ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠰᠣᠨᠢᠨ ᠮᠡᠳᠡᠭᠡ
ᠤᠯᠤᠰ᠎ᠤᠨ ᠨᠢᠭᠡᠳᠦᠭᠡᠷ ᠳᠡᠰ᠎ᠤᠨ ᠭᠣᠣᠯᠳᠠᠯᠭ᠎ᠠ᠎ᠲᠠᠢ ᠬᠠᠮᠠᠭ᠋ᠠᠯᠠᠬᠤ ᠬᠡᠭᠡᠷ᠎ᠡ ᠵᠢᠨ ᠠᠮᠢᠲᠠᠨ 《ᠰᠢᠪᠠᠭᠤᠳ᠎ᠤᠨ ᠳᠣᠮᠳᠠᠬᠢ ᠮᠠᠯᠤᠷ ᠥᠲᠡᠭᠡ》 ᠪᠤᠯᠬᠤ ᠬᠠᠷ᠎ᠠ ᠥᠷᠪᠢ ᠭᠡᠭᠡᠨ ᠭᠣᠣᠯ ᠭᠣᠣᠯ᠎ᠤᠨ ᠡᠷᠭᠢ᠎ᠳᠤ ᠠᠩᠬ᠎ᠠ ᠤᠳᠠᠭ᠎ᠠ ᠢᠯᠡᠷᠡᠪᠡ
ᠨᠡᠶ᠋ᠢᠲᠡᠯᠡᠭᠰᠡᠨ ᠴᠠᠭ᠄ 2018-09-20

      ᠣᠶ ᠰᠢᠭᠤᠶ ᠵᠢᠨ ᠲᠢᠩᠬᠢᠮ᠎ᠤᠨ ᠵᠠᠰᠠᠭ᠎ᠤᠨ ᠣᠷᠳᠣᠨ᠎ᠤ ᠰᠦᠯᠵᠢᠶ᠎ᠡ 8 ᠰᠠᠷ᠎ᠠ ᠵᠢᠨ 3᠎ᠤ ᠡᠳᠦᠷ᠎ᠤᠨ ᠮᠡᠳᠡᠭᠡ
      ᠣᠶ᠋ᠢᠷ᠎ᠠ᠎ᠳᠤ᠂ ᠭᠡᠭᠡᠨ ᠭᠣᠣᠯ᠎ᠤᠨ ᠭᠡᠷᠡᠯ ᠵᠢᠷᠤᠭ᠎ᠤᠨ ᠪᠠᠬᠠᠳᠠᠳ ᠡᠮᠦᠨᠡᠲᠦ ᠭᠣᠣᠯ᠎ᠤᠨ ᠡᠷᠭᠢ᠎ᠳᠤ ᠨᠢᠭᠡ ᠬᠠᠷ᠎ᠠ ᠥᠷᠪᠢ ᠵᠢ ᠰᠡᠭᠦᠳᠡᠷᠯᠡᠭᠰᠡᠨ ᠪᠠᠶ᠋ᠢᠨ᠎ᠠ᠃ ᠲᠣᠰ ᠤᠳᠠᠭ᠎ᠠ᠂ ᠬᠠᠷ᠎ᠠ ᠥᠷᠪᠢ᠎ᠨᠢ ᠬᠡᠭᠡᠨ ᠭᠣᠤᠯ᠎ᠤᠨ ᠡᠷᠭᠢ᠎ᠳᠤ ᠠᠩᠬ᠎ᠠ ᠤᠳᠠᠭ᠎ᠠ ᠢᠯᠡᠷᠡᠵᠦ᠂ ᠭᠡᠭᠡᠨ ᠭᠣᠣᠯ ᠬᠤᠳᠠ ᠵᠢᠨ ᠤᠢ ᠰᠢᠭᠤᠢ ᠵᠢᠨ ᠲᠤᠪᠴᠢᠶ᠎ᠠ ᠵᠢᠨ ᠬᠡᠭᠡᠷ᠎ᠡ ᠵᠢᠨ ᠬᠣᠪᠣᠷ ᠴᠤᠬᠠᠭ ᠠᠮᠢᠲᠠᠨ ᠣᠶ ᠰᠢᠭᠤᠶ ᠵᠢᠨ ᠤᠷᠭᠤᠮᠠᠯ᠎ᠢ ᠬᠠᠮᠠᠭ᠋ᠠᠯᠠᠬᠤ ᠬᠠᠮᠢᠶᠠᠷᠤᠯᠲᠠ ᠵᠢᠨ ᠥᠷᠲᠡᠭᠡ ᠵᠢᠨ ᠠᠵᠢᠯᠲᠠᠨ ᠡᠩ ᠲᠡᠷᠢᠭᠦᠨ᠎ᠳᠤ ᠬᠢᠨᠠᠨ ᠬᠠᠮᠢᠶᠠᠷᠴᠣ ᠬᠠᠮᠠᠭ᠋ᠠᠯᠠᠪᠠ᠃
      ᠬᠠᠷ᠎ᠠ ᠥᠷᠪᠢ ᠵᠢᠨ ᠥᠭᠡᠷ᠎ᠡ ᠨᠡᠷᠡᠢ᠌ᠳᠦᠯ᠎ᠨᠢ ᠬᠠᠷ᠎ᠠ ᠪᠤᠬ᠎ᠠ᠂ ᠥᠷᠪᠢ᠂ ᠲᠣᠭᠣᠭ᠎ᠠ ᠦᠷᠪᠢ ᠪᠠᠢ᠌ᠵᠣ᠂ ᠳᠡᠯᠡᠬᠡᠶ ᠵᠢᠨ ᠮᠥᠬᠥᠬᠦ ᠰᠢᠬᠠᠭᠰᠠᠨ ᠬᠣᠪᠣᠷ ᠵᠢᠭᠦᠷᠲᠡᠨ ᠪᠠᠢ᠌ᠵᠤ᠂ ᠤᠯᠤᠰ᠎ᠤᠨ ᠨᠢᠭᠡᠳᠦᠭᠡᠷ ᠳᠡᠰ᠎ᠤᠨ ᠭᠣᠣᠯᠳᠠᠯᠭ᠎ᠠ᠎ᠲᠠᠢ ᠬᠠᠮᠠᠭ᠋ᠠᠯᠠᠬᠤ ᠬᠡᠭᠡᠷ᠎ᠡ ᠵᠢᠨ ᠠᠮᠢᠲᠠᠨ ᠪᠤᠯᠤᠨ᠎ᠠ᠂ 《ᠸᠠᠰᠢᠩᠲ᠋ᠣᠨ᠎ᠤ ᠨᠡᠶ᠋ᠢᠲᠡ ᠵᠢᠨ ᠭᠡᠷ᠎ᠡ》       (CITES) ᠵᠢᠨ ᠬᠣᠶᠠᠳᠤᠭ᠋ᠠᠷ ᠳᠡᠰ᠎ᠤᠨ ᠬᠠᠮᠠᠭ᠋ᠠᠯᠠᠯᠲᠠ᠎ᠲᠠᠢ ᠳᠦᠷᠰᠦ (ᠣᠳᠣᠬᠠᠨ᠎ᠳᠤ ᠪᠦᠷᠢᠮᠦᠰᠦᠨ ᠤᠰᠠᠳᠬᠤ ᠠᠶᠣᠯ ᠪᠠᠢ᠌ᠬᠤ ᠦᠭᠡᠢ᠂ ᠣᠯᠠᠨ ᠤᠯᠤᠰ᠎ᠤᠨ ᠠᠷᠠᠯᠵᠢᠶ᠎ᠠ ᠵᠢ ᠵᠠᠬᠢᠷᠤᠨ ᠬᠠᠮᠢᠶᠠᠷᠣᠨ᠎ᠠ) ᠵᠢᠨ ᠳᠦᠷᠦᠯ ᠪᠤᠯᠤᠨ᠎ᠠ᠃ ᠣᠲᠣ ᠪᠥᠬᠥ ᠳᠡᠯᠡᠬᠡᠶ᠎ᠳᠤ ᠵᠥᠪᠬᠡᠨ 2000 ᠭᠠᠷᠣᠢ ᠯᠠ ᠲᠡᠳᠦᠢ᠂ ᠳᠤᠮᠳᠠᠳᠤ ᠤᠯᠤᠰ᠎ᠲᠤ ᠪᠠᠷᠤᠭ 1000 ᠰᠢᠬᠠᠮ ᠪᠠᠢ᠌ᠵᠣ᠂ ᠨᠢᠭᠡᠨᠲᠡ 《ᠤᠰᠠᠳᠬᠤ ᠰᠢᠬᠠᠭᠰᠠᠨ ᠬᠡᠭᠡᠷ᠎ᠡ ᠵᠢᠨ ᠠᠮᠢᠲᠠᠨ ᠣᠷᠭᠣᠮᠠᠯ᠎ᠤᠨ ᠲᠤᠬᠠᠶ ᠣᠯᠠᠨ ᠤᠯᠤᠰ᠎ᠤᠨ ᠠᠷᠠᠯᠵᠢᠶᠠᠨ᠎ᠤ ᠨᠡᠶ᠋ᠢᠲᠡ ᠵᠢᠨ ᠭᠡᠷ᠎ᠡ》 ᠵᠢᠨ ᠤᠬ ᠲᠠᠰᠤᠷᠠᠬᠤ ᠰᠢᠬᠠᠭᠰᠠᠨ ᠳᠦᠷᠰᠦ᠎ᠳᠤ ᠲᠣᠭ᠋ᠠᠴᠠᠭᠳᠠᠵᠤ᠂ ᠲᠣᠮᠣ ᠮᠠᠯᠤᠷ ᠥᠲᠡᠭᠡ ᠮᠡᠲᠦ ᠬᠣᠪᠣᠷ ᠴᠤᠬᠠᠭ ᠠᠮᠢᠲᠠᠨ᠎ᠤ ᠬᠢᠷᠢ ᠲᠦᠪᠰᠢᠨ᠎ᠳᠤ ᠬᠦᠷᠴᠡᠢ᠂ ᠡᠶ᠋ᠢᠮᠦ᠎ᠠᠴᠠ 《ᠰᠢᠪᠠᠭᠤᠳ᠎ᠤᠨ ᠳᠣᠮᠳᠠᠬᠢ ᠮᠠᠯᠤᠷ ᠥᠲᠡᠭᠡ》 ᠭᠡᠵᠦ ᠨᠡᠷᠡᠯᠡᠭᠳᠡᠪᠡ᠃
      ᠬᠡᠭᠡᠨ ᠭᠣᠤᠯ ᠬᠣᠲᠠ ᠵᠢᠨ ᠠᠮᠢ ᠠᠬᠤᠶ ᠵᠢᠨ ᠣᠷᠴᠢᠨ ᠨᠥᠬᠥᠴᠡᠯ ᠲᠠᠰᠤᠷᠠᠯᠳᠡ ᠦᠭᠡᠢ ᠰᠠᠶ᠋ᠢᠵᠢᠷᠠᠬᠤ ᠵᠢ ᠳᠠᠭ᠋ᠠᠯᠳᠤᠨ᠂ ᠬᠡᠭᠡᠷ᠎ᠡ ᠵᠢᠨ ᠠᠮᠢᠳᠠᠨ᠎ᠢ ᠬᠠᠮᠠᠭ᠋ᠠᠯᠠᠬᠤ ᠠᠵᠢᠯ᠎ᠤᠨ ᠡᠷᠴᠢᠮ ᠴᠢᠩᠭ᠋ᠠᠷᠠᠵᠤ᠂ ᠵᠢᠴᠢ ᠬᠥᠮᠦᠰ᠎ᠤᠨ ᠠᠮᠢ ᠠᠬᠤᠶ ᠵᠢ ᠬᠠᠮᠠᠭ᠋ᠠᠯᠠᠬᠤ ᠦᠵᠡᠯ ᠤᠬᠠᠮᠰᠠᠷ ᠳᠡᠭᠡᠭᠰᠢᠯᠡᠵᠦ᠂ ᠭᠡᠭᠡᠨ ᠭᠣᠣᠯ᠎ᠳᠤ ᠠᠩᠬ᠎ᠠ ᠤᠳᠠᠭ᠎ᠠ ᠢᠯᠡᠷᠡᠭᠰᠡᠨ ᠰᠢᠪᠠᠭᠤᠨ᠎ᠤ ᠲᠦᠷᠦᠯ ᠵᠢᠯ ᠳᠠᠷᠠᠭ᠋ᠠᠯᠠᠨ ᠨᠡᠮᠡᠭᠳᠡᠭᠰᠡᠨ ᠪᠥᠭᠡᠳ ᠣᠯᠠᠰᠢᠷᠠᠬᠤ ᠬᠠᠨᠳᠤᠰᠢ᠎ᠲᠠᠢ ᠪᠣᠯᠵᠤ᠂ ᠬᠡᠭᠡᠷ᠎ᠡ ᠵᠢᠨ ᠠᠮᠢᠲᠠᠨ ᠤᠷᠭᠤᠮᠠᠯ ᠪᠦᠷ ᠪᠦᠲᠦᠮᠵᠢᠲᠡᠶ ᠬᠠᠮᠠᠭ᠋ᠠᠯᠠᠭᠳᠠᠪᠠ᠃

ᠢᠷᠡᠯᠲᠡ᠄ ᠬᠥᠯᠥᠨ ᠪᠣᠶ᠋ᠢᠷ ᠬᠣᠲᠠ ᠵᠢᠨ ᠣᠶ ᠰᠢᠭᠤᠶ ᠵᠢᠨ ᠲᠣᠪᠴᠢᠶ᠎ᠠ
          
ᠬᠠᠮᠢᠶ᠎ᠡ ᠪᠦᠬᠦᠢ ᠰᠣᠨᠢᠨ
