ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠲᠡᠷᠢᠭᠦᠨ ᠬᠠᠭᠤᠳᠠᠰᠤ   -   ᠬᠠᠤᠯᠢ ᠴᠠᠭᠠᠵᠠ ᠳᠦᠷᠢᠮ ᠳᠤᠭᠲᠠᠭᠠᠯ
ᠪᠥᠬᠥᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠴᠢᠭᠢᠭᠯᠢᠭ ᠭᠠᠵᠠᠷ᠎ᠢ ᠬᠠᠮᠠᠭ᠋ᠠᠯᠠᠬᠤ ᠬᠠᠤᠯᠢ (ᠳᠤᠯᠤᠭ᠎ᠠ)
ᠨᠡᠶ᠋ᠢᠲᠡᠯᠡᠭᠰᠡᠨ ᠴᠠᠭ᠄ 2023-05-25

      ᠭᠤᠴᠢᠨ ᠨᠢᠭᠡᠳᠦᠭᠡᠷ ᠵᠤᠷᠪᠤᠰ ᠲᠥᠷᠥ ᠵᠢᠨ ᠶᠠᠪᠤᠳᠠᠯ᠎ᠤᠨ ᠬᠣᠷᠢᠶ᠎ᠠ ᠵᠢᠨ ᠤᠰᠤᠨ᠎ᠤ ᠶᠠᠪᠤᠳᠠᠯ᠎ᠤᠨ ᠵᠠᠰᠠᠭ ᠵᠠᠬᠢᠷᠭ᠋ᠠᠨ᠎ᠤ ᠭᠤᠤᠯᠴᠢᠯᠠᠨ ᠬᠠᠮᠢᠶᠠᠷᠬᠤ ᠰᠠᠯᠠᠭ᠎ᠠ ᠮᠥᠴᠢᠷ ᠪᠣᠯᠤᠨ ᠣᠷᠣᠨ ᠨᠤᠲᠤᠭ᠎ᠤᠨ ᠡᠯ᠎ᠡ ᠱᠠᠲᠤᠨ᠎ᠤ ᠠᠷᠠᠳ᠎ᠤᠨ ᠵᠠᠰᠠᠭ᠎ᠤᠨ ᠣᠷᠳᠣᠨ᠎ᠨᠢ ᠭᠤᠤᠯ ᠮᠥᠷᠡᠨ᠂ ᠨᠠᠭᠤᠷ ᠴᠥᠭᠥᠷᠥᠮ᠎ᠤᠨ ᠬᠡᠪᠴᠢᠶᠡᠨ᠎ᠳᠠᠬᠢ ᠴᠢᠭᠢᠭᠯᠢᠭ ᠭᠠᠵᠠᠷ᠎ᠤᠨ ᠬᠠᠮᠢᠶᠠᠷᠤᠯᠲᠠ ᠪᠠ ᠬᠠᠮᠠᠭ᠋ᠠᠯᠠᠯᠲᠠ ᠵᠢ ᠴᠢᠩᠭ᠋ᠠᠳᠬᠠᠵᠤ᠂ ᠲᠤᠬᠠᠶ ᠵᠢᠨ ᠭᠠᠵᠠᠷ ᠣᠷᠣᠨ᠎ᠤ ᠪᠠᠶ᠋ᠢᠳᠠᠯ᠎ᠳᠠᠭᠠᠨ ᠳᠣᠭᠢᠷᠠᠭᠤᠯᠤᠨ ᠤᠰᠤᠨ ᠰᠢᠰᠲ᠋ᠧᠮ᠎ᠢ ᠨᠡᠪᠲᠡᠷᠡᠭᠦᠯᠬᠦ᠂ ᠤᠰᠤ ᠵᠢ ᠬᠠᠳᠠᠭ᠋ᠠᠯᠠᠬᠤ ᠪᠠ ᠬᠥᠷᠥᠰᠥ ᠰᠢᠷᠣᠶ ᠵᠢ ᠬᠠᠮᠠᠭ᠋ᠠᠯᠠᠬᠤ ᠵᠡᠷᠭᠡ ᠵᠠᠰᠠᠵᠤ ᠰᠡᠷᠭᠦᠭᠡᠬᠦ ᠠᠷᠭ᠎ᠠ ᠬᠡᠮᠵᠢᠶ᠎ᠡ ᠵᠢ ᠠᠪᠴᠤ᠂ ᠭᠤᠤᠯ ᠮᠥᠷᠡᠨ᠎ᠤ ᠡᠬᠢ ᠪᠠ ᠦᠶᠡᠷ᠎ᠢ ᠲᠣᠭᠲᠠᠭ᠋ᠠᠨ ᠬᠤᠷᠠᠭᠤᠯᠬᠤ ᠣᠷᠣᠨ᠂ ᠬᠥᠷᠥᠰᠥ ᠰᠢᠷᠣᠶ ᠵᠢᠨ ᠢᠳᠡᠭᠳᠡᠯ ᠵᠶ᠋ᠠᠷ ᠬᠦᠨᠳᠦ ᠨᠣᠴᠢᠲᠠᠶ ᠣᠷᠣᠨ ᠵᠡᠷᠭᠡ ᠣᠷᠣᠨ ᠪᠦᠰᠡ ᠵᠢᠨ ᠴᠢᠭᠢᠭᠯᠢᠭ ᠭᠠᠵᠠᠷ᠎ᠤᠨ ᠨᠡᠭᠡᠭᠡᠨ ᠠᠰᠢᠭᠯᠠᠬᠤ ᠠᠵᠢᠯᠯᠠᠭ᠎ᠠ ᠵᠢ ᠴᠢᠩᠭ᠎ᠠ ᠬᠢᠵᠠᠭ᠋ᠠᠷᠯᠠᠵᠤ᠂ ᠴᠢᠭᠢᠭᠯᠢᠭ ᠭᠠᠵᠠᠷ ᠵᠢᠴᠢ ᠲᠡᠭᠦᠨ᠎ᠤ ᠠᠮᠢᠳᠤ ᠪᠣᠳᠠᠰ᠎ᠤᠨ ᠣᠯᠠᠨ ᠶᠠᠩᠵᠤᠲᠤ ᠴᠢᠨᠠᠷ᠎ᠲᠤ ᠦᠵᠡᠭᠦᠯᠬᠦ ᠠᠰᠢᠭ ᠥᠬᠡᠶ ᠨᠥᠯᠥᠭᠡ ᠵᠢ ᠬᠥᠩᠭᠡᠷᠡᠭᠦᠯᠬᠦ ᠬᠡᠷᠡᠭᠲᠡᠶ᠃
      ᠭᠤᠴᠢᠨ ᠬᠣᠶᠠᠳᠤᠭ᠋ᠠᠷ ᠵᠤᠷᠪᠤᠰ ᠲᠤᠢ᠍ᠷᠦ ᠵᠢᠨ ᠶᠠᠪᠤᠳᠠᠯ᠎ᠤᠨ ᠬᠣᠷᠢᠶᠠᠨ᠎ᠤ ᠪᠠᠶ᠋ᠢᠭ᠋ᠠᠯᠢ ᠵᠢᠨ ᠡᠬᠢ ᠪᠠᠶᠠᠯᠢᠭ᠎ᠤᠨ ᠡᠷᠬᠢᠯᠡᠠ ᠬᠠᠮᠢᠶᠠᠷᠬᠤ ᠰᠠᠯᠠᠭ᠎ᠠ ᠮᠥᠴᠢᠷ ᠪᠣᠯᠤᠨ ᠲᠡᠯᠡᠢ ᠳᠠᠭ᠋ᠠᠤ ᠣᠷᠣᠨ ᠨᠤᠲᠤᠭ᠎ᠤᠨ ᠡᠯ᠎ᠡ ᠱᠠᠲᠤᠨ᠎ᠤ ᠠᠷᠠᠳ᠎ᠤᠨ ᠵᠠᠰᠠᠭ᠎ᠤᠨ ᠣᠷᠳᠣᠨ ᠲᠡᠯᠡᠢ ᠳᠠᠭ᠋ᠠᠤ ᠴᠢᠭᠢᠭᠯᠢᠭ ᠭᠠᠵᠠᠷ᠎ᠤᠨ ᠬᠠᠮᠢᠶᠠᠷᠤᠯᠲᠠ ᠪᠠ ᠬᠠᠮᠠᠭ᠋ᠠᠯᠠᠯᠲᠠ ᠵᠢ ᠴᠢᠩᠭ᠋ᠠᠳᠬᠠᠵᠤ᠂ ᠲᠡᠯᠡᠢ ᠳᠠᠭ᠋ᠠᠤ ᠴᠢᠭᠢᠭᠯᠢᠭ ᠭᠠᠵᠠᠷ᠎ᠢ ᠬᠦᠷᠢᠶᠡᠯᠡᠨ ᠬᠠᠰᠢᠬᠤ ᠵᠢ ᠴᠢᠩᠭ᠎ᠠ ᠬᠠᠮᠢᠶᠠᠷᠤᠨ ᠡᠵᠡᠮᠳᠡᠬᠦ ᠬᠡᠷᠡᠭᠲᠡᠢ᠃ ᠬᠠᠤᠯᠢ ᠶᠣᠰᠣᠭ᠋ᠠᠷ ᠵᠥᠪᠰᠢᠶᠡᠷᠡᠭᠦᠯᠦᠭᠰᠡᠨ ᠲᠥᠷᠥᠯ ᠵᠦᠢ᠍ᠯ᠎ᠳᠤ ᠠᠮᠢ ᠠᠬᠤᠶ ᠵᠢ ᠬᠠᠮᠠᠭ᠋ᠠᠯᠠᠨ ᠰᠡᠷᠭᠦᠭᠡᠬᠦ ᠵᠢ ᠵᠡᠷᠭᠡᠪᠡᠷ ᠬᠡᠷᠡᠭᠵᠢᠭᠦᠯᠵᠦ᠂ ᠲᠡᠯᠡᠶ ᠳᠠᠭ᠋ᠠᠤ ᠴᠢᠭᠢᠭᠯᠢᠭ ᠭᠠᠵᠠᠷ᠎ᠤᠨ ᠠᠮᠢ ᠠᠬᠤᠶ ᠵᠢᠨ ᠴᠢᠳᠠᠮᠵᠢ᠎ᠳᠤ ᠦᠵᠡᠭᠦᠯᠬᠦ ᠠᠰᠢᠭ ᠥᠬᠡᠶ ᠨᠥᠯᠥᠭᠡ ᠵᠢ ᠬᠥᠩᠭᠡᠷᠡᠭᠦᠯᠬᠦ ᠬᠡᠷᠡᠭᠲᠡᠶ᠃
    ᠭᠤᠴᠢᠨ ᠭᠤᠷᠪᠠᠳᠤᠭ᠋ᠠᠷ ᠵᠤᠷᠪᠤᠰ ᠲᠥᠷᠥ ᠵᠢᠨ ᠶᠠᠪᠤᠳᠠᠯ᠎ᠤᠨ ᠬᠣᠷᠢᠶ᠎ᠠ ᠵᠢᠨ ᠣᠷᠣᠨ ᠰᠠᠭᠤᠴᠠ ᠬᠣᠲᠠ ᠬᠥᠳᠡᠭᠡ ᠵᠢᠨ ᠪᠥᠲᠥᠭᠡᠨ ᠪᠠᠶ᠋ᠢᠭᠤᠯᠤᠯᠲᠠ ᠵᠢᠨ ᠭᠤᠤᠯᠴᠢᠯᠠᠨ ᠬᠠᠮᠢᠶᠠᠷᠬᠤ ᠰᠠᠯᠠᠭ᠎ᠠ ᠮᠥᠴᠢᠷ ᠪᠣᠯᠤᠨ ᠣᠷᠣᠨ ᠨᠤᠲᠤᠭ᠎ᠤᠨ ᠡᠯ᠎ᠡ ᠱᠠᠲᠤᠨ᠎ᠤ ᠠᠷᠠᠳ᠎ᠤᠨ ᠵᠠᠰᠠᠭ᠎ᠤᠨ ᠣᠷᠳᠣᠨ ᠬᠣᠲᠠ ᠵᠢᠨ ᠴᠢᠭᠢᠭᠯᠢᠭ ᠭᠠᠵᠠᠷ᠎ᠤᠨ ᠬᠠᠮᠢᠶᠠᠷᠤᠯᠲᠠ ᠪᠠ ᠬᠠᠮᠠᠭ᠋ᠠᠯᠠᠯᠲᠠ ᠵᠢ ᠴᠢᠩᠭ᠋ᠠᠳᠬᠠᠵᠤ᠂ ᠬᠣᠲᠠ ᠵᠢᠨ ᠤᠰᠤᠨ ᠰᠢᠰᠲ᠋ᠧᠮ᠎ᠢ ᠵᠠᠰᠠᠬᠤ ᠪᠠ ᠠᠮᠢ ᠠᠬᠤᠶ ᠵᠢ ᠰᠡᠷᠭᠦᠭᠡᠬᠦ ᠵᠡᠷᠭᠡ ᠠᠷᠭ᠎ᠠ ᠬᠡᠮᠵᠢᠶ᠎ᠡ ᠵᠢ ᠠᠪᠴᠤ᠂ ᠬᠣᠲᠠ ᠵᠢᠨ ᠴᠢᠭᠢᠭᠯᠢᠭ ᠭᠠᠵᠠᠷ᠎ᠤᠨ ᠠᠮᠢ ᠠᠬᠤᠶ ᠵᠢᠨ ᠶᠠᠰᠤ ᠴᠢᠨᠠᠷ᠎ᠢ ᠳᠡᠭᠡᠭᠰᠢᠯᠡᠭᠦᠯᠦᠨ᠂ ᠬᠣᠲᠠ ᠵᠢᠨ ᠴᠢᠭᠢᠭᠯᠢᠭ ᠭᠠᠵᠠᠷ᠎ᠤᠨ ᠪᠣᠷᠣᠭ᠋ᠠᠨ ᠦᠶᠡᠷ ᠲᠣᠬᠢᠷᠠᠭᠤᠯᠤᠨ ᠬᠠᠳᠠᠭ᠋ᠠᠯᠠᠬᠤ᠂ ᠤᠰᠤᠨ᠎ᠤ ᠴᠢᠨᠠᠷ᠎ᠢ ᠴᠡᠪᠡᠷᠰᠢᠭᠦᠯᠬᠦ᠂ ᠰᠡᠯᠡᠭᠦᠴᠡᠨ ᠠᠮᠠᠷᠠᠬᠤ᠂ ᠰᠢᠨᠵᠢᠯᠡᠬᠦ ᠤᠬᠠᠭ᠋ᠠᠨ᠎ᠢ ᠲᠦᠭᠡᠮᠡᠯᠵᠢᠭᠦᠯᠬᠦ ᠬᠥᠮᠦᠵᠢᠯ ᠵᠡᠷᠭᠡ ᠴᠢᠳᠠᠮᠵᠢ ᠵᠢ ᠪᠠᠳᠠᠷᠠᠭᠤᠯᠬᠤ ᠬᠡᠷᠡᠭᠲᠡᠶ᠃
      ᠭᠤᠴᠢᠨ ᠳᠥᠷᠪᠡᠳᠦᠭᠡᠷ ᠵᠤᠷᠪᠤᠰ ᠤᠯᠠᠭ᠋ᠠᠨ ᠮᠣᠳᠣᠨ ᠣᠶ ᠵᠢᠨ ᠴᠢᠭᠢᠭᠯᠢᠭ ᠭᠠᠵᠠᠷ ᠪᠠᠶ᠋ᠢᠭ᠎ᠠ ᠰᠢᠶᠠᠨ᠎ᠤ ᠱᠠᠲᠤᠨ᠎ᠠᠴᠠ ᠳᠡᠭᠡᠭᠰᠢᠬᠢ ᠣᠷᠣᠨ ᠨᠤᠲᠤᠭ᠎ᠤᠨ ᠠᠷᠠᠳ᠎ᠤᠨ ᠵᠠᠰᠠᠭ᠎ᠤᠨ ᠣᠷᠳᠣᠨ᠎ᠨᠢ ᠤᠯᠠᠭ᠋ᠠᠨ ᠮᠣᠳᠣᠨ ᠣᠶ ᠵᠢᠨ ᠴᠢᠭᠢᠭᠯᠢᠭ ᠭᠠᠵᠠᠷ᠎ᠢ ᠬᠠᠮᠠᠭ᠋ᠠᠯᠠᠬᠤ ᠲᠤᠰᠬᠠᠶ ᠲᠥᠯᠥᠪᠵᠢᠭᠦᠯᠭᠡ ᠵᠢ ᠵᠣᠬᠢᠶᠠᠨ ᠪᠠᠶ᠋ᠢᠭᠤᠯᠤᠨ ᠨᠠᠶ᠋ᠢᠷᠠᠭᠤᠯᠤᠨ ᠵᠣᠬᠢᠶᠠᠵᠤ᠂ ᠪᠦᠲᠦᠮᠵᠢᠲᠡᠶ ᠠᠷᠭ᠎ᠠ ᠬᠡᠮᠵᠢᠶ᠎ᠡ ᠠᠪᠴᠤ ᠪᠠᠶ᠋ᠢᠭ᠋ᠠᠳ ᠤᠯᠠᠭ᠋ᠠᠨ ᠮᠣᠳᠣᠨ ᠣᠶ ᠵᠢᠨ ᠴᠢᠭᠢᠭᠯᠢᠭ ᠭᠠᠵᠠᠷ᠎ᠢ ᠬᠠᠮᠠᠭ᠋ᠠᠯᠠᠬᠤ ᠬᠡᠷᠡᠭᠲᠡᠶ᠃
