ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠰᠣᠨᠢᠨ ᠮᠡᠳᠡᠭᠡ
ᠰᠢᠯᠤᠭᠤᠨ ᠬᠥᠬᠡ ᠬᠤᠰᠢᠭᠤᠨ᠎ᠤ ᠠᠮᠢ ᠠᠬᠤᠢ ᠵᠢᠨ ᠪᠦᠳᠦᠭᠡᠨ ᠪᠠᠶ᠋ᠢᠭᠤᠯᠤᠯᠳᠠ ᠢᠯᠡᠷᠭᠡᠢ ᠠᠮᠵᠢᠯᠳᠠ ᠤᠯᠵᠦ ᠪᠠᠶ᠋ᠢᠨ᠎ᠠ
ᠨᠡᠶ᠋ᠢᠲᠡᠯᠡᠭᠰᠡᠨ ᠴᠠᠭ᠄ 2018-10-18

      ᠦᠭᠡᠷᠡᠴᠢᠯᠡᠯᠳᠡ ᠨᠡᠭᠡᠭᠡᠯᠳᠡ ᠬᠢᠭᠰᠡᠡ 40 ᠵᠢᠯ᠎ᠤᠨ ᠲᠤᠷᠰᠢ᠂ ᠰᠢᠯᠤᠭᠤᠨ ᠭᠦᠭᠡ ᠬᠤᠰᠢᠭᠤᠨ᠎ᠤ ᠨᠠᠮ᠎ᠤᠨ ᠬᠤᠷᠢᠶ᠎ᠠ᠂ ᠵᠠᠰᠠᠭ᠎ᠤᠨ ᠤᠷᠳᠤᠨ ᠤᠯᠠᠨ ᠲᠦᠮᠡᠨ ᠵᠶ᠋ᠠᠨ ᠲᠡᠶ᠋ᠢᠴᠢᠯᠠᠠ ᠰᠢᠷᠭ᠋ᠠᠭᠤ ᠬᠠᠳᠠᠭᠤᠵᠢᠯᠳᠠᠢ ᠴᠢᠷᠮᠠᠶ᠋ᠢᠠ ᠠᠵᠢᠯᠯᠠᠭᠰᠠᠠ ᠵᠶ᠋ᠠᠷ᠂ ᠠᠮᠢ ᠠᠬᠤᠢ ᠵᠢᠨ ᠤᠷᠴᠢᠨ ᠲᠤᠭᠤᠷᠢᠨ᠎ᠤ ᠬᠠᠮᠠᠭ᠋ᠠᠯᠠᠯᠳᠠ ᠵᠢᠨ ᠠᠵᠢᠯ ᠯᠤᠳᠤ ᠶᠡᠭᠡ ᠠᠮᠵᠢᠯᠳᠠ ᠤᠯᠤᠭᠰᠠᠨ ᠪᠠᠶ᠋ᠢᠨ᠎ᠠ᠃ ᠲᠤᠰ ᠬᠤᠰᠢᠭᠤᠨ᠎ᠤ ᠰᠠᠶ᠋ᠢᠨᠬᠤᠳᠳᠤᠭ ᠰᠤᠮᠤᠨ᠎ᠤ ᠪᠠᠶᠠᠨᠳᠦ᠋ᠭᠦᠮ ᠭᠠᠴᠠᠭ᠋ᠠᠨ᠎ᠤ 80 ᠨᠠᠰᠤᠨ᠎ᠤ ᠦᠨᠳᠤᠷ ᠨᠠᠰᠤᠨ ᠬᠤᠳᠤᠭ᠎ᠢ ᠵᠤᠭᠤᠭᠯᠠᠭᠰᠠᠨ ᠪᠠᠪᠤᠤ ᠨᠠᠰᠤᠳᠠᠠ᠎ᠤ ᠭᠡᠷ᠎ᠲᠤ ᠢᠷᠡᠭᠦ᠎ᠳᠤ ᠨᠠᠰᠤᠳᠠᠨ ᠶᠠᠭ ᠬᠠᠶ᠋ᠢᠯᠠᠰᠤᠨ ᠮᠤᠳᠤᠨ ᠬᠦᠷᠢᠶᠡᠨ᠎ᠳᠡᠭᠡᠨ ᠬᠠᠭᠤᠷᠠᠶ᠋ᠢᠰᠢᠵᠤ ᠬᠠᠳᠠᠭᠰᠠᠨ ᠮᠤᠳᠤᠨ ᠨᠠᠮᠠᠭ᠎ᠠ ᠵᠢ ᠬᠢᠷᠦᠭᠡᠳᠡᠵᠤ ᠪᠠᠶ᠋ᠢᠯ᠎ᠠ᠃ ᠲᠡᠷᠡ 40 ᠭᠠᠷᠤᠢ ᠵᠢᠯ᠎ᠤᠨ ᠲᠤᠷᠰᠢ ᠬᠠᠶ᠋ᠢᠯᠠᠰᠤᠨ ᠮᠤᠳᠤ᠎ᠪᠠᠨ ᠵᠠᠰᠠᠵᠤ ᠬᠠᠮᠠᠭ᠋ᠠᠯᠠᠭᠰᠠᠭ᠋ᠠᠷ ᠢᠷᠠᠵᠠᠢ᠃ ᠠᠭᠤᠷ ᠠᠮᠢᠰᠬᠤᠯ᠎ᠤᠨ ᠬᠤᠪᠢᠷᠠᠯᠳᠠ ᠪᠠ ᠲᠠᠭ᠋ᠠᠭ᠋ᠠᠴᠠ᠎ᠠᠴᠠ ᠭᠡᠳᠤᠷᠠᠳᠡᠯ᠎ᠡ ᠮᠠᠯ ᠮᠠᠯᠵᠢᠭᠰᠠᠨ ᠵᠶ᠋ᠠᠷ ᠪᠠᠶᠠᠨᠳᠦ᠋ᠭᠦᠮ ᠭᠠᠴᠠᠭ᠋ᠠᠨ᠎ᠤ ᠪᠡᠯᠴᠢᠭᠡᠷ ᠤᠰᠤ ᠨᠢᠭᠡ ᠦᠶ᠎ᠡ ᠡᠯᠡᠰᠤᠷᠭᠡᠭᠵᠢᠵᠤ᠂ ᠴᠤᠬᠤᠮ ᠴᠦ᠍ ᠨᠢᠭᠡ ᠭᠦᠯᠠᠶ᠋ᠢᠮ᠎ᠠ ᠡᠯᠡᠰᠤ ᠪᠤᠯᠤᠭᠰᠠᠨ ᠪᠠᠶ᠋ᠢᠨ᠎ᠠ᠃ ᠦᠪᠡᠷ᠎ᠤᠨ ᠦᠰᠴᠤ ᠲᠦᠷᠦᠭᠰᠡᠨ ᠨᠤᠳᠤᠭ ᠤᠰᠤᠨ᠎ᠤ ᠬᠢᠨᠢ ᠤᠨᠠᠭ᠋ᠠᠨ ᠪᠠᠶ᠋ᠢᠭ᠋ᠠᠯᠢ ᠡᠶ᠋ᠢᠡ ᠭᠦ᠌ ᠡᠯᠡᠰᠤᠷᠭᠡᠭᠵᠢᠨ ᠲᠠᠴᠢᠷᠰᠢᠬᠤ ᠵᠢ ᠦᠵᠡᠭᠡᠤᠨ ᠰᠡᠳᠬᠢᠯ ᠡᠮᠳᠡᠷᠡᠭᠰᠡᠨ ᠪᠠᠪᠤᠤ ᠨᠠᠰᠤᠳᠠᠨ ᠡᠨᠡ ᠭᠦ᠌ ᠭᠡᠰᠡᠭ ᠭᠠᠵᠠᠷ᠎ᠢ ᠶᠠᠭᠤ ᠴᠦ᠍ ᠭᠡᠰᠡᠨ ᠨᠢᠭᠡ ᠰᠠᠶ᠋ᠢᠨ ᠵᠠᠰᠠᠵᠤ ᠡᠳᠡᠭᠡᠷᠡᠭᠦᠯᠵᠤ ᠠᠪᠬᠤ᠎ᠪᠠᠷ ᠵᠤᠷᠢᠭ ᠰᠢᠭᠤᠳᠴᠠᠢ᠃ ᠲᠡᠭᠡᠭᠡᠤᠨ ᠲᠡᠷᠡ ᠭᠦᠨᠳᠤ ᠡᠯᠡᠰᠤᠷᠭᠡᠭᠵᠢᠭᠰᠡᠨ ᠨᠢᠭᠡ ᠭᠡᠰᠡᠭ ᠭᠠᠵᠠᠷ᠎ᠢ ᠰᠤᠩᠭᠤᠨ ᠭᠦᠷᠢᠶᠡᠯᠡᠵᠤ᠂ ᠬᠠᠶ᠋ᠢᠯᠠᠰᠤ᠂ ᠰᠢᠷ᠎ᠠ ᠪᠤᠷᠭ᠋ᠠᠰᠤ᠂ ᠬᠠᠷᠭ᠋ᠠᠨ᠎ᠠ ᠲᠠᠷᠢᠵᠤ᠂ ᠲᠠᠷᠢᠭᠰᠠᠨ ᠮᠤᠳᠤ᠎ᠪᠠᠨ ᠨᠢᠮᠪᠠᠢ ᠠᠷᠠᠴᠢᠯᠠᠵᠤ ᠡᠬᠢᠯᠡᠭᠰᠡᠨ ᠪᠠᠶ᠋ᠢᠨ᠎ᠠ᠃ ᠤᠷᠳᠤ ᠬᠤᠭᠤᠴᠠᠭ᠎ᠠ ᠬᠠᠷᠠᠵᠤ ᠬᠠᠮᠠᠭ᠋ᠠᠯᠠᠵᠤ ᠢᠷᠡᠭᠰᠡᠨ᠎ᠢᠶᠠᠷ ᠦᠨᠤ ᠪᠤᠯᠬᠤ᠎ᠳᠤ ᠬᠠᠶ᠋ᠢᠯᠠᠰᠤᠨ ᠮᠤᠳᠤ᠎ᠨᠢ ᠪᠠᠪᠤᠤ ᠨᠠᠰᠤᠳᠠᠨ᠎ᠤ ᠭᠡᠷ᠎ᠤᠨ ᠡᠷᠬᠢᠨ ᠲᠤᠭᠤᠷᠢᠨ᠎ᠢ ᠨᠡᠶ᠋ᠢᠳᠡᠮ ᠪᠦᠷᠭᠦᠵᠤ᠂ ᠢᠬ᠍ᠴᠤ ᠰᠠᠬᠤᠯᠢᠭ ᠤᠢ ᠰᠢᠭᠤᠢ ᠪᠤᠯᠵᠤ ᠬᠤᠪᠢᠷᠠᠨ ᠬᠠᠶ᠋ᠢᠯᠠᠰᠤᠨ ᠮᠤᠳᠤᠨ᠎ᠤ ᠰᠡᠭᠦᠳᠡᠷ ᠲᠤᠤᠷ᠎ᠠ ᠦᠭᠡᠷ ᠬᠤᠨᠢᠤᠨ᠎ᠨᠢ ᠲᠠᠭ᠋ᠠᠳᠠᠢ ᠢᠳᠡᠰᠢᠯᠡᠨ ᠵᠢᠷᠤᠭ ᠰᠢᠭ᠋ ᠪᠠᠶ᠋ᠢᠭ᠋ᠠᠯᠢ ᠭᠦᠮᠤᠰ᠎ᠤᠨ ᠬᠠᠷᠠᠭ᠋ᠠᠨ᠎ᠳᠤ ᠲᠤᠳᠤᠷᠠᠨ᠎ᠠ᠃ ᠭᠡᠳᠤᠨ ᠠᠷᠪᠠᠨ ᠵᠢᠯ᠎ᠤᠨ ᠲᠤᠷᠰᠢ᠂ ᠲᠤᠰ ᠬᠤᠰᠢᠭᠤ ᠠᠮᠢ ᠠᠬᠤᠢ ᠵᠢᠨ ᠪᠦᠳᠤᠭᠡᠨ ᠪᠠᠶ᠋ᠢᠭᠤᠯᠤᠯᠳᠠ ᠪᠠ ᠤᠷᠴᠢᠨ ᠲᠤᠭᠤᠷᠢᠨ᠎ᠤ ᠬᠠᠮᠠᠭ᠋ᠠᠯᠠᠯᠳᠠ ᠵᠢ ᠭᠦᠭᠵᠢᠯᠳᠡ ᠵᠢᠨ ᠲᠡᠷᠢᠭᠦᠨ ᠪᠠᠶ᠋ᠢᠷᠢᠨ᠎ᠳᠤ ᠲᠠᠯᠪᠢᠵᠤ᠂ ᠠᠳᠠᠯᠢ ᠪᠤᠰᠤ ᠪᠠᠶ᠋ᠢᠳᠠᠯ᠎ᠢ᠎ᠨᠢ ᠦᠨᠳᠤᠰᠤᠯᠡᠨ᠂ ᠪᠦᠭᠦ ᠵᠢᠯ ᠵᠶ᠋ᠠᠷ ᠬᠠᠰᠢᠶᠠᠯᠠᠬᠤ ᠪᠠ ᠠᠷᠠᠤᠨ᠎ᠢ ᠨᠡᠭᠦᠯᠭᠡᠨ ᠰᠢᠯᠵᠢᠭᠦᠯᠵᠤ ᠮᠠᠯ ᠪᠠᠯᠴᠢᠭᠡᠷ᠎ᠤᠨ ᠲᠡᠩᠴᠡᠭᠦᠷᠢ ᠵᠢᠨ ᠲᠦᠷᠢᠮ ᠪᠠ ᠰᠡᠯᠭᠦᠨ ᠮᠠᠯᠵᠢᠬᠤ ᠲᠦᠷᠢᠮ᠎ᠢ ᠭᠡᠷᠡᠭᠵᠢᠭᠦᠯᠵᠤ᠂ ᠲᠠᠷᠢᠶᠠᠯᠠᠬᠤ ᠵᠢ ᠵᠤᠭᠰᠤᠭ᠋ᠠᠵᠤ ᠤᠶ᠋ᠢᠵᠢᠭᠤᠯᠤᠨ᠂ ᠠᠭᠤᠯᠠ ᠵᠢ ᠪᠢᠳᠡᠭᠦᠮᠵᠢᠯᠡᠨ ᠵᠠᠰᠠᠬᠤ ᠵᠡᠷᠭᠡ ᠠᠷᠭ᠎ᠠ ᠭᠡᠮᠵᠢᠶ᠎ᠠ ᠠᠪᠴᠤ ᠠᠮᠢ ᠠᠬᠤᠢ ᠵᠢᠨ ᠪᠦᠳᠤᠭᠡᠨ ᠪᠠᠶ᠋ᠢᠭᠤᠯᠤᠯᠳᠠ ᠵᠢ ᠪᠦᠭᠦ ᠲᠠᠯ᠎ᠠ᠎ᠪᠠᠷ ᠦᠷᠨᠢᠭᠦᠯᠦᠭᠰᠡᠨ ᠪᠠᠶ᠋ᠢᠨ᠎ᠠ᠃ ᠲᠤᠰ ᠬᠤᠰᠢᠭᠤ ᠪᠡᠭᠡᠵᠢᠩ ᠲᠢᠶᠠᠨᠵᠢᠨ᠎ᠤ ᠡᠷᠬᠢᠡ ᠲᠤᠭᠤᠷᠢᠠ᠎ᠤ ᠡᠯᠡᠰᠦᠨ᠎ᠤ ᠡᠬᠢ ᠵᠢ ᠵᠠᠰᠠᠬᠤ᠎ᠳᠠᠭᠠᠨ ᠪᠢᠳᠡᠭᠦᠮᠵᠢᠯᠡᠨ ᠤᠶ᠋ᠢᠵᠢᠭᠤᠯᠬᠤ ᠪᠠ ᠨᠢᠰᠭᠡᠯ ᠵᠶ᠋ᠠᠷ ᠤᠶ᠋ᠢᠵᠢᠭᠤᠯᠬᠤ ᠵᠢ ᠤᠶᠠᠯᠳᠤᠭᠤᠯᠤᠨ᠂ ᠪᠤᠳᠠ ᠮᠤᠳᠤ᠎ᠪᠠᠷ ᠭᠤᠤᠯᠳᠠᠯᠭ᠎ᠠ ᠪᠤᠯᠭ᠋ᠠᠵᠤ᠂ ᠪᠤᠳᠠ ᠮᠤᠳᠤ ᠪᠠ ᠲᠤᠤᠷᠯᠢᠭ ᠮᠤᠳᠤ ᠵᠢ ᠤᠶᠠᠯᠳᠤᠭᠤᠯᠤᠨ᠂ ᠮᠠᠯ ᠪᠡᠯᠴᠢᠭᠡᠷ᠎ᠤᠨ ᠤᠷᠭᠤᠮᠠᠯ᠎ᠤᠨ ᠪᠦᠷᠭᠦᠴᠡ ᠵᠢᠨ ᠰᠡᠷᠭᠦᠯᠳᠡ ᠵᠢ ᠲᠦᠷᠭᠡᠳᠭᠡᠭᠰᠡᠨ ᠪᠠᠶ᠋ᠢᠨ᠎ᠠ᠃ ᠲᠦᠷᠤᠯ ᠵᠦᠢ᠍ᠯ᠎ᠤᠨ ᠲᠤᠭᠤᠷᠢᠭ᠎ᠤᠨ ᠬᠠᠮᠢᠶᠠᠷᠤᠯᠳᠠ ᠵᠢᠨ ᠲᠦᠷᠢᠮ᠎ᠢ ᠲᠤᠭᠳᠠᠭ᠋ᠠᠨ᠂ ᠬᠠᠮᠢᠶᠠᠷᠤᠯᠳᠠ ᠵᠢᠨ ᠬᠠᠷᠢᠭᠤᠴᠠᠯᠭ᠎ᠠ ᠵᠢ ᠨᠠᠶ᠋ᠢᠳᠠᠪᠤᠷᠢᠵᠢᠭᠤᠯᠵᠤ᠂ ᠬᠤᠰᠢᠭᠤ᠂ ᠰᠤᠮᠤ ᠪᠠᠯᠭ᠋ᠠᠰᠤ ᠲᠠᠯᠠᠪᠠᠢ᠂ ᠭᠠᠴᠠᠭ᠎ᠠ ᠲᠤᠰᠬᠤᠨ ᠪᠠ ᠤᠢ ᠰᠢᠭᠤᠢ ᠵᠢᠨ ᠲᠤᠳᠤᠭ᠋ᠠᠳᠤ ᠵᠢ ᠬᠠᠮᠠᠭ᠋ᠠᠯᠠᠬᠤ ᠲᠦᠷᠪᠡᠨ ᠱᠠᠳᠤᠨ᠎ᠤ ᠬᠠᠮᠢᠶᠠᠷᠤᠯᠳᠠ ᠵᠢᠨ ᠰᠦᠯᠵᠢᠶ᠎ᠠ ᠪᠠ ᠤᠯᠠᠨ ᠲᠦᠮᠡᠨ ᠤᠷᠤᠯᠴᠠᠬᠤ ᠤᠷᠳᠤ ᠬᠤᠭᠤᠴᠠᠭ᠋ᠠᠨ᠎ᠤ ᠬᠠᠮᠢᠶᠠᠷᠤᠯᠳᠠ ᠵᠢᠨ ᠲᠤᠭᠳᠠᠴᠠ ᠵᠢ ᠪᠦᠷᠢᠯᠳᠦᠭᠦᠯᠪᠡ᠃ ᠲᠡᠭᠰᠢ ᠭᠠᠵᠠᠷ᠂ ᠭᠤᠤᠯ ᠵᠢᠯᠠᠭ᠎ᠠ᠎ᠳᠤ ᠮᠤᠳᠤ ᠲᠠᠷᠢᠵᠤ᠂ ᠡᠯᠡᠰᠤ ᠵᠢ ᠬᠠᠰᠢᠬᠤ ᠬᠠᠯᠬᠠᠪᠴᠢ ᠪᠤᠯᠠᠵᠤ ᠶᠡᠷᠤᠩᠭᠡᠶ᠋ᠢᠯᠡᠨ ᠵᠠᠰᠠᠬᠤ᠂ ᠠᠮᠢ ᠠᠬᠤᠢ ᠵᠢᠨ ᠨᠡᠭᠦᠳᠡᠯ ᠠᠷᠠᠤᠨ᠎ᠢ ᠨᠡᠭᠦᠯᠭᠡᠭᠦ᠎ᠪᠠᠷ ᠲᠠᠮᠵᠢᠠ ᠡᠯᠡᠰᠤᠷᠭᠡᠭᠵᠢᠯ ᠭᠦᠨᠳᠤ ᠨᠤᠴᠢᠳᠠᠢ ᠭᠠᠵᠠᠷ᠂ ᠵᠤᠰᠠᠯᠠᠩ᠎ᠤᠨ ᠭᠠᠵᠠᠷ ᠪᠠ ᠨᠢᠰᠭᠡᠯ ᠵᠶ᠋ᠠᠷ ᠤᠶ᠋ᠢᠵᠢᠭᠤᠯᠬᠤ᠎ᠳᠤ ᠲᠤᠬᠢᠷᠠᠮᠵᠢᠳᠠᠢ ᠡᠯᠡᠰᠤᠷᠭᠡᠭᠵᠢᠭᠰᠡᠨ ᠭᠠᠵᠠᠷ᠎ᠲᠤ ᠨᠢᠰᠭᠡᠯ ᠵᠶ᠋ᠠᠷ ᠤᠶ᠋ᠢᠵᠢᠭᠤᠯᠤᠨ᠂ ᠨᠢᠰᠭᠡᠯ ᠵᠶ᠋ᠠᠷ ᠤᠶ᠋ᠢᠵᠢᠭᠤᠯᠬᠤ᠎ᠳᠤ ᠲᠤᠬᠢᠷᠠᠮᠵᠢ ᠦᠭᠡᠢ ᠭᠠᠵᠠᠷ᠎ᠲᠤ ᠠᠭᠤᠯᠠ ᠵᠢ ᠪᠢᠳᠡᠭᠦᠮᠵᠢᠯᠡᠨ ᠤᠶ᠋ᠢᠵᠢᠭᠤᠯᠬᠤ ᠠᠷᠭ᠎ᠠ ᠭᠡᠮᠵᠢᠶ᠎ᠠ ᠠᠪᠤᠭᠰᠠᠨ ᠪᠠᠶ᠋ᠢᠨ᠎ᠠ᠃ ᠲᠤᠰ ᠬᠤᠰᠢᠭᠤ 《ᠭᠦᠭᠡ ᠤᠰᠤ ᠭᠦᠭᠡᠮᠳᠦᠭ ᠠᠭᠤᠯᠠ ᠪᠤᠯ ᠠᠯᠳᠠ ᠮᠦᠩᠭᠦᠨ ᠠᠭᠤᠯᠠ》 ᠭᠡᠰᠡᠨ ᠤᠶ᠋ᠢᠯᠠᠭ᠋ᠠᠭᠳᠠᠬᠤᠨ᠎ᠤ ᠲᠤᠭᠤᠷᠢᠨ᠎ᠳᠤ᠂ ᠤᠮᠠᠷᠠᠳᠤ ᠵᠢᠨ ᠠᠮᠢ ᠠᠬᠤᠢ ᠵᠢᠨ ᠠᠮᠤᠷ ᠲᠦᠪᠰᠢᠨ᠎ᠤ ᠬᠠᠯᠬᠠᠪᠴᠢ ᠵᠢ ᠪᠠᠶ᠋ᠢᠭᠤᠯᠬᠤ᠎ᠪᠠᠷ ᠬᠠᠷᠠᠯᠳᠠ ᠪᠤᠯᠭ᠋ᠠᠨ᠂ ᠤᠯᠤᠰ᠎ᠤᠨ ᠠᠮᠢ ᠠᠬᠤᠢ ᠵᠢᠨ ᠪᠦᠳᠤᠭᠡᠨ ᠪᠠᠶ᠋ᠢᠭᠤᠯᠤᠯᠳᠠ᠎ᠳᠤ ᠭᠤᠤᠯᠳᠠᠯᠭ᠎ᠠ᠎ᠲᠠᠢ ᠪᠠᠯᠠ ᠤᠷᠤᠭᠤᠯᠬᠤ ᠠᠵᠠ ᠲᠤᠬᠢᠶᠠᠯ᠎ᠢ ᠠᠳᠬᠤᠵᠤ᠂ ᠪᠦᠳᠤᠭᠡᠨ ᠪᠠᠶ᠋ᠢᠭᠤᠯᠤᠯᠳᠠ ᠵᠢᠨ ᠤᠷᠤᠨ ᠲᠤᠭᠤᠷᠢᠭ᠎ᠤᠨ ᠦᠷ᠎ᠡ ᠪᠦᠳᠤᠮᠵᠢ ᠵᠢ ᠪᠠᠬᠢᠵᠢᠭᠦᠯᠦᠭᠰᠡᠨ ᠰᠠᠭᠤᠷᠢᠨ ᠲᠡᠭᠡᠷ᠎ᠡ᠂ ᠬᠠᠷᠠᠬᠠᠨ ᠵᠠᠰᠠᠵᠤ ᠲᠡᠶ᠋ᠢᠯᠦᠭᠡ ᠦᠭᠡᠢ ᠤᠷᠤᠨ ᠲᠤᠭᠤᠷᠢᠭ᠎ᠲᠤ ᠶᠡᠷᠤᠩᠭᠡᠶ᠋ᠢᠯᠡᠨ ᠵᠠᠰᠠᠵᠤ᠂ ᠠᠮᠢ ᠠᠬᠤᠢ ᠵᠢᠨ ᠪᠦᠳᠤᠭᠡᠨ ᠪᠠᠶ᠋ᠢᠭᠤᠯᠤᠯᠳᠠ᠎ᠶᠢᠨ ᠢᠨᠵᠧᠨᠧᠷᠢᠩ᠎ᠢ ᠶᠡᠭᠡ ᠭᠦᠴᠤᠨ ᠵᠶ᠋ᠠᠷ ᠭᠡᠷᠡᠭᠵᠢᠭᠦᠯᠤᠨ᠂ ᠠᠵᠤ ᠠᠬᠤᠢ ᠨᠡᠶ᠋ᠢᠭᠡᠮ᠎ᠤᠨ ᠪᠦᠭᠦ ᠲᠠᠯ᠎ᠠ ᠵᠢᠨ ᠵᠤᠬᠢᠴᠠᠩᠭᠤᠢ ᠪᠠ ᠦᠷᠭᠦᠯᠵᠢᠯᠡᠭᠰᠡᠨ ᠭᠦᠭᠵᠢᠯᠳᠡ ᠵᠢ ᠪᠠᠶᠡᠯᠡᠭᠦᠯᠵᠤ᠂ ᠡᠭᠡ ᠤᠯᠤᠰ᠎ᠤᠨ ᠤᠮᠠᠷᠠᠳᠤ ᠵᠢᠨ ᠦᠵᠡᠮᠵᠢ ᠵᠢᠨ ᠱᠤᠭᠤᠮ᠎ᠢ ᠨᠡᠩ ᠦᠵᠡᠰᠭᠦᠯᠡᠩᠳᠤ ᠭᠤᠶᠤ ᠪᠤᠯᠭ᠋ᠠᠬᠤ᠎ᠪᠠᠷ ᠴᠢᠷᠮᠠᠶ᠋ᠢᠵᠤ ᠪᠠᠶ᠋ᠢᠨ᠎ᠠ᠃  (ᠲᠤᠮᠳᠠᠳᠤ ᠤᠯᠤᠰ᠎ᠤᠨ ᠮᠤᠩᠭᠤᠯ ᠬᠡᠯᠡᠨ᠎ᠤ ᠰᠦᠯᠵᠢᠶ᠎ᠠ᠎ᠠᠴᠠ ᠬᠠᠭᠤᠯᠪᠤᠷᠢᠯᠠᠪᠠ)

ᠢᠷᠡᠯᠲᠡ᠄ ᠲᠤᠮᠳᠠᠳᠤ ᠤᠯᠤᠰ᠎ᠤᠨ ᠮᠤᠩᠭᠤᠯ ᠬᠡᠯᠡᠨ᠎ᠤ ᠰᠦᠯᠵᠢᠶ᠎ᠠ
          
ᠬᠠᠮᠢᠶ᠎ᠡ ᠪᠦᠬᠦᠢ ᠰᠣᠨᠢᠨ
ᠬᠦᠳᠡᠭᠡ ᠲᠤᠰᠬᠤᠨ᠎ᠤ ᠵᠢᠭᠤᠯᠴᠢᠯᠠᠯ᠎ᠤᠨ ᠶᠠᠰᠤ ᠴᠢᠨᠠᠷ᠎ᠢ ᠲᠡᠭᠡᠭᠰᠢᠯᠡᠬᠦᠯᠬᠦ ᠲᠤᠬᠠᠢ ᠠᠷᠪᠠᠨ ᠭᠤᠷᠪᠠᠨ ᠰᠠᠯᠠᠭ᠎ᠠ ᠮᠦᠴᠢᠷ ᠠᠵᠢᠯᠯᠠᠭ᠋ᠠᠨ᠎ᠤ ᠲᠦᠰᠤᠯ ᠨᠡᠢ᠌ᠳᠡᠯᠡᠪᠡ
