11 ᠰᠠᠷ᠎ᠠ᠎ᠶ᠋ᠢᠨ 27᠎ᠦ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠢ᠎ᠠ᠎ᠶ᠋ᠢᠨ ᠱᠦᠵᠢ ᠸᠠᠩ ᠸᠧᠢ ᠵᠦᠩ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠢ᠎ᠠ᠎ᠶ᠋ᠢᠨ ᠳᠡᠳ᠋ ᠱᠦᠵᠢ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠲᠡᠷᠢᠭᠦᠯᠡᠭ᠌ᠴᠢ ᠪᠦᠦ ᠭᠠᠩ ᠬᠥᠬᠡᠬᠣᠲᠠ᠎ᠳᠤ ᠳᠤᠮᠳᠠᠳᠤ ᠤᠯᠤᠰ᠎ᠤᠨ ᠬᠤᠸᠠ ᠨᠸᠩ ᠪᠦᠯᠦᠭ᠌ᠯᠡᠯ ᠬᠢᠵᠠᠭᠠᠷᠲᠤ ᠺᠣᠮᠫᠠᠨᠢ᠎ᠶ᠋ᠢᠨ ᠨᠠᠮ᠎ᠤᠨ ᠤᠳᠤᠷᠢᠳᠭᠤ ᠳᠤᠭᠤᠢᠯᠠᠩ᠎ᠤᠨ ᠱᠦᠵᠢ᠂ ᠬᠡᠷᠡᠭ ᠮᠡᠳᠡᠭ᠌ᠴᠢᠳ᠎ᠦᠨ ᠳᠠᠷᠤᠭ᠎ᠠ ᠸᠸᠨ ᠱᠣ᠌ ᠭᠠᠩ᠎ᠨᠠᠷ᠎ᠲᠠᠶ ᠠᠭᠤᠯᠵᠠᠪᠠ᠃


ᠸᠠᠩ ᠸᠧᠢ ᠵᠦᠩ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠢ᠎ᠠ ᠪᠣᠯᠤᠨ ᠵᠠᠰᠠᠭ᠎ᠤᠨ ᠣᠷᠳᠣᠨ᠎ᠤ ᠡᠮᠦᠨ᠎ᠡ᠎ᠡᠴᠡ ᠸᠸᠨ ᠱᠣ᠌ ᠭᠠᠩ᠎ᠨᠠᠷ᠎ᠢ ᠪᠠᠶᠠᠷᠯᠠᠨ ᠤᠭ᠍ᠲᠤᠵᠤ ᠪᠠᠢᠬᠤ᠎ᠪᠠᠨ ᠢᠯᠡᠳᠭᠡᠵᠦ᠍᠂ ᠳᠤᠮᠳᠠᠳᠤ ᠤᠯᠤᠰ᠎ᠤᠨ ᠬᠤᠸᠠ ᠨᠸᠩ ᠪᠦᠯᠦᠭᠯᠡᠯ᠎ᠤᠨ ᠮᠠᠨ᠎ᠤ ᠣᠷᠣᠨ᠎ᠤ ᠠᠵᠤ ᠠᠬᠤᠢ ᠨᠡᠢᠭᠡᠮ᠎ᠦᠨ ᠬᠥᠭ᠌ᠵᠢᠯᠲᠡ᠎ᠳᠦ ᠦᠵᠡᠭᠦᠯᠦᠭ᠌ᠰᠡᠨ ᠬᠤᠪᠢ ᠨᠡᠮᠡᠷᠢ᠎ᠳᠦ ᠲᠠᠯᠠᠷᠬᠠᠵᠤ ᠪᠠᠢᠬᠤ᠎ᠪᠠᠨ ᠢᠯᠡᠳᠭᠡᠭ᠌ᠰᠡᠨ ᠪᠥᠭᠡᠳ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠳᠤᠭᠠᠷ ᠬᠤᠭᠤᠴᠠᠭᠠᠨ᠎ᠤ ᠲᠥᠪ ᠬᠤᠷᠢᠶ᠎ᠠ᠎ᠶᠢᠨ ᠳᠥᠷᠪᠡᠳᠦᠭᠡᠷ ᠪᠦᠬᠦᠳᠠ ᠬᠤᠷᠠᠯ᠎ᠤᠨ ᠵᠣᠷᠢᠭ ᠰᠠᠨᠠᠭ᠎ᠠ᠎ᠶ᠋ᠢ ᠰᠤᠷᠤᠯᠴᠠᠨ ᠲᠤᠭᠤᠱᠢᠯᠠᠭᠤᠯᠵᠤ᠂ ᠶᠡᠷᠦᠩᠬᠡᠢ ᠱᠦᠵᠢ ᠰᠢ᠎ᠵᠢᠨ᠎ᠫᠢᠩ᠎ᠦᠨ ᠥᠪᠥᠷ ᠮᠣᠩᠭᠣᠯ᠎ᠤᠨ ᠲᠤᠬᠠᠢ ᠱᠢᠷᠢᠰ ᠴᠢᠬᠤᠯᠠ ᠶᠠᠷᠢᠶ᠎ᠠ ᠴᠢᠬᠤᠯᠠ ᠵᠢᠭᠠᠪᠤᠷᠢ᠎ᠶ᠋ᠢᠨ ᠵᠣᠷᠢᠭ ᠰᠠᠨᠠᠭ᠎ᠠ᠎ᠶ᠋ᠢ ᠲᠤᠭᠤᠱᠢᠯᠠᠭᠤᠯᠤᠨ ᠨᠠᠢᠳᠠᠪᠤᠷᠢᠵᠢᠭᠤᠯᠤᠭ᠍ᠰᠠᠨ ᠬᠣᠯᠪᠣᠭ᠍ᠳᠠᠯ ᠪᠦᠬᠦᠢ ᠪᠠᠢᠳᠠᠯ᠎ᠢ ᠲᠠᠨᠢᠯᠴᠠᠭᠤᠯᠪᠠ᠃ ᠲᠡᠷᠡ᠂ ᠣᠳᠣᠬᠠᠨ᠎ᠳᠤ᠂ ᠪᠢᠳᠡ ᠶᠠᠭ ᠶᠡᠷᠦᠩᠬᠡᠶ ᠱᠦᠵᠢ ᠰᠢ᠎ᠵᠢᠨ᠎ᠫᠢᠩ᠂ ᠨᠠᠮ᠎ᠤᠨ ᠲᠥᠪ ᠬᠤᠷᠢᠶ᠎ᠠ᠎ᠶᠢᠨ ᠥᠪᠥᠷ ᠮᠣᠩᠭᠣᠯ᠎ᠤᠨ ᠲᠤᠬᠠᠶ ᠪᠠᠢᠯᠳᠤᠬᠤ ᠪᠣᠳᠣᠯᠭ᠎ᠠ᠎ᠶ᠋ᠢᠨ ᠪᠠᠢᠷᠢ ᠲᠣᠭ᠍ᠲᠠᠭᠠᠯᠲᠠ᠂ ᠡᠭᠦᠷᠭᠡ ᠬᠠᠷᠢᠭᠤᠴᠠᠯᠭ᠎ᠠ᠎ᠶ᠋ᠢᠨ ᠶᠣᠰᠣᠭᠠᠷ᠂ ᠣᠲᠣ ᠦᠶ᠎ᠡ᠎ᠶ᠋ᠢᠨ ᠡᠨᠧᠷᠭᠢ᠎ᠶ᠋ᠢᠨ ᠠᠵᠤ ᠠᠬᠤᠶ᠎ᠶ᠋ᠢ ᠶᠡᠬᠡᠪᠡᠷ ᠬᠥᠭ᠌ᠵᠢᠭᠦᠯᠵᠦ᠍᠂ ᠤᠯᠠᠮᠵᠢᠯᠠᠯᠲᠤ ᠡᠨᠧᠷᠭᠢ᠎ᠶ᠋ᠢᠨ ᠦᠨᠳᠦᠰᠦᠨ ᠵᠦᠶ᠋ᠯ᠎ᠢ ᠪᠠᠲᠤᠯᠠᠬᠤ ᠴᠢᠳᠠᠪᠤᠷᠢ᠎ᠶ᠋ᠢ ᠴᠢᠩᠭᠠᠳᠭᠠᠵᠤ᠂ ᠱᠢᠨ᠎ᠡ ᠡᠨᠧᠷᠭᠢ᠎ᠶ᠋ᠢ ᠨᠡᠭᠡᠭᠡᠨ ᠠᠱᠢᠭ᠍ᠯᠠᠬᠤ ᠲᠦᠪᠱᠢᠨ᠎ᠢ ᠳᠡᠭᠡᠭ᠌ᠰᠢᠯᠡᠭᠦᠯᠵᠦ᠍᠂ ᠪᠠᠢᠯᠳᠤᠬᠤ ᠪᠣᠳᠣᠯᠭ᠎ᠠ᠎ᠶ᠋ᠢᠨ ᠴᠢᠨᠠᠷᠲᠠᠶ ᠠᠭᠤᠷᠬᠠᠶ᠎ᠶ᠋ᠢᠨ ᠭᠠᠷᠤᠯᠲᠠ᠎ᠶ᠋ᠢᠨ ᠡᠬᠢ ᠪᠠᠶᠠᠯᠢᠭ᠎ᠢ ᠨᠡᠭᠡᠭᠡᠨ ᠠᠱᠢᠭ᠍ᠯᠠᠬᠤ᠎ᠶ᠋ᠢ ᠴᠢᠩᠭᠠᠳᠭᠠᠵᠤ᠂ ᠤᠯᠤᠰ᠎ᠤᠨ ᠴᠢᠬᠤᠯᠠ ᠡᠨᠧᠷᠭᠢ ᠪᠠ ᠪᠠᠢᠯᠳᠤᠬᠤ ᠪᠣᠳᠣᠯᠭ᠎ᠠ᠎ᠶ᠋ᠢᠨ ᠡᠬᠢ ᠪᠠᠶᠠᠯᠢᠭ᠎ᠤᠨ ᠰᠠᠭᠤᠷᠢᠨ᠎ᠢ ᠲᠦᠷᠭᠡᠳᠭᠡᠨ ᠪᠠᠢᠭᠤᠯᠵᠤ ᠪᠠᠢᠨ᠎ᠠ᠃ 《ᠠᠷᠪᠠᠨ ᠳᠠᠪᠤᠳᠤᠭᠠᠷ ᠳᠠᠪᠤᠨ ᠵᠢᠯ》᠎ᠤᠨ ᠲᠥᠯᠥᠪᠵᠢᠭᠦᠯᠭᠡ᠎ᠶ᠋ᠢᠨ ᠬᠤᠭᠤᠴᠠᠭᠠᠨ᠎ᠳᠤ᠂ ᠥᠪᠥᠷ ᠮᠣᠩᠭᠣᠯ ᠡᠨᠧᠷᠭᠢ᠎ᠶ᠋ᠢᠨ ᠬᠤᠪᠢᠰᠭᠠᠯ᠎ᠢ ᠭᠦᠨᠵᠡᠭᠡᠶ ᠠᠬᠢᠭᠤᠯᠵᠤ᠂ ᠤᠯᠤᠰ᠎ᠤᠨ ᠳᠣᠲᠣᠭᠠᠳᠤ ᠭᠠᠳᠠᠭᠠᠳᠤ᠎ᠳᠡᠬᠢ ᠡᠨᠧᠷᠭᠢ᠎ᠶ᠋ᠢᠨ ᠬᠣᠷᠱᠢᠯᠴᠠᠭᠠᠶ᠋ᠢ ᠴᠢᠩᠭᠠᠳᠭᠠᠨ᠂ ᠠᠷᠢᠭᠤᠨ ᠴᠡᠪᠡᠷ ᠪᠥᠭᠡᠳ ᠪᠠᠭ᠎ᠠ ᠨᠡᠭᠦᠷᠡᠰᠦᠲᠦᠢ᠍ᠷᠦᠭᠴᠢᠳᠦ᠂ ᠠᠮᠤᠷ ᠲᠦᠪᠱᠢᠨ ᠪᠥᠭᠡᠳ ᠥᠨᠳᠥᠷ ᠦᠷ᠎ᠡ ᠪᠦᠲᠦᠮᠵᠢᠲᠡᠶ ᠱᠢᠨ᠎ᠡ ᠬᠡᠯᠪᠡᠷᠢ᠎ᠶᠢᠨ ᠡᠨᠧᠷᠭᠢ᠎ᠶ᠋ᠢᠨ ᠱᠢᠰᠲᠧᠮ᠎ᠢ ᠪᠠᠢᠭᠤᠯᠵᠤ᠂ ᠳᠤᠮᠳᠠᠳᠤ ᠤᠯᠤᠰ᠎ᠤᠨ ᠬᠤᠸᠠ ᠨᠧᠩ ᠪᠦᠯᠦᠭᠯᠡᠯ᠎ᠯᠦᠭᠡ᠎ᠶ᠋ᠢᠨ ᠬᠣᠷᠱᠢᠯᠴᠠᠬᠤ ᠣᠷᠣᠨ ᠵᠠᠶ ᠯᠤᠲᠤ ᠶᠡᠬᠡ ᠪᠠᠢᠨ᠎ᠠ᠃ ᠬᠣᠶᠠᠷ ᠲᠠᠯ᠎ᠠ᠎ᠪᠠᠷ᠎ᠢᠶᠠᠨ ᠬᠠᠮᠲᠤᠷᠠᠯᠴᠠᠭᠠᠨ᠎ᠤ ᠬᠦᠷᠢᠶ᠎ᠡ᠎ᠪᠡᠨ ᠤᠯᠠᠮ ᠨᠢᠭᠡ ᠠᠯᠬᠤᠮ ᠥᠷᠭᠡᠳᠭᠡᠵᠦ᠍᠂ ᠱᠢᠨ᠎ᠡ ᠡᠨᠧᠷᠭᠢ᠎ᠶ᠋ᠢ ᠨᠡᠭᠡᠭᠡᠨ ᠬᠥᠭ᠌ᠵᠢᠭᠦᠯᠬᠦ᠌᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌᠂ ᠨᠡᠭᠦᠷᠡᠰᠦᠨ ᠠᠭᠤᠷᠬᠠᠢ᠎ᠶ᠋ᠢᠨ ᠤᠶᠤᠨᠴᠢᠯᠠᠬᠤ ᠪᠠᠢᠭᠤᠯᠤᠯᠲᠠ᠂ ᠪᠣᠬᠢᠷᠲᠤᠯ ᠦᠭᠡᠢ ᠴᠠᠬᠢᠯᠭᠠᠨ᠎ᠢ ᠣᠨᠳᠣᠣᠱᠢᠭᠤᠯᠬᠤ ᠵᠡᠷᠭᠡ ᠲᠠᠯ᠎ᠠ᠎ᠶ᠋ᠢᠨ ᠪᠣᠳᠠᠲᠠᠢ᠎ᠶ᠋ᠢ ᠡᠷᠬᠢᠮᠯᠡᠭ᠌ᠰᠡᠨ ᠬᠠᠮᠲᠤᠷᠠᠯᠴᠠᠭ᠎ᠠ᠎ᠶ᠋ᠢ ᠭᠦᠨᠵᠡᠭᠡᠢᠷᠡᠭᠦᠯᠵᠦ᠍᠂ ᠬᠠᠮᠲᠤᠷᠠᠯᠴᠠᠭᠠᠨ᠎ᠤ ᠲᠦᠷᠦᠯ ᠵᠦᠢᠯ᠎ᠦᠨ ᠪᠦᠳᠦᠭᠡᠨ ᠪᠠᠢᠭᠤᠯᠤᠯᠲᠠ᠎ᠶ᠋ᠢᠨ ᠠᠬᠢᠴᠠ᠎ᠶ᠋ᠢ ᠲᠦᠷᠭᠡᠳᠭᠡᠨ ᠠᠬᠢᠭᠤᠯᠵᠤ᠂ ᠤᠳᠤ ᠦᠶ᠎ᠡ᠎ᠶ᠋ᠢᠨ ᠡᠨᠧᠷᠭᠢ᠎ᠶ᠋ᠢᠨ ᠠᠵᠤ ᠠᠬᠤᠢ᠎ᠶ᠋ᠢᠨ ᠠᠵᠢᠯ᠎ᠢ ᠬᠠᠮᠲᠤ᠎ᠪᠠᠷ ᠰᠠᠢᠲᠤᠷ ᠬᠢᠬᠦ᠌᠎ᠶ᠋ᠢ ᠬᠦᠰᠡᠵᠦ᠍ ᠪᠠᠢᠨ᠎ᠠ᠃ ᠪᠢᠳᠡ ᠥᠩᠭᠡᠷᠡᠭ᠌ᠰᠡᠨ᠎ᠲᠡᠶ᠎ᠪᠡᠨ ᠠᠳᠠᠯᠢ᠎ᠪᠠᠷ ᠦᠢᠯᠡᠴᠢᠯᠡᠭᠡ ᠪᠠᠲᠤᠯᠠᠭ᠎ᠠ᠎ᠶ᠋ᠢ ᠰᠠᠢᠲᠤᠷ ᠬᠢᠵᠦ᠍᠂ ᠳᠤᠮᠳᠠᠳᠤ ᠤᠯᠤᠰ᠎ᠤᠨ ᠬᠤᠸᠠ ᠨᠸᠩ ᠪᠦᠯᠦᠭᠯᠡᠯ᠎ᠤᠨ ᠥᠪᠥᠷ ᠮᠣᠩᠭᠣᠯ᠎ᠳᠠᠬᠢ ᠬᠥᠭ᠌ᠵᠢᠯᠲᠡ᠎ᠶ᠋ᠢ ᠪᠦᠬᠦ᠌ ᠬᠦᠴᠦᠨ᠎ᠢᠶᠡᠷ᠎ᠢᠶᠡᠨ ᠳᠡᠮᠵᠢᠨ᠎ᠠ ᠭᠡᠪᠡ᠃
ᠸᠧᠨ ᠱᠤ᠌ ᠭᠠᠩ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠪᠣᠯᠤᠨ ᠵᠠᠰᠠᠭ᠎ᠤᠨ ᠣᠷᠳᠣᠨ᠎ᠤ ᠳᠤᠮᠳᠠᠳᠤ ᠤᠯᠤᠰ᠎ᠤᠨ ᠬᠤᠸᠠ ᠨᠧᠩ ᠪᠦᠯᠦᠭᠯᠡᠯ᠎ᠳᠦ ᠦᠵᠡᠭᠦᠯᠵᠦ ᠢᠷᠡᠭᠰᠡᠨ ᠳᠡᠮᠵᠢᠯᠭᠡ᠎ᠳᠦ ᠲᠠᠯᠠᠷᠬᠠᠵᠤ ᠠᠵᠤ ᠠᠬᠤᠢᠯᠠᠯ᠎ᠤᠨ ᠬᠥᠭ᠌ᠵᠢᠯᠲᠡ᠎ᠶ᠋ᠢᠨ ᠪᠠᠢᠳᠠᠯ᠎ᠵᠢᠡᠨ ᠲᠠᠨᠢᠯᠴᠠᠭᠤᠯᠵᠠᠶ᠃ ᠲᠡᠷᠡ᠂ ᠥᠪᠥᠷ ᠮᠣᠩᠭᠣᠯ ᠪᠣᠯ ᠳᠤᠮᠳᠠᠳᠤ ᠤᠯᠤᠰ᠎ᠤᠨ ᠬᠤᠸᠠ ᠨᠸᠩ ᠪᠦᠯᠦᠭᠯᠡᠯ᠎ᠤᠨ ᠪᠡᠯᠡ ᠣᠷᠣᠭᠤᠯᠤᠯᠲᠠ᠎ᠶ᠋ᠢᠨ ᠴᠢᠬᠤᠯᠠ ᠭᠠᠵᠠᠷ᠂ ᠬᠥᠭ᠌ᠵᠢᠯᠲᠡ᠎ᠶ᠋ᠢᠨ ᠭᠤᠤᠯᠳᠠᠯᠭ᠎ᠠ ᠲᠠᠢ ᠭᠠᠵᠠᠷ᠂ ᠪᠠᠢᠯᠳᠤᠬᠤ ᠪᠤᠳᠤᠯᠭ᠎ᠠ᠎ᠶ᠋ᠢᠨ ᠥᠨᠳᠥᠷᠯᠢᠭ ᠭᠠᠵᠠᠷ ᠪᠣᠯᠤᠨ᠎ᠠ᠂ ᠪᠢᠳᠡ ᠢᠮᠠᠭ᠍ᠲᠠ ᠥᠪᠥᠷ ᠮᠣᠩᠭᠣᠯ᠎ᠤᠨ ᠠᠵᠤ ᠠᠬᠤᠢ ᠨᠡᠢᠭᠡᠮ᠎ᠦᠨ ᠬᠥᠭ᠌ᠵᠢᠯᠲᠡ᠎ᠳᠦ ᠦᠢᠯᠡᠴᠢᠯᠡᠬᠦ᠌᠎ᠶ᠋ᠢ ᠭᠦᠢᠴᠡᠳᠭᠡᠪᠡᠰᠦ ᠵᠣᠬᠢᠬᠤ ᠬᠠᠷᠢᠭᠤᠴᠠᠯᠭ᠎ᠠ᠎ᠪᠠᠨ ᠪᠣᠯᠭᠠᠵᠤ᠂ ᠥᠪᠥᠷ ᠮᠣᠩᠭᠣᠯ᠎ᠯᠤᠭ᠎ᠠ᠎ᠶ᠋ᠢᠨ ᠬᠠᠷᠢᠯᠴᠠᠨ ᠠᠱᠢᠭ᠍ᠲᠠᠢ ᠬᠠᠮᠲᠤᠷᠠᠯᠴᠠᠭ᠎ᠠ ᠢᠳᠡᠪᠬᠢᠲᠡᠢ ᠦᠷ᠎ᠡ ᠪᠦᠲᠦᠮᠵᠢ ᠤᠯᠬᠤ᠎ᠶ᠋ᠢ ᠠᠬᠢᠭᠤᠯᠤᠨ᠎ᠠ᠃ ᠳᠠᠷᠠᠭᠠᠴᠢ᠎ᠶ᠋ᠢᠨ ᠠᠯᠬᠤᠮ᠎ᠳᠤ᠂ ᠳᠤᠮᠳᠠᠳᠤ ᠤᠯᠤᠰ᠎ᠤᠨ ᠬᠤᠸᠠ ᠨᠸᠩ ᠪᠦᠯᠦᠭᠯᠡᠯ ᠥᠪᠥᠷ ᠮᠣᠩᠭᠣᠯ᠎ᠤᠨ 《ᠠᠷᠪᠠᠨ ᠲᠠᠪᠤᠳᠤᠭᠠᠷ ᠲᠠᠪᠤᠨ ᠵᠢᠯ》᠎ᠤᠨ ᠲᠥᠯᠥᠪᠵᠢᠭᠦᠯᠭᠡ᠎ᠶ᠋ᠢᠨ ᠲᠣᠭᠣᠷᠢᠨ᠎ᠳᠤ᠂ ᠡᠨᠧᠷᠭᠢ᠎ᠶ᠋ᠢᠨ ᠬᠠᠩᠭᠠᠯᠭ᠎ᠠ᠎ᠶ᠋ᠢ ᠪᠠᠲᠤᠯᠠᠬᠤ ᠠᠵᠢᠯ᠎ᠢ ᠯᠠᠪᠳᠠᠭᠤᠨ ᠪᠠᠲᠤᠲᠠᠢ ᠰᠠᠢᠲᠤᠷ ᠬᠢᠵᠦ᠍᠂ ᠲᠤᠮᠤ ᠬᠡᠯᠪᠡᠷᠢ᠎ᠶ᠋ᠢᠨ ᠴᠡᠪᠡᠷ ᠡᠨᠧᠷᠭᠢ᠎ᠶ᠋ᠢᠨ ᠰᠠᠭᠤᠷᠢᠨ᠎ᠤ ᠪᠦᠳᠦᠭᠡᠨ ᠪᠠᠢᠭᠤᠯᠤᠯᠲᠠ᠎ᠶ᠋ᠢ ᠢᠳᠡᠪᠬᠢᠲᠡᠢ ᠠᠬᠢᠭᠤᠯᠵᠤ᠂ ᠭᠣᠣᠯᠳᠠᠯᠭ᠎ᠠ᠎ᠲᠠᠶ ᠲᠦᠷᠦᠯ ᠵᠦᠢᠯ᠎ᠢ ᠨᠠᠢᠳᠠᠪᠤᠷᠢᠵᠢᠭᠤᠯᠤᠨ ᠦᠷ᠎ᠡ ᠪᠦᠲᠦᠮᠵᠢ ᠭᠠᠷᠭᠠᠬᠤ᠎ᠶ᠋ᠢ ᠲᠦᠷᠭᠡᠳᠭᠡᠵᠦ᠍᠂ ᠠᠵᠤ ᠦᠢᠯᠡᠰ᠎ᠦᠨ ᠬᠥᠭ᠌ᠵᠢᠯᠲᠡ ᠪᠠ ᠠᠷᠠᠳ᠎ᠤᠨ ᠠᠮᠢᠳᠤᠷᠠᠯ᠎ᠤᠨ ᠰᠠᠢᠵᠢᠷᠠᠯᠲᠠ᠎ᠳᠤ ᠬᠦᠴᠦᠨ ᠨᠡᠮᠡᠷᠢᠯᠡᠵᠦ᠍᠂ ᠪᠦᠬᠦ᠌ ᠣᠷᠣᠨ᠎ᠤ ᠠᠵᠤ ᠠᠬᠤᠢ ᠨᠡᠢᠭᠡᠮ᠎ᠦᠨ ᠴᠢᠨᠠᠷ ᠰᠠᠢᠲᠠᠢ ᠬᠥᠭ᠌ᠵᠢᠯᠲᠡ᠎ᠳᠦ ᠨᠡᠩ ᠰᠠᠢ᠌ᠨ ᠦᠢᠯᠡᠴᠢᠯᠡᠨ᠎ᠡ ᠭᠡᠪᠡ᠃
ᠥᠪᠡᠷᠲᠡᠭᠡᠨ ᠵᠠᠰᠠᠬᠤ ᠣᠷᠣᠨ᠎ᠤ ᠤᠳᠤᠷᠢᠳᠤᠯᠭ᠎ᠠ ᠬᠤᠸᠠᠩ ᡁᠢ ᠴᠢᠶᠠᠩ᠂ ᠢᠦᠢ ᠯᠢ ᠱᠢᠨ ᠣᠷᠣᠯᠴᠠᠪᠠ᠃