ᠬᠢᠩᠭ᠋ᠠᠨ ᠠᠶ᠋ᠢᠮᠠᠭ᠎ᠤᠨ ᠣᠶ ᠰᠢᠭᠤᠶ ᠵᠢᠨ ᠲᠣᠪᠴᠢᠶ᠎ᠠ ᠠᠷᠢᠭᠤᠨ ᠴᠢᠬᠡᠴᠢ᠎ᠪᠠᠷ ᠵᠠᠰᠠᠭ ᠪᠠᠷᠢᠬᠤ ᠰᠣᠶᠣᠯ᠎ᠤᠨ ᠪᠠᠶ᠋ᠢᠭᠤᠯᠤᠯᠲᠠ ᠵᠢᠨ ᠺᠢᠨᠣ᠋ ᠦᠵᠡᠬᠦ ᠠᠵᠢᠯᠯᠠᠭ᠎ᠠ ᠶᠠᠪᠤᠭᠳᠠᠭᠤᠯᠪᠠ
ᠨᠡᠭᠦᠳᠡᠯ᠎ᠤᠨ ᠰᠢᠪᠠᠭᠤ ᠵᠢ ᠬᠠᠮᠠᠭ᠋ᠠᠯᠠᠬᠤ᠎ᠪᠠᠷ ᠬᠠᠮᠲᠤᠷᠠᠨ ᠠᠵᠢᠯᠯᠠᠪᠠ
ᠥᠪᠡᠷᠲᠡᠭᠡᠨ ᠵᠠᠰᠠᠬᠤ ᠣᠷᠣᠨ᠎ᠤ ᠣᠶ ᠰᠢᠭᠤᠶ ᠵᠢᠨ ᠠᠵᠢᠯ᠎ᠤᠨ ᠶᠡᠷᠦᠩᠬᠡᠶ ᠥᠷᠲᠡᠭᠡ ᠵᠢᠨ ᠣᠳᠣᠷᠢᠳᠣᠯᠭ᠎ᠠ᠎ᠠᠴᠠ ᠬᠥᠯᠥᠨ ᠪᠤᠢ᠌ᠷ᠎ᠤᠨ ᠵᠠᠯᠠᠨ ᠠᠶ᠋ᠢᠯ ᠬᠤᠳᠠ ᠵᠢᠨ ᠤᠢ ᠰᠢᠭᠤᠶ ᠵᠢᠨ ᠲᠧᠭᠨᠢᠭ ᠮᠡᠷᠭᠡᠵᠢᠯ᠎ᠢ ᠳᠡᠯᠭᠡᠷᠡᠭᠦᠯᠬᠦ ᠠᠵᠢᠯ᠎ᠢ ᠪᠠᠶ᠋ᠢᠴᠠᠭ᠋ᠠᠨ ᠰᠤᠳᠤᠯᠤᠯᠲᠠ ᠬᠢᠵᠦ ᠵᠢᠭ᠋ᠠᠨ ᠵᠢᠯᠣᠭᠣᠳᠪᠠ
ᠪᠠᠶᠠᠨᠨᠠᠭᠤᠷ ᠬᠣᠲᠠ ᠵᠢᠨ ᠡᠯᠡᠰᠦ ᠵᠢ ᠪᠢᠳᠡᠬᠦᠮᠵᠢᠯᠡᠨ ᠨᠢᠰᠬᠡᠯ ᠵᠶ᠋ᠡᠷ ᠤᠢ᠌ᠵᠢᠭᠤᠯᠬᠤ ᠦᠷᠳᠡᠭᠡ 《ᠰᠢᠨ᠎ᠡ ᠴᠠᠭ ᠦᠶ᠎ᠡ᠂ ᠰᠢᠨ᠎ᠡ ᠪᠠᠶ᠋ᠢᠳᠠᠯ᠂ ᠰᠢᠨ᠎ᠡ ᠠᠵᠢᠯᠯᠠᠭ᠎ᠠ》᠎ᠪᠠᠷ ᠭᠣᠣᠯ ᠰᠡᠳᠦᠪ ᠪᠤᠯᠭ᠋ᠠᠭᠰᠠᠨ ᠴᠢᠩ ᠴᠦᠨ ᠬᠤ᠌ ᠨᠠᠭᠤᠷ᠎ᠲᠠᠬᠢ ᠠᠯᠬᠤᠭ᠎ᠠ ᠤᠷᠤᠯᠳᠤᠭ᠋ᠠᠨ᠎ᠤ ᠠᠵᠢᠯᠯᠠᠭ᠎ᠠ ᠶᠠᠪᠤᠭᠳᠠᠭᠤᠯᠪᠠ
ᠮᠠᠨ᠎ᠤ ᠣᠷᠣᠨ᠎ᠳᠤ ᠪᠠᠰᠠ ᠨᠢᠭᠡ ᠤᠯᠤᠰ᠎ᠤᠨ ᠲᠠᠰ᠎ᠤᠨ ᠣᠶ ᠰᠢᠭᠤᠶ ᠵᠢᠨ ᠴᠡᠴᠡᠷᠯᠢᠭ ᠨᠡᠮᠡᠭᠳᠡᠪᠡ
 
             蒙ICP备05000248号