12 ᠰᠠᠷ᠎ᠠ᠎ᠶ᠋ᠢᠨ 1᠎ᠤ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠳᠡᠳ᠋ ᠱᠦᠵᠢ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠲᠡᠷᠢᠭᠦᠯᠡᠭ᠌ᠴᠢ ᠪᠦᠦ ᠭᠠᠩ ᠵᠠᠰᠠᠭ᠎ᠤᠨ ᠣᠷᠳᠣᠨ᠎ᠤ ᠪᠠᠢᠩᠭᠤ᠎ᠶ᠋ᠢᠨ ᠬᠤᠷᠠᠯ ᠵᠢᠴᠢ ᠠᠶᠤᠯᠭᠦᠢ ᠦᠢᠯᠡᠳᠪᠦᠷᠢᠯᠡᠯ᠎ᠦᠨ ᠵᠥᠪᠯᠡᠯ᠎ᠦᠨ ᠪᠦᠬᠦᠳᠡ ᠬᠤᠷᠠᠯ᠎ᠢ ᠡᠷᠬᠢᠯᠡᠨ ᠬᠤᠷᠠᠯᠳᠤᠭᠤᠯᠪᠠ᠃
ᠬᠤᠷᠠᠯ᠎ᠡᠴᠡ 《ᠥᠪᠥᠷ ᠮᠣᠩᠭᠣᠯ᠎ᠤᠨ ᠴᠢᠨᠠᠷ ᠰᠠᠢᠲᠠᠶ ᠬᠥᠭ᠌ᠵᠢᠯᠲᠡ᠎ᠶ᠋ᠢ ᠠᠬᠢᠭᠤᠯᠵᠤ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ᠎ᠶ᠋ᠢᠨ ᠱᠢᠨ᠎ᠡ ᠬᠠᠭᠤᠳᠠᠰᠤ᠎ᠶ᠋ᠢ ᠴᠢᠷᠮᠠᠢᠨ ᠪᠢᠴᠢᠭ᠌ᠯᠡᠬᠦ᠌ ᠲᠤᠬᠠᠶ ᠲᠥᠷᠥ᠎ᠶ᠋ᠢᠨ ᠶᠠᠪᠤᠳᠠᠯ᠎ᠤᠨ ᠬᠣᠷᠢᠶ᠎ᠠ᠎ᠶᠢᠨ ᠰᠠᠨᠠᠯ》᠎ᠢ ᠨᠠᠢᠳᠠᠪᠤᠷᠢᠵᠢᠭᠤᠯᠤᠭ᠍ᠰᠠᠨ ᠪᠠᠢᠳᠠᠯ᠎ᠢ ᠰᠣᠨᠣᠰᠴᠤ᠌᠂ ᠠᠬᠢᠭᠤᠯᠤᠭᠰᠠᠨ ᠨᠢ ᠢᠯᠡᠷᠬᠡᠢ ᠵᠦᠶ᠋ᠯᠡᠰ᠎ᠢ ᠦᠷᠭᠦᠯᠵᠢᠯᠡᠨ ᠪᠡᠬᠢᠵᠢᠭᠦᠯᠵᠤ᠂ ᠦᠷ᠎ᠡ ᠪᠦᠲᠦᠭᠡᠯ᠎ᠢᠶᠠᠨ ᠥᠷᠭᠡᠳᠭᠡᠵᠤ᠂ ᠠᠬᠢᠴᠠ᠎ᠨᠢ ᠤᠳᠠᠭᠠᠨ ᠪᠠᠢᠬᠤ ᠵᠦᠶ᠋ᠯᠡᠰ᠎ᠤᠨ ᠲᠦᠭ᠌ᠵᠢᠷᠡᠯ᠎ᠢ ᠨᠡᠪᠲᠡᠷᠡᠭᠦᠯᠵᠦ᠍᠂ ᠲᠦᠷᠭᠡᠳᠭᠡᠨ ᠠᠬᠢᠭᠤᠯᠵᠤ᠂ 《ᠰᠠᠨᠠᠯ》᠎ᠳ᠋ᠤ ᠲᠣᠳᠣᠷᠬᠠᠢᠯᠠᠭ᠍ᠰᠠᠨ ᠭᠤᠤᠯᠳᠠᠯᠭ᠎ᠠ᠎ᠲᠠᠶ ᠡᠭᠦᠷᠭᠡ᠂ ᠴᠢᠬᠤᠯᠠ ᠶᠡᠬᠡ ᠲᠥᠷᠥᠯ ᠵᠦᠶ᠋ᠯ᠎ᠢ ᠲᠡᠷᠡ ᠶᠣᠰᠣᠭᠠᠷ ᠨᠢ ᠨᠠᠢᠳᠠᠪᠤᠷᠢᠵᠢᠭᠤᠯᠵᠤ ᠦᠷ᠎ᠡ ᠪᠦᠲᠦᠮᠵᠢ ᠤᠯᠬᠤ᠎ᠶᠢ ᠪᠠᠲᠤᠯᠠᠬᠤ ᠬᠡᠷᠡᠭ᠌ᠲᠡᠶ ᠭᠡᠵᠦ᠍ ᠴᠢᠬᠤᠯᠠᠴᠢᠯᠠᠪᠠ᠃
ᠬᠤᠷᠠᠯ᠎ᠡᠴᠡ ᠪᠥᠬᠥ᠌ ᠣᠷᠣᠨ᠎ᠤ ᠠᠶᠤᠯᠭᠦᠢ ᠦᠶ᠋ᠯᠡᠳᠪᠦᠷᠢᠯᠡᠯ᠎ᠦᠨ ᠠᠵᠢᠯ᠎ᠤᠨ ᠪᠠᠢᠳᠠᠯ᠎ᠤᠨ ᠬᠠᠷᠢᠭᠤ ᠮᠡᠳᠡᠭᠦᠯᠦᠯᠲᠡ᠎ᠶ᠋ᠢ ᠰᠣᠨᠣᠰᠴᠤ᠌᠂ ᠣᠳᠣᠬᠠᠨ᠎ᠤ ᠪᠥᠬᠥ᠌ ᠣᠷᠣᠨ᠎ᠤ ᠡᠨᠳᠡᠯ ᠭᠠᠷᠤᠭᠰᠠᠨ ᠲᠣᠭ᠎ᠠ᠂ ᠡᠨᠳᠡᠭ᠌ᠰᠡᠨ ᠬᠥᠮᠦᠨ᠎ᠦ ᠲᠣᠭ᠎ᠠ 《ᠬᠤᠤᠰᠪᠠᠭᠤᠷᠠᠯᠳᠠ》 ᠲᠠᠢ ᠪᠠᠢᠬᠤ ᠪᠠᠢᠳᠠᠯ᠎ᠢ ᠪᠥᠬᠥ᠌ ᠬᠦᠴᠦᠨ᠎ᠢᠶᠡᠷ ᠪᠠᠲᠤᠯᠠᠵᠤ᠂ ᠵᠢᠯ᠎ᠦᠨ ᠡᠴᠦᠰ᠎ᠦᠨ ᠵᠠᠮ ᠲᠡᠭᠡᠭᠡᠪᠦᠷᠢ᠂ ᠪᠠᠷᠢᠯᠭ᠎ᠠ᠂ ᠲᠡᠮᠦᠷᠯᠢᠭ ᠬᠠᠢᠯᠤᠭᠤᠯᠬᠤ ᠠᠵᠤ ᠦᠶ᠋ᠯᠡᠳᠪᠦᠷᠢ ᠠᠷᠠᠯᠵᠢᠶ᠎ᠠ᠂ ᠠᠭᠤᠷᠬᠠᠶ᠂ ᠬᠢᠮᠢ᠎ᠶ᠋ᠢᠨ ᠠᠵᠤ ᠦᠶ᠋ᠯᠡᠳᠪᠦᠷᠢ ᠵᠢᠴᠢ ᠠᠶᠤᠯᠲᠠᠶ ᠬᠢᠮᠢ᠎ᠶ᠋ᠢᠨ ᠪᠣᠳᠠᠰ᠂ ᠱᠢᠲᠠᠮᠠᠬᠠᠶ ᠬᠡᠶ ᠵᠡᠷᠭᠡ ᠠᠵᠢᠯ ᠲᠥᠷᠥᠯ᠎ᠦᠨ ᠬᠦᠷᠢᠶᠡᠨ᠎ᠳᠡᠬᠢ ᠠᠶᠤᠯ ᠲᠦᠭ᠌ᠰᠢᠭᠦᠷᠢ ᠬᠡᠮ ᠰᠣᠭᠣᠭ᠎ᠢ ᠵᠢᠭ᠍ᠰᠠᠭᠠᠨ ᠪᠠᠢᠴᠠᠭᠠᠵᠤ ᠴᠡᠭ᠌ᠴᠡᠯᠡᠨ ᠵᠠᠰᠠᠬᠤ᠎ᠶ᠋ᠢ ᠰᠠᠢᠲᠤᠷ ᠠᠳᠭᠤᠵᠤ᠂ ᠠᠷᠠᠳ᠎ᠤᠨ ᠬᠡᠷᠡᠭ᠌ᠯᠡᠭᠡᠨ᠎ᠦ ᠦᠨᠳᠦᠷ ᠳᠠᠪᠬᠤᠷᠭ᠎ᠠ᠎ᠳᠤ ᠪᠠᠷᠢᠯᠭ᠎ᠠ ᠪᠠ ᠡᠮᠨᠡᠯᠭᠡ᠎ᠶ᠋ᠢᠨ ᠬᠣᠷᠢᠶ᠎ᠠ᠂ ᠰᠤᠷᠭᠠᠭᠤᠯᠢ᠂ ᠨᠠᠰᠤᠲᠠᠨ᠎ᠢ ᠠᠰᠠᠷᠠᠬᠤ ᠬᠦᠷᠢᠶᠡᠯᠡᠩ ᠵᠡᠷᠭᠡ ᠬᠥᠮᠦᠨ ᠬᠠᠷ᠎ᠠ ᠲᠥᠪᠯᠡᠷᠡᠭ᠌ᠰᠡᠨ ᠲᠠᠯᠠᠪᠤᠷ ᠭᠠᠵᠠᠷ᠎ᠤᠨ ᠭᠠᠯ ᠰᠡᠷᠭᠡᠢᠯᠡᠵᠤ ᠭᠠᠯ ᠤᠨᠳᠠᠷᠠᠭᠠᠬᠤ ᠠᠮᠤᠷ ᠲᠦᠪᠱᠢᠨ᠎ᠦ ᠬᠠᠮᠢᠶᠠᠷᠤᠯᠲᠠ᠎ᠶ᠋ᠢ ᠰᠠᠢᠲᠤᠷ ᠬᠢᠵᠤ᠂ ᠣᠯᠠᠨ ᠲᠦᠮᠡᠨ᠎ᠦ ᠠᠮᠢ ᠨᠠᠰᠤ ᠡᠳ᠋ ᠬᠥᠷᠥᠩᠭᠡ᠎ᠶ᠋ᠢᠨ ᠠᠮᠤᠷ ᠲᠦᠪᠱᠢᠨ᠎ᠢ ᠡᠷᠡᠰ ᠪᠠᠲᠤᠯᠠᠬᠤ ᠬᠡᠷᠡᠭ᠌ᠲᠡᠶ ᠭᠡᠵᠦ᠍ ᠱᠠᠭᠠᠷᠳᠠᠪᠠ᠃
ᠬᠤᠷᠠᠯ᠎ᠡᠴᠡ ᠪᠥᠬᠥ᠌ ᠣᠷᠣᠨ᠎ᠤ ᠡᠮ ᠡᠮᠨᠡᠯᠭᠡ᠎ᠶᠢᠨ ᠳᠠᠭᠠᠳᠭᠠᠯ᠎ᠤᠨ ᠰᠠᠭᠤᠷᠢ ᠮᠥᠩᠭᠥᠨ᠎ᠤ ᠬᠠᠮᠢᠶᠠᠷᠤᠯᠲᠠ᠎ᠶ᠋ᠢᠨ ᠠᠵᠢᠯ᠎ᠤᠨ ᠬᠠᠷᠢᠭᠤ ᠮᠡᠳᠡᠭᠦᠯᠦᠯᠲᠡ᠎ᠶ᠋ᠢ ᠰᠣᠨᠣᠰᠴᠤ᠌᠂ ᠬᠢᠨᠠᠯᠲᠠ ᠬᠠᠮᠢᠶᠠᠷᠤᠯᠲᠠ᠎ᠶᠢᠨ ᠦᠷ᠎ᠡ ᠪᠦᠲᠦᠮᠵᠢ᠎ᠶ᠋ᠢ ᠤᠯᠠᠮ ᠨᠢᠭᠡ ᠠᠯᠬᠤᠮ ᠳᠡᠭᠡᠭ᠌ᠰᠢᠯᠡᠭᠦᠯᠵᠦ᠍᠂ ᠬᠢᠨᠠᠯᠲᠠ ᠬᠠᠮᠢᠶᠠᠷᠤᠯᠲᠠ᠎ᠶ᠋ᠢᠨ ᠲᠤᠤᠷ᠎ᠢ ᠨᠢᠭ᠍ᠲᠠ ᠰᠦᠯᠵᠢᠵᠦ᠍᠂ ᠡᠮ ᠡᠮᠨᠡᠯᠭᠡ᠎ᠶᠢᠨ ᠳᠠᠭᠠᠳᠭᠠᠯ᠎ᠤᠨ ᠰᠠᠭᠤᠷᠢ ᠮᠥᠩᠭᠥᠨ᠎ᠦ ᠠᠮᠤᠷ ᠲᠦᠪᠱᠢᠨ᠎ᠢ ᠰᠠᠬᠢᠨ ᠬᠠᠮᠠᠭᠠᠯᠠᠬᠤ ᠬᠡᠷᠡᠭ᠌ᠲᠡᠶ ᠭᠡᠵᠦ᠍ ᠴᠢᠬᠤᠯᠠᠴᠢᠯᠠᠪᠠ᠃
ᠬᠤᠷᠠᠯ᠎ᠡᠴᠡ ᠪᠠᠰᠠ ᠪᠤᠰᠤᠳ ᠵᠦᠢᠯ᠎ᠢ ᠰᠤᠳᠤᠯᠵᠠᠢ᠃