ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠲᠡᠷᠢᠭᠦᠨ ᠬᠠᠭᠤᠳᠠᠰᠤ   -   ᠬᠠᠤᠯᠢ ᠴᠠᠭᠠᠵᠠ ᠳᠦᠷᠢᠮ ᠳᠤᠭᠲᠠᠭᠠᠯ
ᠸᠢᠴᠲ᠎ᠤᠨ ᠴᠣᠭᠯᠠᠷᠠᠯ᠎ᠳᠤ ᠲᠠᠨᠢ ᠳᠣᠣᠷᠠᠬᠢ ᠴᠢᠮᠡᠭᠡ ᠵᠠᠩᠭᠢ ᠪᠠᠢ᠌ᠪᠠᠯ ᠲᠠ ᠬᠠᠣᠯᠢ ᠵᠢᠨ ᠬᠠᠷᠢᠭᠤᠴᠠᠯᠭ᠎ᠠ ᠨᠡᠬᠡᠮᠵᠢᠯᠡᠭᠳᠡᠨ᠎ᠡ
ᠨᠡᠶ᠋ᠢᠲᠡᠯᠡᠭᠰᠡᠨ ᠴᠠᠭ᠄ 2018-11-01

      ᠣᠢ᠌ᠷ᠎ᠠ᠎ᠳᠤ᠂ ᠶᠦᠨᠨᠠᠨ ᠮᠣᠵᠢ ᠵᠢᠨ ᠺᠦᠨᠮᠢᠩ ᠬᠤᠳᠠ ᠵᠢᠨ ᠰᠢᠶᠦ᠋ᠨ ᠳ᠋ᠢᠶᠠᠨ ᠰᠢᠶᠠᠨ᠎ᠤ ᠠᠷᠠᠳ᠎ᠤᠨ ᠰᠢᠭᠦᠬᠦ ᠬᠤᠷᠢᠶᠠᠨ᠎ᠤ ᠠᠩᠬᠠᠨ ᠰᠢᠭᠦᠯᠳᠡ ᠵᠢᠨ ᠳ᠋ᠦᠩ᠎ᠳᠤ᠂ ᠯᠥᠸᠧ ᠣᠪᠣᠭᠳᠣ ᠱᠠᠯᠢᠭ ᠵᠠᠪᠠᠭ᠍ᠠᠢ ᠡᠳ᠋ ᠪᠣᠳᠠᠰ᠎ᠢ ᠣᠯᠠᠮᠵᠢᠯᠠᠨ ᠲᠠᠷᠬᠠᠭ᠋ᠠᠭᠰᠠᠨ ᠶᠠᠯ᠎ᠠ᠎ᠳᠤ ᠣᠨᠣᠵᠣ᠂ 6 ᠰᠠᠷ᠎ᠠ ᠵᠢᠨ ᠬᠤᠭᠤᠴᠠᠭ᠎ᠠ᠎ᠲᠠᠢ ᠬᠤᠷᠢᠭᠳᠠᠬᠤ᠎ᠪᠠᠷ ᠰᠢᠢ᠍ᠳᠭᠡᠭᠳᠡᠪᠡ᠃
