ᠥᠭᠡᠷ᠎ᠡ ᠨᠡᠷ᠎ᠡ 123᠂ ᠭᠦᠩ ᠵᠤ᠌ ᠯᠢᠩ123᠂ ᠵᠢᠢ ᠬᠣᠩ᠃ ᠬᠢᠷᠢᠨ ᠮᠤᠵᠢᠶᠢᠨ ᠲᠠᠷᠢᠶᠠᠯᠠᠩ ᠰᠢᠨᠵᠢᠯᠡᠬᠦ ᠤᠬᠠᠭ᠋ᠠᠨᠤ ᠬᠦᠷᠢᠶᠡᠯᠡᠩᠦᠨ ᠵᠢᠮᠢᠰ ᠦᠨ ᠮᠤᠳᠤᠨᠤ ᠰᠤᠳᠤᠯᠬᠤ ᠭᠠᠵᠠᠷᠠᠴᠠ ᠵᠢᠨ ᠭᠤᠸᠠᠩ ᠪᠤᠯᠤᠨ ᠬᠤᠸᠠᠩ ᠲᠠᠢ᠌ᠫᠢᠩᠢ ᠡᠷᠯᠢᠰᠵᠢᠬᠦᠯᠦᠨ ᠪᠤᠢ᠌ᠵᠢᠭᠤᠯᠵᠤ ᠪᠦᠲᠦᠭᠡᠵᠡᠢ᠃
ᠵᠢᠨ ᠬᠣᠩ ᠠᠯᠮᠤᠷᠠᠳ ᠪᠣᠯ ᠲᠤᠮᠳᠠᠴᠢ ᠪᠡᠷ ᠪᠤᠯᠪᠠᠰᠤᠷᠠᠬᠤ ᠡᠭᠦᠯᠳᠡᠷ᠃ ᠴᠡᠴᠡᠭᠯᠡᠬᠦ ᠡᠴᠡ ᠦᠷ᠎ᠡ ᠵᠢᠮᠢᠰ ᠪᠤᠯᠪᠠᠰᠤᠷᠠᠬᠤ ᠬᠦᠷᠲᠡᠯ᠎ᠡ100 ᠭᠠᠷᠤᠢ ᠡᠳᠦᠷ ᠬᠡᠷᠡᠭᠯᠡᠨ᠎ᠡ᠃ ᠦᠷ᠎ᠡ ᠵᠢᠮᠢᠰᠤᠨ ᠲᠡᠭᠰᠢᠳᠬᠡᠭᠰᠡᠨ ᠬᠦᠨᠳᠦ ᠨᠢ 75g᠂ ᠶᠡᠬᠡ ᠪᠠᠭ᠎ᠠ ᠨᠢ ᠵᠢᠭᠳᠡ᠂ ᠵᠢᠮᠢᠰᠦᠨ ᠬᠡᠯᠪᠡᠷᠢ ᠨᠢ ᠦᠨᠳᠡᠭᠡᠯᠢᠭ᠂ ᠬᠤᠶᠠᠷ ᠦᠵᠦᠬᠦᠷ ᠨᠢ ᠲᠡᠭᠰᠢ ᠤᠭᠲᠤᠯᠤᠭᠰᠠᠨ ᠰᠢᠭ᠋᠃ ᠵᠢᠮᠢᠰ ᠦᠨ ᠬᠠᠯᠢᠰᠤᠨᠤ ᠰᠠᠭᠤᠷᠢ ᠦᠩᠭᠡ ᠨᠢ ᠰᠢᠷ᠎ᠠ᠂ ᠲᠡᠭᠦᠨᠦ ᠳᠡᠭᠡᠭᠦᠷ ᠨᠢ ᠤᠯᠠᠭ᠋ᠠᠨ ᠲᠤᠶᠠᠭ᠎ᠠ ᠲᠠᠢ ᠪᠦᠭᠡᠳ ᠬᠦᠨ ᠤᠯᠠᠭ᠋ᠠᠨ ᠦᠩᠭᠡᠶᠢᠨ ᠵᠤᠷᠪᠤᠰ ᠲᠠᠢ᠂ ᠵᠢᠮᠢᠰᠤᠨ ᠮᠢᠬ᠎ᠠ ᠨᠢ ᠰᠢᠷ᠎ᠠ ᠦᠩᠭᠡᠳᠡᠢ᠃ ᠬᠡᠦᠷᠡᠩ᠂ ᠰᠢᠭᠦᠰᠦᠯᠢᠭ ᠶᠡᠬᠡᠳᠡᠢ ᠪᠦᠭᠡᠳ ᠬᠦᠴᠢᠯᠯᠢᠭ ᠰᠢᠬᠢᠷ ᠦᠨ ᠠᠮᠳᠠᠳᠠᠢ᠃ ᠠᠩᠬᠢᠯᠤᠮ᠎ᠠ ᠦᠨᠦᠷ ᠲᠠᠢ᠂ ᠴᠢᠨᠠᠷ ᠨᠢ ᠳᠡᠭᠡᠳᠦ ᠵᠡᠷᠭᠡᠳᠦ ᠤᠷᠤᠨ᠎ᠠ᠃ ᠬᠠᠳᠠᠭ᠋ᠠᠯᠠᠬᠤ ᠳᠤ ᠨᠡᠯᠢᠶᠠᠳ ᠳᠡᠰᠪᠦᠷᠢᠳᠠᠢ᠂ ᠡᠩᠦᠨ ᠪᠠᠢ᠌ᠳᠠᠯ ᠲᠤᠤᠷ᠎ᠠ᠂ 2~3 ᠰᠠᠷ᠎ᠠ ᠬᠠᠳᠠᠭ᠋ᠠᠯᠠᠵᠤ ᠪᠤᠯᠤᠨ᠎ᠠ᠃ ᠮᠤᠳᠤᠨᠤ ᠤᠷᠭᠤᠴᠠ ᠨᠢ ᠢᠳᠡᠷᠬᠦᠨ᠂ ᠮᠤᠳᠤᠨᠤ ᠬᠡᠯᠪᠡᠷᠢ ᠨᠢ ᠨᠡᠯᠢᠶᠠᠳ ᠰᠢᠯᠤᠭᠤᠨ᠂ ᠮᠤᠳᠤᠨᠤ ᠰᠠᠷᠠᠪᠴᠢᠶᠢᠨ ᠪᠦᠲᠦᠴᠠ ᠨᠢ ᠠᠪᠰᠠᠷᠬᠠᠨ ᠲᠤᠯᠠ ᠢᠭᠴᠤ ᠲᠠᠷᠢᠬᠤ ᠳᠤ ᠲᠣᠬᠢᠷᠠᠳᠠᠭ᠃ ᠵᠠᠢ᠌ᠯᠠᠵᠤ ᠲᠠᠷᠢᠭᠰᠠᠨᠤ ᠳᠠᠷᠠᠭ᠎ᠠ᠂ ᠬᠤᠶᠠᠷᠠᠴᠠ ᠭᠤᠷᠪᠠᠨ ᠵᠢᠯ ᠳᠦ ᠡᠬᠢᠯᠡᠨ ᠵᠢᠮᠢᠰᠯᠡᠵᠦ᠂ ᠵᠢᠮᠢᠰ ᠤᠨ ᠤᠷᠲᠤ᠂ ᠤᠬᠣᠷ᠂ ᠲᠤᠮᠳᠠ ᠮᠦᠴᠢᠷ ᠤᠨ ᠵᠢᠮᠢᠰᠯᠡᠬᠦ ᠨᠢ ᠪᠦᠷ ᠰᠠᠢ᠌ᠨ᠃ ᠵᠢᠮᠢᠰᠯᠡᠬᠦ ᠮᠦᠴᠢᠷ ᠳᠡᠭᠡᠷ᠎ᠡ ᠦᠷᠬᠦᠯᠵᠢᠯᠡᠨ ᠵᠢᠮᠢᠰ ᠰᠠᠭᠤᠬᠤ ᠬᠦᠴᠦᠨ ᠨᠢ ᠴᠢᠩᠭ᠎ᠠ᠂ ᠬᠤᠷᠢᠶᠠᠯᠳᠠ ᠨᠢ ᠡᠯᠪᠡᠭ ᠲᠤᠭᠲᠠᠭᠤᠨ ᠪᠠᠢ᠌ᠳᠠᠭ᠃