ᠡᠸᠡᠩᠬᠢ ᠬᠤᠰᠢᠭᠤᠨ᠎ᠤ᠎ᠬᠢᠨ ᠰᠢ ᠵᠢᠨ ᠫᠢᠩ᠎ᠤᠨ ᠠᠮᠢ ᠠᠬᠤᠢ ᠵᠢᠨ ᠪᠣᠯᠪᠠᠰᠤᠨ᠎ᠤ ᠦᠵᠡᠯ ᠰᠠᠨᠠᠭ᠎ᠠ ᠵᠢ ᠭᠦᠨᠵᠡᠭᠡᠢ ᠰᠤᠷᠤᠯᠴᠠᠨ ᠳᠤᠭᠤᠰᠢᠯᠠᠭᠤᠯᠵᠦ᠂ 《ᠬᠦᠭᠡ ᠠᠭᠤᠯᠠ ᠬᠥᠬᠡᠮᠳᠦᠭ ᠤᠰᠤ ᠪᠣᠯ ᠠᠯᠳᠠ ᠮᠥᠩᠭᠦᠨ ᠠᠭᠤᠯᠠ》 ᠭᠡᠬᠦ ᠤᠢ᠍ᠢ᠍ᠯᠠᠭ᠋ᠠᠭᠳᠠᠬᠤᠨ᠎ᠢ ᠦᠢ᠍ᠯᠡᠳᠦᠯᠭᠡᠵᠢᠭᠦᠯᠵᠦ᠂ ᠤᠶ᠋ᠢᠷ᠎ᠠ ᠵᠢᠨ ᠵᠢᠯ᠎ᠠᠴᠠ ᠠᠮᠢ ᠠᠬᠤᠢ ᠵᠢᠨ ᠠᠮᠤᠷ ᠲᠦᠪᠰᠢᠨ᠎ᠢ ᠪᠠᠳᠤᠯᠠᠬᠤ ᠮᠠᠯᠴᠢᠨ᠎ᠤᠨ ᠤᠷᠤᠯᠭ᠎ᠠ ᠵᠢᠨ ᠨᠠᠮᠡᠭᠳᠡᠯᠢ ᠠᠬᠢᠭᠤᠯᠬᠤ᠂ ᠠᠮᠢ ᠠᠬᠤᠢ ᠵᠢᠨ ᠰᠤᠶᠤᠯ᠎ᠢ ᠤᠯᠠᠮᠵᠢᠯᠠᠨ ᠵᠠᠯᠭ᠋ᠠᠮᠵᠢᠯᠠᠬᠤ᠎ᠠᠴᠠ ᠭᠠᠷᠳᠠᠵᠤ᠂ ᠳᠠᠯ᠎ᠠ ᠨᠤᠳᠤᠭ᠎ᠤᠨ ᠠᠮᠢ ᠠᠬᠤᠢ ᠵᠢᠨ ᠪᠠᠶ᠋ᠢᠭᠤᠯᠤᠯᠲᠠ ᠵᠢ 《ᠠᠮᠢ ᠠᠬᠤᠢ ᠵᠢᠨ ᠨᠤᠭᠤᠭ᠋ᠠᠨᠢ ᠴᠤᠭᠴᠠᠯᠠᠬᠤ》 ᠠᠮᠢᠨ ᠰᠤᠳᠠᠰᠤ ᠪᠤᠯᠭ᠋ᠠᠨ ᠠᠳᠬᠤᠵᠤ᠂ ᠬᠤᠰᠢᠭᠤᠨ᠎ᠤ᠎ᠪᠠᠨ ᠨᠤᠳᠤᠭ ᠪᠡᠯᠴᠢᠭᠡᠷ᠎ᠤᠨ ᠠᠮᠢ ᠠᠬᠤᠢ ᠵᠢᠨ ᠰᠡᠷᠬᠦᠯᠳᠡ᠎ᠳᠤ ᠵᠤᠬᠢᠬᠤ ᠦᠷ᠎ᠡ ᠪᠦᠳᠦᠮᠵᠢ ᠤᠯᠪᠠ᠃ ᠮᠠᠨ᠎ᠤ ᠮᠡᠳᠡᠭᠡᠯᠡᠯ᠎ᠤᠨ ᠭᠤᠤᠯ ᠪᠠᠭ᠋ᠠᠳᠤᠷ ᠪᠤᠯᠬᠤ ᠵᠢᠪᠬᠤᠯᠠᠩ ᠪᠤᠯ ᠮᠤᠳᠤ ᠳᠠᠷᠢᠵᠤ ᠨᠤᠳᠤᠭ ᠤᠷᠤᠨ ᠵᠶ᠋ᠠᠨ ᠪᠦᠳᠦᠭᠡᠨ ᠪᠠᠶ᠋ᠢᠭᠤᠯᠤᠭᠰᠠᠨ ᠬᠦᠮᠤᠰ᠎ᠤᠨ ᠨᠢᠬᠡ ᠪᠤᠯᠤᠨ᠎ᠠ᠃

ᠤᠷᠢᠨ ᠳᠤᠯᠠᠭ᠋ᠠᠨ ᠰᠠᠭ᠋ᠠᠳᠠᠬᠤᠶᠠ ᠡᠸᠡᠩᠬᠢ ᠨᠤᠳᠤᠭ᠎ᠤᠨ ᠭᠠᠵᠠᠷ ᠪᠤᠯᠭ᠋ᠠᠨ᠎ᠳᠤ ᠠᠮᠢᠵᠢᠷᠠᠯ᠎ᠤᠨ ᠬᠦᠴᠦᠨ ᠪᠢᠯᠬᠠᠵᠤ ᠡᠰᠨᠢᠯ ᠬᠦᠭᠵᠢᠯ᠎ᠤᠨ ᠤᠷᠠᠢ ᠬᠠᠩᠬᠢᠨᠠᠨ᠎ᠠ᠃ ᠰᠢᠷᠠᠶ᠋ᠢᠳ ᠬᠠᠯᠠ᠎ᠲᠠᠢ ᠳᠠᠮᠪᠠ ᠵᠢᠨ ᠵᠠᠨᠠᠰᠢᠷᠢ ᠵᠢᠨ ᠵᠢᠪᠬᠤᠯᠠᠩ ᠪᠤᠯ ᠰᠢᠨᠡᠬᠡᠨ ᠪᠠᠷᠠᠭᠤᠨ ᠰᠤᠮᠤᠨ᠎ᠤ ᠰᠢᠪᠡᠭᠡ ᠭᠠᠴᠠᠭ᠎ᠠ ᠵᠢᠨ ᠮᠠᠯᠴᠢᠨ᠂ ᠪᠦᠬᠡ ᠵᠢᠨ ᠤᠳᠤᠮᠲᠠᠢ᠂ ᠡᠪᠦᠭᠡ ᠪᠤᠯᠤᠨ ᠠᠪᠤ᠎ᠨᠢ ᠪᠦᠷ ᠨᠤᠳᠤᠭ ᠤᠷᠤᠨ᠎ᠤ᠎ᠪᠠᠨ ᠨᠡᠷᠡᠳᠡᠢ ᠪᠦᠭᠡᠴᠢᠨ ᠪᠠᠶ᠋ᠢᠵᠦ ᠶᠡᠭᠡ ᠪᠠᠭ᠎ᠠ ᠨᠠᠶ᠋ᠢᠷ ᠨᠠᠭ᠋ᠠᠳᠤᠮ᠎ᠳᠤ ᠤᠯᠠᠨᠳᠠ ᠱᠠᠩᠨᠠᠯ ᠠᠪᠤᠭᠰᠠᠨ ᠳᠡᠤᠬᠡ᠎ᠲᠠᠢ᠃ ᠵᠢᠪᠬᠤᠯᠠᠩ ᠴᠤ᠌ ᠬᠠᠷᠠᠬᠠᠨ ᠪᠠᠭ᠎ᠠ᠎ᠠᠴᠠ᠎ᠪᠠᠨ ᠳᠠᠮᠢᠷᠲᠤᠪᠠᠨ ᠤᠨᠴᠠ ᠰᠠᠶ᠋ᠢᠨ᠂ ᠢᠮᠠᠭᠳᠠ ᠰᠤᠷᠭ᠋ᠠᠭᠤᠯᠢ᠎ᠪᠠᠨ ᠲᠦᠯᠦᠭᠡᠯᠡᠵᠦ ᠬᠤᠳᠠ ᠵᠢᠨ ᠳᠡᠰ᠎ᠤᠨ ᠳᠠᠮᠢᠷ᠎ᠤᠨ ᠤᠷᠤᠯᠳᠤᠭ᠋ᠠᠨ᠎ᠳᠤ ᠤᠷᠤᠯᠴᠠᠵᠤ ᠰᠤᠷᠭ᠋ᠠᠭᠤᠯᠢ᠎ᠳᠤ᠎ᠪᠠᠨ ᠤᠯᠠᠨ ᠤᠳᠠᠭ᠎ᠠ ᠢᠷᠠᠭᠤ ᠠᠯᠳᠠᠷ ᠠᠪᠴᠢᠷᠠᠭᠰᠠᠨ ᠪᠦᠬᠡᠳ ᠡᠪᠦᠭᠡ᠂ ᠠᠪᠤ ᠵᠢᠨ ᠵᠶ᠋ᠠᠨ ᠨᠦᠯᠦᠭᠡ᠎ᠪᠠᠷ ᠪᠦᠬᠡ ᠰᠠᠶ᠋ᠢᠨ ᠪᠠᠷᠢᠯᠳᠤᠳᠠᠭ ᠳᠤᠯᠠ 2001 ᠤᠨ᠂ 2002 ᠤᠨ᠎ᠤ ᠬᠦᠯᠦᠨ ᠪᠦᠢ᠍ᠷ᠎ᠤᠨ ᠠᠶ᠋ᠢᠮᠠᠭ᠎ᠤᠨ ᠨᠠᠶ᠋ᠢᠷ᠎ᠲᠤ ᠲᠦᠷᠦᠬᠦᠤ ᠨᠠᠢ᠍ᠮᠠ᠎ᠳᠤ ᠤᠷᠤᠵᠤ ᠳᠤᠰ ᠳᠤᠰ ᠭᠤᠷᠪᠠᠳᠤᠭ᠋ᠠᠷ ᠪᠠ ᠲᠦᠷᠪᠡᠳᠦᠬᠡᠷ᠎ᠲᠤ ᠲᠤᠳᠤᠷᠠᠵᠤ ᠬᠦᠯᠦᠨ ᠪᠦᠢ᠍ᠷ ᠪᠦᠬᠡ ᠵᠢᠨ ᠨᠡᠶ᠋ᠢᠬᠡᠮᠯᠢᠭ᠎ᠠᠴᠠ ᠳᠡᠬᠦᠨ᠎ᠳᠤ ᠬᠠᠷᠴᠠᠭ᠋ᠠᠢ ᠴᠤᠯᠠ ᠤᠯᠭᠤᠭᠰᠠᠨ ᠪᠠᠶ᠋ᠢᠳᠠᠭ᠃ ᠡᠶ᠋ᠢᠮᠦ ᠨᠢᠬᠡ ᠲᠠᠮᠢᠷ᠎ᠤᠨ ᠳᠠᠪᠴᠠᠩ᠎ᠳᠤ ᠦᠯᠢᠭᠡᠷ ᠳᠡᠤᠬᠡ᠎ᠲᠠᠢ ᠬᠦᠮᠤᠨ ᠶᠠᠭ᠋ᠠᠬᠢᠭ᠋ᠠᠳ ᠮᠤᠳᠤ ᠳᠠᠷᠢᠭᠰᠠᠨ ᠪᠤᠢ ᠬᠡᠬᠦ ᠰᠤᠨᠢᠭᠤᠭ᠋ᠠᠴᠢ ᠰᠡᠳᠬᠢᠯ᠎ᠢ ᠡᠪᠦᠷᠯᠡᠨ ᠨᠠᠷᠠ ᠲᠤᠨᠤᠷᠠᠭᠰᠠ ᠨᠠᠯᠠᠭ᠋ᠠᠷ ᠰᠠᠶ᠋ᠢᠬᠠᠨ ᠡᠳᠦᠷ ᠪᠢᠳᠠ ᠮᠤᠳᠤ ᠲᠠᠷᠢᠵᠤ ᠨᠤᠳᠤᠭ ᠵᠶ᠋ᠠᠨ ᠨᠤᠭᠤᠭ᠋ᠠᠷᠠᠭᠤᠯᠤᠭᠰᠠᠨ ᠵᠢᠪᠬᠤᠯᠠᠩᠢ ᠰᠤᠷᠪᠤᠯᠵᠢᠯᠠᠬᠤ᠎ᠪᠠᠷ ᠰᠢᠨᠡᠬᠡᠨ ᠪᠠᠷᠠᠭᠤᠨ ᠰᠤᠮᠤᠨ᠎ᠤ ᠰᠢᠪᠡᠭᠡ ᠭᠠᠴᠠᠭ᠎ᠠ ᠵᠦᠭ ᠳᠠᠪᠬᠢᠯ᠎ᠠ᠃

ᠪᠢᠳᠠ ᠵᠢᠪᠬᠤᠯᠠᠩ᠎ᠤᠨ ᠡᠪᠦᠯᠵᠢᠶ᠎ᠠ᠎ᠳᠤ ᠬᠦᠷᠬᠦ᠎ᠳᠤ ᠵᠢᠪᠬᠤᠯᠠᠩ ᠶᠠᠭ ᠰᠠᠶ᠋ᠢᠬᠠᠨ ᠲᠡᠷᠭᠡᠨ ᠬᠦᠮᠦᠷᠭᠡ ᠪᠠᠷᠢᠵᠦ ᠪᠠᠶ᠋ᠢᠭ᠎ᠠ ᠬᠦᠮᠤᠰ᠎ᠲᠠᠢ ᠪᠠᠷᠢᠯᠭ᠎ᠠ ᠵᠢᠨ ᠠᠵᠢᠯ᠎ᠤᠨ ᠳᠤᠬᠠᠢ ᠶᠠᠷᠢᠯᠴᠠᠵᠤ ᠪᠠᠶ᠋ᠢᠪᠠ᠃ ᠵᠢᠪᠬᠤᠯᠠᠩᠢ ᠬᠠᠷᠠᠬᠤ᠎ᠳᠤ ᠴᠢᠷᠠᠢ ᠲᠦᠷᠪᠡᠯᠵᠢᠨ᠂ ᠬᠦᠮᠦᠰᠬᠡ ᠦᠳᠭᠡᠨ᠂ ᠨᠢᠳᠦᠨ᠎ᠳᠤ᠎ᠪᠠᠨ ᠬᠡᠷᠡᠯᠳᠡᠢ᠂ ᠪᠡᠶ᠎ᠡ᠎ᠪᠠᠷ ᠬᠦᠳᠡᠷᠯᠢᠭ᠂ ᠠᠯᠬᠤᠵᠤ ᠬᠢᠰᠬᠡᠬᠦᠨᠢ ᠬᠦᠩᠬᠡᠨ᠂ ᠬᠡᠯᠡᠵᠦ ᠪᠠᠷᠢᠬᠤ᠎ᠨᠢ ᠳᠤᠳᠤ ᠴᠢᠩᠭ᠎ᠠ᠂ ᠶᠡᠷᠤ᠎ᠨᠢ ᠳᠠᠪᠢ ᠭᠠᠷᠤᠭᠰᠠᠨ ᠬᠦᠮᠤᠨ᠎ᠤ ᠰᠢᠨᠵᠢ ᠤᠭᠳᠤ ᠬᠠᠷᠠᠭᠳᠠᠬᠤ ᠦᠬᠡᠢ ᠪᠠᠶ᠋ᠢᠯ᠎ᠠ᠃ ᠪᠢᠳᠠ ᠮᠤᠳᠤ ᠳᠠᠷᠢᠭᠰᠠᠨ ᠳᠤᠬᠠᠢ ᠰᠤᠷᠪᠤᠯᠵᠢᠯᠭ᠎ᠠ ᠠᠪᠬᠤ ᠰᠠᠨᠠᠭ᠎ᠠ᠎ᠪᠠᠨ ᠶᠠᠷᠢᠪᠠᠯ ᠲᠡᠷᠡ ᠪᠠᠶᠠᠷᠲᠠᠢ ᠬᠦᠯᠢᠶᠡᠨ ᠠᠪᠴᠤ ᠭᠠᠷ᠎ᠲᠤ᠎ᠬᠢ ᠠᠵᠢᠯ ᠵᠶ᠋ᠠᠨ ᠪᠠᠷᠠᠭ᠋ᠠᠭ᠋ᠠᠳ ᠮᠤᠳᠤ ᠳᠠᠷᠢᠭᠰᠠᠨ ᠭᠠᠵᠠᠷ᠎ᠲᠤ᠎ᠪᠠᠨ ᠤᠴᠢᠶ᠎ᠠ ᠬᠡᠯᠡ᠃ ᠬᠡᠳᠦ᠋ᠢ᠍ᠪᠡᠷ ᠡᠳᠦᠬᠡ ᠮᠠᠯ᠎ᠪᠠᠨ ᠪᠦᠷ ᠬᠦᠳᠡᠭᠡ ᠭᠠᠷᠭ᠋ᠠᠭᠰᠠᠨ ᠪᠤᠯᠪᠠᠴᠤ ᠬᠤᠷᠤᠭ᠎ᠠ ᠬᠠᠰᠢᠶ᠎ᠠ᠎ᠪᠠᠨ ᠴᠡᠪᠡᠷᠯᠡᠬᠦ᠂ ᠠᠳᠤᠭᠤ ᠮᠠᠯ ᠵᠶ᠋ᠠᠨ ᠤᠰᠤᠯᠠᠬᠤ ᠮᠡᠳᠦ ᠵᠢᠨ ᠤᠯᠠᠨ ᠠᠵᠢᠯ᠎ᠲᠠᠢ ᠪᠤᠯᠬᠤᠷ ᠵᠢᠪᠬᠤᠯᠠᠩ ᠶᠡᠭᠡ ᠶᠠᠭ᠋ᠠᠷᠠᠤ ᠪᠠᠶ᠋ᠢᠯ᠎ᠠ᠃ ᠪᠢᠳᠠ ᠴᠤ᠌ ᠬᠦᠮᠦᠨ᠎ᠤ ᠠᠵᠢᠯ᠎ᠳᠤ ᠪᠤᠤ ᠰᠠᠭ᠋ᠠᠳ ᠪᠤᠯᠤᠶ᠎ᠠ ᠬᠡᠳ ᠵᠢᠪᠬᠤᠯᠠᠩᠢ ᠳᠠᠭ᠋ᠠᠵᠤ ᠨᠢᠬᠡ ᠲᠠᠯ᠎ᠠ᠎ᠪᠠᠷ ᠰᠤᠷᠪᠤᠯᠵᠢᠯᠭ᠎ᠠ᠎ᠪᠠᠨ ᠡᠬᠢᠯᠡᠬᠦᠯᠦᠭᠰᠡᠨ ᠪᠠᠶ᠋ᠢᠯ᠎ᠠ᠃ ᠵᠢᠪᠬᠤᠯᠠᠩᠤᠨᠬᠢ 100 ᠭᠠᠷᠤᠢ ᠠᠳᠤᠭᠤ᠂ 400 ᠭᠠᠷᠤᠢ ᠬᠤᠨᠢ᠂ ᠠᠷᠪᠠ ᠭᠠᠷᠤᠢ ᠦᠭᠡᠷ᠎ᠲᠠᠢ᠃ ᠬᠤᠨᠢ᠎ᠨᠢ ᠬᠠᠪᠤᠷᠵᠢᠶ᠎ᠠ ᠨᠠᠮᠤᠷᠵᠢᠶ᠎ᠠ ᠵᠢᠨ ᠪᠡᠯᠴᠢᠭᠡᠷ᠎ᠲᠤ ᠭᠠᠷᠴᠤ᠂ ᠡᠳᠦᠬᠡ ᠡᠪᠦᠯᠵᠢᠶᠠᠳᠤᠪᠠᠨ ᠠᠷᠪᠠᠨ ᠭᠡᠳᠦ ᠦᠭᠡᠷ ᠵᠶ᠋ᠠᠨ ᠬᠠᠷᠠᠵᠤ ᠪᠠᠶ᠋ᠢᠨ᠎ᠠ᠃ ᠬᠠᠪᠤᠷᠵᠢᠶ᠎ᠠ ᠨᠠᠮᠤᠷᠵᠢᠶ᠎ᠠ ᠵᠢᠨ ᠬᠢᠨᠢ ᠪᠡᠯᠴᠢᠭᠡᠷ ᠵᠦᠭᠡᠷ ᠪᠤᠯᠬᠤᠷ ᠠᠳᠤᠭᠤ᠎ᠨᠢ ᠴᠤ᠌ ᠲᠡᠷᠡ ᠬᠠᠪᠢ᠎ᠪᠠᠷ ᠪᠠᠶ᠋ᠢᠵᠤ᠂ ᠵᠢᠪᠬᠤᠯᠠᠩ ᠡᠳᠦᠷ ᠪᠦᠷᠢ ᠠᠳᠤᠭᠤ᠎ᠪᠠᠨ ᠤᠴᠢᠵᠦ ᠤᠰᠤᠯᠠᠳᠠᠭ ᠪᠠᠶ᠋ᠢᠯ᠎ᠠ᠃ ᠬᠠᠪᠤᠷᠵᠢᠶ᠎ᠠ ᠨᠠᠮᠤᠷᠵᠢᠶ᠎ᠠ᠎ᠨᠢ ᠡᠪᠦᠯᠵᠢᠶᠠᠠᠴᠠᠪᠠᠨ ᠲᠠᠪᠢᠨ ᠭᠠᠵᠠᠷ᠎ᠤᠨ ᠵᠠᠶ᠋ᠢᠳᠠᠢ ᠪᠠᠶ᠋ᠢᠳᠠᠭ ᠪᠤᠯᠬᠤᠷ ᠵᠢᠪᠬᠤᠯᠠᠩ ᠡᠳᠦᠷ ᠪᠦᠷᠢ ᠨᠠᠭ᠋ᠠᠰᠢ ᠴᠠᠭ᠋ᠠᠰᠢ ᠵᠠᠭᠤᠨ ᠭᠠᠵᠠᠷ ᠲᠠᠪᠬᠢᠵᠤ ᠠᠵᠢᠯ ᠵᠶ᠋ᠠᠨ ᠬᠢᠳᠡᠭ ᠪᠠᠶ᠋ᠢᠯ᠎ᠠ᠃ 《ᠳᠤᠬᠠᠢ ᠵᠢᠨ ᠦᠶ᠎ᠡ᠎ᠳᠤ ᠶᠠᠭᠤ ᠪᠤᠳᠤᠭ᠋ᠠᠳ ᠮᠤᠳᠤ ᠳᠠᠷᠢᠬᠤ ᠵᠢ ᠰᠠᠨᠠᠪᠠ?》 ᠬᠡᠵᠦ ᠠᠵᠢᠯ ᠬᠢᠵᠦ ᠪᠠᠶ᠋ᠢᠭ᠎ᠠ ᠵᠢᠪᠬᠤᠯᠠᠩ᠎ᠠᠴᠠ ᠠᠰᠠᠭᠤᠪᠠᠯ ᠲᠡᠷᠡ᠄ 《ᠮᠠᠨ᠎ᠤ ᠠᠳᠡ ᠵᠢᠯ ᠪᠦᠷᠢ ᠵᠢᠨ ᠬᠠᠪᠤᠷ ᠨᠠᠮᠤᠷ᠎ᠤᠨ ᠤᠯᠠᠷᠢᠯ᠎ᠳᠤ ᠰᠠᠯᠬᠢ ᠰᠢᠭᠤᠷᠭ᠎ᠠ ᠶᠡᠭᠡ ᠳᠤᠯᠠ ᠮᠠᠯ᠎ᠳᠤ᠎ᠪᠠᠨ ᠨᠦᠮᠦᠷᠢ ᠭᠠᠷᠭ᠋ᠠᠬᠤ ᠵᠢᠨ ᠲᠦᠯᠦᠬᠡ᠂ ᠮᠦᠨ ᠴᠦ᠍ ᠨᠤᠲᠤᠭ ᠪᠡᠯᠴᠢᠭᠡᠷ᠎ᠲᠤ᠎ᠪᠠᠨ ᠰᠠᠶ᠋ᠢᠨ ᠰᠠᠶ᠋ᠢᠬᠠᠨ ᠤᠷᠴᠢᠨ᠎ᠢ ᠪᠤᠢ ᠪᠤᠯᠭ᠋ᠠᠵᠤ᠂ ᠨᠤᠲᠤᠭ ᠪᠡᠯᠴᠢᠭᠡᠷ ᠵᠶ᠋ᠠᠨ ᠬᠠᠮᠠᠭ᠋ᠠᠯᠠᠵᠤ᠂ ᠬᠤᠶ᠋ᠢᠴᠢ ᠦᠶ᠎ᠡ᠎ᠳᠤ᠎ᠪᠠᠨ ᠶᠠᠭᠤ ᠨᠢᠬᠡ ᠵᠢ ᠦᠯᠡᠳᠡᠭᠡᠶ᠎ᠡ ᠭᠡᠰᠡᠨ ᠵᠤᠷᠢᠯᠭ᠎ᠠ᠎ᠠᠴᠠ ᠶᠤᠮ》 ᠭᠡᠪᠡ᠃

ᠵᠢᠪᠬᠤᠯᠠᠩ 2014 ᠤᠨ᠎ᠳᠤ ᠡᠸᠡᠩᠬᠢ ᠬᠤᠰᠢᠭᠤᠨ᠎ᠤ ᠤᠢ ᠰᠢᠭᠤᠢ ᠵᠢᠨ ᠳᠤᠪᠴᠢᠶ᠎ᠠ᠎ᠲᠠᠢ ᠬᠡᠷ᠎ᠡ ᠳᠤᠭᠳᠠᠵᠤ᠂ 500 ᠮᠤ᠌ ᠭᠠᠵᠠᠷ᠎ᠲᠤ 3 ᠲᠦᠮᠡ ᠭᠠᠷᠤᠢ ᠰᠠᠭᠤᠷᠢ ᠮᠤᠳᠤ ᠲᠠᠷᠢᠭᠰᠠᠨ ᠪᠠᠶ᠋ᠢᠯ᠎ᠠ᠃ ᠬᠡᠷᠡᠳᠤ ᠤᠢ ᠰᠢᠭᠤᠢ ᠵᠢᠨ ᠳᠤᠪᠴᠢᠶ᠎ᠠ᠎ᠠᠴᠠ 3 ᠲᠦᠮᠡ ᠭᠠᠷᠦᠢ 20 ᠰᠡᠨᠲ᠋ᠢᠮᠧᠳ᠋ᠷ ᠬᠢᠷᠢ ᠵᠢᠨ ᠨᠢᠯᠬ᠎ᠠ ᠨᠠᠷᠠᠰᠤ ᠵᠢ ᠵᠦᠪᠬᠡᠨ ᠳᠠᠷᠢᠵᠤ ᠦᠭᠬᠦ᠎ᠠᠴᠠ ᠪᠢᠰᠢ ᠬᠤᠵᠢᠮ᠎ᠤᠨ ᠠᠷᠠᠴᠢᠯᠠᠬᠤ ᠠᠵᠢᠯ᠎ᠢ ᠬᠠᠮᠢᠶᠠᠷᠠᠬᠤ ᠦᠬᠡᠢ ᠭᠡᠰᠡᠨ ᠪᠠᠶ᠋ᠢᠵᠠᠢ᠃ ᠡᠶ᠋ᠢᠮᠤ ᠵᠢᠨ ᠳᠤᠯᠠ ᠡᠳᠡᠬᠡᠷ ᠵᠤᠯᠵᠠᠭ᠋ᠠᠨ ᠨᠠᠷᠠᠰᠤ ᠵᠢ ᠠᠷᠠᠴᠢᠯᠠᠵᠤ ᠬᠠᠮᠠᠭ᠋ᠠᠯᠠᠬᠤ᠎ᠨᠢ ᠬᠠᠷᠢᠨ ᠳᠤᠮᠤ ᠠᠵᠢᠯ ᠪᠠᠶ᠋ᠢᠯ᠎ᠠ᠃ ᠬᠠᠷᠠᠭ᠎ᠠ ᠠᠯᠳᠠᠮ᠎ᠠ ᠬᠡᠳᠦᠨ ᠲᠦᠮᠡᠨ ᠨᠢᠯᠬ᠎ᠠ ᠨᠠᠷᠠᠰᠤ᠎ᠨᠢ ᠦᠯᠦᠭᠡᠢ᠎ᠲᠠᠢ ᠬᠡᠤᠬᠡᠳ ᠰᠢᠭ ᠬᠠᠯᠠᠭᠤᠬᠠᠨ ᠬᠠᠷᠠᠭᠲᠠᠵᠤ᠂ ᠮᠤᠩᠭᠤᠯ ᠬᠦᠮᠤᠨ᠎ᠤ ᠴᠠᠶ᠋ᠢᠯᠭ᠋ᠠᠨ ᠰᠠᠨᠠᠭ᠎ᠠ ᠡᠷ᠎ᠡ ᠬᠦᠮᠤᠨ᠎ᠤ ᠬᠠᠳᠠᠭᠤ ᠵᠤᠷᠢᠭ᠎ᠢ ᠬᠦᠪᠴᠢᠯᠡᠵᠦ᠂ ᠡᠳᠡᠭᠡᠷ ᠨᠠᠷᠠᠰᠤ᠎ᠪᠠᠨ ᠶᠠᠭ᠋ᠠᠬᠢᠭᠰᠠᠨ ᠴᠦ᠍ ᠪᠦᠷ ᠡᠳᠡᠭᠡᠷᠡᠵᠦ ᠠᠪᠤᠶ᠎ᠠ ᠬᠡᠵᠦ ᠰᠢᠭᠤᠳᠤᠭᠰᠠᠨ ᠭᠡᠳᠡᠭ᠃ 《ᠡᠷ᠎ᠡ ᠬᠦᠮᠤᠨ ᠰᠠᠨᠠᠭᠰᠠᠨᠳᠤᠪᠠᠨ᠂ ᠡᠮᠡᠭᠡᠯᠳᠦ ᠮᠤᠷᠢ ᠵᠤᠷᠢᠭᠰᠠᠨᠳᠤᠪᠠᠨ》 ᠭᠡᠳᠡᠭ ᠵᠶ᠋ᠠᠷ ᠵᠢᠪᠬᠤᠯᠠᠩ ᠨᠢᠯᠬ᠎ᠠ ᠨᠠᠷᠠᠰᠤ᠎ᠪᠠᠨ ᠠᠷᠠᠴᠢᠯᠠᠬᠤ ᠬᠠᠳᠠᠭᠤ ᠪᠡᠷᠭᠡ ᠠᠵᠢᠯ ᠵᠶ᠋ᠠᠨ ᠡᠶ᠋ᠢᠨ ᠬᠦ᠌ ᠡᠬᠢᠯᠡᠬᠦᠯᠦᠭᠰᠡᠨ ᠪᠠᠶ᠋ᠢᠯ᠎ᠠ᠃ ᠶᠠᠭᠤᠨ᠎ᠤ ᠡᠮᠦᠨ᠎ᠡ ᠰᠢᠢ᠍ᠳᠪᠦᠷᠢᠯᠡᠬᠦ ᠠᠵᠢᠯ ᠪᠤᠯ ᠮᠤᠳᠤ ᠤᠰᠤᠯᠠᠬᠤ ᠠᠵᠢᠯ ᠪᠤᠯᠤᠨ᠎ᠠ᠃ ᠨᠠᠷᠠᠰᠤ ᠦᠨᠳᠤᠰᠤ᠎ᠪᠠᠨ ᠬᠠᠳᠬᠤᠵᠤ ᠳᠡᠶ᠋ᠢᠯᠪᠡᠯ ᠰᠠᠶᠢ ᠡᠳᠡᠭᠡᠷᠡᠬᠦ ᠳᠤᠯᠠ ᠨᠢᠯᠬ᠎ᠠ ᠨᠠᠷᠠᠰᠤᠳᠤ ᠤᠰᠤ ᠬᠠᠩᠭ᠋ᠠᠬᠤ᠎ᠨᠢ ᠬᠠᠮᠤᠭ᠎ᠤᠨ ᠴᠢᠬᠤᠯᠠ ᠠᠵᠢᠯ ᠪᠠᠶ᠋ᠢᠯ᠎ᠠ᠃ ᠬᠡᠳᠡᠯ᠎ᠡ ᠬᠡᠳᠦᠨ ᠵᠢᠯ ᠳᠠᠷᠠᠭ᠋ᠠᠯᠠᠨ ᠭᠠᠩ᠎ᠲᠠᠢ᠂ ᠪᠡᠯᠴᠢᠭᠡᠷ ᠪᠠᠰᠠ ᠮᠠᠭᠤ ᠪᠠᠶ᠋ᠢᠭᠰᠠᠨ ᠳᠤᠯᠠ ᠨᠢᠯᠬ᠎ᠠ ᠨᠠᠷᠠᠰᠤ ᠵᠢ ᠵᠦᠪᠬᠡᠨ ᠬᠦᠮᠤᠨ᠎ᠤ ᠬᠦᠴᠦ᠎ᠪᠠᠷ ᠤᠰᠤᠯᠠᠬᠤ ᠯᠠ ᠬᠡᠷᠡᠭ ᠪᠠᠶ᠋ᠢᠯ᠎ᠠ᠃ ᠡᠳᠦᠷ᠎ᠲᠤ ᠵᠠᠭᠤ ᠭᠠᠷᠤᠢ ᠭᠠᠵᠠᠷ ᠶᠠᠪᠤᠵᠤ ᠭᠤᠷᠪᠠᠨ ᠲᠦᠮᠡ ᠭᠠᠷᠤᠢ ᠰᠠᠭᠤᠷᠢ ᠨᠠᠷᠠᠰᠤ ᠤᠰᠤᠯᠠᠬᠤ ᠭᠡᠳᠡᠭ᠎ᠨᠢ ᠠᠮᠠᠷ ᠠᠵᠢᠯ ᠪᠢᠰᠢ ᠳ᠋ᠠ᠃ ᠵᠢᠪᠬᠤᠯᠠᠩ ᠪᠦᠰᠡᠬᠦᠢ ᠰᠤᠪᠤᠳᠲᠠᠢᠪᠠᠨ ᠬᠤᠶᠠᠭᠤᠯᠠ᠎ᠪᠠᠨ ᠪᠤᠷᠪᠢ ᠨᠤᠭᠤᠷᠠᠯ ᠦᠬᠡᠢ ᠠᠵᠢᠯᠯᠠᠭ᠋ᠠᠳ ᠨᠢᠬᠡ ᠡᠳᠦᠷ ᠮᠢᠩᠭ᠎ᠠ ᠭᠠᠷᠤᠢ ᠰᠠᠭᠤᠷᠢ ᠮᠤᠳᠤ ᠤᠰᠤᠯᠠᠳᠠᠭ ᠪᠠᠶ᠋ᠢᠵᠠᠢ᠃ ᠡᠨᠡ ᠶᠠᠩᠵᠤ᠎ᠪᠠᠷ ᠦᠷᠬᠦᠯᠵᠢᠯᠡᠬᠦ ᠶᠤᠮ ᠪᠤᠯ ᠨᠢᠬᠡ ᠪᠦᠯᠦᠭ ᠨᠠᠷᠠᠰᠤ ᠵᠢ ᠤᠰᠤᠯᠠᠵᠤ ᠪᠠᠷᠠᠬᠤ᠎ᠠᠴᠠ ᠡᠮᠦᠨ᠎ᠡ ᠨᠦᠬᠦᠬᠡ ᠪᠦᠯᠦᠭ᠎ᠨᠢ ᠳᠠᠬᠢᠨ ᠬᠠᠳᠠᠵᠤ᠂ ᠶᠠᠭ ᠵᠠᠪᠳᠤᠬᠤ ᠦᠬᠡᠢ ᠪᠤᠯᠤᠭᠰᠠᠨ ᠳᠤᠯᠠ ᠵᠢᠪᠬᠤᠯᠠᠩ ᠲᠦᠷᠪᠡᠨ ᠬᠦᠮᠤᠨ᠎ᠢ ᠡᠳᠦᠷ᠎ᠲᠤ ᠨᠢᠬᠡ ᠬᠦᠮᠤᠨ᠎ᠢ 150 ᠲᠦᠭᠦᠷᠢᠭ ᠵᠶ᠋ᠠᠷ ᠬᠦᠯᠦᠰᠦᠯᠡᠵᠦ ᠨᠠᠷᠠᠰᠤ᠎ᠪᠠᠨ ᠤᠰᠤᠯᠠᠭᠰᠠᠨ ᠪᠠᠶ᠋ᠢᠪᠠ᠃ 2014 ᠤᠨ᠎ᠠᠴᠠ 2016 ᠤᠨ ᠪᠤᠯᠳᠠᠯ᠎ᠠ 3 ᠵᠢᠯ ᠳᠠᠷᠠᠭ᠋ᠠᠯᠠᠨ ᠨᠠᠷᠠᠰᠤ᠎ᠪᠠᠨ ᠤᠰᠤᠯᠠᠭᠰᠠᠨ᠎ᠠᠴᠠ ᠡᠳᠦᠬᠡ ᠭᠤᠷᠪᠠᠨ ᠲᠦᠮᠡ ᠭᠠᠷᠤᠢ ᠨᠠᠷᠠᠰᠤᠨ ᠮᠤᠳᠤᠨ᠎ᠤ ᠵᠠᠭᠤᠨ᠎ᠤ ᠨᠠᠶᠠ᠎ᠨᠢ ᠡᠳᠡᠭᠡᠷᠡᠵᠦ᠂ ᠳᠤᠬᠠᠢ ᠵᠢᠨ ᠦᠶ᠎ᠡ ᠵᠢᠨ 20 ᠰᠡᠨᠲ᠋ᠢᠮᠧᠳ᠋ᠷ᠎ᠤᠨ ᠨᠢᠯᠬ᠎ᠠ ᠨᠠᠷᠠᠰᠤ᠎ᠨᠢ ᠡᠳᠦᠬᠡ 2᠎ᠠᠴᠠ 3 ᠮᠧᠳ᠋ᠷ᠎ᠤᠨ ᠦᠨᠳᠤᠷ ᠨᠠᠷᠠᠰᠤ ᠪᠤᠯᠵᠤ᠂ ᠵᠢᠭᠳᠡᠷᠡᠨ ᠨᠤᠭᠤᠭ᠋ᠠᠷᠠᠬᠤ ᠨᠠᠷᠠᠰᠤᠨ ᠤᠢ᠎ᠨᠢ ᠨᠤᠳᠤᠭ᠎ᠤᠨ ᠴᠢᠮᠡᠭ ᠪᠤᠯᠤᠨ ᠳᠤᠩ ᠰᠠᠶ᠋ᠢᠬᠠᠨ ᠬᠠᠷᠠᠭᠳᠠᠨ᠎ᠠ᠃ ᠵᠢᠪᠬᠤᠯᠠᠩ ᠪᠢᠳᠠᠨ᠎ᠢ ᠳᠠᠭ᠋ᠠᠭᠭᠤᠯᠤᠨ ᠨᠠᠷᠠᠰᠤᠨ ᠳᠤᠮᠳᠠ ᠶᠠᠪᠤᠬᠤ᠎ᠳᠠᠭᠠᠨ ᠨᠠᠷᠠᠰᠤ᠎ᠪᠠᠨ ᠬᠠᠷᠠᠨ ᠬᠠᠷᠠᠨ ᠤᠮᠤᠭᠰᠢᠵᠤ᠂ ᠪᠠᠶ᠋ᠢᠨ ᠪᠠᠶ᠋ᠢᠨ ᠡᠨᠡ ᠲᠡᠷᠡ ᠵᠢ᠎ᠨᠢ ᠵᠠᠰᠠᠨ᠂ ᠬᠠᠶᠠ ᠪᠦᠬᠦ᠋ᠢ᠍ᠨ ᠰᠠᠯᠬᠢᠨ᠎ᠳᠤ ᠬᠡᠶ᠋ᠢᠰᠴᠦ ᠢᠷᠡᠭᠰᠡᠨ ᠬᠤᠭ ᠨᠤᠪᠰᠢ ᠵᠢ ᠴᠡᠪᠡᠷᠯᠡᠨ ᠶᠠᠪᠤᠬᠤ᠎ᠨᠢ ᠠᠪᠤ ᠬᠦᠮᠤᠨ᠎ᠤ ᠡᠨᠡᠷᠢᠩᠬᠦᠢ ᠪᠠᠶ᠋ᠢᠳᠠᠯ ᠢᠯᠡᠷᠭᠡᠢ ᠬᠠᠷᠠᠭᠳᠠᠬᠤ ᠶᠤᠮ᠃ ᠨᠠᠷᠠᠰᠤᠨ᠎ᠤ ᠳᠤᠮᠳᠠ ᠨᠡᠭᠡᠷᠡᠨ ᠨᠦᠮᠦᠷᠢ᠎ᠲᠠᠢ᠂ ᠬᠦᠷᠦᠰᠦ᠎ᠨᠢ ᠴᠢᠬᠢᠭ᠎ᠲᠠᠢ᠂ ᠤᠷᠴᠢᠨ ᠳᠤᠭᠤᠷᠢᠨ᠎ᠤ ᠡᠪᠡᠰᠦ ᠤᠷᠭᠤᠮᠠᠯ᠎ᠤᠨ ᠤᠷᠭᠤᠴᠠ᠎ᠨᠢ ᠴᠦ᠍ ᠰᠠᠶ᠋ᠢᠨ ᠪᠠᠶ᠋ᠢᠵᠤ᠂ ᠠᠷᠭ᠋ᠠᠯ ᠬᠤᠮᠤᠯ ᠠᠳᠠ ᠳᠡᠨᠳᠠ ᠬᠠᠷᠠᠭᠳᠠᠬᠤ᠎ᠪᠠᠷ ᠦᠵᠡᠪᠡᠯ ᠠᠳᠤᠭᠤ ᠮᠠᠯ ᠨᠠᠷᠠᠰᠤᠨ ᠳᠤᠮᠳᠠ ᠢᠷᠡᠵᠦ ᠨᠦᠮᠦᠷᠳᠡᠳᠡᠭ ᠶᠤᠮ ᠪᠠᠶ᠋ᠢᠨ᠎ᠠ᠃ ᠨᠠᠷᠠᠰᠦ ᠤᠰᠤᠯᠠᠬᠤ ᠶᠠᠪᠤᠳᠠᠯ᠎ᠢ ᠶᠠᠷᠢᠬᠤ᠎ᠳᠤ ᠵᠢᠪᠬᠤᠯᠠᠩ᠎ᠤᠨ ᠬᠤᠳᠳᠤᠭ ᠮᠠᠯᠳᠠᠭᠰᠠᠨ ᠦᠯᠢᠭᠡᠷ᠎ᠢ ᠪᠠᠰᠠ ᠳᠤᠭ᠋ᠠᠴᠢᠬᠤ ᠶᠤᠰᠤᠳᠠᠢ᠃

ᠵᠢᠪᠬᠤᠯᠠᠩ᠎ᠤᠨ ᠬᠠᠪᠤᠷᠵᠢᠶ᠎ᠠ ᠨᠠᠮᠤᠷᠵᠢᠶ᠎ᠠ ᠵᠢᠨ ᠤᠷᠴᠢᠮ ᠬᠤᠳᠳᠤᠭ ᠦᠬᠡᠢ ᠤᠴᠢᠷ ᠬᠦᠮᠤᠨ ᠮᠠᠯ᠎ᠤᠨ ᠤᠰᠤ ᠤᠤᠭᠤᠬᠤ᠎ᠨᠢ ᠶᠡᠭᠡ ᠠᠰᠠᠭᠤᠳᠠᠯ ᠪᠤᠯᠵᠤ ᠪᠠᠶ᠋ᠢᠪᠠ᠃ ᠵᠢᠪᠬᠤᠯᠠᠩ ᠬᠤᠳᠳᠤᠭ ᠮᠠᠯᠳᠠᠬᠤ ᠵᠢᠨ ᠲᠦᠯᠦᠬᠡ 2007 ᠤᠨ᠎ᠠᠴᠠ ᠡᠬᠢᠯᠡᠵᠦ ᠳᠠᠪᠤᠨ ᠵᠢᠯ᠎ᠤᠨ ᠬᠤᠭᠤᠴᠠᠭ᠎ᠠ ᠵᠠᠷᠤᠴᠠᠭᠤᠯᠵᠤ ᠪᠠᠶ᠋ᠢᠭ᠋ᠠᠳ 2012 ᠤᠨ᠎ᠳᠤ ᠰᠠᠶᠢ ᠦᠨᠦᠳᠦᠷ᠎ᠤᠨ 150 ᠮᠧᠳ᠋ᠷ᠎ᠤᠨ ᠬᠦᠨ ᠬᠠᠳᠠᠨ ᠬᠤᠳᠳᠤᠭ᠎ᠢ ᠮᠠᠯᠳᠠᠭᠰᠠᠨ ᠪᠠᠶ᠋ᠢᠪᠠ᠃ 《ᠪᠢ ᠲᠡᠷᠡ ᠦᠶ᠎ᠡ᠎ᠳᠤ ᠵᠢᠯ ᠵᠢᠯ ᠬᠤᠳᠳᠤᠭ ᠮᠠᠯᠳᠠᠨ᠎ᠠ᠂ ᠨᠢᠬᠡ ᠮᠠᠯᠳᠠᠪᠠᠯ ᠬᠤᠶᠠᠷ ᠭᠤᠷᠪᠠᠨ ᠲᠦᠮᠡᠨ ᠲᠦᠭᠦᠷᠢᠭ ᠤᠷᠤᠨ᠎ᠠ᠃ ᠡᠨᠡ ᠬᠤᠳᠳᠤᠭ ᠪᠤᠯ ᠳᠤᠯᠤᠳᠤᠭ᠋ᠠᠷ ᠬᠤᠳᠳᠤᠭ ᠪᠤᠯᠤᠨ᠎ᠠ᠃ ᠬᠤᠳᠳᠤᠭ ᠮᠠᠯᠳᠠᠭ᠋ᠠᠳ ᠪᠢ ᠪᠠᠰᠠ ᠠᠷᠪᠠᠨ ᠬᠡᠳᠦᠨ ᠲᠦᠮᠡᠨ ᠲᠦᠬᠦᠷᠢᠭ ᠵᠠᠷᠤᠭᠰᠠᠨ ᠰᠢᠤ! ᠮᠠᠨ᠎ᠤ ᠠᠳᠠ 40 ᠮᠧᠳ᠋ᠷ᠎ᠠᠴᠠ ᠳᠤᠷᠤᠭᠰᠢ ᠪᠤᠯᠪᠠᠯ ᠪᠦᠷ ᠴᠢᠯᠠᠭᠤ᠂ ᠲᠡᠷᠡ ᠦᠶ᠎ᠡ᠎ᠳᠤ ᠪᠠᠭ᠋ᠠᠵᠢ ᠰᠠᠶ᠋ᠢᠨ ᠪᠢᠰᠢ ᠪᠤᠯᠬᠤᠷ ᠬᠤᠳᠳᠤᠭ ᠮᠠᠯᠳᠠᠬᠤ᠎ᠳᠤ ᠶᠡᠭᠡ ᠬᠦᠴᠢᠷᠳᠡᠵᠦ ᠪᠠᠶ᠋ᠢᠵᠠᠢ᠃ ᠰᠡᠬᠦᠯᠡᠷ᠎ᠨᠢ ᠲᠤᠬᠠᠢ ᠵᠢᠨ ᠦᠶ᠎ᠡ ᠵᠢᠨ ᠤᠰᠤᠨ᠎ᠤ ᠶᠠᠪᠤᠳᠠᠯ᠎ᠤᠨ ᠳᠤᠪᠴᠢᠶᠠᠨ ᠳᠠᠷᠤᠭ᠎ᠠ ᠪᠠᠶ᠋ᠢᠭᠰᠠᠨ ᠰᠠᠷᠠᠨᠪᠠᠳᠤ ᠳᠤᠰᠬᠠᠶ᠋ᠢᠯᠠᠨ ᠰᠢᠨ᠎ᠡ ᠤᠷᠤᠭᠤᠯᠤᠭᠰᠠᠨ ᠴᠢᠯᠠᠭᠤ ᠦᠷᠦᠮᠳᠡᠳᠡᠭ ᠮᠠᠰᠢᠨ ᠵᠶ᠋ᠠᠷ ᠰᠠᠶᠢ ᠡᠨᠡ ᠬᠤᠳᠳᠤᠭ᠎ᠢ ᠮᠠᠯᠲᠠᠵᠤ ᠤᠰᠤ ᠭᠠᠷᠭ᠋ᠠᠭᠰᠠᠨ ᠶᠤᠮ᠃ 〈ᠤᠰᠤ ᠵᠢ᠎ᠨᠢ ᠤᠤᠭᠤᠪᠠᠯ ᠡᠬᠢ ᠵᠢ᠎ᠨᠢ ᠪᠤᠤ ᠮᠠᠷᠳᠠ〉 ᠭᠡᠳᠡᠭ ᠵᠶ᠋ᠠᠷ ᠪᠢ ᠬᠡᠵᠢᠶᠡᠳᠡ᠎ᠪᠠᠨ ᠰᠠᠷᠠᠨᠪᠠᠳᠤ ᠳᠠᠷᠤᠭ᠎ᠠ᠎ᠳᠤ ᠪᠠᠶᠠᠷᠯᠠᠵᠤ ᠶᠠᠪᠤᠳᠠᠭ ᠶᠤᠮ》 ᠬᠡᠵᠦ ᠵᠢᠪᠬᠤᠯᠠᠩ ᠬᠤᠳᠳᠤᠭ᠎ᠤᠨ ᠤᠰᠤ᠎ᠪᠠᠨ ᠬᠠᠷᠠᠨ ᠰᠡᠳᠬᠢᠯ ᠳᠤᠭᠳᠤᠯᠤᠨ ᠶᠠᠷᠢᠪᠠ᠃ ᠡᠳᠦᠬᠡ ᠳᠤᠰ ᠬᠤᠳᠳᠤᠭ᠎ᠨᠢ ᠡᠨᠡ ᠤᠷᠴᠢᠮ᠎ᠤᠨ ᠬᠦᠮᠤᠨ ᠮᠠᠯ᠎ᠤᠨ ᠤᠤᠭᠤᠬᠤ ᠤᠰᠤ ᠵᠢ ᠬᠠᠩᠭ᠋ᠠᠵᠤ ᠪᠠᠶ᠋ᠢᠬᠤ ᠮᠦᠷᠳᠡᠬᠡᠨ ᠶᠠᠮᠠᠷ ᠴᠦ᠍ ᠦᠨ᠎ᠡ ᠲᠦᠯᠦᠪᠦᠷᠢ ᠠᠪᠳᠠᠭ ᠦᠬᠡᠢ ᠪᠠᠶ᠋ᠢᠯ᠎ᠠ᠃ ᠵᠢᠪᠬᠤᠯᠠᠩ ᠰᠦᠷᠦᠭ ᠠᠳᠤᠭᠤ᠎ᠪᠠᠨ ᠬᠤᠳᠳᠤᠭ ᠤᠷᠤᠭᠤ ᠳᠠᠭᠤᠭ᠋ᠠᠳ ᠢᠷᠡᠬᠦ᠎ᠨᠢ ᠶᠠᠭ ᠯᠠ ᠳᠠᠭᠤᠨ᠎ᠳᠤ ᠳᠠᠭᠤᠯᠠᠳᠠᠭ ᠰᠢᠭ᠋᠄ ᠴᠤᠯᠪᠤᠭᠤᠷ ᠴᠢᠳᠤᠷ᠎ᠲᠤ ᠨᠤᠮᠤᠬᠠᠷᠠᠭᠠ ᠦᠬᠡᠢ᠂ ᠴᠤᠪᠤᠭᠤ ᠬᠡᠶ᠋ᠢᠮᠦᠷᠢᠳᠡᠢ ᠮᠤᠩᠭᠤᠯ ᠠᠳᠤᠭᠤ᠂ ᠴᠤᠷᠬᠢᠨ ᠢᠨᠴᠠᠭ᠋ᠠᠵᠤ ᠴᠦᠢ᠍ᠯᠠᠨ ᠬᠤᠷᠳᠤᠯᠠᠭ᠋ᠠᠳ᠂ ᠴᠤᠭᠬᠢᠭ᠋ᠠᠳ ᠳᠠᠯ᠎ᠠ᠎ᠪᠠᠷ ᠬᠦᠶᠦᠭᠡᠳ ᠢᠷᠡᠬᠦ ᠮᠡᠳᠦ ᠬᠠᠷᠠᠭᠳᠠᠨ᠎ᠠ᠃

