ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ
ᠰᠢᠨᠵᠢᠯᠡᠭᠡ ᠮᠡᠷᠭᠡᠵᠢᠯ
ᠢᠯᠡ ᠵᠠᠰᠠᠭ   -   ᠲᠥᠷᠥ᠎ᠶᠢᠨ ᠪᠣᠳᠣᠯᠭ᠎ᠠ᠎ᠶᠢᠨ ᠲᠠᠶ᠋ᠢᠯᠤᠮᠵᠢ
ᠶᠠᠭᠤ ᠵᠢ ᠥᠨᠳᠥᠷ ᠥᠷᠲᠡᠭᠲᠦ ᠡᠭᠦᠳᠦᠯᠲᠡ ᠵᠢᠨ ᠲᠤᠰᠬᠠᠶ ᠠᠰᠢᠭ ᠭᠡᠨ᠎ᠡ? ᠲᠣᠮᠢᠶᠠᠯᠠᠭᠰᠠᠨ!
ᠨᠡᠶ᠋ᠢᠲᠡᠯᠡᠭᠰᠡᠨ ᠴᠠᠭ᠄ 2021-03-30


    ᠥᠨᠳᠥᠷ ᠥᠷᠲᠡᠭᠲᠦ ᠡᠭᠦᠳᠦᠯᠲᠡ ᠵᠢᠨ ᠲᠤᠰᠬᠠᠶ ᠠᠰᠢᠭ ᠭᠡᠳᠡᠭ᠎ᠨᠢ ᠶᠠᠮᠠᠷ ᠶᠠᠮᠠᠷ ᠲᠤᠰᠬᠠᠶ ᠠᠰᠢᠭ᠎ᠢ ᠵᠢᠭ᠋ᠠᠵᠤ ᠪᠠᠢᠬᠤ ᠪᠣᠶ?

    ᠠᠵᠤ ᠠᠬᠤᠶ ᠨᠡᠢ᠌ᠭᠡᠮ᠎ᠤᠨ ᠴᠢᠨᠠᠷ ᠰᠠᠢ᠌ᠲᠠᠶ ᠬᠥᠭᠵᠢᠯᠲᠡ ᠵᠢ ᠠᠬᠢᠭᠤᠯᠬᠤ᠎ᠳᠤ᠂ ᠴᠢᠨᠠᠷ ᠰᠠᠢ᠌ᠲᠠᠶ ᠮᠡᠳᠡᠯᠭᠡ ᠵᠢᠨ ᠪᠦᠲᠦᠭᠡᠭᠳᠡᠬᠦᠨ᠎ᠤ ᠥᠮᠴᠢᠯᠡᠬᠦ ᠡᠷᠬᠡ ᠢᠯᠠᠩᠭᠤᠶ᠎ᠠ ᠥᠨᠳᠥᠷ ᠥᠷᠲᠡᠭᠲᠦ ᠲᠤᠰᠬᠠᠶ ᠠᠰᠢᠭ᠎ᠤᠨ ᠴᠢᠬᠤᠯᠠ ᠲᠤᠯᠭ᠋ᠠᠭᠤᠷᠢᠯᠠᠯ᠎ᠠᠴᠠ ᠰᠠᠯᠵᠤ ᠴᠢᠳᠠᠬᠤ ᠥᠬᠡᠶ ᠶᠤᠮ᠃
    ᠮᠠᠨ᠎ᠤ ᠤᠯᠤᠰ ᠳᠣᠤᠷᠠᠬᠢ 5 ᠵᠦᠢᠯ᠎ᠤᠨ ᠪᠠᠢ᠌ᠳᠠᠯ᠎ᠤᠨ ᠬᠦᠴᠦᠨ ᠪᠥᠬᠥᠶ ᠡᠭᠦᠳᠦᠯᠲᠡ ᠵᠢᠨ ᠲᠤᠰᠬᠠᠶ ᠠᠰᠢᠭ᠎ᠢ ᠥᠨᠳᠥᠷ ᠥᠷᠲᠡᠭᠲᠦ ᠡᠭᠦᠳᠦᠯᠲᠡ ᠵᠢᠨ ᠲᠤᠰᠬᠠᠶ ᠠᠰᠢᠭ ᠪᠠᠢ᠌ᠬᠤ ᠬᠡᠮᠵᠢᠶ᠎ᠡ ᠵᠢᠨ ᠪᠦᠷᠢᠳᠬᠡᠯ᠎ᠤᠨ ᠬᠡᠪᠴᠢᠶᠡᠨ᠎ᠳᠤ ᠣᠷᠣᠭᠤᠯᠬᠤ᠎ᠪᠠᠷ ᠲᠣᠳᠣᠷᠬᠠᠢ᠌ᠯᠠᠪᠠ᠄
    ᠪᠠᠢ᠌ᠯᠳᠤᠬᠤ ᠪᠣᠳᠣᠯᠭ᠎ᠠ ᠵᠢᠨ ᠴᠢᠨᠠᠷᠲᠠᠶ ᠰᠢᠨ᠎ᠡ᠎ᠪᠠᠷ ᠬᠥᠭᠵᠢᠭᠰᠡᠨ ᠠᠵᠤ ᠦᠢᠯᠡᠰ᠎ᠤᠨ ᠡᠭᠦᠳᠦᠯᠲᠡ ᠵᠢᠨ ᠲᠤᠰᠬᠠᠶ ᠠᠰᠢᠭ  ; ᠭᠠᠳᠠᠭ᠋ᠠᠳᠤ᠎ᠳᠤ ᠠᠳᠠᠯᠢ ᠲᠥᠷᠥᠯ᠎ᠤᠨ ᠲᠤᠰᠬᠠᠶ ᠠᠰᠢᠭ᠎ᠤᠨ ᠡᠷᠬᠡ ᠵᠢᠨ ᠡᠭᠦᠳᠦᠯᠲᠡ ᠵᠢᠨ ᠲᠤᠰᠬᠠᠶ ᠠᠰᠢᠭ ; ᠬᠡᠪ ᠵᠶ᠋ᠡᠷ ᠪᠠᠢ᠌ᠯᠭ᠋ᠠᠬᠤ ᠬᠤᠭᠤᠴᠠᠭ᠎ᠠ᠎ᠨᠢ 10 ᠵᠢᠯ᠎ᠠᠴᠠ ᠬᠡᠲᠦᠷᠡᠭᠰᠡᠨ ᠡᠭᠦᠳᠦᠯᠲᠡ ᠵᠢᠨ ᠲᠤᠰᠬᠠᠢ ᠠᠰᠢᠭ ; ᠨᠡᠯᠢᠶᠡᠳ ᠥᠨᠳᠥᠷ ᠳᠠᠨᠵᠢᠯᠠᠭ᠎ᠠ᠎ᠲᠠᠢ ᠪᠠᠯᠠ ᠲᠣᠬᠢᠷᠠᠭᠤᠯᠭ᠎ᠠ ᠵᠢᠨ ᠵᠣᠭᠣᠰ᠎ᠤᠨ ᠲᠣᠭ᠋ᠠᠨ᠎ᠤ ᠡᠭᠦᠳᠦᠯᠲᠡ ᠵᠢᠨ ᠲᠤᠰᠬᠠᠶ ᠠᠰᠢᠭ;ᠤᠯᠤᠰ᠎ᠠᠴᠠ ᠰᠢᠨᠵᠢᠯᠡᠬᠦ ᠤᠬᠠᠭ᠋ᠠᠨ ᠮᠡᠷᠭᠡᠵᠢᠯ᠎ᠤᠨ ᠱᠠᠩᠨᠠᠯ   ᠪᠤᠶᠤ ᠳᠤᠮᠳᠠᠳᠤ ᠤᠯᠤᠰ᠎ᠠᠴᠠ ᠲᠤᠰᠬᠠᠶ ᠠᠰᠢᠭ᠎ᠤᠨ ᠱᠠᠩᠨᠠᠯ ᠣᠯᠤᠭᠰᠠᠨ ᠡᠭᠦᠳᠦᠯᠲᠡ ᠵᠢᠨ ᠲᠤᠰᠬᠠᠶ ᠠᠰᠢᠭ;ᠪᠠᠢ᠌ᠯᠳᠤᠬᠤ ᠪᠣᠳᠣᠯᠭ᠎ᠠ ᠵᠢᠨ ᠴᠢᠨᠠᠷᠲᠠᠢ ᠰᠢᠨ᠎ᠡ᠎ᠪᠠᠷ ᠬᠥᠭᠵᠢᠭᠰᠡᠨ ᠠᠵᠤ ᠦᠢ᠍ᠯᠡᠰ᠎ᠤᠨ ᠬᠦᠷᠢᠶᠡᠨ᠎ᠳᠠᠬᠢ ᠪᠦᠲᠦᠮᠵᠢᠲᠡᠢ ᠡᠭᠦᠳᠦᠯᠲᠡ ᠵᠢᠨ ᠲᠤᠰᠬᠠᠢ ᠠᠰᠢᠭ ᠪᠣᠯ ᠤᠯᠤᠰ᠎ᠤᠨ ᠴᠢᠬᠤᠯᠠ ᠶᠡᠬᠡ ᠬᠥᠭᠵᠢᠯᠲᠡ ᠵᠢᠨ ᠬᠡᠷᠡᠭᠴᠡᠭᠡ᠎ᠳᠤ ᠬᠠᠨᠳᠤᠭᠤᠯᠤᠭᠰᠠᠨ᠂ ᠠᠵᠤ ᠦᠢ᠍ᠯᠡᠰ᠎ᠤᠨ ᠰᠢᠨ᠎ᠡ ᠵᠢ ᠡᠭᠦᠳᠬᠦ ᠬᠥᠭᠵᠢᠯᠲᠡ ᠵᠢ ᠲᠥᠯᠬᠢᠨ ᠠᠬᠢᠭᠤᠯᠬᠤ ᠴᠢᠬᠤᠯᠠ ᠡᠬᠢ ᠪᠠᠶᠠᠯᠢᠭ ᠮᠥᠨ᠂ ᠪᠤᠰᠤᠳ 4 ᠲᠠᠯ᠎ᠠ ᠵᠢᠨ ᠪᠦᠲᠦᠮᠵᠢᠲᠡᠢ ᠡᠭᠦᠳᠦᠯᠲᠡ ᠵᠢᠨ ᠲᠤᠰᠬᠠᠢ ᠠᠰᠢᠭ᠎ᠨᠢ ᠲᠤᠰᠬᠠᠢ ᠠᠰᠢᠭ᠎ᠤᠨ ᠲᠣᠭᠲᠠᠪᠤᠷᠢᠲᠤ ᠴᠢᠨᠠᠷ ᠵᠶ᠋ᠠᠷ ᠴᠢᠩᠭ᠎ᠠ᠂ ᠦᠨ᠎ᠡ ᠥᠷᠳᠡᠭ ᠵᠶ᠋ᠡᠷ ᠨᠡᠯᠢᠶᠡᠳ ᠥᠨᠳᠥᠷ ᠣᠨᠴᠠᠯᠢᠭ᠎ᠲᠠᠢ ᠪᠠᠢ᠌ᠳᠠᠭ᠃
    ᠲᠣᠭ᠎ᠠ ᠪᠠᠷᠢᠮᠲᠠ᠎ᠳᠤ ᠬᠠᠷᠠᠭᠤᠯᠤᠭᠰᠠᠨ ᠵᠶ᠋ᠠᠷ᠂ 《ᠠᠷᠪᠠᠨ ᠭᠤᠷᠪᠠᠳᠤᠭ᠋ᠠᠷ ᠲᠠᠪᠤᠨ ᠵᠢᠯ》᠎ᠤᠨ ᠬᠤᠭᠤᠴᠠᠭ᠋ᠠᠨ᠎ᠳᠤ᠂ ᠪᠦᠬᠦ ᠤᠯᠤᠰ᠎ᠤᠨ 130 ᠵᠦᠢ᠍ᠯ᠎ᠤᠨ ᠲᠤᠰᠬᠠᠢ ᠠᠰᠢᠭ᠎ᠤᠨ ᠱᠠᠩᠨᠠᠯ᠎ᠤᠨ ᠮᠥᠩᠭᠥ ᠵᠢᠨ ᠲᠦᠷᠦᠯ ᠵᠦᠢ᠍ᠯ ᠰᠢᠨ᠎ᠡ᠎ᠪᠠᠷ ᠨᠡᠮᠡᠭᠳᠡᠭᠰᠡᠨ ᠪᠣᠷᠣᠯᠠᠭᠤᠯᠭ᠎ᠠ ᠵᠢᠨ ᠬᠡᠮᠵᠢᠢ᠎ᠡ ᠨᠡᠢ᠍ᠢ᠍ᠳᠡ 1 . 06 ᠲᠦᠮᠡᠨ ᠳ᠋ᠦᠩᠰᠢᠭᠤᠷ ᠲᠥᠭᠥᠷᠢᠭ᠎ᠲᠤ ᠬᠦᠷᠴᠡᠢ; 2019 ᠣᠨ᠎ᠳᠤ ᠪᠥᠬᠥ ᠤᠯᠤᠰ᠎ᠤᠨ ᠲᠤᠰᠬᠠᠶ ᠠᠰᠢᠭ ᠲᠥᠪᠯᠡᠷᠡᠭᠰᠡᠨ ᠬᠡᠯᠪᠡᠷᠢ ᠵᠢᠨ ᠠᠵᠤ ᠦᠢᠯᠡᠰ᠎ᠤᠨ ᠨᠡᠮᠡᠭᠳᠡᠯ ᠥᠷᠲᠡᠭ 11 . 