ᠦᠯᠢᠭᠡᠷ ᠬᠡᠪ᠎ᠤᠨ ᠰᠢᠨᠵᠢᠯᠡᠬᠦ ᠤᠬᠠᠭ᠋ᠠᠨ᠎ᠤ ᠰᠤᠳᠤᠯᠤᠯ᠂ ᠰᠢᠨᠵᠢᠯᠡᠬᠦ ᠤᠬᠠᠭ᠋ᠠᠨ᠎ᠢ ᠲᠦᠭᠡᠮᠡᠯᠵᠢᠭᠦᠯᠬᠦ ᠦᠢ᠍ᠯᠡᠳᠦᠯ᠎ᠢ ᠨᠠᠩ ᠰᠠᠶ᠋ᠢᠲᠤᠷ ᠪᠠᠳᠠᠷᠠᠭᠤᠯᠬᠤ ᠵᠢᠨ ᠲᠤᠰᠠᠳᠠ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠣᠶ ᠰᠢᠭᠤᠶ ᠪᠠ ᠨᠤᠲᠤᠭ ᠪᠡᠯᠴᠢᠭᠡᠷ᠎ᠤᠨ ᠬᠦᠨᠦᠭᠡᠯᠲᠦ ᠠᠮᠢᠳᠤ ᠪᠣᠳᠠᠰ᠎ᠢ ᠰᠡᠷᠭᠡᠶ᠋ᠢᠯᠡᠨ ᠵᠠᠰᠠᠬᠤ ᠬᠢᠵᠢᠭ ᠪᠠᠶ᠋ᠢᠴᠠᠭ᠋ᠠᠬᠤ ᠶᠡᠷᠦᠩᠬᠡᠶ ᠥᠷᠲᠡᠭᠡ (ᠳᠣᠷᠣᠭᠰᠢ 《ᠰᠡᠷᠭᠡᠶ᠋ᠢᠯᠡᠨ ᠵᠠᠰᠠᠬᠤ ᠶᠡᠷᠦᠩᠬᠡᠶ ᠥᠷᠲᠡᠭᠡ》 ᠭᠡᠵᠦ ᠲᠣᠪᠴᠢᠯᠠᠨ᠎ᠠ)᠎ᠨᠢ ᠨᠤᠲᠤᠭ ᠪᠡᠯᠴᠢᠭᠡᠷ᠎ᠤᠨ ᠬᠦᠨᠦᠭᠡᠯᠲᠦ ᠠᠮᠢᠳᠤ ᠪᠣᠳᠠᠰ᠎ᠢ ᠨᠡᠶ᠋ᠢᠳᠡᠮ ᠪᠠᠶ᠋ᠢᠴᠠᠭ᠋ᠠᠬᠤ ᠲᠥᠷᠥᠯ ᠵᠦᠢ᠍ᠯ ᠵᠶ᠋ᠠᠷ ᠳᠠᠮᠵᠢᠨ᠂ ᠨᠤᠲᠤᠭ ᠪᠡᠯᠴᠢᠭᠡᠷ᠎ᠤᠨ ᠬᠦᠨᠦᠭᠡᠯᠲᠦ ᠠᠮᠢᠳᠤ ᠪᠣᠳᠠᠰ᠎ᠤᠨ ᠦᠯᠢᠭᠡᠷ ᠬᠡᠪ᠎ᠤᠨ ᠲᠠᠰᠤᠭ ᠪᠠᠢ᠌ᠭᠤᠯᠤᠭᠰᠠᠨ᠎ᠤ ᠬᠠᠮᠲᠤ ᠠᠰᠢᠭᠯᠠᠯᠲᠠ᠎ᠳᠤ ᠤᠷᠤᠭᠤᠯᠪᠠ᠃
