ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠲᠡᠷᠢᠭᠦᠨ ᠬᠠᠭᠤᠳᠠᠰᠤ   -   ᠦᠢᠯᠡᠴᠢᠯᠡᠬᠦ᠌ ᠵᠦᠭᠯᠡᠬᠦᠷ
ᠲᠡᠵᠢᠭᠡᠯ ᠡᠪᠡᠰᠦ ᠵᠢ ᠬᠠᠳᠠᠭ᠋ᠠᠬᠤ ᠠᠷᠭ᠎ᠠ
ᠨᠡᠶ᠋ᠢᠲᠡᠯᠡᠭᠰᠡᠨ ᠴᠠᠭ᠄ 2025-11-07

ᠴᠢᠨᠠᠷ ᠰᠠᠢ᠌ᠲᠠᠢ ᠲᠡᠵᠢᠭᠡᠯ ᠡᠪᠡᠰᠦ ᠵᠢ ᠬᠠᠲᠠᠭ᠋ᠠᠬᠤ ᠠᠷᠭ᠎ᠠ  ᠵᠢ ᠬᠥᠮᠥᠨ ᠎ᠤ ᠬᠦᠴᠦ ᠎ᠪᠠᠷ ᠬᠠᠲᠠᠭ᠋ᠠᠬᠤ ᠪᠠ ᠠᠶᠠᠨᠳᠠᠭ᠋ᠠᠨ ᠬᠠᠲᠠᠭ᠋ᠠᠬᠤ ᠭᠡᠵᠦ ᠬᠤᠪᠢᠶᠠᠳᠠᠭ᠃ ᠡᠪᠡᠰᠦ ᠪᠣᠷᠳᠣᠭ᠎ᠠ  ᠵᠢ ᠬᠠᠲᠠᠭ᠋ᠠᠬᠤ ᠎ᠳᠤ ᠳᠣᠣᠷᠠᠬᠢ ᠵᠠᠷᠴᠢᠮ ᠎ᠤᠳ ᠎ᠢ ᠪᠠᠷᠢᠮᠲᠠᠯᠠᠬᠤ ᠬᠡᠷᠡᠭᠲᠡᠢ᠄

 ᠴᠠᠭ ᠠᠭᠤᠷ ᠎ᠤᠨ ᠪᠠᠢ᠌ᠳᠠᠯ ᠎ᠢ ᠡᠵᠡᠮᠰᠢᠵᠦ᠂ ᠪᠣᠷᠣᠭ᠋ᠠᠨ ᠎ᠳᠤ ᠨᠣᠷᠣᠭᠳᠠᠬᠤ ᠵᠢ ᠠᠯᠢ ᠴᠢᠳᠠᠬᠤ ᠎ᠪᠠᠷ ᠪᠠᠭ᠋ᠠᠰᠬᠠᠨ᠎ᠠ ᠃ ᠨᠡᠷᠡᠨ ᠎ᠤ ᠭᠡᠷᠡᠯ ᠎ᠳᠤ ᠤᠷᠲᠤ ᠬᠤᠭᠤᠴᠠᠭ᠎ᠠ  ᠪᠠᠷ ᠰᠢᠷᠠᠭᠳᠠᠬᠤ᠎ᠠᠴᠠ ᠵᠠᠢ᠌ᠯᠠᠰᠬᠢᠬᠦ ᠬᠡᠷᠡᠭᠲᠡᠢ᠃ ᠲᠤᠩᠭ᠋ᠠᠯᠠᠭ ᠡᠳᠦᠷ ᠡᠪᠡᠰᠦ ᠬᠠᠲᠠᠭ᠋ᠠᠬᠤ ᠎ᠳᠤ᠂ ᠬᠥᠬᠡ ᠡᠪᠡᠰᠦᠨ ᠎ᠤ ᠤᠰᠤᠨ ᠎ᠤ ᠠᠭᠤᠯᠤᠭᠳᠠᠴᠠ ᠵᠢ 45% — 55% ᠪᠣᠯᠲᠠᠯ᠎ᠠ  ᠪᠠᠭᠤᠷᠠᠭᠤᠯᠬᠤ ᠎ᠳᠤ ᠶᠡᠷᠦ ᠎ᠳᠡᠭᠡᠨ 5 — 8 ᠴᠠᠭ ᠬᠡᠷᠡᠭᠰᠡᠨ᠎ᠡ ᠂ ᠡᠢ᠌ᠮᠦ ᠎ᠠᠴᠠ ᠦᠷᠭᠦᠯᠵᠢ ᠤᠷᠪᠠᠭᠤᠯᠤᠨ ᠬᠥᠳᠡᠯᠭᠡᠵᠦ᠂ ᠤᠷᠭᠤᠮᠠᠯ ᠎ᠤᠨ ᠡᠯ᠎ᠡ  ᠬᠡᠰᠡᠭ ᠤᠰᠤᠨ ᠎ᠤ ᠠᠭᠤᠯᠤᠭᠳᠠᠴᠠ ᠵᠢ ᠵᠢᠭᠳᠡ ᠎ᠪᠠᠷ ᠲᠠᠷᠬᠠᠭ᠋ᠠᠨ᠎ᠠ᠃ ᠡᠪᠡᠰᠦ ᠬᠠᠮᠤᠬᠤ᠂ ᠡᠪᠡᠰᠦ ᠴᠤᠭᠯᠠᠭᠤᠯᠬᠤ᠂ ᠪᠣᠭᠣᠵᠢᠯᠠᠬᠤ᠂ ᠵᠢᠶᠠᠰᠠᠯᠠᠬᠤ ᠵᠢᠴᠢ ᠣᠪᠣᠭ᠋ᠠᠯᠠᠬᠤ ᠶᠠᠪᠤᠴᠠ᠎ᠳᠤ ᠤᠷᠭᠤᠮᠠᠯ ᠎ᠤᠨ ᠨᠢᠯᠬ᠎ᠠ  ᠪᠣᠯᠪᠠᠷᠠᠢ ᠬᠡᠰᠡᠭ ᠎ᠢ ᠬᠤᠭᠤᠯᠬᠤ ᠬᠢᠴᠢᠶᠡᠬᠦ ᠬᠡᠷᠡᠭᠲᠡᠢ᠃ 

ᠨᠢᠭᠡ᠂ ᠡᠩ  ᠰᠠᠯᠬᠢ ᠨᠡᠪᠲᠡᠷᠡᠭᠦᠯᠦᠨ ᠬᠠᠳᠠᠭ᠋ᠠᠬᠤ ᠠᠷᠭ᠎ᠠ 

ᠲᠡᠵᠢᠭᠡᠯ ᠡᠪᠡᠰᠦ ᠵᠢ ᠬᠠᠳᠤᠭᠰᠠᠨ᠎ᠤ ᠲᠠᠷᠠᠭ᠎ᠠ  ᠲᠠᠷᠢᠶᠠᠨ  ᠠᠶᠠᠨᠳᠠᠭ᠋ᠠᠨ ᠬᠠᠲᠠᠭ᠋ᠠᠨ᠎ᠠ᠂  ᠤᠰᠤᠨ᠎ᠤ ᠠᠭᠤᠯᠤᠭᠳᠠᠴᠠ᠎ᠨᠢ 35% — 50% ᠪᠣᠯᠬᠤ ᠦᠶ ᠎ᠡ ᠎ᠳᠤ᠂ ᠰᠠᠯᠬᠢ ᠨᠡᠪᠲᠡᠷᠡᠬᠦ ᠰᠤᠪᠠᠭ ᠎ᠲᠠᠢ ᠡᠪᠡᠰᠦᠨ ᠫᠸᠩ ᠵᠥᠭᠡᠭᠡᠪᠦᠷᠢᠯᠡᠨ ᠠᠪᠠᠴᠢᠵᠤ᠂ ᠰᠠᠯᠬᠢ ᠦᠯᠢᠶᠡᠬᠦ ᠲᠥᠬᠦᠭᠡᠷᠦᠮᠵᠢ ᠪᠠᠷ ᠬᠠᠲᠠᠭ᠋ᠠᠨ᠎ᠠ ᠃ ᠲᠤᠰ ᠠᠷᠭ᠎ᠠ  ᠵᠢ ᠬᠥᠬᠡ ᠡᠪᠡᠰᠦ ᠬᠤᠷᠢᠶᠠᠬᠤ ᠦᠶ ᠎ᠡ ᠎ᠳᠤ ᠬᠠᠷᠢᠴᠠᠩᠭᠤᠢ ᠴᠢᠭᠢᠭ ᠎ᠤᠨ ᠬᠡᠮᠵᠢᠶ᠎ᠡ ᠨᠢ 75% ᠳᠣᠣᠷ᠎ᠠ ᠮᠥᠷᠲᠡᠭᠡᠨ ᠠᠭ᠋ᠠᠷ ᠳᠤᠯᠠᠭ᠋ᠠᠨ ᠎ᠨᠢ 15℃᠎ᠠᠴᠠ ᠳᠡᠭᠡᠭᠰᠢ ᠭᠠᠵᠠᠷ᠎ᠲᠤ ᠬᠡᠷᠡᠭᠯᠡᠬᠦ ᠲᠣᠬᠢᠷᠠᠨ᠎ᠠ ᠃ 

ᠬᠣᠶᠠᠷ᠂ ᠡᠪᠡᠰᠦᠨ ᠵᠢᠶᠠᠰᠠ ᠳᠡᠭᠡᠷ᠎ᠡ  ᠬᠠᠳᠠᠭ᠋ᠠᠬᠤ ᠠᠷᠭ᠎ᠠ 

ᠪᠣᠷᠣᠭ᠋ᠠᠨ ᠶᠡᠬᠡᠲᠡᠢ ᠭᠠᠵᠠᠷ ᠣᠷᠣᠨ ᠎ᠳᠤ ᠬᠡᠷᠡᠭᠯᠡᠬᠦ᠎ ᠨᠢ ᠨᠡᠯᠢᠶᠡᠳ ᠠᠷᠪᠢᠨ ᠪᠠᠢ᠌ᠳᠠᠭ᠃ ᠲᠡᠵᠢᠭᠡᠯ ᠡᠪᠡᠰᠦ ᠵᠢ ᠬᠠᠳᠤᠭᠰᠠᠨ ᠎ᠤ ᠳᠠᠷᠠᠭ᠎ᠠ  ᠪᠠᠭ᠎ᠠ  ᠪᠣᠭᠣᠵᠢ ᠪᠣᠯᠭ᠋ᠠᠨ ᠪᠣᠭᠣᠵᠢᠯᠠᠬᠤ ᠪᠤᠶᠤ ᠰᠢᠭᠤᠳ ᠵᠥᠭᠡᠭᠡᠪᠦᠷᠢᠯᠡᠨ ᠠᠪᠠᠴᠢᠵᠦ ᠡᠪᠡᠰᠦᠨ ᠵᠢᠶᠠᠰᠠᠨ ᠳᠡᠭᠡᠷ᠎ᠡ  ᠬᠠᠲᠠᠭ᠋ᠠᠨ᠎ᠠ ᠃ ᠡᠪᠡᠰᠦᠨ ᠵᠢᠶᠠᠰᠠ ᠵᠢ ᠮᠣᠳᠣ᠂ ᠬᠤᠯᠤᠰᠤ ᠪᠤᠶᠤ ᠲᠡᠮᠦᠷᠯᠢᠭ ᠬᠣᠭᠣᠯᠠᠢ ᠎ᠪᠠᠷ ᠲᠠᠩ ᠲᠠᠯᠠᠲᠤ ᠱᠠᠲᠤᠯᠵᠢᠨ ᠪᠤᠶᠤ ᠳᠠᠪᠬᠤᠷᠭ᠋ᠠᠯᠠᠭᠰᠠᠨ ᠬᠡᠯᠪᠡᠷᠢ ᠵᠢᠨ ᠫᠸᠩ᠎ ᠵᠢᠶᠠᠰᠠ ᠵᠢ ᠪᠠᠷᠢᠳᠠᠭ᠃ ᠵᠢᠶᠠᠰᠠᠨ ᠳᠡᠭᠡᠷᠡᠬᠢ ᠬᠥᠬᠡ ᠡᠪᠡᠰᠦᠨ ᠎ᠤ ᠦᠨᠳᠦᠰᠦᠨ ᠬᠡᠰᠡᠭ  ᠬᠠᠨᠳᠤᠭᠤᠯᠤᠨ ᠱᠣᠷᠣᠯᠵᠢᠨ ᠬᠡᠯᠪᠡᠷᠢᠲᠡᠢ ᠪᠤᠶᠤ ᠭᠡᠷ ᠎ᠤᠨ ᠨᠢᠷᠤᠭᠤ ᠬᠡᠯᠪᠡᠷᠢᠲᠡᠢ ᠣᠪᠣᠭ᠋ᠠᠯᠠᠭ᠋ᠠᠳ᠂ ᠵᠤᠵᠠᠭ᠋ᠠᠨ᠎ ᠨᠢ 80 ᠰᠠᠨᠲ᠋ᠢᠮᠧᠲᠷ ᠬᠡᠲᠦᠷᠡᠭᠦᠯᠬᠦ ᠦᠭᠡᠢ᠃ ᠵᠠᠷᠢᠮ ᠲᠠᠷᠢᠶᠠᠴᠢᠳ ᠪᠦᠳᠦᠭᠦᠨ ᠮᠣᠳᠣ᠂ ᠬᠡᠷᠡᠮ ᠎ᠤᠨ ᠣᠷᠣᠢ ᠵᠡᠷᠭᠡ ᠵᠢ ᠠᠰᠢᠭᠯᠠᠨ ᠡᠪᠡᠰᠦ ᠵᠢ ᠬᠠᠲᠠᠭ᠋ᠠᠬᠤ ᠎ᠨᠢ ᠡᠭᠦᠨ ᠎ᠲᠠᠢ ᠠᠳᠠᠯᠢᠪᠲᠤᠷ ᠦᠢ᠍ᠯᠡᠳᠦᠯ ᠎ᠲᠠᠢ ᠪᠠᠢ᠌ᠳᠠᠭ᠃ 