46 ᠲᠦᠮᠡᠨ ᠳ᠋ᠦᠩᠰᠢᠭᠤᠷ ᠲᠥᠭᠥᠷᠢᠭ᠎ᠲᠤ ᠬᠦᠷᠴᠦ᠂ ᠤᠯᠤᠰ᠎ᠤᠨ ᠳᠣᠲᠣᠭ᠋ᠠᠳᠤ ᠵᠢᠨ ᠦᠢᠯᠡᠳᠪᠦᠷᠢᠯᠡᠯ᠎ᠤᠨ ᠪᠥᠬᠥ ᠥᠷᠲᠡᠭ᠎ᠲᠤ ᠡᠵᠡᠯᠡᠬᠦ ᠬᠤᠪᠢ ᠵᠢᠨ ᠵᠢᠩ᠎ᠨᠢ 11 . 6 %᠎ᠳᠤ ᠬᠦᠷᠴᠡᠶ᠂ ᠡᠭᠦᠨ᠎ᠳᠤ 90 % ᠣᠷᠴᠢᠮ᠎ᠤᠨ ᠠᠵᠢᠯ ᠲᠥᠷᠥᠯ᠎ᠨᠢ ᠪᠠᠢ᠌ᠯᠳᠤᠬᠤ ᠪᠣᠳᠣᠯᠭ᠎ᠠ ᠵᠢᠨ ᠴᠢᠨᠠᠷᠲᠠᠶ ᠰᠢᠨ᠎ᠡ᠎ᠪᠠᠷ ᠬᠥᠭᠵᠢᠭᠰᠡᠨ ᠠᠵᠤ ᠦᠢᠯᠡᠰ᠎ᠲᠤ ᠬᠣᠯᠪᠣᠭᠳᠠᠵᠠᠶ᠃
 《ᠲᠦᠮᠡᠨ ᠬᠥᠮᠦᠨ ᠠᠮᠠ ᠪᠦᠷᠢ ᠵᠢᠨ ᠥᠨᠳᠥᠷ ᠥᠷᠲᠡᠭᠲᠦ ᠡᠭᠦᠳᠦᠯᠲᠡ ᠵᠢᠨ ᠲᠤᠰᠬᠠᠶ ᠠᠰᠢᠭ᠎ᠤᠨ ᠪᠠᠢ᠌ᠬᠤ ᠬᠡᠮᠵᠢᠶ᠎ᠡ》 ᠵᠢᠨ ᠭᠦᠢᠴᠡᠳᠬᠡᠯ ᠲᠣᠭ᠎ᠠ ᠵᠢ 《ᠠᠷᠪᠠᠨ ᠳᠥᠷᠪᠡᠳᠦᠭᠡᠷ ᠲᠠᠪᠤᠨ ᠵᠢᠯ》᠎ᠤᠨ ᠲᠥᠯᠥᠪᠵᠢᠭᠦᠯᠭᠡ ᠪᠣᠯᠤᠨ 2035 ᠣᠨ᠎ᠤ ᠠᠯᠤᠰ᠎ᠤᠨ ᠬᠠᠷᠠᠯᠲᠠ ᠵᠢᠨ ᠬᠥᠲᠥᠯᠪᠦᠷᠢ᠎ᠳᠤ ᠪᠢᠴᠢᠵᠦ ᠣᠷᠣᠭᠤᠯᠤᠭᠰᠠᠨ᠎ᠨᠢ ᠰᠢᠨ᠎ᠡ ᠵᠢ ᠡᠭᠦᠳᠬᠦ ᠭᠣᠤᠯ ᠴᠣᠭᠴᠠ ᠪᠣᠯᠤᠨ ᠵᠠᠬ᠎ᠠ ᠳᠡᠯᠭᠡᠭᠦᠷ᠎ᠤᠨ ᠭᠣᠤᠯ ᠴᠣᠭᠴᠠ ᠵᠢ ᠬᠥᠲᠥᠯᠥᠨ ᠵᠢᠯᠣᠭᠣᠳᠴᠤ ᠪᠠᠢ᠌ᠭ᠋ᠠᠳ ᠲᠤᠰᠬᠠᠶ ᠠᠰᠢᠭ᠎ᠤᠨ ᠶᠠᠰᠤ ᠴᠢᠨᠠᠷ ᠪᠣᠯᠤᠨ ᠦᠷ᠎ᠡ ᠠᠰᠢᠭ᠎ᠢ ᠨᠠᠩ ᠴᠢᠬᠤᠯᠠᠴᠢᠯᠠᠵᠤ᠂ ᠭᠣᠤᠯᠯᠠᠭᠴᠢ ᠵᠠᠩᠭᠢᠯᠠᠭ᠎ᠠ ᠵᠢᠨ ᠮᠡᠷᠭᠡᠵᠢᠯ᠎ᠤᠨ ᠬᠦᠷᠢᠶᠡᠨ᠎ᠳᠤ ᠠᠩᠬᠠᠷᠤᠯ ᠵᠶ᠋ᠠᠨ ᠲᠥᠪᠯᠡᠷᠡᠭᠦᠯᠵᠦ᠂ ᠲᠤᠰᠬᠠᠶ ᠠᠰᠢᠭ᠎ᠢ ᠬᠤᠪᠢᠷᠠᠭᠤᠯᠤᠨ ᠬᠡᠷᠡᠭᠯᠡᠬᠦ ᠵᠢ ᠠᠬᠢᠭᠤᠯᠵᠤ᠂ ᠭᠠᠳᠠᠭ᠋ᠠᠳᠤ᠎ᠳᠠᠬᠢ ᠲᠤᠰᠬᠠᠶ ᠠᠰᠢᠭ᠎ᠤᠨ ᠪᠠᠢ᠌ᠷᠢᠰᠢᠭᠤᠯᠤᠯᠲᠠ ᠵᠢ ᠤᠯᠠᠮ ᠴᠢᠨᠠᠭᠰᠢᠳᠠ ᠴᠢᠩᠭ᠋ᠠᠳᠬᠠᠬᠤ ᠵᠢᠨ ᠤᠯᠠᠮ ᠵᠶ᠋ᠠᠷ ᠠᠵᠤ ᠠᠬᠤᠶ ᠵᠢᠨ ᠥᠷᠢᠰᠥᠯᠳᠦᠬᠦ ᠬᠦᠴᠦᠨ᠎ᠢ ᠳᠡᠭᠡᠭᠰᠢᠯᠡᠭᠦᠯᠬᠦ᠎ᠳᠤ ᠠᠰᠢᠭᠲᠠᠶ ᠶᠤᠮ᠃
   
    ᠲᠦᠮᠡᠨ ᠬᠥᠮᠦᠨ ᠠᠮᠠ ᠪᠦᠷᠢ᠎ᠳᠤ 12 ᠬᠤᠪᠢ ᠥᠨᠳᠥᠷ ᠥᠷᠲᠡᠭᠲᠦ ᠡᠭᠦᠳᠦᠯᠲᠡ ᠵᠢᠨ ᠲᠤᠰᠬᠠᠶ ᠠᠰᠢᠭ ᠪᠠᠢ᠌ᠬᠤ᠎ᠨᠢ ᠶᠠᠭᠤ ᠵᠢ ᠬᠠᠷᠠᠭᠤᠯᠵᠤ ᠪᠠᠢ᠌ᠬᠤ ᠪᠣᠶ?