ᠥᠪᠥᠷ ᠮᠣᠩᠭᠣᠯ᠎ᠤᠨ ᠨᠤᠲᠤᠭ ᠪᠡᠯᠴᠢᠭᠡᠷ᠎ᠤᠨ ᠬᠦᠨᠦᠭᠡᠯᠲᠦ ᠠᠮᠢᠳᠤ ᠪᠣᠳᠠᠰ᠎ᠤᠨ ᠦᠯᠢᠭᠡᠷ ᠬᠡᠪ᠎ᠤᠨ ᠲᠠᠰᠤᠭ᠎ᠢ ᠦᠯᠢᠭᠡᠷ ᠬᠡᠪ ᠰᠢᠢ᠍ᠳᠪᠦᠷᠢᠯᠡᠬᠦ ᠲᠠᠰᠤᠭ᠂ ᠦᠯᠢᠭᠡᠷ ᠬᠡᠪ᠎ᠢ ᠬᠠᠳᠠᠭ᠋ᠠᠯᠠᠬᠤ ᠲᠠᠰᠤᠭ ᠪᠠ ᠦᠯᠢᠭᠡᠷ ᠬᠡᠪ᠎ᠤᠨ ᠦᠵᠡᠬᠦᠯᠦᠯᠭᠡ ᠵᠢᠨ ᠲᠠᠰᠤᠭ ᠭᠡᠵᠦ ᠭᠤᠷᠪᠠᠨ ᠴᠢᠳᠠᠮᠵᠢᠲᠤ ᠣᠷᠣᠨ ᠬᠤᠪᠢᠶᠠᠪᠠ᠃ ᠡᠭᠦᠨ᠎ᠳᠤ ᠬᠡᠪ ᠥᠯᠢᠭᠡᠷ᠎ᠢ ᠬᠠᠳᠠᠭ᠋ᠠᠯᠠᠬᠤ ᠲᠠᠰᠤᠭ 3 ᠪᠣᠶ᠂ ᠲᠣᠰ ᠲᠣᠰ ᠨᠤᠲᠤᠭ ᠪᠡᠯᠴᠢᠭᠡᠷ᠎ᠤᠨ ᠰᠢᠪᠠᠵᠢ ᠵᠢᠨ ᠥᠯᠢᠭᠡᠷ ᠬᠡᠪ ᠤᠨ ᠲᠠᠰᠤᠭ᠂ ᠨᠤᠲᠤᠭ ᠪᠡᠯᠴᠢᠭᠡᠷ᠎ᠤᠨ ᠮᠡᠷᠡᠭᠴᠢ ᠠᠮᠢᠲᠠᠨ᠎ᠤ ᠥᠯᠢᠭᠡᠷ ᠬᠡᠪ᠎ᠤᠨ ᠲᠠᠰᠤᠭ ᠪᠠ ᠤᠷᠭᠤᠮᠠᠯ᠎ᠤᠨ (ᠡᠪᠡᠳᠴᠢᠨ᠎ᠤ ᠬᠥᠨᠥᠭᠡᠯ᠂ ᠬᠤᠤᠷᠲᠤ ᠡᠪᠡᠰᠦ) ᠥᠯᠢᠭᠡᠷ ᠬᠡᠪ ᠤᠨ ᠲᠠᠰᠤᠭ ᠪᠣᠯᠤᠨ᠎ᠠ᠂ ᠶᠡᠷᠦᠩᠬᠡᠶ ᠲᠠᠯᠠᠪᠠᠶ᠎ᠨᠢ ᠪᠠᠷᠤᠭ 60 ㎡ ᠪᠠᠶ᠋ᠢᠵᠤ᠂ 6500 ᠬᠤᠪᠢ ᠥᠯᠢᠭᠡᠷ ᠬᠡᠪ᠎ᠢ ᠬᠠᠳᠠᠭ᠋ᠠᠯᠠᠵᠤ ᠪᠣᠯᠤᠨ᠎ᠠ; ᠦᠯᠢᠭᠡᠷ ᠬᠡᠪ᠎ᠤᠨ ᠦᠵᠡᠬᠦᠯᠦᠯᠭᠡ ᠵᠢᠨ ᠲᠠᠰᠤᠭ1᠂ ᠡᠵᠡᠯᠡᠬᠦ ᠲᠠᠯᠠᠪᠠᠢ᠎ᠨᠢ ᠪᠠᠷᠤᠭ 30 ㎡᠂ 200 ᠬᠤᠪᠢ ᠦᠯᠢᠭᠡᠷ ᠬᠡᠪ᠎ᠢ ᠳᠡᠯᠭᠡᠨ ᠦᠵᠡᠬᠦᠯᠵᠦ ᠪᠣᠯᠤᠨ᠎ᠠ; ᠦᠯᠢᠭᠡᠷ ᠬᠡᠪ ᠰᠢᠢ᠍ᠳᠪᠦᠷᠢᠯᠡᠬᠦ ᠲᠠᠰᠤᠭ 1᠂ ᠡᠵᠡᠯᠡᠬᠦ ᠲᠠᠯᠠᠪᠠᠢ᠎ᠨᠢ 20㎡᠃ ᠦᠯᠢᠭᠡᠷ ᠬᠡᠪ᠎ᠤᠨ ᠠᠮᠢᠳᠤ ᠪᠣᠳᠠᠰ᠎ᠤᠨ ᠣᠯᠠᠨ ᠶᠠᠩᠵᠤᠲᠤ ᠴᠢᠨᠠᠷ ᠪᠠ ᠲᠡᠦᠬᠡ ᠵᠢᠨ ᠦᠷᠭᠦᠯᠵᠢᠯᠡᠯᠳᠦ ᠴᠢᠨᠠᠷ᠎ᠢ ᠪᠠᠲᠤᠯᠠᠬᠤ ᠵᠢᠨ ᠲᠥᠯᠥᠭᠡ᠂ ᠰᠡᠷᠭᠡᠶ᠋ᠢᠯᠡᠨ ᠵᠠᠰᠠᠬᠤ ᠶᠡᠷᠦᠩᠬᠡᠶ ᠥᠷᠲᠡᠭᠡ᠎ᠨᠢ ᠪᠠᠰᠠ ᠤᠤᠯ᠎ᠤᠨ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠤᠲᠤᠭ ᠪᠡᠯᠴᠢᠭᠡᠷ᠎ᠤᠨ ᠠᠵᠢᠯ᠎ᠤᠨ ᠥᠷᠲᠡᠭᠡ ᠵᠢᠨ ᠳᠡᠭᠡᠷ᠎ᠡ ᠵᠠᠭᠤᠨ᠎ᠤ ᠨᠠᠶᠠᠭ᠋ᠠᠳ ᠣᠨ᠎ᠳᠤ ᠴᠤᠭᠯᠠᠭᠤᠯᠤᠨ ᠬᠠᠳᠠᠭ᠋ᠠᠯᠠᠵᠤ ᠪᠠᠶ᠋ᠢᠭᠰᠠᠨ ᠨᠤᠲᠤᠭ ᠪᠡᠯᠴᠢᠭᠡᠷ᠎ᠤᠨ ᠬᠤᠤᠷᠲᠤ ᠠᠮᠢᠳᠤ ᠪᠣᠳᠠᠰ᠎ᠤᠨ ᠦᠯᠢᠭᠡᠷ ᠬᠡᠪ᠎ᠢ ᠪᠦᠬᠦᠨ᠎ᠢ ᠦᠯᠢᠭᠡᠷ ᠬᠡᠪ᠎ᠢ ᠵᠦᠭᠡᠭᠡᠪᠦᠷᠢᠯᠡᠬᠦ ᠱᠠᠭ᠋ᠠᠷᠳᠠᠯᠭ᠎ᠠ ᠶᠣᠰᠣᠭ᠋ᠠᠷ ᠰᠢᠯᠵᠢᠭᠦᠯᠦᠨ ᠠᠪᠴᠢᠷᠠᠵᠤ᠂ ᠲᠤᠰᠬᠠᠶ ᠮᠡᠷᠭᠡᠵᠢᠯ᠎ᠤᠨ ᠠᠵᠢᠯᠲᠠᠨ᠎ᠤ ᠳᠠᠬᠢᠨ ᠲᠥᠷᠥᠯ ᠬᠤᠪᠢᠶᠠᠬᠤ᠂ ᠠᠷᠢᠭᠤᠳᠬᠠᠬᠤ᠂ ᠬᠥᠮᠥᠷᠭᠡᠯᠡᠬᠦ᠎ᠪᠠᠷ ᠳᠡᠮᠵᠢᠨ᠂ ᠰᠢᠪᠠᠵᠢ ᠵᠢᠨ ᠦᠯᠢᠭᠡᠷ ᠬᠡᠪ ᠨᠡᠶ᠋ᠢᠲᠡ 1000 ᠭᠠᠷᠤᠶ ᠬᠠᠶ᠋ᠢᠷᠴᠠᠭ᠂ ᠮᠡᠷᠡᠭᠴᠢ ᠠᠮᠢᠲᠠᠨ᠎ᠤ ᠦᠯᠢᠭᠡᠷ ᠬᠡᠪ ᠨᠡᠶ᠋ᠢᠲᠡ 200 ᠭᠠᠷᠤᠶ ᠬᠠᠶ᠋ᠢᠷᠴᠠᠭ ᠡᠮᠬᠢᠯᠡᠪᠡ᠃
ᠨᠤᠲᠤᠭ ᠪᠡᠯᠴᠢᠭᠡᠷ᠎ᠤᠨ ᠬᠦᠨᠦᠭᠡᠯᠲᠦ ᠠᠮᠢᠳᠤ ᠪᠣᠳᠠᠰ᠎ᠤᠨ ᠥᠯᠢᠭᠡᠷ ᠬᠡᠪ᠎ᠤᠨ ᠲᠠᠰᠤᠭ᠎ᠢ ᠠᠰᠢᠭᠯᠠᠯᠲᠠ᠎ᠳᠤ ᠣᠷᠣᠭᠤᠯᠤᠭᠰᠠᠨ᠎ᠨᠢ ᠰᠢᠨᠵᠢᠯᠡᠬᠦ ᠤᠬᠠᠭ᠋ᠠᠨ᠎ᠤ ᠰᠤᠳᠤᠯᠭ᠋ᠠᠨ᠎ᠤ ᠠᠵᠢᠯᠲᠠᠨ᠎ᠳᠤ ᠰᠤᠳᠤᠯᠭ᠋ᠠᠨ᠎ᠤ ᠮᠠᠲ᠋ᠧᠷᠢᠶᠠᠯ ᠬᠠᠩᠭ᠋ᠠᠵᠤ᠂ ᠲᠤᠰᠬᠠᠶ ᠮᠡᠷᠭᠡᠵᠢᠯ᠎ᠤᠨ ᠠᠵᠢᠯᠲᠠᠨ᠎ᠳᠤ ᠲᠦᠬᠦᠮ ᠲᠦᠳᠡ ᠬᠠᠩᠭ᠋ᠠᠭᠰᠠᠨ ᠵᠶ᠋ᠡᠷ ᠪᠠᠷᠠᠬᠤ ᠦᠭᠡᠢ᠂ ᠪᠠᠰᠠ ᠰᠢᠨᠵᠢᠯᠡᠬᠦ ᠤᠬᠠᠭ᠋ᠠᠨ᠎ᠢ ᠲᠦᠭᠡᠮᠡᠯᠵᠢᠭᠦᠯᠬᠦ ᠤᠬᠠᠭᠤᠯᠭ᠎ᠠ᠎ᠳᠤ ᠲᠠᠪᠴᠠᠩ ᠬᠠᠩᠭ᠋ᠠᠭᠰᠠᠨ ᠪᠠᠢ᠌ᠨ᠎ᠠ᠃