      ᠤᠯᠠᠭ᠋ᠠᠨ ᠮᠣᠳᠣᠨ ᠣᠶ ᠵᠢᠨ ᠴᠢᠭᠢᠭᠯᠢᠭ ᠭᠠᠵᠠᠷ᠎ᠢ ᠴᠢᠬᠤᠯᠠ ᠴᠢᠭᠢᠭᠯᠢᠭ ᠭᠠᠵᠠᠷ᠎ᠤᠨ ᠨᠡᠷᠡᠰ᠎ᠤᠨ ᠵᠢᠭᠰᠠᠭ᠋ᠠᠯᠲᠠ᠎ᠳᠤ ᠣᠷᠣᠭᠤᠯᠬᠤ ᠬᠡᠷᠡᠭᠲᠡᠶ; ᠤᠯᠤᠰ᠎ᠤᠨ ᠭᠤᠤᠯᠳᠠᠯᠭ᠋ᠠᠲᠦ ᠴᠢᠭᠢᠭᠯᠢᠭ ᠭᠠᠵᠠᠷ᠎ᠤᠨ ᠪᠠᠷᠢᠮᠵᠢᠶ᠎ᠠ᠎ᠳᠤ ᠨᠡᠶ᠋ᠢᠴᠡᠭᠰᠡᠨ ᠪᠠᠶ᠋ᠢᠪᠠᠯ᠂ ᠤᠯᠤᠰ᠎ᠤᠨ ᠴᠢᠬᠤᠯᠠ ᠴᠢᠭᠢᠭᠯᠢᠭ ᠭᠠᠵᠠᠷ᠎ᠤᠨ ᠨᠡᠷᠡᠰ᠎ᠤᠨ ᠵᠢᠭᠰᠠᠭ᠋ᠠᠯᠲᠠ᠎ᠳᠤ ᠡᠩ ᠲᠡᠷᠢᠭᠦᠨ᠎ᠳᠤ ᠣᠷᠣᠭᠤᠯᠬᠤ ᠬᠡᠷᠡᠭᠲᠡᠶ᠃
      ᠤᠯᠠᠭ᠋ᠠᠨ ᠮᠣᠳᠣᠨ ᠣᠶ ᠵᠢᠨ ᠴᠢᠭᠢᠭᠯᠢᠭ ᠭᠠᠵᠠᠷ᠎ᠢ ᠡᠵᠡᠯᠡᠨ ᠬᠡᠷᠡᠭᠯᠡᠬᠦ ᠵᠢ ᠴᠠᠭ᠋ᠠᠵᠠᠯᠠᠨ᠎ᠠ᠃ ᠮᠤᠵᠢ ᠵᠢᠨ ᠱᠠᠲᠤᠨ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠣᠷᠳᠣᠨ᠎ᠤ ᠬᠣᠯᠪᠣᠭᠳᠠᠯ ᠪᠦᠬᠦᠢ ᠰᠠᠯᠠᠭ᠎ᠠ ᠮᠥᠴᠢᠷ ᠵᠶ᠋ᠠᠷ ᠦᠨᠡᠯᠡᠨ ᠵᠢᠱ᠌ᠢᠭᠦᠯᠦᠭᠡᠳ ᠦᠨᠡᠬᠡᠷ ᠤᠯᠤᠰ᠎ᠤᠨ ᠴᠢᠬᠤᠯᠠ ᠶᠡᠬᠡ ᠵᠦᠢ᠍ᠯᠡᠰ᠂ ᠭᠠᠮᠰᠢᠭ᠎ᠢ ᠰᠡᠷᠭᠡᠶ᠋ᠢᠯᠡᠵᠦ ᠭᠠᠮᠰᠢᠭ᠎ᠢ ᠪᠠᠭ᠋ᠠᠰᠬᠠᠬᠤ ᠵᠡᠷᠭᠡ᠎ᠠᠴᠠ ᠪᠤᠯᠵᠤ ᠡᠵᠡᠯᠡᠨ ᠬᠡᠷᠡᠭᠯᠡᠬᠦ ᠴᠢᠬᠤᠯᠠᠲᠠᠢ ᠪᠠᠶ᠋ᠢᠪᠠᠯ᠂ ᠬᠣᠯᠪᠣᠭᠳᠠᠯ ᠪᠦᠬᠦᠢ ᠬᠠᠤᠯᠢ ᠴᠠᠭ᠋ᠠᠵᠠ ᠵᠢᠨ ᠲᠣᠭᠲᠠᠭ᠋ᠠᠯ ᠶᠣᠰᠣᠭ᠋ᠠᠷ ᠭᠦᠢ᠍ᠴᠡᠳᠬᠡᠬᠦ ᠬᠡᠷᠡᠭᠲᠡᠢ ᠪᠥᠭᠡᠳ ᠬᠠᠮᠠᠭ᠋ᠠᠯᠠᠬᠤ ᠪᠠ ᠰᠡᠷᠭᠦᠭᠡᠬᠦ ᠠᠵᠢᠯ᠎ᠢ ᠰᠠᠶ᠋ᠢᠲᠤᠷ ᠬᠢᠬᠦ ᠬᠡᠷᠡᠭᠲᠡᠢ᠃ ᠬᠠᠮᠢᠶ᠎ᠠ ᠪᠥᠬᠥᠶ ᠪᠥᠲᠥᠭᠡᠨ ᠪᠠᠶ᠋ᠢᠭᠤᠯᠤᠯᠲᠠ ᠵᠢᠨ ᠲᠥᠷᠥᠯ ᠵᠤᠢ᠌ᠯ᠎ᠨᠢ ᠤᠯᠠᠭ᠋ᠠᠨ ᠮᠣᠳᠣᠨ ᠣᠶ ᠵᠢᠨ ᠪᠠᠶ᠋ᠢᠭ᠎ᠠ ᠭᠤᠤᠯ᠎ᠤᠨ ᠠᠳᠠᠭ᠎ᠤᠨ ᠤᠰᠤᠨ᠎ᠤ ᠪᠠᠶ᠋ᠢᠳᠠᠯ᠎ᠤᠨ ᠬᠠᠨᠳᠤᠰᠢ ᠵᠢ ᠬᠤᠪᠢᠷᠠᠭᠤᠯᠵᠤ᠂ ᠤᠯᠠᠭ᠋ᠠᠨ ᠮᠣᠳᠣᠨ ᠣᠶ ᠵᠢᠨ ᠤᠷᠭᠤᠯᠲᠠ᠎ᠳᠤ ᠨᠡᠯᠢᠶᠡᠳ ᠶᠡᠬᠡ ᠨᠥᠯᠥᠭᠡ ᠦᠵᠡᠭᠦᠯᠦᠭᠰᠡᠨ ᠪᠣᠯ᠂ ᠪᠦᠲᠦᠮᠵᠢᠲᠡᠶ ᠠᠷᠭ᠎ᠠ ᠬᠡᠮᠵᠢᠶ᠎ᠡ ᠠᠪᠴᠤ ᠠᠰᠢᠭ ᠥᠬᠡᠶ ᠨᠥᠯᠥᠭᠡ ᠵᠢ ᠬᠥᠩᠭᠡᠷᠡᠭᠦᠯᠬᠦ ᠬᠡᠷᠡᠭᠲᠡᠶ᠃
      ᠤᠯᠠᠭ᠋ᠠᠨ ᠮᠣᠳᠣᠨ ᠤᠢ ᠵᠢᠨ ᠴᠢᠭᠢᠭᠯᠢᠭ ᠭᠠᠵᠠᠷ᠎ᠲᠤ ᠨᠠᠭᠤᠷ ᠮᠠᠯᠲᠠᠬᠤ ᠵᠢ ᠴᠠᠭ᠋ᠠᠵᠠᠯᠠᠨ᠎ᠠ᠂ ᠤᠯᠠᠭ᠋ᠠᠨ ᠮᠣᠳᠣᠨ ᠤᠢ ᠵᠢ ᠣᠭᠲᠣᠯᠬᠤ᠂ ᠮᠠᠯᠲᠠᠬᠤ᠂ ᠰᠢᠯᠵᠢᠭᠦᠯᠦᠨ ᠵᠠᠶ᠋ᠢᠯᠠᠬᠤ ᠪᠤᠶᠤ ᠤᠯᠠᠭ᠋ᠠᠨ ᠮᠣᠳᠣᠨ ᠤᠢ ᠵᠢᠨ ᠦᠷ᠎ᠡ ᠵᠢ ᠬᠡᠲᠦᠷᠡᠲᠡᠯ᠎ᠡ ᠲᠡᠭᠦᠬᠦ ᠵᠢ ᠴᠠᠭ᠋ᠠᠵᠠᠯᠠᠨ᠎ᠠ᠂ ᠤᠯᠠᠭ᠋ᠠᠨ ᠮᠣᠳᠣᠨ ᠤᠢ ᠵᠢᠨ ᠥᠰᠥᠯᠲᠡ᠎ᠳᠤ ᠬᠣᠣᠷ ᠬᠥᠨᠥᠭᠡᠯ᠎ᠲᠠᠢ ᠳᠦᠷᠰᠦ ᠵᠢ ᠬᠠᠶᠠᠬᠤ ᠪᠠ ᠳᠠᠷᠢᠬᠤ ᠵᠢ ᠴᠠᠭ᠋ᠠᠵᠠᠯᠠᠨ᠎ᠠ᠃ ᠰᠢᠨᠵᠢᠯᠡᠬᠦ ᠤᠬᠠᠭ᠋ᠠᠨ᠎ᠤ ᠰᠤᠳᠤᠯᠭ᠋ᠠᠨ᠂ ᠡᠮ ᠡᠮᠨᠡᠯᠭᠡ ᠪᠤᠶᠤ ᠤᠯᠠᠭ᠋ᠠᠨ ᠮᠣᠳᠣᠨ ᠣᠶ ᠵᠢᠨ ᠴᠢᠭᠢᠭᠯᠢᠭ ᠭᠠᠵᠠᠷ᠎ᠢ ᠬᠠᠮᠠᠭ᠋ᠠᠯᠠᠬᠤ ᠵᠡᠷᠭᠡ᠎ᠠᠴᠠ ᠪᠣᠯᠵᠣ ᠣᠭᠲᠣᠯᠬᠤ᠂ ᠮᠠᠯᠲᠠᠬᠤ᠂ ᠰᠢᠯᠵᠢᠭᠦᠯᠦᠨ ᠵᠠᠶ᠋ᠢᠯᠠᠬᠤ᠂ ᠲᠡᠭᠦᠬᠦ ᠴᠢᠬᠤᠯᠠᠲᠠᠶ ᠪᠠᠶ᠋ᠢᠪᠠᠯ᠂ ᠬᠣᠯᠪᠣᠭᠳᠠᠯ ᠪᠥᠬᠥᠶ ᠬᠠᠤᠯᠢ ᠴᠠᠭ᠋ᠠᠵᠠ ᠬᠠᠤᠯᠢ ᠲᠣᠭᠲᠠᠭ᠋ᠠᠯ ᠶᠣᠰᠣᠭ᠋ᠠᠷ ᠭᠦᠢ᠍ᠴᠡᠳᠭᠡᠬᠦ ᠬᠡᠷᠡᠭᠲᠡᠶ᠃
