ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠲᠡᠷᠢᠭᠦᠨ ᠬᠠᠭᠤᠳᠠᠰᠤ   -   ᠬᠠᠤᠯᠢ ᠴᠠᠭᠠᠵᠠ ᠳᠦᠷᠢᠮ ᠳᠤᠭᠲᠠᠭᠠᠯ
12 ᠰᠠᠷ᠎ᠠ᠎ᠠᠴᠠ ᠡᠬᠢᠯᠡᠨ ᠭᠡᠷᠡᠭᠵᠢᠬᠦᠯᠦᠭᠰᠡᠨ ᠰᠢᠨ᠎ᠡ ᠬᠠᠤᠯᠢ ᠲᠦᠷᠢᠮ᠎ᠤᠳ
ᠨᠡᠶ᠋ᠢᠲᠡᠯᠡᠭᠰᠡᠨ ᠴᠠᠭ᠄ 2019-01-04

     《ᠱᠠᠯᠢᠬ ᠵᠠᠪᠬᠠᠢ ᠬᠠᠤᠯᠢ ᠪᠤᠰᠤ ᠵᠦᠢ᠍ᠯ》᠎ᠢ ᠢᠯᠡᠴᠢᠯᠡᠨ ᠵᠠᠭ᠋ᠠᠯᠳᠤᠬᠰᠠᠳ᠎ᠢ ᠬᠠᠮᠤᠬ᠎ᠤᠨ ᠦᠨᠳᠦᠷ᠎ᠲᠡᠭᠡᠨ 60 ᠲᠦᠮᠡᠨ ᠲᠦᠭᠦᠷᠢᠭ ᠵᠶ᠋ᠠᠷ ᠱᠠᠩᠨᠠᠨ᠎ᠠ
      ᠪᠦᠬᠦ ᠤᠯᠤᠰ᠎ᠤᠨ 《ᠱᠠᠯᠢᠬ ᠵᠠᠪᠬᠠᠢ ᠬᠠᠤᠯᠢ ᠪᠤᠰᠤ ᠵᠦᠢ᠍ᠯ᠎ᠳᠤ ᠴᠤᠬᠢᠯᠳᠠ ᠦᠭᠬᠦ》 ᠠᠵᠢᠯ᠎ᠤᠨ ᠳᠣᠭᠣᠢ᠌ᠯᠠᠩ᠎ᠤᠨ ᠠᠯᠪᠠᠨ ᠭᠡᠷ᠂ ᠡᠳ᠋᠎ᠤᠨ ᠵᠠᠰᠠᠭ᠎ᠤᠨ ᠶᠠᠮᠤᠨ᠂ ᠤᠯᠤᠰ᠎ᠤᠨ ᠰᠤᠨᠢᠨ ᠮᠡᠳᠡᠭᠡ ᠭᠡᠪᠯᠡᠯ᠎ᠤᠨ ᠵᠠᠬᠢᠷᠭ᠎ᠠ᠂ ᠤᠯᠤᠰ᠎ᠤᠨ ᠭᠡᠪᠯᠡᠯ᠎ᠤᠨ ᠡᠷᠭᠡ ᠵᠢᠨ ᠳᠤᠪᠴᠢᠶ᠎ᠠ ᠬᠠᠮᠳᠤᠷᠠᠨ 《〈ᠱᠠᠯᠢᠬ ᠵᠠᠪᠬᠠᠢ ᠬᠠᠤᠯᠢ ᠪᠤᠰᠤ ᠵᠦᠢ᠍ᠯ᠎ᠳᠤ ᠴᠤᠬᠢᠯᠳᠠ ᠦᠭᠬᠦ〉 ᠠᠵᠢᠯ᠎ᠤᠨ ᠢᠯᠡᠴᠢᠯᠡᠨ ᠵᠠᠭ᠋ᠠᠯᠳᠤᠬᠤ ᠵᠢ ᠱᠠᠩᠨᠠᠨ ᠵᠤᠷᠢᠬ᠍ᠵᠢᠭᠤᠯᠬᠤ ᠠᠷᠭ᠎ᠠ》᠎ᠳᠤ ᠵᠠᠰᠠᠪᠤᠷᠢ ᠤᠷᠤᠭᠤᠯᠤᠨ ᠨᠡᠶ᠋ᠢᠳᠡᠯᠡᠪᠡ᠃ ᠰᠢᠨ᠎ᠡ 《ᠠᠷᠭ᠎ᠠ》᠎ᠨᠢ ᠪᠦᠬᠦ ᠤᠯᠤᠰ᠎ᠤᠨ 《ᠱᠠᠯᠢᠬ ᠵᠠᠪᠬᠠᠢ ᠬᠠᠤᠯᠢ ᠪᠤᠰᠤ ᠵᠦᠢ᠍ᠯ》᠎ᠢ ᠢᠯᠡᠴᠢᠯᠡᠨ ᠵᠠᠭ᠋ᠠᠯᠳᠤᠬᠤ ᠵᠢ ᠱᠠᠩᠨᠠᠨ ᠵᠤᠷᠢᠬ᠍ᠵᠢᠭᠤᠯᠬᠤ ᠬᠦᠷᠢᠶ᠎ᠡ ᠭᠡᠪᠴᠢᠶ᠎ᠡ᠂ ᠪᠠᠷᠢᠮᠵᠢᠶ᠎ᠠ᠂ ᠲᠡᠰ ᠳᠠᠷᠠᠭ᠎ᠠ ᠬᠢᠭᠡᠳ ᠬᠢᠨᠠᠯᠳᠠ ᠳᠠᠯᠪᠢᠬᠤ ᠵᠡᠷᠭᠡ ᠠᠭᠤᠯᠭ᠎ᠠ ᠵᠢ ᠰᠢᠨ᠎ᠡ᠎ᠪᠠᠷ ᠲᠦᠷᠢᠮᠵᠢᠬᠦᠯᠵᠦ᠂ ᠨᠠᠷᠢᠯᠢᠬ᠍ᠵᠢᠭᠤᠯᠤᠨ ᠲᠡᠬᠦᠯᠳᠡᠷᠵᠢᠬᠦᠯᠪᠡ᠃
      ᠰᠢᠨ᠎ᠡ 《ᠠᠷᠭ᠎ᠠ》 ᠵᠢ 12 ᠰᠠᠷ᠎ᠠ ᠵᠢᠨ 1᠎ᠤ ᠡᠳᠦᠷ᠎ᠠᠴᠠ ᠡᠬᠢᠯᠡᠨ ᠭᠡᠷᠡᠭᠵᠢᠬᠦᠯᠪᠡ᠃ ᠰᠢᠨ᠎ᠡ 《ᠠᠷᠭ᠎ᠠ》᠎ᠳᠤ 《ᠱᠠᠯᠢᠬ ᠵᠠᠪᠬᠠᠢ ᠬᠠᠤᠯᠢ ᠪᠤᠰᠤ ᠵᠦᠢ᠍ᠯ》᠎ᠢ ᠢᠯᠡᠴᠢᠯᠡᠨ ᠵᠠᠭ᠋ᠠᠯᠳᠤᠬᠤ ᠵᠢ ᠱᠠᠩᠨᠠᠨ ᠵᠤᠷᠢᠬ᠍ᠵᠢᠭᠤᠯᠬᠤ ᠬᠦᠷᠢᠶ᠎ᠡ ᠭᠡᠪᠴᠢᠶᠡᠨ᠎ᠤ ᠠᠷᠪᠠᠨ ᠵᠢᠷᠭᠤᠭ᠋ᠠᠨ ᠵᠦᠢ᠍ᠯ᠎ᠤᠨ ᠪᠠᠶ᠋ᠢᠳᠠᠯ᠎ᠢ ᠲᠣᠳᠣᠷᠬᠠᠢ᠌ᠯᠠᠨ᠂ ᠰᠦᠯᠵᠢᠶᠡᠨ ᠲᠡᠭᠡᠷ᠎ᠡ ᠳᠤᠤᠷᠠᠬᠢ ᠦᠵᠡᠯ ᠤᠬᠠᠮᠰᠠᠷ᠎ᠤᠨ ᠠᠮᠤᠷ ᠲᠦᠪᠰᠢᠨ᠂ ᠰᠤᠶᠤᠯ᠎ᠤᠨ ᠠᠮᠤᠷ ᠲᠦᠪᠰᠢᠨ᠂ ᠨᠠᠰᠤᠨ᠎ᠳᠤ ᠦᠯᠦ ᠬᠦᠷᠦᠭᠰᠡᠳ᠎ᠤᠨ ᠪᠡᠶ᠎ᠡ ᠰᠡᠳᠬᠢᠯ᠎ᠤᠨ ᠡᠷᠡᠬᠦᠯ ᠮᠡᠨᠳᠦ᠂ ᠰᠤᠨᠢᠨ ᠮᠡᠳᠡᠭᠡ ᠭᠡᠪᠯᠡᠯ᠎ᠤᠨ ᠠᠵᠢᠯ ᠲᠦᠷᠦᠯ᠎ᠤᠨ ᠡᠮᠬᠢ ᠲᠢᠭᠯᠢᠮ᠎ᠢ ᠬᠤᠬᠢᠷᠠᠭᠤᠯᠬᠤ ᠡᠯ᠎ᠡ ᠲᠦᠷᠦᠯ᠎ᠤᠨ 《ᠱᠠᠯᠢᠬ ᠵᠠᠪᠬᠠᠢ ᠬᠠᠤᠯᠢ ᠪᠤᠰᠤ ᠵᠦᠢ᠍ᠯ》᠎ᠤᠨ ᠠᠰᠠᠭᠤᠳᠠᠯ᠎ᠢ ᠬᠠᠮᠤᠷᠪᠠ᠃ ᠡᠬᠦᠨ᠎ᠤ ᠬᠠᠮᠳᠤ᠂ ᠢᠯᠡᠴᠢᠯᠡᠨ ᠵᠠᠭ᠋ᠠᠯᠳᠤᠬᠤ ᠵᠢ ᠱᠠᠩᠨᠠᠨ ᠵᠤᠷᠢᠬ᠍ᠵᠢᠭᠤᠯᠬᠤ ᠨᠦᠬᠦᠴᠡᠯ᠎ᠳᠤ ᠨᠡᠶ᠋ᠢᠴᠡᠬᠦ ᠪᠡ ᠨᠡᠶ᠋ᠢᠴᠡᠬᠦ ᠦᠭᠡᠢ ᠪᠠᠶ᠋ᠢᠳᠠᠯ᠎ᠢ ᠲᠤᠳᠣᠷᠬᠠᠢ᠌ᠯᠠᠪᠠ᠃   ᠰᠢᠨ᠎ᠡ  《ᠠᠷᠭ᠎ᠠ》᠎ᠳᠤ ᠪᠠᠰᠠ ᠢᠯᠡᠴᠢᠯᠡᠨ ᠵᠠᠭ᠋ᠠᠯᠳᠤᠭᠰᠠᠨ ᠭᠠᠪᠢᠶ᠎ᠠ᠎ᠲᠠᠢ ᠬᠦᠮᠦᠰ᠎ᠢ ᠱᠠᠩᠨᠠᠨ ᠵᠤᠷᠢᠬ᠍ᠵᠢᠭᠤᠯᠬᠤ ᠪᠠᠷᠢᠮᠵᠢᠶᠠᠨ᠎ᠤ ᠠᠷᠪᠠᠨ ᠨᠢᠭᠡᠨ ᠵᠦᠢ᠍ᠯ᠎ᠤᠨ ᠪᠠᠶ᠋ᠢᠳᠠᠯ᠎ᠢ ᠨᠠᠷᠢᠨ ᠳᠤᠭᠳᠠᠭ᠋ᠠᠵᠤ᠂ ᠬᠠᠮᠢᠶ᠎ᠠ ᠪᠦᠬᠦᠢ ᠱᠠᠩᠨᠠᠨ ᠵᠤᠷᠢᠬ᠍ᠵᠢᠭᠤᠯᠬᠤ ᠪᠠᠷᠢᠮᠵᠢᠶ᠎ᠠ ᠵᠢ ᠲᠡᠭᠡᠭᠰᠢᠯᠡᠬᠦᠯᠪᠡ᠃ ᠵᠢᠱ᠌ᠢᠶᠡᠯᠡᠪᠡᠯ᠂ ᠬᠠᠤᠯᠢ ᠪᠤᠰᠤ ᠭᠡᠪᠯᠡᠯ᠎ᠤᠨ ᠠᠵᠢᠯᠯᠠᠭ᠎ᠠ ᠵᠢ ᠢᠯᠡᠴᠢᠯᠡᠨ ᠵᠠᠭ᠋ᠠᠯᠳᠤᠭᠰᠠᠳ᠎ᠲᠤ ᠬᠠᠮᠤᠬ᠎ᠤᠨ ᠦᠨᠳᠦᠷ᠎ᠲᠡᠭᠡᠨ 60 ᠲᠦᠮᠡᠨ ᠲᠦᠬᠦᠷᠢ᠊ᠭ ᠵᠶ᠋ᠠᠷ ᠱᠠᠩᠨᠠᠨ᠎ᠠ; ᠨᠠᠰᠤᠨ᠎ᠳᠤ ᠦᠯᠦ ᠬᠦᠷᠦᠭᠰᠡᠳ᠎ᠤᠨ ᠪᠡᠶ᠎ᠡ ᠰᠡᠳᠬᠢᠯ᠎ᠤᠨ ᠡᠷᠡᠬᠦᠯ ᠮᠡᠨᠳᠦ ᠵᠢ ᠬᠤᠬᠢᠷᠠᠭᠤᠯᠤᠭᠰᠠᠨ᠂ ᠨᠡᠶ᠋ᠢᠭᠡᠮ ᠨᠡᠶ᠋ᠢᠳᠡ ᠵᠢᠨ ᠶᠤᠰᠤ ᠰᠤᠷᠳᠠᠬᠤᠨ᠎ᠢ ᠬᠤᠬᠢᠷᠠᠭᠤᠯᠤᠭᠰᠠᠨ ᠰᠦᠯᠵᠢᠶᠡᠨ ᠲᠡᠭᠡᠷᠡᠬᠢ ᠮᠡᠳᠡᠭᠡ ᠵᠠᠩᠬᠢ ᠪᠠ ᠰᠦᠯᠵᠢᠶᠡᠨ᠎ᠤ ᠭᠡᠷᠡᠭᠯᠡᠭᠡᠨ᠎ᠤ ᠵᠦᠭᠡᠯᠡᠨ ᠳᠤᠨᠤᠭ᠎ᠢ ᠢᠯᠡᠴᠢᠯᠡᠨ ᠵᠠᠭ᠋ᠠᠯᠳᠤᠭᠰᠠᠳ᠎ᠲᠤ ᠬᠠᠮᠤᠬ᠎ᠤᠨ ᠦᠨᠳᠦᠷ᠎ᠲᠡᠭᠡᠨ 5 ᠲᠦᠮᠡᠨ ᠲᠦᠬᠦᠷᠢ᠊ᠭ ᠵᠶ᠋ᠠᠷ ᠱᠠᠩᠨᠠᠨ᠎ᠠ ᠬᠡᠵᠣ ᠲᠣᠭᠳᠠᠭ᠋ᠠᠪᠠ᠃
      ᠠᠶᠤᠯ᠎ᠲᠠᠢ ᠪᠤᠳᠠᠰ᠎ᠢ ᠲᠡᠭᠡᠭᠡᠪᠦᠷᠢᠯᠡᠬᠦ ᠲᠦᠷᠢᠮ