 
    ᠥᠨᠳᠥᠷ ᠦᠷᠳᠡᠭ ᠪᠦᠬᠦᠢ ᠡᠭᠦᠳᠦᠯᠲᠡ ᠵᠢᠨ ᠲᠤᠰᠬᠠᠢ ᠠᠰᠢᠭ᠎ᠤᠨ ᠪᠠᠢ᠌ᠬᠤ ᠬᠡᠮᠵᠢᠢ᠎ᠡ ᠵᠢ ᠪᠦᠷᠢᠳᠬᠡᠵᠦ ᠬᠢᠨᠠᠨ ᠬᠡᠮᠵᠢᠵᠦ ᠦᠨᠡᠯᠡᠬᠦ᠎ᠨᠢ ᠮᠠᠨ᠎ᠤ ᠤᠯᠤᠰ᠎ᠤᠨ ᠰᠢᠨ᠎ᠡ ᠵᠢ ᠡᠭᠦᠳᠬᠦ ᠴᠢᠳᠠᠪᠤᠷᠢ ᠪᠣᠯᠤᠨ ᠦᠷ᠎ᠡ ᠪᠦᠲᠦᠮᠵᠢ ᠵᠢ ᠨᠡᠩ ᠪᠤᠰᠤᠳᠴᠢ᠎ᠪᠠᠷ ᠬᠡᠮᠵᠢᠵᠦ᠂ ᠮᠠᠨ᠎ᠤ ᠤᠯᠤᠰ᠎ᠤᠨ ᠪᠦᠬᠦ ᠪᠥᠮᠪᠥᠷᠴᠡᠭ᠎ᠤᠨ ᠰᠢᠨ᠎ᠡ ᠵᠢ ᠡᠭᠦᠳᠬᠦ ᠥᠷᠢᠰᠥᠯᠳᠦᠭᠡᠨ᠎ᠤ ᠪᠠᠢ᠌ᠷᠢᠰᠢᠯ᠎ᠳᠠᠬᠢ ᠪᠠᠢ᠌ᠷᠢ ᠰᠠᠭᠤᠷᠢ ᠪᠣᠯᠤᠨ ᠲᠦᠪᠰᠢᠨ᠎ᠢ ᠨᠡᠩ ᠣᠨᠣᠪᠴᠢᠲᠠᠢ ᠦᠨᠡᠯᠡᠵᠦ ᠴᠢᠳᠠᠨ᠎ᠠ᠃
    2020 ᠣᠨ᠎ᠤ ᠡᠴᠦᠰ ᠪᠣᠯᠲᠠᠯ᠎ᠠ᠂ ᠮᠠᠨ᠎ᠤ ᠤᠯᠤᠰ᠎ᠤᠨ ᠲᠦᠮᠡᠨ ᠬᠥᠮᠦᠨ ᠠᠮᠠ ᠨᠢᠭᠡᠪᠦᠷᠢ ᠵᠢᠨ ᠥᠨᠳᠥᠷ ᠥᠷᠲᠡᠭᠲᠦ ᠡᠭᠦᠳᠦᠯᠲᠡ ᠵᠢᠨ ᠲᠤᠰᠬᠠᠶ ᠠᠰᠢᠭ 6 . 3 ᠬᠤᠪᠢ ᠪᠠᠢ᠌ᠵᠤ᠂ 2015 ᠣᠨ᠎ᠤ ᠡᠴᠦᠰ᠎ᠤᠨ᠎ᠬᠢ᠎ᠠᠴᠠ 3 . 9 ᠬᠤᠪᠢ ᠳᠡᠭᠡᠭᠰᠢᠯᠡᠵᠦ᠂ ᠠᠷᠪᠠᠨ ᠭᠤᠷᠪᠠᠳᠤᠭ᠋ᠠᠷ ᠲᠠᠪᠤᠨ ᠵᠢᠯ᠎ᠤᠨ ᠲᠥᠯᠥᠪᠵᠢᠭᠦᠯᠭᠡ ᠵᠢᠨ ᠬᠤᠭᠤᠴᠠᠭ᠋ᠠᠨ᠎ᠳᠠᠬᠢ ᠵᠢᠯ ᠳᠤᠮᠳᠠᠴᠢ ᠵᠢᠨ ᠨᠡᠮᠡᠭᠳᠡᠯ᠎ᠤᠨ ᠬᠤᠷᠳᠤᠴᠠ 20 % ᠵᠢ ᠳᠠᠪᠠᠵᠠᠶ᠂ ᠡᠨᠡ᠎ᠨᠢ ᠮᠠᠨ᠎ᠤ ᠤᠯᠤᠰ᠎ᠤᠨ ᠰᠢᠨ᠎ᠡ ᠵᠢ ᠡᠭᠦᠳᠬᠦ ᠴᠢᠳᠠᠪᠤᠷᠢ ᠲᠦᠷᠭᠡᠨ ᠵᠶ᠋ᠡᠷ ᠳᠡᠭᠡᠭᠰᠢᠯᠡᠬᠦ ᠬᠥᠭᠵᠢᠯᠲᠡ ᠵᠢᠨ ᠱᠠᠲᠤᠨ᠎ᠳᠤ ᠣᠷᠣᠰᠢᠵᠤ ᠪᠠᠢ᠌ᠬᠤ ᠵᠢ ᠬᠠᠷᠠᠭᠤᠯᠵᠤ ᠪᠠᠢ᠌ᠨ᠎ᠠ᠃
    ᠵᠢᠱ᠌ᠢᠯᠲᠡ᠎ᠪᠠᠷ 2025 ᠣᠨ᠎ᠳᠤ ᠮᠠᠨ᠎ᠤ ᠤᠯᠤᠰ᠎ᠤᠨ ᠲᠦᠮᠡᠨ ᠬᠥᠮᠦᠨ ᠠᠮᠠ ᠨᠢᠭᠡᠪᠦᠷᠢ ᠵᠢᠨ ᠥᠨᠳᠥᠷ ᠥᠷᠲᠡᠭᠲᠦ ᠡᠭᠦᠳᠦᠯᠲᠡ ᠵᠢᠨ ᠲᠤᠰᠬᠠᠶ ᠠᠰᠢᠭ 12᠎ᠳᠤ ᠬᠥᠷᠬᠥ ᠪᠣᠯᠤᠨ᠎ᠠ᠂ ᠡᠨᠡ᠎ᠨᠢ ᠮᠠᠨ᠎ᠤ ᠤᠯᠤᠰ᠎ᠤᠨ ᠰᠢᠨ᠎ᠡ ᠵᠢ ᠡᠭᠦᠳᠬᠦ ᠪᠣᠳᠠᠲᠤ ᠬᠦᠴᠦᠨ ᠨᠡᠯᠢᠶᠡᠳ ᠶᠡᠬᠡ ᠬᠡᠮᠵᠢᠶ᠎ᠡ᠎ᠪᠠᠷ ᠳᠡᠭᠡᠭᠰᠢᠯᠡᠵᠦ᠂ ᠠᠮᠧᠷᠢᠺᠠ ᠶᠠᠫᠣᠨ ᠵᠡᠷᠭᠡ ᠬᠥᠭᠵᠢᠭᠰᠡᠨ ᠤᠯᠤᠰ᠎ᠯᠤᠭ᠎ᠠ ᠵᠢᠨ ᠵᠥᠷᠢᠶ᠎ᠡ ᠤᠯᠠᠮ ᠨᠢᠭᠡ ᠠᠯᠬᠤᠮ ᠪᠠᠭ᠋ᠠᠰᠴᠤ᠂ ᠠᠩᠬ᠎ᠠ ᠠᠯᠬᠤᠮ ᠬᠡᠪᠴᠢᠶᠡᠵᠢᠭᠰᠡᠨ ᠥᠨᠳᠥᠷ ᠥᠷᠲᠡᠭᠲᠦ ᠲᠤᠰᠬᠠᠶ ᠠᠰᠢᠭ᠎ᠤᠨ ᠡᠬᠢ ᠪᠠᠶᠠᠯᠢᠭ᠎ᠢ ᠪᠦᠷᠢᠯᠳᠦᠭᠦᠯᠵᠦ᠂ ᠠᠵᠤ ᠠᠬᠤᠶ ᠨᠡᠢ᠌ᠭᠡᠮ᠎ᠤᠨ ᠴᠢᠨᠠᠷ ᠰᠠᠢ᠌ᠲᠠᠶ ᠬᠥᠭᠵᠢᠯᠲᠡ᠎ᠳᠤ ᠨᠠᠩ ᠬᠦᠴᠦᠲᠡᠶ ᠲᠤᠯᠭ᠋ᠠᠭᠤᠷᠢᠯᠠᠯ ᠬᠠᠩᠭ᠋ᠠᠬᠤ ᠪᠣᠯᠤᠨ᠎ᠠ᠃
    ᠪᠣᠳᠠᠲᠠᠶ᠎ᠪᠠᠷ ᠬᠡᠯᠡᠪᠡᠯ᠂ ᠮᠠᠨ᠎ᠤ ᠤᠯᠤᠰ ᠵᠣᠬᠢᠶᠠᠮᠠᠯ ᠣᠶᠤᠨ ᠴᠢᠳᠠᠪᠤᠷᠢ᠂ ᠺᠸᠠᠨ᠋ᠲ᠎ᠤᠨ ᠮᠡᠳᠡᠭᠡ ᠵᠠᠩᠭᠢ᠂ ᠬᠤᠷᠠᠮᠠᠯ ᠴᠠᠬᠢᠯᠭ᠋ᠠᠨ ᠬᠡᠯᠬᠢᠶ᠎ᠡ᠂ ᠰᠠᠭᠤᠷᠢ ᠵᠥᠭᠡᠯᠡᠨ ᠲᠣᠨᠣᠭ᠂ ᠠᠮᠢ ᠨᠠᠰᠤᠨ᠎ᠤ ᠡᠷᠡᠭᠦᠯ ᠮᠡᠨᠳᠦ ᠵᠡᠷᠭᠡ ᠵᠠᠩᠭᠢᠯᠠᠭ᠎ᠠ ᠵᠢᠨ ᠭᠣᠤᠯᠯᠠᠬᠤ ᠮᠡᠷᠭᠡᠵᠢᠯ᠎ᠤᠨ ᠬᠦᠷᠢᠶᠡᠨ᠎ᠳᠤ ᠨᠢᠭᠡ ᠪᠦᠯᠦᠭ ᠪᠡᠶ᠎ᠡ᠎ᠪᠠᠨ ᠳᠠᠭ᠋ᠠᠭ᠋ᠠᠭᠰᠠᠨ ᠮᠡᠳᠡᠯᠭᠡ ᠵᠢᠨ ᠪᠦᠲᠦᠭᠡᠭᠳᠡᠬᠦᠨ᠎ᠤ ᠥᠮᠴᠢᠯᠡᠬᠦ ᠡᠷᠬᠡ᠎ᠲᠠᠢ ᠥᠨᠳᠥᠷ ᠥᠷᠲᠡᠭᠲᠦ ᠲᠤᠰᠬᠠᠶ ᠠᠰᠢᠭ᠎ᠢ ᠡᠭᠦᠳᠦᠨ ᠨᠥᠭᠡᠴᠡᠯᠡᠬᠦ ᠪᠣᠯᠤᠨ᠎ᠠ; ᠨᠠᠩ ᠣᠯᠠᠨ ᠥᠨᠳᠥᠷ ᠥᠷᠲᠡᠭ᠎ᠲᠠᠢ ᠲᠤᠰᠬᠠᠶ ᠠᠰᠢᠭ᠎ᠢ ᠠᠵᠤ ᠦᠢ᠍ᠯᠡᠰᠵᠢᠭᠦᠯᠬᠦ ᠵᠢᠨ ᠬᠠᠮᠲᠤ ᠵᠠᠬ᠎ᠠ ᠳᠡᠯᠭᠡᠭᠦᠷ᠎ᠤᠨ ᠥᠷᠲᠡᠭ᠎ᠢ ᠡᠭᠦᠳᠦᠨ ᠪᠦᠲᠦᠭᠡᠨ᠎ᠡ; ᠮᠠᠨ᠎ᠤ ᠤᠯᠤᠰ᠎ᠤᠨ ᠵᠠᠬ᠎ᠠ ᠳᠡᠯᠭᠡᠭᠦᠷ᠎ᠤᠨ ᠭᠣᠤᠯ ᠴᠣᠭᠴᠠ ᠨᠠᠩ ᠣᠯᠠᠨ ᠰᠢᠨ᠎ᠡ ᠵᠢ ᠡᠭᠦᠳᠦᠭᠰᠡᠨ ᠦᠷ᠎ᠡ ᠪᠦᠲᠦᠭᠡᠯ ᠣᠯᠵᠤ᠂ ᠭᠠᠳᠠᠭ᠋ᠠᠳᠤ᠎ᠳᠠᠬᠢ ᠲᠤᠰᠬᠠᠶ ᠠᠰᠢᠭ᠎ᠤᠨ ᠪᠠᠢ᠌ᠷᠢᠰᠢᠭᠤᠯᠤᠯᠲᠠ ᠵᠢ ᠪᠡᠶᠡᠯᠡᠭᠦᠯᠵᠦ᠂ 《ᠭᠠᠷᠴᠤ ᠶᠠᠪᠤᠬᠤ》᠎ᠳᠤ ᠪᠠᠲᠤᠯᠠᠭ᠎ᠠ ᠬᠠᠩᠭ᠋ᠠᠬᠤ ᠪᠣᠯᠤᠨ᠎ᠠ᠃
   

    ᠥᠨᠳᠥᠷ ᠥᠷᠲᠡᠭ ᠪᠥᠬᠥᠶ ᠲᠤᠰᠬᠠᠶ ᠠᠰᠢᠭ᠎ᠢ ᠬᠡᠷᠬᠢᠨ ᠨᠠᠩ ᠰᠠᠢ᠌ᠨ ᠬᠠᠮᠠᠭ᠋ᠠᠯᠠᠬᠤ ᠪᠠ ᠤᠷᠮᠠᠰᠢᠭᠤᠯᠬᠤ ᠪᠣᠶ?

