᠡᠸᠦ᠋ᠷᠦᠫᠡ᠎ᠶᠢᠨ ᠭᠠᠳᠠᠭᠠᠳᠤ ᠬᠠᠷᠢᠯᠴᠠᠭ᠎ᠠ ᠪᠠᠢᠭᠤᠯᠤᠭᠰᠠᠨ 50 ᠵᠢᠯ᠎ᠦᠨ ᠤᠢ ᠪᠠ ᠤᠯᠠᠨ ᠤᠯᠤᠰ᠎ᠤᠨ ᠬᠣᠯᠪᠣᠭᠠᠲᠤ ᠪᠠᠢᠭᠤᠯᠭ᠎ᠠ ᠪᠠᠢᠭᠤᠯᠤᠭᠳᠠᠭᠰᠠᠨ 80 ᠵᠢᠯ᠎ᠦᠨ ᠤᠢ ᠪᠣᠯᠣᠨ᠎ᠠ᠂ ᠳᠤᠮᠳᠠᠳᠤ ᠡᠸᠦ᠋ᠷᠦᠫᠡ᠎ᠶᠢᠨ ᠬᠠᠷᠢᠯᠴᠠᠭ᠎ᠠ ᠪᠠᠰᠠ ᠨᠢᠭᠡᠨ ᠵᠠᠩᠭᠢᠯᠠᠭ᠎ᠠ᠎ᠶᠢᠨ ᠲᠡᠦᠬᠡ᠎ᠶᠢᠨ ᠠᠭᠤᠯᠵᠠᠷ ᠴᠡᠭ᠎ᠲᠦ ᠲᠤᠯᠵᠤ ᠢᠷᠡᠪᠡ᠃ ᠳᠤᠮᠳᠠᠳᠤ ᠡᠸᠦ᠋ᠷᠦᠫᠡ ᠴᠥᠮ ᠤᠯᠠᠨ ᠲᠠᠯᠠᠲᠤ ᠦᠵᠡᠯ᠎ᠢ ᠰᠠᠨᠠᠭᠠᠴᠢᠯᠠᠵᠤ᠂ ᠨᠡᠭᠡᠭᠡᠯᠲᠡᠲᠤ ᠬᠠᠮᠲᠤᠷᠠᠯᠴᠠᠭᠠᠨ᠎ᠤ ᠪᠦᠲᠦᠭᠡᠯᠴᠢ ᠬᠦᠴᠦᠨ᠎ᠢ ᠰᠠᠨᠠᠭᠠᠴᠢᠯᠠᠵᠤ ᠪᠠᠢᠳᠠᠭ᠂ ᠳᠡᠯᠡᠬᠡᠢ᠎ᠶᠢᠨ ᠪᠠᠢᠳᠠᠯ ᠬᠡᠳᠦᠢ ᠬᠦᠨᠳᠦ ᠬᠡᠴᠡᠭᠦᠦ ᠨᠠᠷᠢᠨ ᠪᠤᠳᠤᠯᠢᠶᠠᠨᠲᠠᠢ ᠪᠣᠯᠬᠤ ᠳᠤᠳᠤᠮ ᠳᠤᠮᠳᠠᠳᠤ ᠡᠸᠦ᠋ᠷᠦᠫᠡ ᠳᠠᠷᠤᠢ ᠣᠯᠣᠯᠴᠠᠭ᠎ᠠ᠎ᠪᠠᠨ ᠴᠢᠩᠭᠠᠳᠬᠠᠵᠤ᠂ ᠢᠲᠡᠭᠡᠯᠴᠡᠭᠡ᠎ᠪᠡᠨ ᠨᠡᠮᠡᠭᠳᠡᠭᠦᠯᠵᠦ᠂ ᠬᠠᠮᠲᠤᠷᠠᠯᠴᠠᠭ᠎ᠠ᠎ᠪᠠᠨ ᠭᠦᠨᠵᠡᠭᠡᠢᠷᠡᠭᠦᠯᠬᠦ ᠪᠣᠯᠣᠨ᠎ᠠ᠃ ᠬᠤᠷᠳᠤᠰᠴᠤ ᠪᠠᠢᠭ᠎ᠠ ᠳᠡᠯᠡᠬᠡᠢ᠎ᠶᠢᠨ ᠵᠠᠭᠤᠨ ᠵᠢᠯ᠎ᠦᠨ ᠬᠤᠪᠢᠰᠤᠯᠲᠠ ᠪᠣᠯᠣᠨ ᠤᠷᠪᠠᠭᠠᠨ ᠬᠥᠷᠪᠡᠭᠡᠨ ᠰᠣᠯᠪᠢᠴᠠᠭᠰᠠᠨ ᠳᠡᠯᠡᠬᠡᠢ᠎ᠶᠢᠨ ᠪᠠᠢᠳᠠᠯ᠎ᠤᠨ ᠡᠮᠦᠨ᠎ᠡ᠂ ᠳᠤᠮᠳᠠᠳᠤ ᠡᠸᠦ᠋ᠷᠦᠫᠡ᠎ᠶᠢᠨ ᠤᠳᠤᠷᠢᠳᠬᠤ ᠬᠥᠮᠥᠰ ᠠᠯᠤᠰ᠎ᠤᠨ ᠬᠠᠷᠠᠴᠠ ᠪᠣᠯᠣᠨ ᠬᠠᠷᠢᠭᠤᠴᠠᠯᠭ᠎ᠠ ᠡᠭᠦᠷᠭᠡᠯᠡᠯ᠎ᠢᠶᠡᠨ ᠳᠠᠬᠢᠨᠲᠠ ᠢᠯᠡᠷᠡᠭᠦᠯᠵᠦ᠂ ᠠᠷᠠᠳ ᠲᠦᠮᠡᠨ᠎ᠦ ᠬᠦᠰᠡᠯ ᠡᠷᠡᠮᠡᠯᠵᠡᠯ᠎ᠳᠦ ᠨᠡᠢᠴᠡᠵᠤ᠂ ᠲᠡᠦᠬᠡ᠎ᠶᠢᠨ ᠰᠢᠯᠭᠠᠯᠲᠠ᠎ᠶᠢ ᠳᠠᠭᠠᠭᠠᠵᠤ ᠳᠡᠶ᠋ᠢᠯᠬᠦ ᠪᠠᠢᠯᠳᠤᠬᠤ ᠪᠣᠳᠣᠯᠭ᠎ᠠ᠎ᠶᠢᠨ ᠰᠣᠩᠭᠣᠯᠲᠠ ᠬᠢᠵᠦ᠂ ᠳᠤᠮᠳᠠᠳᠤ ᠡᠸᠦ᠋ᠷᠦᠫᠡ᠎ᠶᠢᠨ ᠬᠠᠷᠢᠯᠴᠠᠭᠠᠨ᠎ᠤ ᠬᠥᠭᠵᠢᠯᠲᠡ᠎ᠶᠢᠨ ᠵᠥᠪ ᠴᠢᠭᠯᠡᠯ᠎ᠢ ᠪᠠᠲᠤ ᠡᠵᠡᠮᠳᠡᠵᠦ᠂ ᠳᠤᠮᠳᠠᠳᠤ ᠡᠸᠦ᠋ᠷᠦᠫᠡ᠎ᠶᠢᠨ ᠬᠠᠷᠢᠯᠴᠠᠭᠠᠨ᠎ᠤ ᠳᠠᠷᠠᠭᠠᠴᠢ᠎ᠶᠢᠨ ᠨᠡᠩ ᠭᠡᠭᠡᠨ ᠰᠠᠷᠠᠭᠤᠯ 50 ᠵᠢᠯ᠎ᠢ ᠴᠢᠷᠮᠠᠢᠨ ᠨᠡᠭᠡᠭᠡᠵᠦ᠂ ᠳᠡᠯᠡᠬᠡᠢ ᠳ᠋ᠠᠬᠢᠨ᠎ᠳᠤ ᠨᠡᠩ ᠤᠯᠠᠨ ᠲᠣᠭᠲᠠᠪᠤᠷᠢᠲᠤ ᠴᠢᠨᠠᠷ ᠪᠣᠯᠣᠨ ᠲᠣᠭᠲᠠᠭᠠᠯᠲᠤ ᠴᠢᠨᠠᠷ᠎ᠢ ᠬᠠᠩᠭᠠᠪᠠᠯ ᠵᠣᠬᠢᠨ᠎ᠠ ᠭᠡᠵᠦ ᠵᠢᠭᠠᠵᠤ ᠭᠠᠷᠭᠠᠪᠠ᠃
ᠰᠢ ᠵᠢᠨ ᠫᠢᠩ ᠳᠤᠮᠳᠠᠳᠤ ᠡᠸᠦ᠋ᠷᠦᠫᠡ᠎ᠶᠢᠨ ᠬᠠᠷᠢᠯᠴᠠᠭᠠᠨ᠎ᠤ ᠢᠷᠡᠭᠡᠳᠦᠢ᠎ᠶᠢᠨ ᠬᠥᠭᠵᠢᠯᠲᠡ᠎ᠶᠢᠨ ᠲᠤᠬᠠᠢ ᠭᠤᠷᠪᠠᠨ ᠵᠣᠷᠢᠯᠲᠠ ᠳᠤᠷᠠᠳᠪᠠ᠃ ᠨᠢᠭᠡ᠎ᠳᠦ᠂ ᠬᠠᠷᠢᠯᠴᠠᠨ ᠬᠦᠨᠳᠦᠳᠬᠡᠬᠦ᠎ᠶᠢ ᠪᠠᠷᠢᠮᠲᠠᠯᠠᠵᠤ᠂ ᠬᠠᠨᠢᠲᠠᠨ᠎ᠤ ᠬᠠᠷᠢᠯᠴᠠᠭ᠎ᠠ᠎ᠶᠢᠨ ᠪᠠᠢᠷᠢ ᠲᠣᠭᠲᠠᠭᠠᠯᠲᠠ᠎ᠶᠢ ᠪᠡᠬᠢᠵᠢᠭᠦᠯᠦᠨ᠎ᠡ᠃ ᠳᠤᠮᠳᠠᠳᠤ ᠤᠯᠤᠰ ᠪᠣᠯ ᠡᠩᠬᠡ ᠲᠠᠢᠪᠤᠩ᠎ᠢ ᠡᠷᠬᠢᠮᠯᠡᠳᠡᠭ ᠤᠯᠤᠰ᠂ ᠡᠶ᠎ᠡ ᠵᠣᠬᠢᠴᠠᠨᠭᠭᠤᠢ᠂ ᠪᠠᠭᠲᠠᠭᠠᠮᠵᠢᠲᠠᠢ᠂ ᠬᠠᠮᠲᠤᠷᠠᠨ ᠠᠵᠢᠯᠯᠠᠬᠤ᠂ ᠬᠠᠮᠲᠤ᠎ᠪᠠᠷ ᠠᠰᠢᠭ᠋ ᠬᠦᠷᠲᠡᠬᠦ᠎ᠶᠢ ᠵᠣᠷᠢᠳᠠᠭ᠃ ᠬᠡᠷᠪᠡ ᠥᠷᠥᠨᠡᠳᠠᠬᠢᠨ᠎ᠤ ᠶᠠᠪᠤᠵᠤ ᠥᠩᠭᠡᠷᠡᠭᠰᠡᠨ ᠵᠠᠮ᠎ᠢᠶᠠᠷ ᠳᠤᠮᠳᠠᠳᠤ ᠤᠯᠤᠰ᠎ᠢ ᠬᠡᠮᠵᠢᠪᠡᠯ ᠳᠤᠮᠳᠠᠳᠤ ᠤᠯᠤᠰ᠎ᠤᠨ ᠲᠤᠬᠠᠢ ᠲᠠᠨᠢᠯᠲᠠ ᠬᠡᠯᠪᠡᠢᠭᠦᠦ ᠪᠣᠯᠣᠨ᠎ᠠ᠃ ᠳᠤᠮᠳᠠᠳᠤ ᠧᠦ᠋ᠷᠣᠫᠠ᠎ᠶ᠋ᠢᠨ ᠲᠡᠦᠬᠡ ᠰᠣᠶᠣᠯ᠂ ᠵᠠᠮ ᠪᠠᠢᠭᠤᠯᠤᠯ᠂ ᠬᠥᠭ᠌ᠵᠢᠯᠲᠡ᠎ᠶ᠋ᠢᠨ ᠱᠠᠳᠤ ᠦᠶ᠎ᠡ ᠦᠨᠡᠬᠡᠷ ᠠᠳᠠᠯᠢ ᠦᠭᠡᠢ᠂ ᠭᠡᠪᠡᠴᠦ᠍ ᠡᠨᠡ ᠬᠦ᠌ ᠵᠥᠷᠢᠢ᠎ᠡ ᠨᠢ ᠥᠩᠭᠡᠷᠡᠭ᠌ᠰᠡᠨ᠎ᠳᠦ ᠳᠤᠮᠳᠠᠳᠤ ᠧᠦ᠋ᠷᠣᠫᠠ᠎ᠶ᠋ᠢᠨ ᠭᠠᠳᠠᠭᠠᠳᠤ ᠬᠠᠷᠢᠯᠴᠠᠭ᠎ᠠ ᠪᠠᠢᠭᠤᠯᠬᠤ ᠪᠠ ᠬᠠᠷᠢᠯᠴᠠᠭᠠᠨ᠎ᠤ ᠬᠥᠭ᠌ᠵᠢᠯᠲᠡ᠎ᠶ᠋ᠢᠨ ᠬᠠᠷᠰᠢ ᠰᠠᠭᠠᠳ ᠪᠣᠯᠤᠭ᠍ᠰᠠᠨ ᠦᠭᠡᠢ᠂ ᠬᠣᠢᠱᠢᠳᠠ ᠪᠠᠰᠠ ᠬᠣᠶᠠᠷ ᠲᠠᠯ᠎ᠠ᠎ᠶ᠋ᠢᠨ ᠬᠠᠷᠢᠯᠴᠠᠭᠠᠨ᠎ᠤ ᠬᠥᠭ᠌ᠵᠢᠯᠲᠡ᠎ᠶ᠋ᠢ ᠬᠠᠷᠱᠢᠯᠠᠬᠤ ᠦᠭᠡᠢ ᠪᠠᠢᠪᠠᠯ ᠵᠣᠬᠢᠨ᠎ᠠ᠃ ᠣᠳᠣᠬᠠᠨ᠎ᠳᠤ ᠧᠦ᠋ᠷᠣᠫᠠ ᠲᠢᠪ᠎ᠲᠦ ᠲᠤᠯᠭᠠᠷᠠᠵᠤ ᠪᠠᠢᠭ᠎ᠠ ᠥᠷᠢᠰᠥᠯᠳᠦᠭᠡᠨ ᠪᠣᠯ ᠳᠤᠮᠳᠠᠳᠤ ᠤᠯᠤᠰ᠎ᠡᠴᠡ ᠢᠷᠡᠭ᠌ᠰᠡᠨ ᠪᠢᠰᠢ ᠶᠤᠮ᠃ ᠳᠤᠮᠳᠠᠳᠤ ᠧᠦ᠋ᠷᠣᠫᠠ᠎ᠶ᠋ᠢᠨ ᠬᠣᠭᠣᠷᠣᠨᠳᠣ ᠦᠨᠳᠦᠰᠦᠨ ᠠᠱᠢᠭ ᠬᠣᠣᠷ᠎ᠤᠨ ᠮᠥᠷᠭᠥᠯᠳᠦᠭᠡᠨ ᠪᠠ ᠭᠠᠵᠠᠷ ᠣᠷᠣᠨ᠎ᠤ ᠤᠯᠤᠰ ᠲᠦᠷᠦ᠍᠎ᠶ᠋ᠢᠨ ᠵᠥᠷᠢᠴᠡᠯ ᠪᠠᠢᠬᠤ ᠦᠭᠡᠢ᠂ ᠬᠠᠮᠲᠤᠷᠠᠯᠴᠠᠭ᠎ᠠ ᠨᠢ ᠥᠷᠢᠰᠥᠯᠳᠦᠭᠡᠨ᠎ᠡᠴᠡ ᠶᠡᠬᠡ᠂ ᠬᠠᠮᠲᠤ᠎ᠶ᠋ᠢᠨ ᠲᠠᠨᠢᠯᠲᠠ ᠨᠢ ᠵᠥᠷᠢᠯᠳᠦᠭᠡᠨ᠎ᠡᠴᠡ ᠤᠯᠠᠨ ᠪᠠᠢᠭ᠎ᠠ ᠦᠨᠳᠦᠰᠦᠨ ᠲᠠᠯ᠎ᠠ ᠪᠠ ᠭᠣᠣᠯ ᠬᠦᠭ ᠠᠶᠠᠰ ᠬᠤᠪᠢᠷᠠᠭ᠎ᠠ ᠦᠭᠡᠢ᠃ ᠳᠤᠮᠳᠠᠳᠤ ᠤᠯᠤᠰ ᠢᠮᠠᠭ᠍ᠲᠠ ᠪᠠᠢᠯᠳᠤᠬᠤ ᠪᠤᠳᠤᠯᠭ᠎ᠠ᠎ᠶ᠋ᠢᠨ ᠦᠨᠳᠦᠷᠴᠡ ᠪᠣᠯᠤᠨ ᠠᠯᠤᠰ ᠬᠡᠳᠤ᠎ᠶ᠋ᠢᠨ ᠬᠠᠷᠠᠭᠠᠰᠤ᠎ᠠᠴᠠ ᠳᠤᠮᠳᠠᠳᠤ ᠧᠦ᠋ᠷᠣᠫᠠ᠎ᠶ᠋ᠢᠨ ᠬᠠᠷᠢᠯᠴᠠᠭ᠎ᠠ᠎ᠳᠤ ᠬᠠᠨᠳᠤᠬᠤ ᠪᠠ ᠳᠤᠮᠳᠠᠳᠤ ᠧᠦ᠋ᠷᠣᠫᠠ᠎ᠶ᠋ᠢᠨ ᠬᠠᠷᠢᠯᠴᠠᠭ᠎ᠠ᠎ᠶᠢ ᠬᠥᠭ᠌ᠵᠢᠭᠦᠯᠵᠦ᠍᠂ ᠧᠦ᠋ᠷᠣᠫᠠ ᠲᠢᠪ᠎ᠢ ᠤᠯᠠᠨ ᠲᠤᠢ᠌ᠯ᠎ᠳᠤ ᠳᠡᠯᠡᠬᠡᠢ᠎ᠶ᠋ᠢᠨ ᠴᠢᠬᠤᠯᠠ ᠨᠢᠭᠡ ᠲᠤᠢᠯ᠎ᠢᠶᠠᠷ ᠦᠵᠡᠵᠦ᠍᠂ ᠧᠦ᠋ᠷᠣᠫᠠ ᠲᠢᠪ᠎ᠦᠨ ᠨᠢᠭᠡ ᠴᠤᠬ᠍ᠴᠠᠵᠢᠯᠳᠠ ᠪᠣᠯᠤᠨ ᠧᠦ᠋ᠷᠣᠫᠠ ᠲᠢᠪ᠎ᠦᠨ ᠤᠯᠤᠰ᠎ᠤᠳ᠎ᠤᠨ ᠬᠣᠯᠪᠣᠭ᠎ᠠ᠎ᠶ᠋ᠢᠨ ᠪᠠᠢᠯᠳᠤᠬᠤ ᠪᠤᠳᠤᠯᠭ᠎ᠠ᠎ᠶ᠋ᠢᠨ ᠪᠡᠶ᠎ᠡ᠎ᠪᠡᠨ ᠳᠠᠭᠠᠭᠠᠬᠤ᠎ᠶ᠋ᠢ ᠢᠮᠠᠭ᠍ᠲᠠ ᠳᠡᠮᠵᠢᠭ᠌ᠰᠡᠭᠡᠷ ᠢᠷᠡᠪᠡ᠃ ᠳᠤᠮᠳᠠᠳᠤ ᠤᠯᠤᠰ᠎ᠤᠨ ᠠᠷᠠᠳ ᠲᠦᠮᠡᠨ᠎ᠦ ᠰᠣᠩᠭᠣᠭ᠍ᠰᠠᠨ ᠵᠠᠮ ᠪᠠ ᠪᠠᠢᠭᠤᠯᠤᠯ᠎ᠢ ᠬᠦᠨᠳᠦᠳᠭᠡᠵᠦ᠍᠂ ᠳᠤᠮᠳᠠᠳᠤ ᠤᠯᠤᠰ᠎ᠤᠨ ᠭᠣᠣᠯᠯᠠᠭ᠍ᠴᠢ ᠠᠱᠢᠭ ᠲᠤᠰᠠ ᠪᠠ ᠠᠩᠬᠠᠷᠴᠤ᠌ ᠪᠠᠢᠭ᠎ᠠ ᠴᠢᠬᠤᠯᠠ ᠶᠡᠬᠡ ᠠᠰᠠᠭᠤᠳᠠᠯ᠎ᠢ ᠬᠦᠨᠳᠦᠳᠭᠡᠵᠦ᠍᠂ ᠳᠤᠮᠳᠠᠳᠤ ᠤᠯᠤᠰ᠎ᠤᠨ ᠬᠥᠭ᠌ᠵᠢᠯ ᠴᠡᠴᠡᠭ᠌ᠯᠡᠯ᠎ᠢ ᠳᠡᠮᠵᠢᠬᠦ᠌᠎ᠶ᠋ᠢ ᠧᠦ᠋ᠷᠣᠫᠠ᠎ᠶ᠋ᠢᠨ ᠬᠢᠨ᠎ᠳᠦ ᠪᠠᠰᠠ ᠬᠦᠰᠡᠵᠦ᠍ ᠪᠠᠢᠨ᠎ᠠ᠃ ᠳᠤᠮᠳᠠᠳᠤ ᠧᠦ᠋ᠷᠣᠫᠠ᠎ᠶ᠋ᠢᠨ ᠬᠠᠷᠢᠯᠴᠠᠭ᠎ᠠ ᠨᠢ ᠴᠢᠭ᠌ᠯᠡᠭᠦᠯᠬᠦ᠌ ᠦᠭᠡᠢ᠂ ᠲᠦᠱᠢᠭᠯᠡᠬᠦ ᠦᠭᠡᠢ᠂ ᠭᠤᠷᠪᠠᠳᠤᠭᠠᠷ ᠡᠲᠡᠭᠡᠳ᠎ᠲᠦ ᠬᠢᠵᠠᠭᠠᠷᠯᠠᠭ᠍ᠳᠠᠬᠤ ᠦᠭᠡᠢ ᠶᠤᠮ᠃ ᠬᠣᠶᠠᠷ ᠲᠠᠯ᠎ᠠ᠎ᠪᠠᠷ᠎ᠢᠶᠠᠨ ᠪᠠᠢᠯᠳᠤᠬᠤ ᠪᠤᠳᠤᠯᠭ᠎ᠠ᠎ᠶ᠋ᠢᠨ ᠤᠯᠤᠯᠴᠠᠭ᠎ᠠ᠎ᠪᠠᠨ ᠭᠦᠨᠵᠡᠭᠡᠢᠷᠡᠭᠦᠯᠵᠦ᠍᠂ ᠣᠢᠯᠠᠭᠠᠯᠴᠠᠭ᠎ᠠ ᠢᠲᠡᠭᠡᠯᠴᠡᠭᠡ᠎ᠪᠡᠨ ᠨᠡᠮᠡᠭ᠌ᠳᠡᠭᠦᠯᠵᠦ᠍᠂ ᠬᠠᠷᠢᠯᠴᠠᠨ ᠮᠡᠳᠡᠷᠡᠬᠦ᠌ ᠵᠥᠪ ᠲᠠᠨᠢᠯᠲᠠ᠎ᠶ᠋ᠢ ᠪᠤᠢ ᠪᠣᠯᠭᠠᠶ᠎ᠠ᠃
ᠬᠣᠶᠠᠷ᠎ᠲᠤ᠂ ᠨᠡᠬᠡᠬᠡᠯᠳᠡ ᠬᠢᠵᠦ᠍ ᠬᠠᠮᠲᠤᠷᠠᠯᠴᠠᠬᠤ᠎ᠶ᠋ᠢ ᠪᠠᠷᠢᠮᠲᠠᠯᠠᠵᠤ᠂ ᠵᠥᠷᠢᠯᠳᠦᠭᠡᠨ ᠮᠦᠷᠭᠦᠯᠳᠦᠭᠡᠨ᠎ᠢᠶᠡᠨ ᠵᠣᠬᠢᠰᠲᠠᠢ ᠱᠢᠢᠳᠪᠦᠷᠢᠯᠡᠶᠡ᠃ ᠬᠠᠷᠢᠯᠴᠠᠨ ᠲᠦᠱᠢᠭ᠌ᠯᠡᠬᠦ᠌ ᠪᠣᠯ ᠠᠶᠤᠯ ᠲᠦᠭ᠌ᠰᠢᠭᠦᠷᠢ ᠪᠢᠰᠢ᠂ ᠠᠱᠢᠭ ᠲᠤᠰᠠ᠎ᠶ᠋ᠢᠨ ᠠᠭᠤᠰᠤᠯᠴᠠᠯ ᠪᠣᠯ ᠰᠦᠷᠳᠡᠭᠦᠯᠦᠯ ᠪᠢᠰᠢ᠂ ᠦᠷᠢᠰᠦᠯᠳᠦᠬᠦ᠌ ᠬᠦᠴᠦᠨ᠎ᠢᠶᠡᠨ ᠳᠡᠭᠡᠭ᠌ᠰᠢᠯᠡᠭᠦᠯᠬᠦ᠌᠎ᠳᠦ 《ᠬᠡᠷᠡᠮ ᠪᠤᠰᠭᠠᠵᠤ ᠪᠡᠬᠢᠯᠡᠯᠲᠡ ᠪᠠᠢᠭᠤᠯᠵᠤ》 ᠪᠣᠯᠬᠤ ᠦᠭᠡᠢ᠂ 《ᠬᠠᠷᠢᠴᠠᠭᠠᠬᠤᠯᠪᠤᠭᠠ ᠪᠠᠨ ᠲᠠᠰᠤᠯᠬᠤ》 ᠨᠢ ᠥᠪᠡᠷ᠎ᠢ᠎ᠪᠡᠨ ᠭᠠᠭ᠍ᠴᠠᠭᠠᠷᠳᠠᠭᠤᠯᠬᠤ ᠪᠣᠯᠤᠨ᠎ᠠ ᠭᠡᠳᠡᠭ᠎ᠢ ᠲᠡᠦᠬᠡ ᠪᠠ ᠪᠣᠳᠠᠲᠤ ᠠᠬᠤᠢ ᠭᠡᠷᠡᠴᠢᠯᠡᠪᠡ᠃ 《ᠲᠦᠱᠢᠭ᠌ᠯᠡᠯᠴᠡᠬᠦᠶᠢ ᠪᠠᠭᠤᠷᠠᠭᠤᠯᠬᠤ》᠎ᠳᠤ ᠬᠠᠮᠲᠤᠷᠠᠯᠴᠠᠭ᠎ᠠ᠎ᠪᠠᠨ ᠪᠠᠭᠠᠰᠭᠠᠵᠤ ᠪᠣᠯᠬᠤ ᠦᠭᠡᠢ᠃ ᠳᠤᠮᠳᠠᠳᠤ ᠧᠦ᠋ᠷᠣᠫᠠ᠎ᠶ᠋ᠢᠨ ᠠᠵᠤ ᠠᠬᠤᠢ ᠠᠷᠠᠯᠵᠢᠶᠠᠨ᠎ᠤ ᠬᠠᠷᠢᠯᠴᠠᠭ᠎ᠠ᠎ᠶ᠋ᠢᠨ ᠮᠥᠨ ᠴᠢᠨᠠᠷ ᠪᠣᠯ ᠳᠠᠪᠠᠭᠤᠯᠢᠭ᠎ᠢᠶᠠᠨ ᠬᠠᠷᠢᠯᠴᠠᠨ ᠨᠥᠬᠥᠪᠥᠷᠢᠯᠡᠵᠦ᠍᠂ ᠬᠠᠷᠢᠯᠴᠠᠨ ᠠᠱᠢᠭ᠍ᠲᠠᠢ ᠬᠠᠮᠲᠤ᠎ᠪᠠᠷ ᠠᠱᠢᠭ ᠬᠦᠷᠳᠡᠬᠦ᠌ ᠶᠠᠪᠤᠳᠠᠯ ᠪᠣᠯᠤᠨ᠎ᠠ᠂ ᠬᠥᠭ᠌ᠵᠢᠯᠲᠡ᠎ᠶ᠋ᠢᠨ ᠳᠤᠮᠳᠠ ᠬᠥᠳᠡᠯᠦᠩᠭᠦᠢ ᠲᠡᠩᠴᠡᠭᠦᠷᠢ᠎ᠶ᠋ᠢ ᠪᠡᠶᠡᠯᠡᠭᠦᠯᠬᠦ᠌ ᠶᠣᠰᠣᠲᠠᠢ ᠪᠥᠭᠡᠳ ᠪᠦᠷᠢᠮᠦᠰᠦᠨ ᠪᠡᠶᠡᠯᠡᠭᠦᠯᠵᠦ᠍ ᠴᠢᠳᠠᠬᠤ ᠶᠤᠮ᠃ ᠳᠤᠮᠳᠠᠳᠤ ᠤᠯᠤᠰ᠎ᠤᠨ ᠴᠢᠨᠠᠷ ᠰᠠᠢᠲᠠᠢ ᠬᠥᠭ᠌ᠵᠢᠯᠲᠡ᠂ ᠥᠨᠳᠥᠷ ᠲᠦᠪᠱᠢᠨ ᠪᠦᠬᠦᠢ ᠭᠠᠳᠠᠭᠠᠳᠤ ᠨᠡᠬᠡᠬᠡᠯᠳᠡ ᠨᠢ ᠳᠤᠮᠳᠠᠳᠤ ᠧᠦ᠋ᠷᠣᠫᠠ᠎ᠶ᠋ᠢᠨ ᠬᠠᠮᠲᠤᠷᠠᠯᠴᠠᠭ᠎ᠠ᠎ᠳᠤ ᠱᠢᠨ᠎ᠡ ᠠᠵᠠ ᠲᠣᠬᠢᠶᠠᠯ ᠬᠠᠩᠭᠠᠵᠤ᠂ ᠱᠢᠨ᠎ᠡ ᠣᠷᠣᠨ ᠵᠠᠢ᠎ᠶ᠋ᠢ ᠥᠷᠭᠡᠳᠭᠡᠬᠦ᠌ ᠪᠣᠯᠤᠨ᠎ᠠ᠃ ᠳᠤᠮᠳᠠᠳᠤ ᠧᠦ᠋ᠷᠣᠫᠠ ᠪᠣᠬᠢᠷᠲᠤᠯ ᠦᠭᠡᠢ ᠪᠠ ᠲᠣᠭᠠᠴᠢᠯᠠᠭ᠍ᠰᠠᠨ ᠬᠠᠨᠢᠲᠠᠨ᠎ᠤ ᠬᠠᠷᠢᠯᠴᠠᠭ᠎ᠠ᠎ᠪᠠᠨ ᠭᠦᠨᠵᠡᠭᠡᠢᠷᠡᠭᠦᠯᠵᠦ᠍᠂ ᠬᠠᠷᠢᠯᠴᠠᠨ ᠪᠡᠯᠡ ᠣᠷᠣᠭᠤᠯᠤᠯᠲᠠ᠎ᠶ᠋ᠢᠨ ᠬᠠᠮᠲᠤᠷᠠᠯᠴᠠᠭ᠎ᠠ᠎ᠪᠠᠨ ᠠᠬᠢᠭᠤᠯᠤᠶ᠎ᠠ᠃ ᠧᠦ᠋ᠷᠣᠫᠠ ᠲᠢᠪ᠎ᠦᠨ ᠬᠢᠨ᠎ᠦ ᠠᠷᠠᠯᠵᠢᠶ᠎ᠠ ᠪᠣᠯᠤᠨ ᠪᠡᠯᠡ ᠣᠷᠣᠭᠤᠯᠤᠯᠲᠠ᠎ᠶ᠋ᠢᠨ ᠵᠠᠬ᠎ᠠ ᠳᠡᠯᠭᠡᠭᠦᠷ᠎ᠢᠶᠡᠨ ᠨᠡᠭᠡᠭᠡᠵᠦ᠍᠂ ᠬᠢᠵᠠᠭᠠᠷᠯᠠᠯ᠎ᠤᠨ ᠴᠢᠨᠠᠷᠲᠠᠢ ᠠᠵᠤ ᠠᠬᠤᠢ ᠠᠷᠠᠯᠵᠢᠶᠠᠨ᠎ᠤ ᠪᠠᠭᠠᠵᠢ ᠬᠡᠷᠡᠭ᠌ᠯᠡᠬᠦ᠌ ᠦᠭᠡᠢ ᠪᠠᠢᠬᠤ᠎ᠶᠢ ᠪᠠᠷᠢᠮᠲᠠᠯᠠᠵᠤ᠂ ᠳᠤᠮᠳᠠᠳᠤ ᠤᠯᠤᠰ᠎ᠤᠨ ᠠᠵᠤ ᠠᠬᠤᠢᠯᠠᠯ᠎ᠤᠨ ᠧᠦ᠋ᠷᠣᠫᠠ᠎ᠳᠤ ᠬᠦᠷᠴᠦ᠍ ᠪᠡᠯᠡ ᠣᠷᠣᠭᠤᠯᠤᠨ ᠦᠢᠯᠡᠰ᠎ᠢᠶᠡᠨ ᠬᠥᠭ᠌ᠵᠢᠭᠦᠯᠬᠦ᠌᠎ᠳᠦ ᠰᠠᠢ᠌ᠨ ᠰᠠᠢᠬᠠᠨ ᠬᠤᠳᠠᠯᠳᠤᠭ᠎ᠠ ᠡᠷᠬᠢᠯᠡᠬᠦ᠌ ᠣᠷᠴᠢᠨ ᠨᠥᠬᠥᠴᠡᠯ ᠬᠠᠩᠭᠠᠬᠤ᠎ᠶ᠋ᠢ ᠬᠦᠰᠡᠵᠦ᠍ ᠪᠠᠢᠨ᠎ᠠ᠃
ᠭᠤᠷᠪᠠ᠎ᠳᠤ᠂ ᠤᠯᠠᠨ ᠲᠠᠯᠠᠲᠤ ᠦᠵᠡᠯ᠎ᠢ ᠦᠢᠯᠡᠳᠦᠯᠭᠡᠵᠢᠭᠦᠯᠵᠦ᠍᠂ ᠤᠯᠠᠨ ᠤᠯᠤᠰ᠎ᠤᠨ ᠲᠦᠷᠢᠮ ᠡᠮᠬᠢ ᠳᠢᠭ᠌ᠯᠢᠮ᠎ᠢ ᠬᠠᠮᠠᠭᠠᠯᠠᠶ᠎ᠠ᠃ ᠳᠠᠢᠨ ᠪᠠ ᠡᠩᠬᠡ ᠲᠠᠢᠪᠤᠩ᠂ ᠥᠷᠢᠰᠥᠯᠳᠦᠭᠡᠨ ᠪᠠ ᠬᠠᠮᠲᠤᠷᠠᠯᠴᠠᠭ᠎ᠠ᠂ ᠲᠦᠭ᠌ᠵᠢᠮᠡᠯ ᠪᠠ ᠨᠡᠭᠡᠭᠡᠯᠲᠡ᠎ᠶ᠋ᠢᠨ ᠴᠢᠬᠤᠯᠠ ᠶᠡᠬᠡ ᠰᠣᠩᠭᠣᠯᠲᠠ᠎ᠶ᠋ᠢᠨ ᠡᠮᠦᠨ᠎ᠡ᠂ ᠣᠯᠠᠨ ᠲᠠᠯᠠᠲᠤ ᠦᠵᠡᠯ᠂ ᠪᠦᠯᠬᠦᠮᠳᠡᠨ ᠬᠠᠮᠲᠤᠷᠠᠯᠴᠠᠬᠤ ᠪᠣᠯ ᠰᠠᠶᠢ ᠵᠥᠪ ᠬᠠᠷᠢᠭᠤᠯᠲᠠ ᠮᠥᠨ᠃ ᠳᠤᠮᠳᠠᠳᠤ ᠧᠦ᠋ᠷᠣᠫᠠ᠎ᠶ᠋ᠢᠨ᠎ᠬᠢᠨ ᠳᠡᠯᠡᠬᠡᠢ᠎ᠶ᠋ᠢᠨ ᠬᠣᠶᠠᠳᠤᠭᠠᠷ ᠲᠠᠢ᠌ᠨ ᠳᠠᠭᠤᠰᠤᠭ᠍ᠰᠠᠨ᠎ᠤ ᠲᠠᠷᠠᠭ᠎ᠠ ᠪᠠᠢᠭᠤᠯᠤᠭ᠍ᠰᠠᠨ ᠤᠯᠠᠨ ᠤᠯᠤᠰ᠎ᠤᠨ ᠲᠦᠷᠢᠮ ᠪᠣᠯᠤᠨ ᠤᠯᠠᠨ ᠤᠯᠤᠰ᠎ᠤᠨ ᠡᠮᠬᠢ ᠳᠢᠭ᠌ᠯᠢᠮ᠎ᠢ ᠬᠠᠮᠲᠤ᠎ᠪᠠᠷ ᠬᠠᠮᠠᠭᠠᠯᠠᠵᠤ᠂ ᠨᠡᠩ ᠲᠥᠪ ᠭᠣᠣᠯᠴᠢ ᠵᠦᠢ ᠵᠣᠬᠢᠰᠲᠠᠢ ᠪᠦᠬᠦ᠌ ᠪᠥᠮᠪᠥᠷᠴᠡᠭ᠎ᠦᠨ ᠵᠠᠰᠠᠯᠲᠠ᠎ᠶ᠋ᠢᠨ ᠱᠢᠰᠲ᠋ᠧᠮ᠎ᠢ ᠪᠠᠢᠭᠤᠯᠬᠤ᠎ᠶ᠋ᠢ ᠴᠠᠭ ᠦᠶ᠎ᠡ᠎ᠲᠡᠶ ᠵᠡᠷᠭᠡ᠎ᠪᠡᠷ ᠤᠷᠤᠭ᠍ᠰᠢᠯᠠᠨ ᠠᠬᠢᠭᠤᠯᠵᠤ᠂ ᠠᠭᠤᠷ ᠠᠮᠢᠰᠭᠤᠯ᠎ᠤᠨ ᠬᠤᠪᠢᠷᠠᠯᠲᠠ ᠵᠡᠷᠭᠡ ᠪᠦᠬᠦ᠌ ᠪᠥᠮᠪᠥᠷᠴᠡᠭ᠎ᠦᠨ ᠴᠢᠨᠠᠷᠲᠠᠢ ᠥᠷᠢᠰᠥᠯᠳᠦᠭᠡᠨ᠎ᠢ ᠭᠠᠷ ᠬᠣᠯᠪᠣᠯᠴᠠᠨ ᠠᠷᠭᠠᠴᠠᠭᠠᠵᠤ᠂ ᠤᠯᠠᠨ ᠲᠠᠯᠠᠲᠤ ᠦᠵᠡᠯ᠎ᠦᠨ ᠭᠠᠯ ᠪᠠᠮᠪᠠᠷ᠎ᠢᠶᠠᠷ ᠬᠥᠮᠦᠨ ᠲᠥᠷᠥᠯᠬᠢᠲᠡᠨ᠎ᠦ ᠤᠷᠤᠭ᠍ᠰᠢᠯᠠᠯᠲᠠ᠎ᠶ᠋ᠢᠨ ᠵᠠᠮ᠎ᠢ ᠭᠡᠷᠡᠯᠲᠦᠭᠦᠯᠦᠶᠠ᠃ ᠳᠤᠮᠳᠠᠳᠤ ᠧᠦ᠋ᠷᠣᠫᠠ᠎ᠶ᠋ᠢᠨ ᠬᠢᠨ ᠤᠯᠤᠰ ᠲᠦᠷᠦ᠍᠎ᠶ᠋ᠢᠨ ᠠᠷᠭ᠎ᠠ ᠪᠠᠷᠢᠯ᠎ᠢᠶᠠᠷ ᠳᠠᠮᠵᠢᠭᠤᠯᠤᠨ ᠤᠯᠤᠰ᠎ᠤᠨ ᠬᠣᠭᠣᠷᠣᠨᠳᠣᠬᠢ ᠵᠠᠭᠤᠷᠠᠯᠳᠤᠭᠠᠨ᠎ᠢ ᠨᠠᠢᠷᠠᠮᠳᠠᠯ᠎ᠢᠶᠠᠷ ᠱᠢᠢᠳᠪᠦᠷᠢᠯᠡᠬᠦ᠌᠎ᠶ᠋ᠢ ᠳᠡᠮᠵᠢᠶ᠎ᠠ᠃ ᠳᠤᠮᠳᠠᠳᠤ ᠤᠯᠤᠰ ᠢᠮᠠᠭ᠍ᠲᠠ ᠤᠴᠢᠷ ᠶᠠᠪᠤᠳᠠᠯ᠎ᠤᠨ ᠲᠤᠰ ᠪᠡᠶ᠎ᠡ᠎ᠶ᠋ᠢᠨ ᠬᠢᠨᠢ ᠦᠨᠡᠨ ᠵᠥᠪ ᠭᠠᠵᠢ ᠪᠤᠷᠤᠭᠤ᠎ᠠᠴᠠ ᠡᠭᠦᠰᠴᠦ᠍᠂ ᠢᠳᠭᠠᠨ ᠡᠪᠰᠡᠭᠦᠯᠵᠦ᠍ ᠬᠡᠯᠡᠯᠴᠡᠭᠡ ᠬᠢᠬᠦ᠌᠎ᠶ᠋ᠢ ᠠᠬᠢᠭᠤᠯᠬᠤ᠎ᠶ᠋ᠢ ᠰᠠᠨᠠᠭᠠᠴᠢᠯᠠᠵᠤ᠂ ᠦᠨᠭ᠌ᠭᠡᠨ ᠲᠠᠯ᠎ᠠ ᠪᠠ ᠦᠨᠳᠦᠰᠦ ᠰᠤᠷᠪᠤᠯᠵᠢ᠎ᠶ᠋ᠢ ᠵᠡᠷᠭᠡ᠎ᠪᠡᠷ ᠵᠠᠰᠠᠬᠤ᠎ᠶ᠋ᠢ ᠰᠠᠨᠠᠭᠠᠴᠢᠯᠠᠭ᠍ᠰᠠᠭᠠᠷ ᠢᠷᠡᠭ᠌ᠰᠡᠨ ᠶᠤᠮ᠃ ᠳᠤᠮᠳᠠᠳᠤ ᠤᠯᠤᠰ ᠳᠤᠷᠠᠲᠠᠶ᠎ᠠ ᠧᠦ᠋ᠷᠣᠫᠠᠶ᠋ᠢᠨᠬᠢᠨᠲᠡᠶ ᠵᠣᠬᠢᠴᠠᠭᠤᠯᠭ᠎ᠠ᠎ᠪᠠᠨ ᠴᠢᠩᠭᠠᠳᠭᠠᠵᠤ᠂ ᠡᠨᠡ ᠵᠢᠯ᠎ᠦᠨ ᠤᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶ᠋ᠢᠨ ᠠᠭᠤᠷ ᠠᠮᠢᠰᠭᠤᠯ᠎ᠤᠨ ᠬᠤᠪᠢᠷᠠᠯᠲᠠ᠎ᠶ᠋ᠢᠨ ᠪᠧᠯᠧᠮᠤ᠋ᠨ ᠶᠡᠬᠡ ᠬᠤᠷᠠᠯ᠎ᠤᠨ ᠠᠮᠵᠢᠯᠲᠠ ᠤᠯᠬᠤ᠎ᠶ᠋ᠢ ᠠᠬᠢᠭᠤᠯᠵᠤ᠂ ᠠᠭᠤᠷ ᠠᠮᠢᠰᠭᠤᠯ᠎ᠤᠨ ᠬᠤᠪᠢᠷᠠᠯᠲᠠ᠎ᠶᠢ ᠠᠷᠭᠠᠴᠠᠭᠠᠬᠤ ᠪᠣᠯᠤᠨ ᠪᠦᠬᠦ᠌ ᠪᠥᠮᠪᠥᠷᠴᠡᠭ᠎ᠦᠨ ᠪᠣᠬᠢᠷᠲᠤᠯ ᠦᠭᠡᠢ ᠲᠡᠢᠰᠢ ᠬᠡᠯᠪᠡᠷᠢ ᠪᠠᠨ ᠬᠤᠪᠢᠷᠠᠭᠤᠯᠬᠤ᠎ᠶᠢ ᠠᠬᠢᠭᠤᠯᠬᠤ᠎ᠳᠤ ᠨᠡᠩ ᠶᠡᠬᠡ ᠬᠤᠪᠢ ᠨᠡᠮᠡᠷᠢ ᠦᠵᠡᠭᠦᠯᠦᠨ᠎ᠡ᠃ ᠳᠤᠮᠳᠠᠳᠤ ᠤᠯᠤᠰ ᠪᠠᠰᠠ ᠳᠤᠷᠠᠲᠠᠶ᠎ᠠ ᠧᠦ᠋ᠷᠣᠫᠠ ᠲᠢᠪ᠎ᠦᠨ ᠬᠢᠨ᠎ᠲᠡᠶ ᠵᠣᠬᠢᠶᠠᠮᠠᠯ ᠤᠶᠤᠨ ᠴᠢᠳᠠᠪᠤᠷᠢ᠎ᠶ᠋ᠢᠨ ᠬᠦᠷᠢᠶᠡᠨ᠎ᠳᠡᠬᠢ ᠲᠦᠷᠦ᠍᠎ᠶ᠋ᠢᠨ ᠪᠤᠳᠤᠯᠭ᠎ᠠ᠎ᠶ᠋ᠢᠨ ᠤᠯᠤᠯᠴᠠᠭ᠎ᠠ ᠪᠠ ᠪᠣᠳᠠᠲᠠᠢ᠎ᠶ᠋ᠢ ᠡᠷᠬᠢᠮᠯᠡᠭ᠌ᠰᠡᠨ ᠬᠠᠮᠲᠤᠷᠠᠯᠴᠠᠭ᠎ᠠ ᠥᠷᠨᠢᠭᠦᠯᠵᠦ᠍᠂ ᠡᠷᠬᠡ ᠲᠡᠭ᠌ᠰᠢ ᠡᠮᠬᠢ ᠵᠢᠷᠤᠮ᠎ᠲᠠᠶ ᠳᠡᠯᠡᠬᠡᠢ᠎ᠶ᠋ᠢᠨ ᠤᠯᠠᠨ ᠲᠤᠢ᠌ᠯᠵᠢᠯ᠂ ᠲᠦᠭᠡᠮᠡᠯ ᠬᠠᠷᠠᠭᠠᠯᠵᠠᠯᠳᠤ ᠪᠠᠭ᠍ᠲᠠᠭᠠᠮᠵᠢᠲᠠᠢ ᠪᠠᠢᠬᠤ ᠠᠵᠤ ᠠᠬᠤᠢ᠎ᠶ᠋ᠢᠨ ᠳᠡᠯᠡᠬᠡᠢᠵᠢᠯᠲᠡ᠎ᠶ᠋ᠢ ᠬᠠᠮᠲᠤ᠎ᠪᠠᠷ ᠠᠬᠢᠭᠤᠯᠤᠨ᠎ᠠ᠃