ᠭᠤᠷᠪᠠ᠂ ᠭᠠᠵᠠᠷ ᠎ᠤᠨ ᠭᠠᠳᠠᠷᠭᠤ ᠳᠡᠭᠡᠷ᠎ᠡ ᠬᠠᠳᠠᠭ᠋ᠠᠬᠤ ᠠᠷᠭ᠎ᠠ 

ᠡᠨᠡ ᠪᠣᠯ ᠭᠠᠩ ᠬᠠᠭᠤᠷᠠᠢ ᠣᠷᠣᠨ ᠎ᠳᠤ ᠬᠡᠷᠡᠭᠯᠡᠬᠦ ᠨᠡᠯᠢᠶᠡᠳ ᠰᠠᠢ᠌ᠨ ᠠᠷᠭ᠎ᠠ  ᠮᠥᠨ᠂ ᠡᠷᠬᠡᠪᠰᠢ ᠲᠤᠩᠭ᠋ᠠᠯᠠᠭ ᠡᠳᠦᠷ᠎ ᠬᠡᠷᠡᠭᠯᠡᠬᠦ ᠬᠡᠷᠡᠭᠲᠡᠢ᠂ ᠴᠠᠭ ᠠᠭᠤᠷ ᠎ᠤᠨ ᠪᠠᠢ᠌ᠳᠠᠯ ᠨᠢ ᠲᠠᠵᠢᠭᠡᠯ ᠡᠪᠡᠰᠦ ᠵᠢ ᠨᠠᠢ᠌ᠷᠠᠭᠤᠯᠬᠤ ᠎ᠳᠤ ᠮᠠᠰᠢ ᠶᠡᠬᠡ ᠨᠥᠯᠥᠭᠡ ᠎ᠲᠠᠢ ᠪᠠᠢ᠌ᠳᠠᠭ᠃ ᠬᠠᠳᠤᠭᠰᠠᠨ ᠲᠠᠵᠢᠭᠡᠯ ᠡᠪᠡᠰᠤ ᠵᠢ ᠤᠷᠢᠳ ᠵᠶ᠋ᠠᠷ ᠭᠠᠵᠠᠷ ᠳᠡᠭᠡᠷ᠎ᠡ  ᠲᠡᠭᠰᠢᠬᠡᠨ ᠳᠡᠪᠢᠰᠴᠦ᠂ ᠥᠩᠭᠡᠨ ᠳᠠᠪᠬᠤᠷᠭ᠎ᠠ ᠨᠢ ᠦᠬᠦᠰᠢᠷᠡᠭᠰᠡᠨ ᠎ᠤ ᠳᠠᠷᠠᠭ᠎ᠠ  ᠲᠠᠷᠤᠢ᠌ᠬᠠᠨ ᠤᠷᠪᠠᠭᠤᠯᠵᠤ ᠨᠦᠭᠦᠭᠡ ᠳᠠᠯ᠎ᠠ  ᠵᠢ ᠨᠢ ᠨᠡᠷᠡᠨ ᠎ᠳᠤ ᠡᠭᠡᠭᠡᠨ᠎ᠡ᠃ ᠤᠰᠤᠨ ᠎ᠤ ᠠᠭᠤᠯᠤᠭᠳᠠᠴᠠ ᠵᠢ 40% — 50% ᠬᠦᠷᠲᠡᠯ᠎ᠡ  ᠪᠠᠭᠤᠷᠠᠭᠤᠯᠬᠤ ᠦᠶ ᠎ᠡ ᠎ᠳᠤ ᠡᠪᠡᠰᠦ ᠵᠢ ᠬᠠᠮᠤᠨ ᠣᠪᠣᠭ᠋ᠠᠯᠠᠵᠤ   ᠤᠰᠤᠨ ᠎ᠤ ᠠᠭᠤᠯᠤᠭᠳᠠᠴᠠ ᠨᠢ ᠳᠣᠷᠣᠭᠰᠢᠯᠠᠭ᠋ᠠᠳ 30% ᠣᠷᠴᠢᠮ ᠪᠣᠯᠵᠤ᠂ ᠨᠠᠪᠴᠢ ᠨᠢ ᠠᠮᠠᠷᠬᠠᠨ ᠵᠤᠯᠭ᠋ᠠᠷᠠᠬᠤ ᠦᠭᠡᠢ ᠦᠶ᠎ᠡ ᠪᠡᠯᠴᠢᠭᠡᠷ ᠎ᠲᠤ ᠪᠤᠶᠤ ᠡᠪᠡᠰᠦᠨ ᠣᠪᠣᠭ᠋ᠠᠨ ᠎ᠳᠤ ᠠᠪᠠᠴᠢᠵᠤ ᠣᠪᠣᠭ᠋ᠠᠯᠠᠨ᠂ ᠡᠪᠡᠰᠦᠨ ᠣᠪᠣᠭ᠋ᠠᠨ ᠎ᠳᠤ ᠦᠷᠬᠦᠯᠵᠢᠯᠡᠨ ᠵᠣᠬᠢᠬᠤ ᠬᠡᠮᠵᠢᠶ ᠎ᠡ ᠎ᠪᠠᠷ ᠢᠰᠬᠡᠪᠡᠯ ᠤᠰᠤ ᠨᠢ ᠦᠷᠭᠦᠯᠵᠢᠯᠡᠨ ᠠᠭᠤᠷᠰᠢᠳᠠᠭ᠃ ᠤᠰᠤᠨ ᠎ᠤ ᠠᠭᠤᠯᠤᠭᠳᠠᠴᠠ᠎ᠨᠢ ᠪᠠᠭᠤᠷᠠᠭ᠋ᠠᠳ 14% ᠣᠷᠴᠢᠮ ᠪᠣᠯᠬᠤ ᠦᠶ᠎ᠡ ᠳᠡᠭᠡᠷ᠎ᠡ  ᠨᠢ ᠣᠪᠣᠭ᠋ᠠᠯᠠᠨ ᠬᠠᠳᠠᠭ᠋ᠠᠯᠠᠵᠤ ᠪᠣᠯᠣᠨ᠎ᠠ᠃ 

ᠳᠥᠷᠪᠡ᠂ ᠢᠰᠬᠡᠵᠦ ᠬᠠᠳᠠᠭ᠋ᠠᠬᠤ ᠠᠷᠭ᠎ᠠ 

ᠪᠣᠷᠣᠭ᠋ᠠᠨ᠎ᠲᠠᠢ ᠡᠳᠦᠷ ᠲᠣᠬᠢᠶᠠᠯᠳᠤᠪᠠᠯ ᠡᠪᠡᠰᠦᠨ ᠵᠢᠶᠠᠰᠠ ᠪᠠᠢ᠌ᠬᠤ ᠦᠭᠡᠢ ᠲᠤᠯᠠ ᠬᠡᠪ ᠎ᠤᠨ ᠪᠠᠢ᠌ᠳᠠᠯ ᠵᠶ᠋ᠠᠷ ᠬᠠᠭᠤᠷᠠᠢ ᠪᠣᠯᠭ᠋ᠠᠬᠤ ᠵᠢᠨ ᠠᠷᠭ᠎ᠠ ᠦᠭᠡᠢ ᠦᠶ᠎ᠡ  ᠲᠤᠰ ᠠᠷᠭ᠎ᠠ  ᠵᠢ ᠬᠡᠷᠡᠭᠯᠡᠵᠦ ᠪᠣᠯᠣᠨ᠎ᠠ ᠃ ᠠᠷᠭ᠎ᠠ ᠨᠢ ᠨᠢᠭᠡᠨᠲᠡ ᠬᠠᠳᠤᠭᠰᠠᠨ ᠦᠬᠦᠰᠢᠷᠡᠮᠡᠯ ᠡᠪᠡᠰᠦ ᠵᠢ ᠳᠠᠪᠬᠤᠷᠭ᠎ᠠ  ᠬᠤᠪᠢᠶᠠᠨ ᠳᠠᠷᠤᠰᠢᠭᠤᠯᠵᠤ᠂ ᠨᠥᠬᠥᠴᠡᠯ ᠎ᠲᠠᠢ ᠦᠶ᠎ᠡ  ᠳᠠᠪᠬᠤᠷᠭ᠎ᠠ  ᠬᠤᠪᠢᠶᠠᠨ ᠬᠥᠬᠡ ᠡᠪᠡᠰᠦᠨ᠎ᠳᠤ ᠬᠦᠨᠳᠦ ᠵᠢᠨ ᠬᠡᠮᠵᠢᠶ᠎ᠡ ᠨᠢ 5‰— 10‰ ᠵᠢᠨ ᠢᠳᠡᠰᠢᠨ ᠳᠠᠪᠤᠰᠤ ᠵᠢ ᠰᠠᠴᠤᠵᠤ᠂ 3 — 5 ᠮᠧᠲᠷ ᠥᠨᠳᠥᠷ ᠡᠪᠡᠰᠦᠨ ᠣᠪᠣᠭ᠎ᠠ  ᠪᠣᠯᠭ᠋ᠠᠨ ᠣᠪᠣᠭ᠋ᠠᠯᠠᠵᠤ᠂ 30 — 60 ᠡᠳᠦᠷ ᠢᠰᠬᠡᠭᠰᠡᠨ ᠎ᠤ   ᠲᠤᠩᠭ᠋ᠠᠯᠠᠭ ᠡᠳᠦᠷ ᠎ᠲᠤ ᠡᠪᠡᠰᠦᠨ ᠣᠪᠣᠭ᠎ᠠ  ᠵᠢ ᠨᠡᠭᠡᠭᠡᠵᠦ᠂ ᠤᠰᠤ ᠵᠢ ᠠᠭᠤᠷᠰᠢᠭᠤᠯᠤᠨ᠎ᠠ ᠃ ᠲᠤᠰ ᠠᠷᠭ᠎ᠠ ᠪᠠᠷ ᠨᠠᠢ᠌ᠷᠠᠭᠤᠯᠤᠭᠰᠠᠨ ᠬᠠᠭᠤᠷᠠᠢ ᠡᠪᠡᠰᠦ ᠨᠢ ᠬᠦᠷᠡᠩ ᠥᠩᠭᠡᠲᠡᠢ ᠪᠠᠢ᠌ᠵᠤ᠂ ᠰᠢᠮ᠎ᠡ  ᠲᠡᠵᠢᠭᠡᠯ ᠰᠦᠢ᠍ᠳᠦᠯ ᠨᠢ 50%᠎ᠠᠴᠠ ᠳᠡᠭᠡᠭᠰᠢ ᠪᠠᠢ᠌ᠳᠠᠭ᠃ ᠡᠨᠡ ᠪᠣᠯ ᠴᠠᠭ ᠠᠭᠤᠷ ᠎ᠤᠨ ᠪᠠᠢ᠌ᠳᠠᠯ ᠮᠠᠭᠤ ᠨᠥᠬᠥᠴᠡᠯ ᠳᠣᠣᠷ᠎ᠠ ᠠᠷᠭ᠎ᠠ  ᠪᠤᠰᠤ ᠠᠪᠤᠭᠰᠠᠨ ᠠᠷᠭ᠎ᠠ  ᠬᠡᠮᠵᠢᠶ᠎ᠡ  ᠮᠥᠨ᠃ 