      ᠭᠤᠴᠢᠨ ᠲᠠᠪᠤᠳᠤᠭ᠋ᠠᠷ ᠵᠤᠷᠪᠤᠰ ᠬᠦᠯᠦᠷ᠎ᠡ ᠨᠠᠮᠤᠭᠲᠤ ᠴᠢᠭᠢᠭᠯᠢᠭ ᠭᠠᠵᠠᠷ ᠪᠠᠶ᠋ᠢᠭ᠎ᠠ ᠭᠠᠵᠠᠷ᠎ᠤᠨ ᠰᠢᠶᠠᠨ᠎ᠤ ᠱᠠᠲᠤᠨ᠎ᠠᠴᠠ ᠳᠡᠭᠡᠭᠰᠢᠬᠢ ᠣᠷᠣᠨ ᠨᠤᠲᠤᠭ᠎ᠤᠨ ᠠᠷᠠᠳ᠎ᠤᠨ ᠵᠠᠰᠠᠭ᠎ᠤᠨ ᠣᠷᠳᠣᠨ᠎ᠨᠤᠭᠤᠳ ᠬᠦᠯᠦᠷ᠎ᠡ ᠨᠠᠮᠤᠭᠲᠤ ᠴᠢᠭᠢᠭᠯᠢᠭ ᠭᠠᠵᠠᠷ᠎ᠢ ᠬᠠᠮᠠᠭ᠋ᠠᠯᠠᠬᠤ ᠲᠤᠰᠬᠠᠶ ᠲᠥᠯᠥᠪᠵᠢᠭᠦᠯᠭᠡ ᠲᠣᠭᠲᠠᠭ᠋ᠠᠵᠤ᠂ ᠪᠦᠲᠦᠮᠵᠢᠲᠡᠶ ᠠᠷᠭ᠎ᠠ ᠬᠡᠮᠵᠢᠶ᠎ᠡ ᠠᠪᠴᠤ ᠪᠠᠶ᠋ᠢᠭ᠋ᠠᠳ ᠬᠦᠯᠦᠷ᠎ᠡ ᠨᠠᠮᠤᠭᠲᠤ ᠴᠢᠭᠢᠭᠯᠢᠭ ᠭᠠᠵᠠᠷ᠎ᠢ ᠬᠠᠮᠠᠭ᠋ᠠᠯᠠᠬᠤ ᠬᠡᠷᠡᠭᠲᠡᠶ᠃
      ᠴᠢᠬᠤᠯᠠ ᠴᠢᠭᠢᠭᠯᠢᠭ ᠭᠠᠵᠠᠷ᠎ᠤᠨ ᠪᠠᠷᠢᠮᠵᠢᠶ᠎ᠠ᠎ᠳᠤ ᠨᠡᠶ᠋ᠢᠴᠡᠭᠰᠡᠨ ᠬᠦᠯᠦᠷ᠎ᠡ ᠨᠠᠮᠤᠭᠲᠤ ᠴᠢᠭᠢᠭᠯᠢᠭ ᠭᠠᠵᠠᠷ᠎ᠢ ᠴᠢᠬᠤᠯᠠ ᠴᠢᠭᠢᠭᠯᠢᠭ ᠭᠠᠵᠠᠷ᠎ᠤᠨ ᠨᠡᠷᠡᠰ᠎ᠤᠨ ᠵᠢᠭᠰᠠᠭ᠋ᠠᠯᠲᠠ᠎ᠳᠤ ᠣᠷᠣᠭᠤᠯᠬᠤ ᠬᠡᠷᠡᠭᠲᠡᠶ᠃
      ᠬᠦᠯᠦᠷ᠎ᠡ ᠨᠠᠮᠤᠭᠲᠤ ᠴᠢᠭᠢᠭᠯᠢᠭ ᠭᠠᠵᠠᠷ᠎ᠲᠤ ᠬᠦᠯᠦᠷ᠎ᠡ ᠮᠠᠯᠲᠠᠬᠤ ᠪᠤᠶᠤ ᠭᠠᠵᠠᠷ ᠳᠣᠣᠷᠠᠬᠢ ᠤᠰᠤ ᠵᠢ ᠳᠤᠷ᠎ᠠ᠎ᠪᠠᠷ ᠵᠶ᠋ᠠᠨ ᠮᠠᠯᠲᠠᠬᠤ ᠵᠢ ᠴᠠᠭ᠋ᠠᠵᠠᠯᠠᠨ᠎ᠠ; ᠬᠦᠯᠦᠷ᠎ᠡ ᠨᠠᠮᠤᠭᠲᠤ ᠴᠢᠭᠢᠭᠯᠢᠭ ᠭᠠᠵᠠᠷ᠎ᠲᠤ ᠤᠰᠤ ᠬᠠᠳᠠᠭ᠋ᠠᠯᠠᠵᠤ ᠭᠠᠳᠠᠭᠰᠢ ᠭᠠᠷᠭ᠋ᠠᠬᠤ ᠵᠢ ᠴᠠᠭ᠋ᠠᠵᠠᠯᠠᠨ᠎ᠠ᠂ ᠭᠠᠮᠰᠢᠭ᠎ᠢ ᠰᠡᠷᠭᠡᠶ᠋ᠢᠯᠡᠵᠦ ᠭᠠᠮᠰᠢᠭ᠎ᠢ ᠪᠠᠭ᠋ᠠᠰᠬᠠᠬᠤ ᠬᠡᠷᠡᠭᠴᠡᠭᠡ᠎ᠠᠴᠠ ᠪᠤᠰᠤᠳ᠃
      ᠭᠤᠴᠢᠨ ᠵᠢᠷᠭᠤᠳᠤᠭ᠋ᠠᠷ ᠵᠤᠷᠪᠤᠰ ᠤᠯᠤᠰ᠎ᠠᠴᠠ ᠴᠢᠭᠢᠭᠯᠢᠭ ᠭᠠᠵᠠᠷ᠎ᠤᠨ ᠠᠮᠢ ᠠᠬᠤᠢ ᠵᠢᠨ ᠬᠠᠮᠠᠭ᠋ᠠᠯᠠᠯᠲᠠ ᠵᠢᠨ ᠨᠥᠬᠥᠪᠥᠷᠢ ᠥᠭᠬᠦ ᠳᠦᠷᠢᠮ᠎ᠢ ᠪᠠᠶ᠋ᠢᠭᠤᠯᠤᠨ᠎ᠠ᠃
