ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠰᠣᠨᠢᠨ ᠮᠡᠳᠡᠭᠡ
ᠹᠸᠩᠵᠸᠨ ᠬᠤᠳᠠ ᠵᠢᠨ ᠣᠢ ᠰᠢᠭᠤᠢ ᠵᠢᠨ ᠰᠡᠷᠭᠡᠶ᠋ᠢᠯᠡᠨ ᠵᠠᠰᠠᠬᠤ ᠥᠷᠲᠡᠭᠡ ᠤᠯᠤᠰ᠎ᠤᠨ ᠲᠡᠰ᠎ᠤᠨ ᠭᠣᠣᠯ ᠰᠢᠯᠭ᠋ᠠᠨ ᠮᠡᠳᠡᠭᠦᠯᠬᠦ ᠴᠡᠭ᠎ᠤᠨ ᠭᠣᠣᠯ ᠬᠢᠨᠠᠯᠲᠠ ᠵᠢᠨ ᠡᠲᠡᠭᠡᠳ ᠦᠬᠡᠷ ᠡᠷᠪᠡᠬᠡᠶ ᠵᠢ ᠬᠢᠨᠠᠨ ᠬᠡᠮᠵᠢᠬᠦ ᠪᠠᠶ᠋ᠢᠴᠠᠭ᠋ᠠᠯᠲᠠ ᠵᠢ ᠨᠠᠷᠢᠨ ᠬᠢᠨᠠᠮᠠᠭ᠋ᠠᠶ ᠥᠷᠨᠢᠭᠦᠯᠪᠡ
ᠨᠡᠶ᠋ᠢᠲᠡᠯᠡᠭᠰᠡᠨ ᠴᠠᠭ᠄ 2018-09-15

      ᠤᠢ ᠰᠢᠭᠤᠶ ᠵᠢᠨ ᠲᠢᠩᠬᠢᠮ᠎ᠤᠨ ᠵᠠᠰᠠᠭ᠎ᠤᠨ ᠣᠷᠳᠣᠨ᠎ᠤ ᠰᠦᠯᠵᠢᠶ᠎ᠡ ᠵᠢᠨ 7 ᠰᠠᠷ᠎ᠠ ᠵᠢᠨ 18᠎ᠤ ᠡᠳᠦᠷ᠎ᠤᠨ ᠮᠡᠳᠡᠭᠡ

      ᠦᠬᠡᠷ ᠡᠷᠪᠡᠬᠡᠶ ᠪᠣᠯ ᠹᠸᠩᠵᠸᠨ ᠬᠤᠳᠠ ᠵᠢᠨ ᠤᠯᠤᠰ᠎ᠤᠨ ᠲᠡᠰ᠎ᠤᠨ ᠭᠣᠣᠯ ᠰᠢᠯᠭ᠋ᠠᠨ ᠮᠡᠳᠡᠭᠦᠯᠬᠦ ᠴᠡᠭ᠎ᠤᠨ ᠭᠣᠣᠯ ᠬᠢᠨᠠᠯᠲᠠ ᠵᠢᠨ ᠡᠲᠡᠭᠡᠳ ᠮᠦᠨ᠂ ᠹᠸᠩᠵᠸᠨ ᠬᠤᠳᠠ ᠵᠢᠨ ᠰᠢᠮᠡᠭᠦᠯᠡᠭᠳᠡᠭᠴᠢ ᠡᠲᠡᠭᠡᠳ᠎ᠲᠤ ᠤᠮᠠᠷᠠᠲᠤ ᠣᠷᠣᠨ᠎ᠤ ᠬᠠᠷᠭ᠋ᠠᠶ᠂ ᠴᠢᠴᠠᠷᠭ᠋ᠠᠨ᠎ᠠ᠂ ᠤᠯᠢᠶᠠᠰᠤ᠂ ᠪᠤᠷᠭ᠋ᠠᠰᠤ᠂ ᠬᠠᠶ᠋ᠢᠯᠠᠰᠤᠨ ᠮᠣᠳᠣ᠂ ᠬᠤᠰᠤ᠂ ᠭᠦᠢ᠍ᠯᠡᠰᠣ ᠵᠡᠷᠭᠡ ᠤᠷᠭᠤᠮᠠᠯ ᠪᠠᠢ᠌ᠳᠠᠭ᠃ ᠠᠪᠠᠭ᠋ᠠᠯᠳᠠᠶ ᠵᠢᠨ ᠢᠳᠡᠬᠦ ᠬᠡᠮᠵᠢᠶ᠎ᠡ᠎ᠨᠢ ᠶᠡᠬᠡ᠂ ᠮᠣᠳᠣᠨ ᠨᠠᠪᠴᠢ ᠵᠢ ᠪᠦᠬᠦᠨ᠎ᠢ ᠬᠣᠭᠣᠰᠣᠷᠠᠲᠠᠯ᠎ᠠ ᠢᠳᠡᠬᠦ ᠬᠦᠨᠳᠦ ᠨᠣᠴᠢᠲᠠᠶ ᠪᠠᠢ᠌ᠳᠠᠯ ᠭᠠᠷᠳᠠᠭ᠂ ᠪᠠᠭ᠎ᠠ ᠨᠠᠰᠤᠨ᠎ᠤ ᠠᠪᠠᠭ᠋ᠠᠯᠳᠠᠶ᠎ᠨᠢ ᠤᠷᠢᠳᠠᠪᠠᠷ ᠪᠤᠳᠠ ᠮᠣᠳᠣ ᠡᠪᠡᠰᠦ ᠵᠢ ᠢᠳᠡᠵᠦ᠂ ᠪᠦᠳᠦᠭᠦᠨ ᠰᠢᠭ ᠪᠤᠯᠤᠭᠰᠠᠨ᠎ᠤ ᠳᠠᠷᠠᠭ᠎ᠠ ᠲᠤᠷᠤᠭ ᠮᠣᠳᠣᠨ᠎ᠤ ᠨᠠᠪᠴᠢ ᠵᠢ ᠢᠳᠡᠨ᠎ᠡ᠃   ᠡᠨᠡ ᠵᠢᠯ ᠹᠸᠩᠵᠸᠨ ᠬᠤᠳᠠ ᠦᠬᠡᠷ ᠡᠷᠪᠡᠬᠡᠶ ᠵᠢ ᠬᠢᠨᠠᠨ ᠬᠡᠮᠵᠢᠵᠤ ᠰᠡᠷᠭᠡᠶ᠋ᠢᠯᠡᠬᠦ ᠵᠢᠨ ᠲᠦᠯᠦᠭᠡ᠂ 4 ᠰᠠᠷ᠎ᠠ ᠵᠢᠨ ᠳᠤᠮᠳᠠᠴᠢ᠎ᠠᠴᠠ ᠡᠬᠢᠯᠡᠨ ᠬᠠᠯᠬᠠᠪᠴᠢ ᠵᠢᠨ ᠠᠷᠭ᠎ᠠ ᠵᠢ ᠬᠡᠷᠡᠭᠯᠡᠨ ᠮᠣᠳᠣᠨ᠎ᠤ ᠭᠣᠣᠯ ᠡᠰᠢ ᠵᠢᠨ ᠵᠠᠶ᠎ᠨᠢ ᠭᠠᠵᠠᠷ᠎ᠤᠨ ᠨᠢᠭᠤᠷ᠎ᠠᠴᠠ 1 ᠮᠧᠲᠷ ᠬᠤᠯᠠ ᠪᠠᠶ᠋ᠢᠷᠢ᠎ᠳᠤ  9 cm ᠥᠷᠭᠡᠨ ᠰᠦᠯᠢᠶᠣᠣ ᠭᠣᠮ ᠪᠦᠰᠡ᠎ᠪᠠᠷ ᠣᠷᠢᠶᠠᠨ ᠬᠦᠯᠢᠵᠤ᠂ ᠠᠪᠠᠭ᠋ᠠᠯᠳᠠᠶ ᠵᠢᠨ ᠦᠷᠡᠵᠢᠯᠲᠡ ᠵᠢ ᠬᠢᠵᠠᠭ᠋ᠠᠷᠯᠠᠪᠠ᠃ 1 ᠨᠣᠮᠧᠷᠲᠤ ᠲᠣᠭᠲᠠᠮᠠᠯ ᠪᠠᠷᠢᠮᠵᠢᠶᠠᠲᠤ ᠭᠠᠵᠠᠷ᠎ᠤᠨ 20 ᠰᠠᠭᠤᠷᠢ ᠮᠣᠳᠣᠨ ᠳᠡᠭᠡᠷ᠎ᠡ᠂ 5 ᠰᠠᠷ᠎ᠠ ᠵᠢᠨ ᠡᠬᠢ᠎ᠠᠴᠠ ᠡᠬᠢᠯᠡᠨ ᠠᠵᠢᠭᠯᠠᠵᠤ᠂ 5 ᠰᠠᠷ᠎ᠠ ᠵᠢᠨ 23᠎ᠤ ᠡᠳᠦᠷ ᠲᠣᠭᠲᠠᠮᠠᠯ ᠪᠠᠷᠢᠮᠵᠢᠶᠠᠲᠤ ᠭᠠᠵᠠᠷ᠎ᠲᠤ ᠭᠤᠷᠪᠠᠨ ᠠᠪᠠᠭ᠋ᠠᠯᠳᠠᠶ ᠪᠠᠢ᠌ᠬᠤ ᠵᠢ ᠣᠯᠵᠣ ᠮᠡᠳᠡᠨ᠂ 6 ᠰᠠᠷ᠎ᠠ ᠵᠢᠨ 20᠎ᠤ ᠡᠳᠦᠷ ᠪᠣᠯᠲᠠᠯ᠎ᠠ ᠶᠠᠭ ᠠᠪᠠᠭ᠋ᠠᠯᠳᠠᠶ ᠵᠢᠨ ᠬᠤᠭᠤᠴᠠᠭ᠎ᠠ ᠪᠠᠢ᠌ᠵᠤ᠂ 6 ᠰᠠᠷ᠎ᠠ ᠵᠢᠨ 21᠎ᠤ ᠡᠳᠦᠷ ᠠᠪᠠᠭ᠋ᠠᠯᠳᠠᠶ ᠵᠢᠨ ᠡᠬᠢᠯᠡᠯᠲᠡ ᠵᠢᠨ ᠬᠤᠭᠤᠴᠠᠭ᠋ᠠᠨ᠎ᠳᠤ ᠣᠷᠣᠵᠣ᠂ 7 ᠰᠠᠷ᠎ᠠ ᠵᠢᠨ 9᠎ᠤ ᠡᠳᠦᠷ ᠰᠢᠭᠣᠢ ᠳᠣᠳᠣᠷ᠎ᠠ ᠨᠢᠭᠡ ᠡᠮ᠎ᠡ ᠪᠥᠵᠢᠭᠴᠢ ᠬᠣᠣᠷᠲᠤ ᠢᠳᠤᠭ᠋ᠠᠨ ᠡᠷᠪᠡᠬᠡᠶ ᠶᠠᠭ ᠮᠣᠳᠣᠨ ᠳᠡᠭᠡᠷ᠎ᠡ ᠥᠨᠳᠡᠭᠡᠯᠡᠵᠤ ᠪᠠᠶ᠋ᠢᠬᠤ ᠵᠢ ᠣᠯᠵᠤ ᠮᠡᠳᠡᠭᠡᠳ᠂ ᠡᠭᠦᠨ᠎ᠢ ᠡᠬᠢᠯᠡᠯᠲᠡ ᠵᠢᠨ ᠬᠤᠭᠤᠴᠠᠭ᠎ᠠ ᠪᠤᠯᠭ᠋ᠠᠪᠠ᠃ ᠳᠠᠷᠠᠭ᠋ᠠᠴᠢ ᠵᠢᠨ ᠠᠯᠬᠤᠮ᠎ᠳᠤ᠂ ᠰᠢᠭᠤᠶ᠎ᠳᠤ ᠦᠳᠦᠭᠡᠨ ᠲᠠᠲᠠᠬᠤ ᠪᠠᠭ᠋ᠠᠵᠢ ᠡᠯᠭᠦᠵᠦ᠂ ᠪᠡᠶ᠎ᠡ ᠭᠦᠢᠴᠡᠭᠰᠡᠨ ᠬᠣᠷᠣᠬᠠᠶ ᠵᠢᠨ ᠪᠦᠲᠦᠬᠦ ᠬᠤᠭᠤᠴᠠᠭ᠎ᠠ ᠵᠢ ᠠᠵᠢᠭᠯᠠᠨ ᠰᠢᠨᠵᠢᠵᠦ᠂ ᠪᠡᠶ᠎ᠡ ᠭᠦᠢᠴᠡᠭᠰᠡᠨ ᠬᠣᠷᠣᠬᠠᠶ ᠵᠢᠨ ᠦᠯᠢᠭᠡᠷ ᠵᠣᠬᠢᠶᠠᠬᠤ ᠪᠥᠭᠡᠳ ᠪᠥᠵᠢᠭᠴᠢ ᠬᠣᠣᠷᠲᠤ ᠦᠬᠡᠷ ᠡᠷᠪᠡᠬᠡᠶ ᠵᠢᠨ ᠤᠴᠠᠷᠠᠭᠤᠯᠤᠭᠰᠠᠨ ᠬᠣᠣᠷ ᠬᠥᠨᠥᠭᠡᠯ ᠪᠣᠯᠤᠨ ᠡᠪᠦᠯᠵᠢᠬᠦ ᠪᠠᠶ᠋ᠢᠳᠠᠯ᠎ᠢ ᠨᠢᠭᠲᠠ ᠬᠢᠨᠠᠨ ᠬᠡᠮᠵᠢᠨ᠎ᠠ᠃

