ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ
ᠰᠢᠨᠵᠢᠯᠡᠭᠡ ᠮᠡᠷᠭᠡᠵᠢᠯ
ᠰᠣᠨᠢᠨ ᠮᠡᠳᠡᠭᠡ   -   ᠰᠣᠨᠢᠨ ᠮᠡᠳᠡᠭᠡ
ᠥᠪᠡᠷᠲᠡᠭᠡᠨ ᠵᠠᠰᠠᠬᠤ ᠣᠷᠣᠨ᠎ᠤ ᠰᠢᠨᠵᠢᠯᠡᠬᠦ ᠤᠬᠠᠭ᠋ᠠᠨ ᠮᠡᠷᠭᠡᠵᠢᠯ᠎ᠤᠨ ᠲᠢᠩᠬᠢᠮ᠎ᠤᠨ ᠪᠠᠢ᠌ᠭᠤᠯᠭ᠎ᠠ ᠵᠢᠨ ᠠᠵᠢᠯ᠎ᠠᠴᠠ᠎ᠪᠠᠨ ᠳᠠᠷᠬᠠᠯᠠᠭᠳᠠᠭᠰᠠᠨ ᠠᠵᠢᠯ᠎ᠠᠴᠠ᠎ᠪᠠᠨ ᠠᠮᠠᠷᠠᠭᠰᠠᠨ ᠪᠤᠭᠤᠷᠤᠯᠴᠤᠳ᠎ᠤᠨ ᠰᠢᠨᠵᠢᠯᠡᠬᠦ ᠤᠬᠠᠭ᠋ᠠᠨ ᠮᠡᠷᠭᠡᠵᠢᠯ᠎ᠤᠨ ᠨᠠᠮ᠎ᠤᠨ ᠡᠭᠦᠷ᠎ᠤᠨ ᠬᠤᠭᠤᠴᠠᠭ᠎ᠠ ᠰᠣᠯᠢᠬᠤ ᠰᠣᠩᠭᠣᠭᠤᠯᠢ ᠵᠢᠴᠢ ᠥᠪᠡᠷᠲᠡᠭᠡᠨ ᠵᠠᠰᠠᠬᠤ ᠣᠷᠣᠨ᠎ᠤ ᠰᠢᠨᠵᠢᠯᠡᠬᠦ ᠤᠬᠠᠭ᠋ᠠᠨ ᠮᠡᠷᠭᠡᠵᠢᠯ᠎ᠤᠨ ᠲᠢᠩᠬᠢᠮ᠎ᠤᠨ ᠪᠠᠢ᠌ᠭᠤᠯᠭ᠎ᠠ ᠵᠢᠨ ᠠᠵᠢᠯ᠎ᠠᠴᠠ᠎ᠪᠠᠨ ᠳᠠᠷᠬᠠᠯᠠᠭᠳᠠᠭᠰᠠᠨ ᠠᠵᠢᠯ᠎ᠠᠴᠠ᠎ᠪᠠᠨ ᠠᠮᠠᠷᠠᠭᠰᠠᠨ ᠪᠤᠭᠤᠷᠤᠯᠴᠤᠳ᠎ᠤᠨ ᠰᠢᠨᠵᠢᠯᠡᠬᠦ ᠤᠬᠠᠭ᠋ᠠᠨ ᠮᠡᠷᠭᠡᠵᠢᠯ᠎ᠤᠨ ᠨᠠᠮ᠎ᠤᠨ ᠡᠭᠦᠷ᠎ᠤᠨ ᠰᠣᠩᠭᠣᠭᠤᠯᠢ ᠵᠢᠨ ᠠᠵᠢᠯ ᠲᠡᠭᠦᠰ ᠠᠮᠵᠢᠯᠲᠠ᠎ᠲᠠᠢ ᠪᠡᠶᠡᠯᠡᠭᠳᠡᠪᠡ
ᠨᠡᠶ᠋ᠢᠲᠡᠯᠡᠭᠰᠡᠨ ᠴᠠᠭ᠄ 2025-03-28

  
   《ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠦᠷᠢᠮ》᠂ 《ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠦᠨᠳᠦᠰᠦᠨ ᠱᠠᠲᠤᠨ᠎ᠤ ᠵᠣᠬᠢᠶᠠᠨ ᠪᠠᠢ᠌ᠭᠤᠯᠤᠯᠲᠠ ᠵᠢᠨ ᠰᠣᠩᠭᠣᠭᠤᠯᠢ ᠵᠢᠨ ᠠᠵᠢᠯ᠎ᠤᠨ ᠲᠦᠷᠢᠮ》᠂ 《ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠡᠭᠦᠷ᠎ᠤᠨ ᠠᠵᠢᠯ᠎ᠤᠨ ᠲᠦᠷᠢᠮ (ᠲᠤᠷᠰᠢᠨ ᠬᠡᠷᠡᠭᠵᠢᠭᠦᠯᠬᠦ)》 ᠵᠡᠷᠭᠡ ᠲᠣᠭᠲᠠᠭ᠋ᠠᠯ᠎ᠢ ᠦᠨᠳᠦᠰᠦᠯᠡᠨ᠂ 3 ᠰᠠᠷ᠎ᠠ ᠵᠢᠨ 25᠎ᠤ ᠡᠳᠦᠷ᠂ ᠥᠪᠡᠷᠲᠡᠭᠡᠨ ᠵᠠᠰᠠᠬᠤ ᠣᠷᠣᠨ᠎ᠤ ᠰᠢᠨᠵᠢᠯᠡᠬᠦ ᠤᠬᠠᠭ᠋ᠠᠨ ᠮᠡᠷᠭᠡᠵᠢᠯ᠎ᠤᠨ ᠲᠢᠩᠬᠢᠮ᠎ᠤᠨ ᠪᠠᠢ᠌ᠭᠤᠯᠭ᠎ᠠ ᠵᠢᠨ ᠠᠵᠢᠯ᠎ᠠᠴᠠ᠎ᠪᠠᠨ ᠳᠠᠷᠬᠠᠯᠠᠭᠳᠠᠭᠰᠠᠨ ᠠᠵᠢᠯ᠎ᠠᠴᠠ᠎ᠪᠠᠨ ᠠᠮᠠᠷᠠᠭᠰᠠᠨ ᠪᠤᠭᠤᠷᠤᠯᠴᠤᠳ᠎ᠤᠨ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠨᠠᠮ᠎ᠤᠨ ᠡᠭᠦᠷ᠎ᠤᠨ ᠬᠤᠭᠤᠴᠠᠭ᠎ᠠ ᠰᠣᠯᠢᠬᠤ ᠰᠣᠩᠭᠣᠭᠤᠯᠢ ᠵᠢ ᠲᠡᠭᠦᠰ ᠠᠮᠵᠢᠯᠲᠠ᠎ᠲᠠᠢ ᠪᠡᠶᠡᠯᠡᠭᠦᠯᠪᠡ᠃ ᠲᠢᠩᠬᠢᠮ᠎ᠤᠨ ᠪᠠᠢ᠌ᠭᠤᠯᠭ᠎ᠠ ᠵᠢᠨ ᠨᠠᠮ᠎ᠤᠨ ᠬᠣᠷᠢᠶ᠎ᠠ ᠪᠥᠬᠥ ᠶᠠᠪᠤᠴᠠ᠎ᠳᠤ ᠠᠵᠢᠯᠲᠠᠨ ᠲᠣᠮᠢᠯᠠᠵᠤ ᠵᠢᠭ᠋ᠠᠨ ᠵᠢᠯᠣᠭᠣᠳᠪᠠ᠃
   《ᠰᠢᠨ᠎ᠡ ᠴᠠᠭ ᠦᠶ᠎ᠡ ᠵᠢᠨ ᠠᠵᠢᠯ᠎ᠠᠴᠠ᠎ᠪᠠᠨ ᠳᠠᠷᠬᠠᠯᠠᠭᠳᠠᠭᠰᠠᠨ ᠠᠵᠢᠯ᠎ᠠᠴᠠ᠎ᠪᠠᠨ ᠠᠮᠠᠷᠠᠭᠰᠠᠨ ᠺᠠᠳ᠋ᠷᠴᠤᠳ᠎ᠤᠨ ᠨᠠᠮ᠎ᠤᠨ ᠪᠠᠢ᠌ᠭᠤᠯᠤᠯᠲᠠ ᠵᠢᠨ ᠠᠵᠢᠯ᠎ᠢ ᠴᠢᠩᠭ᠋ᠠᠳᠬᠠᠬᠤ ᠲᠤᠬᠠᠶ ᠰᠠᠨᠠᠯ》᠎ᠢ ᠪᠣᠳᠠᠲᠠᠶ ᠨᠠᠷᠢᠯᠢᠭ ᠨᠠᠢ᠌ᠳᠠᠪᠤᠷᠢᠵᠢᠭᠤᠯᠬᠤ ᠵᠢ ᠦᠷᠭᠦᠯᠵᠢᠯᠡᠨ ᠠᠬᠢᠭᠤᠯᠬᠤ ᠵᠢᠨ ᠲᠥᠯᠥᠭᠡ᠂《ᠠᠵᠢᠯ᠎ᠠᠴᠠ᠎ᠪᠠᠨ ᠳᠠᠷᠬᠠᠯᠠᠭᠳᠠᠭᠰᠠᠨ ᠠᠮᠠᠷᠠᠭᠰᠠᠨ ᠺᠠᠳ᠋ᠷᠴᠤᠳ᠎ᠤᠨ ᠨᠠᠮ᠎ᠤᠨ ᠵᠣᠬᠢᠶᠠᠨ ᠪᠠᠢ᠌ᠭᠤᠯᠤᠯᠲᠠ ᠵᠢ ᠰᠢᠯᠢᠳᠡᠭᠵᠢᠭᠦᠯᠦᠨ ᠳᠡᠭᠡᠭᠰᠢᠯᠡᠭᠦᠯᠬᠦ ᠠᠵᠢᠯᠯᠠᠭ᠎ᠠ》 ᠵᠢ ᠭᠦᠨᠵᠡᠭᠡᠶ ᠬ᠋ᠡᠷᠡᠭᠵᠢᠭᠦᠯᠵᠦ᠂ ᠠᠵᠢᠯ᠎ᠠᠴᠠ᠎ᠪᠠᠨ ᠳᠠᠷᠬᠠᠯᠠᠭᠳᠠᠭᠰᠠᠨ ᠪᠠ ᠠᠵᠢᠯ᠎ᠠᠴᠠ᠎ᠪᠠᠨ ᠠᠮᠠᠷᠠᠭᠰᠠᠨ ᠨᠠᠮ᠎ᠤᠨ ᠵᠣᠬᠢᠶᠠᠨ ᠪᠠᠢ᠌ᠭᠤᠯᠤᠯᠲᠠ ᠵᠢᠨ ᠤᠯᠤᠰ ᠲᠦᠷᠦ ᠵᠢᠨ ᠴᠢᠳᠠᠮᠵᠢ ᠪᠠ ᠵᠣᠬᠢᠶᠠᠨ ᠪᠠᠢ᠌ᠭᠤᠯᠤᠯᠲᠠ ᠵᠢᠨ ᠴᠢᠳᠠᠮᠵᠢ ᠵᠢ ᠴᠢᠩᠭ᠋ᠠᠷᠠᠭᠤᠯᠵᠤ᠂ ᠠᠵᠢᠯ᠎ᠠᠴᠠ᠎ᠪᠠᠨ ᠳᠠᠷᠬᠠᠯᠠᠭᠳᠠᠭᠰᠠᠨ ᠠᠵᠢᠯ᠎ᠠᠴᠠ᠎ᠪᠠᠨ ᠠᠮᠠᠷᠠᠭᠰᠠᠨ ᠺᠠᠳ᠋ᠷᠴᠤᠳ᠎ᠤᠨ ᠦᠨᠳᠦᠰᠦᠨ ᠱᠠᠲᠤᠨ᠎ᠤ ᠨᠠᠮ᠎ᠤᠨ ᠵᠣᠬᠢᠶᠠᠨ ᠪᠠᠢ᠌ᠭᠤᠯᠤᠯᠲᠠ ᠵᠢᠨ ᠳᠠᠢ᠌ᠴᠢᠨ ᠪᠡᠬᠢᠯᠡᠯᠲᠡ ᠵᠢᠨ ᠦᠢᠯᠡᠳᠦᠯ᠎ᠢ ᠦᠷᠭᠦᠯᠵᠢᠯᠡᠨ ᠪᠠᠳᠠᠷᠠᠭᠤᠯᠵᠤ᠂ ᠲᠢᠩᠬᠢᠮ᠎ᠤᠨ ᠠᠵᠢᠯ᠎ᠠᠴᠠ᠎ᠪᠠᠨ ᠳᠠᠷᠬᠠᠯᠠᠭᠳᠠᠭᠰᠠᠨ ᠪᠠ ᠠᠵᠢᠯ᠎ᠠᠴᠠ᠎ᠪᠠᠨ ᠠᠮᠠᠷᠠᠭᠰᠠᠨ ᠬᠥᠮᠦᠰ᠎ᠤᠨ ᠠᠵᠢᠯ᠎ᠤᠨ ᠭᠠᠵᠠᠷ ᠲᠣᠰ ᠤᠳᠠᠭ᠋ᠠᠨ᠎ᠤ ᠬᠤᠭᠤᠴᠠᠭ᠎ᠠ ᠰᠣᠯᠢᠬᠤ ᠰᠣᠩᠭᠣᠭᠤᠯᠢ ᠵᠢᠨ ᠠᠵᠢᠯ᠎ᠢ ᠳᠡᠭᠡᠳᠦ ᠬᠡᠮᠵᠢᠶ᠎ᠡ᠎ᠪᠠᠷ ᠴᠢᠬᠤᠯᠠᠴᠢᠯᠠᠨ ᠦᠵᠡᠵᠦ᠂ ᠪᠠᠢ᠌ᠭᠤᠯᠭ᠎ᠠ ᠵᠢᠨ ᠠᠵᠢᠯ᠎ᠠᠴᠠ᠎ᠪᠠᠨ ᠳᠠᠷᠬᠠᠯᠠᠭᠳᠠᠭᠰᠠᠨ ᠠᠵᠢᠯ᠎ᠠᠴᠠ ᠠᠮᠠᠷᠠᠭᠰᠠᠨ  ᠪᠤᠭᠤᠷᠤᠯᠴᠤᠳ᠎ᠤᠨ ᠰᠢᠨᠵᠢᠯᠡᠬᠦ ᠤᠬᠠᠭ᠋ᠠᠨ ᠮᠡᠷᠭᠡᠵᠢᠯ᠎ᠤᠨ ᠨᠠᠮ᠎ᠤᠨ ᠡᠭᠦᠷ᠎ᠲᠠᠢ ᠬᠠᠮᠲᠤᠷᠠᠨ᠂ ᠬᠤᠭᠤᠴᠠᠭ᠎ᠠ ᠰᠣᠯᠢᠬᠤ ᠵᠢᠴᠢ ᠨᠠᠮ᠎ᠤᠨ ᠡᠭᠦᠷ᠎ᠢ ᠰᠢᠨ᠎ᠡ᠎ᠪᠠᠷ ᠪᠠᠢ᠌ᠭᠤᠯᠬᠤ ᠠᠵᠢᠯ᠎ᠤᠨ ᠲᠥᠰᠦᠯ᠎ᠢ  ᠲᠣᠭᠲᠠᠭ᠋ᠠᠵᠤ᠂ ᠠᠵᠢᠯ᠎ᠤᠨ ᠤᠳᠤᠷᠢᠳᠬᠤ ᠳᠤᠭᠤᠢ᠌ᠯᠠᠩ ᠪᠠᠢ᠌ᠭᠤᠯᠤᠨ᠂ ᠵᠣᠬᠢᠶᠠᠨ ᠪᠠᠢ᠌ᠭᠤᠯᠤᠯᠲᠠ ᠵᠢᠨ ᠤᠳᠤᠷᠢᠳᠤᠯᠭ᠎ᠠ ᠵᠢ ᠲᠣᠳᠣᠷᠬᠠᠢ᠌ᠯᠠᠬᠤ᠂ ᠬᠤᠭᠤᠴᠠᠭ᠎ᠠ ᠰᠣᠯᠢᠬᠤ ᠱᠠᠭ᠋ᠠᠷᠳᠠᠯᠭ᠎ᠠ᠂ ᠠᠯᠬᠤᠮ ᠳᠠᠷᠠᠭ᠋ᠠᠯᠠᠯ᠂ ᠰᠣᠩᠭᠣᠭᠤᠯᠢ ᠵᠢᠨ ᠠᠵᠢᠯ᠎ᠤᠨ ᠬᠠᠤᠯᠢ ᠲᠣᠭᠲᠠᠭ᠋ᠠᠯ ᠶᠣᠰᠣᠭ᠋ᠠᠷ ᠶᠠᠪᠤᠭᠳᠠᠬᠤ ᠵᠢ ᠪᠠᠲᠤᠯᠠᠪᠠ᠃

W020250327703988131135.png



   ᠬᠤᠷᠠᠯ᠎ᠠᠴᠠ ᠡᠮᠦᠨ᠎ᠡ᠂ ᠪᠥᠬᠥ ᠨᠠᠮ᠎ᠤᠨ ᠭᠡᠰᠢᠭᠦᠨ᠎ᠢ ᠵᠣᠬᠢᠶᠠᠨ ᠪᠠᠢ᠌ᠭᠤᠯᠵᠤ ᠬᠤᠭᠤᠴᠠᠭ᠎ᠠ ᠰᠣᠯᠢᠬᠤ ᠰᠣᠩᠭᠣᠭᠤᠯᠢ ᠵᠢᠨ ᠠᠵᠢᠯ᠎ᠤᠨ ᠬᠠᠮᠢᠶ᠎ᠠ ᠪᠥᠬᠥᠶ ᠪᠢᠴᠢᠭ ᠮᠠᠲ᠋ᠧᠷᠢᠶᠠᠯ ᠪᠠ ᠲᠣᠭᠲᠠᠭ᠋ᠠᠯ᠎ᠢ ᠰᠤᠷᠤᠯᠴᠠᠬᠤ᠎ᠪᠠᠷ ᠳᠠᠮᠵᠢᠭᠤᠯᠤᠨ᠂ ᠨᠠᠮ᠎ᠤᠨ ᠭᠡᠰᠢᠭᠦᠨ᠎ᠤ ᠰᠠᠨᠠᠯ᠎ᠢ ᠭᠦᠢᠴᠡᠳ ᠬᠤᠷᠢᠶᠠᠵᠤ᠂ ᠠᠬᠠᠮᠠᠳ ᠨᠠᠮ᠎ᠤᠨ ᠭᠡᠰᠢᠭᠦᠨ᠎ᠤ ᠣᠷᠣᠯᠴᠠᠬᠤ ᠤᠬᠠᠮᠰᠠᠷ ᠪᠠ ᠠᠷᠠᠳᠴᠢᠯᠠᠯ᠎ᠤᠨ ᠤᠬᠠᠮᠰᠠᠷ᠎ᠢ ᠤᠯᠠᠮ ᠨᠢᠭᠡ ᠠᠯᠬᠤᠮ ᠳᠡᠭᠡᠭᠰᠢᠯᠡᠭᠦᠯᠪᠡ ᠃ ᠠᠷᠠᠳᠴᠢᠯᠠᠯ ᠵᠶ᠋ᠠᠷ ᠲᠠᠨᠢᠯᠴᠠᠭᠤᠯᠬᠤ ᠵᠢᠨ ᠬᠠᠮᠲᠤ ᠪᠢᠳᠡ ᠵᠢᠱ᠌ᠢᠭᠳᠡᠭᠰᠡᠳ᠎ᠤᠨ ᠨᠠᠮᠴᠢ ᠴᠢᠨᠠᠷ᠎ᠤᠨ ᠪᠣᠯᠪᠠᠰᠤᠷᠠᠯ᠂ ᠠᠵᠢᠯ᠎ᠤᠨ ᠴᠢᠳᠠᠪᠤᠷᠢ᠂ ᠠᠵᠢᠯ᠎ᠤᠨ ᠬᠠᠯᠠᠭᠤᠨ ᠰᠡᠳᠬᠢᠯᠭᠡ᠂ ᠪᠡᠶ᠎ᠡ ᠮᠠᠬᠠᠪᠣᠳ᠎ᠤᠨ ᠬᠡᠪ ᠴᠢᠨᠠᠷ ᠵᠡᠷᠭᠡ ᠬᠦᠴᠦᠨ ᠵᠦᠢ᠍ᠯ᠎ᠢ ᠭᠣᠣᠯᠴᠢᠯᠠᠨ ᠪᠣᠳᠣᠯᠬᠢᠯᠠᠵᠤ᠂ ᠵᠢᠱ᠌ᠢᠭᠳᠡᠭᠰᠡᠳ᠎ᠢ ᠭᠦᠢ᠍ᠴᠡᠳ ᠪᠣᠳᠣᠯᠬᠢᠯᠠᠨ ᠬᠢᠨᠠᠨ ᠪᠠᠢ᠌ᠴᠠᠭ᠋ᠠᠭᠰᠠᠨ ᠪᠥᠭᠡᠳ ᠲᠢᠩᠬᠢᠮ᠎ᠤᠨ ᠪᠠᠢ᠌ᠭᠤᠯᠭ᠎ᠠ ᠵᠢᠨ ᠨᠠᠮ᠎ᠤᠨ ᠬᠣᠷᠢᠢ᠎ᠠ᠎ᠳᠤ ᠮᠡᠳᠡᠭᠦᠯᠦᠨ ᠵᠥᠪᠰᠢᠶᠡᠷᠡᠭᠦᠯᠪᠡ᠃ ᠬᠤᠷᠠᠯ᠎ᠠᠴᠠ ᠪᠤᠭᠤᠷᠤᠯᠴᠤᠳ᠂ ᠪᠤᠭᠤᠷᠤᠯᠴᠤᠳ ᠬᠣᠶᠠᠷ ᠨᠠᠮ᠎ᠤᠨ ᠡᠭᠦᠷ᠎ᠢ ᠰᠣᠩᠭᠣᠨ ᠭᠠᠷᠭ᠋ᠠᠭᠰᠠᠨ ᠪᠥᠭᠡᠳ ᠡᠭᠦᠷ᠎ᠤᠨ ᠬᠤᠷᠢᠶ᠎ᠠ᠎ᠤᠨ ᠠᠩᠬᠠᠳᠤᠭ᠋ᠠᠷ ᠪᠥᠬᠥᠳᠡ ᠬᠤᠷᠠᠯ᠎ᠢ ᠬᠤᠷᠠᠯᠳᠤᠭᠤᠯᠵᠤ᠂ ᠡᠭᠦᠷ᠎ᠤᠨ ᠱᠦᠵᠢ ᠪᠠ ᠭᠡᠰᠢᠭᠦᠳ᠎ᠢ ᠰᠣᠩᠭᠣᠵᠤ᠂ ᠬᠠᠮᠢᠶ᠎ᠠ ᠪᠦᠬᠦᠢ ᠪᠠᠢ᠌ᠳᠠᠯ᠎ᠢ ᠰᠢᠨᠵᠢᠯᠡᠬᠦ ᠤᠬᠠᠭ᠋ᠠᠨ ᠮᠡᠷᠭᠡᠵᠢᠯ᠎ᠤᠨ ᠲᠢᠩᠬᠢᠮ᠎ᠤᠨ ᠪᠠᠢ᠌ᠭᠤᠯᠭ᠎ᠠ ᠵᠢᠨ ᠨᠠᠮ᠎ᠤᠨ ᠬᠣᠷᠢᠶ᠎ᠠ᠎ᠳᠤ ᠮᠡᠳᠡᠭᠦᠯᠦᠨ ᠵᠥᠪᠰᠢᠶᠡᠷᠡᠭᠦᠯᠪᠡ᠃
    ᠰᠢᠨ᠎ᠡ᠎ᠪᠠᠷ ᠰᠣᠩᠭᠣᠭᠳᠠᠭᠰᠠᠨ ᠬᠣᠶᠠᠷ ᠨᠠᠮ᠎ᠤᠨ ᠡᠭᠦᠷ᠎ᠤᠨ ᠵᠥᠪᠯᠡᠯ᠂ ᠪᠦᠬᠦ ᠨᠠᠮ᠎ᠤᠨ ᠭᠡᠰᠢᠭᠦᠨ᠎ᠤ ᠬᠦᠨᠳᠦ ᠨᠠᠢ᠌ᠳᠠᠯᠭ᠎ᠠ ᠵᠢ ᠬᠥᠰᠡᠷᠳᠡᠭᠦᠯᠦᠯ ᠦᠭᠡᠢ᠂ ᠠᠵᠢᠯ᠎ᠤᠨ ᠬᠦᠨᠳᠦ ᠡᠭᠦᠷᠭᠡ ᠵᠢ ᠵᠣᠷᠢᠭᠲᠠᠢ ᠡᠭᠦᠷᠭᠡᠯᠡᠵᠦ᠂ ᠬᠣᠢ᠌ᠰᠢᠳᠠ ᠵᠢᠨ ᠠᠵᠢᠯ᠎ᠤᠨ ᠳᠤᠮᠳᠠ᠎ᠪᠠᠨ ᠨᠠᠮ᠎ᠤᠨ ᠡᠭᠦᠷ᠎ᠤᠨ ᠤᠯᠤᠰ ᠲᠦᠷᠦ ᠵᠢᠨ ᠪᠠᠢ᠌ᠭᠤᠯᠤᠯᠲᠠ᠂ ᠦᠵᠡᠯ ᠰᠠᠨᠠᠭ᠋ᠠᠨ᠎ᠤ ᠪᠠᠢ᠌ᠭᠤᠯᠤᠯᠲᠠ᠂ ᠵᠣᠬᠢᠶᠠᠨ ᠪᠠᠢ᠌ᠭᠤᠯᠤᠯᠲᠠ ᠵᠢᠨ ᠴᠣᠭᠴᠠᠯᠠᠯᠲᠠ ᠵᠢ ᠲᠠᠰᠤᠷᠠᠯᠲᠠ ᠦᠭᠡᠢ ᠴᠢᠩᠭ᠋ᠠᠳᠬᠠᠵᠤ᠂ 《ᠵᠢᠷᠭᠤᠭ᠋ᠠᠨ ᠰᠠᠢ᠌ᠲᠠᠢ》 ᠪᠠᠷᠢᠮᠵᠢᠢ᠎ᠠ ᠵᠢᠨ᠂《ᠤᠮᠠᠷᠠᠲᠤ ᠬᠢᠯᠢ ᠵᠢᠨ ᠪᠤᠭᠤᠷᠤᠯᠴᠤᠳ ᠬᠣᠰᠢᠭᠤᠴᠢ》ᠨᠠᠮ᠎ᠤᠨ ᠡᠭᠦᠷ᠎ᠢ ᠢᠳᠡᠪᠬᠢᠲᠡᠢ ᠡᠭᠦᠳᠦᠨ ᠪᠠᠢ᠌ᠭᠤᠯᠵᠤ᠂ ᠶᠡᠷᠦᠩᠬᠡᠢ ᠱᠦᠵᠢ ᠰᠢ ᠵᠢᠨ ᠫᠢᠩ᠎ᠤᠨ ᠨᠠᠮ᠎ᠤᠨ ᠪᠠᠢ᠌ᠭᠤᠯᠤᠯᠲᠠ ᠵᠢᠨ ᠲᠤᠬᠠᠢ ᠴᠢᠬᠤᠯᠠ ᠦᠵᠡᠯ ᠰᠠᠨᠠᠭ᠎ᠠ ᠵᠢ ᠴᠠᠭ ᠲᠤᠬᠠᠢ᠎ᠳᠤᠨᠢ ᠲᠡᠳᠡᠨ᠎ᠤ ᠰᠡᠳᠬᠢᠯ᠎ᠳᠤ ᠣᠨᠣᠪᠴᠢᠲᠠᠢ ᠳᠠᠮᠵᠢᠭᠤᠯᠵᠤ᠂ ᠠᠬᠠᠮᠠᠳ ᠨᠥᠬᠥᠳ᠎ᠤᠨ ᠥᠪᠥᠷ ᠮᠣᠩᠭᠣᠯ᠎ᠤᠨ ᠰᠢᠨᠵᠢᠯᠡᠬᠦ ᠤᠬᠠᠭ᠋ᠠᠨ ᠮᠡᠷᠭᠡᠵᠢᠯ᠎ᠤᠨ ᠦᠢ᠍ᠯᠡᠰ᠎ᠤᠨ ᠬᠥᠭᠵᠢᠯᠲᠡ ᠵᠢᠨ ᠲᠤᠬᠠᠢ ᠰᠠᠨᠠᠯ ᠰᠠᠨᠠᠭᠤᠯᠭ᠎ᠠ ᠵᠢ ᠪᠦᠷᠢᠨ ᠪᠦᠲᠦᠨ ᠵᠶ᠋ᠡᠷ ᠵᠣᠬᠢᠶᠠᠨ ᠪᠠᠢ᠌ᠭᠤᠯᠤᠯᠲᠠ᠎ᠳᠤ ᠲᠤᠰᠬᠠᠨ᠎ᠠ ᠭᠡᠵᠦ ᠰᠠᠨᠠᠯ ᠨᠢᠭᠡᠲᠡᠢ ᠢᠯᠡᠳᠬᠡᠪᠡ᠃ ᠲᠡᠳᠡᠨ᠎ᠤ ᠪᠡᠶ᠎ᠡ ᠰᠡᠳᠬᠢᠯ᠎ᠤᠨ ᠡᠷᠡᠭᠦᠯ ᠮᠡᠨᠳᠦ ᠵᠢ ᠡᠭᠦᠷᠢᠳᠡ ᠰᠡᠳᠬᠢᠯ᠎ᠳᠡᠭᠡᠨ ᠪᠤᠳᠤᠵᠤ᠂ ᠣᠯᠠᠨ ᠵᠦᠢᠯ᠎ᠤᠨ ᠬᠡᠯᠪᠡᠷᠢ ᠵᠢᠨ ᠵᠣᠬᠢᠶᠠᠨ ᠪᠠᠢ᠌ᠭᠤᠯᠤᠯᠲᠠ ᠵᠢᠨ ᠠᠵᠢᠯᠯᠠᠭ᠎ᠠ᠎ᠪᠠᠷ ᠳᠠᠮᠵᠢᠭᠤᠯᠤᠨ᠂ ᠲᠡᠳᠡᠨ᠎ᠢ ᠨᠠᠩ ᠬᠠᠯᠠᠭᠤᠨ ᠳᠤᠯᠠᠭ᠋ᠠᠨ ᠨᠠᠩ ᠳᠣᠲᠣᠨᠣ ᠰᠠᠨᠠᠭᠳᠠᠭᠤᠯᠵᠤ᠂ ᠠᠵᠢᠯ᠎ᠠᠴᠠ᠎ᠪᠠᠨ ᠰᠠᠯᠵᠤ ᠠᠮᠠᠷᠠᠭᠰᠠᠨ ᠪᠠ ᠠᠵᠢᠯ᠎ᠠᠴᠠ᠎ᠪᠠᠨ ᠪᠠᠭᠤᠵᠤ ᠠᠮᠠᠷᠠᠭᠰᠠᠨ ᠺᠠᠳ᠋ᠷᠴᠤᠳ᠎ᠤᠨ ᠳᠠᠪᠠᠭᠤᠯᠢᠭ ᠦᠢᠯᠡᠳᠦᠯ ᠵᠶ᠋ᠡᠨ ᠭᠦᠢᠴᠡᠳ ᠪᠠᠳᠠᠷᠠᠭᠤᠯᠬᠤ ᠵᠢ ᠵᠣᠷᠢᠭᠵᠢᠭᠤᠯᠬᠤ ᠲᠠᠯ᠎ᠠ᠎ᠪᠠᠷ ᠰᠢᠨ᠎ᠡ ᠡᠭᠦᠷᠭᠡᠯᠡᠯ᠎ᠲᠠᠢ ᠪᠣᠯᠭ᠋ᠠᠨ᠎ᠠ᠃
    ᠲᠢᠩᠬᠢᠮ᠎ᠤᠨ ᠪᠠᠢ᠌ᠭᠤᠯᠭ᠎ᠠ ᠵᠢᠨ ᠨᠠᠮ᠎ᠤᠨ ᠬᠣᠷᠢᠶ᠎ᠠ᠂ ᠠᠵᠢᠯ᠎ᠠᠴᠠ᠎ᠪᠠᠨ ᠳᠠᠷᠬᠠᠯᠠᠭᠳᠠᠵᠤ ᠠᠵᠢᠯ᠎ᠠᠴᠠ᠎ᠪᠠᠨ ᠠᠮᠠᠷᠠᠭᠰᠠᠨ ᠬᠥᠮᠦᠰ᠎ᠤᠨ ᠠᠵᠢᠯ᠎ᠤᠨ ᠭᠠᠵᠠᠷ᠂ ᠪᠠᠢ᠌ᠭᠤᠯᠤᠮᠵᠢ᠎ᠪᠠᠨ ᠬᠤᠪᠢᠷᠠᠭᠤᠯᠤᠭᠰᠠᠨ ᠬᠦᠷᠢᠶᠡᠯᠡᠩ ᠭᠠᠵᠠᠷ᠎ᠤᠨ ᠠᠵᠢᠯ᠎ᠠᠴᠠ᠎ᠪᠠᠨ ᠳᠠᠷᠬᠠᠯᠠᠭᠳᠠᠵᠤ ᠠᠵᠢᠯ᠎ᠠᠴᠠ᠎ᠪᠠᠨ ᠠᠮᠠᠷᠠᠭᠰᠠᠨ ᠬᠥᠮᠦᠰ᠎ᠤᠨ ᠦᠢᠯᠡᠴᠢᠯᠡᠭᠡᠨ᠎ᠤ ᠲᠥᠪ᠎ᠤᠨ ᠬᠣᠯᠪᠣᠭᠳᠠᠯ ᠪᠥᠬᠥᠶ ᠨᠥᠬᠥᠳ ᠬᠤᠷᠠᠯ᠎ᠳᠤ ᠣᠷᠣᠯᠴᠠᠵᠠᠶ᠃

ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
