ᠪᠥᠬᠥᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠴᠢᠭᠢᠭᠯᠢᠭ ᠭᠠᠵᠠᠷ᠎ᠢ ᠬᠠᠮᠠᠭ᠋ᠠᠯᠠᠬᠤ ᠬᠠᠤᠯᠢ (ᠨᠢᠭᠡ)
(2021 ᠣᠨ᠎ᠤ 12 ᠰᠠᠷ᠎ᠠ ᠵᠢᠨ 24᠎ᠤ ᠡᠳᠦᠷ ᠠᠷᠪᠠᠨ ᠭᠤᠷᠪᠠᠳᠤᠭ᠋ᠠᠷ
ᠬᠤᠭᠤᠴᠠᠭ᠋ᠠᠨ᠎ᠤ ᠪᠥᠬᠥ ᠤᠯᠤᠰ᠎ᠤᠨ ᠠᠷᠠᠳ᠎ᠤᠨ ᠲᠥᠯᠥᠭᠡᠯᠡᠭᠴᠢᠳ᠎ᠤᠨ ᠶᠡᠬᠡ
ᠬᠤᠷᠠᠯ᠎ᠤᠨ ᠪᠠᠶ᠋ᠢᠩᠭᠤ ᠵᠢᠨ ᠬᠣᠷᠢᠶᠠᠨ᠎ᠤ ᠭᠤᠴᠢᠨ ᠬᠣᠶᠠᠳᠤᠭ᠋ᠠᠷ ᠬᠤᠷᠠᠯᠳᠤᠭ᠋ᠠᠨ
ᠠᠴᠠ ᠪᠠᠲᠤᠯᠠᠪᠠ)
ᠭᠠᠷᠴᠠᠭ
ᠨᠢᠭᠡᠳᠦᠭᠡᠷ ᠪᠦᠯᠦᠭ ᠶᠡᠷᠦᠩᠬᠡᠶ ᠳᠦᠷᠢᠮ
ᠬᠣᠶᠠᠳᠤᠭ᠋ᠠᠷ ᠪᠦᠯᠦᠭ ᠴᠢᠭᠢᠭᠯᠢᠭ ᠭᠠᠵᠠᠷ᠎ᠤᠨ ᠡᠬᠢ ᠪᠠᠶᠠᠯᠢᠭ᠎ᠤᠨ ᠬᠠᠮᠢᠶᠠᠷᠤᠯᠲᠠ
ᠭᠤᠷᠪᠠᠳᠤᠭ᠋ᠠᠷ ᠪᠦᠯᠦᠭ ᠴᠢᠭᠢᠭᠯᠢᠭ ᠭᠠᠵᠠᠷ᠎ᠢ ᠬᠠᠮᠠᠭ᠋ᠠᠯᠠᠬᠤ ᠪᠠ ᠠᠰᠢᠭᠯᠠᠬᠤ
ᠳᠥᠷᠪᠡᠳᠦᠭᠡᠷ ᠪᠦᠯᠦᠭ ᠴᠢᠭᠢᠭᠯᠢᠭ ᠭᠠᠵᠠᠷ᠎ᠢ ᠰᠡᠷᠭᠦᠭᠡᠬᠦ
ᠲᠠᠪᠤᠳᠤᠭ᠋ᠠᠷ ᠪᠦᠯᠦᠭ ᠬᠢᠨᠠᠯᠲᠠ ᠲᠠᠯᠪᠢᠵᠤ ᠪᠠᠶ᠋ᠢᠴᠠᠭ᠋ᠠᠬᠤ
ᠵᠢᠷᠭᠤᠳᠤᠭ᠋ᠠᠷ ᠪᠦᠯᠦᠭ ᠬᠠᠤᠯᠢ ᠵᠢᠨ ᠬᠠᠷᠢᠭᠤᠴᠠᠯᠭ᠎ᠠ
ᠳᠣᠯᠣᠳᠤᠭ᠋ᠠᠷ ᠪᠦᠯᠦᠭ ᠳᠠᠭ᠋ᠠᠯᠳᠤᠭᠤᠯᠤᠯ ᠳᠦᠷᠢᠮ
ᠨᠢᠭᠡᠳᠦᠭᠡᠷ ᠪᠦᠯᠦᠭ ᠶᠡᠷᠦᠩᠬᠡᠶ ᠳᠦᠷᠢᠮ
ᠨᠢᠭᠡᠳᠦᠭᠡᠷ ᠵᠤᠷᠪᠤᠰ ᠴᠢᠭᠢᠭᠯᠢᠭ ᠭᠠᠵᠠᠷ᠎ᠤᠨ ᠬᠠᠮᠠᠭ᠋ᠠᠯᠠᠯᠲᠠ ᠵᠢ ᠴᠢᠩᠭ᠋ᠠᠳᠬᠠᠨ᠂ ᠴᠢᠭᠢᠭᠯᠢᠭ ᠭᠠᠵᠠᠷ᠎ᠤᠨ ᠠᠮᠢ ᠠᠬᠤᠶ ᠵᠢᠨ ᠴᠢᠳᠠᠮᠵᠢ ᠵᠢᠴᠢ ᠠᠮᠢᠳᠤ ᠪᠣᠳᠠᠰ᠎ᠤᠨ ᠣᠯᠠᠨ ᠶᠠᠩᠵᠤᠲᠤ ᠴᠢᠨᠠᠷ᠎ᠢ ᠬᠠᠮᠠᠭ᠋ᠠᠯᠠᠵᠤ᠂ ᠠᠮᠢ ᠠᠬᠤᠶ ᠵᠢᠨ ᠠᠮᠤᠷ ᠲᠦᠪᠰᠢᠨ᠎ᠢ ᠪᠠᠲᠤᠯᠠᠨ᠂ ᠠᠮᠢ ᠠᠬᠤᠶ ᠵᠢᠨ ᠪᠣᠯᠪᠠᠰᠤᠨ᠎ᠤ ᠪᠠᠶ᠋ᠢᠭᠤᠯᠤᠯᠲᠠ ᠵᠢ ᠠᠬᠢᠭᠤᠯᠵᠤ᠂ ᠬᠥᠮᠦᠨ ᠬᠢᠭᠡᠳ ᠪᠠᠶ᠋ᠢᠭ᠋ᠠᠯᠢ ᠵᠢᠨ ᠡᠶ᠎ᠡ ᠵᠣᠬᠢᠴᠠᠯ᠎ᠲᠠᠢ᠎ᠪᠠᠷ ᠬᠠᠮᠲᠤ ᠣᠷᠣᠰᠢᠬᠤ ᠵᠢ ᠪᠡᠶᠡᠯᠡᠭᠦᠯᠬᠦ ᠵᠢᠨ ᠲᠤᠰᠠᠳᠠ᠂ ᠲᠣᠰ ᠬᠠᠤᠯᠢ ᠵᠢ ᠲᠣᠭᠲᠠᠭ᠋ᠠᠪᠠ᠃
ᠬᠣᠶᠠᠳᠤᠭ᠋ᠠᠷ ᠵᠤᠷᠪᠤᠰ ᠪᠥᠬᠥᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠨᠤᠲᠤᠭ ᠳᠡᠪᠢᠰᠬᠡᠷ ᠵᠢᠴᠢ ᠬᠠᠷᠢᠶᠠᠳᠤ ᠪᠤᠰᠤᠳ ᠳᠠᠯᠠᠢ ᠵᠢᠨ ᠣᠷᠣᠨ᠎ᠳᠤ ᠴᠢᠭᠢᠭᠯᠢᠭ ᠭᠠᠵᠠᠷ᠎ᠢ ᠬᠠᠮᠠᠭ᠋ᠠᠯᠠᠬᠤ᠂ ᠠᠰᠢᠭᠯᠠᠬᠤ᠂ ᠰᠡᠷᠭᠦᠭᠡᠬᠦ ᠵᠢᠴᠢ ᠬᠠᠮᠢᠶ᠎ᠠ ᠪᠦᠬᠦᠢ ᠬᠠᠮᠢᠶᠠᠷᠤᠯᠲᠠ ᠵᠢᠨ ᠠᠵᠢᠯᠯᠠᠭ᠎ᠠ ᠬᠢᠬᠦ᠎ᠳᠤ ᠲᠣᠰ ᠬᠠᠤᠯᠢ ᠵᠢ ᠬᠡᠷᠡᠭᠵᠢᠬᠦᠯᠦᠨ᠎ᠡ᠃
ᠲᠤᠰ ᠬᠠᠤᠯᠢ᠎ᠳᠤ ᠬᠡᠯᠡᠵᠦ ᠪᠠᠶ᠋ᠢᠭ᠎ᠠ ᠴᠢᠭᠢᠭᠯᠢᠭ ᠭᠠᠵᠠᠷ ᠭᠡᠳᠡᠭ ᠪᠣᠯ ᠢᠯᠡᠳᠲᠡ ᠠᠮᠢ ᠠᠬᠤᠢ ᠵᠢᠨ ᠴᠢᠳᠠᠮᠵᠢ᠎ᠲᠠᠢ ᠪᠠᠶ᠋ᠢᠭ᠋ᠠᠯᠢ ᠪᠤᠶᠤ ᠬᠥᠮᠦᠨ᠎ᠤ ᠬᠦᠴᠦ᠎ᠪᠠᠷ ᠪᠠᠶ᠋ᠢᠭᠤᠯᠤᠭᠰᠠᠨ᠂ ᠲᠠᠲᠠᠷᠠᠯᠲᠠ ᠵᠢᠨ ᠦᠶ᠎ᠡ᠎ᠳᠤ ᠤᠰᠦᠠ᠎ᠤ ᠭᠦᠨ᠎ᠨᠢ ᠵᠢᠷᠭᠤᠭ᠋ᠠᠨ ᠮᠧᠲᠷ᠎ᠠᠴᠠ ᠬᠡᠲᠦᠷᠡᠬᠦ ᠤᠢ᠍ᠭᠡᠢ ᠲᠡᠯᠡᠢ ᠵᠢᠨ ᠣᠷᠣᠨ᠎ᠢ ᠪᠠᠭᠲᠠᠭ᠋ᠠᠭᠰᠠᠨ᠂ ᠵᠢᠯ ᠲᠤᠷᠰᠢ ᠪᠤᠶᠤ ᠤᠯᠠᠷᠢᠯ᠎ᠤᠨ ᠴᠢᠨᠠᠷᠲᠠᠢ ᠤᠰᠤ ᠬᠤᠷᠠᠬᠤ ᠣᠷᠣᠨ ᠪᠦᠰᠡ᠂ ᠤᠰᠦᠠ ᠣᠷᠣᠨ᠎ᠢ ᠵᠢᠭ᠋ᠠᠵᠤ ᠪᠠᠶ᠋ᠢᠨ᠎ᠠ᠂ ᠭᠡᠪᠡᠴᠦ ᠤᠰᠦᠠ ᠲᠡᠷᠢᠶ᠎ᠠ ᠵᠢᠴᠢ ᠲᠡᠵᠢᠭᠡᠵᠦ ᠦᠷᠡᠵᠢᠭᠦᠯᠬᠦ᠎ᠳᠤ ᠬᠡᠷᠡᠭᠯᠡᠬᠦ ᠬᠥᠮᠦᠨ᠎ᠤ ᠬᠦᠴᠦ᠎ᠪᠠᠷ ᠭᠠᠷᠭ᠋ᠠᠭᠰᠠᠨ ᠤᠰᠦᠠ ᠣᠷᠣᠨ ᠪᠠ ᠲᠣᠭᠣᠷᠢᠮ ᠡᠭᠦᠨ᠎ᠳᠤ ᠪᠠᠭᠲᠠᠬᠤ ᠤᠢ᠍ᠭᠡᠢ᠃
ᠤᠯᠤᠰ᠎ᠠᠴᠠ ᠴᠢᠭᠢᠭᠯᠢᠭ ᠭᠠᠵᠠᠷ᠎ᠲᠤ ᠱᠠᠲᠤ ᠬᠤᠪᠢᠶᠠᠨ ᠬᠠᠮᠢᠶᠠᠷᠬᠤ ᠵᠢᠴᠢ ᠨᠡᠷᠡᠰ᠎ᠤᠨ ᠵᠢᠭᠰᠠᠭ᠋ᠠᠯᠲᠠ ᠵᠢᠨ ᠲᠦᠷᠢᠮ᠎ᠢ ᠬᠡᠷᠡᠭᠵᠢᠭᠦᠯᠦᠨ᠎ᠡ᠃ ᠭᠣᠣᠯ ᠮᠥᠷᠡᠨ᠂ ᠨᠠᠭᠤᠷ ᠲᠣᠭᠣᠷᠢᠮ᠂ ᠲᠠᠯᠠᠢ ᠵᠢᠨ ᠣᠷᠣᠨ ᠵᠡᠷᠭᠡ ᠴᠢᠭᠢᠭᠯᠢᠭ ᠭᠠᠵᠠᠷ᠎ᠢ ᠬᠠᠮᠠᠭ᠋ᠠᠯᠠᠬᠤ᠂ ᠠᠰᠢᠭᠯᠠᠬᠤ ᠵᠢᠴᠢ ᠬᠣᠯᠪᠣᠭᠳᠠᠯ ᠪᠦᠬᠥᠢ ᠬᠠᠮᠢᠶᠠᠷᠤᠯᠲᠠ ᠵᠢᠨ ᠠᠵᠢᠯᠯᠠᠭ᠎ᠠ᠎ᠳᠤ ᠪᠠᠰᠠ 《ᠪᠦᠬᠥᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠤᠰᠤᠨ᠎ᠤ ᠬᠠᠤᠯᠢ》᠂ 《ᠪᠦᠬᠥᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠦᠶᠡᠷ᠎ᠢ ᠰᠡᠷᠭᠡᠶ᠋ᠢᠯᠡᠬᠦ ᠬᠠᠤᠯᠢ》᠂ 《ᠪᠦᠬᠥᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠤᠰᠤᠨ᠎ᠤ ᠪᠣᠬᠢᠷᠲᠤᠯ᠎ᠢ ᠰᠡᠷᠭᠡᠶ᠋ᠢᠯᠡᠨ ᠵᠠᠰᠠᠬᠤ ᠬᠠᠤᠯᠢ》᠂ 《ᠪᠦᠬᠥᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠲᠠᠯᠠᠢ ᠲᠠᠩᠭᠢᠰ᠎ᠤᠨ ᠣᠷᠴᠢᠨ ᠠᠬᠤᠢ ᠵᠢ ᠬᠠᠮᠠᠭ᠋ᠠᠯᠠᠬᠤ ᠬᠠᠤᠯᠢ》᠂ 《ᠪᠦᠬᠥᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠬᠥᠬᠡᠮᠥ᠋ᠷᠡᠨ᠎ᠤ ᠬᠠᠮᠠᠭ᠋ᠠᠯᠠᠯᠲᠠ ᠵᠢᠨ ᠬᠠᠤᠯᠢ》᠂ 《ᠪᠦᠬᠥᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠵᠢᠭ᠋ᠠᠰᠤᠨ ᠠᠵᠤ ᠠᠬᠤᠢ ᠵᠢᠨ ᠬᠠᠤᠯᠢ》᠂ 《ᠪᠦᠬᠥᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠲᠠᠯᠠᠢ ᠵᠢᠨ ᠣᠷᠣᠨ᠎ᠢ ᠬᠡᠷᠡᠭᠯᠡᠬᠦ ᠬᠠᠮᠢᠶᠠᠷᠤᠯᠲᠠ ᠵᠢᠨ ᠬᠠᠤᠯᠢ》 ᠵᠡᠷᠭᠡ ᠬᠣᠯᠪᠣᠭᠳᠠᠯ ᠪᠦᠬᠥᠢ ᠬᠠᠤᠯᠢ ᠴᠠᠭ᠋ᠠᠵᠠ ᠵᠢᠨ ᠲᠣᠭᠲᠠᠭ᠋ᠠᠯ᠎ᠢ ᠬᠡᠷᠡᠭᠵᠢᠬᠦᠯᠬᠦ ᠬᠡᠷᠡᠭᠲᠡᠢ᠃
ᠭᠤᠷᠪᠠᠳᠤᠭ᠋ᠠᠷ ᠵᠤᠷᠪᠤᠰ ᠴᠢᠭᠢᠭᠯᠢᠭ ᠭᠠᠵᠠᠷ᠎ᠤᠨ ᠬᠠᠮᠠᠭ᠋ᠠᠯᠠᠯᠲᠠ᠎ᠳᠤ ᠬᠠᠮᠠᠭ᠋ᠠᠯᠠᠬᠤ ᠵᠢ ᠲᠡᠷᠢᠭᠦᠨ᠎ᠳᠤ ᠲᠠᠯᠪᠢᠬᠤ᠂ ᠴᠢᠩᠭ᠎ᠠ ᠬᠠᠮᠢᠶᠠᠷᠤᠯᠳᠠ᠂ ᠰᠢᠰᠲ᠋ᠧᠮ᠎ᠲᠠᠢ ᠵᠠᠰᠠᠬᠤ᠂ ᠰᠢᠨᠵᠢᠯᠡᠬᠦ ᠤᠬᠠᠭ᠋ᠠᠨᠴᠢ᠎ᠪᠠᠷ ᠰᠡᠷᠭᠦᠭᠡᠬᠦ᠂ ᠵᠦᠶ ᠵᠣᠬᠢᠰᠲᠠᠶ ᠠᠰᠢᠭᠯᠠᠬᠤ ᠵᠠᠷᠴᠢᠮ᠎ᠢ ᠪᠠᠷᠢᠮᠲᠠᠯᠠᠵᠤ᠂ ᠴᠢᠭᠢᠭᠯᠢᠭ ᠭᠠᠵᠠᠷ᠎ᠤᠨ ᠤᠰᠤᠨ᠎ᠤ ᠡᠬᠢ ᠰᠤᠷᠪᠤᠯᠵᠢ ᠵᠢ ᠬᠠᠳᠠᠭ᠋ᠠᠯᠠᠬᠤ᠂ ᠠᠭᠤᠷ ᠠᠮᠢᠰᠬᠤᠯ᠎ᠢ ᠳᠣᠭᠢᠷᠠᠭᠤᠯᠬᠤ᠂ ᠣᠷᠴᠢᠨ ᠲᠣᠭᠣᠷᠢᠨ᠎ᠢ ᠰᠠᠶ᠋ᠢᠵᠢᠷᠠᠭᠤᠯᠬᠤ᠂ ᠠᠮᠢᠳᠤ ᠪᠣᠳᠠᠰ᠎ᠤᠨ ᠣᠯᠠᠨ ᠶᠠᠩᠵᠤᠲᠤ ᠴᠢᠨᠠᠷ᠎ᠢ ᠬᠠᠮᠠᠭ᠋ᠠᠯᠠᠬᠤ ᠵᠡᠷᠭᠡ ᠣᠯᠠᠨ ᠵᠦᠢ᠍ᠯ᠎ᠤᠨ ᠠᠮᠢ ᠠᠬᠤᠶ ᠵᠢᠨ ᠴᠢᠳᠠᠮᠵᠢ ᠵᠢ ᠪᠠᠳᠠᠷᠠᠭᠤᠯᠬᠤ ᠬᠡᠷᠡᠭᠲᠡᠶ᠃
ᠳᠥᠷᠪᠡᠳᠦᠭᠡᠷ ᠵᠤᠷᠪᠤᠰ ᠰᠢᠶᠠᠨ᠎ᠤ ᠱᠠᠲᠤᠨ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠣᠷᠳᠣᠨ᠎ᠨᠢ ᠴᠢᠭᠢᠭᠯᠢᠭ ᠭᠠᠵᠠᠷ᠎ᠤᠨ ᠬᠠᠮᠠᠭ᠋ᠠᠯᠠᠯᠲᠠ ᠵᠢ ᠤᠯᠤᠰ ᠠᠷᠠᠳ᠎ᠤᠨ ᠠᠵᠤ ᠠᠬᠤᠶ ᠪᠠ ᠨᠡᠶ᠋ᠢᠭᠡᠮ᠎ᠤᠨ ᠬᠥᠭᠵᠢᠯᠲᠡ ᠵᠢᠨ ᠲᠥᠯᠥᠪᠵᠢᠭᠦᠯᠭᠡ᠎ᠳᠤ ᠣᠷᠣᠭᠤᠯᠬᠤ ᠵᠢᠨ ᠬᠠᠮᠲᠤ᠂ ᠴᠢᠭᠢᠭᠯᠢᠭ ᠭᠠᠵᠠᠷ᠎ᠤᠨ ᠬᠠᠮᠠᠭ᠋ᠠᠯᠠᠯᠲᠠ ᠵᠢᠨ ᠠᠵᠢᠯ᠎ᠢ ᠥᠷᠨᠢᠭᠦᠯᠬᠦ᠎ᠳᠤ ᠬᠡᠷᠡᠭᠰᠡᠬᠦ ᠵᠠᠷᠤᠳᠠᠯ᠎ᠢ ᠠᠵᠢᠯ ᠡᠷᠬᠡ ᠵᠢ ᠬᠤᠪᠢᠶᠠᠷᠢᠯᠠᠬᠤ ᠵᠠᠷᠴᠢᠮ ᠶᠣᠰᠣᠭ᠋ᠠᠷ ᠲᠥᠰᠦᠪ᠎ᠲᠤ ᠣᠷᠣᠭᠤᠯᠬᠤ ᠬᠡᠷᠡᠭᠲᠡᠶ᠃
ᠰᠢᠶᠠᠨ᠎ᠤ ᠱᠠᠲᠤᠨ᠎ᠠᠴᠠ ᠳᠡᠭᠡᠭᠰᠢᠬᠢ ᠣᠷᠣᠨ ᠨᠤᠲᠤᠭ᠎ᠤᠨ ᠠᠷᠠᠳ᠎ᠤᠨ ᠵᠠᠰᠠᠭ᠎ᠤᠨ ᠣᠷᠳᠣᠨ᠎ᠨᠢ ᠲᠣᠰ ᠵᠠᠰᠠᠭ ᠵᠠᠬᠢᠷᠭ᠋ᠠᠨ᠎ᠤ ᠣᠷᠣᠨ᠎ᠤ ᠳᠣᠲᠣᠷᠠᠬᠢ ᠴᠢᠭᠢᠭᠯᠢᠭ ᠭᠠᠵᠠᠷ᠎ᠤᠨ ᠬᠠᠮᠠᠭ᠋ᠠᠯᠠᠯᠲᠠ᠎ᠳᠤ ᠬᠠᠷᠢᠭᠤᠴᠠᠵᠤ᠂ ᠠᠷᠭ᠎ᠠ ᠬᠡᠮᠵᠢᠶ᠎ᠡ ᠠᠪᠴᠤ ᠪᠠᠶ᠋ᠢᠭ᠋ᠠᠳ ᠴᠢᠭᠢᠭᠯᠢᠭ ᠭᠠᠵᠠᠷ᠎ᠤᠨ ᠲᠠᠯᠠᠪᠠᠶ ᠵᠢᠨ ᠲᠣᠭᠲᠠᠭᠤᠨ ᠪᠠᠶ᠋ᠢᠬᠤ ᠵᠢ ᠪᠠᠲᠤᠯᠠᠨ᠂ ᠴᠢᠭᠢᠭᠯᠢᠭ ᠭᠠᠵᠠᠷ᠎ᠤᠨ ᠠᠮᠢ ᠠᠬᠤᠶ ᠵᠢᠨ ᠴᠢᠳᠠᠮᠵᠢ ᠵᠢ ᠳᠡᠭᠡᠭᠰᠢᠯᠡᠭᠦᠯᠬᠦ ᠬᠡᠷᠡᠭᠲᠡᠶ᠃
