ᠥᠪᠡᠷᠲᠡᠭᠡᠨ ᠵᠠᠰᠠᠬᠤ ᠣᠷᠣᠨ᠎ᠤ ᠴᠠᠭ ᠠᠭᠤᠷ᠎ᠤᠨ ᠲᠣᠪᠴᠢᠶᠠᠨ᠎ᠤ 2024 ᠣᠨ᠎ᠤ ᠨᠢᠭᠡᠳᠦᠭᠡᠷ ᠤᠯᠠᠷᠢᠯ᠎ᠤᠨ ᠴᠠᠭ ᠠᠭᠤᠷ᠎ᠤᠨ ᠮᠡᠳᠡᠭᠡ ᠨᠡᠪᠲᠡᠷᠡᠭᠦᠯᠬᠦ ᠬᠤᠷᠠᠯ᠎ᠠᠴᠠ ᠣᠶ᠋ᠢᠯᠠᠭ᠋ᠠᠭᠰᠠᠨ ᠵᠶ᠋ᠠᠷ᠂ ᠮᠠᠨ᠎ᠤ ᠣᠷᠣᠨ᠎ᠤ ᠬᠥᠷᠥᠰᠥᠨ᠎ᠤ ᠰᠢᠮᠡᠳᠬᠡᠯ ᠪᠠ ᠴᠠᠭ ᠠᠭᠤᠷ᠎ᠤᠨ ᠨᠥᠬᠦᠴᠡᠯ᠎ᠨᠢ ᠬᠠᠪᠤᠷ᠎ᠤᠨ ᠲᠠᠷᠢᠶᠠᠯᠠᠭ᠎ᠠ᠎ᠳᠤ ᠠᠰᠢᠭᠲᠠᠢ ᠪᠠᠶ᠋ᠢᠨ᠎ᠠ᠃
ᠪᠥᠬᠦ ᠣᠷᠣᠨ᠎ᠤ ᠬᠥᠷᠥᠰᠥᠨ᠎ᠤ ᠰᠢᠮᠡᠳᠬᠡᠯ᠎ᠢ ᠬᠢᠨᠠᠨ ᠰᠢᠨᠵᠢᠭᠰᠡᠨ ᠳ᠋ᠦᠩ᠎ᠠᠴᠠ ᠦᠵᠡᠪᠡᠯ᠂ ᠨᠢᠭᠡᠳᠦᠭᠡᠷ ᠲᠥᠷᠥᠯ᠂ ᠬᠤᠶᠠᠳᠤᠭ᠋ᠠᠷ ᠲᠥᠷᠥᠯ᠂ ᠭᠤᠷᠪᠠᠳᠤᠭ᠋ᠠᠷ ᠲᠥᠷᠥᠯ᠎ᠤᠨ ᠰᠢᠮᠡᠳᠬᠡᠯ᠎ᠤᠨ ᠲᠠᠯᠠᠪᠠᠶ᠎ᠨᠢ ᠲᠣᠰ ᠲᠣᠰ ᠶᠡᠷᠦᠩᠬᠡᠢ ᠲᠠᠯᠠᠪᠠᠶ ᠵᠢᠨ 22.3%᠂ 21.9%᠂ 55.8% ᠵᠢ ᠡᠵᠡᠯᠡᠵᠦ᠂ ᠡᠭᠦᠨ᠎ᠳᠤ ᠲᠠᠷᠢᠶᠠᠯᠠᠬᠤ ᠣᠷᠣᠨ᠎ᠤ ᠰᠢᠮᠡᠳᠬᠡᠯ᠎ᠨᠢ ᠨᠢᠳᠤᠨᠤᠨ᠎ᠤ ᠠᠳᠠᠯᠢ ᠬᠤᠭᠤᠴᠠᠭ᠋ᠠᠨ᠎ᠤ᠎ᠬᠢ᠎ᠲᠠᠢ ᠣᠶ᠋ᠢᠷᠠᠳᠴᠤ᠂ ᠥᠩᠭᠡᠷᠡᠭᠰᠡᠨ ᠵᠢᠯ᠎ᠤᠳ᠎ᠤᠨ ᠠᠳᠠᠯᠢ ᠬᠤᠭᠤᠴᠠᠭ᠋ᠠᠨ᠎ᠤ᠎ᠬᠢ᠎ᠠᠴᠠ ᠰᠠᠶ᠋ᠢᠨ ᠪᠠᠶ᠋ᠢᠵᠤ᠂ ᠬᠢᠩᠭ᠋ᠠᠨ ᠠᠶ᠋ᠢᠮᠠᠭ᠂ ᠤᠯᠠᠭ᠋ᠠᠨᠬᠠᠳᠠ ᠬᠤᠲᠠ᠂ ᠤᠯᠠᠭ᠋ᠠᠨᠴᠠᠪ ᠬᠤᠲᠠ ᠵᠢᠨ ᠲᠠᠷᠢᠶᠠᠯᠠᠬᠤ ᠣᠷᠣᠨ᠎ᠤ ᠭᠤᠷᠪᠠᠨ ᠲᠥᠷᠥᠯ᠎ᠤᠨ ᠰᠢᠮᠡᠳᠬᠡᠯ᠎ᠤᠨ ᠲᠠᠯᠠᠪᠠᠶ᠎ᠨᠢ ᠵᠠᠭᠤᠨ᠎ᠤ ᠵᠢᠷᠠ᠎ᠠᠴᠠ ᠳᠡᠭᠡᠭᠰᠢ ᠪᠠᠶ᠋ᠢᠵᠤ᠂ ᠪᠤᠰᠤᠳ ᠶᠡᠬᠡᠩᠬᠢ ᠲᠠᠷᠢᠶᠠᠯᠠᠬᠤ ᠣᠷᠣᠨ᠎ᠳᠤ ᠨᠢᠭᠡᠳᠦᠭᠡᠷ᠂ ᠬᠤᠶᠠᠳᠤᠭ᠋ᠠᠷ ᠲᠥᠷᠥᠯ᠎ᠤᠨ ᠰᠢᠮᠡᠳᠬᠡᠯ ᠵᠶ᠋ᠠᠷ ᠭᠤᠣᠯᠯᠠᠵᠤ᠂ ᠶᠡᠷᠦᠩᠬᠡᠢ᠎ᠳᠤ᠎ᠪᠠᠨ ᠬᠠᠪᠤᠷ᠎ᠤᠨ ᠲᠠᠷᠢᠶᠠᠯᠠᠭ᠎ᠠ᠎ᠳᠤ ᠠᠰᠢᠭᠲᠠᠢ ᠪᠠᠶ᠋ᠢᠨ᠎ᠠ᠃
3 ᠳ᠋ᠤᠭ᠋ᠠᠷ ᠰᠠᠷ᠎ᠠ᠎ᠠᠴᠠ ᠨᠠᠭ᠋ᠠᠰᠢ᠂ ᠮᠠᠨ᠎ᠤ ᠣᠷᠣᠨ᠎ᠤ ᠠᠭ᠋ᠠᠷ᠎ᠤᠨ ᠳᠤᠯᠠᠭ᠋ᠠᠨ ᠬᠡᠯᠪᠡᠯᠵᠡᠨ ᠳᠡᠭᠡᠭᠰᠢᠯᠡᠵᠦ᠂ ᠪᠣᠷᠣᠳᠣᠬᠤᠢ ᠵᠢᠨ ᠤᠰᠤᠯᠠᠯᠲᠠ ᠵᠢᠨ ᠣᠷᠣᠨ᠎ᠤ ᠪᠤᠭᠤᠳᠠᠢ ᠳᠠᠷᠢᠬᠤ ᠠᠵᠢᠯ ᠡᠮᠬᠢ ᠵᠢᠷᠤᠮ᠎ᠲᠠᠢ ᠶᠠᠪᠤᠭᠳᠠᠵᠤ᠂ ᠪᠤᠰᠤᠳ ᠲᠠᠷᠢᠶᠠᠯᠠᠬᠤ ᠣᠷᠣᠨ᠎ᠨᠤᠭᠤᠳ᠎ᠤᠨ ᠬᠥᠷᠥᠰᠥ ᠵᠠᠯᠭ᠋ᠠᠭ᠎ᠠ᠎ᠪᠠᠷ ᠭᠡᠰᠴᠦ᠂ ᠲᠠᠷᠢᠶᠠᠯᠠᠬᠤ᠎ᠪᠠᠷ ᠪᠡᠯᠡᠳᠬᠡᠵᠦ ᠭᠠᠵᠠᠷ ᠲᠡᠭᠰᠢᠯᠡᠬᠦ ᠱᠠᠲᠤᠨ᠎ᠳᠤ ᠪᠠᠶ᠋ᠢᠵᠤ᠂ ᠳᠤᠮᠳᠠ ᠪᠠ ᠵᠡᠭᠦᠨ ᠬᠡᠰᠡᠭ᠎ᠤᠨ ᠬᠠᠪᠤᠷ᠎ᠤᠨ ᠪᠤᠭᠤᠳᠠᠢ ᠵᠢ 