《ᠮᠧᠩ ᠺᠧ ᠵᠢᠦᠢ》ᠲᠠᠨᠢᠯᠴᠠᠭᠤᠯᠭ᠎ᠠ᠎ᠪᠠᠷ ᠬᠣᠶᠠᠷ ᠲᠣᠮᠣ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠲᠥᠷᠥᠯ ᠵᠦᠢᠯ᠎ᠨᠢ ᠳᠤᠯᠠᠭ᠋ᠠᠨ ᠬᠣᠲᠠ᠎ᠳᠤ ᠵᠣᠯᠭ᠋ᠠᠪᠠ
ᠥᠪᠡᠷᠲᠡᠭᠡᠨ ᠵᠠᠰᠠᠬᠤ ᠣᠷᠣᠨ᠎ᠤ ᠪᠠᠢ᠌ᠭ᠋ᠠᠯᠢ ᠵᠢᠨ ᠰᠢᠨᠵᠢᠯᠡᠬᠦ ᠤᠬᠠᠭ᠋ᠠᠨ᠎ᠤ ᠰᠠᠭᠤᠷᠢ ᠮᠥᠩᠭᠥ ᠵᠢᠨ ᠭᠣᠤᠯᠳᠠᠯᠭ᠎ᠠ᠎ᠲᠠᠢ ᠬᠠᠮᠲᠤᠷᠠᠭᠰᠠᠨ ᠰᠠᠭᠤᠷᠢ ᠮᠥᠩᠭᠥ ᠵᠢᠨ ᠲᠤᠷᠰᠢᠯᠲᠠ ᠵᠢᠨ ᠠᠵᠢᠯ᠎ᠢ ᠡᠬᠢᠯᠡᠭᠦᠯᠪᠡ
ᠥᠪᠥᠷ ᠮᠣᠩᠭᠣᠯ ᠥᠪᠡᠷᠲᠡᠭᠡᠨ ᠵᠠᠰᠠᠬᠤ ᠣᠷᠣᠨ᠎ᠤ ᠲᠣᠰ ᠱᠠᠲᠤᠨ᠎ᠤ ᠰᠢᠨᠵᠢᠯᠡᠬᠦ ᠤᠬᠠᠭ᠋ᠠᠨ ᠮᠡᠷᠭᠡᠵᠢᠯ᠎ᠤᠨ ᠲᠤᠰᠬᠠᠶ ᠪᠠᠯᠠ ᠮᠥᠩᠭᠥ ᠵᠢᠨ ᠬᠠᠮᠢᠶᠠᠷᠤᠯᠲᠠ ᠵᠢᠨ ᠠᠷᠭ᠎ᠠ᠎ᠳᠤ ᠳᠠᠬᠢᠨ ᠵᠠᠰᠠᠪᠤᠷᠢ ᠣᠷᠣᠭᠤᠯᠵᠤ ᠲᠥᠷᠥ ᠵᠢᠨ ᠪᠣᠳᠣᠯᠭ᠎ᠠ ᠵᠢᠨ ᠬᠦᠴᠦᠨ ᠵᠶ᠋ᠡᠷ ᠰᠢᠨ᠎ᠡ ᠵᠢ ᠡᠭᠦᠳᠬᠦ ᠴᠢᠳᠠᠪᠤᠷᠢ ᠵᠢ ᠳᠡᠭᠡᠭᠰᠢᠯᠡᠭᠦᠯᠬᠦ᠎ᠪᠠᠷ ᠪᠣᠶ
ᠶᠠᠮᠠᠷ ᠶᠠᠮᠠᠷ ᠦᠢᠯᠡ ᠠᠵᠢᠯᠯᠠᠭ᠎ᠠ ᠵᠢ ᠰᠢᠨᠵᠢᠯᠡᠬᠦ ᠤᠬᠠᠭ᠋ᠠᠨ᠎ᠤ ᠰᠤᠳᠤᠯᠭ᠋ᠠᠨ᠎ᠤ ᠢᠲᠡᠭᠡᠮᠵᠢ ᠠᠯᠳᠠᠭᠰᠠᠨ ᠦᠢᠯᠡ ᠠᠵᠢᠯᠯᠠᠭ᠎ᠠ᠎ᠪᠠᠷ ᠮᠠᠭ᠋ᠠᠳᠯᠠᠨ ᠲᠣᠭᠲᠠᠭ᠋ᠠᠬᠤ ᠪᠣᠶ?
《ᠮᠸᠩ ᠺᠧ ᠵᠢᠦᠢ》ᠳᠣᠲᠣᠨ᠎ᠠ ᠭᠠᠳᠠᠨ᠎ᠠ᠎ᠪᠠᠨ ᠬᠦᠴᠦᠯᠡᠵᠦ ᠰᠢᠨ᠎ᠡ ᠵᠢ ᠡᠭᠦᠳᠬᠦ ᠬᠥᠭᠵᠢᠯᠲᠡ ᠵᠢᠨ《ᠬᠠᠮᠤᠭ᠎ᠤᠨ ᠴᠢᠩᠭ᠎ᠠ ᠲᠠᠭᠤᠨ》᠎ᠢ ᠪᠦᠭᠡᠮᠨᠡᠷᠡᠭᠦᠯᠪᠠ
 
            