      ᠲᠥᠷᠥ ᠵᠢᠨ ᠶᠠᠪᠤᠳᠠᠯ᠎ᠤᠨ ᠬᠣᠷᠢᠶ᠎ᠠ ᠪᠣᠯᠤᠨ ᠮᠤᠵᠢ ᠵᠢᠨ ᠱᠠᠲᠤᠨ᠎ᠤ ᠠᠷᠠᠳ᠎ᠤᠨ ᠵᠠᠰᠠᠭ᠎ᠤᠨ ᠣᠷᠳᠣᠨ᠎ᠨᠢ ᠠᠵᠢᠯ ᠶᠠᠪᠤᠳᠠᠯ᠎ᠤᠨ ᠡᠷᠬᠡ ᠵᠢ ᠬᠤᠪᠢᠶᠠᠷᠢᠯᠠᠬᠤ ᠵᠠᠷᠴᠢᠮ ᠶᠣᠰᠣᠭ᠋ᠠᠷ ᠴᠢᠬᠤᠯᠠ ᠴᠢᠭᠢᠭᠯᠢᠭ ᠭᠠᠵᠠᠷ᠎ᠢ ᠬᠠᠮᠠᠭ᠋ᠠᠯᠠᠬᠤ᠎ᠳᠤ ᠡᠳ᠋᠎ᠤᠨ ᠵᠠᠰᠠᠭ᠎ᠤᠨ ᠣᠷᠣᠭᠤᠯᠤᠯᠲᠠ᠎ᠪᠠᠨ ᠨᠡᠮᠡᠭᠳᠡᠭᠦᠯᠵᠦ᠂ ᠴᠢᠬᠤᠯᠠ ᠴᠢᠭᠢᠭᠯᠢᠭ ᠭᠠᠵᠠᠷ᠎ᠤᠨ ᠪᠠᠶ᠋ᠢᠭ᠎ᠠ ᠭᠠᠵᠠᠷ ᠣᠷᠣᠨ᠎ᠳᠤ ᠡᠳ᠋᠎ᠤᠨ ᠵᠠᠰᠠᠭ᠎ᠤᠨ ᠰᠢᠯᠵᠢᠭᠦᠯᠦᠨ ᠥᠭᠬᠦ ᠡᠷᠴᠢᠮ ᠵᠶ᠋ᠠᠨ ᠴᠢᠩᠭ᠋ᠠᠷᠠᠭᠤᠯᠬᠤ ᠬᠡᠷᠡᠭᠲᠡᠶ᠃
      ᠤᠯᠤᠰ᠎ᠠᠴᠠ ᠴᠢᠭᠢᠭᠯᠢᠭ ᠭᠠᠵᠠᠷ᠎ᠤᠨ ᠠᠮᠢ ᠠᠬᠤᠢ ᠵᠢᠨ ᠬᠠᠮᠠᠭ᠋ᠠᠯᠠᠯᠲᠠ ᠵᠢᠨ ᠭᠠᠵᠠᠷ ᠣᠷᠣᠨ ᠬᠢᠭᠡᠳ ᠴᠢᠭᠢᠭᠯᠢᠭ ᠭᠠᠵᠠᠷ᠎ᠤᠨ ᠠᠮᠢ ᠠᠬᠤᠢ ᠵᠢᠨ ᠠᠰᠢᠭ ᠬᠦᠷᠲᠡᠬᠦ ᠭᠠᠵᠠᠷ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠵᠥᠪᠳᠡᠯᠴᠡᠬᠦ ᠪᠤᠶᠤ ᠵᠠᠬ᠎ᠠ ᠳᠡᠯᠭᠡᠭᠦᠷ᠎ᠤᠨ ᠲᠣᠭᠲᠠᠴᠠ᠎ᠪᠠᠷ ᠳᠠᠮᠵᠢᠭᠤᠯᠤᠨ ᠭᠠᠵᠠᠷ ᠣᠷᠣᠨ᠎ᠤ ᠬᠣᠭᠣᠷᠣᠨᠳᠣᠬᠢ ᠠᠮᠢ ᠠᠬᠤᠢ ᠵᠢᠨ ᠬᠠᠮᠠᠭ᠋ᠠᠯᠠᠯᠲᠠ ᠵᠢᠨ ᠨᠥᠬᠥᠪᠥᠷᠢ ᠥᠭᠬᠦ ᠵᠢ ᠵᠣᠷᠢᠭᠵᠢᠭᠤᠯᠤᠨ᠎ᠠ᠃