ᠧᠦ᠋ᠷᠣᠫᠠ᠎ᠶ᠋ᠢᠨ ᠬᠢᠨ᠂ ᠲᠡᠷᠢᠭᠦᠯᠡᠭ᠌ᠴᠢ ᠰᠢ ᠵᠢᠨ ᠫᠢᠩ᠎ᠦᠨ ᠧᠦ᠋ᠷᠣᠫᠠ ᠳᠤᠮᠳᠠᠳᠤ᠎ᠶ᠋ᠢᠨ ᠬᠠᠷᠢᠯᠴᠠᠭᠠᠨ᠎ᠤ ᠲᠤᠬᠠᠢ ᠭᠤᠷᠪᠠᠨ ᠲᠠᠯ᠎ᠠ᠎ᠶ᠋ᠢᠨ ᠵᠣᠷᠢᠯᠲᠠ ᠲᠤᠢᠯ᠎ᠤᠨ ᠴᠢᠬᠤᠯᠠ ᠶᠤᠮ᠃ ᠭᠠᠳᠠᠭᠠᠳᠤ ᠬᠠᠷᠢᠯᠴᠠᠭ᠎ᠠ ᠪᠠᠢᠭᠤᠯᠤᠭ᠍ᠰᠠᠨ 50 ᠵᠢᠯ᠎ᠦᠨ ᠲᠤᠷᠰᠢ᠂ ᠧᠦ᠋ᠷᠣᠫᠠ ᠳᠤᠮᠳᠠᠳᠤ ᠥᠷᠭᠡᠨ ᠬᠦᠷᠢᠶᠡᠨ᠎ᠳᠦ ᠬᠠᠮᠲᠤᠷᠠᠯᠴᠠᠭ᠎ᠠ ᠥᠷᠨᠢᠭᠦᠯᠵᠦ᠍᠂ ᠬᠡᠪᠴᠢᠶ᠎ᠡ ᠪᠣᠯᠤᠨ ᠭᠦᠨᠴᠡ ᠲᠠᠰᠤᠷᠠᠯᠳᠠ ᠦᠭᠡᠢ ᠥᠷᠭᠡᠵᠢᠵᠦ᠍᠂ ᠲᠤᠰ ᠲᠤᠰ᠎ᠤᠨ᠎ᠢᠶᠠᠨ ᠬᠠᠮᠲᠤᠷᠠᠯᠴᠠᠭ᠎ᠠ ᠪᠣᠯᠤᠨ ᠠᠷᠠᠯᠵᠢᠶᠠᠨ᠎ᠤ ᠴᠢᠬᠤᠯᠠ ᠬᠠᠨᠢᠲᠠᠨ ᠪᠤᠯᠵᠥ᠍᠂ ᠲᠤᠰ ᠲᠤᠰ᠎ᠤᠨ ᠠᠵᠤ ᠠᠬᠤᠢ᠎ᠶ᠋ᠢᠨ ᠬᠥᠭ᠌ᠵᠢᠯ ᠴᠡᠴᠡᠭ᠌ᠯᠡᠯ ᠪᠣᠯᠤᠨ ᠠᠷᠠᠳ ᠲᠦᠮᠡᠨ᠎ᠦ ᠠᠵᠠ ᠵᠢᠷᠭᠠᠯ᠎ᠤᠨ ᠳᠡᠭᠡᠭ᠌ᠰᠢᠯᠡᠯᠲᠡ᠎ᠳᠦ ᠬᠦᠴᠦᠨ ᠨᠡᠮᠡᠷᠢᠯᠡᠪᠡ᠃ ᠳᠤᠮᠳᠠᠳᠤ ᠤᠯᠤᠰ ᠨᠢᠭᠡᠨᠲᠡ ᠦᠢᠯᠡᠳᠬᠦ᠌ ᠦᠢᠯᠡᠰ ᠪᠣᠯᠤᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠲᠤᠮᠤ ᠤᠯᠤᠰ ᠪᠤᠯᠵᠤ᠂ ᠬᠡᠳᠦᠨ ᠳ᠋ᠦᠩᠱᠢᠭᠤᠷ ᠬᠥᠮᠦᠨ᠎ᠢ ᠶᠠᠳᠠᠭᠤ᠎ᠠᠴᠠ ᠠᠩᠭᠢᠵᠢᠷᠠᠭᠤᠯᠵᠤ᠂ ᠳᠤᠮᠳᠠᠳᠤ ᠤᠯᠤᠰ᠎ᠤᠨ ᠬᠥᠭ᠌ᠵᠢᠯᠲᠡ ᠪᠦᠬᠦ᠌ ᠪᠥᠮᠪᠥᠷᠴᠡᠭ᠎ᠢ ᠳᠣᠩᠰᠣᠯᠭᠠᠵᠤ᠂ ᠳᠡᠯᠡᠬᠡᠢ ᠳ᠋ᠠᠬᠢᠨ᠎ᠳᠤ ᠴᠢᠬᠤᠯᠠ ᠰᠡᠩᠬᠡᠷᠡᠭᠦᠯᠦᠯ ᠥᠭ᠌ᠴᠦ᠂ ᠧᠦ᠋ᠷᠣᠫᠠ᠎ᠶ᠋ᠢᠨ ᠬᠢᠨ ᠳᠤᠮᠳᠠᠳᠤ ᠤᠯᠤᠰ᠎ᠤᠨ ᠨᠡᠩ ᠶᠡᠬᠡ ᠬᠥᠭ᠌ᠵᠢᠯᠲᠡ᠎ᠲᠡᠶ ᠪᠣᠯᠬᠤ᠎ᠶ᠋ᠢ ᠢᠲᠡᠭᠡᠵᠦ᠍ ᠪᠠᠢᠬᠤ ᠪᠥᠭᠡᠳ ᠲᠡᠮᠵᠢᠵᠤ ᠪᠠᠢᠨ᠎ᠠ᠃ ᠧᠦ᠋ᠷᠣᠫᠠ ᠲᠢᠪ᠎ᠦᠨ ᠤᠯᠤᠰ᠎ᠤᠳ᠎ᠤᠨ ᠬᠣᠯᠪᠣᠭ᠎ᠠ ᠪᠣᠯᠤᠨ ᠳᠤᠮᠳᠠᠳᠤ ᠤᠯᠤᠰ ᠪᠣᠯ ᠴᠥᠮ ᠳᠡᠯᠡᠬᠡᠢ ᠳᠡᠭᠡᠷᠡᠬᠢ ᠴᠢᠬᠤᠯᠠ ᠬᠦᠴᠦᠨ ᠮᠥᠨ᠂ ᠧᠦ᠋ᠷᠣᠫᠠ ᠳᠤᠮᠳᠠᠳᠤ᠎ᠶ᠋ᠢᠨ ᠬᠠᠷᠢᠯᠴᠠᠭ᠎ᠠ ᠨᠢ ᠬᠣᠶᠠᠷ ᠲᠠᠯ᠎ᠠ ᠪᠣᠯᠤᠨ ᠳᠡᠯᠡᠬᠡᠢ ᠳ᠋ᠠᠬᠢᠨ᠎ᠳᠤ ᠴᠥᠮ ᠲᠤᠢᠯ᠎ᠤᠨ ᠴᠢᠬᠤᠯᠠ ᠶᠤᠮ᠃ ᠧᠦ᠋ᠷᠣᠫᠠ᠎ᠶ᠋ᠢᠨ ᠬᠢᠨ ᠧᠦ᠋ᠷᠣᠫᠠ ᠳᠤᠮᠳᠠᠳᠤ᠎ᠶ᠋ᠢᠨ ᠬᠠᠷᠢᠯᠴᠠᠭ᠎ᠠ᠎ᠶ᠋ᠢ ᠭᠦᠨᠵᠡᠭᠡᠢᠷᠡᠭᠦᠯᠬᠦ᠌᠎ᠪᠡᠷ ᠴᠢᠷᠮᠠᠢᠵᠤ᠂ ᠵᠥᠷᠢᠯᠳᠦᠭᠡᠨ᠎ᠢᠶᠡᠨ ᠪᠦᠲᠦᠭᠡᠯᠴᠢ᠎ᠪᠡᠷ ᠱᠢᠢᠳᠪᠦᠷᠢᠯᠡᠵᠦ᠍᠂ ᠬᠣᠶᠠᠷ ᠲᠠᠯ᠎ᠠ᠎ᠶ᠋ᠢᠨ ᠬᠠᠮᠲᠤᠷᠠᠯᠴᠠᠭ᠎ᠠ ᠲᠡᠩᠴᠡᠭᠦᠷᠢᠲᠡᠢ᠂ ᠡᠷᠬᠡ ᠲᠡᠭ᠌ᠰᠢ ᠂ ᠬᠠᠷᠢᠯᠴᠠᠨ ᠠᠱᠢᠭ᠍ᠲᠠᠢ ᠪᠠᠢᠬᠤ ᠰᠠᠭᠤᠷᠢᠨ ᠳᠡᠭᠡᠷ᠎ᠡ ᠦᠷᠭᠦᠯᠵᠢᠯᠡᠨ ᠨᠡᠩ ᠤᠯᠠᠨ ᠢᠳᠡᠪᠬᠢᠲᠡᠢ ᠦᠷ᠎ᠡ ᠪᠦᠲᠦᠭᠡᠯ ᠤᠯᠬᠤ᠎ᠶ᠋ᠢ ᠠᠬᠢᠭᠤᠯᠤᠨ᠎ᠠ᠃ ᠧᠦ᠋ᠷᠣᠫᠠ᠎ᠶ᠋ᠢᠨ ᠬᠢᠨ ᠳᠤᠮᠳᠠᠳᠤ ᠤᠯᠤᠰ᠎ᠯᠤᠭ᠎ᠠ 《ᠬᠠᠷᠢᠴᠠᠭ᠎ᠠ ᠬᠤᠯᠪᠤᠭ᠎ᠠ᠎ᠪᠠᠨ ᠲᠠᠰᠤᠯᠬᠤ》᠎ᠶᠢ ᠡᠷᠢᠯᠬᠢᠯᠡᠬᠦ᠌ ᠦᠬᠡᠢ᠂ ᠳᠤᠮᠳᠠᠳᠤ ᠤᠯᠤᠰ᠎ᠤᠨ ᠠᠵᠤ ᠠᠬᠤᠢᠯᠠᠯ᠎ᠤᠨ ᠧᠦ᠋ᠷᠣᠫᠠ᠎ᠳᠤ ᠬᠦᠷᠴᠦ᠍ ᠪᠡᠯᠡ ᠣᠷᠣᠭᠤᠯᠤᠨ ᠦᠢᠯᠡᠰ᠎ᠢᠶᠡᠨ ᠬᠥᠭ᠌ᠵᠢᠭᠦᠯᠬᠦ᠌᠎ᠶ᠋ᠢ ᠪᠠᠶᠠᠷᠯᠠᠨ ᠤᠭ᠍ᠲᠤᠵᠤ ᠪᠠᠢᠨ᠎ᠠ᠃ ᠦᠢᠮᠡᠭᠡᠨ ᠳᠡᠪᠵᠢᠶᠡᠨᠳᠡᠢ᠂ ᠲᠤᠭᠳᠠᠭᠤᠨ ᠪᠤᠰᠤ ᠴᠢᠨᠠᠷ ᠪᠢᠯᠬᠠᠭᠰᠠᠨ ᠳᠡᠯᠡᠬᠡᠢ ᠶᠢᠷᠲᠢᠨᠴᠦ᠍᠎ᠶ᠋ᠢᠨ ᠡᠮᠦᠨ᠎ᠡ᠂ ᠧᠦ᠋ᠷᠣᠫᠠ ᠳᠤᠮᠳᠠᠳᠤ᠎ᠶ᠋ᠢᠨ ᠬᠢᠨ ᠬᠠᠷᠢᠭᠤᠴᠠᠯᠭ᠎ᠠ ᠡᠭᠦᠷᠭᠡᠯᠡᠵᠦ᠍᠂ ᠤᠯᠠᠨ ᠲᠠᠯᠠᠲᠤ ᠦᠵᠡᠯ᠎ᠢ ᠬᠠᠮᠲᠤ᠎ᠪᠠᠷ ᠪᠠᠷᠢᠮᠲᠠᠯᠠᠵᠤ᠂ ᠤᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶ᠋ᠢᠨ ᠦᠨᠳᠦᠰᠦᠨ ᠲᠦᠷᠢᠮ᠎ᠦᠨ ᠵᠣᠷᠢᠯᠲᠠ ᠪᠠ ᠵᠠᠷᠴᠢᠮ᠎ᠢ ᠬᠠᠮᠠᠭᠠᠯᠠᠵᠤ᠂ ᠠᠭᠤᠷ ᠠᠮᠢᠰᠭᠤᠯ᠎ᠤᠨ ᠬᠤᠪᠢᠷᠠᠯᠲᠠ ᠵᠡᠷᠭᠡ ᠪᠦᠬᠦ᠌ ᠪᠥᠮᠪᠥᠷᠴᠡᠭ᠎ᠦᠨ ᠴᠢᠨᠠᠷᠲᠠᠢ ᠥᠷᠢᠰᠥᠯᠳᠦᠭᠡᠨ᠎ᠢ ᠭᠠᠷ ᠬᠣᠯᠪᠣᠯᠴᠠᠨ ᠠᠷᠭᠠᠴᠠᠭᠠᠵᠤ᠂ ᠭᠠᠵᠠᠷ ᠣᠷᠣᠨ᠎ᠤ ᠬᠠᠯᠠᠮᠱᠢᠯ ᠠᠰᠠᠭᠤᠳᠠᠯ᠎ᠢ ᠱᠢᠢᠳᠪᠦᠷᠢᠯᠡᠬᠦ᠌᠎ᠶ᠋ᠢ ᠠᠬᠢᠭᠤᠯᠵᠤ᠂ ᠳᠡᠯᠡᠬᠡᠢ᠎ᠶ᠋ᠢᠨ ᠡᠩᠬᠡ ᠲᠠᠢᠪᠤᠩ ᠲᠣᠭ᠍ᠲᠠᠭᠤᠨ᠎ᠢ ᠬᠠᠮᠠᠭᠠᠯᠠᠶ᠎ᠠ᠃ ᠧᠦ᠋ᠷᠣᠫᠠ᠎ᠶ᠋ᠢᠨ᠎ᠬᠢᠨ ᠳᠤᠮᠳᠠᠳᠤ ᠤᠯᠤᠰ᠎ᠲᠠᠶ ᠬᠠᠮᠲᠤ᠎ᠪᠠᠷ ᠧᠦ᠋ᠷᠣᠫᠠ ᠳᠤᠮᠳᠠᠳᠤ᠎ᠶ᠋ᠢᠨ ᠬᠠᠷᠢᠯᠴᠠᠭ᠎ᠠ᠎ᠶ᠋ᠢᠨ ᠲᠠᠷᠠᠭᠠᠴᠢ᠎ᠶ᠋ᠢᠨ 50 ᠵᠢᠯ᠎ᠦᠨ ᠨᠡᠩ ᠭᠣᠢᠳᠠ ᠰᠠᠢᠬᠠᠨ ᠬᠠᠭᠤᠳᠠᠰᠤ᠎ᠶ᠋ᠢ ᠦᠷᠭᠦᠯᠵᠢᠯᠡᠨ ᠪᠢᠴᠢᠭ᠌ᠯᠡᠬᠦ᠌᠎ᠶ᠋ᠢ ᠬᠦᠰᠡᠵᠦ᠍ ᠪᠠᠢᠨ᠎ᠠ ᠭᠡᠵᠦ ᠢᠯᠡᠳᠬᠡᠪᠡ᠃
ᠸᠠᠩ ᠢ ᠠᠭᠤᠯᠵᠠᠯᠲᠠ᠎ᠳᠤ ᠣᠷᠣᠯᠴᠠᠵᠠᠢ᠃