    ᠤᠯᠤᠰ᠎ᠤᠨ ᠮᠡᠳᠡᠯᠭᠡ ᠵᠢᠨ ᠥᠮᠴᠢᠯᠡᠯ᠎ᠤᠨ ᠡᠷᠬᠡ ᠵᠢᠨ ᠲᠣᠪᠴᠢᠶ᠎ᠠ ᠶᠠᠭ 《ᠠᠷᠪᠠᠨ ᠳᠥᠷᠪᠡᠳᠦᠭᠡᠷ ᠲᠠᠪᠤᠨ ᠵᠢᠯ》᠎ᠤᠨ ᠲᠥᠯᠥᠪᠵᠢᠭᠦᠯᠭᠡ ᠵᠢᠨ ᠬᠤᠭᠤᠴᠠᠭ᠋ᠠᠨ᠎ᠳᠠᠬᠢ ᠤᠯᠤᠰ᠎ᠤᠨ ᠮᠡᠳᠡᠯᠭᠡ ᠵᠢᠨ ᠥᠮᠴᠢᠯᠡᠯ᠎ᠤᠨ ᠡᠷᠬᠡ ᠵᠢ ᠬᠠᠮᠠᠭ᠋ᠠᠯᠠᠬᠤ ᠪᠠ ᠬᠡᠷᠡᠭᠯᠡᠬᠦ ᠲᠥᠯᠥᠪᠵᠢᠭᠦᠯᠭᠡ ᠵᠢ ᠲᠦᠷᠦᠭᠦᠯᠡᠨ ᠰᠤᠳᠤᠯᠤᠨ ᠲᠣᠭᠲᠠᠭ᠋ᠠᠵᠤ᠂ ᠮᠡᠳᠡᠯᠭᠡ ᠵᠢᠨ ᠥᠮᠴᠢᠯᠡᠯ᠎ᠤᠨ ᠡᠷᠬᠡ ᠵᠢᠨ ᠲᠥᠷᠥ ᠵᠢᠨ ᠪᠣᠳᠣᠯᠭ᠎ᠠ ᠵᠢᠨ ᠨᠠᠩ ᠰᠠᠢ᠌ᠨ ᠣᠷᠴᠢᠨ ᠨᠥᠬᠥᠴᠡᠯ᠂ ᠪᠠᠢ᠌ᠭᠤᠯᠤᠮᠵᠢ ᠵᠢᠨ ᠣᠷᠴᠢᠨ ᠨᠥᠬᠥᠴᠡᠯ ᠪᠠ ᠬᠠᠤᠯᠢᠵᠢᠯ᠎ᠤᠨ ᠣᠷᠴᠢᠨ ᠨᠥᠬᠥᠴᠡᠯ᠎ᠢ ᠴᠢᠷᠮᠠᠢ᠌ᠨ ᠡᠭᠦᠳᠴᠦ᠂ ᠵᠠᠬ᠎ᠠ ᠳᠡᠯᠭᠡᠭᠦᠷ᠎ᠤᠨ ᠭᠣᠤᠯ ᠴᠣᠭᠴᠠ ᠵᠢᠨ ᠰᠢᠨ᠎ᠡ ᠵᠢ ᠡᠭᠦᠳᠬᠦ ᠠᠮᠢᠵᠢᠷᠠᠯ᠎ᠤᠨ ᠬᠦᠴᠦᠨ᠎ᠢ ᠭᠦᠢᠴᠡᠳ ᠬᠥᠭᠵᠢᠭᠡᠪᠡ᠃
    ᠥᠨᠳᠥᠷ ᠥᠷᠲᠡᠭᠲᠦ ᠲᠤᠰᠬᠠᠶ ᠠᠰᠢᠭ᠎ᠤᠨ ᠡᠭᠦᠳᠦᠨ ᠪᠦᠲᠦᠭᠡᠯᠲᠡ ᠵᠢ ᠪᠦᠲᠦᠮᠵᠢᠲᠡᠶ ᠤᠷᠮᠠᠰᠢᠭᠤᠯᠬᠤ ᠵᠢᠨ ᠲᠥᠯᠥᠭᠡ᠂ ᠶᠠᠰᠤ ᠴᠢᠨᠠᠷ ᠪᠠ ᠦᠨ᠎ᠡ ᠥᠷᠲᠡᠭ ᠵᠶ᠋ᠡᠷ ᠤᠳᠤᠷᠢᠳᠤᠮᠵᠢ ᠪᠣᠯᠭ᠋ᠠᠭᠰᠠᠨ ᠮᠡᠳᠡᠯᠭᠡ ᠵᠢᠨ ᠥᠮᠴᠢᠯᠡᠬᠦ ᠡᠷᠬᠡ ᠵᠢᠨ ᠲᠣᠭ᠎ᠠ ᠪᠦᠷᠢᠳᠬᠡᠯ᠎ᠤᠨ ᠭᠦᠢᠴᠡᠳᠬᠡᠯ ᠲᠣᠭ᠎ᠠ ᠵᠢᠨ ᠰᠢᠰᠲ᠋ᠧᠮᠵᠢ ᠵᠢ ᠤᠯᠠᠮ ᠨᠢᠭᠡ ᠠᠯᠬᠤᠮ ᠰᠤᠳᠤᠯᠤᠨ ᠨᠡᠢ᠌ᠲᠡᠯᠡᠵᠦ᠂ ᠮᠡᠳᠡᠯᠭᠡ ᠵᠢᠨ   ᠥᠮᠴᠢᠯᠡᠬᠦ ᠡᠷᠬᠡ ᠵᠢᠨ ᠴᠢᠨᠠᠷ ᠰᠠᠢ᠌ᠲᠠᠶ ᠡᠭᠦᠳᠦᠨ ᠪᠦᠲᠦᠭᠡᠯᠲᠡ ᠵᠢ ᠳᠡᠮᠵᠢᠬᠦ ᠲᠥᠷᠥ ᠵᠢᠨ ᠪᠣᠳᠣᠯᠭ᠎ᠠ ᠵᠢ ᠲᠣᠳᠣᠷᠬᠠᠢ᠌ᠯᠠᠨ ᠪᠦᠷᠢᠨᠰᠢᠭᠦᠯᠵᠦ᠂ ᠲᠤᠰᠬᠠᠶ ᠠᠰᠢᠭ᠎ᠤᠨ ᠡᠳ᠋ ᠮᠥᠩᠭᠥ᠎ᠪᠠᠷ ᠲᠤᠰᠠᠯᠠᠵᠤ ᠱᠠᠩᠨᠠᠬᠤ ᠲᠥᠷᠥ ᠵᠢᠨ ᠪᠣᠳᠣᠯᠭ᠎ᠠ ᠪᠠ ᠰᠢᠯᠭ᠋ᠠᠨ ᠬᠢᠨᠠᠵᠤ ᠦᠨᠡᠯᠡᠬᠦ ᠲᠣᠭᠲᠠᠴᠠ ᠵᠢ ᠰᠢᠯᠢᠳᠡᠭᠵᠢᠭᠦᠯᠦᠨ᠂ ᠳᠠᠯᠳᠠ ᠬᠥᠷᠥᠩᠭᠡ ᠵᠢ ᠦᠨᠡᠯᠡᠨ ᠵᠢᠱ᠌ᠢᠬᠦ ᠲᠦᠷᠢᠮ᠎ᠢ ᠲᠡᠭᠦᠯᠳᠡᠷᠵᠢᠭᠦᠯᠵᠦ᠂ ᠤᠷᠮᠠᠰᠢᠭᠤᠯᠬᠤ ᠪᠠ ᠬᠢᠨᠠᠨ ᠬᠠᠮᠢᠶᠠᠷᠬᠤ ᠵᠢ ᠬᠠᠷᠢᠯᠴᠠᠨ ᠵᠣᠬᠢᠴᠠᠭᠤᠯᠤᠭᠰᠠᠨ ᠬᠠᠮᠢᠶᠠᠷᠤᠯᠲᠠ ᠵᠢᠨ ᠲᠣᠭᠲᠠᠴᠠ ᠵᠢ ᠪᠦᠷᠢᠯᠳᠦᠭᠦᠯᠦᠨ᠎ᠡ᠃
    ᠥᠨᠳᠥᠷ ᠥᠷᠲᠡᠭᠲᠦ ᠲᠤᠰᠬᠠᠶ ᠠᠰᠢᠭ᠎ᠤᠨ ᠨᠠᠩ ᠥᠨᠳᠥᠷ ᠲᠦᠪᠰᠢᠨ᠎ᠤ ᠬᠠᠮᠠᠭ᠋ᠠᠯᠠᠯᠲᠠ ᠵᠢ ᠠᠬᠢᠭᠤᠯᠬᠤ ᠵᠢᠨ ᠲᠥᠯᠥᠭᠡ᠂ ᠪᠥᠬᠥ ᠬᠡᠯᠬᠢᠶᠡᠨ᠎ᠤ ᠬᠠᠮᠠᠭ᠋ᠠᠯᠠᠯᠲᠠ ᠵᠢ ᠤᠯᠠᠮ ᠨᠢᠭᠡ ᠠᠯᠬᠤᠮ ᠴᠢᠩᠭ᠋ᠠᠳᠬᠠᠵᠤ᠂ ᠬᠢᠨᠠᠨ ᠪᠠᠢ᠌ᠴᠠᠭ᠋ᠠᠵᠤ ᠡᠷᠬᠡ ᠣᠯᠭᠣᠬᠤ᠂ ᠵᠠᠰᠠᠭ ᠵᠠᠬᠢᠷᠭ᠋ᠠᠨ᠎ᠤ ᠬᠠᠤᠯᠢ ᠬᠡᠷᠡᠭᠵᠢᠭᠦᠯᠬᠦ᠂ ᠬᠠᠤᠯᠢ ᠴᠠᠭ᠋ᠠᠵᠠ ᠵᠢᠨ ᠬᠠᠮᠠᠭ᠋ᠠᠯᠠᠯᠲᠠ᠂ ᠬᠥᠨᠳᠡᠯᠡᠨ᠎ᠠᠴᠠ ᠲᠠᠰᠤᠯᠬᠤ ᠡᠶᠡᠳᠡᠭᠦᠯᠭᠡ᠂ ᠠᠵᠢᠯ ᠲᠥᠷᠥᠯ᠎ᠤᠨ ᠥᠪᠡᠷ᠎ᠢ᠎ᠪᠠᠨ ᠱᠠᠭ᠋ᠠᠷᠳᠠᠬᠤ᠂ ᠠᠷᠠᠳ ᠢᠷᠭᠡᠨ᠎ᠤ ᠦᠨᠡᠨᠴᠢ ᠢᠲᠡᠭᠡᠮᠵᠢ ᠵᠡᠷᠭᠡ ᠠᠵᠢᠯ᠎ᠢ ᠨᠢᠭᠡᠳᠦᠯᠲᠡᠶ ᠲᠥᠯᠥᠪᠯᠡᠨ ᠠᠬᠢᠭᠤᠯᠵᠤ᠂ ᠮᠡᠳᠡᠯᠭᠡ ᠵᠢᠨ ᠪᠦᠲᠦᠭᠡᠭᠳᠡᠬᠦᠨ᠎ᠤ ᠥᠮᠴᠢᠯᠡᠬᠦ ᠡᠷᠬᠡ ᠵᠢᠨ ᠡᠷᠬᠡ᠎ᠳᠤ ᠬᠠᠯᠳᠠᠭᠰᠠᠨ᠎ᠢ ᠵᠠᠯᠬᠠᠭ᠋ᠠᠨ ᠰᠢᠳᠬᠡᠬᠦ ᠴᠢᠨᠠᠷᠲᠠᠶ ᠲᠥᠯᠥᠪᠦᠷᠢ ᠵᠢᠨ ᠲᠦᠷᠢᠮ᠎ᠢ ᠪᠦᠲᠦᠮᠵᠢᠲᠡᠶ ᠬᠡᠷᠡᠭᠵᠢᠭᠦᠯᠦᠨ᠎ᠡ᠃
    ᠥᠨᠳᠥᠷ ᠥᠷᠲᠡᠭᠲᠦ ᠲᠤᠰᠬᠠᠶ ᠠᠰᠢᠭ᠎ᠢ ᠰᠢᠯᠵᠢᠭᠦᠯᠦᠨ ᠤᠯᠠᠷᠢᠭᠤᠯᠬᠤ ᠵᠢ ᠬᠦᠴᠦᠲᠡᠶ ᠠᠬᠢᠭᠤᠯᠬᠤ ᠵᠢᠨ ᠲᠥᠯᠥᠭᠡ᠂ ᠤᠯᠤᠰ᠎ᠤᠨ ᠥᠮᠴᠢᠯᠡᠯ᠎ᠤᠨ ᠮᠡᠳᠡᠯᠭᠡ ᠵᠢᠨ   ᠥᠮᠴᠢᠯᠡᠬᠦ ᠡᠷᠬᠡ ᠵᠢᠨ ᠡᠷᠬᠡ ᠠᠰᠢᠭ᠎ᠤᠨ ᠬᠤᠪᠢᠶᠠᠷᠢᠯᠠᠯᠲᠠ ᠵᠢᠨ ᠥᠭᠡᠷᠡᠴᠢᠯᠡᠯᠲᠡ ᠵᠢ ᠠᠬᠢᠭᠤᠯᠵᠤ᠂ ᠣᠯᠠᠨ ᠡᠰᠢᠵᠢᠭᠰᠡᠨ ᠡᠵᠡᠩᠨᠡᠯᠲᠡ ᠵᠢᠨ ᠦᠢᠯᠡᠴᠢᠯᠡᠭᠡᠨ᠎ᠤ ᠲᠠᠪᠴᠠᠩ᠎ᠢ ᠪᠣᠢ᠌ᠵᠢᠭᠤᠯᠤᠨ ᠬᠥᠭᠵᠢᠭᠦᠯᠵᠦ᠂ ᠮᠡᠳᠡᠯᠭᠡ ᠵᠢᠨ ᠪᠦᠲᠦᠭᠡᠭᠳᠡᠬᠦᠨ᠎ᠤ ᠥᠮᠴᠢᠯᠡᠬᠦ ᠡᠷᠬᠡ ᠵᠢᠨ ᠮᠥᠩᠭᠥᠨ ᠭᠦᠢᠯᠭᠡᠭᠡᠨ᠎ᠤ ᠦᠢᠯᠡᠴᠢᠯᠡᠭᠡ ᠵᠢ ᠭᠦᠨᠵᠡᠭᠡᠢ᠌ᠷᠡᠭᠦᠯᠦᠨ᠂ ᠠᠵᠤ ᠠᠬᠤᠢ᠌ᠯᠠᠯ᠂ ᠳᠡᠭᠡᠳᠦ ᠰᠤᠷᠭ᠋ᠠᠭᠤᠯᠢ᠂ ᠰᠢᠨᠵᠢᠯᠡᠬᠦ ᠤᠬᠠᠭ᠋ᠠᠨ᠎ᠤ ᠰᠤᠳᠤᠯᠭ᠋ᠠᠨ᠎ᠤ ᠪᠠᠢ᠌ᠭᠤᠯᠤᠮᠵᠢ ᠵᠢᠨ ᠬᠠᠮᠵᠢᠯᠴᠠᠨ ᠬᠡᠷᠡᠭᠯᠡᠬᠦ ᠵᠢ ᠠᠬᠢᠭᠤᠯᠵᠤ᠂ ᠲᠤᠰᠬᠠᠶ ᠠᠰᠢᠭ ᠲᠥᠪᠯᠡᠷᠡᠭᠰᠡᠨ ᠠᠵᠤ ᠦᠢᠯᠡᠰ᠎ᠢ ᠪᠣᠢ᠌ᠵᠢᠭᠤᠯᠤᠨ᠎ᠠ᠃  

ᠢᠷᠡᠯᠲᠡ᠄ ᠳᠤᠮᠳᠠᠳᠤ ᠤᠯᠤᠰ᠎ᠤᠨ ᠲᠤᠰᠬᠠᠢ ᠠᠰᠢᠭ᠎ᠢ ᠬᠠᠮᠠᠭ᠋ᠠᠯᠠᠬᠦ ᠵᠦᠪᠯᠡᠯ
          
ᠬᠠᠮᠢᠶ᠎ᠡ ᠪᠦᠬᠦᠢ ᠰᠣᠨᠢᠨ
ᠳᠡᠭᠡᠳᠦ ᠰᠢᠨ᠎ᠡ ᠲᠧᠭᠨᠢᠭ ᠮᠡᠷᠭᠡᠵᠢᠯ᠎ᠤᠨ ᠠᠵᠦ ᠠᠬᠤᠢ᠌ᠯᠠᠯ᠎ᠳᠤ ᠭᠤᠶᠤᠴᠢᠯᠠᠨ ᠮᠡᠳᠡᠭᠦᠯᠬᠦ᠎ᠳᠤ ᠲᠠ ᠬᠢᠷᠢ ᠲᠡᠭᠴᠡᠭᠰᠡᠨ ᠤᠤ?
