6 ᠳ᠋ᠤᠭ᠋ᠠᠷ ᠰᠠᠷ᠎ᠠ ᠵᠢᠨ 1᠎ᠤ ᠡᠳᠦᠷ᠂ ᠥᠪᠥᠷ ᠮᠣᠩᠭᠣᠯ᠎ᠤᠨ ᠲᠠᠷᠢᠶᠠᠯᠠᠩ᠎ᠤᠨ ᠶᠡᠬᠡ ᠰᠤᠷᠭ᠋ᠠᠭᠤᠯᠢ ᠵᠢᠨ ᠲᠥᠮᠥᠰᠥ ᠵᠢ ᠪᠣᠬᠢᠷᠲᠤᠯ ᠥᠬᠡᠶ ᠳᠠᠷᠢᠬᠤ ᠰᠢᠨᠵᠢᠯᠡᠬᠦ ᠤᠬᠠᠭ᠋ᠠᠨ ᠮᠡᠷᠭᠡᠵᠢᠯ᠎ᠤᠨ ᠣᠨᠴᠠ ᠲᠣᠮᠢᠯᠠᠭᠳᠠᠭᠰᠠᠳ᠎ᠤᠨ ᠪᠦᠯᠬᠦᠮ᠎ᠤᠨ ᠵᠢᠶᠠ ᠯᠢ ᠭᠦᠸᠧ ᠳᠡᠳ᠋ ᠫᠷᠤᠹᠧᠰᠰᠤᠷ ᠵᠡᠷᠭᠡ 6 ᠬᠥᠮᠦᠨ ᠦᠴᠤᠸᠠᠨ ᠰᠢᠶᠠᠨ᠎ᠤ ᠥᠪᠥᠷ ᠮᠣᠩᠭᠣᠯ᠎ᠤᠨ ᠱᠤ᠌ ᠶᠤᠸᠠᠨ ᠺᠠᠩ ᠠᠮᠢᠳᠤ ᠪᠣᠳᠠᠰ᠎ᠤᠨ ᠰᠢᠨᠵᠢᠯᠡᠬᠦ ᠤᠬᠠᠭ᠋ᠠᠨ ᠮᠡᠷᠭᠡᠵᠢᠯ᠎ᠤᠨ ᠬᠢᠵᠠᠭ᠋ᠠᠷᠲᠤ ᠺᠣᠮᠫᠠᠨᠢ᠂ ᠥᠪᠥᠷ ᠮᠣᠩᠭᠣᠯ᠎ᠤᠨ ᠰᠠᠶ ᠹᠸᠩ ᠦᠷ᠎ᠡ ᠵᠢᠨ ᠦᠢᠯᠡᠰ᠎ᠤᠨ ᠬᠢᠵᠠᠭ᠋ᠠᠷᠲᠤ ᠺᠣᠮᠫᠠᠨᠢ᠎ᠳᠤ ᠬᠦᠷᠴᠦ ᠲᠣᠭᠣᠷᠢᠨ ᠦᠵᠡᠵᠦ ᠰᠢᠨᠵᠢᠯᠡᠨ ᠪᠠᠢ᠌ᠴᠠᠭ᠋ᠠᠬᠤ ᠪᠠ ᠮᠡᠷᠭᠡᠵᠢᠯ᠎ᠤᠨ ᠦᠢᠯᠡᠴᠢᠯᠡᠭᠡᠨ᠎ᠤ ᠠᠵᠢᠯ ᠬᠢᠪᠠ ᠃

ᠥᠪᠥᠷ ᠮᠣᠩᠭᠣᠯ᠎ᠤᠨ ᠱᠤ᠌ ᠶᠤᠸᠠᠨ ᠺᠠᠩ ᠠᠮᠢᠳᠤ ᠪᠣᠳᠠᠰ᠎ᠤᠨ ᠰᠢᠨᠵᠢᠯᠡᠬᠦ ᠤᠬᠠᠭ᠋ᠠᠨ ᠮᠡᠷᠭᠡᠵᠢᠯ᠎ᠤᠨ ᠬᠢᠵᠠᠭ᠋ᠠᠷᠲᠤ ᠺᠣᠮᠫᠠᠨᠢ ᠵᠢᠨ ᠡᠵᠡᠩᠨᠡᠯᠲᠡ ᠵᠢᠨ ᠬᠡᠪᠴᠢᠶ᠎ᠡ᠎ᠨᠢ ᠭᠣᠤᠯᠳᠠᠭᠤ ᠲᠥᠮᠥᠰᠥ ᠵᠢᠨ ᠪᠦᠲᠦᠭᠡᠭᠳᠡᠬᠦᠨ᠎ᠢ ᠰᠤᠳᠤᠯᠤᠨ ᠨᠡᠭᠡᠭᠡᠬᠦ ᠪᠠ ᠦᠢᠯᠡᠳᠪᠦᠷᠢᠯᠡᠬᠦ ᠪᠣᠯᠤᠨ᠎ᠠ᠂ ᠡᠭᠦᠨ᠎ᠳᠤ ᠲᠥᠮᠥᠰᠥ ᠵᠢᠨ ᠴᠠᠷᠳᠠᠭᠤᠯ᠎ᠤᠨ ᠪᠦᠲᠦᠭᠡᠭᠳᠡᠬᠦᠨ᠂ ᠲᠥᠮᠥᠰᠥ ᠵᠢᠨ ᠰᠢᠪᠲᠦᠷᠲᠦ ᠬᠦᠴᠢᠯ᠎ᠤᠨ ᠰᠢᠷᠢᠰ ᠪᠦᠲᠦᠭᠡᠭᠳᠡᠬᠦᠨ᠂ ᠲᠥᠮᠥᠰᠥ ᠵᠢᠨ ᠤᠮᠳᠠᠭ᠋ᠠᠨ᠂ ᠲᠥᠮᠥᠰᠥ ᠵᠢᠨ ᠭᠣᠶᠣᠯᠠᠯ᠎ᠤᠨ ᠡᠳ᠋ ᠵᠡᠷᠭᠡ ᠵᠢ ᠪᠠᠭᠲᠠᠭ᠋ᠠᠵᠤ᠂ ᠲᠥᠮᠥᠰᠥ ᠵᠢ ᠨᠠᠷᠢᠯᠢᠭ ᠡᠳ᠋ᠰᠢᠭᠦᠯᠬᠦ ᠲᠠᠯ᠎ᠠ᠎ᠪᠠᠷ ᠰᠢᠷᠢᠰ ᠨᠡᠭᠡᠭᠡᠯᠲᠡ ᠵᠢᠨ ᠴᠢᠨᠠᠷᠲᠠᠶ ᠰᠤᠳᠤᠯᠤᠨ ᠨᠡᠭᠡᠭᠡᠬᠦ ᠪᠠ ᠦᠢ᠍ᠯᠡᠳᠪᠦᠷᠢᠯᠡᠭᠰᠡᠨ ᠪᠠᠢ᠌ᠨ᠎ᠠ᠃ ᠦᠢᠯᠡᠴᠢᠯᠡᠭᠡᠨ᠎ᠤ ᠪᠦᠯᠬᠦᠮ᠎ᠤᠨ᠎ᠬᠢᠨ ᠲᠣᠰ ᠺᠣᠮᠫᠠᠨᠢ ᠵᠢᠨ ᠴᠠᠷᠳᠠᠭᠤᠯ᠂ ᠤᠮᠳᠠᠭ᠋ᠠᠨ ᠪᠠ ᠰᠢᠪᠲᠦᠷᠲᠦ ᠬᠦᠴᠢᠯ ᠵᠡᠷᠭᠡ ᠦᠢᠯᠡᠳᠬᠦᠨ᠎ᠤ ᠦᠢᠯᠡᠳᠪᠦᠷᠢᠯᠡᠯ᠎ᠤᠨ ᠲᠠᠰᠤᠭ᠎ᠢ ᠲᠣᠭᠣᠷᠢᠨ ᠦᠵᠡᠵᠦ᠂ ᠦᠢᠯᠡᠳᠪᠦᠷᠢᠯᠡᠯ᠎ᠤᠨ ᠮᠡᠷᠭᠡᠵᠢᠯ᠎ᠤᠨ ᠭᠣᠭᠴᠣᠭ᠎ᠠ ᠵᠢ ᠨᠠᠷᠢᠨ ᠣᠢ᠌ᠯᠠᠭ᠋ᠠᠵᠤ᠂ ᠲᠥᠮᠥᠰᠥ ᠵᠢᠨ ᠠᠵᠤ ᠦᠢᠯᠡᠰ᠎ᠤᠨ ᠬᠡᠯᠬᠢᠶ᠎ᠡ ᠵᠢ ᠠᠯᠬᠤᠮ ᠠᠯᠬᠤᠮ ᠵᠶ᠋ᠠᠷ ᠤᠷᠲᠤᠳᠬᠠᠬᠤ ᠵᠢᠴᠢ ᠲᠥᠷᠥᠯ ᠲᠡᠮᠳᠡᠭ᠎ᠤᠨ ᠪᠥᠲᠥᠭᠡᠨ ᠪᠠᠢ᠌ᠭᠤᠯᠤᠯᠲᠠ᠎ᠳᠤ ᠬᠡᠷᠬᠢᠨ ᠠᠵᠤ ᠦᠢᠯᠡᠰ᠎ᠤᠨ ᠬᠥᠭᠵᠢᠯᠲᠡ ᠣᠯᠭᠣᠬᠤ ᠲᠤᠬᠠᠶ ᠰᠠᠨᠠᠯ ᠵᠶ᠋ᠠᠨ ᠰᠣᠯᠢᠯᠴᠠᠪᠠ ᠃