ᠲᠠᠪᠤ᠂ ᠥᠨᠳᠥᠷ ᠳᠤᠯᠠᠭ᠋ᠠᠨ ᠲᠦᠷᠭᠡᠨ ᠬᠠᠳᠠᠭ᠋ᠠᠬᠤ ᠠᠷᠭ᠎ᠠ 

ᠬᠡᠷᠴᠢᠭᠰᠡᠨ ᠲᠡᠵᠢᠭᠡᠯ ᠡᠪᠡᠰᠦ ᠵᠢ ᠬᠠᠲᠠᠭ᠋ᠠᠬᠤ ᠮᠠᠰᠢᠨ᠎ᠳᠤ ᠣᠷᠣᠭᠤᠯᠵᠤ᠂ ᠥᠨᠳᠥᠷ ᠳᠤᠯᠠᠭ᠋ᠠᠨ ᠎ᠤ ᠠᠭ᠋ᠠᠷ ᠠᠰᠢᠭᠯᠠᠨ ᠲᠡᠵᠢᠭᠡᠯ ᠡᠪᠡᠰᠦ ᠵᠢ ᠲᠦᠷᠭᠡᠨ ᠬᠠᠲᠠᠭ᠋ᠠᠨ᠎ᠠ ᠃ ᠬᠠᠲᠠᠭ᠋ᠠᠬᠤ ᠴᠠᠭ ᠎ᠨᠢ ᠬᠠᠲᠠᠭ᠋ᠠᠬᠤ ᠮᠠᠰᠢᠨ ᠎ᠤ ᠬᠡᠯᠪᠡᠷᠢ ᠮᠠᠶᠢᠭ ᠲᠣᠭᠲᠠᠭ᠋ᠠᠭᠳᠠᠨ᠎ᠠ ᠃ ᠲᠤᠰ ᠠᠷᠭ᠎ᠠ ᠵᠢᠨ ᠳᠠᠪᠠᠭᠤᠯᠢᠭ ᠲᠠᠯ᠎ᠠ ᠭᠡᠪᠡᠯ ᠡᠪᠡᠰᠦᠨ ᠨᠤᠨᠳᠠᠭ ᠦᠢ᠍ᠯᠡᠳᠪᠦᠷᠢᠯᠡᠯ ᠪᠠ ᠮᠥᠬᠦᠯᠢᠭᠵᠢᠭᠦᠯᠬᠦ ᠦᠢ᠍ᠯᠡᠳᠪᠦᠷᠢᠯᠡᠯ ᠎ᠢ ᠬᠠᠮᠲᠤ  ᠨᠢᠭᠡ ᠴᠣᠭᠴᠠ ᠪᠣᠯᠭ᠋ᠠᠵᠤ᠂ ᠲᠡᠵᠢᠭᠡᠯ ᠡᠪᠡᠰᠦᠨ ᠠᠰᠢᠭᠯᠠᠮᠵᠢ ᠪᠠ ᠲᠠᠸᠠᠷ ᠎ᠤᠨ ᠴᠢᠨᠠᠷ ᠎ᠢ ᠳᠡᠭᠡᠭᠰᠢᠯᠡᠭᠦᠯᠦᠭᠰᠡᠨ ᠪᠠᠢ᠌ᠨ᠎ᠠ ᠃ ᠭᠡᠪᠡᠴᠦ ᠡᠢ᠌ᠮᠦᠷᠬᠦ ᠲᠥᠬᠦᠭᠡᠷᠦᠮᠵᠢ ᠵᠢᠨ ᠪᠡᠯᠡ ᠣᠷᠣᠭᠤᠯᠤᠯᠲᠠ᠎ᠨᠢ ᠶᠡᠬᠡ ᠲᠤᠯᠠ ᠤᠯᠤᠰ ᠎ᠤᠨ ᠳᠣᠲᠣᠭ᠋ᠠᠳᠤ ᠲᠤᠰ ᠠᠷᠭ᠎ᠠ  ᠵᠢ ᠲᠡᠮᠡᠢ ᠠᠷᠪᠢᠨ ᠬᠡᠷᠡᠭᠯᠡᠳᠡᠭ ᠦᠭᠡᠢ᠃ 