800 ᠳ᠋ᠦᠩᠰᠢᠭᠤᠷ ᠲᠥᠭᠥᠷᠢᠭ᠎ᠤᠨ ᠭᠠᠢ᠌ᠯᠢ ᠬᠥᠩᠭᠡᠯᠡᠭᠰᠡᠨ ᠠᠰᠢᠭ ᠰᠠᠢ᠌ᠨ! ᠠᠵᠤ ᠠᠬᠤᠢ᠌ᠯᠠᠯ᠎ᠤᠨ ᠰᠤᠳᠤᠯᠤᠨ ᠨᠡᠭᠡᠭᠡᠬᠦ ᠵᠠᠷᠤᠳᠠᠯ᠎ᠢ ᠬᠥᠩᠭᠡᠯᠡᠭᠰᠡᠨ ᠦᠦ?
ᠡᠳ᠋᠎ᠤᠨ ᠵᠠᠰᠠᠭ᠎ᠤᠨ ᠶᠠᠮᠤᠨ᠎ᠤ ᠪᠣᠭᠣᠮᠲᠠ ᠵᠢᠨ ᠶᠡᠷᠦᠩᠬᠡᠶ ᠵᠠᠬᠢᠷᠭ᠎ᠠ ᠵᠢᠨ ᠭᠠᠢ᠌ᠯᠢ ᠵᠢᠨ ᠶᠠᠪᠤᠳᠠᠯ᠎ᠤᠨ ᠶᠡᠷᠦᠩᠬᠡᠶ ᠲᠣᠪᠴᠢᠶ᠎ᠠ ᠵᠢᠨ 《ᠠᠷᠪᠠᠨ ᠳᠥᠷᠪᠡᠳᠦᠭᠡᠷ ᠲᠠᠪᠤᠨ ᠵᠢᠯ》᠎ᠤᠨ ᠲᠥᠯᠥᠪᠵᠢᠭᠦᠯᠭᠡ ᠵᠢᠨ ᠬᠤᠭᠤᠴᠠᠭ᠋ᠠᠨ᠎ᠳᠤ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠰᠢᠨ᠎ᠡ ᠡᠭᠦᠳᠦᠯᠲᠡ ᠵᠢ ᠳᠡᠮᠵᠢᠬᠦ ᠭᠠᠳᠠᠭ᠋ᠠᠳᠤ᠎ᠠᠴᠠ ᠣᠷᠣᠭᠤᠯᠬᠤ ᠭᠠᠢ᠌ᠯᠢ ᠲᠠᠲᠠᠪᠤᠷᠢ ᠵᠢᠨ ᠲᠥᠷᠥ ᠵᠢᠨ ᠪᠣᠳᠣᠯᠭ᠎ᠠ ᠵᠢᠨ ᠲᠤᠬᠠᠶ ᠮᠡᠳᠡᠭᠳᠡᠯ
ᠮᠡᠳᠡᠯᠭᠡ ᠵᠢᠨ ᠦᠮᠴᠢᠯᠡᠯ᠎ᠤᠨ ᠡᠷᠬᠡ ᠵᠢᠨ ᠲᠣᠪᠴᠢᠶ᠎ᠠ ᠰᠠᠢ᠌ᠵᠢᠷᠠᠭᠤᠯᠬᠤ ᠠᠷᠭ᠎ᠠ ᠬᠡᠮᠵᠢᠶ᠎ᠡ ᠠᠪᠴᠤ ᠲᠤᠰᠬᠠᠶ ᠠᠰᠢᠭ᠎ᠤᠨ ᠲᠠᠸᠠᠷ᠎ᠤᠨ ᠲᠡᠮᠳᠡᠭᠲᠦ ᠵᠡᠷᠭᠡ ᠵᠢᠨ ᠬᠢᠨᠠᠨ ᠪᠠᠢ᠌ᠴᠠᠭ᠋ᠠᠬᠤ ᠦᠶᠡᠯᠡᠯ᠎ᠤᠨ ᠬᠤᠭᠤᠴᠠᠭ᠎ᠠ ᠵᠢ ᠦᠷᠭᠦᠯᠵᠢᠯᠡᠨ ᠪᠣᠭᠣᠨᠢᠰᠬᠠᠨ᠎ᠠ
ᠮᠡᠳᠡᠯᠭᠡ ᠵᠢᠨ ᠦᠮᠴᠢᠯᠡᠯ᠎ᠤᠨ ᠡᠷᠬᠡ ᠵᠢᠨ ᠬᠡᠪᠴᠢᠶᠡᠨ᠎ᠳᠠᠬᠢ 《ᠪᠠᠭᠤᠯᠭ᠋ᠠᠬᠤ ᠬᠠᠮᠢᠶᠠᠷᠬᠤ ᠦᠢᠯᠡᠴᠢᠯᠡᠬᠦ》 ᠥᠭᠡᠷᠡᠴᠢᠯᠡᠯᠲᠡ ᠵᠢ ᠭᠦᠨᠵᠡᠭᠡᠢ᠌ᠷᠡᠭᠦᠯᠬᠦ᠎ᠨᠢ ᠠᠯᠢ ᠬᠡᠳᠦᠨ ᠲᠠᠯ᠎ᠠ᠎ᠪᠠᠷ ᠢᠯᠡᠷᠡᠵᠦ ᠪᠠᠢ᠌ᠬᠤ ᠪᠣᠶ
 
            