     31 ᠨᠠᠰᠣ᠎ᠲᠠᠢ ᠯᠥᠸᠧ ᠣᠪᠣᠭᠳᠣ ᠪᠣᠯ ᠶᠦᠨᠨᠠᠨ ᠮᠣᠵᠢ ᠵᠢᠨ ᠳ᠋ᠧ ᠬᠤᠩ ᠵᠧᠦ ᠵᠢᠨ ᠬᠦᠮᠦᠨ᠃ 2017 ᠣᠨ᠎ᠤ 2 ᠰᠠᠷ᠎ᠠ᠎ᠳᠤ᠂ ᠯᠥᠸᠧ ᠣᠪᠣᠭᠳᠣ ᠸᠢᠴᠠᠲ ᠵᠶ᠋ᠠᠨ ᠠᠰᠢᠭᠯᠠᠨ 《ᠦᠨ᠎ᠡ ᠬᠠᠶᠠᠨ ᠬᠤᠳᠠᠯᠳᠣᠬᠤ》 ᠭᠡᠬᠦ ᠨᠠᠷ᠎ᠡ᠎ᠪᠠᠷ ᠴᠣᠭᠯᠠᠷᠠᠯ ᠪᠠᠢ᠌ᠭᠤᠯᠣᠨ᠂ ᠴᠣᠭᠯᠠᠷᠠᠯ᠎ᠤᠨ ᠠᠬᠠᠯᠠᠭᠴᠢ ᠵᠢᠴᠢ ᠬᠠᠮᠢᠶᠠᠷᠣᠭᠴᠢ ᠪᠣᠯᠣᠭᠰᠠᠨ ᠪᠢᠯᠡ᠃
     2017 ᠣᠨ᠎ᠤ 12 ᠳ᠋ᠣᠭ᠋ᠠᠷ ᠰᠠᠷ᠎ᠠ᠎ᠳᠤ᠂ ᠲᠡᠷᠡ ᠴᠣᠭᠯᠠᠷᠠᠯ ᠳᠡᠭᠡᠷ᠎ᠡ᠎ᠪᠠᠨ ᠸᠢᠴᠠᠲ ᠵᠢᠨ ᠨᠠᠢ᠌ᠵᠠ ᠵᠢᠨ ᠵᠶ᠋ᠠᠨ ᠱᠠᠯᠢᠭ ᠵᠠᠪᠠᠭ᠍ᠠᠢ ᠳᠦᠷᠰᠦ ᠰᠢᠩᠭᠡᠭᠡᠯᠳᠡ ᠳᠠᠯᠪᠢᠵᠣ ᠣᠯᠠᠨ᠎ᠳᠤ ᠰᠣᠨᠢᠷᠬᠠᠭᠤᠯᠬᠤ ᠵᠢ ᠵᠦᠪᠰᠢᠶᠡᠷᠡᠪᠡ᠃ ᠰᠦᠯᠵᠢᠶᠡᠨ᠎ᠤ ᠬᠠᠣᠯᠢ ᠴᠠᠭ᠋ᠠᠵᠠ ᠵᠢᠨ ᠬᠠᠮᠢᠶᠠᠷᠣᠯᠳᠠ᠎ᠠᠴᠠ ᠵᠠᠢ᠌ᠯᠠᠰᠬᠢᠬᠤ ᠵᠢᠨ ᠳᠣᠯᠠᠳᠠ᠂ ᠲᠡᠷᠡ ᠴᠣᠭᠯᠠᠷᠠᠯ᠎ᠤᠨ ᠨᠡᠷ᠎ᠡ᠎ᠪᠠᠨ ᠬᠡᠳᠦᠨᠳᠡ ᠬᠠᠯᠠᠵᠣ ᠵᠠᠰᠠᠭᠰᠠᠨ ᠶᠤᠮ᠃
     2018 ᠣᠨ᠎ᠤ 5 ᠰᠠᠷ᠎ᠠ ᠵᠢᠨ 16᠎ᠤ ᠡᠳᠦᠷ᠂ ᠯᠥᠸᠧ ᠣᠪᠣᠭᠳᠣ ᠡᠨᠡᠬᠦ ᠡᠷᠡᠭᠦᠦ ᠵᠢᠨ ᠬᠡᠷᠡᠭ᠎ᠠᠴᠠ ᠪᠣᠯᠵᠣ ᠳᠦᠷ ᠬᠤᠷᠢᠭᠳᠠᠪᠠ᠃ ᠳᠣᠰ ᠵᠢᠯ᠎ᠤᠨ 5 ᠰᠠᠷ᠎ᠠ ᠵᠢᠨ 30᠎ᠤ ᠡᠳᠦᠷ ᠪᠠᠷᠢᠪᠴᠢᠯᠠᠭᠳᠠᠪᠠ᠃ ᠰᠢᠭᠦᠬᠦ ᠬᠤᠷᠢᠶᠠᠨ᠎ᠤ ᠠᠩᠬᠠᠨ ᠰᠢᠭᠦᠯᠳᠡ ᠵᠢᠨ ᠳ᠋ᠦᠩ᠎ᠳᠤ᠂ ᠯᠥᠸᠧ ᠣᠪᠣᠭᠳᠣ ᠱᠠᠯᠢᠭ ᠵᠠᠪᠠᠭ᠍ᠠᠢ ᠡᠳ᠋ ᠪᠣᠳᠠᠰ᠎ᠢ ᠣᠯᠠᠮᠵᠢᠯᠠᠨ ᠳᠠᠷᠬᠠᠭ᠋ᠠᠭᠰᠠᠨ ᠶᠠᠯ᠎ᠠ᠎ᠪᠠᠷ 6 ᠰᠠᠷ᠎ᠠ ᠵᠢᠨ ᠬᠤᠭᠤᠴᠠᠭ᠎ᠠ᠎ᠲᠠᠢ ᠬᠤᠷᠢᠭᠳᠠᠬᠤ᠎ᠪᠠᠷ ᠰᠢᠢ᠍ᠳᠬᠡᠭᠳᠡᠪᠡ᠃
     2017 ᠣᠨ᠎ᠤ ᠰᠠᠷ᠎ᠠ ᠵᠢᠨ 7᠎ᠤ ᠡᠳᠦᠷ᠂ ᠣᠯᠣᠰ᠎ᠤᠨ ᠢᠨᠲ᠋ᠧᠷᠨ᠋ᠲ ᠰᠦᠯᠵᠢᠶᠠᠨ᠎ᠤ ᠮᠡᠳᠡᠭᠡ ᠵᠠᠩᠭᠢ ᠵᠢᠨ ᠠᠯᠪᠠᠨ ᠬᠡᠷ᠎ᠠᠴᠠ 《ᠢᠨᠲ᠋ᠧᠷᠨ᠋ᠲ ᠰᠦᠯᠵᠢᠶᠡᠨ᠎ᠤ ᠴᠣᠭᠯᠠᠷᠠᠯ᠎ᠤᠨ ᠮᠡᠳᠡᠭᠡ ᠵᠠᠩᠭᠢ ᠵᠢᠨ ᠦᠢ᠍ᠯᠴᠢᠯᠡᠬᠡᠨ᠎ᠤ ᠬᠠᠮᠢᠶᠠᠷᠣᠯᠳᠠ ᠵᠢᠨ ᠳᠦᠷᠢᠮ》 (ᠳᠣᠣᠷ᠎ᠠ 《ᠳᠦᠷᠢᠮ》 ᠭᠡᠵᠦ ᠳᠦᠬᠦᠮᠴᠢᠯᠡᠶ᠎ᠡ) ᠬᠡᠪᠯᠡᠨ ᠳᠠᠷᠬᠠᠭ᠋ᠠᠵᠣ᠂ 2017 ᠣᠨ᠎ᠤ 10 ᠰᠠᠷ᠎ᠠ ᠵᠢᠨ 8᠎ᠤ ᠡᠳᠦᠷ᠎ᠠᠴᠠ ᠡᠬᠢᠯᠡᠨ ᠵᠢᠩᠭᠢᠨᠢ᠎ᠪᠠᠷ ᠬᠡᠷᠡᠭᠵᠢᠭᠦᠯᠵᠡᠢ᠃
     《ᠳᠦᠷᠢᠮ》 ᠬᠡᠷᠡᠭᠵᠢᠭᠦᠯᠬᠦ ᠵᠢᠨ ᠵᠣᠷᠢᠯᠭ᠎ᠠ ᠭᠡᠪᠡᠯ ᠢᠨᠲ᠋ᠧᠷᠨ᠋ᠲ ᠰᠦᠯᠵᠢᠶᠡᠨ᠎ᠤ ᠴᠣᠭᠯᠠᠷᠠᠯ᠎ᠤᠨ ᠮᠡᠳᠡᠭᠡ ᠵᠠᠩᠭᠢ ᠵᠢᠨ ᠦᠢ᠍ᠯᠴᠢᠯᠡᠭᠡᠨ᠎ᠤ ᠡᠷᠡᠭᠦᠯ ᠵᠶ᠋ᠠᠷ᠂ ᠳᠢᠭᠯᠢᠮ᠎ᠲᠠᠢ ᠵᠶ᠋ᠠᠷ ᠬᠥᠭᠵᠢᠨ᠂ ᠨᠡᠢ᠌ᠭᠡᠮ ᠵᠢᠷᠣᠮᠳᠣ ᠭᠤᠣᠯᠯᠠᠭᠴᠢ ᠦᠷᠳᠡᠭ᠎ᠤᠨ ᠦᠵᠡᠯᠳᠡ ᠵᠢ ᠪᠠᠳᠠᠷᠠᠭᠤᠯᠣᠨ ᠳᠡᠯᠭᠡᠷᠡᠬᠦᠯᠦᠨ᠂ ᠢᠳᠡᠪᠬᠢ ᠴᠢᠨᠠᠷ ᠪᠦᠬᠦᠢ ᠡᠷᠡᠭᠦᠯ ᠴᠢᠬᠢᠷᠠᠭ ᠰᠦᠯᠵᠢᠶᠡᠨ᠎ᠤ ᠰᠣᠶᠣᠯ᠎ᠢ ᠪᠣᠢ᠌ᠵᠢᠭᠤᠯᠣᠨ᠂ ᠦᠷᠭᠡᠨ ᠣᠯᠠᠨ ᠰᠦᠯᠵᠢᠶᠡᠨ᠎ᠤ ᠢᠷᠭᠡᠨ᠎ᠳᠤ ᠴᠡᠪᠡᠷ ᠠᠷᠢᠭᠤᠨ᠂ ᠳᠦᠪᠯᠡᠭᠦᠨ ᠴᠢᠬᠡᠴᠢ ᠰᠦᠯᠵᠢᠶᠡᠨ᠎ᠤ ᠣᠷᠣᠨ ᠵᠠᠢ ᠵᠢ ᠪᠦᠷᠢᠳᠦᠭᠦᠯᠬᠦ ᠵᠢ ᠵᠣᠷᠢᠵᠠᠢ᠃ 《ᠳᠦᠷᠢᠮ》᠎ᠤᠨ ᠠᠷᠪᠠᠳᠣᠭ᠋ᠠᠷ ᠵᠣᠷᠪᠣᠰ᠎ᠲᠤ ᠳᠣᠳᠣᠷᠬᠠᠢ ᠵᠢᠭ᠋ᠠᠨ ᠭᠠᠷᠭ᠋ᠠᠭᠰᠠᠨ ᠵᠶ᠋ᠠᠷ᠄ ᠢᠨᠲ᠋ᠧᠷᠨ᠋ᠲ ᠰᠦᠯᠵᠢᠶᠡᠨ᠎ᠤ ᠴᠣᠭᠯᠠᠷᠠᠯ᠎ᠤᠨ ᠴᠢᠮᠡᠭᠡ ᠵᠠᠩᠭᠢ ᠵᠢᠨ ᠦᠢ᠍ᠯᠴᠢᠯᠡᠭᠡᠨ᠎ᠤ ᠬᠠᠩᠭ᠋ᠠᠭᠴᠢ ᠪᠠ ᠠᠰᠢᠭᠯᠠᠭᠴᠢ ᠨᠠᠷ ᠰᠦᠯᠵᠢᠶᠠᠨ᠎ᠤ ᠴᠣᠭᠯᠠᠷᠠᠯ ᠵᠶ᠋ᠠᠷ ᠬᠠᠣᠯᠢ ᠳᠦᠷᠢᠮ᠎ᠲᠤ ᠵᠦᠪᠰᠢᠶᠡᠷᠡᠬᠦ ᠦᠭᠡᠢ᠂ ᠣᠯᠣᠰ᠎ᠤᠨ ᠳᠦᠷᠢᠮ ᠳᠣᠭᠳᠠᠭ᠋ᠠᠯ᠎ᠠᠴᠠ ᠵᠦᠷᠢᠴᠡᠭᠰᠡᠨ ᠮᠡᠳᠡᠭᠡ ᠵᠠᠩᠭᠢ ᠵᠢ ᠲᠠᠮᠵᠢᠭᠤᠯᠵᠣ ᠪᠣᠯᠬᠤ ᠦᠭᠡᠢ ᠬᠡᠮᠡᠪᠡ᠃
      ᠣᠯᠣᠰ᠎ᠤᠨ ᠢᠨᠲ᠋ᠧᠷᠨ᠋ᠲ ᠰᠦᠯᠵᠢᠶᠡᠨ᠎ᠤ ᠮᠡᠳᠡᠭᠡ ᠵᠠᠩᠭᠢ ᠵᠢᠨ ᠠᠯᠪᠠᠨ ᠭᠡᠷ᠎ᠤᠨ ᠬᠠᠷᠢᠭᠤᠴᠠᠯᠭ᠋ᠠᠳᠠᠨ ᠬᠡᠯᠡᠬᠦ᠎ᠳᠡᠭᠡᠨ᠄ ᠢᠨᠲ᠋ᠧᠷᠨ᠋ᠲ ᠰᠦᠯᠵᠢᠶᠡᠨ᠎ᠤ ᠴᠣᠭᠯᠠᠷᠠᠯ᠎ᠤᠨ ᠵᠣᠬᠢᠶᠠᠨ ᠪᠠᠢ᠌ᠭᠤᠯᠣᠭᠴᠢ᠂ ᠬᠠᠮᠢᠶᠠᠷᠣᠭᠴᠢ ᠨᠠᠷ ᠡᠭᠦᠷᠬᠡ ᠬᠠᠷᠢᠭᠤᠴᠠᠯᠭ᠎ᠠ᠎ᠪᠠᠨ ᠬᠦᠢ᠍ᠴᠡᠳᠬᠡᠬᠦ ᠬᠡᠷᠡᠭᠳᠡᠢ᠃ ᠳᠠᠷᠣᠢ 《ᠬᠡᠨ ᠪᠠᠢ᠌ᠭᠤᠯᠪᠠᠯ ᠬᠡᠨ ᠬᠠᠷᠢᠭᠤᠴᠠᠬᠤ》᠂ 《ᠬᠡᠨ ᠬᠠᠮᠢᠶᠠᠷᠣᠪᠠᠯ ᠬᠡᠨ ᠬᠠᠷᠢᠭᠤᠴᠠᠬᠤ》 ᠶᠣᠰᠣ᠎ᠲᠠᠢ᠃
      ᠴᠣᠭᠯᠠᠷᠠᠯ᠎ᠤᠨ ᠠᠬᠠᠯᠠᠭᠴᠢ᠎ᠨᠢ ᠴᠣᠭᠯᠠᠷᠠᠯ᠎ᠤᠨ ᠬᠠᠮᠢᠶᠠᠷᠣᠭᠴᠢ ᠪᠣᠯᠣᠭᠰᠠᠨ᠎ᠤ ᠬᠤᠪᠢ᠎ᠳᠤ᠂ ᠳᠣᠬᠠᠢ ᠵᠢᠨ ᠴᠣᠭᠯᠠᠷᠠᠯ᠎ᠤᠨ ᠡᠮᠬᠢ ᠵᠠᠮᠪᠠᠷᠠᠭ᠎ᠠ ᠵᠢ ᠪᠠᠳᠣᠯᠠᠵᠣ᠂ ᠬᠠᠣᠯᠢ ᠪᠣᠰᠣ ᠵᠢᠴᠢ ᠬᠠᠣᠯᠢ ᠵᠢ ᠵᠦᠷᠢᠴᠡᠭᠰᠡᠨ ᠠᠵᠢᠯᠯᠠᠭ᠎ᠠ᠎ᠨᠤᠭᠤᠳ ᠴᠣᠭᠯᠠᠷᠠᠯ᠎ᠳᠤ ᠰᠠᠷᠨᠢᠭᠤᠯᠵᠣ ᠪᠣᠯᠬᠤ ᠦᠭᠡᠢ᠃ ᠬᠡᠷᠪᠡ ᠠᠰᠠᠭᠤᠳᠠᠯ ᠳᠣᠯᠭ᠋ᠠᠷᠠᠪᠠᠯ᠂ ᠡᠷᠬᠡᠪᠰᠢ ᠴᠠᠭ ᠳᠣᠬᠠᠢ᠎ᠳᠤᠨᠢ ᠬᠠᠮᠢᠶᠠᠷᠠᠵᠣ᠂ ᠮᠡᠳᠡᠭᠦᠯᠬᠦ ᠬᠡᠷᠡᠭᠳᠡᠢ᠃
      ᠴᠣᠭᠯᠠᠷᠠᠯ᠎ᠤᠨ ᠠᠬᠠᠯᠠᠭᠴᠢ ᠬᠠᠷᠢᠭᠤᠴᠠᠯᠭ᠎ᠠ ᠠᠯᠳᠠᠭᠰᠠᠨ᠎ᠠᠴᠠ ᠪᠣᠯᠵᠣ ᠴᠣᠭᠯᠠᠷᠠᠯ᠎ᠳᠤ ᠬᠠᠣᠯᠢ ᠵᠢ ᠵᠦᠷᠢᠴᠡᠭᠰᠡᠨ ᠪᠠᠢ᠌ᠳᠠᠯ ᠭᠠᠷᠪᠠᠯ ᠵᠣᠬᠢᠬᠤ ᠬᠠᠷᠢᠭᠤᠴᠠᠯᠭ᠎ᠠ ᠡᠭᠦᠷᠭᠡᠯᠡᠨ᠎ᠡ᠃
ᠴᠣᠭᠯᠠᠷᠠᠯ᠎ᠤᠨ ᠭᠡᠰᠢᠭᠦᠳ ᠳᠣᠣᠷᠠᠬᠢ ᠮᠡᠳᠡᠭᠡ ᠵᠠᠩᠭᠢ ᠵᠢ ᠳᠠᠮᠵᠢᠭᠤᠯᠵᠣ ᠪᠣᠯᠬᠤ ᠦᠭᠡᠢ ᠭᠡᠵᠦ ᠣᠨᠴᠠᠯᠠᠨ ᠰᠠᠨᠠᠭᠤᠯᠣᠶ᠎ᠠ᠄
     1. ᠭᠠᠵᠢᠭᠤ ᠶᠠᠷᠢᠶ᠎ᠠ᠂ ᠴᠣᠣᠷᠬᠠᠯ ᠦᠭᠡ ᠵᠢ ᠢᠳᠡᠬᠡᠬᠦ ᠦᠭᠡᠢ᠂ ᠳᠠᠮᠵᠢᠭᠤᠯᠬᠤ ᠦᠭᠡᠢ
     2. ᠳᠣᠳᠣᠭ᠋ᠠᠳᠣ ᠵᠢᠨ ᠪᠢᠴᠢᠭ ᠮᠠᠲ᠋ᠧᠷᠢᠶᠠᠯ᠎ᠢ ᠳᠠᠮᠵᠢᠭᠤᠯᠵᠣ ᠪᠣᠯᠬᠤ ᠦᠭᠡᠢ
     3. ᠱᠠᠯᠢᠭ ᠵᠠᠪᠠᠭ᠍ᠠᠢ᠂ ᠬᠤᠣᠷᠳᠣ ᠡᠳ᠋᠂ ᠳᠡᠯᠪᠡᠷᠡᠬᠦ ᠪᠣᠳᠠᠰ᠎ᠲᠠᠢ ᠬᠤᠯᠪᠣᠭ᠋ᠠᠳᠠᠢ ᠪᠣᠯ ᠳᠠᠮᠵᠢᠭᠤᠯᠬᠤ ᠪᠣᠯᠬᠤ ᠦᠭᠡᠢ