      ᠵᠠᠮ ᠬᠠᠷᠢᠯᠴᠠᠭ᠎ᠠ ᠲᠡᠭᠡᠭᠡᠪᠦᠷᠢ ᠵᠢᠨ ᠶᠠᠮᠤᠨ ᠣᠢ᠌ᠷ᠎ᠠ᠎ᠳᠤ 《ᠠᠶᠤᠯᠳᠠᠢ ᠪᠤᠳᠠᠰ᠎ᠢ ᠲᠡᠮᠦᠷ ᠵᠠᠮ ᠵᠶ᠋ᠠᠷ ᠲᠡᠭᠡᠭᠡᠪᠦᠷᠢᠯᠡᠬᠦ ᠲᠦᠷᠢᠮ》᠎ᠢ ᠨᠡᠶ᠋ᠢᠳᠡᠯᠡᠪᠠ᠃ ᠳᠤᠰ ᠲᠦᠷᠢᠮ᠎ᠢ 2018 ᠤᠨ᠎ᠤ 12 ᠰᠠᠷ᠎ᠠ ᠵᠢᠨ 1᠎ᠤ ᠡᠳᠦᠷ᠎ᠠᠴᠠ ᠡᠬᠢᠯᠡᠨ ᠭᠡᠷᠡᠭᠵᠢᠬᠦᠯᠪᠡ᠃ 2018 ᠤᠨ᠎ᠤ ᠰᠢᠨ᠎ᠡ 《ᠲᠦᠷᠢᠮ》᠎ᠢ 2004 ᠤᠨ᠎ᠤ᠎ᠬᠢ᠎ᠲᠠᠢ ᠬᠠᠷᠢᠴᠠᠭᠤᠯᠪᠠᠯ ᠠᠮᠤᠷ ᠲᠦᠪᠰᠢᠨ᠎ᠤ ᠬᠠᠮᠢᠶᠠᠷᠤᠯᠳᠠ ᠵᠢᠨ ᠳᠠᠯ᠎ᠠ᠎ᠪᠠᠷ ᠨᠡᠩ ᠪᠠᠷᠢᠮᠵᠢᠶᠠᠵᠢᠭᠤᠯᠵᠤ᠂ ᠲᠦᠷᠢᠮᠵᠢᠬᠦᠯᠵᠦ᠂ ᠰᠢᠰᠲ᠋ᠧᠮᠵᠢᠬᠦᠯᠵᠡᠢ᠃ ᠰᠢᠨ᠎ᠡ 《ᠲᠦᠷᠢᠮ》᠎ᠨᠢ ᠠᠶᠤᠯ᠎ᠲᠠᠢ ᠪᠤᠳᠠᠰ᠎ᠤᠨ ᠡᠩ᠎ᠤᠨ ᠱᠠᠭ᠋ᠠᠷᠳᠠᠯᠭ᠎ᠠ᠂ ᠲᠡᠭᠡᠭᠡᠪᠦᠷᠢᠯᠡᠬᠦ᠎ᠳᠤ ᠭᠡᠯᠳᠦᠷᠢᠬᠦᠯᠬᠦ᠂ ᠤᠯᠠᠨ ᠵᠠᠬ᠍ᠪᠤᠷ ᠵᠶ᠋ᠠᠷ ᠬᠤᠯᠪᠤᠭ᠋ᠠᠯᠠᠨ ᠲᠡᠭᠡᠭᠡᠪᠦᠷᠢᠯᠡᠬᠦ᠂ ᠠᠵᠢᠯᠳᠠᠨ᠎ᠢ ᠪᠤᠯᠪᠠᠰᠤᠷᠠᠭᠤᠯᠬᠤ᠂ ᠠᠶᠤᠯ᠎ᠲᠠᠢ ᠪᠤᠳᠠᠰ᠎ᠢ ᠲᠦᠷᠦᠯ ᠬᠤᠪᠢᠶᠠᠬᠤ᠂ ᠪᠠᠭᠯᠠᠬᠤ᠂ ᠱᠤᠰᠢᠭ᠎ᠠ ᠨᠠᠭ᠋ᠠᠬᠤ᠂ ᠨᠠᠶ᠋ᠢᠳᠠᠨ ᠲᠡᠭᠡᠭᠡᠪᠦᠷᠢᠯᠡᠬᠦᠯᠬᠦ ᠲᠡᠰ ᠳᠠᠷᠠᠭ᠎ᠠ᠂ ᠲᠡᠭᠡᠭᠡᠪᠦᠷᠢᠯᠡᠬᠦ ᠱᠠᠭ᠋ᠠᠷᠳᠠᠯᠭ᠎ᠠ᠂ ᠲᠡᠭᠡᠭᠡᠵᠦ ᠪᠠᠭᠤᠯᠭ᠋ᠠᠬᠤ ᠱᠠᠭ᠋ᠠᠷᠳᠠᠯᠭ᠎ᠠ᠂ ᠵᠠᠳᠠᠭ᠋ᠠᠢ ᠪᠠ ᠰᠠᠪᠠᠯᠠᠨ ᠲᠡᠭᠡᠭᠡᠪᠦᠷᠢᠯᠡᠵᠦ ᠪᠠᠭᠤᠯᠭ᠋ᠠᠬᠤ ᠨᠦᠬᠦᠴᠡᠯ ᠵᠢᠴᠢ ᠠᠵᠢᠯ᠎ᠤᠨ ᠱᠠᠭ᠋ᠠᠷᠳᠠᠯᠭ᠎ᠠ ᠬᠦᠷᠲᠡᠯ᠎ᠡ ᠳᠤᠳᠤᠷᠬᠠᠢ ᠳᠤᠭᠳᠠᠭ᠋ᠠᠯ ᠳᠤᠭᠳᠠᠭ᠋ᠠᠪᠠ᠃ 《ᠲᠦᠷᠢᠮ》᠎ᠳᠤ ᠠᠶᠤᠯ᠎ᠲᠠᠢ ᠪᠤᠳᠠᠰ᠎ᠢ ᠲᠡᠭᠡᠭᠡᠪᠦᠷᠢᠯᠡᠬᠦ ᠨᠦᠬᠦᠴᠡᠯ᠎ᠠᠴᠠ ᠭᠡᠯᠳᠦᠷᠢᠬᠦᠯᠬᠦ᠂ ᠤᠯᠠᠨ ᠤᠯᠤᠰ᠎ᠤᠨ ᠤᠯᠠᠨ ᠵᠠᠬ᠍ᠪᠤᠷ ᠵᠶ᠋ᠠᠷ ᠬᠤᠯᠪᠤᠭ᠋ᠠᠯᠠᠨ ᠲᠡᠭᠡᠭᠡᠪᠦᠷᠢᠯᠡᠬᠦ᠎ᠲᠠᠢ ᠬᠤᠯᠪᠤᠭ᠎ᠠ᠎ᠲᠠᠢ ᠱᠠᠭ᠋ᠠᠷᠳᠠᠯᠭ᠎ᠠ ᠵᠢ ᠨᠡᠮᠡᠵᠦ᠂ ᠠᠵᠢᠯᠳᠠᠨ᠎ᠢ ᠪᠤᠯᠪᠠᠰᠤᠷᠠᠭᠤᠯᠬᠤ ᠱᠠᠭ᠋ᠠᠷᠳᠠᠯᠭ᠎ᠠ ᠵᠢ ᠲᠡᠬᠦᠯᠳᠡᠷᠵᠢᠬᠦᠯᠦᠨ᠂ ᠡᠯ᠎ᠡ ᠤᠷᠤᠯᠴᠠᠭᠴᠢ ᠵᠢᠨ ᠡᠬᠦᠷᠭᠡ ᠬᠠᠷᠢᠭᠤᠴᠠᠯᠭ᠎ᠠ ᠵᠢ ᠨᠠᠷᠢᠯᠢᠬ᠍ᠵᠢᠭᠤᠯᠪᠠ᠃
      ᠤᠯᠠᠨ ᠤᠯᠤᠰ᠎ᠤᠨ ᠤᠯᠠᠨ ᠵᠠᠬ᠍ᠪᠤᠷ ᠵᠶ᠋ᠠᠷ ᠬᠤᠯᠪᠤᠭ᠋ᠠᠯᠠᠨ ᠲᠡᠭᠡᠭᠡᠪᠦᠷᠢᠯᠡᠬᠦ ᠳᠠᠯ᠎ᠠ᠎ᠪᠠᠷ᠂ ᠭᠡᠷᠪᠡ ᠲᠡᠭᠡᠭᠡᠪᠦᠷᠢᠯᠡᠬᠦ ᠠᠶᠤᠯ᠎ᠲᠠᠢ ᠪᠤᠳᠠᠰ᠎ᠤᠨ ᠪᠤᠭᠤᠯᠳᠠ᠂ ᠴᠢᠩᠭᠡᠯᠢ᠊ᠭ᠂ ᠬᠤᠷᠭᠤ ᠮᠠᠶᠢᠭ᠎ᠤᠨ ᠴᠢᠩᠭᠡᠯᠢᠭ᠎ᠨᠢ 《ᠤᠯᠠᠨ ᠤᠯᠤᠰ᠎ᠤᠨ ᠠᠶᠤᠯ᠎ᠲᠠᠢ ᠪᠤᠳᠠᠰ᠎ᠢ ᠳᠠᠯᠠᠢ᠎ᠪᠠᠷ ᠲᠡᠭᠡᠭᠡᠪᠦᠷᠢᠯᠡᠬᠦ ᠲᠦᠷᠢᠮ》 ᠪᠤᠶᠤ 《ᠠᠶᠤᠯ᠎ᠲᠠᠢ ᠪᠤᠳᠠᠰ᠎ᠢ ᠠᠭ᠋ᠠᠷ ᠵᠶ᠋ᠠᠷ ᠲᠡᠭᠡᠭᠡᠪᠦᠷᠢᠯᠡᠬᠦ ᠠᠶᠤᠯᠬᠦᠢ ᠵᠢᠨ ᠮᠡᠷᠭᠡᠵᠢᠯ᠎ᠤᠨ ᠲᠦᠷᠢᠮ》 ᠵᠡᠷᠭᠡ ᠤᠯᠠᠨ ᠤᠯᠤᠰ᠎ᠤᠨ ᠱᠠᠭ᠋ᠠᠷᠳᠠᠯᠭ᠎ᠠ᠎ᠳᠤ ᠨᠡᠶ᠋ᠢᠴᠡᠪᠠᠯ᠂ ᠤᠯᠠᠨ ᠤᠯᠤᠰ᠎ᠤᠨ ᠳᠠᠯᠠᠢ ᠪᠠ ᠠᠭ᠋ᠠᠷ ᠵᠶ᠋ᠠᠷ ᠲᠡᠭᠡᠭᠡᠪᠦᠷᠢᠯᠡᠬᠦ ᠱᠠᠭ᠋ᠠᠷᠳᠠᠯᠭ᠎ᠠ ᠶᠤᠰᠤ᠎ᠪᠠᠷ ᠵᠠᠰᠠᠮᠠᠯ ᠵᠠᠮ ᠵᠶ᠋ᠠᠷ ᠲᠡᠭᠡᠭᠡᠪᠦᠷᠢᠯᠡᠵᠦ᠂ ᠲᠡᠷᠭᠡ ᠤᠨᠤᠭ᠎ᠠ᠎ᠨᠢ 《ᠲᠦᠷᠢᠮ》᠎ᠤᠨ ᠱᠠᠭ᠋ᠠᠷᠳᠠᠯᠭ᠎ᠠ ᠶᠤᠰᠤ᠎ᠪᠠᠷ ᠪᠠᠮᠪᠠᠢ   ᠭᠡᠯᠪᠡᠷᠢ ᠵᠢᠨ ᠫᠠᠶ᠋ᠢᠰᠠ ᠡᠯᠬᠦᠬᠦ ᠭᠡᠷᠡᠭᠳᠡᠢ᠃ ᠵᠠᠰᠠᠮᠠᠯ ᠵᠠᠮ ᠵᠶ᠋ᠠᠷ ᠲᠡᠭᠡᠭᠡᠪᠦᠷᠢᠯᠡᠬᠦ᠎ᠠᠴᠠ᠎ᠪᠠᠨ ᠳᠠᠯᠠᠢ ᠪᠠ ᠠᠭ᠋ᠠᠷ ᠵᠶ᠋ᠠᠷ ᠲᠡᠭᠡᠭᠡᠪᠦᠷᠢᠯᠡᠬᠦ ᠪᠤᠯᠬᠤ ᠦᠶᠡᠰ᠂ ᠲᠡᠭᠡᠭᠡᠪᠦᠷᠢᠯᠡᠬᠦ ᠪᠢᠴᠢᠭ ᠮᠠᠲ᠋ᠧᠷᠢᠶᠠᠯ᠎ᠢ ᠤᠯᠠᠨ ᠤᠯᠤᠰ᠎ᠤᠨ ᠳᠠᠯᠠᠢ ᠪᠤᠶᠤ ᠠᠭ᠋ᠠᠷ ᠵᠶ᠋ᠠᠷ ᠲᠡᠭᠡᠭᠡᠪᠦᠷᠢᠯᠡᠬᠦ ᠱᠠᠭ᠋ᠠᠷᠳᠠᠯᠭ᠎ᠠ᠎ᠳᠤ ᠨᠡᠶ᠋ᠢᠴᠡᠬᠦ ᠪᠢᠴᠢᠭ ᠮᠠᠲ᠋ᠧᠷᠢᠶᠠᠯ ᠪᠤᠶᠤ ᠮᠡᠳᠡᠭᠡ ᠵᠠᠩᠬᠢ᠎ᠪᠠᠷ ᠤᠷᠤᠯᠠᠭᠤᠯᠵᠤ ᠪᠤᠯᠤᠨ᠎ᠠ᠃
      ᠠᠵᠢᠯᠳᠠᠨ᠎ᠢ ᠪᠤᠯᠪᠠᠰᠤᠷᠠᠭᠤᠯᠬᠤ ᠳᠠᠯ᠎ᠠ᠎ᠪᠠᠷ᠂ ᠰᠢᠨ᠎ᠡ 《ᠲᠦᠷᠢᠮ》᠎ᠳᠤ ᠠᠶᠤᠯ᠎ᠲᠠᠢ ᠪᠤᠳᠠᠰ᠎ᠢ ᠵᠠᠰᠠᠮᠠᠯ ᠵᠠᠮ ᠵᠶ᠋ᠠᠷ ᠲᠡᠭᠡᠭᠡᠪᠦᠷᠢᠯᠡᠬᠦ ᠠᠵᠢᠯᠳᠠᠨ᠎ᠢ ᠪᠤᠯᠪᠠᠰᠤᠷᠠᠭᠤᠯᠬᠤ ᠱᠠᠭ᠋ᠠᠷᠳᠠᠯᠭ᠎ᠠ᠎ᠳᠤ ᠵᠠᠰᠠᠪᠤᠷᠢ ᠤᠷᠤᠭᠤᠯᠤᠭᠰᠠᠨ᠎ᠤ ᠬᠠᠮᠳᠤ ᠪᠠᠰᠠ ᠨᠠᠶ᠋ᠢᠳᠠᠨ ᠲᠡᠭᠡᠭᠡᠪᠦᠷᠢᠯᠡᠬᠦᠯᠬᠦ ᠬᠦᠮᠦᠨ᠂ ᠪᠤᠳᠠᠰ ᠬᠤᠷᠢᠶᠠᠠ ᠠᠪᠬᠤ ᠬᠦᠮᠦᠨ᠂ ᠲᠡᠭᠡᠭᠡᠬᠦ ᠬᠦᠮᠦᠨ ᠵᠡᠷᠭᠡ ᠤᠷᠤᠯᠴᠠᠭᠴᠢ ᠵᠢᠨ ᠠᠶᠤᠯ᠎ᠲᠠᠢ ᠪᠤᠳᠠᠰ᠎ᠢ ᠲᠡᠭᠡᠭᠡᠪᠦᠷᠢᠯᠡᠬᠦ ᠠᠵᠢᠯᠳᠠᠨ᠎ᠢ ᠪᠤᠯᠪᠠᠰᠤᠷᠠᠭᠤᠯᠬᠤ ᠠᠭᠤᠯᠭ᠎ᠠ ᠵᠢᠴᠢ ᠪᠤᠯᠪᠠᠰᠤᠷᠠᠯ᠎ᠤᠨ ᠲᠡᠮᠳᠡᠭᠯᠡᠯ ᠬᠢᠬᠦ ᠱᠠᠭ᠋ᠠᠷᠳᠠᠯᠭ᠎ᠠ ᠵᠢ ᠨᠡᠮᠡᠵᠦ᠂ ᠠᠶᠤᠯ᠎ᠲᠠᠢ ᠪᠤᠳᠠᠰ᠎ᠢ ᠦᠢ᠍ᠯᠡᠳᠪᠦᠷᠢᠯᠡᠬᠦ ᠨᠢᠭᠡᠴᠢ᠂ ᠲᠡᠭᠡᠭᠡᠪᠦᠷᠢᠯᠡᠬᠦ ᠨᠢᠭᠡᠴᠢ ᠵᠡᠷᠭᠡ ᠤᠷᠤᠯᠴᠠᠭᠴᠢ ᠳᠤᠰ ᠪᠡᠶ᠎ᠡ ᠵᠢᠨ ᠤᠷᠤᠯᠴᠠᠭᠰᠠᠨ ᠲᠡᠭᠡᠭᠡᠪᠦᠷᠢ ᠵᠢᠨ ᠭᠤᠭᠴᠤᠭ᠋ᠠᠨ᠎ᠤ ᠪᠤᠳᠠᠳᠠᠢ ᠠᠵᠢᠯ᠎ᠢ ᠪᠡᠶᠡᠯᠡᠬᠦᠯᠦᠭᠰᠡᠨ ᠬᠢᠭᠡᠳ ᠲᠡᠬᠦᠨ᠎ᠲᠠᠢ ᠵᠤᠬᠢᠴᠠᠬᠤ ᠪᠤᠯᠪᠠᠰᠤᠷᠠᠯ᠎ᠤᠨ ᠠᠭᠤᠯᠭ᠎ᠠ᠎ᠪᠠᠨ ᠦᠨᠳᠦᠰᠦᠯᠡᠨ᠂ ᠠᠶᠤᠯ᠎ᠲᠠᠢ ᠪᠤᠳᠠᠰ᠎ᠢ ᠠᠮᠤᠷ ᠳᠦᠪᠰᠢᠨ ᠵᠶ᠋ᠠᠷ ᠲᠡᠭᠡᠭᠡᠪᠦᠷᠢᠯᠡᠬᠦ ᠵᠢ ᠪᠠᠳᠤᠯᠠᠨ᠂ ᠡᠬᠦᠨ᠎ᠤ ᠤᠯᠠᠮ᠎ᠠᠴᠠ ᠬᠠᠤᠯᠢ ᠲᠦᠷᠢᠮ ᠪᠠᠷᠢᠮᠵᠢᠶ᠎ᠠ ᠵᠢ ᠴᠢᠩᠭ᠎ᠠ ᠬᠡᠷᠡᠭᠵᠢᠬᠦᠯᠣᠨ᠎ᠠ᠃
      ᠪᠦᠬᠦ ᠤᠯᠤᠰ᠎ᠤᠨ ᠲᠡᠮᠦᠷ ᠵᠠᠮ᠎ᠤᠨ ᠠᠶᠠᠨᠴᠢᠨ᠎ᠤ ᠲᠡᠭᠡᠭᠡᠪᠦᠷᠢ 《ᠴᠡᠷᠢᠭ᠎ᠤᠨ ᠬᠠᠤᠯᠢ ᠶᠤᠰᠤ᠎ᠪᠠᠷ ᠤᠷᠢᠳ ᠵᠶ᠋ᠠᠷ ᠶᠠᠪᠤᠬᠤ》 ᠵᠢ ᠪᠠᠳᠤᠯᠠᠨ᠎ᠠ
      ᠵᠠᠮ ᠬᠠᠷᠢᠯᠴᠠᠭ᠎ᠠ ᠲᠡᠭᠡᠭᠡᠪᠦᠷᠢ ᠵᠢᠨ ᠶᠠᠮᠤᠨ᠂ ᠲᠦᠪ᠎ᠤᠨ ᠴᠡᠷᠢᠭ᠎ᠤᠨ ᠶᠠᠪᠤᠳᠠᠯ᠎ᠤᠨ ᠬᠤᠷᠢᠶᠠᠨ᠎ᠤ ᠠᠷᠤ ᠳᠠᠯ᠎ᠠ ᠵᠢᠨ ᠠᠵᠢᠯ᠎ᠤᠨ ᠪᠠᠳᠤᠯᠠᠭ᠋ᠠᠨ᠎ᠤ ᠬᠡᠯᠳᠠᠰ ᠬᠠᠮᠳᠤᠷᠠᠨ 《ᠲᠡᠮᠦᠷ ᠵᠠᠮ᠎ᠤᠨ ᠠᠶᠠᠨᠴᠢᠨ᠎ᠤ ᠲᠡᠭᠡᠭᠡᠪᠦᠷᠢ ᠵᠢᠨ ᠬᠦᠷᠢᠶᠡᠨ᠎ᠳᠤ ᠴᠡᠷᠢᠭ᠎ᠤᠨ ᠬᠠᠤᠯᠢ ᠶᠤᠰᠤ᠎ᠪᠠᠷ ᠤᠷᠢᠳ ᠵᠶ᠋ᠠᠷ ᠶᠠᠪᠤᠬᠤ ᠡᠷᠭᠡ ᠠᠰᠢᠬ᠎ᠢ ᠪᠠᠳᠤᠯᠠᠬᠤ ᠳᠤᠬᠠᠢ ᠬᠠᠮᠢᠶ᠎ᠠ ᠪᠦᠬᠦᠢ ᠶᠠᠪᠤᠳᠠᠯ᠎ᠤᠨ ᠮᠡᠳᠡᠭᠳᠡᠯ》᠎ᠢ ᠳᠠᠷᠤᠮᠠᠯᠯᠠᠨ ᠳᠠᠷᠬᠠᠭ᠋ᠠᠵᠤ᠂ ᠪᠠᠳᠤᠯᠠᠭ᠋ᠠᠨ᠎ᠤ ᠡᠳᠡᠬᠡᠳ᠂ ᠪᠠᠳᠤᠯᠠᠭ᠋ᠠᠨ᠎ᠤ ᠠᠷᠭ᠎ᠠ ᠭᠡᠮᠵᠢᠶ᠎ᠡ ᠪᠠ ᠠᠵᠢᠯ᠎ᠤᠨ ᠱᠠᠭ᠋ᠠᠷᠳᠠᠯᠭ᠎ᠠ᠎ᠳᠤ ᠴᠦᠮ ᠳᠤᠳᠤᠷᠬᠠᠢ ᠳᠤᠭᠳᠠᠭ᠋ᠠᠯ ᠭᠠᠷᠭ᠋ᠠᠪᠠ᠂ ᠳᠤᠰ 《ᠮᠡᠳᠡᠭᠳᠡᠯ》᠎ᠢ 2018 ᠤᠨ᠎ᠤ 12 ᠰᠠᠷ᠎ᠠ ᠵᠢᠨ 1᠎ᠤ ᠡᠳᠦᠷ᠎ᠠᠴᠠ ᠡᠬᠢᠯᠡᠨ ᠭᠡᠷᠡᠭᠵᠢᠬᠦᠯᠵᠦ᠂ 5 ᠵᠢᠯ ᠬᠦᠴᠦᠨ᠎ᠲᠠᠢ ᠭᠡᠵᠦ ᠮᠡᠳᠡᠭᠳᠡᠪᠡ᠃
     《ᠮᠡᠳᠡᠭᠳᠡᠯ》᠎ᠤᠨ ᠭᠤᠤᠯ ᠠᠭᠤᠯᠭ᠎ᠠ᠄ (ᠨᠢᠭᠡ) ᠤᠷᠢᠳ ᠵᠶ᠋ᠠᠷ ᠪᠢᠯᠧᠲ ᠬᠤᠳᠠᠯᠳᠤᠨ ᠦᠭᠴᠦ᠂ ᠤᠷᠢᠳ ᠵᠶ᠋ᠠᠷ ᠠᠶᠤᠯᠬᠦᠢ ᠵᠢᠨ ᠪᠠᠶ᠋ᠢᠴᠠᠭ᠋ᠠᠯᠳᠠ ᠬᠢᠵᠦ᠂ ᠤᠷᠢᠳ ᠵᠶ᠋ᠠᠷ ᠲᠡᠷᠭᠡᠨ᠎ᠳᠤ ᠭᠠᠷᠭ᠋ᠠᠨ᠎ᠠ᠃ ᠪᠢᠯᠧᠲ ᠬᠤᠳᠠᠯᠳᠤᠬᠤ ᠴᠤᠩᠬᠤ ᠭᠠᠷᠭ᠋ᠠᠭᠰᠠᠨ ᠠᠶᠠᠨᠴᠢᠨ᠎ᠤ ᠮᠠᠰᠢᠨ ᠲᠡᠷᠭᠡᠨ᠎ᠤ ᠦᠷᠲᠡᠭᠡ ᠵᠢᠨ᠎ᠬᠢᠨ ᠴᠡᠷᠢᠭ᠎ᠲᠤ ᠤᠷᠢᠳ ᠵᠶ᠋ᠠᠷ ᠪᠢᠯᠧᠲ ᠬᠤᠳᠠᠯᠳᠤᠬᠤ ᠴᠤᠩᠬᠤ ᠭᠠᠷᠭ᠋ᠠᠬᠤ ᠭᠡᠷᠡᠭᠳᠡᠢ᠃ ᠠᠶᠠᠨᠴᠢᠨ᠎ᠤ ᠮᠠᠰᠢᠨ ᠲᠡᠷᠭᠡᠨ ᠦᠷᠲᠡᠭᠡ ᠵᠢᠨ᠎ᠬᠢᠨ ᠬᠦᠴᠦᠨ᠎ᠲᠠᠢ ᠭᠡᠷᠡᠴᠢ ᠦᠨᠡᠮᠯᠡᠯ ᠠᠪᠴᠤ ᠶᠠᠪᠤᠭ᠎ᠠ ᠴᠡᠷᠢᠭ ᠵᠢᠴᠢ ᠲᠡᠬᠦᠨ᠎ᠤ ᠬᠠᠮᠳᠤ ᠶᠠᠪᠤᠭ᠎ᠠ ᠭᠡᠷ ᠪᠦᠯᠢ᠎ᠳᠤ ᠤᠷᠢᠳ ᠵᠶ᠋ᠠᠷ ᠪᠢᠯᠧᠲ ᠬᠤᠳᠠᠯᠳᠤᠨ ᠦᠭᠴᠣ᠂ ᠤᠷᠢᠳ ᠵᠶ᠋ᠠᠷ ᠠᠶᠤᠯᠬᠦᠢ ᠵᠢᠨ ᠪᠠᠶ᠋ᠢᠴᠠᠭ᠋ᠠᠯᠳᠠ ᠬᠢᠵᠦ᠂ ᠤᠷᠢᠳ ᠵᠶ᠋ᠠᠷ ᠲᠡᠷᠭᠡᠨ᠎ᠳᠤ ᠭᠠᠷᠭ᠋ᠠᠬᠤ ᠵᠢᠨ ᠬᠠᠮᠳᠤ ᠴᠡᠷᠢᠭ᠎ᠢ ᠤᠷᠢᠳ ᠵᠶ᠋ᠠᠷ ᠬᠠᠷᠠᠭ᠋ᠠᠯᠵᠠᠬᠤ ᠪᠢᠯᠧᠲ ᠬᠤᠳᠠᠯᠳᠤᠬᠤ ᠴᠤᠩᠬᠤ ᠪᠠ ᠠᠶᠤᠯᠬᠦᠢ ᠵᠢᠨ ᠪᠠᠶ᠋ᠢᠴᠠᠭ᠋ᠠᠯᠳᠠ ᠵᠢᠨ ᠡᠬᠦᠳᠡᠨ᠎ᠤ ᠢᠯᠡ ᠪᠠᠶ᠋ᠢᠷᠢᠨ᠎ᠳᠤ 《ᠴᠡᠷᠢᠭ᠎ᠢ ᠬᠠᠤᠯᠢ ᠶᠤᠰᠤ᠎ᠪᠠᠷ ᠤᠷᠢᠳ ᠵᠶ᠋ᠠᠷ ᠬᠠᠷᠠᠭ᠋ᠠᠯᠵᠠᠨ᠎ᠠ》 ᠭᠡᠬᠦ ᠫᠠᠶ᠋ᠢᠰᠠ ᠢᠯᠡᠷᠭᠡᠶ᠋ᠢᠯᠡᠯ ᠳᠠᠯᠪᠢᠵᠤ᠂ ᠦᠢ᠍ᠯᠡᠴᠢᠯᠡᠭᠴᠢᠳ ᠢᠳᠡᠪᠬᠢᠳᠡᠢ ᠰᠠᠨᠠᠭ᠋ᠠᠴᠢᠯᠠᠭ᠎ᠠ᠎ᠠᠴᠠ᠎ᠪᠠᠨ ᠳᠠᠭ᠋ᠠᠭᠤᠯᠬᠤ ᠠᠵᠢᠯ᠎ᠢ ᠰᠠᠶ᠋ᠢᠳᠤᠷ ᠬᠢᠬᠦ ᠬᠡᠷᠡᠭᠳᠠᠢ᠃ (ᠬᠤᠶᠠᠷ) ᠲᠡᠷᠭᠡ ᠬᠦᠯᠢᠶᠡᠬᠦ ᠤᠷᠴᠢᠨ ᠳᠤᠭᠤᠷᠢᠨ ᠵᠶ᠋ᠠᠨ ᠰᠢᠯᠢᠳᠡᠭᠵᠢᠬᠦᠯᠬᠦ ᠭᠡᠷᠡᠭᠳᠡᠢ᠃ ᠬᠤᠶᠠᠳᠤᠭ᠋ᠠᠷ ᠲᠡᠰ ᠪᠠ ᠡᠬᠦᠨ᠎ᠠᠴᠠ ᠲᠡᠭᠡᠭᠰᠢᠬᠢ ᠳᠠᠰ᠎ᠤᠨ ᠠᠶᠠᠨᠴᠢᠨ᠎ᠤ ᠮᠠᠰᠢᠨ ᠲᠡᠷᠭᠡᠨ ᠦᠷᠲᠡᠭᠡ ᠭᠤᠤᠯᠳᠠᠯᠭ᠎ᠠ᠎ᠲᠠᠢ ᠠᠶᠠᠨᠴᠢᠨ᠎ᠤ ᠲᠡᠷᠭᠡ ᠬᠦᠯᠢᠶᠡᠬᠦ ᠭᠡᠷ  (ᠳᠤᠭᠤᠷᠢᠭ)᠎ᠲᠡᠭᠡᠨ ᠴᠡᠷᠢᠭ᠎ᠲᠤ ᠲᠡᠷᠭᠡ ᠬᠦᠯᠢᠶᠡᠬᠦ ᠦᠢ᠍ᠯᠡᠴᠢᠯᠡᠭᠡ ᠬᠠᠩᠭ᠋ᠠᠵᠤ᠂ ᠨᠦᠬᠦᠴᠡᠯ᠎ᠲᠠᠢ᠎ᠨᠢ ᠴᠡᠷᠢᠭ᠎ᠤᠨ ᠲᠡᠷᠭᠡ ᠬᠦᠯᠢᠶᠡᠬᠦ ᠳᠠᠯᠠᠪᠤᠷ᠎ᠢ ᠠᠰ᠎ᠲᠤᠨᠢ ᠳᠤᠬᠢᠷᠠᠭᠤᠯᠬᠤ ᠭᠡᠷᠡᠭᠳᠡᠢ᠃ ᠪᠤᠰᠤᠳ ᠠᠶᠠᠨᠴᠢᠨ᠎ᠤ ᠮᠠᠰᠢᠨ ᠲᠡᠷᠭᠡᠨ ᠦᠷᠲᠡᠭᠡ ᠳᠤᠰ ᠪᠡᠶ᠎ᠡ ᠵᠢᠨ ᠨᠦᠬᠦᠴᠡᠯ ᠵᠶ᠋ᠠᠨ ᠦᠨᠳᠦᠰᠦᠯᠡᠨ ᠴᠡᠷᠢᠭ᠎ᠲᠤ ᠲᠡᠷᠭᠡ ᠬᠦᠯᠢᠶᠡᠬᠦ ᠳᠠᠭ᠋ᠠᠯᠠᠮᠵᠢᠳᠠᠢ ᠦᠢ᠍ᠯᠡᠴᠢᠯᠡᠭᠡ ᠬᠠᠩᠭ᠋ᠠᠬᠤ ᠵᠢ ᠵᠤᠷᠢᠬ᠍ᠵᠢᠭᠤᠯᠤᠨ᠎ᠠ᠃ ᠴᠡᠷᠢᠭ᠎ᠤᠨ ᠲᠡᠷᠭᠡ ᠬᠦᠯᠢᠶᠡᠬᠦ ᠳᠠᠯᠠᠪᠤᠷ᠎ᠲᠤ ᠢᠯᠡ ᠫᠠᠶ᠋ᠢᠰᠠ ᠢᠯᠡᠷᠭᠡᠶ᠋ᠢᠯᠡᠯ ᠳᠠᠯᠪᠢᠬᠤ ᠵᠢᠨ ᠬᠠᠮᠳᠤ ᠠᠶᠠᠨᠴᠢᠨ᠎ᠤ ᠮᠠᠰᠢᠨ ᠲᠡᠷᠭᠡᠨ ᠦᠷᠲᠡᠭᠡᠨ᠎ᠤ ᠳᠤᠳᠤᠷ᠎ᠠ᠎ᠪᠠᠨ ᠵᠢᠭ᠋ᠠᠯᠳᠠ ᠲᠡᠮᠳᠡᠭ ᠳᠠᠯᠪᠢᠬᠤ ᠭᠡᠷᠡᠭᠳᠡᠢ᠃ (ᠭᠤᠷᠪᠠ) ᠲᠦᠬᠦᠮ ᠦᠢ᠍ᠯᠡᠴᠢᠯᠡᠭᠡ ᠬᠠᠩᠭ᠋ᠠᠬᠤ ᠠᠷᠭ᠎ᠠ ᠪᠠᠷᠢᠯ ᠵᠶ᠋ᠠᠨ ᠪᠤᠳᠠᠳᠠᠶ᠋ᠢᠵᠢᠭᠤᠯᠬᠤ ᠭᠡᠷᠡᠭᠳᠡᠢ᠃ ᠠᠶᠠᠨᠴᠢᠨ᠎ᠤ ᠮᠠᠰᠢᠨ ᠲᠡᠷᠭᠡᠨ ᠦᠷᠲᠡᠭᠡ ᠪᠠ ᠲᠡᠮᠦᠷ ᠵᠠᠮ᠎ᠤᠨ ᠠᠶᠠᠨᠴᠢᠨ᠎ᠤ ᠲᠡᠭᠡᠭᠡᠪᠦᠷᠢ ᠡᠵᠡᠩᠨᠡᠭᠰᠡᠳ ᠪᠢᠯᠧᠲ ᠬᠤᠳᠠᠯᠳᠤᠬᠤ᠂ ᠠᠶᠤᠯᠬᠦᠢ ᠵᠢᠨ ᠪᠠᠶ᠋ᠢᠴᠠᠭ᠋ᠠᠯᠳᠠ ᠬᠢᠬᠦ᠂ ᠲᠡᠷᠭᠡ ᠬᠦᠯᠢᠶᠡᠬᠦ᠂ ᠲᠡᠷᠭᠡᠨ᠎ᠳᠤ ᠭᠠᠷᠬᠤ ᠵᠡᠷᠭᠡ ᠡᠯ᠎ᠡ ᠭᠤᠭᠴᠤᠭ᠋ᠠᠨ᠎ᠳᠤ ᠬᠦᠳᠡᠯᠵᠦ ᠪᠠᠷᠢᠬᠤ᠎ᠨᠢ ᠲᠦᠬᠦᠮ ᠦᠭᠡᠢ ᠵᠡᠮᠳᠡᠭ ᠴᠡᠷᠢᠭ᠎ᠲᠤ ᠰᠠᠨᠠᠭ᠋ᠠᠴᠢᠯᠠᠭ᠎ᠠ᠎ᠠᠴᠠ᠎ᠪᠠᠨ ᠬᠠᠯᠠᠭᠤᠮᠰᠤᠭ ᠰᠢᠯᠢᠳᠡᠭ ᠦᠢ᠍ᠯᠡᠴᠢᠯᠡᠭᠡ ᠬᠠᠩᠭ᠋ᠠᠬᠤ ᠭᠡᠷᠡᠭᠳᠡᠢ᠃ ᠳᠤᠰᠬᠠᠢ ᠬᠦᠮᠦᠨ ᠪᠦᠬᠦ ᠶᠠᠪᠤᠴᠠ᠎ᠳᠤ ᠬᠠᠨᠢ ᠪᠤᠯᠤᠨ ᠠᠰᠠᠷᠠᠬᠤ᠂ ᠤᠷᠢᠳ ᠵᠶ᠋ᠠᠷ ᠪᠤᠯᠵᠤᠬᠤ ᠦᠢ᠍ᠯᠡᠴᠢᠯᠡᠭᠡ᠂ ᠰᠠᠳᠤᠨ ᠲᠦᠷᠦᠯ᠎ᠢ᠎ᠨᠢ ᠬᠠᠮᠵᠢᠨ ᠦᠷᠲᠡᠭᠡᠨ᠎ᠳᠤ ᠤᠷᠤᠵᠤ ᠳᠤᠰᠴᠤ ᠬᠦᠷᠭᠡᠬᠦ᠂ ᠦᠢ᠍ᠯᠡᠴᠢᠯᠡᠭᠡᠨ᠎ᠤ ᠲᠡᠷᠭᠡ᠂ ᠬᠦᠷᠳᠦᠳᠦ ᠰᠠᠨᠳᠠᠯᠢ ᠬᠠᠩᠭ᠋ᠠᠬᠤ ᠵᠡᠷᠭᠡ ᠠᠷᠠᠳ᠎ᠲᠤ ᠲᠦᠬᠦᠮ ᠦᠵᠡᠬᠦᠯᠬᠦ ᠳᠤᠰᠠᠯᠠᠬᠤ ᠲᠦᠬᠦᠭᠡᠷᠦᠮᠵᠢ ᠬᠠᠩᠭ᠋ᠠᠬᠤ ᠵᠡᠷᠭᠡ ᠠᠷᠭ᠎ᠠ ᠬᠡᠮᠵᠢᠶ᠎ᠠ ᠠᠪᠬᠤ ᠵᠢ ᠵᠤᠷᠢᠬ᠍ᠵᠢᠭᠤᠯᠤᠨ᠂ ᠬᠦᠳᠡᠯᠵᠦ ᠪᠠᠷᠢᠬᠤ᠎ᠨᠢ ᠲᠦᠬᠦᠮ ᠦᠭᠡᠢ   ᠴᠡᠷᠢᠭ᠎ᠤᠨ ᠠᠮᠤᠷ ᠲᠦᠪᠰᠢᠨ᠂ ᠲᠦᠬᠦᠮ ᠲᠦᠳᠡ᠎ᠪᠠᠷ ᠠᠶᠠᠯᠠᠬᠤ ᠵᠢ ᠪᠠᠳᠤᠯᠠᠬᠤ ᠭᠡᠷᠡᠭᠳᠡᠢ᠃
      ᠬᠠᠤᠯᠢ ᠶᠤᠰᠤ᠎ᠪᠠᠷ ᠤᠷᠢᠳ ᠵᠶ᠋ᠠᠷ ᠬᠠᠷᠠᠭ᠋ᠠᠯᠵᠠᠬᠤ ᠡᠳᠡᠬᠡᠳ᠄ ᠳᠤᠮᠳᠠᠳᠤ ᠤᠯᠤᠰ᠎ᠤᠨ ᠠᠷᠠᠳ᠎ᠤᠨ ᠴᠢᠯᠦᠭᠡᠯᠡᠬᠦ ᠴᠡᠷᠢᠭ᠂ ᠳᠤᠮᠳᠠᠳᠤ ᠤᠯᠤᠰ᠎ᠤᠨ ᠠᠷᠠᠳ᠎ᠤᠨ ᠵᠡᠪᠰᠡᠭᠳᠦ ᠴᠠᠭᠳᠠᠭ᠋ᠠᠨ᠎ᠤ ᠴᠡᠷᠢᠭ ᠠᠩᠬᠢ ᠪᠠ ᠴᠡᠷᠢᠭ᠎ᠤᠨ ᠰᠤᠷᠭ᠋ᠠᠭᠤᠯᠢ ᠵᠢᠨ ᠰᠤᠷᠤᠭᠴᠢ ᠵᠢᠨ ᠬᠦᠴᠦᠨ᠎ᠲᠠᠢ ᠭᠡᠷᠡᠴᠢ ᠦᠨᠡᠮᠯᠡᠯ ᠠᠪᠴᠤ ᠶᠠᠪᠤᠭ᠎ᠠ ᠴᠡᠷᠢᠭ᠂ ᠴᠡᠷᠢᠭ᠎ᠤᠨ ᠰᠤᠶᠤᠯ᠎ᠤᠨ ᠠᠵᠢᠯᠳᠠᠨ᠂ ᠵᠡᠮᠳᠡᠭ ᠴᠡᠷᠢᠭ᠂ ᠴᠡᠷᠢᠭ ᠠᠩᠬᠢ᠎ᠠᠴᠠ ᠠᠵᠢᠯ᠎ᠠᠴᠠ᠎ᠪᠠᠨ ᠰᠠᠯᠵᠤ ᠠᠮᠠᠷᠠᠭᠰᠠᠨ᠂ ᠠᠵᠢᠯ ᠵᠶ᠋ᠠᠨ ᠳᠠᠷᠬᠠᠯᠠᠭᠰᠠᠨ ᠺᠠᠳ᠋ᠷ ᠪᠠ ᠠᠵᠢᠯ ᠵᠶ᠋ᠠᠨ ᠳᠠᠷᠬᠠᠯᠠᠭᠰᠠᠨ ᠪᠠᠶ᠋ᠢᠯᠳᠤᠭᠴᠢ ᠵᠢᠨ ᠳᠠᠷᠤᠭ᠎ᠠ᠃ ᠴᠡᠷᠢᠭ ᠵᠢᠴᠢ ᠪᠢᠴᠢᠭ᠎ᠤᠨ ᠠᠵᠢᠯᠳᠠᠨ᠎ᠢ ᠳᠠᠭ᠋ᠠᠵᠤ ᠶᠠᠪᠤᠭ᠎ᠠ ᠭᠡᠷ ᠪᠦᠯᠢ (ᠵᠠᠷᠴᠢᠮ ᠲᠡᠭᠡᠷ᠎ᠡ᠎ᠪᠠᠨ 2 ᠬᠦᠮᠦᠨ᠎ᠠᠴᠠ ᠭᠡᠳᠦᠷᠡᠵᠦ ᠪᠤᠯᠬᠤ ᠦᠭᠡᠢ) ᠴᠤᠭ᠎ᠲᠠᠭᠠᠨ ᠶᠠᠪᠤᠵᠤ ᠪᠤᠯᠤᠨ᠎ᠠ᠂ ᠳᠤᠰ ᠬᠦᠮᠦᠨ᠎ᠤ ᠬᠠᠷᠢᠴᠠᠭ᠎ᠠ ᠵᠢᠨ ᠳᠤᠬᠠᠢ ᠭᠡᠷᠡᠴᠢ ᠬᠠᠩᠭ᠋ᠠᠬᠤ ᠴᠢᠬᠤᠯᠠ ᠦᠭᠡᠢ᠃ (《ᠠᠷᠠᠳ᠎ᠤᠨ ᠰᠦᠯᠵᠢᠶ᠎ᠡ》᠎ᠠᠴᠠ ᠤᠷᠴᠢᠭᠤᠯᠤᠨ ᠨᠠᠶ᠋ᠢᠷᠠᠭᠤᠯᠵᠣ ᠠᠪᠣᠪᠠ) (ᠳᠣᠮᠳᠠᠳᠣ ᠣᠯᠣᠰ᠎ᠤᠨ ᠮᠣᠩᠭᠣᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ)


ᠢᠷᠡᠯᠲᠡ᠄ ᠳᠣᠮᠳᠠᠳᠣ ᠣᠯᠣᠰ᠎ᠤᠨ ᠮᠣᠩᠭᠣᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ
          
ᠬᠠᠮᠢᠶ᠎ᠡ ᠪᠦᠬᠦᠢ ᠰᠣᠨᠢᠨ
ᠮᠠᠯ ᠠᠵᠤ ᠠᠬᠤᠢ ᠲᠠᠷᠢᠶᠠᠯᠠᠩ᠎ᠤᠨ ᠪᠤᠬᠢᠷᠳᠤᠯ ᠦᠬᠡᠢ ᠬᠦᠭᠵᠢᠯᠳᠡ ᠵᠢ ᠠᠬᠢᠭᠤᠯᠬᠤ ᠲᠤᠬᠠᠢ ᠬᠡᠷᠡᠭᠵᠢᠬᠦᠯᠬᠦ ᠰᠠᠨᠠᠯ
ᠲᠡᠪᠰᠢᠬᠦᠯᠦᠨ ᠲᠤᠮᠢᠯᠠᠬᠤ᠎ᠪᠠᠷ ᠪᠠᠶ᠋ᠢᠭ᠎ᠠ ᠺᠠᠳ᠋ᠷ᠎ᠢ ᠢᠯᠠ ᠨᠡᠶ᠋ᠢᠳᠡᠯᠡᠬᠦ ᠲᠤᠬᠠᠢ ᠵᠠᠷᠯᠠᠯ
ᠨᠠᠮ᠎ᠤᠨ ᠲᠦᠪ ᠬᠤᠷᠢᠶᠠᠨ᠎ᠤ ᠠᠯᠪᠡᠨ ᠲᠢᠩᠬᠢᠮ 《ᠳᠤᠮᠳᠠᠳᠤ ᠤᠯᠤᠰ᠎ᠤᠨ ᠡᠪ ᠬᠠᠮᠳᠦ ᠨᠠᠮ᠎ᠤᠨ ᠰᠠᠬᠢᠯᠭ᠎ᠠ ᠪᠠᠳᠤ ᠪᠠᠶ᠋ᠢᠴᠠᠭ᠋ᠠᠬᠤ ᠪᠠᠶ᠋ᠢᠭᠤᠯᠭ᠎ᠠ ᠵᠢᠨ ᠬᠢᠨᠠᠯᠳᠠ ᠲᠠᠯᠪᠢᠵᠤ ᠰᠠᠬᠢᠯᠭ᠎ᠠ ᠪᠠᠳᠤ ᠭᠡᠷᠡᠭᠵᠢᠬᠦᠯᠬᠦ ᠠᠵᠢᠯ᠎ᠤᠨ ᠲᠦᠷᠢᠮ》᠎ᠢ ᠳᠠᠷᠤᠮᠠᠯᠯᠠᠨ ᠳᠠᠷᠬᠠᠭ᠋ᠠᠪᠠ
《ᠪᠦᠬᠦᠳᠠ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠤᠰᠤᠨ᠎ᠤ ᠪᠤᠬᠢᠷᠳᠤᠯ᠎ᠢ ᠰᠡᠷᠭᠡᠶ᠋ᠢᠯᠡᠨ ᠵᠠᠰᠠᠬᠤ ᠬᠠᠤᠯᠢ》 ᠵᠢᠨ ᠬᠠᠤᠯᠢ ᠬᠡᠷᠡᠭᠵᠢᠭᠦᠯᠦᠯᠲᠡ ᠵᠢᠨ ᠪᠠᠶ᠋ᠢᠴᠠᠭ᠋ᠠᠯᠳᠠ ᠬᠢᠬᠦ ᠵᠠᠷᠯᠠᠯ
ᠬᠤᠪᠤᠷ ᠴᠤᠬᠠᠭ ᠤᠢ ᠮᠣᠳᠣ ᠪᠤᠶᠤ ᠤᠢ ᠲᠤᠳᠤᠷᠠᠬᠢ ᠵᠡᠷᠯᠢᠭ ᠤᠷᠭᠤᠮᠠᠯ᠂ ᠡᠮ᠎ᠤᠨ ᠮᠠᠲ᠋ᠧᠷᠢᠶᠠᠯ᠎ᠢ ᠳᠤᠷ᠎ᠠ᠎ᠪᠠᠷ ᠵᠶ᠋ᠠᠨ ᠲᠡᠭᠦᠵᠦ ᠴᠤᠭᠯᠠᠭᠤᠯᠤᠭᠰᠠᠨ᠎ᠢ ᠰᠢᠳᠬᠡᠬᠦ
 
             蒙ICP备05000248号