ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠲᠡᠷᠢᠭᠦᠨ ᠬᠠᠭᠤᠳᠠᠰᠤ   -   ᠬᠠᠤᠯᠢ ᠴᠠᠭᠠᠵᠠ ᠳᠦᠷᠢᠮ ᠳᠤᠭᠲᠠᠭᠠᠯ
ᠪᠥᠬᠦᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠴᠢᠬᠢᠭᠯᠢᠭ ᠭᠠᠵᠠᠷ᠎ᠢ ᠬᠠᠮᠠᠭ᠋ᠠᠯᠠᠬᠤ ᠬᠠᠤᠯᠢ (ᠠᠷᠪᠠ)
ᠨᠡᠶ᠋ᠢᠲᠡᠯᠡᠭᠰᠡᠨ ᠴᠠᠭ᠄ 2024-02-28

      ᠵᠢᠷᠭᠤᠳᠤᠭ᠋ᠠᠷ ᠪᠦᠯᠦᠭ ᠬᠠᠤᠯᠢ ᠵᠢᠨ ᠬᠠᠷᠢᠭᠤᠴᠠᠯᠭ᠎ᠠ
 

      ᠲᠠᠪᠢᠨ ᠨᠢᠭᠡᠳᠦᠭᠡᠷ ᠵᠤᠷᠪᠤᠰ ᠰᠢᠶᠠᠨ᠎ᠤ ᠱᠠᠲᠤᠨ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠣᠷᠳᠣᠨ᠎ᠤ ᠬᠣᠯᠪᠣᠭᠳᠠᠯ ᠪᠥᠬᠥᠶ ᠰᠠᠯᠠᠭ᠎ᠠ ᠮᠥᠴᠢᠷ᠎ᠨᠢ ᠴᠢᠭᠢᠭᠯᠢᠭ ᠭᠠᠵᠠᠷ᠎ᠢ ᠡᠪᠳᠡᠭᠰᠡᠨ ᠬᠠᠤᠯᠢ᠎ᠠᠴᠠ ᠵᠥᠷᠢᠴᠡᠭᠰᠡᠨ ᠦᠢ᠍ᠯᠡ ᠠᠵᠢᠯᠯᠠᠭ᠎ᠠ ᠵᠢ ᠣᠯᠵᠤ ᠮᠡᠳᠡᠭᠰᠡᠨ ᠪᠤᠶᠤ ᠬᠠᠤᠯᠢ᠎ᠠᠴᠠ ᠵᠥᠷᠢᠴᠡᠭᠰᠡᠨ   ᠦᠢ᠍ᠯᠡ ᠠᠵᠢᠯᠯᠠᠭ᠎ᠠ ᠵᠢ ᠢᠯᠡᠴᠢᠯᠡᠨ ᠮᠡᠳᠡᠭᠦᠯᠦᠭᠰᠡᠨ᠎ᠢ ᠭᠥᠯᠢᠶᠡᠨ ᠠᠪᠤᠭᠰᠠᠨ ᠪᠠᠶ᠋ᠢᠲᠠᠯ᠎ᠠ ᠪᠠᠶ᠋ᠢᠴᠠᠭ᠋ᠠᠨ   ᠰᠢᠢ᠍ᠳᠪᠦᠷᠢᠯᠡᠭᠰᠡᠨ ᠥᠬᠡᠶ ᠪᠤᠶᠤ ᠬᠠᠤᠯᠢ ᠶᠣᠰᠣᠭ᠋ᠠᠷ ᠪᠠᠶ᠋ᠢᠴᠠᠭ᠋ᠠᠨ ᠰᠢᠢ᠍ᠳᠪᠦᠷᠢᠯᠡᠭᠰᠡᠨ ᠥᠬᠡᠶ᠂ ᠡᠰᠡᠬᠦᠯ᠎ᠡ ᠠᠯᠪᠠᠨ ᠲᠤᠰᠢᠶᠠᠯ᠎ᠳᠠᠭᠠᠨ ᠠᠯᠮᠠᠶ᠋ᠢᠷᠠᠨ ᠣᠰᠣᠯᠳᠠᠭᠰᠠᠨ᠂ ᠡᠷᠬᠡ ᠲᠤᠰᠢᠶᠠᠯ ᠵᠶ᠋ᠠᠨ ᠳᠤᠷ᠎ᠠ᠎ᠪᠠᠷ ᠬᠡᠷᠡᠭᠯᠡᠭᠰᠡᠨ᠂ ᠬᠤᠪᠢ ᠵᠢᠨ ᠨᠠᠶ᠋ᠢᠷ ᠵᠶ᠋ᠠᠷ ᠬᠠᠤᠯᠢ ᠶᠣᠰᠣ ᠵᠢ ᠵᠥᠷᠢᠴᠡᠭᠰᠡᠨ ᠪᠤᠰᠤᠳ ᠠᠵᠢᠯᠯᠠᠭ᠎ᠠ᠎ᠲᠠᠢ ᠪᠠᠶ᠋ᠢᠪᠠᠯ᠂ ᠰᠢᠭᠤᠳ ᠬᠠᠷᠢᠭᠤᠴᠠᠵᠤ ᠪᠠᠶ᠋ᠢᠭ᠎ᠠ ᠭᠤᠤᠯᠴᠢᠯᠠᠨ ᠬᠠᠮᠢᠶᠠᠷᠴᠤ ᠪᠥᠬᠥᠶ ᠬᠥᠮᠦᠰ ᠪᠣᠯᠤᠨ ᠪᠤᠰᠤᠳ ᠰᠢᠭᠤᠳ ᠬᠠᠷᠢᠭᠤᠴᠠᠯᠭ᠎ᠠ᠎ᠲᠠᠢ ᠬᠥᠮᠦᠰ᠎ᠲᠤ ᠬᠠᠤᠯᠢ ᠶᠣᠰᠣᠭ᠋ᠠᠷ ᠰᠢᠳᠬᠡᠯ ᠥᠭᠬᠦ ᠬᠡᠷᠡᠭᠲᠡᠶ᠃
      ᠲᠡᠪᠢᠠ ᠬᠣᠶᠠᠳᠤᠭ᠋ᠠᠷ ᠵᠦᠢ᠍ᠯ   ᠲᠤᠰ ᠬᠠᠤᠯᠢ ᠵᠢᠨ ᠲᠣᠭᠲᠠᠭ᠋ᠠᠯ᠎ᠢ ᠵᠥᠷᠢᠴᠡᠵᠦ᠂ ᠪᠦᠳᠦᠭᠡᠠ ᠪᠠᠶ᠋ᠢᠭᠤᠯᠤᠯᠲᠠ ᠵᠢᠨ ᠵᠦᠢ᠍ᠯᠡᠰ᠎ᠲᠤ ᠤᠯᠤᠰ᠎ᠤᠨ ᠴᠢᠬᠤᠯᠠ ᠴᠢᠭᠢᠭᠯᠢᠭ ᠭᠠᠵᠠᠷ᠎ᠢ ᠳᠤᠷ᠎ᠠ᠎ᠪᠠᠷ ᠵᠶ᠋ᠠᠨ ᠡᠵᠡᠯᠡᠨ ᠬᠡᠷᠡᠭᠯᠡᠭᠰᠡᠨ ᠪᠠᠶ᠋ᠢᠪᠠᠯ᠂ ᠰᠢᠶᠠᠨ᠎ᠤ ᠱᠠᠲᠤᠨ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠣᠷᠳᠣᠨ᠎ᠤ ᠤᠢ ᠰᠢᠭᠤᠢ ᠨᠤᠲᠤᠭ ᠪᠡᠯᠴᠢᠭᠡᠷ ᠵᠡᠷᠭᠡ ᠬᠣᠯᠪᠣᠭᠳᠠᠯ ᠪᠦᠬᠦᠢ ᠡᠷᠬᠢᠯᠡᠠ ᠬᠠᠮᠢᠶᠠᠷᠬᠤ ᠰᠠᠯᠠᠭ᠎ᠠ ᠮᠥᠴᠢᠷ᠎ᠠᠴᠠ ᠲᠤᠰᠢᠶᠠᠯ ᠬᠠᠷᠢᠭᠤᠴᠠᠯᠭ᠎ᠠ ᠵᠢᠨ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠤᠯᠢ ᠵᠢ ᠵᠥᠷᠢᠴᠡᠭᠰᠡᠨ ᠠᠵᠢᠯᠯᠠᠭ᠎ᠠ ᠵᠢ᠎ᠨᠢ ᠵᠠᠷᠯᠢᠭᠳᠠᠨ ᠵᠣᠭᠰᠣᠭ᠋ᠠᠵᠤ᠂ ᠬᠠᠤᠯᠢ ᠪᠤᠰᠤ᠎ᠪᠠᠷ ᠡᠵᠡᠯᠡᠨ ᠬᠡᠷᠡᠭᠯᠡᠭᠰᠡᠨ   ᠴᠢᠭᠢᠭᠯᠢᠭ ᠭᠠᠵᠠᠷ ᠳᠡᠭᠡᠷ᠎ᠡ ᠰᠢᠨ᠎ᠡ᠎ᠪᠠᠷ ᠪᠠᠶ᠋ᠢᠭᠤᠯᠤᠭᠰᠠᠨ ᠪᠠᠷᠢᠯᠭ᠎ᠠ᠂ ᠪᠠᠷᠢᠯᠭ᠎ᠠ ᠵᠢᠨ ᠵᠦᠢ᠍ᠯ ᠪᠠ ᠪᠤᠰᠤᠳ ᠲᠥᠬᠥᠭᠡᠷᠦᠮᠵᠢ ᠵᠢ ᠬᠤᠭᠤᠴᠠᠭ᠎ᠠ ᠲᠣᠭᠲᠠᠭ᠋ᠠᠨ ᠨᠤᠷᠠᠭ᠋ᠠᠯᠭ᠋ᠠᠨ ᠠᠷᠢᠯᠭ᠋ᠠᠭᠤᠯᠵᠤ᠂   ᠴᠢᠭᠢᠭᠯᠢᠭ ᠭᠠᠵᠠᠷ᠎ᠢ ᠵᠠᠰᠠᠨ ᠰᠡᠷᠭᠦᠭᠡᠬᠦ ᠪᠤᠶᠤ ᠪᠤᠰᠤᠳ ᠨᠥᠬᠥᠪᠥᠷᠢᠯᠡᠬᠦ ᠠᠷᠭ᠎ᠠ ᠬᠡᠮᠵᠢᠶ᠎ᠡ ᠠᠪᠤᠭᠤᠯᠵᠤ᠂ ᠬᠠᠤᠯᠢ ᠵᠢ ᠵᠥᠷᠢᠴᠡᠵᠦ ᠴᠢᠭᠢᠭᠯᠢᠭ ᠭᠠᠵᠠᠷ᠎ᠢ ᠡᠵᠡᠯᠡᠨ ᠬᠡᠷᠡᠭᠯᠡᠭᠰᠡᠨ ᠲᠡᠯᠡᠪᠡᠢ ᠶᠣᠰᠣᠭ᠋ᠠᠷ ᠲᠡᠭᠰᠢ ᠳᠥᠷᠪᠡᠯᠵᠢᠨ ᠮᠧᠲᠷ ᠪᠦᠷᠢ᠎ᠠᠴᠠ ᠮᠢᠩᠭ᠋ᠠᠨ ᠲᠥᠭᠥᠷᠢᠭ᠎ᠠᠴᠠ ᠳᠡᠭᠡᠭᠰᠢ ᠲᠦᠮᠡᠨ ᠲᠦᠭᠦᠷᠢᠭ᠎ᠠᠴᠠ   ᠳᠤᠷᠤᠭᠰᠢ ᠵᠣᠭᠣᠰ ᠵᠶ᠋ᠠᠷ ᠲᠣᠷᠭ᠋ᠠᠬᠤ᠎ᠪᠠᠷ ᠰᠢᠳᠬᠡᠨ᠎ᠡ; ᠬᠠᠤᠯᠢ ᠵᠢ ᠵᠥᠷᠢᠴᠡᠭᠰᠡᠨ ᠦᠢ᠍ᠯᠡ ᠠᠵᠢᠯᠯᠠᠭ᠎ᠠ᠎ᠲᠠᠢ ᠬᠥᠮᠦᠨ ᠪᠦᠳᠦᠭᠡᠨ ᠪᠠᠶ᠋ᠢᠭᠤᠯᠤᠯᠲᠠ᠎ᠪᠠᠨ ᠵᠣᠭᠰᠣᠭ᠋ᠠᠭᠰᠠᠨ ᠦᠭᠡᠢ ᠪᠤᠶᠤ ᠬᠤᠭᠤᠴᠠᠭ᠎ᠠ   ᠬᠡᠳᠦᠷᠡᠭᠰᠡᠨ ᠪᠠᠢ᠌ᠬᠤ᠎ᠳᠤ ᠨᠤᠷᠠᠭ᠋ᠠᠭᠰᠠᠨ ᠦᠭᠡᠢ ᠪᠠᠶ᠋ᠢᠪᠠᠯ᠂ ᠵᠠᠰᠠᠭ ᠵᠠᠬᠢᠷᠭ᠋ᠠᠨ᠎ᠤ ᠰᠢᠳᠬᠡᠯ᠎ᠤᠨ ᠲᠣᠭᠲᠠᠭ᠋ᠠᠯ ᠭᠠᠷᠭ᠋ᠠᠭᠰᠠᠨ ᠰᠠᠯᠠᠭ᠎ᠠ ᠮᠥᠴᠢᠷ᠎ᠠᠴᠠ ᠬᠠᠤᠯᠢ ᠶᠣᠰᠣᠭ᠋ᠠᠷ ᠠᠷᠠᠳ᠎ᠤᠨ ᠰᠢᠭᠦᠬᠦ ᠬᠤᠷᠢᠶ᠎ᠠ᠎ᠳᠤ ᠠᠯᠪᠠᠳᠠᠨ ᠭᠦᠢ᠍ᠴᠡᠳᠬᠡᠭᠦᠯᠬᠦ᠎ᠪᠠᠷ ᠭᠤᠶᠤᠴᠢᠯᠠᠨ᠎ᠠ᠃
      ᠲᠠᠪᠢᠨ ᠭᠤᠷᠪᠠᠳᠤᠭ᠋ᠠᠷ ᠵᠤᠷᠪᠤᠰ ᠪᠦᠲᠦᠭᠡᠨ ᠪᠠᠶ᠋ᠢᠭᠤᠯᠤᠯᠲᠠ ᠵᠢᠨ ᠲᠥᠷᠥᠯ ᠵᠦᠢ᠍ᠯ᠎ᠨᠢ ᠴᠢᠬᠤᠯᠠ ᠴᠢᠭᠢᠭᠯᠢᠭ ᠭᠠᠵᠠᠷ᠎ᠢ ᠡᠵᠡᠯᠡᠨ ᠬᠡᠷᠡᠭᠯᠡᠵᠦ᠂ ᠲᠤᠰ ᠬᠠᠤᠯᠢ ᠵᠢᠨ ᠲᠣᠭᠲᠠᠭ᠋ᠠᠯ ᠶᠣᠰᠣᠭ᠋ᠠᠷ ᠴᠢᠭᠢᠭᠯᠢᠭ ᠭᠠᠵᠠᠷ᠎ᠢ ᠰᠡᠷᠭᠦᠭᠡᠵᠦ᠂ ᠳᠠᠬᠢᠨ ᠪᠠᠶ᠋ᠢᠭᠤᠯᠤᠭᠰᠠᠨ ᠦᠭᠡᠶ ᠪᠠᠶ᠋ᠢᠪᠠᠯ᠂ ᠰᠢᠶᠠᠨ᠎ᠤ ᠱᠠᠲᠤᠨ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠣᠷᠳᠣᠨ᠎ᠤ ᠣᠶ ᠰᠢᠭᠤᠶ ᠨᠤᠲᠤᠭ ᠪᠡᠯᠴᠢᠭᠡᠷ᠎ᠤᠨ ᠭᠣᠣᠯᠴᠢᠯᠠᠨ ᠬᠠᠮᠢᠶᠠᠷᠬᠤ ᠰᠠᠯᠠᠭ᠎ᠠ ᠮᠥᠴᠢᠷ᠎ᠠᠴᠠ ᠵᠠᠷᠯᠢᠭᠳᠠᠵᠤ ᠪᠠᠶ᠋ᠢᠭ᠋ᠠᠳ ᠬᠤᠭᠤᠴᠠᠭ᠎ᠠ ᠬᠢᠵᠠᠭ᠋ᠠᠷᠯᠠᠨ ᠴᠢᠭᠢᠭᠯᠢᠭ ᠭᠠᠵᠠᠷ᠎ᠢ ᠰᠡᠷᠭᠦᠭᠡᠵᠦ᠂ ᠳᠠᠬᠢᠨ ᠪᠠᠶ᠋ᠢᠭᠤᠯᠤᠨ᠎ᠠ; ᠬᠤᠭᠤᠴᠠᠭ᠎ᠠ ᠬᠡᠲᠦᠷᠡᠭᠰᠡᠨ ᠪᠠᠶ᠋ᠢᠲᠠᠯ᠎ᠠ ᠵᠠᠯᠠᠷᠠᠭᠤᠯᠤᠭᠰᠠᠨ ᠦᠭᠡᠢ ᠪᠠᠶ᠋ᠢᠪᠠᠯ᠂ ᠰᠢᠶᠠᠨ᠎ᠤ ᠱᠠᠲᠤᠨ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠣᠷᠳᠣᠨ᠎ᠤ ᠤᠢ ᠰᠢᠭᠤᠢ ᠨᠤᠲᠤᠭ ᠪᠡᠯᠴᠢᠭᠡᠷ᠎ᠤᠨ ᠡᠷᠬᠢᠯᠡᠨ ᠬᠠᠮᠢᠶᠠᠷᠬᠤ ᠰᠠᠯᠠᠭ᠎ᠠ ᠮᠥᠴᠢᠷ᠎ᠠᠴᠠ ᠪᠤᠰᠤᠳ ᠬᠥᠮᠦᠨ᠎ᠳᠤ ᠨᠠᠶ᠋ᠢᠳᠠᠵᠤ ᠣᠷᠣᠯᠠᠨ ᠭᠦᠢ᠍ᠴᠡᠳᠬᠡᠭᠦᠯᠵᠦ᠂ ᠬᠡᠷᠡᠭᠰᠡᠬᠦ ᠵᠠᠷᠤᠳᠠᠯ᠎ᠢ ᠬᠠᠤᠯᠢ ᠵᠢ ᠵᠥᠷᠢᠴᠡᠭᠰᠡᠨ ᠬᠦᠮᠦᠨ ᠡᠭᠦᠷᠭᠡᠯᠡᠵᠦ᠂ ᠴᠢᠭᠢᠭᠯᠢᠭ ᠭᠠᠵᠠᠷ᠎ᠢ ᠡᠵᠡᠯᠡᠨ ᠬᠡᠷᠡᠭᠯᠡᠭᠰᠡᠨ ᠲᠠᠯᠠᠪᠠᠢ ᠶᠣᠰᠣᠭ᠋ᠠᠷ ᠲᠡᠭᠰᠢ ᠳᠥᠷᠪᠡᠯᠵᠢᠨ ᠮᠧᠲᠷ ᠪᠦᠷᠢ᠎ᠠᠴᠠ ᠲᠠᠪᠤᠨ ᠵᠠᠭᠤᠨ ᠲᠦᠭᠦᠷᠢᠭ᠎ᠠᠴᠠ ᠳᠡᠭᠡᠭᠰᠢ ᠬᠤᠶᠠᠷ ᠮᠢᠩᠭ᠋ᠠᠨ ᠲᠥᠭᠥᠷᠢᠭ᠎ᠠᠴᠠ ᠳᠤᠷᠤᠭᠰᠢ ᠵᠣᠭᠣᠰ ᠵᠶ᠋ᠠᠷ ᠲᠣᠷᠭ᠋ᠠᠬᠤ᠎ᠪᠠᠷ ᠰᠢᠳᠬᠡᠨ᠎ᠡ᠃
      ᠲᠠᠪᠢᠨ ᠳᠥᠷᠪᠡᠳᠦᠭᠡᠷ ᠵᠤᠷᠪᠤᠰ   ᠲᠣᠰ ᠬᠠᠤᠯᠢ ᠲᠣᠭᠲᠠᠭ᠋ᠠᠯ᠎ᠢ ᠵᠥᠷᠢᠴᠡᠵᠦ᠂ ᠪᠠᠢ᠌ᠭ᠋ᠠᠯᠢ ᠵᠢᠨ   ᠴᠢᠭᠢᠭᠯᠢᠭ ᠭᠠᠵᠠᠷ᠎ᠢ ᠬᠠᠭ᠋ᠠᠯᠪᠤᠷᠢᠯᠠᠭᠰᠠᠨ (ᠬᠦᠷᠢᠶᠡᠯᠡᠭᠰᠡᠨ)᠂ ᠪᠤᠯᠠᠵᠤ ᠤᠰᠠᠳᠬᠠᠭᠰᠠᠨ ᠪᠠᠢ᠌ᠪᠠᠯ᠂ ᠰᠢᠶᠠᠨ᠎ᠤ ᠱᠠᠲᠤᠨ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠣᠷᠳᠣᠨ᠎ᠤ ᠣᠢ ᠰᠢᠭᠤᠢ ᠨᠤᠲᠤᠭ ᠪᠡᠯᠴᠢᠭᠡᠷ ᠵᠡᠷᠭᠡ ᠬᠣᠯᠪᠣᠭᠳᠠᠯ ᠪᠦᠬᠦᠢ ᠡᠷᠬᠢᠯᠡᠨ ᠬᠠᠮᠢᠶᠠᠷᠬᠤ ᠰᠠᠯᠠᠭ᠎ᠠ ᠮᠥᠴᠢᠷ᠎ᠠᠴᠠ ᠲᠤᠰᠢᠶᠠᠯ ᠬᠠᠷᠢᠭᠤᠴᠠᠯᠭ᠎ᠠ ᠵᠢᠨ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠤᠯᠢ ᠵᠢ ᠵᠥᠷᠢᠴᠡᠭᠰᠡᠨ ᠠᠵᠢᠯᠯᠠᠭ᠎ᠠ ᠵᠢ᠎ᠨᠢ ᠵᠠᠷᠯᠢᠭᠳᠠᠨ ᠵᠣᠭᠰᠣᠭ᠋ᠠᠵᠤ᠂ ᠬᠤᠭᠤᠴᠠᠭ᠎ᠠ ᠲᠣᠭᠲᠠᠭ᠋ᠠᠨ ᠴᠢᠭᠢᠭᠯᠢᠭ ᠭᠠᠵᠠᠷ᠎ᠢ ᠰᠡᠷᠭᠦᠭᠡᠬᠦ ᠪᠤᠶᠤ ᠪᠤᠰᠤᠳ ᠨᠥᠬᠥᠪᠥᠷᠢᠯᠡᠬᠦ ᠠᠷᠭ᠎ᠠ ᠬᠡᠮᠵᠢᠶ᠎ᠡ ᠠᠪᠴᠤ᠂ ᠬᠠᠤᠯᠢ ᠵᠢ ᠵᠥᠷᠢᠴᠡᠵᠦ ᠣᠯᠤᠭᠰᠠᠨ ᠣᠯᠵᠠ ᠠᠰᠢᠭ᠎ᠢ᠎ᠨᠢ ᠬᠣᠷᠢᠶᠠᠨ ᠠᠪᠬᠤ ᠵᠢᠨ ᠬᠠᠮᠲᠤ᠂ ᠴᠢᠭᠢᠭᠯᠢᠭ ᠭᠠᠵᠠᠷ᠎ᠢ ᠡᠪᠳᠡᠭᠰᠡᠨ ᠲᠠᠯᠠᠪᠠᠢ ᠶᠣᠰᠣᠭ᠋ᠠᠷ ᠲᠡᠭᠰᠢ ᠳᠥᠷᠪᠡᠯᠵᠢᠨ ᠮᠸᠲᠷ ᠪᠦᠷᠢ᠎ᠠᠴᠠ ᠲᠠᠪᠤᠨ ᠵᠠᠭᠤᠨ ᠲᠥᠭᠥᠷᠢᠭ᠎ᠠᠴᠠ ᠳᠡᠭᠡᠭᠰᠢ ᠲᠠᠪᠤᠨ ᠮᠢᠩᠭ᠋ᠠᠨ ᠲᠥᠭᠥᠷᠢᠭ᠎ᠠᠴᠠ ᠳᠤᠷᠤᠭᠰᠢ ᠵᠣᠭᠣᠰ ᠵᠶ᠋ᠠᠷ ᠲᠣᠷᠭ᠋ᠠᠬᠤ᠎ᠪᠠᠷ ᠰᠢᠢ᠍ᠳᠬᠡᠨ᠎ᠡ; ᠤᠯᠤᠰ᠎ᠤᠨ ᠴᠢᠬᠤᠯᠠ ᠴᠢᠭᠢᠭᠯᠢᠭ ᠭᠠᠵᠠᠷ᠎ᠢ ᠡᠪᠳᠡᠭᠰᠡᠨ ᠪᠠᠢ᠌ᠪᠠᠯ᠂ ᠴᠢᠭᠢᠭᠯᠢᠭ ᠭᠠᠵᠠᠷ᠎ᠢ ᠡᠪᠳᠡᠭᠰᠡᠨ ᠲᠠᠯᠠᠪᠠᠢ ᠶᠣᠰᠣᠭ᠋ᠠᠷ ᠲᠡᠭᠰᠢ ᠳᠥᠷᠪᠡᠯᠵᠢᠨ ᠮᠸᠲᠷ ᠪᠦᠷᠢ᠎ᠠᠴᠠ ᠮᠢᠩᠭ᠋ᠠᠨ ᠲᠥᠭᠥᠷᠢᠭ᠎ᠠᠴᠠ ᠳᠡᠭᠡᠭᠰᠢ ᠲᠦᠮᠡᠨ ᠲᠥᠭᠥᠷᠢᠭ᠎ᠠᠴᠠ ᠳᠣᠷᠣᠭᠰᠢ ᠵᠣᠭᠣᠰ ᠵᠶ᠋ᠠᠷ ᠲᠣᠷᠭ᠋ᠠᠨ᠎ᠠ᠃
      ᠲᠤᠰ ᠬᠠᠤᠯᠢ ᠵᠢᠨ ᠲᠣᠭᠲᠠᠭ᠋ᠠᠯ᠎ᠢ ᠵᠥᠷᠢᠴᠡᠵᠦ᠂ ᠪᠠᠶ᠋ᠢᠭ᠋ᠠᠯᠢ ᠵᠢᠨ ᠴᠢᠭᠢᠭᠯᠢᠭ ᠭᠠᠵᠠᠷ ᠪᠤᠶᠤ ᠡᠭᠦᠷᠢᠳᠡ ᠵᠢᠨ ᠴᠢᠨᠠᠷᠲᠠᠶ᠎ᠪᠠᠷ ᠪᠠᠶ᠋ᠢᠭ᠋ᠠᠯᠢ ᠵᠢᠨ ᠴᠢᠭᠢᠭᠯᠢᠭ ᠭᠠᠵᠠᠷ᠎ᠤᠨ ᠤᠰᠤᠨ᠎ᠤ ᠡᠬᠢ ᠰᠤᠷᠪᠤᠯᠵᠢ ᠵᠢ ᠭᠠᠳᠠᠭᠰᠢᠯᠠᠭᠤᠯᠤᠭᠰᠠᠨ ᠪᠠᠶ᠋ᠢᠪᠠᠯ᠂ ᠰᠢᠶᠠᠨ᠎ᠤ ᠱᠠᠲᠤᠨ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠣᠷᠳᠣᠨ᠎ᠤ ᠣᠶ ᠰᠢᠭᠤᠶ ᠨᠤᠲᠤᠭ ᠪᠡᠯᠴᠢᠭᠡᠷ᠎ᠤᠨ ᠡᠷᠭᠢᠯᠡᠨ ᠬᠠᠮᠢᠶᠠᠷᠬᠤ ᠰᠠᠯᠠᠭ᠎ᠠ ᠮᠥᠴᠢᠷ᠎ᠠᠴᠠ ᠬᠠᠤᠯᠢ ᠵᠢ ᠵᠥᠷᠢᠴᠡᠭᠰᠡᠨ ᠦᠢ᠍ᠯᠡ ᠠᠵᠢᠯᠯᠠᠭ᠎ᠠ ᠵᠢ᠎ᠨᠢ ᠵᠠᠷᠯᠢᠭᠳᠠᠨ ᠵᠣᠭᠰᠣᠭ᠋ᠠᠵᠤ᠂ ᠬᠤᠭᠤᠴᠠᠭ᠎ᠠ   ᠲᠤᠭᠲᠠᠭ᠋ᠠᠨ ᠴᠢᠭᠢᠭᠯᠢᠭ ᠭᠠᠵᠠᠷ᠎ᠢ ᠵᠠᠰᠠᠭᠤᠯᠬᠤ ᠪᠤᠶᠤ ᠪᠤᠰᠤᠳ ᠨᠥᠬᠥᠪᠥᠷᠢᠯᠡᠬᠦ ᠠᠷᠭ᠎ᠠ ᠬᠡᠮᠵᠢᠶ᠎ᠡ ᠠᠪᠤᠭᠤᠯᠵᠤ᠂ ᠬᠠᠤᠯᠢ ᠵᠢ ᠵᠥᠷᠢᠴᠡᠵᠦ ᠣᠯᠤᠭᠰᠠᠨ ᠣᠯᠵᠠ ᠠᠰᠢᠭ᠎ᠢ᠎ᠨᠢ ᠬᠣᠷᠢᠶᠠᠨ ᠠᠪᠬᠤ ᠵᠢᠨ ᠬᠠᠮᠲᠤ ᠲᠠᠪᠢᠨ ᠲᠦᠮᠡᠨ ᠲᠥᠭᠥᠷᠢᠭ᠎ᠠᠴᠠ ᠳᠡᠭᠡᠭᠰᠢ ᠵᠠᠭᠤᠨ ᠲᠦᠮᠡᠨ ᠲᠥᠭᠥᠷᠢᠭ᠎ᠠᠴᠠ ᠳᠤᠷᠤᠭᠰᠢ ᠵᠣᠭᠣᠰ ᠵᠶ᠋ᠠᠷ ᠲᠣᠷᠭ᠋ᠠᠨ᠎ᠠ; ᠬᠦᠨᠳᠦ ᠨᠣᠴᠢᠲᠠᠢ ᠤᠷᠰᠢᠭ ᠲᠠᠲᠠᠭᠰᠠᠨ ᠪᠠᠶ᠋ᠢᠪᠠᠯ᠂ ᠲᠠᠪᠢᠨ ᠲᠦᠮᠡᠨ ᠲᠥᠭᠥᠷᠢᠭ᠎ᠠᠴᠠ ᠳᠡᠭᠡᠭᠰᠢ ᠵᠠᠭᠤᠨ ᠲᠦᠮᠡᠨ ᠲᠥᠭᠥᠷᠢᠭ᠎ᠠᠴᠠ ᠳᠤᠷᠤᠭᠰᠢ ᠵᠣᠭᠣᠰ ᠵᠶ᠋ᠠᠷ ᠲᠣᠷᠭ᠋ᠠᠬᠤ᠎ᠪᠠᠷ ᠰᠢᠳᠬᠡᠨ᠎ᠡ᠃
      ᠲᠡᠪᠢᠠ ᠲᠠᠪᠤᠳᠤᠭ᠋ᠠᠷ ᠵᠤᠷᠪᠤᠰ ᠲᠤᠰ ᠬᠠᠤᠯᠢ ᠵᠢᠨ ᠲᠣᠭᠲᠠᠭ᠋ᠠᠯ᠎ᠢ ᠵᠥᠷᠢᠴᠡᠵᠦ᠂ ᠴᠢᠭᠢᠭᠯᠢᠭ ᠭᠠᠵᠠᠷ᠎ᠲᠤ ᠭᠠᠳᠠᠨ᠎ᠠ᠎ᠠᠴᠠ ᠢᠷᠡᠭᠰᠡᠨ ᠳᠦᠷᠰᠦ ᠵᠢ ᠣᠷᠣᠭᠤᠯᠤᠭᠰᠠᠨ ᠪᠤᠶᠤ ᠲᠠᠯᠪᠢᠵᠤ ᠶᠠᠪᠤᠭᠤᠯᠤᠭᠰᠠᠨ ᠪᠠᠶ᠋ᠢᠪᠠᠯ᠂ 《ᠪᠦᠬᠦᠳᠠ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠠᠮᠢᠳᠤ ᠪᠣᠳᠠᠰ᠎ᠤᠨ ᠠᠶᠤᠯᠭᠦᠢ ᠵᠢᠨ ᠬᠠᠤᠯᠢ》 ᠵᠡᠷᠭᠡ ᠬᠣᠯᠪᠣᠭᠳᠠᠯ ᠪᠦᠬᠦᠢ ᠬᠠᠤᠯᠢ ᠴᠠᠭ᠋ᠠᠵᠠ ᠬᠠᠤᠯᠢ ᠲᠣᠭᠲᠠᠭ᠋ᠠᠯ᠎ᠤᠨ ᠲᠣᠭᠲᠠᠭ᠋ᠠᠯ ᠶᠣᠰᠣᠭ᠋ᠠᠷ ᠰᠢᠢ᠍ᠳᠪᠦᠷᠢᠯᠡᠵᠦ ᠰᠢᠳᠬᠡᠨ᠎ᠡ᠃
      ᠲᠠᠪᠢᠨ ᠵᠢᠷᠭᠤᠳᠤᠭ᠋ᠠᠷ ᠵᠤᠷᠪᠤᠰ ᠲᠣᠰ ᠬᠠᠤᠯᠢ ᠵᠢᠨ ᠲᠣᠭᠲᠠᠭ᠋ᠠᠯ᠎ᠢ ᠵᠥᠷᠢᠴᠡᠵᠦ᠂ ᠤᠯᠠᠭ᠋ᠠᠨ ᠮᠣᠳᠣᠨ ᠣᠶ ᠵᠢᠨ ᠴᠢᠭᠢᠭᠯᠢᠭ ᠭᠠᠵᠠᠷ᠎ᠲᠤ ᠨᠠᠭᠤᠷ ᠮᠠᠯᠲᠠᠭᠰᠠᠨ ᠪᠠᠶ᠋ᠢᠪᠠᠯ᠂ ᠰᠢᠶᠠᠨ᠎ᠤ ᠱᠠᠲᠤᠨ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠣᠷᠳᠣᠨ᠎ᠤ ᠣᠶ ᠰᠢᠭᠤᠶ ᠨᠤᠲᠤᠭ ᠪᠡᠯᠴᠢᠭᠡᠷ ᠵᠡᠷᠭᠡ ᠬᠣᠯᠪᠣᠭᠳᠠᠯ ᠪᠥᠬᠥᠶ ᠭᠤᠤᠯᠴᠢᠯᠠᠨ ᠬᠠᠮᠢᠶᠠᠷᠬᠤ ᠰᠠᠯᠠᠭ᠎ᠠ ᠮᠥᠴᠢᠷ᠎ᠨᠢ ᠡᠭᠦᠷᠭᠡ ᠬᠠᠷᠢᠭᠤᠴᠠᠯᠭ᠎ᠠ ᠵᠢᠨ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠤᠯᠢ᠎ᠠᠴᠠ ᠵᠥᠷᠢᠴᠡᠭᠰᠡᠨ ᠦᠢ᠍ᠯᠡ ᠠᠵᠢᠯᠯᠠᠭ᠎ᠠ ᠵᠢ᠎ᠨᠢ ᠵᠠᠷᠯᠢᠭᠳᠠᠨ ᠵᠣᠭᠰᠣᠭ᠋ᠠᠵᠤ᠂ ᠬᠤᠭᠤᠴᠠᠭ᠎ᠠ ᠬᠢᠵᠠᠭ᠋ᠠᠷᠯᠠᠨ ᠴᠢᠭᠢᠭᠯᠢᠭ ᠭᠠᠵᠠᠷ᠎ᠢ ᠰᠡᠷᠭᠦᠭᠡᠬᠦ ᠪᠤᠶᠤ ᠪᠤᠰᠤᠳ ᠨᠥᠬᠥᠪᠥᠷᠢᠯᠡᠬᠦ ᠠᠷᠭ᠎ᠠ ᠬᠡᠮᠵᠢᠶ᠎ᠡ ᠠᠪᠴᠤ᠂ ᠴᠢᠭᠢᠭᠯᠢᠭ ᠭᠠᠵᠠᠷ᠎ᠢ ᠡᠪᠳᠡᠭᠰᠡᠨ ᠲᠠᠯᠠᠪᠠᠶ᠎ᠪᠠᠷ᠎ᠨᠢ ᠲᠡᠭᠰᠢ ᠳᠥᠷᠪᠡᠯᠵᠢᠨ ᠮᠧᠲᠷ ᠪᠦᠷᠢ᠎ᠠᠴᠠ ᠮᠢᠩᠭ᠋ᠠᠨ ᠲᠥᠭᠥᠷᠢᠭ᠎ᠠᠴᠠ ᠳᠡᠭᠡᠭᠰᠢ ᠲᠦᠮᠡᠨ ᠲᠥᠭᠥᠷᠢᠭ᠎ᠠᠴᠠ ᠳᠣᠷᠣᠭᠰᠢ ᠵᠣᠭᠣᠰ ᠵᠶ᠋ᠠᠷ ᠲᠣᠷᠭ᠋ᠠᠨ᠎ᠠ; ᠮᠣᠳᠣ ᠵᠢ ᠡᠪᠳᠡᠵᠦ ᠰᠦᠢ᠍ᠳᠬᠡᠭᠰᠡᠨ ᠪᠠᠶ᠋ᠢᠪᠠᠯ᠂ ᠵᠠᠷᠯᠢᠭᠳᠠᠵᠤ ᠪᠠᠶ᠋ᠢᠭ᠋ᠠᠳ   ᠤᠷᠭᠤᠭ᠎ᠠ  ᠎ᠪᠠᠷ᠎ᠨᠢ ᠬᠤᠬᠢᠷᠠᠭᠤᠯᠤᠭᠰᠠᠨ ᠮᠣᠳᠣᠨ᠎ᠤ ᠲᠣᠭ᠋ᠠᠨ᠎ᠤ ᠬᠢᠨᠢ ᠨᠢᠭᠡ ᠲᠠᠬᠢᠨ᠎ᠠᠴᠠ ᠳᠡᠭᠡᠭᠰᠢ ᠭᠤᠷᠪᠠᠨ ᠲᠠᠬᠢᠨ᠎ᠠᠴᠠ ᠳᠤᠷᠤᠭᠰᠢ ᠲᠣᠭ᠋ᠠᠨ᠎ᠤ ᠮᠣᠳᠣ ᠨᠥᠬᠥᠵᠦ ᠲᠠᠷᠢᠭᠤᠯᠤᠨ᠎ᠠ᠂ ᠡᠪᠳᠡᠵᠦ ᠰᠦᠢ᠍ᠳᠬᠡᠭᠰᠡᠨ ᠮᠣᠳᠣᠨ᠎ᠤ ᠲᠣᠭ᠎ᠠ ᠵᠢ᠎ᠨᠢ ᠲᠣᠭᠲᠠᠭ᠋ᠠᠬᠤ ᠵᠢᠨ ᠠᠷᠭ᠎ᠠ ᠦᠭᠡᠢ ᠪᠠᠶ᠋ᠢᠪᠠᠯ᠂ ᠠᠳᠠᠯᠢ ᠣᠷᠣᠨ ᠪᠦᠰᠡ ᠵᠢᠨ ᠠᠳᠠᠯᠢ ᠲᠦᠷᠦᠯ᠎ᠤᠨ ᠮᠣᠳᠣᠨ᠎ᠤ ᠲᠦᠷᠦᠯ᠎ᠤᠨ ᠥᠰᠥᠯᠲᠡ ᠵᠢᠨ ᠨᠢᠭᠲᠠᠴᠠ ᠵᠢᠨ ᠶᠣᠰᠣᠭ᠋ᠠᠷ ᠮᠣᠳᠣᠨ᠎ᠤ ᠲᠣᠭ᠎ᠠ ᠵᠢ᠎ᠨᠢ ᠪᠤᠳᠤᠨ᠎ᠠ᠃
      ᠲᠣᠰ ᠬᠠᠤᠯᠢ ᠵᠢᠨ ᠲᠣᠭᠲᠠᠭ᠋ᠠᠯ᠎ᠢ ᠵᠥᠷᠢᠴᠡᠵᠦ᠂ ᠤᠯᠠᠭ᠋ᠠᠨ ᠮᠣᠳᠣᠨ ᠣᠶ ᠵᠢᠨ ᠴᠢᠭᠢᠭᠯᠢᠭ ᠭᠠᠵᠠᠷ᠎ᠲᠤ ᠤᠯᠠᠭ᠋ᠠᠨ ᠮᠣᠳᠣᠨ ᠣᠶ ᠵᠢᠨ ᠤᠷᠭᠤᠯᠲᠠ ᠵᠢ ᠬᠠᠷᠰᠢᠯᠠᠬᠤ ᠳᠦᠷᠰᠦ ᠵᠢ ᠲᠠᠯᠪᠢᠵᠤ᠂ ᠳᠠᠷᠢᠭᠰᠠᠨ ᠪᠠᠶ᠋ᠢᠪᠠᠯ᠂ ᠰᠢᠶᠠᠨ᠎ᠤ ᠱᠠᠲᠤᠨ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠣᠷᠳᠣᠨ᠎ᠤ ᠣᠶ ᠰᠢᠭᠤᠶ ᠨᠤᠲᠤᠭ ᠪᠡᠯᠴᠢᠭᠡᠷ᠎ᠤᠨ ᠭᠤᠤᠯᠴᠢᠯᠠᠨ ᠬᠠᠮᠢᠶᠠᠷᠬᠤ ᠰᠠᠯᠠᠭ᠎ᠠ ᠮᠥᠴᠢᠷ᠎ᠠᠴᠠ ᠬᠠᠤᠯᠢ᠎ᠠᠴᠠ ᠵᠥᠷᠢᠴᠡᠭᠰᠡᠨ ᠦᠢ᠍ᠯᠡ ᠠᠵᠢᠯᠯᠠᠭ᠎ᠠ ᠵᠢ᠎ᠨᠢ ᠵᠠᠷᠯᠢᠭᠳᠠᠨ ᠵᠣᠭᠰᠣᠭ᠋ᠠᠵᠤ᠂ ᠬᠤᠭᠤᠴᠠᠭ᠎ᠠ ᠬᠢᠵᠠᠭ᠋ᠠᠷᠯᠠᠨ ᠰᠢᠢ᠍ᠳᠪᠦᠷᠢᠯᠡᠬᠦᠯᠵᠦ᠂ ᠬᠣᠶᠠᠷ ᠲᠦᠮᠡᠨ ᠲᠥᠭᠥᠷᠢᠭ᠎ᠠᠴᠠ ᠳᠡᠭᠡᠭᠰᠢ ᠠᠷᠪᠠᠨ ᠲᠦᠮᠡᠨ ᠲᠥᠭᠥᠷᠢᠭ᠎ᠠᠴᠠ ᠳᠣᠷᠣᠭᠰᠢ ᠵᠣᠭᠣᠰ ᠵᠶ᠋ᠠᠷ ᠲᠣᠷᠭ᠋ᠠᠨ᠎ᠠ; ᠬᠦᠨᠳᠦ ᠨᠣᠴᠢᠲᠠᠢ ᠤᠷᠰᠢᠭ ᠲᠠᠲᠠᠭᠰᠠᠨ ᠪᠠᠶ᠋ᠢᠪᠠᠯ᠂ ᠠᠷᠪᠠᠨ ᠲᠦᠮᠡᠨ ᠲᠥᠭᠥᠷᠢᠭ᠎ᠠᠴᠠ ᠳᠡᠭᠡᠭᠰᠢ ᠵᠠᠭᠤᠨ ᠲᠦᠮᠡᠨ ᠲᠥᠭᠥᠷᠢᠭ᠎ᠠᠴᠠ ᠳᠤᠷᠤᠭᠰᠢ ᠵᠣᠭᠣᠰ ᠵᠶ᠋ᠠᠷ ᠲᠣᠷᠭ᠋ᠠᠬᠤ᠎ᠪᠠᠷ ᠰᠢᠳᠬᠡᠨ᠎ᠡ᠃
      ᠲᠡᠪᠢᠠ ᠳᠣᠯᠣᠳᠤᠭ᠋ᠠᠷ ᠵᠤᠷᠪᠤᠰ ᠲᠤᠰ ᠬᠠᠤᠯᠢ ᠵᠢᠨ ᠲᠣᠭᠲᠠᠭ᠋ᠠᠯ᠎ᠢ ᠵᠥᠷᠢᠴᠡᠨ ᠬᠦᠯᠦᠷ᠎ᠡ ᠮᠠᠯᠲᠠᠭᠰᠠᠨ ᠪᠠᠶ᠋ᠢᠪᠠᠯ᠂ ᠰᠢᠶᠠᠨ᠎ᠤ ᠱᠠᠲᠤᠨ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠣᠷᠳᠣᠨ᠎ᠤ ᠤᠢ ᠰᠢᠭᠤᠢ ᠨᠤᠲᠤᠭ ᠪᠡᠯᠴᠢᠭᠡᠷ ᠵᠡᠷᠭᠡ ᠬᠣᠯᠪᠣᠭᠳᠠᠯ ᠪᠦᠬᠦᠢ ᠡᠷᠬᠢᠯᠡᠠ ᠬᠠᠮᠢᠶᠠᠷᠬᠤ ᠰᠠᠯᠠᠭ᠎ᠠ ᠮᠥᠴᠢᠷ᠎ᠠᠴᠠ ᠲᠤᠰᠢᠶᠠᠯ ᠬᠠᠷᠢᠭᠤᠴᠠᠯᠭ᠎ᠠ ᠵᠢᠨ ᠠᠵᠢᠯ᠎ᠤᠨ ᠬᠤᠪᠢᠶᠠᠷᠢᠯᠠᠯ ᠶᠣᠰᠣᠭ᠋ᠠᠷ ᠵᠠᠷᠯᠢᠭᠳᠠᠵᠤ ᠪᠠᠶ᠋ᠢᠭ᠋ᠠᠳ ᠬᠠᠤᠯᠢ ᠵᠢ ᠵᠥᠷᠢᠴᠡᠭᠰᠡᠨ ᠠᠵᠢᠯᠯᠠᠭ᠎ᠠ ᠵᠢ᠎ᠨᠢ ᠵᠣᠭᠰᠣᠭ᠋ᠠᠵᠤ᠂ ᠬᠤᠭᠤᠴᠠᠭ᠎ᠠ ᠲᠣᠭᠲᠠᠭ᠋ᠠᠨ ᠴᠢᠭᠢᠭᠯᠢᠭ ᠭᠠᠵᠠᠷ᠎ᠢ ᠰᠡᠷᠭᠦᠭᠡᠯᠭᠡᠬᠦ ᠪᠤᠶᠤ ᠪᠤᠰᠤᠳ ᠨᠥᠬᠥᠪᠥᠷᠢᠯᠡᠬᠦ ᠠᠷᠭ᠎ᠠ ᠬᠡᠮᠵᠢᠶ᠎ᠡ ᠠᠪᠤᠭᠤᠯᠵᠤ᠂ ᠬᠠᠤᠯᠢ ᠵᠢ ᠵᠥᠷᠢᠴᠡᠵᠦ ᠣᠯᠤᠭᠰᠠᠨ ᠣᠯᠵᠠ ᠠᠰᠢᠭ᠎ᠢ᠎ᠨᠢ ᠬᠤᠷᠢᠶᠡᠠ ᠠᠪᠬᠤ ᠵᠢᠨ ᠬᠠᠮᠲᠤ᠂ ᠬᠦᠯᠦᠷ᠎ᠡ ᠵᠢᠨ ᠡᠵᠡᠯᠡᠬᠦᠨ ᠵᠶ᠋ᠠᠷ ᠪᠣᠰᠣᠭ᠎ᠠ ᠳᠥᠷᠪᠡᠯᠵᠢᠨ ᠮᠧᠲᠷ ᠪᠦᠷᠢ᠎ᠠᠴᠠ ᠬᠣᠶᠠᠷ ᠮᠢᠩᠭ᠋ᠠᠨ ᠲᠥᠭᠥᠷᠢᠭ᠎ᠠᠴᠠ ᠳᠡᠭᠡᠭᠰᠢ ᠲᠦᠮᠡᠨ ᠲᠥᠭᠥᠷᠢᠭ᠎ᠠᠴᠠ ᠳᠤᠷᠤᠭᠰᠢ ᠵᠣᠭᠣᠰ ᠵᠶ᠋ᠠᠷ ᠲᠣᠷᠭ᠋ᠠᠬᠤ᠎ᠪᠠᠷ ᠰᠢᠳᠬᠡᠨ᠎ᠡ᠃
      ᠲᠤᠰ ᠬᠠᠤᠯᠢ ᠵᠢᠨ ᠲᠣᠭᠲᠠᠭ᠋ᠠᠯ᠎ᠢ ᠵᠥᠷᠢᠴᠡᠵᠦ᠂ ᠬᠦᠯᠦᠷ᠎ᠡ ᠨᠠᠮᠤᠭ ᠭᠠᠵᠠᠷ᠎ᠠᠴᠠ ᠭᠠᠳᠠᠭᠰᠢ ᠤᠰᠤ ᠭᠠᠳᠠᠭᠰᠢᠯᠠᠭᠤᠯᠤᠭᠰᠠᠨ ᠪᠠᠶ᠋ᠢᠪᠠᠯ᠂ ᠰᠢᠶᠠᠨ᠎ᠤ ᠱᠠᠲᠤᠨ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠣᠷᠳᠣᠨ᠎ᠤ ᠤᠢ ᠰᠢᠭᠤᠶ ᠨᠤᠲᠤᠭ ᠪᠡᠯᠴᠢᠭᠡᠷ᠎ᠤᠨ ᠡᠷᠬᠢᠯᠡᠨ ᠬᠠᠮᠢᠶᠠᠷᠬᠤ ᠰᠠᠯᠠᠭ᠎ᠠ ᠮᠥᠴᠢᠷ᠎ᠠᠴᠠ ᠵᠠᠷᠯᠢᠭᠳᠠᠵᠤ ᠪᠠᠶ᠋ᠢᠭ᠋ᠠᠳ ᠬᠠᠤᠯᠢ ᠵᠢ ᠵᠥᠷᠢᠴᠡᠭᠰᠡᠨ ᠠᠵᠢᠯᠯᠠᠭ᠎ᠠ ᠵᠢ᠎ᠨᠢ ᠵᠣᠭᠰᠣᠭ᠋ᠠᠵᠤ᠂ ᠬᠤᠭᠤᠴᠠᠭ᠎ᠠ ᠲᠣᠭᠲᠠᠭ᠋ᠠᠨ ᠴᠢᠭᠢᠭᠯᠢᠭ ᠭᠠᠵᠠᠷ᠎ᠢ ᠰᠡᠷᠭᠦᠭᠡᠯᠭᠡᠬᠦ ᠪᠤᠶᠤ ᠪᠤᠰᠤᠳ ᠨᠥᠬᠥᠪᠥᠷᠢᠯᠡᠬᠦ ᠠᠷᠭ᠎ᠠ ᠬᠡᠮᠵᠢᠶ᠎ᠡ ᠠᠪᠤᠭᠤᠯᠵᠤ᠂ ᠬᠠᠤᠯᠢ ᠵᠢ ᠵᠥᠷᠢᠴᠡᠵᠦ ᠣᠯᠤᠭᠰᠠᠨ ᠣᠯᠵᠠ ᠠᠰᠢᠭ᠎ᠢ᠎ᠨᠢ ᠬᠤᠷᠢᠶᠠᠨ ᠠᠪᠴᠤ᠂ ᠲᠦᠮᠡᠨ ᠲᠥᠭᠥᠷᠢᠭ᠎ᠠᠴᠠ ᠳᠡᠭᠡᠭᠰᠢ ᠠᠷᠪᠠᠨ ᠲᠦᠮᠡᠨ ᠲᠥᠭᠥᠷᠢᠭ᠎ᠠᠴᠠ ᠳᠤᠷᠤᠭᠰᠢ ᠵᠣᠭᠣᠰ ᠵᠶ᠋ᠠᠷ ᠲᠣᠷᠭ᠋ᠠᠬᠤ᠎ᠪᠠᠷ ᠨᠡᠶ᠋ᠢᠯᠡᠭᠦᠯᠦᠨ ᠰᠢᠳᠬᠡᠨ᠎ᠡ; ᠦᠢ᠍ᠯᠡ ᠪᠠᠶ᠋ᠢᠳᠠᠯ᠎ᠨᠢ ᠬᠦᠨᠳᠦ ᠨᠣᠴᠢᠲᠠᠢ ᠪᠠᠶ᠋ᠢᠪᠠᠯ᠂ ᠠᠷᠪᠠᠨ ᠲᠦᠮᠡᠨ ᠲᠥᠭᠥᠷᠢᠭ᠎ᠠᠴᠠ ᠳᠡᠭᠡᠭᠰᠢ ᠵᠠᠭᠤᠨ ᠲᠦᠮᠡᠨ ᠲᠥᠭᠥᠷᠢᠭ᠎ᠠᠴᠠ ᠳᠤᠷᠤᠭᠰᠢ ᠵᠣᠭᠣᠰ ᠵᠶ᠋ᠠᠷ ᠲᠣᠷᠭ᠋ᠠᠬᠤ᠎ᠪᠠᠷ ᠨᠡᠶ᠋ᠢᠯᠡᠭᠦᠯᠦᠨ ᠰᠢᠳᠬᠡᠨ᠎ᠡ᠃
      ᠲᠠᠪᠢᠨ ᠨᠠᠢ᠍ᠮᠠᠳᠤᠭ᠋ᠠᠷ ᠵᠤᠷᠪᠤᠰ ᠲᠣᠰ ᠬᠠᠤᠯᠢ ᠵᠢᠨ ᠲᠣᠭᠲᠠᠭ᠋ᠠᠯ᠎ᠢ ᠵᠥᠷᠢᠴᠡᠵᠦ᠂ ᠰᠡᠷᠭᠦᠭᠡᠬᠦ ᠲᠥᠰᠦᠯ ᠵᠶ᠋ᠠᠨ ᠨᠠᠶ᠋ᠢᠷᠠᠭᠤᠯᠤᠨ ᠵᠣᠬᠢᠶᠠᠵᠤ ᠴᠢᠭᠢᠭᠯᠢᠭ ᠭᠠᠵᠠᠷ᠎ᠢ ᠰᠡᠷᠭᠦᠭᠡᠭᠰᠡᠨ ᠥᠬᠡᠶ ᠪᠤᠶᠤ ᠰᠡᠷᠭᠦᠭᠡᠬᠦ ᠲᠥᠰᠦᠯ᠎ᠤᠨ ᠶᠣᠰᠣᠭ᠋ᠠᠷ ᠴᠢᠭᠢᠭᠯᠢᠭ ᠭᠠᠵᠠᠷ᠎ᠢ ᠰᠡᠷᠭᠦᠭᠡᠭᠰᠡᠨ ᠥᠬᠡᠶ᠎ᠠᠴᠠ ᠪᠣᠯᠵᠣ ᠴᠢᠭᠢᠭᠯᠢᠭ ᠭᠠᠵᠠᠷ᠎ᠢ ᠡᠪᠳᠡᠭᠰᠡᠨ ᠪᠠᠶ᠋ᠢᠪᠠᠯ᠂ ᠮᠤᠵᠢ ᠵᠢᠨ ᠱᠠᠲᠤᠨ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠣᠷᠳᠣᠨ᠎ᠤ ᠣᠶ ᠰᠢᠭᠤᠶ ᠨᠤᠲᠤᠭ ᠪᠡᠯᠴᠢᠭᠡᠷ᠎ᠤᠨ ᠭᠤᠤᠯᠴᠢᠯᠠᠨ ᠬᠠᠮᠢᠶᠠᠷᠬᠤ ᠰᠠᠯᠠᠭ᠎ᠠ ᠮᠥᠴᠢᠷ᠎ᠠᠴᠠ ᠵᠠᠷᠯᠢᠭᠳᠠᠨ ᠵᠠᠯᠠᠷᠠᠭᠤᠯᠵᠤ᠂ ᠠᠷᠪᠠᠨ ᠲᠦᠮᠡᠨ ᠲᠥᠭᠥᠷᠢᠭ᠎ᠠᠴᠠ ᠳᠡᠭᠡᠭᠰᠢ ᠵᠠᠭᠤᠨ ᠲᠦᠮᠡᠨ ᠲᠥᠭᠥᠷᠢᠭ᠎ᠠᠴᠠ ᠳᠣᠷᠣᠭᠰᠢ ᠵᠣᠭᠣᠰ ᠵᠶ᠋ᠠᠷ ᠲᠣᠷᠭ᠋ᠠᠬᠤ ᠬᠡᠷᠡᠭᠲᠡᠶ᠃
      ᠲᠠᠪᠢ ᠶᠢᠰᠦᠳᠦᠭᠡᠷ ᠵᠦᠢ᠍ᠯ   ᠴᠢᠭᠢᠭᠯᠢᠭ ᠭᠠᠵᠠᠷ᠎ᠢ ᠡᠪᠳᠡᠭᠰᠡᠨ ᠬᠠᠤᠯᠢ᠎ᠠᠴᠠ ᠵᠥᠷᠢᠴᠡᠭᠰᠡᠨ ᠠᠵᠢᠯᠯᠠᠭ᠋ᠠᠲᠤ ᠬᠥᠮᠦᠨ ᠲᠣᠭᠲᠠᠭᠰᠠᠨ ᠬᠤᠭᠤᠴᠠᠭ᠋ᠠᠨ᠎ᠳᠤ ᠪᠤᠶᠤ ᠵᠠᠰᠠᠨ ᠰᠡᠷᠭᠦᠭᠡᠬᠦ ᠲᠥᠰᠦᠯ᠎ᠤᠨ ᠶᠣᠰᠣᠭ᠋ᠠᠷ ᠴᠢᠭᠢᠭᠯᠢᠭ ᠭᠠᠵᠠᠷ᠎ᠢ ᠵᠠᠰᠠᠨ ᠰᠡᠷᠭᠦᠭᠡᠭᠰᠡᠨ ᠦᠭᠡᠢ ᠪᠣᠯ᠂ ᠰᠢᠶᠠᠨ᠎ᠤ ᠱᠠᠲᠤᠨ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠣᠷᠳᠣᠨ᠎ᠤ ᠣᠢ ᠰᠢᠭᠤᠢ ᠨᠤᠲᠤᠭ ᠪᠡᠯᠴᠢᠭᠡᠷ᠎ᠤᠨ ᠭᠣᠣᠯᠯᠠᠨ ᠬᠠᠮᠢᠶᠠᠷᠬᠤ ᠰᠠᠯᠠᠭ᠎ᠠ ᠮᠥᠴᠢᠷ᠎ᠠᠴᠠ ᠪᠤᠰᠤᠳ ᠬᠥᠮᠦᠨ᠎ᠳᠤ ᠨᠠᠶ᠋ᠢᠳᠠᠨ ᠣᠷᠣᠯᠠᠨ ᠭᠦᠢ᠍ᠴᠡᠳᠬᠡᠭᠦᠯᠵᠦ᠂ ᠬᠡᠷᠡᠭᠰᠡᠬᠦ ᠰᠦᠢ᠍ᠳᠬᠡᠯ᠎ᠢ ᠬᠠᠤᠯᠢ᠎ᠠᠴᠠ ᠵᠥᠷᠢᠴᠡᠭᠰᠡᠨ ᠠᠵᠢᠯᠯᠠᠭ᠋ᠠᠲᠤ ᠬᠥᠮᠦᠨ ᠡᠭᠦᠷᠭᠡᠯᠡᠬᠦ ᠬᠡᠷᠡᠭᠲᠡᠢ; ᠬᠠᠤᠯᠢ ᠵᠢ ᠵᠥᠷᠢᠴᠡᠭᠰᠡᠨ ᠦᠢ᠍ᠯᠡ ᠠᠵᠢᠯᠯᠠᠭ᠋ᠠᠲᠤ ᠬᠥᠮᠦᠨ ᠳᠠᠮᠫᠤᠷᠠᠭᠰᠠᠨ ᠵᠶ᠋ᠠᠷ ᠵᠠᠷᠯᠠᠭᠳᠠᠭᠰᠠᠨ ᠵᠡᠷᠭᠡ ᠰᠢᠯᠲᠠᠭ᠋ᠠᠨ᠎ᠠᠴᠠ ᠪᠤᠯᠵᠤ ᠵᠠᠰᠠᠵᠤ ᠰᠡᠷᠭᠦᠭᠡᠬᠦ ᠴᠢᠳᠠᠪᠤᠷᠢ᠎ᠪᠠᠨ ᠠᠯᠳᠠᠭᠰᠠᠨ ᠪᠠᠶ᠋ᠢᠪᠠᠯ᠂ ᠰᠢᠶᠠᠨ᠎ᠤ ᠱᠠᠲᠤᠨ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠣᠷᠳᠣᠨ᠎ᠠᠴᠠ ᠵᠣᠬᠢᠶᠠᠨ ᠪᠠᠶ᠋ᠢᠭᠤᠯᠵᠤ ᠵᠠᠰᠠᠵᠤ ᠰᠡᠷᠭᠦᠭᠡᠨ᠎ᠡ᠃
      ᠵᠢᠷᠠᠳᠤᠭ᠋ᠠᠷ ᠵᠤᠷᠪᠤᠰ ᠲᠤᠰ ᠬᠠᠤᠯᠢ ᠵᠢᠨ ᠲᠣᠭᠲᠠᠭ᠋ᠠᠯ᠎ᠢ ᠵᠥᠷᠢᠴᠡᠵᠦ᠂ ᠰᠢᠶᠠᠨ᠎ᠤ ᠱᠠᠲᠤᠨ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠣᠷᠳᠣᠨ᠎ᠤ ᠬᠣᠯᠪᠣᠭᠳᠠᠯ ᠪᠦᠬᠦᠢ ᠰᠠᠯᠠᠭ᠎ᠠ ᠮᠥᠴᠢᠷ᠎ᠤᠨ ᠬᠠᠤᠯᠢ ᠶᠣᠰᠣᠭ᠋ᠠᠷ ᠶᠠᠪᠤᠭᠤᠯᠬᠤ ᠬᠢᠨᠠᠯᠲᠠ ᠪᠠᠶ᠋ᠢᠴᠠᠭ᠋ᠠᠯᠲᠠ ᠵᠢ ᠲᠡᠪᠴᠢᠵᠦ᠂ ᠬᠠᠷᠰᠢᠯᠠᠭᠰᠠᠨ ᠪᠠᠶ᠋ᠢᠪᠠᠯ᠂ ᠬᠣᠶᠠᠷ ᠲᠦᠮᠡᠨ ᠲᠥᠭᠥᠷᠢᠭ᠎ᠠᠴᠠ ᠳᠡᠭᠡᠭᠰᠢ ᠬᠣᠷᠢᠨ ᠲᠦᠮᠡᠨ ᠲᠥᠭᠥᠷᠢᠭ᠎ᠠᠴᠠ ᠳᠤᠷᠤᠭᠰᠢ ᠵᠣᠭᠣᠰ ᠵᠶ᠋ᠠᠷ ᠲᠣᠷᠭ᠋ᠠᠬᠤ᠎ᠪᠠᠷ ᠰᠢᠳᠬᠡᠨ᠎ᠡ; ᠤᠢ᠍ᠢ᠍ᠯᠠ ᠪᠠᠶ᠋ᠢᠳᠠᠯ᠎ᠨᠢ ᠬᠦᠨᠳᠦ ᠨᠣᠴᠢᠲᠠᠢ ᠪᠠᠶ᠋ᠢᠪᠠᠯ᠂ ᠵᠠᠷᠯᠢᠭᠳᠠᠵᠤ ᠪᠠᠶ᠋ᠢᠭ᠋ᠠᠳ ᠠᠵᠢᠯ ᠦᠢ᠍ᠯᠡᠳᠪᠦᠷᠢᠯᠡᠯ᠎ᠢ᠎ᠨᠢ ᠵᠣᠭᠰᠣᠭ᠋ᠠᠨ ᠴᠡᠭᠴᠡᠯᠡᠭᠦᠯᠵᠦ ᠪᠣᠯᠤᠨ᠎ᠠ᠃
      ᠵᠢᠷᠠᠨ ᠨᠢᠭᠡᠳᠦᠭᠡᠷ ᠵᠤᠷᠪᠤᠰ ᠲᠤᠰ ᠬᠠᠤᠯᠢ ᠵᠢᠨ ᠲᠣᠭᠲᠠᠭ᠋ᠠᠯ᠎ᠢ ᠵᠥᠷᠢᠴᠡᠵᠦ᠂ ᠠᠮᠢ ᠠᠬᠤᠢ ᠵᠢᠨ ᠣᠷᠴᠢᠨ ᠨᠥᠬᠥᠴᠡᠯ᠎ᠢ ᠬᠣᠬᠢᠷᠠᠭᠤᠯᠤᠭᠰᠠᠨ ᠪᠠᠶ᠋ᠢᠪᠠᠯ᠂ ᠤᠯᠤᠰ᠎ᠠᠴᠠ ᠲᠣᠭᠲᠠᠭ᠋ᠠᠭᠰᠠᠨ ᠪᠠᠶ᠋ᠢᠭᠤᠯᠭ᠎ᠠ ᠪᠤᠶᠤ ᠬᠠᠤᠯᠢ ᠴᠠᠭ᠋ᠠᠵᠠ᠎ᠳᠤ ᠲᠣᠭᠲᠠᠭ᠋ᠠᠭᠰᠠᠨ ᠵᠣᠬᠢᠶᠠᠨ ᠪᠠᠶ᠋ᠢᠭᠤᠯᠤᠯᠲᠠ ᠬᠠᠤᠯᠢ ᠵᠢ ᠵᠥᠷᠢᠴᠡᠭᠰᠡᠨ ᠦᠢ᠍ᠯᠡ ᠠᠵᠢᠯᠯᠠᠭ᠋ᠠᠲᠤ ᠬᠥᠮᠦᠨ ᠵᠶ᠋ᠠᠷ ᠵᠠᠰᠠᠨ ᠰᠡᠷᠭᠦᠭᠡᠬᠦ ᠬᠠᠷᠢᠭᠤᠴᠠᠯᠭ᠎ᠠ ᠡᠭᠦᠷᠭᠡᠯᠡᠭᠦᠯᠬᠦ᠎ᠪᠠᠷ ᠬᠠᠤᠯᠢ ᠶᠣᠰᠣᠭ᠋ᠠᠷ ᠭᠤᠶᠤᠴᠢᠯᠠᠬᠤ᠂ ᠬᠣᠬᠢᠷᠠᠯ ᠪᠠ ᠬᠣᠯᠪᠣᠭᠳᠠᠯ ᠪᠦᠬᠦᠢ ᠵᠠᠷᠤᠳᠠᠯ᠎ᠢ ᠲᠦᠯᠦᠬᠦ ᠡᠷᠬᠡ᠎ᠲᠠᠢ᠃    
      ᠵᠢᠷᠠᠨ ᠬᠣᠶᠠᠳᠤᠭ᠋ᠠᠷ ᠵᠤᠷᠪᠤᠰ ᠲᠤᠰ ᠬᠠᠤᠯᠢ ᠵᠢᠨ ᠲᠣᠭᠲᠠᠭ᠋ᠠᠯ᠎ᠢ ᠵᠥᠷᠢᠴᠡᠵᠦ᠂ ᠠᠮᠤᠷ᠎ᠢ ᠬᠠᠮᠠᠭ᠋ᠠᠯᠠᠬᠤ ᠬᠠᠮᠢᠶᠠᠷᠤᠯᠲᠠ ᠵᠢ ᠵᠥᠷᠢᠴᠡᠭᠰᠡᠨ ᠦᠢ᠍ᠯᠡ ᠠᠵᠢᠯᠯᠠᠭ᠎ᠠ ᠪᠤᠯᠵᠤ ᠪᠦᠷᠢᠯᠳᠦᠭᠰᠡᠨ ᠪᠠᠶ᠋ᠢᠪᠠᠯ᠂ ᠳᠣᠲᠣᠭ᠋ᠠᠳᠤ ᠵᠢ ᠬᠠᠮᠠᠭ᠋ᠠᠯᠠᠬᠤ ᠪᠠᠶ᠋ᠢᠭᠤᠯᠭ᠎ᠠ᠎ᠠᠴᠠ ᠬᠠᠤᠯᠢ ᠶᠣᠰᠣᠭ᠋ᠠᠷ ᠠᠮᠤᠷ᠎ᠢ ᠬᠠᠮᠠᠭ᠋ᠠᠯᠠᠬᠤ ᠬᠠᠮᠢᠶᠠᠷᠤᠯᠲᠠ ᠵᠢᠨ ᠰᠢᠳᠬᠡᠯ ᠥᠭᠭᠦᠨ᠎ᠡ; ᠶᠠᠯ᠎ᠠ ᠪᠤᠯᠵᠦ ᠪᠦᠷᠢᠯᠳᠦᠭᠰᠡᠨ ᠪᠠᠶ᠋ᠢᠪᠠᠯ ᠬᠠᠤᠯᠢ ᠶᠣᠰᠣᠭ᠋ᠠᠷ ᠡᠷᠡᠭᠦᠦ ᠵᠢᠨ ᠬᠠᠷᠢᠭᠤᠴᠠᠯᠭ᠎ᠠ ᠨᠡᠬᠡᠮᠵᠢᠯᠡᠨ᠎ᠡ᠃
     