ᠰᠢᠶᠠᠩ ᠪᠠᠯᠭ᠋ᠠᠰᠤ ᠵᠢᠨ ᠠᠷᠠᠳ᠎ᠤᠨ ᠵᠠᠰᠠᠭ᠎ᠤᠨ ᠣᠷᠳᠣᠨ᠎ᠨᠢ ᠣᠯᠠᠨ ᠲᠦᠮᠡᠨ᠎ᠢ ᠵᠣᠬᠢᠶᠠᠨ ᠪᠠᠶ᠋ᠢᠭᠤᠯᠤᠨ ᠴᠢᠭᠢᠭᠯᠢᠭ ᠭᠠᠵᠠᠷ᠎ᠢ ᠬᠠᠮᠠᠭ᠋ᠠᠯᠠᠬᠤ ᠬᠠᠮᠢᠶ᠎ᠠ ᠪᠥᠬᠥᠶ ᠠᠵᠢᠯ᠎ᠢ ᠰᠠᠶ᠋ᠢᠲᠤᠷ ᠬᠢᠵᠦ᠂ ᠲᠣᠰᠬᠣᠨ᠎ᠤ ᠠᠷᠠᠳ᠎ᠤᠨ ᠵᠥᠪᠯᠡᠯ ᠬᠠᠮᠵᠢᠯᠴᠠᠬᠤ ᠬᠡᠷᠡᠭᠲᠡᠶ᠃
ᠲᠠᠪᠤᠳᠤᠭ᠋ᠠᠷ ᠵᠤᠷᠪᠤᠰ ᠲᠥᠷᠥ ᠵᠢᠨ ᠶᠠᠪᠤᠳᠠᠯ᠎ᠤᠨ ᠬᠣᠷᠢᠶ᠎ᠠ ᠵᠢᠨ ᠣᠶ ᠰᠢᠭᠤᠶ ᠨᠤᠲᠤᠭ ᠪᠡᠯᠴᠢᠭᠡᠷ᠎ᠤᠨ ᠭᠤᠤᠯᠴᠢᠯᠠᠨ ᠬᠠᠮᠢᠶᠠᠷᠬᠤ ᠰᠠᠯᠠᠭ᠎ᠠ ᠮᠥᠴᠢᠷ᠎ᠨᠢ ᠴᠢᠭᠢᠭᠯᠢᠭ ᠭᠠᠵᠠᠷ᠎ᠤᠨ ᠡᠬᠢ ᠪᠠᠶᠠᠯᠢᠭ᠎ᠢ ᠬᠢᠨᠠᠨ ᠬᠠᠮᠢᠶᠠᠷᠬᠤ᠂ ᠴᠢᠭᠢᠭᠯᠢᠭ ᠭᠠᠵᠠᠷ᠎ᠢ ᠬᠠᠮᠠᠭ᠋ᠠᠯᠠᠬᠤ ᠲᠥᠯᠥᠪᠵᠢᠭᠦᠯᠭᠡ ᠪᠠ ᠬᠠᠮᠢᠶ᠎ᠠ ᠪᠥᠬᠥᠶ ᠤᠯᠤᠰ᠎ᠤᠨ ᠪᠠᠷᠢᠮᠵᠢᠶ᠎ᠠ ᠵᠢ ᠲᠤᠭᠤᠷᠪᠢᠨ ᠲᠣᠭᠲᠠᠭ᠋ᠠᠬᠤ᠂ ᠴᠢᠭᠢᠭᠯᠢᠭ ᠭᠠᠵᠠᠷ᠎ᠢ ᠨᠡᠭᠡᠭᠡᠨ ᠠᠰᠢᠭᠯᠠᠬᠤ ᠬᠢᠨᠠᠯᠲᠠ ᠬᠠᠮᠢᠶᠠᠷᠤᠯᠲᠠ᠂ ᠴᠢᠭᠢᠭᠯᠢᠭ ᠭᠠᠵᠠᠷ᠎ᠤᠨ ᠠᠮᠢ ᠠᠬᠤᠶ ᠵᠢ ᠬᠠᠮᠠᠭ᠋ᠠᠯᠠᠨ ᠰᠡᠷᠭᠦᠭᠡᠬᠦ ᠠᠵᠢᠯ᠎ᠢ ᠬᠠᠷᠢᠭᠤᠴᠠᠬᠤ ᠬᠡᠷᠡᠭᠲᠡᠶ᠃
ᠲᠥᠷᠥ ᠵᠢᠨ ᠶᠠᠪᠤᠳᠠᠯ᠎ᠤᠨ ᠬᠣᠷᠢᠶ᠎ᠠ ᠵᠢᠨ ᠪᠠᠶ᠋ᠢᠭ᠋ᠠᠯᠢ ᠵᠢᠨ ᠡᠬᠢ ᠪᠠᠶᠠᠯᠢᠭ᠂ ᠤᠰᠤᠨ᠎ᠤ ᠵᠠᠰᠠᠭ ᠵᠠᠬᠢᠷᠭ᠋ᠠᠨ᠂ ᠣᠷᠣᠨ ᠰᠠᠭᠤᠴᠠ ᠬᠣᠲᠠ ᠬᠥᠳᠡᠭᠡ ᠵᠢᠨ ᠪᠥᠲᠥᠭᠡᠨ ᠪᠠᠶ᠋ᠢᠭᠤᠯᠤᠯᠲᠠ᠂ ᠠᠮᠢ ᠠᠬᠤᠶ ᠵᠢᠨ ᠣᠷᠴᠢᠨ ᠲᠣᠭᠣᠷᠢᠨ᠂ ᠲᠠᠷᠢᠶᠠᠯᠠᠩ ᠬᠥᠳᠡᠭᠡ ᠲᠣᠰᠬᠣᠨ ᠵᠡᠷᠭᠡ ᠪᠤᠰᠤᠳ ᠬᠣᠯᠪᠣᠭᠳᠠᠯ ᠪᠥᠬᠥᠶ ᠰᠠᠯᠠᠭ᠎ᠠ ᠮᠥᠴᠢᠷ᠎ᠨᠢ ᠡᠭᠦᠷᠭᠡ ᠬᠠᠷᠢᠭᠤᠴᠠᠯᠭ᠎ᠠ ᠵᠢᠨ ᠠᠵᠢᠯ᠎ᠤᠨ ᠬᠤᠪᠢᠶᠠᠷᠢᠯᠠᠯ ᠶᠣᠰᠣᠭ᠋ᠠᠷ ᠴᠢᠭᠢᠭᠯᠢᠭ ᠭᠠᠵᠠᠷ᠎ᠢ ᠬᠠᠮᠠᠭ᠋ᠠᠯᠠᠬᠤ᠂ ᠰᠡᠷᠭᠦᠭᠡᠬᠦ᠂ ᠬᠠᠮᠢᠶᠠᠷᠬᠤ ᠬᠣᠯᠪᠣᠭᠳᠠᠯ ᠪᠥᠬᠥᠶ ᠠᠵᠢᠯ᠎ᠢ ᠡᠭᠦᠷᠭᠡᠯᠡᠬᠦ ᠬᠡᠷᠡᠭᠲᠡᠶ᠃
ᠲᠥᠷᠥ ᠵᠢᠨ ᠶᠠᠪᠤᠳᠠᠯ᠎ᠤᠨ ᠬᠣᠷᠢᠶᠠᠨ᠎ᠤ ᠣᠶ ᠰᠢᠭᠤᠶ ᠨᠤᠲᠤᠭ ᠪᠡᠯᠴᠢᠭᠡᠷ᠎ᠤᠨ ᠭᠤᠤᠯᠴᠢᠯᠠᠨ ᠬᠠᠮᠢᠶᠠᠷᠬᠤ ᠰᠠᠯᠠᠭ᠎ᠠ ᠮᠥᠴᠢᠷ᠎ᠨᠢ ᠲᠥᠷᠥ ᠵᠢᠨ ᠶᠠᠪᠤᠳᠠᠯ᠎ᠤᠨ ᠬᠣᠷᠢᠶᠠᠨ᠎ᠤ ᠪᠠᠶ᠋ᠢᠭ᠋ᠠᠯᠢ ᠵᠢᠨ ᠡᠬᠢ ᠪᠠᠶᠠᠯᠢᠭ᠂ ᠤᠰᠤᠨ᠎ᠤ ᠵᠠᠰᠠᠭ ᠵᠠᠬᠢᠷᠭ᠎ᠠ᠂ ᠣᠷᠣᠨ ᠰᠠᠭᠤᠴᠠ ᠬᠣᠲᠠ ᠬᠥᠳᠡᠭᠡ ᠵᠢᠨ ᠪᠥᠲᠥᠭᠡᠨ ᠪᠠᠶ᠋ᠢᠭᠤᠯᠤᠯᠲᠠ᠂ ᠠᠮᠢ ᠠᠬᠤᠶ ᠣᠷᠴᠢᠨ ᠲᠣᠭᠣᠷᠢᠨ᠂ ᠲᠠᠷᠢᠶᠠᠯᠠᠩ ᠬᠥᠳᠡᠭᠡ ᠲᠣᠰᠬᠣᠨ ᠵᠡᠷᠭᠡ ᠭᠤᠤᠯᠴᠢᠯᠠᠨ ᠬᠠᠮᠢᠶᠠᠷᠬᠤ ᠰᠠᠯᠠᠭ᠎ᠠ ᠮᠥᠴᠢᠷ᠎ᠲᠠᠢ ᠬᠠᠮᠲᠤᠷᠠᠨ ᠴᠢᠭᠢᠭᠯᠢᠭ ᠭᠠᠵᠠᠷ᠎ᠢ ᠬᠠᠮᠠᠭ᠋ᠠᠯᠠᠬᠤ ᠬᠠᠮᠵᠢᠯᠴᠠᠭ᠎ᠠ ᠪᠠ ᠮᠡᠳᠡᠭᠡ ᠵᠠᠩᠭᠢ ᠵᠢ ᠮᠡᠳᠡᠭᠡᠯᠡᠬᠦ ᠲᠣᠭᠲᠠᠴᠠ ᠵᠢ ᠪᠠᠶ᠋ᠢᠭᠤᠯᠬᠤ ᠬᠡᠷᠡᠭᠲᠡᠶ᠃