ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ
ᠰᠢᠨᠵᠢᠯᠡᠭᠡ ᠮᠡᠷᠭᠡᠵᠢᠯ
ᠲᠡᠷᠢᠭᠦᠨ ᠬᠠᠭᠤᠳᠠᠰᠤ   -   ᠦᠨᠦᠳᠣᠷ᠎ᠤᠨ ᠰᠣᠨᠢᠨ ᠮᠡᠳᠡᠭᠡ
ᠥᠪᠡᠷᠲᠡᠭᠡᠨ ᠵᠠᠰᠠᠬᠤ ᠣᠷᠣᠨ᠎ᠤ ᠰᠢᠨᠵᠢᠯᠡᠬᠦ ᠤᠬᠠᠭ᠋ᠠᠨ ᠮᠡᠷᠭᠡᠵᠢᠯ᠎ᠤᠨ ᠲᠢᠩᠬᠢᠮ᠄ ᠠᠵᠤ ᠠᠬᠤᠢ᠌ᠯᠠᠯ᠎ᠤᠨ ᠬᠡᠷᠡᠭᠴᠡᠭᠡ ᠱᠠᠭ᠋ᠠᠷᠳᠠᠯᠭ᠎ᠠ ᠵᠢ ᠲᠤᠢ᠌ᠯ᠎ᠤᠨ ᠣᠨᠣᠪᠴᠢᠲᠠᠶ᠎ᠪᠠᠷ ᠢᠯᠭ᠋ᠠᠨ ᠲᠠᠨᠢᠵᠤ ᠲᠥᠷᠥ ᠵᠢᠨ ᠪᠣᠳᠣᠯᠭ᠎ᠠ᠎ᠪᠠᠷ ᠠᠵᠤ ᠠᠬᠤᠢ᠌ᠯᠠᠯ᠎ᠳᠤ ᠠᠰᠢᠭ ᠬᠦᠷᠲᠡᠭᠡᠬᠦ ᠵᠢ ᠪᠠᠢ᠌ᠩᠭᠤᠵᠢᠭᠤᠯᠬᠤ ᠵᠢ ᠠᠬᠢᠭᠤᠯᠤᠨ᠎ᠠ
ᠨᠡᠶ᠋ᠢᠲᠡᠯᠡᠭᠰᠡᠨ ᠴᠠᠭ᠄ 2025-08-12

     《ᠲᠥᠷᠥ ᠵᠢᠨ ᠪᠣᠳᠣᠯᠭ᠎ᠠ ᠵᠢᠨ ᠤᠬᠠᠭᠤᠯᠤᠨ ᠲᠠᠢ᠌ᠯᠪᠤᠷᠢᠯᠠᠯᠲᠠ ᠵᠢ 〈ᠨᠡᠯᠦᠢ᠌ᠯᠭᠡᠨ ᠤᠰᠤᠯᠠᠬᠤ〉᠎ᠠᠴᠠ 〈ᠨᠠᠷᠢᠯᠢᠭ ᠣᠨᠣᠴᠠᠲᠠᠶ᠎ᠪᠠᠷ ᠳᠤᠰᠤᠯᠭ᠋ᠠᠨ ᠤᠰᠤᠯᠠᠬᠤ〉ᠪᠣᠯᠭ᠋ᠠᠨ ᠬᠤᠪᠢᠷᠠᠭᠤᠯᠵᠤ᠂ ᠲᠥᠷᠥ ᠵᠢᠨ ᠪᠣᠳᠣᠯᠭ᠎ᠠ ᠵᠢᠨ ᠭᠣᠤᠯᠳᠠᠯᠭ᠎ᠠ ᠵᠢ ᠦᠢᠯᠡᠴᠢᠯᠡᠬᠦ ᠠᠷᠭ᠎ᠠ ᠬᠡᠮᠵᠢᠶ᠎ᠡ ᠪᠣᠯᠭ᠋ᠠᠨ ᠬᠤᠪᠢᠷᠠᠭᠤᠯᠵᠤ᠂ ᠰᠢᠨᠵᠢᠯᠡᠬᠦ ᠤᠬᠠᠭ᠋ᠠᠨ ᠮᠡᠷᠭᠡᠵᠢᠯ᠎ᠤᠨ ᠨᠠᠩ ᠣᠯᠠᠨ ᠠᠵᠤ ᠠᠬᠤᠢ᠌ᠯᠠᠯ᠎ᠳᠤ ᠲᠥᠷᠥ ᠵᠢᠨ ᠪᠣᠳᠣᠯᠭ᠎ᠠ ᠵᠢᠨ ᠠᠰᠢᠭ ᠬᠦᠷᠲᠡᠭᠡᠪᠡ ᠃》

     《ᠮᠡᠷᠭᠡᠵᠢᠯ᠎ᠤᠨ ᠳᠠᠭ᠋ᠠᠭ᠋ᠠᠮᠠᠯ᠎ᠤᠨ ᠠᠵᠤ ᠠᠬᠤᠢ᠌ᠯᠠᠯ᠎ᠳᠤ ᠦᠢᠯᠡᠴᠢᠯᠡᠬᠦ ᠲᠥᠷᠥ ᠵᠢᠨ ᠪᠣᠳᠣᠯᠭ᠎ᠠ ᠵᠢᠨ ᠦᠨᠳᠦᠰᠦᠯᠡᠯ᠎ᠢ ᠲᠣᠳᠣᠷᠬᠠᠢ᠌ᠯᠠᠵᠤ᠂ ᠬᠠᠮᠲᠤᠷᠠᠯᠴᠠᠭ᠎ᠠ ᠵᠢ ᠠᠬᠢᠭᠤᠯᠬᠤ ᠢᠲᠠ ᠬᠦᠴᠦᠨ᠎ᠢ ᠨᠡᠮᠡᠭᠳᠡᠭᠦᠯᠪᠡ᠃》

     《ᠲᠥᠷᠥ ᠵᠢᠨ ᠪᠣᠳᠣᠯᠭ᠎ᠠ ᠵᠢᠨ ᠪᠣᠯᠪᠠᠰᠤᠷᠠᠭᠤᠯᠤᠯ᠎ᠤᠨ ᠠᠭᠤᠯᠭ᠎ᠠ᠎ᠨᠢ ᠲᠤᠢ᠌ᠯ᠎ᠤᠨ ᠣᠨᠣᠪᠴᠢᠲᠠᠶ ᠪᠥᠭᠡᠳ ᠪᠣᠳᠠᠲᠤ ᠬᠡᠷᠡᠭᠴᠡᠭᠡ᠎ᠲᠠᠢ ᠪᠠᠢ᠌ᠵᠤ᠂ ᠡᠷᠬᠡ ᠰᠦᠷᠲᠦ ᠲᠤᠰᠬᠠᠶ ᠮᠡᠷᠭᠡᠵᠢᠯ᠎ᠳᠤ ᠲᠠᠢ᠌ᠯᠤᠮᠵᠢ ᠬᠢᠵᠦ᠂ ᠰᠢᠨᠵᠢᠯᠡᠬᠦ ᠤᠬᠠᠭ᠋ᠠᠨ ᠮᠡᠷᠭᠡᠵᠢᠯ᠎ᠤᠨ ᠰᠢᠨ᠎ᠡ ᠵᠢ ᠡᠭᠦᠳᠬᠦ ᠲᠥᠷᠥ ᠵᠢᠨ ᠪᠣᠳᠣᠯᠭ᠎ᠠ ᠵᠢᠨ ᠭᠣᠤᠯᠳᠠᠯᠭ᠎ᠠ ᠵᠢ ᠰᠢᠰᠲ᠋ᠧᠮ᠎ᠲᠠᠢ ᠡᠮᠬᠢᠯᠡᠭᠰᠡᠨ ᠵᠶ᠋ᠡᠷ ᠪᠠᠷᠠᠬᠤ ᠥᠬᠡᠶ᠂ ᠠᠵᠤ ᠠᠬᠤᠢ᠌ᠯᠠᠯ᠎ᠤᠨ ᠰᠢᠨ᠎ᠡ ᠵᠢ ᠡᠭᠦᠳᠬᠦ ᠪᠣᠭᠣᠮᠢ ᠵᠢ ᠳᠡᠢ᠌ᠯᠵᠦ᠂ ᠭᠣᠤᠯᠯᠠᠬᠤ ᠥᠷᠢᠰᠦᠯᠳᠦᠬᠦ ᠬᠦᠴᠦᠨ᠎ᠢ ᠳᠡᠭᠡᠭᠰᠢᠯᠡᠭᠦᠯᠬᠦ᠎ᠳᠤ ᠲᠤᠢ᠌ᠯ᠎ᠤᠨ ᠴᠢᠩᠭ᠎ᠠ ᠵᠢᠯᠣᠭᠣᠳᠬᠤ ᠠᠴᠢ ᠬᠣᠯᠪᠣᠭᠳᠠᠯ᠎ᠲᠠᠢ ᠶᠤᠮ᠃》

 

     ᠣᠢ᠌ᠷ᠎ᠠ᠎ᠳᠤ᠂ ᠬᠥᠬᠡᠬᠣᠲᠠ᠎ᠳᠤ ᠶᠠᠪᠤᠭᠳᠠᠭᠰᠠᠨ 《2025 ᠣᠨ᠎ᠤ ᠬᠥᠬᠡᠬᠣᠲᠠ ᠵᠢᠨ ᠴᠢᠳᠠᠪᠤᠷᠢᠲᠠᠨ᠎ᠤ ᠰᠠᠷ᠎ᠠ ᠵᠢᠨ ᠠᠵᠤ ᠠᠬᠤᠢ᠌ᠯᠠᠯ᠎ᠤᠨ ᠰᠢᠨᠵᠢᠯᠡᠬᠦ ᠤᠬᠠᠭ᠋ᠠᠨ ᠮᠡᠷᠭᠡᠵᠢᠯ᠎ᠤᠨ ᠰᠢᠨ᠎ᠡ ᠵᠢ ᠡᠭᠦᠳᠬᠦ ᠴᠢᠳᠠᠪᠤᠷᠢ ᠵᠢ ᠳᠡᠭᠡᠭᠰᠢᠯᠡᠭᠦᠯᠬᠦ ᠪᠣᠯᠪᠠᠰᠤᠷᠠᠭᠤᠯᠤᠯ᠎ᠤᠨ ᠠᠵᠢᠯᠯᠠᠭ᠎ᠠ》ᠳᠡᠭᠡᠷ᠎ᠡ᠂ ᠥᠪᠡᠷᠲᠡᠭᠡᠨ ᠵᠠᠰᠠᠬᠤ ᠣᠷᠣᠨ᠎ᠤ ᠰᠢᠨᠵᠢᠯᠡᠬᠦ ᠤᠬᠠᠭ᠋ᠠᠨ ᠮᠡᠷᠭᠡᠵᠢᠯ᠎ᠤᠨ ᠲᠢᠩᠬᠢᠮ᠎ᠤᠨ ᠲᠥᠷᠥ ᠵᠢᠨ ᠪᠣᠳᠣᠯᠭ᠎ᠠ ᠵᠢ ᠤᠬᠠᠭᠤᠯᠤᠨ ᠲᠠᠢ᠌ᠯᠪᠤᠷᠢᠯᠠᠬᠤ ᠪᠦᠯᠬᠦᠮ᠎ᠤᠨ ᠠᠪᠴᠢᠷᠠᠭᠰᠠᠨ 《1 + 7 + N》ᠰᠢᠨᠵᠢᠯᠡᠬᠦ ᠤᠬᠠᠭ᠋ᠠᠨ ᠮᠡᠷᠭᠡᠵᠢᠯ᠎ᠤᠨ ᠲᠥᠷᠥ ᠵᠢᠨ ᠪᠣᠳᠣᠯᠭ᠎ᠠ ᠵᠢᠨ ᠰᠢᠰᠲ᠋ᠧᠮ᠎ᠤᠨ ᠤᠬᠠᠭᠤᠯᠭ᠎ᠠ ᠲᠠᠨᠢᠯᠴᠠᠭᠤᠯᠭ᠎ᠠ᠎ᠨᠢ ᠪᠣᠯᠪᠠᠰᠤᠷᠠᠭᠤᠯᠤᠯ᠎ᠳᠤ ᠣᠷᠣᠯᠴᠠᠭᠰᠠᠳ᠎ᠤᠨ ᠬᠠᠯᠠᠭᠤᠨ ᠬᠦᠷᠢᠶᠡᠯᠡᠯ᠎ᠢ ᠤᠯᠪᠠ᠃

 

     ᠤᠬᠠᠭᠤᠯᠤᠨ ᠲᠠᠢ᠌ᠯᠪᠤᠷᠢᠯᠠᠬᠤ ᠪᠦᠯᠬᠦᠮ ᠠᠵᠤ ᠠᠬᠤᠢ᠌ᠯᠠᠯ᠎ᠤᠨ ᠰᠢᠨ᠎ᠡ ᠵᠢ ᠡᠭᠦᠳᠬᠦ ᠬᠡᠷᠡᠭᠴᠡᠭᠡ ᠱᠠᠭ᠋ᠠᠷᠳᠠᠯᠭ᠎ᠠ ᠵᠢ ᠦᠨᠳᠦᠰᠦᠯᠡᠨ᠂ 《1 + 7 + N》 ᠰᠢᠨᠵᠢᠯᠡᠬᠦ ᠤᠬᠠᠭ᠋ᠠᠨ ᠮᠡᠷᠭᠡᠵᠢᠯ᠎ᠤᠨ ᠲᠥᠷᠥ ᠵᠢᠨ ᠪᠣᠳᠣᠯᠭ᠎ᠠ ᠵᠢᠨ ᠰᠢᠰᠲ᠋ᠧᠮᠵᠢ ᠵᠢ ᠭᠦᠨᠵᠡᠭᠡᠶ ᠲᠠᠢ᠌ᠯᠪᠤᠷᠢᠯᠠᠵᠤ᠂《ᠰᠢᠨᠵᠢᠯᠡᠬᠦ ᠤᠬᠠᠭ᠋ᠠᠨ ᠮᠡᠷᠭᠡᠵᠢᠯ᠎ᠤᠨ ᠰᠢᠨ᠎ᠡ ᠵᠢ ᠡᠭᠦᠳᠬᠦ ᠴᠢᠳᠠᠪᠤᠷᠢ ᠵᠢ ᠤᠯᠠᠮ ᠨᠢᠭᠡ ᠠᠯᠬᠤᠮ ᠳᠡᠭᠡᠭᠰᠢᠯᠡᠭᠦᠯᠬᠦ ᠲᠤᠬᠠᠶ ᠰᠠᠨᠠᠯ》ᠵᠢᠴᠢ ᠢᠵᠢ ᠪᠥᠷᠢᠳᠦᠭᠦᠯᠬᠦ ᠲᠥᠷᠥ ᠵᠢᠨ ᠪᠣᠳᠣᠯᠭ᠎ᠠ ᠵᠢᠨ ᠲᠣᠭᠣᠷᠢᠨ᠎ᠳᠤ᠂ ᠴᠢᠬᠤᠯᠠ ᠶᠡᠬᠡ ᠰᠢᠨᠵᠢᠯᠡᠬᠦ ᠤᠬᠠᠭ᠋ᠠᠨ ᠮᠡᠷᠭᠡᠵᠢᠯ᠎ᠤᠨ ᠲᠥᠷᠥᠯ ᠵᠦᠢᠯ᠎ᠢ ᠭᠤᠶᠤᠴᠢᠯᠠᠨ ᠮᠡᠳᠡᠭᠦᠯᠬᠦ᠂ ᠰᠢᠨ᠎ᠡ ᠵᠢ ᠡᠭᠦᠳᠬᠦ ᠲᠠᠪᠴᠠᠩ᠎ᠤᠨ ᠪᠠᠢ᠌ᠭᠤᠯᠤᠯᠲᠠ᠂ ᠰᠢᠨᠵᠢᠯᠡᠬᠦ ᠤᠬᠠᠭ᠋ᠠᠨ ᠮᠡᠷᠭᠡᠵᠢᠯ᠎ᠤᠨ ᠦᠷ᠎ᠡ ᠪᠦᠲᠦᠭᠡᠯ᠎ᠢ ᠤᠯᠠᠷᠢᠭᠤᠯᠬᠤ᠂ ᠰᠢᠨᠵᠢᠯᠡᠬᠦ ᠤᠬᠠᠭ᠋ᠠᠨ ᠮᠡᠷᠭᠡᠵᠢᠯ᠎ᠤᠨ ᠬᠡᠯᠪᠡᠷᠢ ᠵᠢᠨ ᠠᠵᠤ ᠠᠬᠤᠢ᠌ᠯᠠᠯ᠎ᠢ ᠪᠣᠢ᠌ᠵᠢᠭᠤᠯᠬᠤ ᠵᠡᠷᠭᠡ ᠰᠢᠨᠵᠢᠯᠡᠬᠦ ᠤᠬᠠᠭ᠋ᠠᠨ ᠮᠡᠷᠭᠡᠵᠢᠯ᠎ᠤᠨ ᠠᠵᠤ ᠠᠬᠤᠢ᠌ᠯᠠᠯ᠎ᠳᠤ ᠠᠰᠢᠭ ᠬᠦᠷᠲᠡᠭᠡᠬᠦ ᠲᠥᠷᠥ ᠵᠢᠨ ᠪᠣᠳᠣᠯᠭ᠎ᠠ ᠵᠢ ᠡᠮᠬᠢᠯᠡᠨ ᠳᠢᠭᠯᠡᠵᠦ᠂ ᠠᠵᠤ ᠠᠬᠤᠢ᠌ᠯᠠᠯ᠎ᠳᠤ ᠰᠢᠨ᠎ᠡ ᠲᠥᠷᠥ ᠵᠢᠨ ᠪᠣᠳᠣᠯᠭ᠎ᠠ ᠵᠢᠨ ᠬᠤᠪᠢᠷᠠᠯᠲᠠ ᠪᠠ ᠭᠤᠶᠤᠴᠢᠯᠠᠨ ᠮᠡᠳᠡᠭᠦᠯᠬᠦ ᠭᠣᠤᠯᠳᠠᠯᠭ᠎ᠠ ᠵᠢ ᠰᠢᠭᠤᠳ ᠳᠡᠯᠭᠡᠨ ᠦᠵᠡᠭᠦᠯᠵᠦ᠂ ᠠᠵᠤ ᠠᠬᠤᠢ᠌ᠯᠠᠯ᠎ᠤᠨ ᠲᠥᠷᠥ ᠵᠢᠨ ᠪᠣᠳᠣᠯᠭ᠎ᠠ ᠵᠢ ᠨᠠᠩ ᠰᠠᠢ᠌ᠨ ᠣᠢ᠌ᠯᠠᠭ᠋ᠠᠭᠤᠯᠵᠤ᠂ ᠲᠥᠷᠥ ᠵᠢᠨ ᠪᠣᠳᠣᠯᠭ᠎ᠠ ᠵᠢ ᠬᠡᠷᠡᠭᠯᠡᠬᠦ ᠵᠢ ᠬᠠᠪᠰᠤᠷᠪᠠ᠃

      ᠲᠣᠰ ᠤᠳᠠᠭ᠋ᠠᠨ᠎ᠤ ᠪᠣᠯᠪᠠᠰᠤᠷᠠᠯ᠎ᠳᠤ ᠬᠥᠬᠡᠬᠣᠲᠠ ᠵᠢᠨ ᠡᠯ᠎ᠡ ᠬᠠᠮᠢᠶ᠎ᠠ ᠪᠥᠬᠥᠶ ᠠᠵᠤ ᠠᠬᠤᠢ᠌ᠯᠠᠯ᠎ᠤᠨ ᠬᠠᠷᠢᠭᠤᠴᠠᠯᠭ᠋ᠠᠲᠠᠨ᠂ ᠰᠤᠳᠤᠯᠤᠨ ᠨᠡᠭᠡᠭᠡᠬᠦ ᠭᠣᠤᠯᠯᠠᠨ ᠬᠠᠮᠢᠶᠠᠷᠤᠭᠴᠢ ᠵᠢᠴᠢ ᠮᠡᠷᠭᠡᠵᠢᠯ᠎ᠤᠨ ᠭᠣᠤᠯᠯᠠᠭᠴᠢ᠂ ᠮᠡᠷᠭᠡᠵᠢᠯ᠎ᠤᠨ ᠳᠠᠭ᠋ᠠᠭ᠋ᠠᠮᠠᠯ᠎ᠤᠨ ᠨᠡᠢ᠌ᠭᠡᠮᠯᠢᠭ᠂ ᠯᠠᠪᠯᠠᠭ᠎ᠠ ᠵᠢᠨ ᠦᠢᠯᠡᠰ᠎ᠤᠨ ᠨᠡᠢ᠌ᠭᠡᠮᠯᠢᠭ᠎ᠤᠨ ᠲᠥᠯᠥᠭᠡᠯᠡᠭᠴᠢ ᠵᠢᠴᠢ ᠡᠯ᠎ᠡ ᠬᠣᠰᠢᠭᠤ ᠰᠢᠶᠠᠨ ᠲᠣᠭᠣᠷᠢᠭ᠎ᠤᠨ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠨᠡᠢ᠌ᠭᠡᠮᠯᠢᠭ᠂ ᠨᠡᠭᠡᠭᠡᠯᠲᠡ ᠵᠢᠨ ᠲᠣᠭᠣᠷᠢᠭ᠎ᠤᠨ ᠠᠵᠤ ᠠᠬᠤᠢ᠌ᠯᠠᠯ᠎ᠤᠨ ᠰᠢᠨᠵᠢᠯᠡᠬᠦ ᠤᠬᠠᠭ᠋ᠠᠨ ᠮᠡᠷᠭᠡᠵᠢᠯ᠎ᠤᠨ ᠰᠢᠨ᠎ᠡ ᠵᠢ ᠡᠭᠦᠳᠬᠦ᠎ᠳᠤ ᠦᠢᠯᠡᠴᠢᠯᠡᠬᠦ ᠬᠠᠮᠢᠶ᠎ᠠ ᠪᠥᠬᠥᠶ ᠰᠠᠯᠠᠭ᠎ᠠ ᠮᠥᠴᠢᠷ᠎ᠤᠨ ᠬᠠᠷᠢᠭᠤᠴᠠᠯᠭ᠋ᠠᠲᠠᠨ ᠵᠡᠷᠭᠡ 1100 ᠭᠠᠷᠤᠶ ᠬᠥᠮᠦᠨ ᠰᠦᠯᠵᠢᠶᠡᠨ ᠳᠡᠭᠡᠷ᠎ᠡ ᠪᠠ ᠰᠦᠯᠵᠢᠶᠡᠨ ᠭᠠᠳᠠᠨᠠᠬᠢ ᠬᠡᠯᠪᠡᠷᠢ᠎ᠪᠠᠷ ᠣᠷᠣᠯᠴᠠᠵᠠᠶ᠃

ᠢᠷᠡᠯᠲᠡ᠄          
          
ᠬᠠᠮᠢᠶ᠎ᠡ ᠪᠦᠬᠦᠢ ᠰᠣᠨᠢᠨ
 
            