ᠲᠦᠷᠦ ᠵᠢᠨ ᠶᠠᠪᠤᠳᠠᠯ᠎ᠤᠨ ᠬᠤᠷᠢᠶ᠎ᠠ ᠯᠢᠶᠤᠤᠨᠢᠩ᠎ᠳᠤ ᠱᠧᠨᠶᠠᠩ ᠹᠦᠱ᠌ᠦ᠋ᠨ᠎ᠤ ᠦᠭᠡᠷᠡᠴᠢᠯᠡᠯᠲᠡ ᠬᠢᠵᠤ ᠰᠢᠨ᠎ᠡ ᠵᠢ ᠡᠬᠦᠳᠬᠦ ᠵᠢᠱ᠌ᠢᠶ᠎ᠡ ᠦᠵᠡᠬᠦᠯᠬᠦ ᠤᠷᠤᠨ᠎ᠢ ᠪᠠᠢ᠌ᠭᠤᠯᠬᠤ ᠲᠤᠬᠠᠢ ᠴᠤᠬᠤᠯᠠᠪᠤᠷᠢ ᠭᠠᠷᠭ᠋ᠠᠪᠠ
ᠲᠦᠪ᠎ᠤᠨ ᠤᠷᠴᠢᠨ ᠠᠬᠤᠢ ᠵᠢᠨ ᠬᠠᠮᠠᠭ᠋ᠠᠯᠠᠯᠳᠠ ᠵᠢᠨ ᠰᠢᠪᠠᠳᠠᠨ ᠪᠠᠢ᠌ᠴᠠᠭ᠋ᠠᠯᠳᠠ ᠵᠢᠨ ᠡᠷᠬᠢᠵᠤ ᠪᠠᠢ᠌ᠴᠠᠭ᠋ᠠᠭᠰᠠᠨ᠎ᠤ ᠬᠠᠷᠢᠭᠤ ᠲᠤᠰᠬᠠᠯ᠄ ᠦᠪᠤᠷ ᠮᠤᠩᠭᠤᠯ ᠬᠥᠭᠵᠢᠬᠦᠯᠬᠦ ᠪᠠ ᠬᠠᠮᠠᠭ᠋ᠠᠯᠠᠬᠤ ᠵᠢᠨ ᠬᠠᠷᠢᠴᠠᠭ᠎ᠠ ᠵᠢ ᠰᠢᠢ᠍ᠳᠪᠤᠷᠢᠯᠡᠬᠦ᠎ᠳᠡᠭᠡᠨ ᠡᠷᠡᠰ ᠴᠢᠩᠭ᠎ᠠ ᠤᠪᠤᠷ ᠵᠶ᠋ᠠᠷ ᠬᠠᠨᠳᠤᠵᠤ ᠪᠠᠢ᠌ᠬᠤ ᠦᠭᠡᠢ
2020 ᠤᠨ ᠪᠤᠯᠬᠤ᠎ᠳᠤ ᠶᠠᠳᠠᠭᠤ ᠬᠦᠴᠢᠷᠲᠡᠯ᠎ᠲᠠᠢ ᠬᠦᠮᠦᠨ ᠠᠮᠠ ᠵᠢᠨ ᠤᠤᠭᠤᠬᠤ ᠤᠰᠤᠨ᠎ᠤ ᠠᠮᠤᠷ ᠲᠦᠪᠰᠢᠨ᠎ᠤ ᠠᠰᠠᠭᠤᠳᠠᠯ᠎ᠢ ᠪᠦᠬᠦ ᠲᠠᠯ᠎ᠠ᠎ᠪᠠᠷ ᠰᠢᠢ᠍ᠳᠪᠤᠷᠢᠯᠡᠨ᠎ᠡ
ᠪᠠᠶᠠᠨᠨᠠᠭᠤᠷ ᠬᠤᠲᠠ ᠪᠦᠬᠦ ᠤᠯᠤᠰ᠎ᠤᠨ ᠡᠯᠡᠰᠦᠷᠬᠡᠭᠵᠢᠯ᠎ᠢ ᠰᠡᠷᠭᠡᠢ᠌ᠯᠡᠨ ᠵᠠᠰᠠᠬᠤ ᠶᠡᠷᠦᠩᠬᠡᠢ᠌ᠯᠡᠭᠰᠡᠨ ᠵᠢᠱ᠌ᠢᠶ᠎ᠡ ᠦᠵᠡᠭᠦᠯᠬᠦ ᠤᠷᠤᠨ ᠵᠶ᠋ᠠᠷ ᠰᠤᠩᠭᠤᠭᠳᠠᠪᠠ
 
             蒙ICP备05000248号