      ᠠᠮᠢ ᠠᠬᠤᠶ ᠵᠢᠨ ᠬᠠᠮᠠᠭ᠋ᠠᠯᠠᠯᠲᠠ ᠵᠡᠷᠭᠡ ᠣᠯᠠᠨ ᠨᠡᠶ᠋ᠢᠲᠡ ᠵᠢᠨ ᠠᠰᠢᠭ ᠲᠤᠰᠠ ᠵᠢᠨ ᠬᠡᠷᠡᠭᠴᠡᠭᠡ᠎ᠠᠴᠠ ᠪᠣᠯᠵᠣ᠂ ᠴᠢᠭᠢᠭᠯᠢᠭ ᠭᠠᠵᠠᠷ᠎ᠤᠨ ᠥᠮᠴᠢᠯᠡᠭᠴᠢ ᠪᠤᠶᠤ ᠬᠡᠷᠡᠭᠯᠡᠭᠴᠢ ᠵᠢᠨ ᠬᠠᠤᠯᠢ ᠶᠣᠰᠣᠨ᠎ᠤ ᠡᠷᠬᠡ ᠠᠰᠢᠭ᠎ᠲᠤ ᠬᠣᠬᠢᠷᠠᠯ ᠤᠴᠠᠷᠠᠭᠤᠯᠤᠭᠰᠠᠨ ᠪᠠᠶ᠋ᠢᠪᠠᠯ᠂ ᠰᠢᠶᠠᠨ᠎ᠤ ᠱᠠᠲᠤᠨ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠣᠷᠳᠣᠨ᠎ᠠᠴᠠ ᠨᠥᠬᠥᠪᠥᠷᠢ ᠥᠭᠬᠦ ᠬᠡᠷᠡᠭᠲᠡᠶ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠤᠢ ᠰᠢᠭᠤᠢ ᠪᠠ ᠨᠤᠳᠤᠭ ᠪᠡᠯᠴᠢᠭᠡᠷ᠎ᠤᠨ ᠲᠤᠪᠴᠢᠶ᠎ᠠ
          
ᠬᠠᠮᠢᠶ᠎ᠡ ᠪᠦᠬᠦᠢ ᠰᠣᠨᠢᠨ
ᠪᠥᠬᠥᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠴᠢᠭᠢᠭᠯᠢᠭ ᠭᠠᠵᠠᠷ᠎ᠢ ᠬᠠᠮᠠᠭ᠋ᠠᠯᠠᠬᠤ ᠬᠠᠤᠯᠢ (ᠨᠠᠢ᠍ᠮᠠ )
ᠪᠥᠬᠥᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠴᠢᠬᠢᠭᠯᠢᠭ ᠭᠠᠵᠠᠷ᠎ᠢ ᠬᠠᠮᠠᠭ᠋ᠠᠯᠠᠬᠤ ᠬᠠᠤᠯᠢ (ᠶᠢᠰᠦ)
ᠶᠠᠮᠠᠷ ᠪᠠᠶ᠋ᠢᠳᠠᠯ ᠳᠣᠣᠷ᠎ᠠ ᠰᠢᠭᠤᠶ᠋ᠢᠲᠤ ᠭᠠᠵᠠᠷ᠎ᠢ ᠬᠡᠷᠡᠭᠯᠡᠬᠦ ᠭᠠᠷ ᠭᠦᠢ᠍ᠴᠡᠳᠬᠡᠯ ᠬᠢᠬᠦ ᠬᠡᠷᠡᠭᠲᠡᠶ ᠪᠤᠢ?
ᠲᠦᠷᠦᠯ ᠵᠦᠢ᠍ᠯ᠎ᠤᠨ ᠪᠦᠳᠦᠭᠡᠨ ᠪᠠᠶ᠋ᠢᠭᠤᠯᠤᠯᠲᠠ ᠵᠢᠨ ᠨᠢᠭᠡᠴᠡ ᠤᠢ᠌ᠲᠤ ᠭᠠᠵᠠᠷ᠎ᠢ ᠬᠡᠷᠡᠭᠯᠡᠬᠦ᠎ᠪᠠᠷ ᠭᠤᠶᠤᠴᠢᠯᠠᠬᠤ ᠡᠩ᠎ᠤᠨ ᠠᠯᠬᠤᠮ ᠳᠠᠷᠠᠭ᠋ᠠᠯᠠᠯ
ᠪᠥᠬᠦᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠴᠢᠬᠢᠭᠯᠢᠭ ᠭᠠᠵᠠᠷ᠎ᠢ ᠬᠠᠮᠠᠭ᠋ᠠᠯᠠᠬᠤ ᠬᠠᠤᠯᠢ (ᠶᠢᠰᠦ)
 
             蒙ICP备05000248号