      ᠳᠣᠯᠣᠳᠤᠭ᠋ᠠᠷ ᠪᠦᠯᠦᠭ ᠳᠠᠭ᠋ᠠᠯᠳᠤᠭᠤᠯᠤᠭᠰᠠᠨ ᠳᠦᠷᠢᠮ
      ᠵᠢᠷᠠᠨ ᠭᠤᠷᠪᠠᠳᠤᠭ᠋ᠠᠷ ᠵᠤᠷᠪᠤᠰ ᠲᠤᠰ ᠬᠠᠤᠯᠢ᠎ᠳᠤ ᠬᠡᠷᠡᠭᠯᠡᠭᠰᠡᠨ ᠳᠣᠣᠷ᠎ᠠ ᠵᠢᠭᠰᠠᠭ᠋ᠠᠭᠰᠠᠨ ᠦᠭᠡᠰ᠎ᠤᠨ ᠤᠳᠬ᠎ᠠ᠄
      (ᠨᠢᠭᠡ) ᠤᠯᠠᠭ᠋ᠠᠨ ᠮᠣᠳᠣᠨ ᠣᠶ ᠵᠢᠨ ᠴᠢᠭᠢᠭᠯᠢᠭ ᠭᠠᠵᠠᠷ ᠭᠡᠳᠡᠭ᠎ᠨᠢ ᠤᠯᠠᠭ᠋ᠠᠨ ᠮᠣᠳᠣᠨ᠎ᠤ ᠤᠷᠭᠤᠮᠠᠯ ᠵᠶ᠋ᠠᠷ ᠭᠤᠤᠯ ᠪᠣᠯᠭ᠋ᠠᠨ ᠪᠦᠷᠢᠯᠳᠦᠭᠰᠡᠨ ᠣᠶ᠋ᠢᠷ᠎ᠠ ᠲᠡᠯᠡᠶ ᠪᠠ ᠲᠡᠯᠡᠶ ᠵᠢᠨ ᠡᠷᠭᠢ ᠵᠢᠨ ᠲᠦᠯᠬᠢᠭᠡᠨ᠎ᠤ ᠬᠣᠭᠣᠷᠣᠨᠳᠣᠬᠢ ᠴᠢᠭᠢᠭᠯᠢᠭ ᠭᠠᠵᠠᠷ᠎ᠢ ᠵᠢᠭ᠋ᠠᠵᠤ ᠪᠣᠶ;
      (ᠬᠣᠶᠠᠷ) ᠬᠦᠯᠦᠷ᠎ᠠ ᠴᠢᠭᠢᠭᠯᠢᠭ ᠭᠠᠵᠠᠷ ᠭᠡᠳᠡᠭ᠎ᠨᠢ ᠬᠦᠯᠦᠷ᠎ᠡ᠎ᠪᠠᠷ ᠪᠣᠶ᠋ᠢᠵᠢᠭᠰᠠᠨ ᠴᠢᠭᠢᠭᠯᠢᠭ ᠭᠠᠵᠠᠷ᠎ᠢ ᠵᠢᠭ᠋ᠠᠵᠤ ᠪᠤᠶ᠃
        ᠵᠢᠷᠠᠨ ᠳᠥᠷᠪᠡᠳᠦᠭᠡᠷ ᠵᠤᠷᠪᠤᠰ ᠮᠤᠵᠢ᠂ ᠥᠪᠡᠷᠲᠡᠭᠡᠨ ᠵᠠᠰᠠᠬᠤ ᠣᠷᠣᠨ᠂ ᠰᠢᠭᠤᠳ ᠬᠠᠷᠢᠶ᠎ᠠ ᠬᠣᠲᠠ ᠪᠣᠯᠤᠨ ᠲᠣᠭᠣᠷᠢᠭ ᠪᠠᠶ᠋ᠢᠭᠤᠯᠤᠭᠰᠠᠨ ᠬᠣᠲᠠ᠂ ᠥᠪᠡᠷᠲᠡᠭᠡᠨ ᠵᠠᠰᠠᠬᠤ ᠵᠧᠤ᠎ᠨᠢ ᠲᠣᠰ ᠭᠠᠵᠠᠷ᠎ᠤᠨ ᠪᠣᠳᠠᠲᠤ ᠪᠠᠶ᠋ᠢᠳᠠᠯ ᠵᠶ᠋ᠠᠨ ᠦᠨᠳᠦᠰᠦᠯᠡᠨ᠂ ᠴᠢᠭᠢᠭᠯᠢᠭ ᠭᠠᠵᠠᠷ᠎ᠢ ᠬᠠᠮᠠᠭ᠋ᠠᠯᠠᠬᠤ ᠪᠣᠳᠠᠲᠠᠶ ᠠᠷᠭ᠎ᠠ ᠵᠢ ᠲᠣᠭᠲᠠᠭ᠋ᠠᠵᠤ ᠪᠣᠯᠤᠨ᠎ᠠ᠃
        ᠵᠢᠷᠠᠨ ᠲᠠᠪᠤᠳᠤᠭ᠋ᠠᠷ ᠵᠤᠷᠪᠤᠰ ᠲᠤᠰ ᠬᠠᠤᠯᠢ ᠵᠢ 2022 ᠣᠨ᠎ᠤ 6 ᠰᠠᠷ᠎ᠠ ᠵᠢᠨ 1᠎ᠤ ᠡᠳᠦᠷ᠎ᠠᠴᠠ ᠡᠬᠢᠯᠡᠵᠦ ᠬᠡᠷᠡᠭᠵᠢᠭᠦᠯᠦᠨ᠎ᠡ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠤᠢ ᠰᠢᠭᠤᠢ ᠪᠠ ᠨᠤᠳᠤᠭ ᠪᠡᠯᠴᠢᠭᠡᠷ᠎ᠤᠨ ᠲᠤᠪᠴᠢᠶ᠎ᠠ
          
ᠬᠠᠮᠢᠶ᠎ᠡ ᠪᠦᠬᠦᠢ ᠰᠣᠨᠢᠨ
ᠤᠢ ᠰᠢᠭᠤᠢ ᠵᠢᠨ ᠳᠠᠷᠤᠭ᠎ᠠ ᠵᠢᠨ ᠳᠦᠷᠢᠮ᠎ᠢ ᠬᠡᠷᠡᠭᠵᠢᠭᠦᠯᠦᠭᠰᠡᠨ ᠪᠠᠢ᠌ᠳᠠᠯ᠎ᠨᠢ ᠬᠡᠷᠬᠢᠨ ᠨᠡᠶ᠋ᠢᠭᠡᠮ᠎ᠤᠨ ᠬᠢᠨᠠᠯᠲᠠ ᠵᠢ ᠬᠦᠯᠢᠶᠡᠬᠦ ᠪᠤᠢ?
ᠤᠢ ᠰᠢᠭᠤᠢ ᠵᠢᠨ ᠳᠠᠷᠤᠭ᠎ᠠ ᠵᠢᠨ ᠲᠤᠰᠢᠶᠠᠯ᠎ᠢ ᠡᠭᠦᠷᠭᠡᠯᠡᠵᠦ ᠪᠠᠶ᠋ᠢᠭ᠎ᠠ ᠨᠠᠮ ᠵᠠᠰᠠᠭ᠎ᠤᠨ ᠤᠳᠤᠷᠢᠳᠬᠤ ᠺᠠᠳ᠋ᠷ᠎ᠢ ᠬᠡᠷᠬᠢᠨ ᠬᠢᠨᠠᠨ ᠰᠢᠯᠭ᠋ᠠᠬᠤ ᠪᠤᠢ?
ᠨᠤᠲᠤᠭ ᠪᠡᠯᠴᠢᠭᠡᠷ ᠳᠡᠭᠡᠷ᠎ᠡ ᠨᠤᠲᠤᠭ ᠪᠡᠯᠴᠢᠭᠡᠷ᠎ᠤᠨ ᠬᠠᠮᠠᠭ᠋ᠠᠯᠠᠯᠲᠠ ᠪᠠ ᠮᠠᠯ ᠠᠵᠤ ᠠᠬᠤᠢ ᠵᠢᠨ ᠦᠢ᠍ᠯᠡᠳᠪᠦᠷᠢᠯᠡᠯ᠎ᠳᠤ ᠰᠢᠭᠤᠳ ᠦᠢ᠍ᠯᠡᠴᠢᠯᠡᠬᠦ ᠪᠠᠷᠢᠯᠭ᠎ᠠ ᠵᠢᠨ ᠲᠥᠬᠦᠭᠡᠷᠦᠮᠵᠢ ᠪᠠᠶ᠋ᠢᠭᠤᠯᠬᠤ᠎ᠳᠤ ᠬᠡᠷᠡᠭᠯᠡᠬᠦ ᠨᠤᠲᠤᠭ ᠪᠡᠯᠴᠢᠭᠡᠷ᠎ᠢ ᠬᠢᠨᠠᠨ ᠵᠥᠪᠰᠢᠶᠡᠷᠡᠬᠦ
《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠣᠶ ᠮᠣᠳᠣᠨ᠎ᠤ ᠦᠷ᠎ᠡ ᠵᠢᠨ ᠳᠦᠷᠢᠮ》
ᠪᠥᠬᠦᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠴᠢᠬᠢᠭᠯᠢᠭ ᠭᠠᠵᠠᠷ᠎ᠢ ᠬᠠᠮᠠᠭ᠋ᠠᠯᠠᠬᠤ ᠬᠠᠤᠯᠢ (ᠶᠢᠰᠦ)
 
             蒙ICP备05000248号