3 ᠳ᠋ᠤᠭ᠋ᠠᠷ ᠰᠠᠷ᠎ᠠ ᠵᠢᠨ ᠰᠡᠭᠦᠯᠴᠢ᠎ᠠᠴᠠ 4 ᠳ᠋ᠦ᠍ᠭᠡᠷ ᠰᠠᠷ᠎ᠠ ᠵᠢᠨ ᠡᠬᠢᠨ᠎ᠳᠤ ᠵᠠᠯᠭ᠋ᠠᠭ᠎ᠠ᠎ᠪᠠᠷ ᠲᠠᠷᠢᠵᠤ ᠡᠬᠢᠯᠡᠨ᠂ ᠡᠷᠳᠡᠨᠢ ᠰᠢᠰᠢ᠂ ᠲᠥᠮᠥᠰᠥ ᠪᠠ ᠰᠢᠷ᠎ᠠ ᠪᠤᠷᠴᠠᠭ᠎ᠢ 4 ᠳ᠋ᠦ᠍ᠭᠡᠷ ᠰᠠᠷ᠎ᠠ ᠵᠢᠨ ᠳᠤᠮᠳᠠᠴᠢ᠎ᠪᠠᠷ ᠪᠠᠷᠠᠭᠤᠨ᠎ᠠᠴᠠ ᠵᠡᠭᠦᠨᠰᠢ ᠵᠠᠯᠭ᠋ᠠᠭ᠎ᠠ᠎ᠪᠠᠷ ᠲᠠᠷᠢᠬᠤ᠎ᠪᠠᠷ ᠵᠢᠱ᠌ᠢᠵᠦ ᠪᠣᠢ᠃ ᠮᠠᠯᠵᠢᠬᠤ ᠣᠷᠣᠨ᠎ᠤ ᠰᠢᠮᠡᠳᠬᠡᠯ ᠨᠢᠳᠤᠨᠤᠨ᠎ᠤ ᠠᠳᠠᠯᠢ ᠬᠤᠭᠤᠴᠠᠭ᠎ᠠ ᠪᠠ ᠥᠩᠭᠡᠷᠡᠭᠰᠡᠨ ᠵᠢᠯ᠎ᠤᠳ᠎ᠤᠨ ᠠᠳᠠᠯᠢ ᠬᠤᠭᠤᠴᠠᠭ᠋ᠠᠨ᠎ᠳᠤ ᠣᠶ᠋ᠢᠷᠠᠳᠴᠤ᠂ ᠣᠶ᠋ᠢᠷ᠎ᠠ ᠵᠢᠨ ᠬᠤᠭᠤᠴᠠᠭ᠋ᠠᠨ᠎ᠤ ᠪᠣᠷᠣᠭ᠋ᠠᠨ ᠴᠠᠰᠤ᠎ᠲᠠᠢ ᠴᠠᠭ ᠠᠭᠤᠷ᠎ᠨᠢ ᠮᠠᠯᠵᠢᠬᠤ ᠣᠷᠣᠨ᠎ᠤ ᠰᠢᠮᠡᠳᠬᠡᠯ᠎ᠢ ᠬᠠᠮᠠᠭ᠋ᠠᠯᠠᠨ ᠨᠡᠮᠡᠭᠳᠡᠭᠦᠯᠬᠦ᠎ᠳᠤ ᠠᠰᠢᠭᠲᠠᠢ ᠪᠣᠯᠪᠠᠴᠤ ᠬᠥᠯᠥᠨ ᠪᠤᠶ᠋ᠢᠷ ᠬᠤᠲᠠ ᠵᠢᠨ ᠬᠤᠶ᠋ᠢᠲᠤ ᠬᠡᠰᠡᠭ᠎ᠤᠨ ᠴᠠᠰᠤᠨ᠎ᠤ ᠬᠡᠮᠵᠢᠶ᠎ᠡ ᠨᠡᠯᠢᠶᠡᠳ ᠶᠡᠭᠡ ᠪᠠᠶ᠋ᠢᠵᠤ᠂ ᠮᠠᠯ᠎ᠤᠨ ᠪᠡᠯᠴᠢᠭᠡᠷ᠎ᠲᠤ ᠭᠠᠷᠬᠤ᠂ ᠢᠳᠡᠰᠢᠯᠡᠬᠦ᠂ ᠬᠦᠢ᠍ᠲᠡᠨ᠎ᠢ ᠰᠡᠷᠭᠡᠶ᠋ᠢᠯᠡᠵᠦ ᠳᠤᠯᠠᠭ᠋ᠠᠨ᠎ᠢ ᠬᠠᠮᠠᠭ᠋ᠠᠯᠠᠬᠤ ᠪᠠ ᠲᠥᠯ ᠲᠤᠰᠴᠤ ᠲᠡᠵᠢᠭᠡᠬᠦ᠎ᠳᠤ ᠠᠰᠢᠭ ᠦᠭᠡᠢ ᠨᠥᠯᠥᠭᠡᠯᠡᠵᠦ ᠪᠠᠶ᠋ᠢᠨ᠎ᠠ᠃ ᠣᠳᠣᠬᠠᠨ᠎ᠳᠤ ᠪᠥᠬᠦ ᠣᠷᠣᠨ᠎ᠤ ᠶᠡᠬᠡᠩᠬᠢ ᠮᠠᠯᠵᠢᠬᠤ ᠣᠷᠣᠨ᠎ᠤ ᠡᠪᠡᠰᠦ ᠪᠡᠯᠴᠢᠭᠡᠷ ᠬᠠᠷᠠᠬᠠᠨ ᠨᠣᠭᠤᠭ᠋ᠠᠷᠠᠭ᠋ᠠᠳᠤᠢ᠂ ᠵᠢᠱ᠌ᠢᠯᠲᠡ᠎ᠪᠠᠷ ᠳᠥᠷᠪᠡᠳᠦᠭᠡᠷ ᠰᠠᠷ᠎ᠠ ᠵᠢᠨ ᠰᠢᠨᠡᠳ᠎ᠠᠴᠠ ᠡᠬᠢᠯᠡᠵᠦ᠂ ᠪᠠᠷᠠᠭᠤᠨ᠎ᠠᠴᠠ ᠵᠡᠭᠦᠨᠰᠢ ᠵᠠᠯᠭ᠋ᠠᠭ᠎ᠠ᠎ᠪᠠᠷ ᠨᠣᠭᠤᠭ᠋ᠠᠷᠠᠨᠠ᠃
ᠴᠠᠭ ᠠᠭᠤᠷ᠎ᠤᠨ ᠰᠠᠯᠠᠭ᠎ᠠ ᠮᠥᠴᠢᠷ ᠰᠠᠨᠠᠭᠤᠯᠬᠤ᠎ᠨᠢ ᠭᠤᠣᠯ ᠪᠣᠯᠬᠤ ᠲᠠᠷᠢᠶᠠᠯᠠᠬᠤ ᠣᠷᠣᠨ᠎ᠨᠤᠭᠤᠳ ᠠᠰᠢᠭᠲᠠᠢ ᠲᠣᠬᠢᠶᠠᠯ᠎ᠢ ᠠᠮᠵᠢᠵᠤ᠂ ᠴᠢᠭᠢᠭ᠎ᠢ ᠵᠠᠪᠳᠤᠨ ᠲᠠᠷᠢᠵᠠᠭ᠋ᠠᠵᠤ᠂ ᠬᠠᠪᠤᠷ᠎ᠤᠨ ᠲᠠᠷᠢᠶᠠᠯᠠᠭ᠎ᠠ ᠵᠢ ᠲᠣᠭᠲᠠᠭᠰᠠᠨ ᠬᠤᠭᠤᠴᠠᠭ᠋ᠠᠨ᠎ᠳᠤ ᠶᠠᠪᠤᠭᠳᠠᠭᠤᠯᠬᠤ᠎ᠪᠠᠨ ᠪᠠᠲᠤᠯᠠᠭ᠋ᠠᠷᠠᠢ; ᠵᠡᠭᠦᠨ ᠬᠡᠰᠡᠭ᠎ᠤᠨ ᠲᠠᠷᠢᠶᠠᠯᠠᠬᠤ ᠣᠷᠣᠨ᠎ᠨᠤᠭᠤᠳ ᠬᠥᠷᠥᠰᠥ ᠭᠡᠰᠬᠦ ᠵᠢ ᠢᠳᠡᠪᠬᠢᠲᠡᠢ ᠠᠩᠬᠠᠷᠴᠤ᠂ ᠬᠠᠪᠤᠷ᠎ᠤᠨ ᠲᠠᠷᠢᠶᠠᠯᠠᠭ᠎ᠠ ᠵᠢ ᠴᠠᠭ ᠲᠤᠬᠠᠢᠳᠤᠨᠢ ᠠᠬᠢᠭᠤᠯᠤᠭ᠋ᠠᠷᠠᠢ; ᠳᠤᠮᠳᠠ ᠬᠡᠰᠡᠭ᠎ᠤᠨ ᠭᠠᠵᠠᠷ ᠣᠷᠣᠨ᠎ᠳᠤ ᠱᠠᠲᠤᠴᠢ ᠴᠢᠨᠠᠷᠲᠠᠢ ᠬᠠᠪᠤᠷ᠎ᠤᠨ ᠭᠠᠩ᠎ᠤᠨ ᠲᠦᠭᠰᠢᠭᠦᠷᠢ ᠨᠡᠯᠢᠶᠡᠳ ᠶᠡᠭᠡ ᠪᠠᠶ᠋ᠢᠵᠤ᠂ ᠬᠠᠭᠤᠷᠠᠢ ᠲᠠᠷᠢᠶᠠᠯᠠᠬᠤ ᠣᠷᠣᠨ᠎ᠳᠤ ᠬᠥᠷᠥᠰᠥᠨ᠎ᠤ ᠰᠢᠮᠡᠳᠬᠡᠯ ᠵᠢᠴᠢ ᠴᠠᠭ ᠠᠭᠤᠷ᠎ᠤᠨ ᠪᠠᠶ᠋ᠢᠳᠠᠯ᠎ᠲᠠᠢ ᠤᠶᠠᠯᠳᠤᠭᠤᠯᠤᠨ᠂ ᠭᠠᠩ ᠬᠠᠭᠰᠠᠷᠠᠭ᠋ᠠᠨ᠎ᠲᠠᠢ ᠲᠡᠮᠡᠴᠡᠬᠦ ᠪᠡᠯᠡᠳᠬᠡᠯ ᠵᠶ᠋ᠠᠨ ᠰᠠᠶ᠋ᠢᠲᠤᠷ ᠬᠢᠭᠡᠷᠡᠢ; ᠮᠠᠯᠵᠢᠬᠤ ᠣᠷᠣᠨ ᠪᠣᠯ ᠶᠠᠭ ᠰᠠᠶ᠋ᠢᠬᠠᠨ ᠨᠤᠲᠤᠭ ᠪᠡᠯᠴᠢᠭᠡᠷ᠎ᠤᠨ ᠰᠢᠨ᠎ᠡ ᠬᠠᠭᠤᠴᠢᠨ ᠵᠣᠯᠭ᠋ᠠᠭ᠋ᠠᠳᠤᠢ ᠪᠠ ᠬᠠᠪᠤᠷ᠎ᠤᠨ ᠬᠤᠮᠰᠠ ᠴᠠᠭ᠎ᠲᠤ ᠪᠠᠶ᠋ᠢᠵᠤ᠂ ᠬᠠᠪᠤᠷ ᠣᠷᠣᠭᠰᠠᠨ᠎ᠤ ᠲᠠᠷᠠᠭ᠎ᠠ ᠬᠦᠢ᠍ᠲᠡᠨ ᠠᠭᠤᠷ ᠠᠮᠢᠰᠬᠤᠯ ᠣᠯᠠᠰᠢᠷᠠᠵᠤ᠂ ᠢᠯᠠᠩᠭᠤᠶ᠎ᠠ ᠬᠥᠭᠰᠢᠨ ᠳᠣᠷᠣᠢ ᠡᠪᠡᠳᠴᠢᠨ᠎ᠲᠠᠢ ᠮᠠᠯ ᠪᠠ ᠰᠠᠶᠢ ᠲᠦᠷᠦᠭᠰᠡᠨ ᠲᠥᠯᠢ ᠨᠡᠯᠢᠶᠡᠳ ᠶᠡᠭᠡ ᠨᠥᠯᠥᠭᠡᠯᠡᠳᠡᠭ ᠪᠣᠯᠬᠤᠷ ᠡᠯ᠎ᠡ ᠭᠠᠵᠠᠷ᠎ᠤᠨ᠎ᠬᠢᠨ ᠬᠢᠵᠢᠭ ᠡᠪᠡᠳᠴᠢᠨ᠎ᠢ ᠰᠡᠷᠭᠡᠶ᠋ᠢᠯᠡᠬᠦ ᠵᠢᠴᠢ ᠡᠪᠡᠰᠦ ᠪᠣᠷᠳᠤᠭ᠎ᠠ ᠰᠢᠯᠵᠢᠭᠦᠯᠦᠨ ᠵᠥᠭᠡᠭᠡᠪᠦᠷᠢᠯᠡᠬᠦ ᠵᠡᠷᠭᠡ ᠠᠵᠢᠯ ᠵᠶ᠋ᠠᠨ ᠤᠷᠢᠳᠴᠢᠯᠠᠨ ᠰᠠᠶ᠋ᠢᠲᠤᠷ ᠬᠢᠭᠡᠷᠡᠢ᠃