ᠵᠢᠷᠭᠤᠭ᠎ᠠ ᠂ ᠳᠠᠷᠤᠭᠳᠠᠵᠤ ᠬᠠᠭ᠋ᠠᠷᠠᠭᠰᠠᠨ ᠲᠡᠵᠢᠭᠡᠯ ᠡᠪᠡᠰᠦᠨ ᠎ᠤ ᠡᠰᠢ ᠰᠦᠷᠡᠯ ᠎ᠢ ᠬᠠᠳᠠᠭ᠋ᠠᠬᠤ ᠠᠷᠭ᠎ᠠ 

ᠮᠠᠨ ᠤᠯᠤᠰ ᠎ᠤᠨ ᠬᠥᠳᠡᠭᠡ ᠲᠣᠰᠬᠣᠨ ᠎ᠳᠤ ᠣᠯᠠᠩᠬᠢ ᠎ᠳᠠᠭᠠᠨ ᠴᠠᠷᠭ᠋ᠠᠰᠤ ᠪᠠ ᠪᠤᠭᠤᠳᠠᠢ ᠵᠢᠨ ᠰᠦᠷᠡᠯ ᠎ᠢ  ᠬᠣᠯᠢᠭ᠋ᠠᠳ ᠬᠠᠪᠲᠠᠭ᠋ᠠᠢ᠌ᠷᠠᠭᠤᠯᠵᠤ᠂ ᠡᠪᠡᠰᠦ ᠪᠣᠷᠳᠣᠭ᠎ᠠ  ᠵᠢ ᠬᠠᠲᠠᠭ᠋ᠠᠬᠤ ᠬᠤᠷᠳᠤᠴᠠ ᠵᠢ ᠲᠦᠷᠭᠡᠳᠬᠡᠭᠰᠡᠨ ᠮᠥᠷᠲᠡᠭᠡᠨ ᠡᠰᠢ ᠰᠦᠷᠡᠯ ᠎ᠤᠨ ᠲᠡᠵᠢᠭᠡᠯ ᠪᠣᠷᠳᠣᠭ᠋ᠠᠨ ᠎ᠤ ᠦᠷᠳᠡᠭ ᠎ᠢ ᠴᠦ᠍ ᠳᠡᠭᠡᠭᠰᠢᠯᠡᠭᠦᠯᠦᠭᠰᠡᠨ ᠪᠠᠢ᠌ᠨ᠎ᠠ᠃ ᠠᠷᠭ᠎ᠠ ᠨᠢ᠄ ᠪᠤᠭᠤᠳᠠᠢ ᠵᠢᠨ ᠰᠦᠷᠡᠯ ᠎ᠢ ᠬᠠᠲᠠᠭ᠋ᠠᠬᠤ ᠲᠠᠯᠠᠪᠠᠢ ᠎ᠳᠤ ᠲᠡᠭᠰᠢᠬᠡᠨ ᠳᠡᠪᠢᠰᠴᠦ᠂ ᠵᠤᠵᠠᠭ᠋ᠠᠨ ᠎ᠨᠢ 10 ᠰᠠᠨᠲ᠋ᠢᠮᠧᠲᠷ᠂ ᠳᠤᠮᠳᠠ ᠨᠢ 10 ᠰᠠᠨᠲ᠋ᠢᠮᠧᠲᠷ ᠵᠤᠵᠠᠭ᠋ᠠᠨ ᠴᠠᠷᠭ᠋ᠠᠰᠤ ᠵᠢ ᠳᠡᠪᠢᠰᠴᠦ᠂ ᠳᠡᠭᠡᠷ᠎ᠡ ᠨᠢ ᠪᠠᠰᠠ ᠨᠢᠭᠡ ᠳᠠᠪᠬᠤᠷ ᠪᠤᠭᠤᠳᠠᠢ ᠵᠢᠨ ᠰᠦᠷᠡᠯ ᠨᠡᠮᠡᠭᠡᠳ᠂ ᠲᠠᠬᠢᠨ ᠳᠠᠷᠤᠨ᠎ᠠ᠂  ᠴᠠᠷᠭ᠋ᠠᠰᠤ ᠵᠢᠨ ᠰᠢᠭᠦᠰᠦ ᠎ᠨᠢ ᠪᠤᠭᠤᠳᠠᠢ ᠵᠢᠨ ᠰᠦᠷᠡᠯ ᠎ᠳᠤ ᠰᠢᠩᠭᠡᠭᠡᠭᠳᠡᠬᠦ ᠦᠶ ᠎ᠡ ᠎ᠳᠤ  ᠬᠠᠲᠠᠭ᠋ᠠᠵᠤ ᠣᠪᠣᠭ᠋ᠠᠯᠠᠪᠠᠯ ᠪᠣᠯᠴᠢᠬᠠᠨ᠎ᠠ ᠃ 

 

ᠢᠷᠡᠯᠲᠡ᠄ ᠤᠯᠠᠭ᠋ᠠᠨᠬᠠᠳᠠ ᠬᠣᠲᠠ ᠵᠢᠨ ᠲᠠᠷᠢᠶᠠᠯᠠᠩ ᠮᠠᠯ ᠠᠵᠤ ᠠᠬᠤᠢ ᠵᠢᠨ ᠲᠣᠪᠴᠢᠶ᠎ᠠ
          
ᠬᠠᠮᠢᠶ᠎ᠡ ᠪᠦᠬᠦᠢ ᠰᠣᠨᠢᠨ
 
             蒙ICP备05000248号