ᠢᠷᠡᠯᠲᠡ᠄ ᠤᠯᠠᠭ᠋ᠠᠨᠴᠠᠪ ᠬᠣᠲᠠ ᠵᠢᠨ ᠣᠶ ᠰᠢᠭᠤᠶ ᠵᠢᠨ ᠲᠣᠪᠴᠢᠶ᠎ᠠ
          
ᠬᠠᠮᠢᠶ᠎ᠡ ᠪᠦᠬᠦᠢ ᠰᠣᠨᠢᠨ
ᠥᠪᠡᠷᠲᠡᠭᠡᠨ ᠵᠠᠰᠠᠬᠤ ᠣᠷᠣᠨ᠎ᠤ ᠠᠵᠢᠯᠴᠢᠨ᠎ᠤ ᠶᠡᠷᠦᠩᠬᠡᠶ ᠡᠪᠯᠡᠯ᠎ᠤᠨ ᠡᠳ᠋᠎ᠤᠨ ᠵᠠᠰᠠᠭ ᠠᠷᠠᠯᠵᠢᠶ᠎ᠠ᠂ ᠲᠠᠷᠢᠶᠠᠯᠠᠩ᠂ ᠤᠢ ᠰᠢᠭᠤᠶ᠂ ᠤᠰᠤᠨ ᠠᠰᠢᠭᠯᠠᠯᠲᠠ ᠵᠢᠨ ᠠᠵᠢᠯᠴᠢᠨ᠎ᠤ ᠡᠪᠯᠡᠯ᠎ᠤᠨ ᠲᠡᠷᠢᠭᠦᠯᠡᠭᠴᠢ ᠶᠦᠨ ᠯᠢ ᠫᠢᠩ ᠠᠵᠢᠯᠯᠠᠬᠤ ᠳᠤᠭᠤᠶ᠋ᠢᠯᠠᠩ᠎ᠤᠨ᠎ᠬᠢᠨ᠎ᠲᠠᠢ ᠬᠠᠮᠲᠤ᠎ᠪᠠᠷ ᠬᠤᠩᠭᠤᠯᠵᠢ ᠣᠶ ᠰᠢᠭᠤᠶ ᠵᠢᠨ ᠲᠣᠪᠴᠢᠶ᠎ᠠ᠎ᠳᠤ ᠬᠦᠷᠴᠦ ᠪᠠᠶ᠋ᠢᠴᠠᠭ᠋ᠠᠨ ᠰᠤᠳᠤᠯᠵᠤ ᠵᠢᠭ᠋ᠠᠨ ᠵᠢᠯᠣᠭᠣᠳᠪᠠ
ᠬᠢᠩᠭ᠋ᠠᠨ ᠠᠶ᠋ᠢᠮᠠᠭ᠎ᠤᠨ ᠣᠢ ᠰᠢᠭᠣᠢ ᠵᠢᠨ ᠠᠭ᠋ᠠᠷ᠎ᠤᠨ ᠠᠶᠠᠯᠠᠯ᠎ᠤᠨ ᠥᠷᠲᠡᠭᠡᠨ᠎ᠤ ᠨᠠᠮ᠎ᠤᠨ ᠡᠭᠦᠷ᠎ᠠᠴᠠ ᠲᠤᠰᠢᠶᠠᠯ᠎ᠳᠤ ᠪᠠᠶ᠋ᠢᠭ᠎ᠠ ᠨᠠᠮ᠎ᠤᠨ ᠭᠡᠰᠢᠭᠦᠨ᠎ᠤ ᠨᠡᠶ᠋ᠢᠭᠡᠮ ᠲᠣᠭᠣᠷᠢᠭ᠎ᠲᠤ ᠭᠦᠨᠵᠡᠭᠡᠢ᠌ᠷᠡᠨ ᠤᠯᠠᠨ ᠲᠦᠮᠡᠨ᠎ᠲᠠᠢ ᠬᠠᠷᠢᠯᠴᠠᠨ ᠦᠢ᠍ᠯᠡᠴᠢᠯᠡᠬᠦ ᠠᠵᠢᠯᠯᠠᠭ᠎ᠠ ᠵᠢ ᠵᠣᠬᠢᠶᠠᠨ ᠪᠠᠶ᠋ᠢᠭᠤᠯᠪᠠ
ᠥᠪᠡᠷᠲᠡᠭᠡᠨ ᠵᠠᠰᠠᠬᠤ ᠣᠷᠣᠨ᠎ᠤ ᠤᠢ ᠰᠢᠭᠤᠶ ᠵᠢᠨ ᠲᠢᠩᠬᠢᠮ᠎ᠤᠨ ᠪᠠᠶ᠋ᠢᠴᠠᠭ᠋ᠠᠨ ᠰᠤᠳᠤᠯᠬᠤ ᠳᠤᠭᠤᠶ᠋ᠢᠯᠠᠩ᠎ᠤᠨ᠎ᠬᠢᠨ ᠠᠷᠣᠨ ᠬᠣᠰᠢᠭᠣᠨ᠎ᠳᠤ ᠭᠦᠨᠵᠡᠭᠡᠢ᠌ᠷᠡᠵᠦ ᠤᠯᠤᠰ᠎ᠤᠨ ᠥᠮᠴᠢᠯᠡᠯᠲᠦ ᠤᠢ ᠰᠢᠭᠤᠶ ᠵᠢᠨ ᠲᠠᠯᠠᠪᠠᠢ ᠵᠢᠨ ᠥᠭᠡᠷᠡᠴᠢᠯᠡᠯᠲᠡ ᠪᠠ ᠤᠢ ᠰᠢᠭᠤᠶ ᠵᠢᠨ ᠠᠮᠢ ᠠᠬᠤᠶ ᠵᠢ ᠬᠠᠮᠠᠭ᠋ᠠᠯᠠᠬᠤ᠎ᠪᠠᠷ ᠶᠠᠳᠠᠭᠤ ᠵᠢ ᠲᠡᠳᠬᠦᠬᠦ ᠠᠵᠢᠯ᠎ᠳᠤ ᠪᠠᠶ᠋ᠢᠴᠠᠭ᠋ᠠᠨ ᠰᠤᠳᠤᠯᠤᠯᠲᠠ ᠬᠢᠪᠡ
ᠣᠷᠳᠣᠰ ᠬᠣᠲᠠ ᠵᠢᠨ ᠳᠠᠯᠠᠳ ᠬᠤᠰᠢᠭᠤᠨ᠎ᠤ ᠤᠢ ᠰᠢᠭᠤᠶ ᠵᠢᠨ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ᠎ᠠᠴᠠ ᠵᠠᠬᠢᠳᠠᠯ ᠰᠤᠷᠪᠤᠯᠵᠢᠯᠠᠭ᠎ᠠ ᠵᠢᠨ ᠬᠡᠷᠡᠭ᠎ᠢ ᠢᠳᠡᠪᠬᠢᠲᠡᠶ᠎ᠪᠠᠷ ᠰᠢᠢ᠍ᠳᠪᠤᠷᠢᠯᠡᠵᠦ᠂ ᠣᠯᠠᠨ ᠲᠦᠮᠡᠨ᠎ᠤ ᠵᠥᠷᠢᠴᠡᠯ᠎ᠢ ᠨᠠᠮᠳᠠᠭᠤᠯᠪᠠ
ᠬᠦᠯᠤᠨ ᠪᠤᠢ᠌ᠷ᠎ᠤᠨ ᠵᠠᠯᠠᠨ ᠠᠶ᠋ᠢᠯ ᠬᠤᠲᠠ ᠵᠢᠨ ᠤᠢ ᠰᠢᠭᠤᠶ ᠵᠢᠨ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ᠎ᠠᠴᠠ ᠨᠢᠭᠡᠨ ᠤᠯᠤᠰ᠎ᠤᠨ ᠬᠣᠶᠠᠳᠤᠭ᠋ᠠᠷ ᠳᠡᠰ᠎ᠤᠨ ᠬᠠᠮᠠᠭ᠋ᠠᠯᠠᠯᠲᠠ ᠵᠢᠨ ᠠᠮᠢᠲᠠᠨ ᠪᠤᠯᠬᠤ ᠣᠭᠣᠯᠢ ᠵᠢ ᠠᠮᠵᠢᠯᠲᠠ᠎ᠲᠠᠢ ᠠᠪᠤᠷᠠᠪᠠ
 
             蒙ICP备05000248号