ᠦᠷ᠎ᠡ ᠵᠢᠨ ᠬᠤᠭᠤᠴᠠᠭ᠋ᠠᠨ᠎ᠳᠤ ᠬᠤᠷ᠎ᠠ ᠲᠣᠨᠣᠳᠠᠰᠤ ᠬᠠᠷᠢᠴᠠᠩᠭᠤᠶ ᠠᠷᠪᠢᠨ ᠤᠴᠢᠷ᠎ᠠᠴᠠ ᠲᠣᠬᠢᠷᠠᠮᠵᠢᠲᠠᠶ ᠴᠠᠭ᠎ᠲᠤ ᠳᠠᠷᠢᠭᠰᠠᠨ ᠲᠥᠮᠥᠰᠥ ᠨᠢᠭᠡᠨᠲᠡ ᠴᠢᠬᠢᠯᠡᠵᠦ ᠡᠬᠢᠯᠡᠭᠰᠡᠨ ᠪᠣᠯᠪᠠᠴᠤ ᠵᠠᠷᠢᠮ ᠲᠠᠷᠢᠶᠠᠨ ᠭᠠᠵᠠᠷ᠎ᠤᠨ ᠪᠣᠵᠠᠷ ᠡᠪᠡᠰᠦ ᠴᠦ᠍ ᠨᠡᠯᠢᠶᠡᠳ ᠢᠭᠴᠤ ᠰᠠᠬᠤᠯᠢᠭ ᠪᠠᠢ᠌ᠳᠠᠭ᠃ ᠲᠤᠰ ᠡᠳᠦᠷ᠎ᠲᠤ᠂ ᠦᠢ᠍ᠯᠡᠴᠢᠯᠡᠭᠡᠨ᠎ᠤ ᠪᠦᠯᠬᠦᠮ᠎ᠤᠨ᠎ᠬᠢᠨ ᠥᠪᠥᠷ ᠮᠣᠩᠭᠣᠯ᠎ᠤᠨ ᠰᠠᠢ ᠹᠧᠩ ᠦᠷ᠎ᠡ ᠵᠢᠨ ᠦᠢ᠍ᠯᠡᠰ᠎ᠤᠨ ᠬᠢᠵᠠᠭ᠋ᠠᠷᠲᠤ ᠺᠣᠮᠫᠠᠨᠢ ᠵᠢᠨ ᠲᠠᠷᠢᠮᠠᠯ᠎ᠤᠨ ᠰᠠᠭᠤᠷᠢᠨ᠎ᠳᠤ ᠬᠦᠷᠴᠦ᠂ ᠲᠥᠮᠥᠰᠥᠨ᠎ᠤ ᠴᠢᠬᠢ ᠵᠢᠨ ᠪᠠᠢ᠌ᠳᠠᠯ᠎ᠢ ᠣᠢ᠌ᠯᠠᠭ᠋ᠠᠵᠤ᠂ ᠲᠠᠩᠨᠠᠵᠤ ᠡᠪᠡᠰᠦ ᠠᠷᠢᠯᠭ᠋ᠠᠬᠤ ᠵᠡᠷᠭᠡ ᠠᠰᠠᠭᠤᠳᠠᠯ᠎ᠤᠨ ᠲᠣᠭᠣᠷᠢᠨ᠎ᠳᠤ ᠠᠵᠤ ᠠᠬᠤᠢ᠌ᠯᠠᠯ᠎ᠤᠨ ᠠᠵᠢᠯᠲᠠᠳ᠎ᠲᠠᠢ ᠲᠤᠬᠠᠢ ᠵᠢᠨ ᠲᠠᠯᠠᠪᠠᠢ᠎ᠳᠤ ᠰᠠᠨᠠᠯ ᠵᠶ᠋ᠠᠨ ᠰᠣᠯᠢᠯᠴᠠᠵᠤ᠂ ᠲᠠᠷᠢᠮᠠᠯ᠎ᠤᠨ ᠤᠷᠭᠤᠯᠲᠠ ᠵᠢᠨ ᠶᠠᠪᠤᠴᠠ᠎ᠳᠠᠬᠢ ᠠᠩᠬᠠᠷᠬᠤ ᠴᠢᠬᠤᠯᠠᠲᠠᠢ ᠵᠠᠩᠭᠢᠯᠠᠭ᠎ᠠ ᠵᠢᠨ ᠵᠦᠢ᠍ᠯ᠎ᠢ ᠲᠠᠢ᠌ᠯᠪᠤᠷᠢᠯᠠᠵᠤ᠂ ᠵᠣᠬᠢᠴᠠᠩᠭᠤᠢ ᠰᠢᠢ᠍ᠳᠪᠦᠷᠢᠯᠡᠬᠦ ᠰᠠᠨᠠᠭᠤᠯᠭ᠎ᠠ ᠵᠢ ᠳᠤᠷᠠᠳᠴᠠᠢ᠃