ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠰᠣᠨᠢᠨ ᠮᠡᠳᠡᠭᠡ
ᠣᠢ ᠰᠢᠭᠤᠶ ᠵᠢᠨ ᠡᠬᠢ ᠪᠠᠶᠠᠯᠢᠭ᠎ᠤᠨ ᠬᠠᠮᠢᠶᠠᠷᠤᠯᠲᠠ ᠵᠢᠨ ᠭᠠᠵᠠᠷ ᠪᠠᠢ᠌ᠭ᠋ᠠᠯᠢ ᠵᠢᠨ ᠤᠢ ᠵᠢ ᠬᠠᠮᠠᠭ᠋ᠠᠯᠠᠬᠤ ᠢᠨᠵᠧᠨᠧᠷᠢᠩ᠎ᠤᠨ ᠣᠷᠣᠨ᠎ᠠᠴᠠ ᠪᠤᠰᠤᠳ ᠣᠭᠲᠣᠯᠬᠤ ᠵᠢ ᠵᠣᠭᠰᠣᠭ᠋ᠠᠭᠰᠠᠨ ᠤᠯᠤᠰ᠎ᠤᠨ ᠦᠮᠴᠢᠯᠡᠯᠲᠦ ᠣᠢ ᠰᠢᠭᠤᠶ ᠵᠢᠨ ᠲᠠᠯᠠᠪᠠᠢ ᠵᠢᠨ ᠲᠠᠷᠢᠮᠠᠯ ᠣᠢ᠎ᠳᠤ ᠪᠠᠶ᠋ᠢᠴᠠᠭ᠋ᠠᠨ ᠰᠤᠳᠤᠯᠤᠯᠲᠠ ᠬᠢᠬᠦ ᠠᠵᠢᠯ᠎ᠢ ᠶᠠᠪᠤᠭᠳᠠᠭᠤᠯᠪᠠ᠃
ᠨᠡᠶ᠋ᠢᠲᠡᠯᠡᠭᠰᠡᠨ ᠴᠠᠭ᠄ 2024-05-10

    ᠪᠠᠶ᠋ᠢᠭ᠋ᠠᠯᠢ ᠵᠢᠨ ᠣᠶ ᠵᠢ ᠬᠤᠳᠠᠯᠳᠤᠭ᠋ᠠᠨ᠎ᠤ ᠴᠢᠨᠠᠷᠲᠠᠶ᠎ᠪᠠᠷ ᠣᠭᠲᠣᠯᠬᠤ ᠵᠢ ᠪᠥᠬᠥ ᠲᠠᠯ᠎ᠠ᠎ᠪᠠᠷ ᠵᠣᠭᠰᠣᠭ᠋ᠠᠬᠤ ᠪᠣᠯ ᠮᠠᠨ᠎ᠤ ᠤᠯᠤᠰ᠎ᠤᠨ ᠠᠮᠢ ᠠᠬᠤᠶ ᠵᠢᠨ ᠪᠣᠯᠪᠠᠰᠤᠨ᠎ᠤ ᠪᠠᠶ᠋ᠢᠭᠤᠯᠤᠯᠲᠠ ᠪᠠ ᠣᠶ ᠰᠢᠭᠤᠶ ᠵᠢᠨ ᠠᠮᠢ ᠠᠬᠤᠶ ᠵᠢᠨ ᠪᠥᠲᠥᠭᠡᠨ ᠪᠠᠶ᠋ᠢᠭᠤᠯᠤᠯᠲᠠ ᠵᠢᠨ ᠲᠡᠦᠬᠡᠨ ᠳᠡᠭᠡᠷᠡᠬᠢ ᠨᠢᠭᠡᠨ ᠴᠢᠬᠤᠯᠠ  ᠪᠡᠯᠭᠡ ᠲᠡᠮᠳᠡᠭ᠎ᠤᠨ ᠴᠢᠨᠠᠷᠲᠠᠶ ᠶᠠᠪᠤᠳᠠᠯ ᠮᠥᠨ᠂ ᠪᠥᠬᠥ ᠤᠯᠤᠰ᠎ᠤᠨ ᠪᠠᠶ᠋ᠢᠭ᠋ᠠᠯᠢ ᠵᠢᠨ ᠣᠶ ᠵᠢ ᠬᠠᠮᠠᠭ᠋ᠠᠯᠠᠬᠤ ᠪᠠᠶ᠋ᠢᠯᠳᠤᠬᠤ ᠪᠣᠳᠣᠯᠭ᠎ᠠ ᠵᠢ ᠬᠡᠷᠡᠭᠵᠢᠭᠦᠯᠬᠦ ᠵᠠᠩᠭᠢᠯᠠᠭ᠎ᠠ ᠵᠢᠨ ᠠᠯᠬᠤᠮ ᠪᠤᠯᠤᠨ᠎ᠠ᠂ ᠤᠯᠤᠰ᠎ᠤᠨ ᠥᠮᠴᠢᠯᠡᠯᠲᠦ ᠰᠢᠭᠤᠶ᠋ᠢᠲᠤ ᠣᠷᠣᠨ᠎ᠤ ᠥᠭᠡᠷᠡᠴᠢᠯᠡᠯᠲᠡ ᠵᠢ ᠠᠬᠢᠭᠤᠯᠬᠤ ᠵᠠᠩᠭᠢᠯᠠᠭ᠎ᠠ ᠵᠢᠨ ᠠᠷᠭ᠎ᠠ ᠬᠡᠮᠵᠢᠶ᠎ᠡ ᠮᠥᠨ᠂ ᠰᠢᠭᠤᠶ᠋ᠢᠲᠤ ᠣᠷᠣᠨ᠎ᠤ ᠵᠠᠰᠠᠯᠲᠠ ᠵᠢᠨ ᠲᠣᠭᠲᠠᠴᠠ ᠵᠢᠨ ᠰᠢᠨ᠎ᠡ ᠵᠢ ᠡᠭᠦᠳᠬᠦ ᠴᠢᠬᠤᠯᠠ ᠤᠷᠢᠲᠠᠯ ᠮᠥᠨ᠂ ᠮᠦᠨ ᠴᠤ᠌ ᠣᠶ ᠰᠢᠭᠤᠶ ᠵᠢᠨ ᠦᠢ᠍ᠯᠡᠰ᠎ᠤᠨ ᠨᠡᠭᠡᠭᠡᠨ ᠠᠰᠢᠭᠯᠠᠯᠲᠠ᠎ᠠᠴᠠ ᠪᠥᠬᠥ ᠲᠠᠯ᠎ᠠ᠎ᠪᠠᠷ ᠬᠠᠮᠠᠭ᠋ᠠᠯᠠᠬᠤ ᠬᠥᠭᠵᠢᠯᠲᠡ ᠵᠢᠨ ᠰᠢᠨ᠎ᠡ ᠱᠠᠲᠤᠨ᠎ᠳᠤ ᠰᠢᠯᠵᠢᠭᠰᠡᠨ᠎ᠢ ᠬᠠᠷᠠᠭᠤᠯᠵᠤ ᠪᠠᠶ᠋ᠢᠨ᠎ᠠ᠃
     ᠮᠠᠨ᠎ᠤ ᠣᠷᠣᠨ᠎ᠤ ᠪᠠᠢ᠌ᠭ᠋ᠠᠯᠢ ᠵᠢᠨ ᠤᠢ ᠵᠢ ᠬᠠᠮᠠᠭ᠋ᠠᠯᠠᠬᠤ ᠢᠨᠵᠧᠨᠧᠷᠢᠩ᠎ᠤᠨ ᠣᠷᠣᠨ᠎ᠠᠴᠠ ᠪᠤᠰᠤᠳ 102 ᠤᠯᠤᠰ᠎ᠤᠨ ᠥᠮᠴᠢᠯᠡᠯᠲᠦ ᠣᠶ ᠰᠢᠭᠤᠶ ᠵᠢᠨ ᠲᠠᠯᠠᠪᠠᠶ᠎ᠳᠤ ᠬᠤᠳᠠᠯᠳᠤᠭ᠋ᠠᠨ᠎ᠤ ᠴᠢᠨᠠᠷᠲᠠᠶ ᠣᠭᠲᠣᠯᠬᠤ ᠵᠢ ᠵᠣᠭᠰᠣᠭ᠋ᠠᠭᠰᠠᠨ᠎ᠤ ᠳᠠᠷᠠᠭ᠎ᠠ᠂ ᠣᠯᠠᠨ ᠲᠦᠮᠡᠨ᠎ᠤ ᠲᠤᠰᠬᠠᠭᠰᠠᠨ ᠲᠠᠷᠢᠮᠠᠯ ᠣᠶ᠎ᠨᠢ ᠰᠢᠨᠡᠳᠬᠡᠵᠦ ᠣᠭᠲᠣᠯᠬᠤ ᠴᠢᠬᠤᠯᠠᠳᠠᠢ ᠲᠤᠯᠠ᠂ 4 ᠰᠠᠷ᠎ᠠ ᠵᠢᠨ ᠰᠡᠭᠦᠯᠴᠢ᠎ᠪᠠᠷ᠂ ᠥᠪᠡᠷᠲᠡᠭᠡᠨ ᠵᠠᠰᠠᠬᠤ ᠣᠷᠣᠨ᠎ᠤ ᠣᠶ ᠰᠢᠭᠤᠶ ᠪᠠ ᠨᠤᠲᠤᠭ ᠪᠡᠯᠴᠢᠭᠡᠷ᠎ᠤᠨ ᠲᠣᠪᠴᠢᠶ᠎ᠠ᠎ᠠᠴᠠ ᠪᠠᠶ᠋ᠢᠴᠠᠭ᠋ᠠᠨ ᠰᠤᠳᠤᠯᠬᠤ ᠳᠤᠭᠤᠶ᠋ᠢᠯᠠᠩ ᠲᠣᠮᠢᠯᠠᠵᠤ᠂ ᠬᠥᠯᠥᠨ ᠪᠣᠶ᠋ᠢᠷ ᠬᠣᠲᠠ᠂ ᠬᠢᠩᠭ᠋ᠠᠨ ᠠᠶ᠋ᠢᠮᠠᠭ᠂ ᠤᠯᠠᠭ᠋ᠠᠨᠬᠠᠳᠠ ᠬᠣᠲᠠ ᠵᠡᠷᠭᠡ 3 ᠠᠶ᠋ᠢᠮᠠᠭ ᠬᠣᠲᠠ 4 ᠬᠣᠰᠢᠭᠤ ᠰᠢᠶᠠᠨ 9 ᠤᠯᠤᠰ᠎ᠤᠨ ᠥᠮᠴᠢᠯᠡᠯᠲᠦ ᠣᠶ ᠰᠢᠭᠤᠶ ᠵᠢᠨ ᠲᠠᠯᠠᠪᠠᠶ᠎ᠳᠤ ᠬᠦᠷᠴᠦ᠂ ᠣᠯᠠᠨ ᠲᠦᠮᠡᠨ᠎ᠤ ᠲᠤᠰᠬᠠᠭᠰᠠᠨ ᠠᠰᠠᠭᠤᠳᠠᠯ᠎ᠢ ᠲᠤᠬᠠᠶ ᠵᠢᠨ ᠲᠠᠯᠠᠪᠠᠶ᠎ᠳᠤ ᠪᠠᠶ᠋ᠢᠴᠠᠭ᠋ᠠᠨ ᠦᠵᠡᠬᠦ᠂ ᠲᠤᠰᠬᠠᠶ ᠰᠡᠳᠦᠪ ᠵᠶ᠋ᠠᠷ ᠶᠠᠷᠢᠯᠴᠠᠬᠤ᠂ ᠣᠶ᠋ᠢᠵᠢᠭᠤᠯᠤᠯᠲᠠ ᠵᠢᠨ ᠡᠷᠦᠬᠡ ᠵᠢ ᠰᠤᠷᠪᠤᠯᠵᠢᠯᠠᠬᠤ ᠵᠡᠷᠭᠡ ᠠᠷᠭ᠎ᠠ ᠬᠡᠯᠪᠡᠷᠢ᠎ᠪᠠᠷ ᠳᠠᠮᠵᠢᠭᠤᠯᠤᠨ ᠲᠤᠰᠬᠠᠶ ᠰᠡᠳᠦᠪᠲᠦ ᠪᠠᠶ᠋ᠢᠴᠠᠭ᠋ᠠᠨ ᠰᠤᠳᠤᠯᠤᠯᠲᠠ ᠬᠢᠪᠠ᠃ ᠪᠠᠶ᠋ᠢᠴᠠᠭ᠋ᠠᠨ ᠰᠤᠳᠤᠯᠤᠯᠲᠠ ᠳᠠᠭᠤᠰᠤᠭᠰᠠᠨ᠎ᠤ ᠲᠠᠷᠠᠭ᠎ᠠ᠂ ᠢᠯᠡᠷᠡᠭᠦᠯᠦᠭᠰᠡᠨ ᠠᠰᠠᠭᠤᠳᠠᠯ᠎ᠳᠤ ᠴᠢᠭᠯᠡᠭᠦᠯᠦᠨ᠂ ᠬᠣᠯᠪᠣᠭᠳᠠᠯ ᠪᠦᠬᠦᠢ ᠲᠦᠷᠦ ᠵᠢᠨ ᠪᠤᠳᠤᠯᠭ᠎ᠠ ᠵᠢᠨ  ᠳᠠᠭ᠋ᠠᠤ ᠰᠢᠢ᠍ᠳᠪᠦᠷᠢᠯᠡᠬᠦ ᠵᠢ  ᠠᠬᠢᠭᠤᠯᠤᠨ᠎ᠠ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠤᠢ ᠰᠢᠭᠤᠢ ᠪᠠ ᠨᠤᠳᠤᠭ ᠪᠡᠯᠴᠢᠭᠡᠷ᠎ᠤᠨ ᠲᠤᠪᠴᠢᠶ᠎ᠠ
          
ᠬᠠᠮᠢᠶ᠎ᠡ ᠪᠦᠬᠦᠢ ᠰᠣᠨᠢᠨ
ᠰᠢᠯᠢ ᠵᠢᠨ ᠭᠤᠣᠯ᠎ᠤᠨ ᠴᠠᠭᠢᠯᠭ᠋ᠠᠨ ᠬᠠᠩᠭ᠋ᠠᠬᠤ ᠺᠤᠮᠫᠠᠨᠢ ᠪᠡᠯᠴᠢᠭᠡᠷ ᠰᠡᠷᠭᠦᠭᠡᠬᠦ ᠬᠤᠭᠤᠴᠠᠭ᠋ᠠᠨ᠎ᠳᠠᠬᠢ ᠮᠠᠯᠵᠢᠬᠤ ᠦᠢ᠍ᠯᠡᠳᠪᠦᠷᠢᠯᠡᠯ᠎ᠤᠨ ᠴᠠᠭᠢᠯᠭ᠋ᠠᠨ᠎ᠢ ᠭᠦᠢ᠍ᠴᠡᠳ ᠬᠠᠩᠭ᠋ᠠᠵᠤ ᠪᠤᠢ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠣᠶ ᠰᠢᠭᠤᠶ ᠪᠠ ᠨᠤᠲᠤᠭ ᠪᠡᠯᠴᠢᠭᠡᠷ᠎ᠤᠨ ᠲᠣᠪᠴᠢᠶ᠎ᠠ ᠪᠥᠬᠥ ᠤᠯᠤᠰ᠎ᠤᠨ ᠴᠢᠭᠢᠭᠯᠢᠭ ᠭᠠᠵᠠᠷ ᠪᠠ ᠴᠦᠯᠯᠡᠷᠭᠡᠭᠵᠢᠯ᠎ᠢ ᠨᠡᠶ᠋ᠢᠳᠡᠮ ᠪᠠᠶ᠋ᠢᠴᠠᠭ᠋ᠠᠬᠤ ᠠᠵᠢᠯ᠎ᠤᠨ ᠡᠬᠢᠯᠡᠯᠲᠡ ᠵᠢᠨ ᠬᠤᠷᠠᠯ᠎ᠳᠤ ᠣᠷᠣᠯᠴᠠᠪᠠ
ᠥᠪᠥᠷ ᠮᠣᠩᠭᠣᠯ 2024 ᠣᠨ᠎ᠤ ᠣᠶ ᠰᠢᠭᠤᠶ ᠨᠤᠲᠤᠭ ᠪᠡᠯᠴᠢᠭᠡᠷ᠎ᠤᠨ ᠠᠮᠢᠳᠤ ᠪᠣᠳᠠᠰ᠎ᠤᠨ ᠭᠠᠮᠰᠢᠭ᠎ᠢ ᠰᠡᠷᠭᠡᠶ᠋ᠢᠯᠡᠨ ᠡᠵᠡᠮᠳᠡᠬᠦ ᠤᠬᠠᠭᠤᠯᠭ᠎ᠠ ᠵᠢᠨ ᠭᠠᠷᠠᠭ᠎ᠤᠨ ᠠᠵᠢᠯᠯᠠᠭ᠎ᠠ ᠵᠢ ᠡᠬᠢᠯᠡᠭᠦᠯᠪᠡ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠵᠠᠰᠠᠭ᠎ᠤᠨ ᠣᠷᠳᠣᠨ ᠪᠠᠶ᠋ᠢᠴᠠᠭ᠋ᠠᠨ ᠰᠤᠳᠤᠯᠬᠤ ᠳᠤᠭᠤᠶ᠋ᠢᠯᠠᠩ ᠪᠠᠶ᠋ᠢᠭᠤᠯᠵᠤ ᠹᠦᠵᠢᠶᠠᠨ ᠮᠤᠵᠢ᠎ᠳᠤ ᠬᠦᠷᠴᠦ ᠤᠢ ᠰᠢᠭᠤᠢ ᠵᠢᠨ ᠬᠣᠯᠪᠣᠭᠳᠠᠯ ᠪᠦᠬᠦᠢ ᠠᠵᠢᠯ᠎ᠢ ᠪᠠᠶ᠋ᠢᠴᠠᠭ᠋ᠠᠨ ᠰᠤᠳᠤᠯᠪᠠ
ᠤᠯᠤᠰ᠎ᠤᠨ ᠡᠪᠡᠰᠦᠨ᠎ᠤ ᠠᠵᠤ ᠦᠢ᠍ᠯᠡᠰ᠎ᠤᠨ ᠮᠡᠳᠡᠯᠭᠡ ᠵᠢᠨ ᠪᠦᠲᠦᠭᠡᠭᠳᠡᠬᠦᠨ᠎ᠤ ᠥᠮᠴᠢᠯᠡᠬᠦ ᠡᠷᠬᠡ ᠵᠢᠨ ᠲᠣᠮᠣ ᠳ᠋ᠠᠶ᠋ᠢᠲ᠋ᠠ ᠵᠢᠨ ᠲᠠᠪᠴᠠᠩ᠎ᠢ ᠲᠤᠷᠰᠢᠨ ᠠᠵᠢᠯᠯᠠᠭᠤᠯᠪᠠ
 
             蒙ICP备05000248号