     4. ᠴᠡᠷᠢᠭ᠎ᠤᠨ ᠪᠢᠴᠢᠭ ᠮᠠᠲ᠋ᠧᠷᠢᠶᠠᠯ᠎ᠢ ᠳᠠᠮᠵᠢᠭᠤᠯᠵᠣ ᠪᠣᠯᠬᠤ ᠦᠭᠡᠢ
     5. ᠣᠯᠣᠰ᠎ᠤᠨ ᠨᠢᠭᠤᠴᠠ ᠪᠢᠴᠢᠭ ᠮᠠᠲ᠋ᠧᠷᠢᠶᠠᠯ᠎ᠲᠠᠢ ᠬᠤᠯᠪᠣᠭ᠋ᠠᠳᠠᠢ ᠪᠣᠯ ᠳᠠᠮᠵᠢᠭᠤᠯᠬᠤ ᠦᠭᠡᠢ
     6. ᠪᠣᠰᠣᠳ ᠬᠠᠣᠯᠢ ᠳᠦᠷᠢᠮ᠎ᠠᠴᠠ ᠵᠦᠷᠢᠴᠡᠭᠰᠡᠨ ᠮᠡᠳᠡᠭᠡ ᠵᠡᠩᠭᠢ ᠵᠢ ᠳᠠᠮᠵᠢᠭᠤᠯᠬᠤ ᠦᠭᠡᠢ (ᠠᠷᠠᠳ᠎ᠤᠨ ᠰᠦᠯᠵᠢᠶ᠎ᠡ)



ᠢᠷᠡᠯᠲᠡ᠄ ᠠᠷᠠᠳ᠎ᠤᠨ ᠰᠦᠯᠵᠢᠶ᠎ᠡ
          
ᠬᠠᠮᠢᠶ᠎ᠡ ᠪᠦᠬᠦᠢ ᠰᠣᠨᠢᠨ
ᠲᠠᠷᠢᠶᠠᠨ ᠭᠠᠵᠠᠷ᠎ᠤᠨ ᠬᠠᠯᠬᠠᠪᠴᠢ ᠤᠢ ᠮᠣᠳᠣ ᠵᠢ ᠣᠭᠲᠣᠯᠵᠤ ᠰᠢᠨᠡᠳᠬᠡᠭᠰᠡᠨ ᠲᠤᠬᠠᠶ ᠬᠠᠮᠢᠶᠠᠷᠤᠯᠲᠠ ᠵᠢᠨ ᠠᠷᠭ᠎ᠠ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠤᠷᠭᠤᠮᠠᠯ᠎ᠤᠨ ᠬᠢᠵᠢᠭ᠎ᠤᠨ ᠪᠠᠶ᠋ᠢᠴᠠᠭ᠋ᠠᠯᠲᠠ ᠵᠢᠨ ᠳᠦᠷᠢᠮ᠎ᠢ ᠬᠡᠷᠡᠭᠵᠢᠭᠦᠯᠬᠦ ᠠᠷᠭ᠎ᠠ
ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠨᠠᠮ᠎ᠤᠨ ᠬᠤᠷᠢᠶᠠᠨ᠎ᠤ 《ᠲᠤᠮᠳᠠᠳᠤ ᠤᠯᠤᠰ᠎ᠤᠨ ᠡᠪ ᠬᠠᠮᠳᠤ ᠨᠠᠮ᠎ᠤᠨ ᠨᠠᠮ᠎ᠤᠨ ᠶᠠᠪᠤᠳᠠᠯ᠎ᠢ ᠢᠯᠡ ᠪᠤᠯᠭ᠋ᠠᠬᠤ ᠲᠦᠷᠢᠮ (ᠲᠤᠷᠰᠢᠨ ᠬᠡᠷᠡᠭᠵᠢᠬᠦᠯᠬᠦ)》᠎ᠢ ᠲᠤᠭᠤᠰᠢᠯᠠᠭᠤᠯᠬᠤ ᠲᠤᠬᠠᠢ ᠬᠡᠷᠡᠭᠵᠢᠬᠦᠯᠬᠦ ᠨᠠᠷᠢᠨ ᠲᠦᠷᠢᠮ
ᠲᠦᠷᠦ ᠵᠢᠨ ᠶᠠᠪᠤᠳᠠᠯ᠎ᠤᠨ ᠬᠤᠷᠢᠶ᠎ᠠ 《ᠴᠢᠯᠥᠬᠡᠳᠤ ᠠᠷᠠᠯᠵᠢᠶᠠᠨ᠎ᠤ ᠲᠤᠷᠰᠢᠯᠳᠠ ᠵᠢᠨ ᠤᠷᠤᠨ᠎ᠤ ᠦᠬᠡᠷᠡᠴᠢᠯᠡᠯᠳᠡ ᠰᠢᠨᠡᠴᠢᠯᠡᠯᠳᠡ ᠵᠢ ᠬᠦᠨᠵᠡᠬᠡᠶ᠋ᠢᠷᠡᠬᠦᠯᠬᠦ ᠠᠵᠢᠯ᠎ᠢ ᠲᠡᠮᠵᠢᠬᠦ ᠠᠷᠭ᠎ᠠ ᠬᠡᠮᠵᠢᠶ᠎ᠡ᠎ᠨᠦᠭᠦᠳ᠎ᠤᠨ ᠲᠤᠬᠠᠢ ᠮᠡᠳᠡᠭᠳᠡᠯ》᠎ᠢ ᠲᠠᠷᠤᠮᠠᠯᠯᠠᠨ ᠲᠠᠷᠬᠠᠭ᠋ᠠᠪᠠ
ᠳᠦᠷᠦ ᠵᠢᠨ ᠶᠠᠪᠤᠳᠠᠯ᠎ᠤᠨ ᠬᠤᠷᠢᠶ᠎ᠠ 《ᠤᠳᠤᠬᠠᠨ ᠪᠠ ᠬᠤᠶ᠋ᠢᠰᠢᠳᠡ ᠵᠢᠨ ᠬᠡᠰᠡᠭ ᠬᠤᠭᠤᠴᠠᠭ᠋ᠠᠨ᠎ᠳᠠᠬᠢ ᠠᠵᠢᠯ ᠤᠯᠭᠤᠯᠳᠠ ᠵᠢ ᠠᠬᠢᠭᠤᠯᠬᠤ ᠠᠵᠢᠯ᠎ᠢ ᠰᠠᠶ᠋ᠢᠳᠤᠷ ᠬᠢᠬᠦ ᠳᠤᠬᠠᠢ ᠰᠠᠨᠠᠯ᠎ᠤᠳ》᠎ᠢ ᠳᠠᠷᠤᠮᠠᠯᠯᠠᠨ ᠳᠠᠷᠬᠠᠭ᠋ᠠᠪᠠ
 
             蒙ICP备05000248号