ᠵᠢᠪᠬᠤᠯᠠᠩ ᠵᠤᠭᠰᠤᠯ ᠦᠬᠡᠢ ᠠᠵᠢᠯ ᠵᠶ᠋ᠠᠨ ᠬᠢᠵᠦ ᠶᠠᠪᠤᠨ᠎ᠠ᠃ ᠤᠶ᠋ᠢᠷ᠎ᠠ᠎ᠳᠤ ᠪᠠᠰᠠ ᠨᠢᠬᠡ ᠪᠦᠯᠦᠭ ᠵᠢᠵᠢᠭ ᠨᠠᠷᠠᠰᠤ ᠠᠪᠴᠤ ᠪᠠᠷᠠᠭᠤᠨ ᠳᠠᠯ᠎ᠠ᠎ᠪᠠᠷ᠎ᠨᠢ ᠨᠦᠬᠦᠵᠦ ᠳᠠᠷᠢᠭᠰᠠᠨ ᠳᠤᠯᠠ ᠪᠦᠰᠡᠬᠦᠢ ᠰᠤᠪᠤᠳ᠎ᠲᠠᠢ ᠬᠤᠶᠠᠭᠤᠯᠠ ᠨᠠᠷᠠᠰᠤ᠎ᠪᠠᠨ ᠤᠰᠤᠯᠠᠵᠤ ᠶᠠᠭ᠋ᠠᠷᠠᠨ᠎ᠠ᠃ ᠠᠷᠪᠠᠭ᠋ᠠᠳ ᠵᠢᠯ ᠮᠤᠳᠤ ᠠᠷᠠᠴᠢᠯᠠᠭ᠋ᠠᠳ ᠵᠢᠪᠬᠤᠯᠠᠩ ᠨᠠᠷᠠᠰᠤ ᠳᠠᠷᠢᠬᠤ ᠳᠤᠷᠰᠢᠯᠭ᠎ᠠ ᠨᠡᠮᠡᠭᠳᠡᠵᠦ ᠪᠢᠳᠠᠨ᠎ᠳᠤ ᠨᠠᠷᠠᠰᠤᠨ᠎ᠤ ᠤᠷᠭᠤᠴᠠ ᠵᠢᠨ ᠳᠤᠬᠠᠢ ᠳᠠᠶ᠋ᠢᠯᠪᠤᠷᠢ ᠬᠢᠵᠦ ᠶᠠᠪᠤᠨ᠎ᠠ᠃ ᠲᠡᠷᠡ ᠪᠢᠳᠠᠨ᠎ᠳᠤ᠄ 《ᠬᠦᠳᠡᠯᠮᠦᠷᠢ ᠪᠤᠯ ᠬᠦᠮᠤᠨ᠎ᠢ ᠪᠠᠶᠠᠵᠢᠭᠤᠯᠬᠤ᠎ᠪᠠᠷ ᠪᠠᠷᠠᠬᠤ ᠦᠬᠡᠢ ᠪᠠᠶᠠᠰᠬᠠᠳᠠᠭ᠃ ᠪᠢ ᠪᠤᠯ ᠠᠵᠢᠯ ᠬᠢᠬᠦ ᠳᠤᠷᠠᠲᠠᠢ᠃ ᠮᠦᠨ ᠴᠦ᠍ ᠠᠵᠢᠯ᠎ᠢ ᠰᠠᠶ᠋ᠢᠨ ᠬᠢᠨ᠎ᠠ》 ᠬᠡᠵᠦ ᠢᠨᠢᠶᠡᠨ ᠶᠠᠷᠢᠨ᠎ᠠ᠃ ᠨᠡᠭᠡᠷᠡᠨ ᠴᠦ᠍ ᠠᠵᠢᠯ᠎ᠢ ᠰᠠᠶ᠋ᠢᠨ ᠬᠢᠨ᠎ᠡ᠃ ᠨᠢᠬᠡ ᠡᠳᠦᠷ᠎ᠤᠨ ᠰᠤᠷᠪᠤᠯᠵᠢᠯᠠᠭ᠎ᠠ ᠠᠪᠬᠤ ᠳᠤᠮᠳᠠ ᠳᠡᠬᠦᠨ᠎ᠤ ᠠᠮᠠᠷᠠᠭᠰᠠᠨᠢ ᠶᠡᠷᠦ ᠤᠯᠵᠤ ᠦᠵᠡᠭᠡ ᠦᠬᠡᠢ᠃ ᠵᠢᠪᠬᠤᠯᠠᠩ ᠪᠤᠯ ᠬᠦᠳᠡᠯᠮᠤᠷᠢ᠎ᠪᠠᠷ ᠬᠦᠷᠦᠩᠭᠡᠵᠢᠵᠦ᠂ ᠬᠦᠯᠦᠰᠦ᠎ᠪᠠᠷ ᠴᠢᠨᠡᠭᠡᠯᠢᠭᠵᠢᠭᠰᠡᠨ ᠪᠤᠳᠠᠳᠤ ᠵᠢᠱ᠌ᠢᠶ᠎ᠡ ᠪᠤᠯᠤᠨ᠎ᠠ᠃

ᠠᠵᠢᠯᠴᠢ ᠮᠦᠷᠳᠡᠭᠡᠨ ᠬᠤᠯᠠ ᠵᠢᠨ ᠬᠠᠷᠠᠯᠳᠠ᠎ᠲᠠᠢ ᠵᠢᠪᠬᠤᠯᠠᠩᠳᠤ ᠪᠢᠳᠠ ᠦᠪᠡᠷ᠎ᠤᠨ ᠡᠷᠬᠡ ᠦᠬᠡᠢ ᠪᠢᠰᠢᠷᠡᠵᠦ ᠬᠦᠨᠳᠦᠳᠭᠡᠬᠦ ᠰᠡᠳᠬᠢᠯ ᠲᠦᠷᠦᠭᠳᠡᠵᠦ᠂ ᠭᠡᠰᠢᠭ ᠬᠤᠷᠦ᠋ᠢ᠍ᠯᠠᠵᠤ ᠬᠡᠶ᠋ᠢᠮᠦᠷᠢ ᠮᠠᠨᠳᠤᠬᠤ ᠪᠤᠯᠳᠤᠭ᠋ᠠᠢ ᠭᠡᠳ ᠨᠢᠬᠡ ᠡᠳᠦᠷ᠎ᠤᠨ ᠰᠤᠷᠪᠤᠯᠵᠢᠯᠠᠭ᠎ᠠ᠎ᠪᠠᠨ ᠦᠨᠳᠦᠷᠯᠡᠬᠦᠯᠦᠯᠡ᠃ ᠰᠤᠷᠪᠤᠯᠵᠢᠯᠠᠭᠴᠢ ᠪᠢᠴᠢᠨ